ᠮᠠᠯᠵᠢᠬᠤ ᠤᠷᠤᠨ ᠤ ᠪᠡᠯᠴᠢᠭᠡᠷ ᠠᠰᠢᠬᠯᠠᠯᠲᠠ  ︵ᠬᠤᠶᠠᠷ︶
ᠨᠡᠶᠢᠲᠡᠯᠡᠭᠰᠡᠨ ᠴᠠᠭ᠄
2019/12/31
                                  —— ᠨᠠᠮᠵᠢᠯᠰᠦ᠋ᠷᠦᠩ        ᠥᠪᠦᠷ ᠮᠣᠩᠭᠤᠯ  ᠤᠨ ᠮᠠᠯᠵᠢᠬᠤ ᠣᠷᠣᠨ ᠤ ᠪᠡᠯᠴᠢᠭᠡᠷ ᠠᠰᠢᠬᠯᠠᠯᠲᠠ ᠶᠢᠨ ᠣᠳᠣᠬᠢ ᠪᠠᠶᠢᠳᠠᠯ        ᠥᠪᠥᠷ ᠮᠣᠩᠭᠤᠯ ᠪᠣᠯ ᠨᠤᠲᠤᠭ ᠳᠡᠪᠢᠰᠬᠡᠷ ᠠᠭᠤᠳᠠᠮ᠂ ᠡᠪᠡᠰᠦ ᠤᠷᠭᠤᠮᠠᠯ ᠤᠨ ᠤᠷᠭᠤᠴᠠ  ᠰᠠᠶᠢᠨ᠂ ᠡᠪᠡᠰᠦᠨ ᠤ ᠲᠦᠷᠦᠯ ᠵᠦᠢᠯ ᠣᠯᠠᠨ᠂ ᠰᠢᠮ᠎ᠡ ᠲᠡᠵᠢᠭᠡᠯ ᠪᠦᠷᠢᠨ᠂ ᠡᠯ᠎ᠡ ᠠᠶᠢᠮᠠᠭ  ᠬᠤᠰᠢᠭᠤᠳ ᠨᠢ ᠭᠤᠪᠢ ᠰᠢᠯᠢ ᠨᠤᠭᠤ ᠶᠢᠨ ᠣᠨᠴᠠᠯᠢᠬᠲᠤ ᠤᠷᠭᠤᠮᠠᠯ ᠤᠨ ᠪᠦᠰᠡ ᠨᠤᠲᠤᠭ ᠲᠤ  ᠬᠤᠪᠢᠶᠠᠷᠢᠯᠠᠬᠰᠠᠨ᠂ ᠳᠦᠷᠪᠡᠨ ᠤᠯᠠᠷᠢᠯ ᠤᠨ ᠢᠯᠡ ᠲᠣᠳᠤ ᠠᠭᠤᠷ ᠠᠮᠢᠰᠬᠤᠯ ᠳᠤ ᠵᠣᠬᠢᠴᠠᠨ᠂  ᠡᠪᠡᠰᠦᠨ ᠤ ᠰᠣᠷᠭᠤᠭ ᠤᠰᠤᠨ ᠤ ᠲᠤᠩᠭᠠᠯᠠᠭ ᠢ ᠳᠠᠭᠠᠵᠦ ᠨᠡᠭᠦᠳᠡᠯᠯᠡᠭᠰᠡᠨ᠂ ᠮᠣᠩᠭᠤᠯ ᠤᠨ  ᠦᠨᠳᠦᠷᠯᠢᠭ ᠤᠨ ᠪᠡᠯᠴᠢᠭᠡᠷ ᠤᠨ ᠮᠠᠯ ᠠᠵᠦ ᠠᠬᠤᠢ ᠶᠢᠨ ᠰᠣᠩᠭᠤᠳᠠᠭ ᠣᠷᠣᠨ ᠪᠢᠯᠡ᠃ ᠵᠠᠰᠠᠭ  ᠵᠠᠬᠢᠷᠭᠠᠨ ᠤ ᠬᠤᠪᠢᠶᠠᠷᠢ ᠠᠴᠠ ᠪᠣᠯᠵᠦ᠂ ᠦᠪᠦᠷ ᠮᠤᠩᠭᠤᠯ ᠤᠨ ᠪᠡᠯᠴᠢᠭᠡᠷ ᠤᠨ ᠮᠠᠯ ᠠᠵᠦ ᠠᠬᠤᠢ   ᠶᠢᠨ ᠨᠡᠭᠦᠳᠡᠯᠯᠡᠨ ᠮᠠᠯᠵᠢᠬᠤ ᠣᠷᠣᠨ ᠵᠠᠢ ᠨᠢᠭᠡᠨᠲᠡ ᠬᠤᠮᠢᠬᠳᠠᠵᠦ᠂ ᠬᠦᠮᠦᠨ ᠠᠮᠠ ᠶᠢᠨ  ᠳᠦᠷᠢᠯᠲᠠ ᠪᠠ ᠲᠦᠷᠭᠡᠨ ᠦᠰᠦᠯᠲᠡ ᠵᠢᠴᠢ ᠬᠦᠮᠦᠰ ᠤᠨ ᠬᠤᠪᠳᠤᠭ ᠰᠠᠨᠠᠭ᠎ᠠ ᠰᠢᠨᠤᠬᠠᠢ ᠪᠣᠳᠤᠯ   ᠤᠨ ᠬᠢᠵᠠᠭᠠᠷ ᠦᠭᠡᠢ ᠳᠡᠪᠡᠷᠡᠭᠡᠯᠲᠡ᠂ ᠦᠪᠡᠷ ᠤᠨ ᠦᠷᠲᠡᠭ ᠳᠣᠣᠷ᠎ᠠ ᠪᠡᠯᠴᠢᠭᠡᠷ ᠤᠨ ᠮᠠᠯ ᠠᠵᠦ  ᠠᠬᠤᠢ ᠶᠢᠨ ᠠᠰᠢᠭ ᠰᠢᠮ᠎ᠡ ᠳᠤ ᠥᠷᠢᠰᠦᠯᠳᠦᠭᠰᠡᠨ ᠲᠡᠮᠡᠴᠡᠯᠳᠦᠭᠡᠨ ᠨᠢ ᠮᠠᠯ ᠤᠨ ᠲᠤᠭ᠎ᠠ  ᠲᠤᠯᠤᠭᠠᠢ ᠶᠢᠨ ᠦᠰᠦᠯᠲᠡ ᠶᠢᠨ ᠪᠡᠯᠴᠢᠭᠡᠷ ᠤᠨ ᠳᠠᠭᠠᠭᠠᠴᠠ ᠠᠴᠠ ᠬᠡᠲᠦᠷᠡᠭᠰᠡᠨ ᠦᠢᠯᠡᠳᠪᠦᠷᠢᠯᠡᠯ  ᠡᠵᠡᠩᠨᠡᠯᠲᠡ ᠶᠢᠨ ᠨᠠᠷᠢᠨ ᠵᠦᠷᠢᠭ ᠲᠤ ᠰᠢᠬᠠᠨ ᠣᠷᠣᠭᠤᠯᠤᠬᠰᠠᠨ ᠠᠴᠠ ᠪᠡᠯᠴᠢᠭᠡᠷ ᠤᠨ ᠳᠠᠷᠤᠯᠲᠠ  ᠶᠡᠭᠡ ᠪᠣᠯᠵᠦ᠂ ᠬᠦᠮᠦᠨ ᠠᠴᠠ ᠰᠢᠯᠲᠠᠭᠠᠯᠠᠬᠰᠠᠨ ᠭᠠᠵᠠᠷ ᠰᠢᠷᠣᠢ ᠶᠢᠨ ᠡᠪᠳᠡᠭᠳᠡᠯ ᠰᠦᠢᠳᠦᠯ  ᠡᠭᠦᠰᠴᠦ᠂ ᠮᠠᠯ ᠠᠬᠤᠢ ᠳᠤ ᠲᠡᠳᠦᠢ ᠦᠭᠡᠢ᠂ ᠪᠦᠬᠦᠶᠢᠯᠡ ᠬᠦᠮᠦᠨ ᠲᠦᠷᠦᠯᠬᠢᠲᠡᠨ ᠤ ᠣᠷᠣᠰᠢᠨ  ᠠᠮᠢᠳᠤᠷᠠᠬᠤᠢ ᠳᠤ ᠮᠠᠰᠢ ᠶᠡᠭᠡ ᠰᠦᠷᠳᠡᠭᠦᠯᠦᠯ ᠪᠣᠯᠵᠦ ᠪᠠᠶᠢᠨ᠎ᠠ᠃        ᠬᠦᠮᠦᠨ ᠲᠦᠷᠦᠯᠬᠢᠲᠡᠨ ᠣᠷᠣᠰᠢᠨ ᠲᠣᠬᠲᠠᠨᠢᠵᠦ ᠠᠮᠢᠳᠤᠷᠠᠬᠤ ᠶᠢᠨ ᠲᠦᠯᠦᠭᠡ ᠪᠠᠶᠢᠭᠠᠯᠢ   ᠶᠢᠨ ᠡᠬᠢ ᠪᠠᠶᠠᠯᠢᠭ ᠢ ᠨᠡᠭᠡᠭᠡᠨ ᠠᠰᠢᠬᠯᠠᠳᠠᠭ᠃ ᠬᠦᠮᠦᠰ ᠤᠨ ᠨᠡᠭᠡᠭᠡᠨ ᠠᠰᠢᠬᠯᠠᠵᠦ ᠪᠠᠶᠢᠭ᠎ᠠ  ᠡᠬᠢ ᠪᠠᠶᠠᠯᠢᠭ ᠲᠤ ᠳᠠᠬᠢᠨ ᠪᠣᠢ ᠪᠣᠯᠬᠤ ᠦᠭᠡᠢ ᠡᠬᠢ ᠪᠠᠶᠠᠯᠢᠭ ︵ᠵᠢᠱᠢᠶᠡᠯᠡᠪᠡᠯ᠂ ᠠᠯᠲᠠ᠂  ᠮᠥᠩᠭᠦ᠂ ᠲᠡᠮᠦᠷ᠂ ᠨᠡᠭᠦᠷᠡᠰᠦ᠂ ᠰᠢᠲᠠᠮᠠᠬᠠᠢ ᠬᠡᠢ ᠁ ᠵᠡᠷᠭᠡ ᠠᠭᠤᠷᠬᠠᠢ ᠪᠤᠯᠠᠬᠳᠠᠴᠠ︶ ᠪᠠ  ᠳᠠᠬᠢᠨ ᠪᠤᠢ ᠪᠣᠯᠵᠦ ᠴᠢᠳᠠᠳᠠᠭ ᠡᠬᠢ ᠪᠠᠶᠠᠯᠢᠭ ︵ᠵᠢᠱᠢᠶᠡᠯᠡᠪᠡᠯ᠂ ᠡᠪᠡᠰᠦ ᠤᠷᠭᠤᠮᠠᠯ᠂ ᠤᠢ  ᠮᠣᠳᠤ᠂ ᠮᠠᠯ ᠰᠥᠷᠦᠭ ᠵᠡᠷᠭᠡ ᠠᠮᠢᠲᠠᠨ ᠭᠤᠣᠯᠲᠠᠨ︶ ᠪᠠᠶᠢᠳᠠᠭ᠃ ᠳᠠᠬᠢᠨ ᠪᠤᠢ ᠪᠣᠯᠵᠦ ᠴᠢᠳᠠᠬᠤ  ᠦᠭᠡᠢ ᠡᠬᠢ ᠪᠠᠶᠠᠯᠢᠭ ᠢ ᠬᠡᠲᠦᠷᠡᠲᠡᠯ᠎ᠡ ᠠᠰᠢᠬᠯᠠᠬᠤ ᠨᠢ ᠶᠠᠳᠠᠭᠤᠷᠠᠯ ᠤᠨ ᠦᠨᠳᠦᠰᠦ ᠲᠠᠷᠢᠬᠤ ᠪᠠᠷ  ᠪᠠᠷᠠᠬᠤ ᠦᠭᠡᠢ᠂ ᠪᠠᠰᠠ ᠪᠣᠳᠠᠰ ᠤᠨ ᠲᠣᠬᠲᠠᠴᠠ ᠬᠠᠷᠢᠯᠴᠠᠨ ᠲᠦᠰᠢᠯᠴᠡᠯ ᠪᠠ ᠬᠠᠷᠢᠯᠴᠠᠨ  ᠨᠥᠭᠦᠴᠡᠯᠳᠦᠯ ᠲᠡᠩᠴᠡᠭᠦᠷᠢᠰᠢᠯ ᠢ ᠠᠯᠳᠠᠬᠳᠠᠭᠤᠯᠵᠦ᠂ ᠬᠦᠮᠦᠨ ᠲᠦᠷᠦᠯᠬᠢᠲᠡᠨ ᠳᠤ ᠮᠦᠬᠦᠯ ᠤᠨ  ᠠᠶᠤᠯ ᠠᠪᠴᠢᠷᠠᠳᠠᠭ᠃ ᠳᠠᠬᠢᠨ ᠪᠣᠢ ᠪᠣᠯᠵᠦ ᠴᠢᠳᠠᠳᠠᠭ ᠪᠤᠳᠠᠰ ᠢ ᠴᠦ ᠠᠷᠪᠢᠯᠠᠨ ᠭᠠᠮᠨᠠᠵᠦ ᠵᠦᠢ  ᠵᠣᠬᠢᠰᠲᠠᠢ ᠠᠰᠢᠬᠯᠠᠵᠦ ᠬᠡᠷᠡᠭᠯᠡᠵᠦ᠂ ᠳᠠᠬᠢᠨ ᠪᠣᠢ ᠪᠣᠯᠬᠤ ᠨᠥᠭᠦᠴᠡᠯ ᠬᠠᠩᠭᠠᠵᠦ ᠥᠭᠬᠦ ᠦᠭᠡᠢ  ᠪᠣᠯ ᠬᠦᠮᠦᠨ ᠲᠦᠷᠦᠯᠬᠢᠲᠡᠨ ᠮᠥᠨ ᠠᠳᠠᠯᠢ ᠪᠠᠷ ᠬᠤᠬᠢᠷᠠᠯ ᠠᠮᠰᠠᠬᠤ ᠪᠣᠯᠤᠨ᠎ᠠ᠃        ᠥᠪᠦᠷ ᠮᠣᠩᠭᠤᠯ ᠳᠤ ᠮᠠᠯ ᠢ ᠬᠤᠪᠢᠴᠢᠯᠠᠵᠦ ︵ᠨᠤᠲᠤᠭ ᠤᠨ ᠤᠣᠭᠠᠯ ᠮᠠᠯᠴᠢᠨ ᠤ  ᠨᠢᠭᠡᠳᠦᠯᠵᠢᠬᠦ ᠦᠶ᠎ᠡ  ᠳᠤ ᠬᠠᠮᠲᠤ ᠳᠤ ᠲᠤᠰᠢᠶᠠᠨ ᠬᠤᠪᠢ ᠣᠷᠤᠬᠰᠠᠨ ᠮᠠᠯ ᠢ ᠥᠷᠲᠡᠭᠴᠢᠯᠡᠨ  ᠪᠣᠳᠤᠵᠦ ᠪᠤᠴᠠᠭᠠᠨ ᠲᠥᠯᠦᠬᠦ ᠪᠠᠷ ᠭᠤᠤᠯ ᠪᠣᠯᠭᠠᠨ ︐ ᠬᠠᠮᠲᠤ ᠶᠢᠨ ᠠᠵᠢᠯ ᠬᠥᠳᠡᠯᠮᠦᠷᠢ ᠳᠤ  ᠣᠷᠤᠯᠴᠠᠵᠦ ᠡᠳ᠋ ᠪᠣᠳᠠᠰ ᠤᠨ ᠡᠬᠢ ᠪᠠᠶᠠᠯᠢᠭ ᠡᠭᠦᠳᠬᠦ ᠳᠤ ᠬᠦᠴᠦᠨ ᠡᠷᠭᠦᠭᠰᠡᠨ ᠬᠠᠮᠲᠤ ᠣᠯᠠᠨ   ᠤ ᠪᠦᠷᠢᠯᠳᠦᠬᠦᠨ ᠳᠤ ᠬᠦᠳᠡᠯᠮᠦᠷᠢ ᠶᠢᠨ ᠬᠦᠯᠦᠰᠦ ᠣᠯᠭᠤᠮᠵᠢ ᠶᠢᠨ ᠬᠡᠯᠪᠡᠷᠢ  ᠪᠠᠷ ᠠᠰᠢᠭ  ᠬᠤᠪᠢᠶᠠᠷᠢᠯᠡᠨ ᠬᠦᠷᠲᠡᠭᠡᠬᠦ ᠲᠥᠷᠥ ᠶᠢᠨ ᠪᠤᠳᠤᠯᠭ᠎ᠠ ᠶᠢᠨ ᠳᠠᠭᠠᠤ ᠳᠤ ᠡᠯ᠎ᠡ ᠭᠠᠵᠠᠷ ᠮᠠᠯ  ᠬᠦᠷᠦᠩᠭᠡ  ᠶᠢ ᠬᠤᠪᠢᠴᠢᠯᠠᠬᠤ ᠳᠠᠭᠠᠨ᠂ ᠪᠤᠴᠠᠭᠠᠨ ᠲᠦᠯᠦᠬᠦ ᠶᠢ ᠤᠮᠳᠤᠭᠠᠶᠢᠯᠠᠵᠦ ︐ ᠨᠠᠮ ᠤᠨ  ᠮᠠᠯᠵᠢᠬᠤ ᠣᠷᠣᠨ ᠤ ᠲᠥᠷᠥ  ᠶᠢᠨ ᠪᠣᠳᠤᠯᠭ᠎ᠠ ᠶᠢᠨ ᠦᠷᠭᠦᠯᠵᠢᠲᠦ ᠴᠢᠨᠠᠷ ᠢ ᠠᠯᠳᠠᠬᠳᠠᠭᠤᠯᠤᠬᠰᠠᠨ  ᠪᠠᠶᠢᠨ᠎ᠠ︶ ︐ ᠪᠡᠯᠴᠢᠭᠡᠷ ᠢ ᠡᠷᠦᠬᠡ ᠳᠤ ᠳᠠᠭᠠᠭᠠᠴᠢᠯᠠᠭᠤᠯᠵᠦ ᠡᠵᠡᠩᠨᠡᠭᠦᠯᠦᠭᠰᠡᠨ ᠠᠴᠠ ᠬᠤᠶᠢᠰᠢ᠂  ᠠᠶᠢᠯ ᠡᠷᠦᠬᠡ ᠪᠦᠷᠢ ᠶᠢᠨ ᠬᠤᠪᠢᠶᠠᠷᠢᠯᠠᠨ ᠣᠯᠤᠬᠰᠠᠨ ᠭᠠᠵᠠᠷ ᠨᠢ ᠬᠡᠳᠦᠨ ᠮᠢᠩᠭᠠᠨ ᠮᠦ  ᠲᠡᠳᠦᠢ ᠲᠤᠯᠠ ᠮᠠᠯ ᠰᠦᠷᠦᠭ ᠨᠢ ᠪᠡᠯᠴᠢᠭᠡᠷᠯᠡᠵᠦ ᠴᠢᠳᠠᠬᠤ ᠦᠭᠡᠢ ᠪᠣᠯᠵᠠᠢ᠃ ᠪᠡᠯᠴᠢᠭᠡᠷ ᠢᠶᠠᠨ  ᠲᠣᠣᠷᠯᠠᠵᠦ ᠪᠢᠲᠡᠭᠦᠮᠵᠢᠯᠡᠨ ᠬᠠᠮᠠᠭᠠᠯᠠᠬᠤ ᠦᠭᠡᠢ ᠪᠣᠯ ᠬᠦᠮᠦᠨ ᠤ ᠥᠪᠡᠷ ᠤᠨ ᠮᠠᠯ  ᠦᠷᠢᠰᠦᠯᠳᠦᠨ ᠢᠳᠡᠵᠦ ᠪᠡᠯᠴᠢᠭᠡᠷ ᠭᠢᠰᠭᠢᠵᠦ ᠲᠠᠯᠬᠢᠳᠠᠭᠠᠳ ᠰᠦᠢᠳᠭᠡᠨ᠎ᠡ᠃ ᠪᠡᠯᠴᠢᠭᠡᠷ  ᠪᠠᠭ᠎ᠠ ᠠᠴᠠ ᠬᠠᠰᠢᠶᠠᠯᠠᠨ ᠲᠡᠵᠢᠭᠡᠬᠦ ᠭᠡᠳᠡᠭ ᠮᠠᠯ ᠠᠵᠦ ᠠᠬᠤᠢ ᠶᠢᠨ ᠪᠠᠯᠠᠷ ᠡᠷᠲᠡᠨ ᠤ  ᠨᠢᠭᠡᠨᠲᠡ ᠣᠷᠬᠢᠬᠳᠠᠬᠰᠠᠨ ᠠᠷᠭ᠎ᠠ ᠶᠢ ᠰᠢᠨ᠎ᠡ ᠶᠠᠭᠤᠮ᠎ᠠ ᠰᠠᠶᠢᠨ ᠠᠷᠭ᠎ᠠ ᠪᠣᠯᠭᠠᠨ ᠲᠡᠭᠦᠨ  ᠠᠪᠴᠤ ᠬᠡᠷᠡᠭᠵᠢᠭᠦᠯᠦᠭᠰᠡᠨ ᠳᠤ ᠦᠢᠯᠡᠳᠪᠦᠷᠢᠯᠡᠯ ᠤᠨ ᠥᠷᠲᠡᠭ ᠬᠡᠴᠢᠨᠡᠨ ᠬᠤᠪᠢ ᠳᠠᠬᠢᠨ ᠢᠶᠠᠷ  ᠨᠡᠮᠡᠭᠳᠡᠭᠰᠡᠨ ᠪᠦᠭᠡᠳ ᠣᠷᠴᠢᠨ ᠠᠬᠤᠢ ᠶᠢᠨ ᠪᠤᠵᠠᠷᠳᠠᠯ ᠡᠭᠦᠰᠴᠦ᠂ ᠡᠪᠡᠳᠴᠢᠨ ᠡᠮᠭᠡᠭ  ᠣᠯᠠᠰᠢᠷᠠᠵᠦ᠂ ᠰᠡᠷᠭᠡᠶᠢᠯᠡᠬᠦ ᠲᠠᠷᠢᠯᠭ᠎ᠠ ᠶᠢ ᠵᠢᠯ ᠳᠤ ᠬᠡᠳᠦᠨ ᠤᠳᠠᠭ᠎ᠠ ᠬᠢᠬᠦ ᠪᠣᠯᠤᠬᠰᠠᠨ ᠠᠴᠠ  ᠬᠤᠲᠠ ᠬᠦᠳᠡᠭᠡ ᠦᠭᠡᠢ ᠪᠦᠬᠦᠨ ᠢᠶᠠᠷ ᠢᠶᠠᠨ ᠡᠮ ᠤᠨ ᠬᠤᠣᠷᠳᠠᠬᠳᠠᠯᠲᠤ ᠮᠢᠬᠠᠨ ᠢᠳᠡᠭᠡᠨ ᠤ  ᠵᠤᠶᠢᠯ ᠵᠢᠴᠢ ᠰᠦ ᠰᠠᠭᠠᠯᠢ ᠪᠠ ᠠᠷᠠᠰᠤ ᠰᠢᠷᠢ ᠵᠡᠷᠭᠡ ᠪᠣᠬᠢᠷᠳᠠᠯᠲᠤ ᠢᠳᠡᠭᠡᠨ ᠤᠮᠳᠠᠭᠠᠨ ︐  ᠡᠳ᠋ᠯᠡᠭᠡᠨ ᠬᠡᠷᠡᠭᠯᠡᠭᠡᠨ ᠤ ᠪᠣᠳᠠᠰ ᠤᠨ ᠠᠶᠤᠯ ᠲᠦᠭᠰᠢᠭᠦᠷᠢ ᠳᠤ ᠤᠴᠠᠷᠠᠪᠠ᠃        ᠤᠯᠤᠰ ᠠᠴᠠ ᠨᠤᠲᠤᠭ ᠪᠡᠯᠴᠢᠭᠡᠷ ᠤᠨ ᠪᠦᠲᠦᠭᠡᠨ ᠪᠠᠶᠢᠭᠤᠯᠤᠯᠲᠠ ᠶᠢᠨ ᠢᠳᠡᠪᠬᠢᠲᠡᠢ  ᠲᠥᠷᠥ ᠶᠢᠨ ᠪᠣᠳᠤᠯᠭ᠎ᠠ ᠲᠣᠬᠲᠠᠭᠠᠨ ᠬᠡᠷᠡᠭᠵᠢᠭᠦᠯᠵᠦ᠂ ᠮᠠᠰᠢ ᠶᠡᠭᠡ ᠥᠷᠲᠡᠭ ᠵᠠᠷᠤᠴᠠᠭᠤᠯᠤᠨ  ᠮᠠᠯᠵᠢᠬᠤ ᠣᠷᠣᠨ ᠤ ᠡᠷᠡᠭᠦᠯ ᠴᠢᠬᠢᠷᠠᠭ ᠬᠥᠭᠵᠢᠯ ᠪᠠ ᠮᠠᠯᠴᠢᠳ ᠤᠨ ᠣᠷᠤᠯᠭ᠎ᠠ ᠶᠢᠨ ᠨᠡᠮᠡᠭᠳᠡᠯ   ᠢ ᠠᠬᠢᠭᠤᠯᠬᠤ ᠠᠯᠢ ᠣᠯᠠᠨ ᠠᠵᠢᠯ ᠬᠢᠵᠡᠢ᠃ ᠭᠡᠪᠡᠴᠦ ᠳᠡᠭᠡᠷᠡᠬᠢ ᠱᠠᠲᠤᠨ ᠤ ᠵᠦᠪ ᠲᠦᠷᠥ ᠶᠢᠨ  ᠪᠣᠳᠤᠯᠭ᠎ᠠ ᠶᠢ ᠬᠡᠷᠡᠭᠵᠢᠭᠦᠯᠬᠦ ᠶᠠᠪᠤᠴᠠ ᠳᠤ ᠭᠠᠵᠠᠷ ᠣᠷᠣᠨ ᠤ ᠡᠷᠬᠡ ᠪᠠᠷᠢᠬᠴᠢᠳ ᠤᠨ ᠦᠵᠡᠯ  ᠤᠬᠠᠮᠰᠠᠷ ᠪᠠ ᠠᠵᠢᠯ ᠤᠨ ᠴᠢᠳᠠᠪᠤᠷᠢ ᠠᠳᠠᠯᠢ ᠦᠭᠡᠢ ᠠᠴᠠ ᠣᠶᠢᠯᠠᠭᠠᠯᠲᠠ ᠲᠠᠨᠢᠯᠲᠠ ᠶᠢᠨ  ᠬᠢᠷᠢ ᠬᠡᠮ ᠴᠦ ᠶᠡᠭᠡ ᠵᠦᠷᠢᠶ᠎ᠡ ᠲᠠᠢ ᠪᠣᠯᠬᠤᠷ ᠠᠵᠢᠯ ᠤᠨ ᠦᠷ᠎ᠡ ᠪᠦᠲᠦᠮᠵᠢ ᠴᠦ ᠠᠳᠠᠯᠢ ᠦᠭᠡᠢ  ᠪᠠᠶᠢᠨ᠎ᠠ᠃ ᠵᠠᠷᠢᠮ ᠭᠠᠵᠠᠷ ᠤᠨ ᠳᠠᠷᠤᠭ᠎ᠠ ᠨᠠᠷ ᠮᠠᠯᠴᠢᠳ ᠲᠤ ᠠᠰᠢᠭ ᠬᠦᠷᠲᠡᠭᠡᠵᠦ ᠴᠢᠳᠠᠬᠰᠠᠨ  ᠪᠠᠶᠢᠬᠤ ᠳᠤ᠂ ᠵᠠᠷᠢᠮ ᠨᠢ ᠬᠠᠷᠢᠨ ᠬᠤᠪᠢ ᠶᠢᠨ ᠨᠡᠷ᠎ᠡ ᠲᠥᠷᠥ ᠶᠢ ᠬᠦᠭᠡᠭᠡᠴᠡᠯᠳᠦᠨ ︐ ᠦᠡᠭᠭᠡᠪᠴᠢ  ᠠᠵᠢᠯ ᠬᠤᠳᠠᠯ ᠬᠠᠭᠤᠷᠮᠠᠭ ᠵᠤᠶᠢᠯ ᠤᠶᠢᠯᠡᠳᠴᠦ ︐ ᠤᠯᠤᠰ ᠭᠡᠷ ᠤᠨ ᠡᠳ᠋ ᠮᠦᠩᠭᠦ ᠶᠢ ᠪᠦᠷᠢᠯᠭᠡᠨ  ᠰᠦᠢᠳᠭᠡᠵᠦ᠂ ᠠᠷᠠᠳ ᠤᠨ ᠳᠠᠷᠤᠭᠠᠰᠤ ᠶᠢ ᠨᠡᠮᠡᠭᠳᠡᠭᠦᠯᠦᠨ᠂ ᠠᠮᠢ ᠠᠬᠤᠢ ᠶᠢᠨ ᠬᠤᠬᠢᠷᠠᠯ  ᠰᠦᠢᠳᠦᠯ ᠢ ᠶᠡᠬᠡᠰᠬᠡᠨ᠂ ᠢᠯᠵᠠᠷᠠᠨ ᠳᠣᠷᠤᠶᠢᠲᠠᠵᠦ ︐ ᠨᠠᠮ ᠲᠦᠷᠥ ᠶᠢᠨ ᠠᠷᠠᠳ ᠲᠦᠮᠡᠨ ᠤ  ᠳᠤᠮᠳᠠᠬᠢ ᠨᠡᠷ᠎ᠡ ᠬᠦᠨᠳᠦ ᠳᠤ ᠮᠠᠭᠤ ᠨᠥᠯᠥᠭᠡ ᠪᠣᠯᠵᠦ ᠪᠠᠶᠢᠨ᠎ᠠ᠃        ᠮᠠᠯᠵᠢᠬᠤ ᠣᠷᠣᠨ ᠤ ᠨᠤᠲᠤᠭ ᠪᠡᠯᠴᠢᠭᠡᠷ ᠢ ᠡᠷᠦᠬᠡ ᠳᠤ ᠬᠤᠪᠢᠶᠠᠷᠢᠯᠠᠨ ᠳᠠᠭᠠᠭᠠᠴᠢᠯᠠᠭᠤᠯᠤᠨ  ᠡᠵᠡᠩᠨᠡᠭᠦᠯᠬᠦ ᠲᠦᠷᠥ ᠶᠢᠨ ᠪᠣᠳᠤᠯᠭ᠎ᠠ ᠪᠣᠯ ᠮᠠᠯᠵᠢᠬᠤ ᠣᠷᠣᠨ ᠤ ᠥᠭᠡᠷᠡᠴᠢᠯᠡᠯᠲᠡ ᠶᠢᠨ ᠴᠢᠬᠤᠯᠠ  ᠲᠥᠷᠥ ᠶᠢᠨ ᠪᠣᠳᠤᠯᠭ᠎ᠠ ᠮᠥᠨ᠃ ᠲᠡᠷᠡ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ  ᠪᠠᠶᠢᠭᠤᠯᠤᠬᠳᠠᠵᠦ ︐ ᠰᠢᠨ᠎ᠡ ᠳᠤᠮᠳᠠᠳᠤ ᠤᠯᠤᠰ ᠤᠨ ᠮᠠᠯᠵᠢᠬᠤ ᠣᠷᠣᠨ ᠳᠤ ᠶᠠᠪᠤᠬᠳᠠᠭᠤᠯᠤᠬᠰᠠᠨ  ᠲᠥᠷᠥ ᠶᠢᠨ ᠲᠥᠷᠥ ᠶᠢᠨ ᠪᠣᠳᠤᠯᠭ᠎ᠠ ᠶᠢᠨ ᠦᠷᠭᠦᠯᠵᠢᠯᠡᠯ ᠪᠦᠭᠡᠳ ᠮᠠᠯᠵᠢᠬᠤ ᠣᠷᠣᠨ ᠤ  ᠦᠭᠡᠷᠡᠴᠢᠯᠡᠯᠲᠡ ᠶᠢᠨ ᠴᠢᠬᠤᠯᠠ ᠪᠡᠯᠭᠡ ᠲᠡᠮᠳᠡᠭ ᠮᠥᠨ᠃ 1950 ‍ᠭᠠᠳ ᠣᠨ ᠤ ᠰᠡᠭᠦᠯᠴᠢ   ᠪᠠᠷ ᠨᠢᠭᠡᠳᠦᠯᠵᠢᠬᠦ ᠦᠶ᠎ᠡ ᠳᠤ ᠬᠠᠮᠲᠤ ᠳᠤ ᠬᠤᠪᠢ ᠣᠷᠤᠭᠰᠠᠨ ᠮᠠᠯᠴᠢᠳ ᠤᠨ ᠬᠤᠪᠢ ᠶᠢᠨ  ᠬᠦᠷᠦᠩᠭᠡ ᠮᠠᠯ ᠰᠦᠷᠦᠭ ᠢ ᠪᠤᠴᠠᠭᠠᠨ ᠲᠦᠯᠦᠬᠦ ᠲᠥᠷᠥ ᠶᠢᠨ ᠪᠣᠳᠤᠯᠭ᠎ᠠ ᠶᠢᠨ ᠢᠵᠢ  ᠪᠦᠷᠢᠯᠳᠦᠭᠰᠡᠨ ᠴᠢᠬᠤᠯᠠ ᠠᠭᠤᠯᠭ᠎ᠠ ᠶᠤᠮ᠃ ᠤᠤᠯ ᠲᠥᠷᠥ ᠶᠢᠨ ᠪᠣᠳᠤᠯᠭ᠎ᠠ ᠶᠢᠨ ᠵᠢᠩᠭᠢᠨᠢ   ᠵᠦᠪ ᠤᠳᠬ᠎ᠠ ᠰᠠᠨᠠᠭ᠎ᠠ ᠪᠠᠷ ᠮᠠᠯᠵᠢᠬᠤ ᠣᠷᠣᠨ ᠳᠤ ᠨᠤᠲᠤᠭ ᠬᠤᠪᠢᠶᠠᠷᠢᠯᠠᠨ ᠳᠠᠭᠠᠭᠠᠴᠢᠯᠠᠬᠤ  ᠡᠷᠬᠡ ᠨᠢ ᠪᠣᠯ ᠠᠷᠠᠳ ᠤᠨ ᠨᠢᠭᠡᠳᠦᠯ ᠳᠤ ᠮᠠᠯ ᠳᠠᠩᠰᠠᠯᠠᠭᠤᠯᠤᠨ ᠲᠤᠰᠢᠶᠠᠬᠰᠠᠨ ᠲᠡᠳᠡᠭᠡᠷ  ᠮᠠᠯᠵᠢᠬᠤ ᠡᠷᠦᠬᠡ ᠨᠢ ᠰᠠᠶ᠋ᠢ ᠨᠤᠲᠤᠭ ᠬᠤᠪᠢᠶᠠᠷᠢᠯᠠᠨ ᠣᠯᠬᠤ ᠪᠦᠷᠢᠨ ᠡᠷᠬᠡ ᠲᠠᠢ ᠪᠠᠶᠢᠵᠦ᠂  ᠪᠤᠰᠤᠳ ᠬᠦᠮᠦᠰ ᠨᠢ ᠭᠠᠴᠠᠭ᠎ᠠ ᠶᠢᠨ ᠮᠠᠯᠴᠢᠳ ᠶᠠᠷᠢᠯᠴᠠᠨ ᠵᠦᠪᠰᠢᠶᠡᠷᠡᠭᠰᠡᠨ ᠤ ᠰᠡᠭᠦᠯᠡᠷ  ᠰᠠᠶ᠋ᠢ ᠲᠤᠰ ᠭᠠᠴᠠᠭ᠎ᠠ ᠶᠢᠨ ᠨᠤᠲᠤᠭ ᠪᠡᠯᠴᠢᠭᠡᠷ ᠤᠨ ᠶᠡᠭᠡ ᠪᠠᠭ᠎ᠠ ᠪᠠ ᠬᠦᠷᠦᠩᠭᠡ  ᠣᠷᠤᠭᠤᠯᠤᠬᠰᠠᠨ ᠤᠣᠭᠠᠯ ᠮᠠᠯᠴᠢᠳ ᠲᠤ ᠬᠤᠪᠢᠶᠠᠵᠦ ᠳᠠᠭᠠᠭᠠᠴᠢᠯᠠᠭᠤᠯᠤᠬᠰᠠᠨ ᠤ ᠳᠠᠷᠠᠭ᠎ᠠ  ᠦᠯᠡᠳᠡᠭᠰᠡᠨ ᠬᠡᠰᠡᠭ ᠢ ᠬᠤᠪᠢᠶᠠᠨ ᠠᠪᠬᠤ ᠡᠷᠬᠡ ᠣᠯᠵᠦ ᠪᠣᠯᠬᠤ ᠶᠤᠮ᠃ ᠦᠪᠥᠷ ᠮᠣᠩᠭᠤᠯ   ᠳᠤ ᠨᠤᠲᠤᠭ ᠪᠡᠯᠴᠢᠭᠡᠷ ᠢ ᠡᠷᠦᠬᠡ ᠳᠤ ᠳᠠᠭᠠᠭᠠᠴᠢᠯᠠᠭᠤᠯᠤᠨ ᠡᠵᠡᠩᠨᠡᠭᠦᠯᠬᠦ ᠦᠶ᠎ᠡ ᠳᠤ  ᠮᠠᠯᠵᠢᠬᠤ ᠣᠷᠣᠨ ᠤ ᠭᠠᠴᠠᠭ᠎ᠠ ᠳᠤ ᠡᠷᠦᠬᠡ ᠠᠮᠠ ᠪᠠᠨ ᠳᠠᠩᠰᠠᠯᠠᠭᠤᠯᠤᠬᠰᠠᠨ ᠡᠷᠦᠬᠡ ᠪᠦᠬᠦᠨ   ᠳᠤ ᠦᠨᠳᠦᠰᠦᠨ ᠰᠠᠭᠤᠷᠢ ᠨᠤᠲᠤᠭ ᠢ ᠡᠷᠬᠡ ᠲᠡᠭᠰᠢ ᠪᠠᠷ ᠣᠯᠭᠤᠬᠰᠠᠨ ᠤᠷᠢᠳᠠᠯ ᠳᠣᠤᠷ᠎ᠠ  ᠬᠦᠮᠦᠨ ᠳᠤ 6 ᠬᠤᠪᠢ ︐ ᠮᠠᠯ ᠳᠤ 4 ᠬᠤᠪᠢ ᠶᠢᠨ ᠬᠠᠷᠢᠴᠠᠯ ᠢᠶᠠᠷ ᠨᠤᠲᠤᠭ ᠪᠡᠯᠴᠢᠭᠡᠷ  ᠬᠤᠪᠢᠶᠠᠷᠢᠯᠠᠨ ᠥᠭᠴᠦ ᠳᠠᠭᠠᠭᠠᠴᠢᠯᠠᠭᠤᠯᠤᠬᠰᠠᠨ ᠨᠢ ᠦᠨᠡᠨ ᠳᠡᠭᠡᠨ ᠨᠠᠮ ᠤᠨ ᠲᠥᠷᠥ ᠶᠢᠨ  ᠪᠣᠳᠤᠯᠭ᠎ᠠ ᠶᠢᠨ ᠣᠤᠭᠠᠯ ᠠᠷᠠᠳ ᠤᠨ ᠬᠠᠮᠲᠤ  ᠳᠤ ᠬᠤᠪᠢ ᠣᠷᠣᠬᠰᠠᠨ ᠡᠳ᠋ ᠬᠦᠷᠦᠩᠭᠡ ᠶᠢ  ᠪᠤᠴᠠᠭᠠᠨ ᠲᠦᠯᠦᠬᠦ ᠭᠡᠰᠡᠨ ᠤᠭ ᠰᠠᠨᠠᠭ᠎ᠠ ᠶᠢ ᠭᠠᠵᠢᠭᠤᠳᠠᠭᠤᠯᠤᠨ ᠵᠥᠷᠢᠴᠡᠵᠦ᠂ ᠶᠣᠰᠤ ᠪᠤᠰᠤ   ᠪᠠᠷ ᠲᠡᠭᠰᠢᠳᠭᠡᠭᠰᠡᠨ᠂ ᠵᠢᠩᠬᠢᠨᠢ ᠬᠦᠷᠦᠩᠭᠡ ᠣᠷᠣᠭᠤᠯᠤᠬᠰᠠᠨ ᠮᠠᠯᠴᠢᠨ ᠤ ᠠᠰᠢᠭ ᠲᠤᠰᠠ ᠶᠢ  ᠬᠤᠬᠢᠷᠠᠭᠤᠯᠤᠬᠰᠠᠨ᠂ ᠬᠦᠷᠦᠩᠭᠡ ᠶᠢᠨ ᠬᠤᠷᠠᠮᠳᠤᠯ ᠳᠤ ᠬᠤᠪᠢ ᠨᠡᠮᠡᠷᠢ ᠭᠠᠷᠭᠠᠬᠰᠠᠨ ᠦᠭᠡᠢ  ᠬᠡᠰᠡᠭ ᠬᠦᠮᠦᠰ ᠲᠤ ᠪᠤᠰᠤᠳ ᠤᠨ ᠬᠦᠷᠦᠩᠭᠡ ᠠᠴᠠ ᠲᠠᠰᠤᠯᠤᠨ ᠦᠭᠭᠦᠭᠰᠡᠨ ᠶᠣᠰᠤᠨ ᠪᠤᠰᠤ  ᠠᠵᠢᠯᠯᠠᠭ᠎ᠠ ᠪᠣᠯᠬᠤ ᠶᠤᠮ᠃ ᠨᠤᠲᠤᠭ ᠪᠡᠯᠴᠢᠭᠡᠷ ᠢ ᠡᠷᠦᠬᠡ ᠳᠤ ᠬᠤᠪᠢᠶᠠᠷᠢᠯᠠᠨ ᠳᠠᠭᠠᠭᠠᠴᠢᠯᠠᠭᠤᠯᠤᠨ  ᠡᠵᠡᠩᠨᠡᠭᠦᠯᠬᠦ ᠲᠣᠬᠠᠢ ᠶᠢᠨ ᠦᠶ᠎ᠡ ᠳᠤ᠂ ᠥᠪᠦᠷ ᠮᠣᠩᠭᠤᠯ ᠤᠨ ᠮᠠᠯᠵᠢᠬᠤ ᠣᠷᠣᠨ ᠳᠤ  ᠲᠠᠷᠢᠶᠠᠯᠠᠬᠤ ᠣᠷᠣᠨ ᠪᠤᠶᠤ ᠬᠤᠲᠠ ᠶᠢᠨ ᠵᠠᠷᠢᠮ ᠬᠦᠮᠦᠰ ᠲᠦᠷᠦᠯ ᠰᠠᠳᠤᠨ ᠪᠤᠶᠤ ᠪᠤᠰᠤᠳ  ᠨᠡᠶᠢᠬᠡᠮ ᠤᠨ ᠬᠠᠷᠢᠴᠠᠭ᠎ᠠ ᠪᠠᠨ ᠠᠰᠢᠬᠯᠠᠵᠦ᠂ ᠮᠠᠯᠵᠢᠬᠤ ᠭᠠᠴᠠᠭ᠎ᠠ ᠳᠤ ᠡᠷᠦᠬᠡ ᠠᠮᠠ ᠪᠠᠨ  ᠵᠠᠪᠰᠢᠨ ᠣᠷᠤᠭᠤᠯᠵᠦ᠂ ᠨᠤᠲᠤᠭ ᠪᠡᠯᠴᠢᠭᠡᠷ ᠬᠤᠪᠢᠶᠠᠨ ᠤᠯᠬᠤ ᠠᠵᠢᠯᠯᠠᠭ᠎ᠠ ᠨᠡᠶᠢᠲᠡᠮ ᠤᠨ  ᠴᠢᠨᠠᠷᠲᠠᠢ ᠶᠠᠪᠤᠬᠳᠠᠬᠰᠠᠨ ᠪᠠᠶᠢᠨ᠎ᠠ᠃ ᠦᠷ᠎ᠡ ᠳ᠋ᠦᠡᠭ ᠳᠤ ᠵᠢᠩᠭᠢᠨᠢ ᠨᠤᠲᠤᠭ ᠢᠶᠠᠨ ᠲᠦᠰᠢᠵᠦ᠂  ᠮᠠᠯ ᠪᠠᠨ ᠮᠠᠯᠵᠢᠵᠦ ᠦᠶ᠎ᠡ ᠤᠯᠠᠷᠢᠨ ᠠᠮᠢᠳᠤᠷᠠᠵᠦ ᠢᠷᠡᠭᠰᠡᠨ ᠨᠢ ᠨᠤᠲᠤᠭ ᠬᠤᠪᠢᠶᠠᠨ ᠣᠯᠵᠦ  ᠴᠢᠳᠠᠬᠰᠠᠨ ᠦᠭᠡᠢ ᠪᠤᠶᠤ ᠪᠠᠭ᠎ᠠ ᠬᠡᠰᠡᠭ ᠭᠠᠵᠠᠷ ᠣᠯᠵᠦ᠂ ᠪᠤᠰᠤᠳ ᠭᠠᠵᠠᠷ ᠤᠷᠲᠤ ᠬᠤᠭᠤᠴᠠᠭ᠎ᠠ  ᠠᠮᠢᠳᠤᠷᠠᠵᠦ ᠪᠠᠶᠢᠭᠰᠠᠨ ᠲᠤᠰ ᠨᠤᠲᠤᠭ ᠲᠠᠢ ᠶᠠᠮᠠᠷᠴᠦ ᠲᠡᠦᠬᠡᠨ ᠬᠤᠯᠪᠤᠬᠳᠠᠯ ᠦᠭᠡᠢ ᠬᠡᠰᠡᠭ  ᠬᠦᠮᠦᠰ ᠨᠤᠲᠤᠭ ᠤᠨ ᠠᠰᠢᠭ ᠢ ᠬᠤᠪᠢᠶᠠᠯᠴᠠᠨ ︵ᠵᠠᠷᠢᠮ ᠨᠢ ᠪᠠᠰᠠ ᠣᠤᠯ ᠭᠠᠵᠠᠷ  ᠲᠠᠭᠠᠨ  ᠨᠢᠭᠡᠨᠲᠡ ᠲᠠᠷᠢᠶᠠᠨ ᠭᠠᠵᠠᠷ ᠬᠤᠪᠢᠶᠠᠨ ᠣᠯᠵᠦ ᠳᠠᠪᠬᠤᠷ ᠠᠰᠢᠭ ᠬᠦᠷᠲᠡᠵᠦ ᠪᠠᠶᠢᠭ᠎ᠠ ᠲᠤᠯᠠ  ᠦᠨᠡᠨ ᠳᠡᠭᠡᠨ ᠨᠡᠩ ᠤᠨᠣᠪᠴᠢᠲᠠᠢ ᠬᠡᠯᠡᠪᠡᠯ ᠪᠤᠯᠢᠶᠠᠨ ᠳᠡᠭᠡᠷᠡᠮᠳᠡᠬᠦ ᠠᠷᠭ᠎ᠠ ᠪᠠᠷ︶ ᠠᠰᠢᠭ  ᠬᠦᠷᠲᠡᠭᠰᠡᠨ ᠪᠠᠶᠢᠨ᠎ᠠ᠃        ᠮᠠᠯᠵᠢᠬᠤ ᠣᠷᠣᠨ ᠤ ᠺᠲᠠᠷ ᠤᠷᠲᠤ ᠬᠤᠭᠤᠴᠠᠭ᠎ᠠ ᠮᠠᠯᠵᠢᠬᠤ ᠦᠢᠯᠡᠳᠪᠦᠷᠢᠯᠡᠯ ᠳᠤ  ᠣᠷᠣᠯᠴᠠᠵᠦ ᠪᠠᠶᠢᠬᠰᠠᠨ ᠪᠦᠭᠡᠳ ᠲᠣᠬᠠᠢ ᠶᠢᠨ ᠬᠦᠮᠦᠨ ᠪᠤᠶᠤ ᠡᠪᠦᠭᠡ ᠳᠡᠭᠡᠳᠦᠰ ᠨᠢ ᠨᠢᠭᠡᠳᠦᠯᠵᠢᠬᠦ  ᠦᠶ᠎ᠡ ᠳᠤ ᠮᠠᠯ ᠬᠦᠷᠦᠩᠭᠡ  ᠪᠠᠨ ᠤᠯᠤᠰ ᠬᠠᠮᠲᠤ ᠳᠤ ᠲᠤᠰᠢᠶᠠᠨ ᠦᠭᠭᠦᠭᠰᠡᠨ ︐ ᠠᠷᠤ ᠭᠡᠷ  ᠠᠪᠠᠭᠠᠢ ᠬᠡᠦᠬᠡᠳ ᠡᠴᠢᠭᠡ ᠡᠬᠡ ᠨᠢ ᠨᠠᠰᠤᠨ ᠲᠤᠷᠰᠢ ᠤᠤᠯ ᠭᠠᠴᠠᠭ᠎ᠠ ᠳᠠᠭᠠᠨ ᠮᠠᠯ ᠠᠬᠤᠢ ᠪᠠᠨ  ᠲᠦᠰᠢᠨ ᠠᠮᠢᠳᠤᠷᠠᠬᠰᠠᠭᠠᠷ ᠢᠷᠡᠭᠰᠡᠨ ᠪᠢᠯᠡ᠃ ᠨᠤᠲᠤᠭ ᠬᠤᠪᠢᠶᠠᠨ ᠡᠷᠦᠬᠡ ᠳᠤ  ᠳᠠᠭᠠᠭᠠᠴᠢᠯᠠᠭᠤᠯᠬᠤ ᠦᠶ᠎ᠡ ᠳᠤ᠂ ᠺᠲᠠᠷ ᠲᠤ ᠨᠤᠲᠤᠭ ᠬᠤᠪᠢᠶᠠᠷᠢᠯᠠᠵᠦ ᠪᠣᠯᠬᠤ ᠦᠭᠡᠢ ᠭᠡᠰᠡᠨ  ᠵᠢᠭᠠᠪᠤᠷᠢ ᠪᠠᠷ ᠺᠲᠠᠷ ᠤᠨ ᠲᠤᠰ ᠪᠡᠶ᠎ᠡ ᠳᠤᠨᠢ ᠨᠤᠲᠤᠭ ᠬᠤᠪᠢᠶᠠᠨ ᠣᠯᠭᠤᠭᠰᠠᠨ ᠦᠭᠡᠢ᠂ ᠭᠠᠴᠠᠭ᠎ᠠ   ᠳᠤ ᠡᠷᠦᠬᠡ ᠠᠮᠠ ᠲᠠᠢ ᠪᠦᠭᠡᠳ ᠦᠢᠯᠡᠳᠪᠦᠷᠢᠯᠡᠯ ᠠᠴᠠ ᠰᠠᠯᠤᠭ᠎ᠠ ᠦᠭᠡᠢ ᠭᠡᠷ ᠪᠦᠯᠢ ᠶᠢᠨ   ᠬᠢᠨ ᠳᠤᠨᠢ ᠨᠤᠲᠤᠭ ᠬᠤᠪᠢᠶᠠᠷᠢᠯᠠᠨ ᠥᠭᠭᠦᠭᠰᠡᠨ ᠶᠠᠪᠤᠳᠠᠯ ᠪᠣᠯ ᠨᠠᠮ ᠤᠨ ᠦᠨᠳᠦᠰᠦᠲᠡᠨ ᠤ  ᠣᠷᠤᠨ ᠤ ᠲᠥᠷᠥ ᠶᠢᠨ ᠪᠣᠳᠤᠯᠭ᠎ᠠ ᠳᠤ ᠨᠡᠶᠢᠴᠡᠬᠦ ᠶᠤᠮ᠃ ᠨᠤᠲᠤᠭ ᠪᠡᠯᠴᠢᠭᠡᠷ ᠢ ᠬᠤᠶᠠᠳᠠᠬᠢ  ᠤᠳᠠᠭ᠎ᠠ ᠴᠡᠭᠴᠡᠯᠡᠵᠦ ᠳᠠᠩᠰᠠᠯᠤᠨ ᠲᠡᠪᠲᠡᠷᠯᠡᠵᠦ᠂ ᠲᠣᠭᠠᠴᠢᠭᠠᠯᠠᠨ ᠬᠥᠮᠦᠷᠭᠡᠯᠡᠬᠦ ᠠᠵᠢᠯ  ᠡᠬᠢᠯᠡᠭᠰᠡᠨ ᠠᠴᠠ ᠰᠡᠭᠦᠯᠡᠷ ᠵᠠᠷᠢᠮ ᠭᠠᠵᠠᠷ ᠤᠨ ᠬᠢᠨ《 ᠺᠲᠠᠷ ᠲᠤ ᠨᠤᠲᠤᠭ ᠥᠭᠴᠦ ᠪᠤᠯᠬᠤ  ᠦᠭᠡᠢ》 ᠭᠡᠰᠡᠨ ᠢᠶᠠᠷ ᠰᠢᠯᠲᠠᠭ ᠪᠣᠯᠭᠠᠨ ᠤᠤᠯ ᠺᠲᠠᠷ ᠤᠨ ᠭᠡᠷ ᠪᠦᠯᠢ ᠶᠢᠨ ᠬᠤᠪᠢᠶᠠᠨ  ᠣᠯᠤᠭᠰᠠᠨ ᠨᠤᠲᠤᠭ ᠢ ᠬᠤᠷᠢᠶᠠᠨ ᠠᠪᠤᠬᠰᠠᠨ ᠪᠤᠶᠤ ᠬᠤᠷᠢᠶᠠᠨ ᠠᠪᠬᠤ ᠪᠠᠷ ᠣᠷᠤᠯᠳᠤᠵᠦ ᠪᠠᠶᠢᠭ᠎ᠠ  ᠪᠣᠯ ᠨᠠᠮ ᠤᠨ ᠲᠥᠷᠦ ᠶᠢᠨ ᠪᠣᠳᠤᠯᠭ᠎ᠠ ᠳᠤ ᠨᠡᠶᠢᠴᠡᠬᠦ ᠦᠭᠡᠢ ᠶᠤᠮ᠃ ᠡᠨᠡ ᠪᠣᠯ ᠵᠠᠷᠢᠮ  ᠤᠳᠤᠷᠢᠳᠤᠯᠭ᠎ᠠ ᠶᠢᠨ ᠡᠷᠬᠡ ᠪᠠᠨ ᠠᠰᠢᠬᠯᠠᠨ ᠨᠤᠲᠤᠭ ᠢᠶᠠᠨ ᠬᠤᠳᠠᠯᠳᠤᠵᠦ ︵ᠵᠢᠱᠢᠶᠡᠯᠡᠪᠡᠯ᠂  ᠬᠠᠭᠤᠴᠢᠨ ᠪᠠᠷᠭᠤ ᠬᠤᠰᠢᠭᠤᠨ ᠤ ᠡᠸᠡᠩᠭᠢ ᠰᠤᠮᠤ ᠶᠢᠨ ᠭᠠᠳᠠᠬᠰᠢ ᠬᠤᠳᠠᠯᠳᠤᠭᠰᠠᠨ ᠲᠠᠷᠢᠶᠠᠨ  ᠭᠠᠵᠠᠷ᠂ ᠮᠡᠷᠭᠡᠯ ᠤᠨ ᠵᠤᠰᠠᠯᠠᠩ ᠤᠨ ᠪᠡᠯᠴᠢᠭᠡᠷ᠂ ᠰᠢᠨ᠎ᠡ ᠪᠠᠷᠭᠤ ᠵᠡᠭᠦᠨ ᠬᠤᠰᠢᠭᠤᠨ ᠤ ᠪᠠᠷᠰᠲᠤ  ᠬᠠᠨᠳᠠᠭᠠᠢ ᠶᠢᠨ ᠵᠤᠰᠠᠯᠠᠩ ᠵᠡᠷᠭᠡ︶᠂ ᠮᠠᠯᠴᠢᠳ ᠢᠶᠠᠨ ᠬᠤᠬᠢᠷᠠᠭᠤᠯᠤᠨ᠂ ᠠᠰᠢᠭ ᠬᠤᠨᠵᠢᠬᠰᠠᠨ  ᠢᠯᠵᠠᠷᠠᠮᠠᠯ ᠠᠵᠢᠯᠯᠠᠭ᠎ᠠ ᠲᠠᠢ ᠠᠳᠠᠯᠢ ᠦᠭᠡᠢ ᠦᠰᠦᠳ ᠥᠭᠡᠷ᠎ᠡ ᠤᠴᠢᠷ ᠪᠣᠯᠣᠨ᠎ᠠ᠃ ᠨᠤᠲᠤᠭ  ᠪᠡᠯᠴᠢᠭᠡᠷ ᠢ ᠨᠢᠭᠡᠨᠲᠡ ᠬᠤᠪᠢᠶᠠᠷᠢᠯᠠᠨ ᠣᠯᠣᠬᠰᠠᠨ ᠮᠠᠯᠵᠢᠬᠤ ᠣᠷᠣᠨ ᠤ ᠣᠤᠭᠠᠯ ᠢᠷᠭᠡᠨ ᠪᠣᠯᠬᠤ  ᠺᠲᠠᠷ ᠤᠨ ᠭᠡᠷ ᠪᠦᠯᠢ ᠨᠢ ᠭᠠᠴᠠᠭᠠᠨ ᠤ ᠮᠠᠯᠴᠢᠳ ᠲᠠᠢ ᠠᠳᠠᠯᠢ ᠪᠠᠷ ᠦᠷᠭᠦᠯᠵᠢᠯᠡᠨ ᠤᠷᠲᠤ  ᠬᠤᠭᠤᠴᠠᠭ᠎ᠠ ᠳᠠᠭᠠᠭᠠᠴᠢᠯᠠᠨ ᠡᠵᠡᠩᠨᠡᠵᠦ ᠪᠤᠯᠬᠤ ᠪᠦᠭᠡᠳ ᠲᠡᠳᠡᠨ ᠤ ᠴᠢᠰᠤᠨ ᠤᠳᠤᠮ ᠤᠨ  ᠦᠷ᠎ᠡ ᠬᠡᠦᠬᠡᠳ ᠨᠢ ᠵᠠᠯᠭᠠᠮᠵᠢᠯᠠᠨ ᠥᠪᠯᠡᠵᠦ ᠳᠠᠭᠠᠭᠠᠴᠢᠯᠠᠨ ᠡᠵᠡᠩᠨᠡᠬᠦ ᠨᠢ ᠨᠠᠮ ᠤᠨ ᠲᠥᠷᠥ   ᠶᠢᠨ ᠪᠣᠳᠤᠯᠭ᠎ᠠ ᠳᠤ ᠨᠡᠶᠢᠴᠡᠬᠦ ᠶᠤᠮ᠃        ᠨᠤᠲᠤᠭ ᠪᠡᠯᠴᠢᠭᠡᠷ ᠢ ᠲᠣᠤᠷᠯᠠᠵᠦ ᠪᠢᠲᠡᠭᠦᠮᠵᠢᠯᠡᠬᠦ ᠪᠠ ᠬᠤᠳᠳᠤᠭ ᠤᠰᠤ᠂ ᠬᠡᠷᠡᠮ  ᠬᠠᠰᠢᠶ᠎ᠠ᠂ ᠫᠸᠡᠭ ᠰᠠᠷᠠᠪᠴᠢ ᠶᠢᠨ ᠪᠦᠲᠦᠭᠡᠨ ᠪᠠᠶᠢᠭᠤᠯᠤᠯᠲᠠ ᠬᠢᠬᠦ᠂ ᠮᠠᠯᠴᠢᠳ ᠤᠨ ᠣᠷᠣᠨ  ᠰᠠᠭᠤᠴᠠ ᠶᠢᠨ ᠠᠰᠠᠭᠤᠳᠠᠯ ᠢ ᠰᠡᠢᠳᠪᠦᠷᠢᠯᠡᠨ ᠰᠠᠭᠤᠷᠢᠰᠢᠭᠤᠯᠬᠤ᠂ ᠮᠠᠯᠴᠢᠳ ᠲᠤ ᠡᠯ᠎ᠡ ᠵᠤᠶᠢᠯ   ᠤᠨ ᠪᠦᠲᠦᠭᠡᠨ ᠪᠠᠶᠢᠭᠤᠯᠤᠯᠲᠠ ᠶᠢᠨ ᠲᠦᠷᠦᠯ ᠵᠤᠶᠢᠯ ᠣᠯᠭᠤᠬᠤ᠂ ᠤᠰᠤ᠂ ᠴᠠᠬᠢᠯᠭᠠᠨ᠂ ᠵᠠᠮ᠂   ᠷᠠᠳᠢᠤ᠋ ᠲᠧᠯᠸᠢᠰ ︐ ᠡᠷᠡᠭᠦᠯ ᠤᠨ ᠲᠠᠰᠤᠭ ᠁ ᠭᠡᠬᠦ ᠮᠡᠲᠦᠴᠢᠯᠡᠨ《 ᠠᠷᠪᠠ ᠶᠢ  ᠲᠦᠬᠦᠷᠵᠢᠭᠦᠯᠬᠦ ᠢᠨ᠋ᠵᠧᠨᠧᠷᠢᠩ》 ᠨᠢ ᠪᠦᠷ ᠪᠣᠳᠠᠲᠤ ᠠᠭᠤᠯᠭ᠎ᠠ ᠪᠠ ᠬᠡᠯᠪᠡᠷᠢ ᠪᠠᠷ ᠮᠠᠯᠴᠢᠳ   ᠲᠤ ᠠᠰᠢᠭ ᠬᠦᠷᠲᠡᠭᠡᠬᠦ ᠮᠠᠰᠢ ᠰᠠᠶᠢᠨ ᠲᠥᠷᠦ ᠶᠢᠨ ᠪᠣᠳᠤᠯᠭ᠎ᠠ ᠮᠥᠨ᠃ ᠦᠪᠡᠷᠲᠡᠭᠡᠨ ᠵᠠᠰᠠᠬᠤ  ᠣᠷᠣᠨ  ᠤ ᠰᠢᠭᠤᠳ ᠵᠢᠯᠣᠭᠤᠳᠤᠯᠭ᠎ᠠ ᠪᠠ ᠱᠠᠭᠠᠷᠳᠠᠯᠭ᠎ᠠ ᠪᠠᠷ ᠡᠯ᠎ᠡ ᠭᠠᠵᠠᠷ ᠤᠨ ᠬᠢᠨ ᠴᠢᠷᠮᠠᠶᠢᠨ  ᠠᠵᠢᠯᠯᠠᠵᠦ ᠪᠣᠳᠠᠲᠠᠶᠢᠴᠢᠯᠠᠨ ᠨᠠᠶᠢᠳᠠᠪᠤᠷᠢᠵᠢᠭᠤᠯᠤᠭᠠᠳ᠂ ᠮᠠᠯᠵᠢᠬᠤ ᠣᠷᠣᠨ ᠤ ᠦᠭᠡᠷᠡᠴᠢᠯᠡᠯᠲᠡ   ᠶᠢ ᠲᠦᠯᠬᠢᠨ ᠠᠬᠢᠭᠤᠯᠵᠦ᠂ ᠨᠡᠯᠢᠶᠡᠳ ᠰᠠᠶᠢᠨ ᠦᠷ᠎ᠡ ᠪᠦᠲᠦᠮᠵᠢ ᠣᠯᠵᠠᠢ᠃ ᠣᠨᠴᠠᠭᠠᠶᠢᠯᠠᠨ  ᠮᠠᠯᠴᠢᠳ ᠲᠤ ᠨᠤᠲᠤᠭ ᠪᠡᠯᠴᠢᠭᠡᠷ ᠤᠨ ᠨᠦᠬᠦᠪᠦᠷᠢ ᠣᠯᠭᠤᠬᠤ ᠲᠦᠷᠦ ᠶᠢᠨ ᠪᠣᠳᠤᠯᠭ᠎ᠠ  ᠬᠡᠷᠡᠭᠵᠢᠭᠦᠯᠦᠭᠰᠡᠨ ᠠᠴᠠ ᠮᠠᠯᠴᠢᠳ ᠤᠨ ᠣᠷᠣᠯᠭ᠎ᠠ ᠲᠣᠬᠲᠠᠭᠤᠨ ᠢᠶᠠᠷ ᠨᠡᠮᠡᠭᠳᠡᠵᠦ᠂ ᠰᠢᠨ᠎ᠡ  ᠶᠠᠳᠠᠭᠤᠷᠠᠯ ᠭᠠᠷᠬᠤ ᠶᠢ ᠨᠡᠯᠢᠶᠡᠳ ᠠᠮᠵᠢᠯᠲᠠᠲᠠᠢ ᠬᠤᠷᠢᠬᠯᠠᠵᠦ ᠴᠢᠳᠠᠬᠰᠠᠨ ᠪᠠᠶᠢᠨ᠎ᠠ᠃ ᠭᠡᠪᠡᠴᠦ  ᠵᠠᠷᠢᠮ ᠭᠠᠵᠠᠷ ᠲᠤ ᠮᠥᠨ ᠨᠡᠷ᠎ᠡ ᠲᠥᠷᠥ ᠶᠢ ᠬᠦᠭᠡᠭᠡᠴᠡᠯᠳᠦᠭᠰᠡᠨ ᠬᠤᠳᠠᠯ ᠬᠠᠭᠤᠷᠮᠠᠭ ᠦᠡᠭᠭᠡᠪᠴᠢ  ᠰᠤᠷᠲᠠᠯ ᠬᠡᠪ ᠢᠶᠠᠷ ᠪᠠᠶᠢᠵᠦ᠂ ᠵᠠᠷᠢᠮ ᠬᠦᠮᠦᠰ ᠨᠠᠮ ᠤᠨ ᠲᠦᠷᠦ ᠶᠢᠨ ᠪᠣᠳᠤᠯᠭ᠎ᠠ ᠶᠢ ᠭᠠᠵᠠᠷ ᠣᠷᠣᠨ   ᠤ ᠪᠠᠨ ᠪᠤᠳᠠᠲᠤ ᠪᠠᠶᠢᠳᠠᠯ ᠳᠤ ᠤᠶᠠᠯᠳᠤᠭᠤᠯᠤᠨ᠂ ᠡᠬᠢ ᠪᠠᠶᠠᠯᠢᠭ ᠢ ᠠᠷᠪᠢᠯᠠᠨ᠂ ᠦᠷ᠎ᠡ ᠠᠰᠢᠭ   ᠢᠶᠠᠨ ᠳᠡᠭᠡᠭᠰᠢᠯᠡᠭᠦᠯᠬᠦ ᠶᠢ ᠪᠣᠳᠤᠬᠤ ᠦᠭᠡᠢ᠂ ᠵᠦᠪᠬᠡᠨ ᠡᠭᠦᠷᠭᠡ ᠭᠦᠶᠢᠴᠡᠳᠭᠡᠵᠦ᠂  ᠤᠳᠤᠷᠢᠳᠤᠯᠭ᠎ᠠ   ᠳᠤ ᠬᠠᠷᠢᠭᠤᠴᠠᠬᠤ ᠶᠢ ᠴᠢᠬᠤᠯᠠᠴᠢᠯᠠᠬᠰᠠᠨ ᠠᠴᠠ ᠡᠬᠢ ᠪᠠᠶᠠᠯᠢᠭ ᠤᠨ ᠪᠦᠷᠢᠯᠭᠡᠯᠲᠡ ᠶᠡᠭᠡ ︐ ᠮᠠᠯᠴᠢᠳ   ᠤᠨ ᠳᠠᠷᠣᠭᠠᠰᠤ ᠬᠦᠨᠳᠦ ᠪᠣᠯᠵᠦ᠂ ᠦᠷ᠎ᠡ ᠪᠦᠲᠦᠮᠵᠢ ᠠᠨᠠᠢ ᠶᠠᠪᠤᠳᠠᠯ ᠭᠠᠷᠴᠤ ᠪᠠᠶᠢᠨ᠎ᠠ᠃  ᠵᠢᠱᠢᠶᠡᠯᠡᠪᠡᠯ ᠵᠠᠷᠢᠮ ᠮᠠᠯᠵᠢᠬᠤ ᠡᠷᠦᠬᠡ ᠶᠢᠨ ᠬᠡᠷᠡᠮ ᠬᠠᠰᠢᠶ᠎ᠠ  ᠨᠢ ᠬᠤᠶᠠᠷ ᠵᠢᠯ ᠤᠨ ᠡᠮᠦᠨᠡᠬᠡᠨ ᠮᠥᠨ  ᠶᠡᠭᠡ ᠦᠷᠲᠡᠭ ᠭᠠᠷᠭᠠᠵᠦ ᠰᠢᠨ᠎ᠡ ᠪᠠᠷ ᠪᠠᠷᠢᠵᠦ ᠪᠠᠶᠢᠭᠤᠯᠤᠬᠰᠠᠨ ᠪᠠᠶᠢᠲᠠᠯ᠎ᠠ᠂ ᠶᠡᠭᠡ ᠪᠠᠭ᠎ᠠ ᠶᠢᠨ  ᠬᠡᠮᠵᠢᠶ᠎ᠡ ᠨᠢ ᠪᠠᠷᠢᠮᠵᠢᠶ᠎ᠠ ᠳᠤ ᠬᠦᠷᠬᠦ ᠦᠭᠡᠢ᠂ ᠵᠠᠮ ᠠᠴᠠ ᠬᠤᠯᠠ ᠨᠢᠭᠡᠳᠦᠯᠲᠡᠢ ᠲᠦᠯᠦᠪᠵᠢᠭᠦᠯᠭᠡ   ᠳᠤ ᠨᠡᠶᠢᠴᠡᠬᠦ ᠦᠭᠡᠢ ᠭᠡᠬᠦ ᠮᠡᠲᠦ ᠪᠠᠷ ᠰᠢᠯᠲᠠᠭᠠᠨ ᠪᠣᠯᠭᠠᠵᠦ᠂ ᠨᠤᠷᠠᠭᠠᠵᠦ ᠡᠪᠳᠡᠯᠦᠨ ᠰᠢᠨ᠎ᠡ  ᠪᠠᠷ  ᠪᠠᠷᠢᠬᠤ ᠶᠢ ᠠᠯᠪᠠᠳᠠᠨ ᠱᠠᠭᠠᠷᠳᠠᠵᠦ ᠪᠠᠶᠢᠨ᠎ᠠ᠃ ᠮᠥᠨ ᠪᠡᠯᠴᠢᠭᠡᠷ ᠨᠤᠲᠤᠭ ᠤᠨ ᠡᠪᠡᠰᠦ ᠤᠷᠭᠤᠮᠠᠯ  ᠪᠠ ᠤᠷᠭᠤᠴᠠ ᠶᠢᠨ ᠪᠠᠶᠢᠳᠠᠯ᠂ ᠪᠡᠯᠴᠢᠭᠡᠷ ᠠᠰᠢᠬᠯᠠᠯᠲᠠ ᠶᠢᠨ ᠪᠤᠳᠠᠲᠠᠢ ᠠᠭᠤᠯᠭ᠎ᠠ ᠬᠡᠯᠪᠡᠷᠢ ᠶᠢ  ᠪᠣᠳᠤᠯᠬᠢᠯᠠᠬᠤ ᠦᠭᠡᠢ᠂ ᠲᠤᠣᠷᠯᠠᠵᠦ ᠪᠢᠲᠡᠭᠦᠮᠵᠢᠯᠡᠬᠦ ᠶᠢ ᠨᠢᠭᠡᠨ ᠪᠠᠷᠢᠮᠵᠢᠶ᠎ᠠ ᠬᠡᠯᠪᠡᠷᠢ ᠵᠠᠬᠪᠤᠷ ᠢᠶᠠᠷ  ᠱᠠᠭᠠᠷᠳᠠᠵᠦ ᠬᠢᠭᠰᠡᠨ ᠠᠴᠠ ᠬᠡᠷᠡᠭᠯᠡᠭᠡᠨ ᠡᠳ᠋ᠯᠡᠭᠡᠨ ᠤ ᠦᠷ᠎ᠡ ᠠᠰᠢᠭ ᠦᠨᠳᠦᠷ ᠪᠢᠰᠢ ︐ ᠡᠪᠳᠡᠷᠡᠵᠦ  ᠰᠤᠶᠢᠳᠬᠦ ᠨᠢ ᠠᠷᠪᠢᠨ᠂ ᠰᠡᠯᠪᠢᠨ ᠵᠠᠰᠠᠬᠤ ᠬᠠᠷᠠᠵᠦ ᠬᠠᠮᠠᠭᠠᠯᠠᠬᠤ ᠦᠪᠡᠷ ᠤᠨ ᠥᠷᠲᠡᠭ  ᠦᠨᠳᠦᠷ᠂ ᠤᠯᠤᠰ ᠭᠡᠷ ᠪᠠ ᠬᠤᠪᠢ ᠬᠦᠮᠦᠨ ᠳᠤ ᠪᠦᠷ ᠶᠡᠭᠡ ᠳᠠᠷᠤᠭᠠᠰᠤ ᠪᠣᠯᠵᠦ ︐ ᠪᠡᠯᠴᠢᠭᠡᠷ  ᠨᠤᠲᠤᠭ ᠤᠨ ᠬᠤᠭ ᠨᠣᠪᠰᠢ ᠪᠤᠵᠠᠷᠳᠠᠯ ᠡᠭᠦᠰᠭᠡᠵᠦ᠂ ᠬᠦᠮᠦᠨ ᠮᠠᠯ ᠤᠨ ᠬᠡᠪ ᠶᠢᠨ ᠤᠶᠢᠯᠡᠳᠪᠦᠷᠢᠯᠡᠯ  ᠠᠮᠢᠳᠤᠷᠠᠯ ᠳᠤ ᠬᠠᠷᠰᠢ ᠰᠠᠭᠠᠳ ᠪᠣᠯᠵᠦ᠂ ᠬᠦᠴᠢᠷᠳᠡᠯ ᠤᠴᠠᠷᠠᠭᠤᠯᠵᠦ ᠪᠠᠶᠢᠨ᠎ᠠ᠃        ᠪᠡᠯᠴᠢᠭᠡᠷ ᠨᠤᠲᠤᠭ ᠢ ᠬᠤᠪᠢᠶᠠᠷᠢᠯᠠᠨ ᠡᠷᠦᠬᠡ ᠳᠤ ᠳᠠᠭᠠᠭᠠᠴᠢᠯᠠᠭᠤᠯᠤᠨ ᠡᠵᠡᠩᠨᠡᠭᠦᠯᠦᠭᠰᠡᠨ   ᠠᠴᠠ ᠪᠡᠯᠴᠢᠭᠡᠷ ᠨᠤᠲᠤᠭ ᠵᠢᠵᠢᠭᠯᠡᠭᠳᠡᠨ ᠬᠡᠰᠡᠭᠯᠡᠭᠳᠡᠵᠦ᠂ ᠮᠠᠯ ᠪᠡᠯᠴᠢᠵᠦ ᠴᠢᠳᠠᠬᠤ ᠦᠭᠡᠢ ᠪᠣᠯᠣᠬᠰᠠᠨ  ᠲᠡᠳᠦᠢ ᠦᠭᠡᠢ ᠮᠠᠯᠴᠢᠳ ᠤᠨ ᠬᠦᠳᠡᠯᠮᠦᠷᠢ ᠶᠢᠨ ᠬᠦᠨᠳᠦᠴᠡ ᠨᠡᠮᠡᠭᠳᠡᠵᠦ᠂ ᠮᠠᠯᠵᠢᠬᠤ ᠤᠶᠢᠯᠡᠳᠪᠦᠷᠢᠯᠡᠯ   ᠤᠨ ᠦᠪᠡᠷ ᠤᠨ ᠦᠷᠲᠡᠭ ᠬᠡᠳᠦᠨ ᠳᠠᠬᠢᠨ ᠢᠶᠠᠷ ᠳᠡᠭᠡᠭᠰᠢᠯᠡᠵᠦ᠂ ᠪᠠᠶᠢᠭᠠᠯᠢᠯᠢᠭ ᠪᠡᠯᠴᠢᠭᠡᠷ ᠤᠨ  《 ᠨᠢᠭᠡᠳᠦᠭᠡᠷ ᠤᠶᠢᠯᠡᠳᠪᠦᠷᠢᠯᠡᠯ》 ᠪᠠ ᠪᠠᠶᠢᠭᠠᠯᠢᠯᠢᠭ ᠪᠡᠯᠴᠢᠭᠡᠷ ᠲᠤ ᠲᠦᠰᠢᠭᠯᠡᠭᠰᠡᠨ ᠮᠠᠯ  ᠰᠦᠷᠦᠭ ᠤᠨ《 ᠬᠤᠶᠠᠳᠤᠭᠠᠷ ᠤᠶᠢᠯᠡᠳᠪᠦᠷᠢᠯᠡᠯ》 ᠤᠨ ᠤᠶᠠᠯᠳᠤᠯ ᠨᠢᠭᠡᠳᠦᠯ ᠨᠢ ᠬᠡᠪ ᠤᠨ ᠵᠢᠮ᠎ᠡ  ᠶᠣᠰᠤ ᠪᠠᠨ ᠠᠯᠳᠠᠵᠦ᠂ ᠪᠠᠶᠢᠭᠠᠯᠢᠯᠢᠭ ᠪᠡᠯᠴᠢᠭᠡᠷ ᠢ ᠬᠤᠪᠢᠷᠠᠭᠤᠯᠬᠤ ᠪᠠᠷ ᠬᠦᠴᠦᠯᠡᠭᠰᠡᠨ ᠬᠦᠮᠦᠨ ᠤ  ᠣᠷᠣᠯᠴᠠᠯᠭ᠎ᠠ ᠠᠴᠠ ᠪᠣᠯᠵᠦ᠂ ᠡᠪᠡᠰᠦ ᠤᠰᠤ ᠨᠢ ᠬᠦᠳᠡᠯᠬᠦ ᠦᠭᠡᠢ᠂ ᠮᠠᠯ ᠰᠦᠷᠦᠭ ᠨᠢ ᠤᠰᠤ  ᠡᠪᠡᠰᠦ ᠪᠠᠨ ᠳᠠᠭᠠᠵᠦ᠂ ᠮᠠᠯᠴᠢᠨ ᠠᠷᠠᠳ ᠨᠢ ᠮᠠᠯ ᠰᠦᠷᠦᠭ ᠢᠶᠠᠨ ᠬᠠᠮᠢᠶᠠᠳᠠᠨ ᠨᠡᠭᠦᠳᠡᠯᠯᠡᠳᠡᠭ  ᠤᠯᠠᠮᠵᠢᠯᠠᠯᠲᠤ ᠮᠠᠯ ᠮᠠᠯᠵᠢᠯ ᠤᠨ ᠠᠷᠭ᠎ᠠ ᠨᠢ ᠦᠭᠡᠷᠡᠴᠢᠯᠡᠭᠳᠡᠨ᠂ ᠮᠠᠯ ᠨᠢ ᠬᠦᠳᠡᠯᠬᠦ ᠦᠭᠡᠢ  ︵ᠰᠠᠭᠤᠷᠢᠰᠢᠬᠰᠠᠨ︶᠂ ᠡᠪᠡᠰᠦ ᠨᠢ ᠨᠡᠭᠦᠬᠦ ︵ᠡᠪᠡᠰᠦ ᠪᠤᠳᠤᠭ᠎ᠠ ᠬᠠᠳᠤᠵᠦ ᠨᠦᠭᠡᠴᠡᠯᠡᠨ  ᠵᠦᠭᠡᠭᠡᠪᠦᠷᠢᠯᠡᠬᠦ︶᠂ ᠤᠰᠤ ᠨᠢ ᠨᠡᠭᠦᠬᠦ ︵ᠤᠰᠤ ᠲᠡᠭᠡᠵᠦ ᠮᠠᠯ ᠢᠶᠠᠨ ᠤᠰᠤᠯᠠᠬᠤ ᠪᠣᠯᠤᠬᠰᠠᠨ︶᠂  ᠬᠦᠨᠳᠦ ᠨᠦᠰᠡᠷ ᠠᠵᠢᠯ ᠭᠠᠷᠴᠤ᠂ ᠨᠢᠭᠡᠨ ᠪᠠᠶᠢᠷᠢ ᠳᠤ ︵ᠬᠠᠰᠢᠶᠠᠯᠠᠵᠦ ᠲᠡᠵᠢᠭᠡᠭᠰᠡᠨ︶ ᠠᠮᠢᠳᠤ  ᠮᠠᠯ ᠤᠷᠲᠤ ᠬᠤᠭᠤᠴᠠᠭ᠎ᠠ ᠰᠠᠭᠤᠷᠢᠰᠢᠬᠤ ᠠᠴᠠ ᠡᠭᠦᠰᠦᠭᠰᠡᠨ ᠡᠯᠳᠡᠪ ᠪᠤᠵᠠᠷᠳᠠᠯ ᠪᠠ ᠲᠡᠵᠢᠭᠡᠯ  ᠪᠤᠷᠳᠤᠭ᠎ᠠ ᠶᠢᠨ ᠬᠤᠣᠷᠳᠠᠬᠳᠠᠯ ᠨᠢ ᠪᠡᠯᠴᠢᠭᠡᠷ ᠤᠨ ᠮᠠᠯ ᠠᠵᠦ ᠠᠬᠤᠢ ᠶᠢᠨ ᠠᠮᠤᠷ ᠲᠦᠪᠰᠢᠨ  ᠤᠶᠢᠯᠡᠳᠪᠦᠷᠢᠯᠡᠯ ᠳᠤ ᠰᠦᠷᠳᠡᠭᠦᠯᠦᠯ ᠪᠣᠯᠤᠬᠰᠠᠨ ᠪᠠᠶᠢᠨ᠎ᠠ᠃        ᠦᠪᠦᠷ ᠮᠣᠩᠭᠤᠯ ᠤᠨ ᠮᠠᠯᠵᠢᠬᠤ ᠣᠷᠣᠨ ᠳᠤ ᠪᠡᠯᠴᠢᠭᠡᠷ ᠬᠦᠷᠦᠯᠴᠡᠬᠦ ᠦᠭᠡᠢ᠂ ᠪᠡᠯᠴᠢᠭᠡᠷ  ᠮᠠᠭᠤᠳᠠᠬᠰᠠᠨ ᠪᠠ ᠪᠡᠯᠴᠢᠭᠡᠷ ᠨᠤᠲᠤᠭ ᠳᠠᠭᠠᠭᠠᠴᠢᠯᠠᠨ ᠡᠵᠡᠩᠨᠡᠭᠴᠢᠳ ᠤᠨ ᠳᠠᠭᠠᠭᠠᠴᠢᠯᠠᠬᠤ ᠡᠷᠬᠡ   ᠶᠢᠨ ᠠᠰᠠᠭᠤᠳᠠᠯ᠂ ᠳᠠᠭᠠᠭᠠᠴᠢᠯᠠᠬᠰᠠᠨ ᠨᠤᠲᠤᠭ ᠪᠡᠯᠴᠢᠭᠡᠷ ᠤᠨ ᠠᠰᠢᠬᠯᠠᠬᠤ ᠲᠠᠯᠠᠪᠠᠢ ᠪᠠ ᠨᠤᠲᠤᠭ   ᠤᠨ ᠬᠡᠴᠡ ᠵᠠᠭᠠᠭ ᠤᠨ ᠮᠠᠷᠭᠤᠭᠠᠨ᠂ ᠨᠤᠲᠤᠭ ᠪᠡᠯᠴᠢᠭᠡᠷ ᠤᠨ ᠳᠠᠭᠠᠭᠠᠴᠠ᠂ ᠬᠠᠮᠠᠭᠠᠯᠠᠯᠲᠠ᠂  ᠠᠰᠢᠬᠯᠠᠯᠲᠠ ᠶᠢᠨ ᠡᠷᠬᠡ ᠡᠭᠦᠷᠭᠡ ᠠᠰᠢᠭ ᠤᠨ ᠲᠤᠳᠤᠴᠠ  ᠶᠢᠨ ᠲᠤᠬᠠᠢ ᠦᠵᠡᠯ ᠲᠠᠨᠢᠯᠲᠠ  ᠪᠠᠯᠠᠷᠬᠠᠢ᠂ ᠣᠨᠣᠯ ᠤᠶᠢᠯᠡᠳᠦᠯᠭᠡ ᠬᠦᠵᠦᠭᠦᠥ ᠰᠡᠭᠡᠷ ᠵᠠᠯᠭᠠᠯᠳᠤᠬᠤ ᠦᠭᠡᠢ᠂ ᠵᠠᠰᠠᠭ ᠤᠨ ᠵᠦᠪ  ᠤᠷᠢᠶᠠᠯᠭ᠎ᠠ ᠳᠤᠷᠠᠳᠤᠯᠭ᠎ᠠ ᠪᠠ ᠲᠦᠷᠦ ᠶᠢᠨ ᠪᠣᠳᠤᠯᠭ᠎ᠠ ᠲᠡᠷᠡ ᠬᠡᠪ ᠢᠶᠠᠷ ᠬᠡᠷᠡᠭᠵᠢᠭᠦᠯᠦᠭᠳᠡᠵᠦ  ᠴᠢᠳᠠᠬᠤ ᠦᠭᠡᠢ ᠵᠡᠷᠭᠡ ᠠᠰᠠᠭᠤᠳᠠᠯ ᠮᠥᠨ ᠣᠷᠤᠰᠢᠬᠰᠠᠭᠠᠷ ᠪᠦᠭᠡᠳ ᠡᠨᠡ ᠨᠢ ᠮᠠᠯᠵᠢᠬᠤ ᠣᠷᠣᠨ   ᠤ ᠨᠡᠶᠢᠬᠡᠮ ᠠᠵᠦ ᠠᠬᠤᠢ ᠶᠢᠨ ᠬᠦᠭᠵᠢᠯ ᠳᠤ ᠶᠡᠬᠡᠬᠡᠨ ᠨᠥᠯᠥᠭᠡ ᠪᠤᠯᠵᠦ ᠪᠠᠶᠢᠨ᠎ᠠ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号