ᠮᠠᠯᠵᠢᠬᠤ ᠤᠷᠤᠨ ᠤ ᠪᠡᠯᠴᠢᠭᠡᠷ ᠠᠰᠢᠬᠯᠠᠯᠲᠠ  ︵ᠨᠢᠭᠡ︶
ᠨᠡᠶᠢᠲᠡᠯᠡᠭᠰᠡᠨ ᠴᠠᠭ᠄
2019/12/31
                                 —— ᠨᠠᠮᠵᠢᠯᠰᠦ᠋ᠷᠦᠩ          ᠪᠡᠯᠴᠢᠭᠡᠷ ᠨᠤᠲᠤᠭ ᠪᠣᠯ ᠪᠠᠶᠢᠭᠠᠯᠢ ᠪᠠᠨ ᠲᠦᠰᠢᠨ᠂ ᠵᠣᠬᠢᠴᠠᠨ ᠠᠮᠢᠳᠤᠷᠠᠬᠤ  ᠤᠷ᠎ᠠ ᠤᠬᠠᠭᠠᠨ ᠢᠶᠠᠷ ᠪᠡᠯᠴᠢᠭᠡᠷ ᠤᠨ ᠮᠠᠯ ᠠᠵᠦ ᠠᠬᠤᠢ ᠡᠷᠬᠢᠯᠡᠭᠰᠡᠨ ᠨᠡᠭᠦᠳᠡᠯᠴᠢᠨ  ᠮᠠᠯᠴᠢᠳ ᠤᠨ ᠣᠷᠣᠰᠢᠨ ᠲᠣᠭᠲᠠᠨᠢᠬᠤ ᠪᠠ ᠮᠠᠯᠵᠢᠬᠤ ᠦᠢᠯᠡᠳᠪᠦᠷᠢᠯᠡᠯ ᠢᠶᠠᠨ ᠬᠥᠭᠵᠢᠭᠦᠯᠬᠦ  ᠦᠨᠳᠦᠰᠦᠨ ᠰᠠᠭᠤᠷᠢ ᠨᠦᠭᠦᠴᠡᠯ ᠮᠥᠨ᠂ ᠪᠡᠯᠴᠢᠭᠡᠷ ᠨᠤᠲᠤᠭ ᠤᠨ ᠥᠮᠴᠢᠯᠡᠯ ᠤᠨ ᠡᠷᠬᠡ  ᠪᠠ ᠡᠵᠡᠩᠨᠡᠯᠲᠡ ᠶᠢᠨ ᠠᠷᠭ᠎ᠠ ᠬᠡᠯᠪᠡᠷᠢ ᠪᠣᠯ ᠪᠡᠯᠴᠢᠭᠡᠷ ᠨᠤᠲᠤᠭ ᠤᠨ ᠥᠢᠯᠡᠳᠪᠦᠷᠢᠯᠡᠯ ᠤᠨ  ᠦᠷ᠎ᠡ ᠠᠰᠢᠭ ᠶᠠᠮᠠᠷ ᠪᠣᠯᠬᠤ ᠶᠢ ᠲᠣᠭᠲᠠᠭᠠᠬᠤ ᠴᠢᠬᠤᠯᠠ ᠡᠯᠧᠮᠧᠨ᠋ᠲ ᠮᠥᠨ᠃ᠲᠡᠭᠡᠪᠡᠯ ᠶᠠᠭᠤ ᠶᠢ ᠪᠡᠯᠴᠢᠭᠡᠷ ᠭᠡᠵᠤ᠂ ᠪᠡᠯᠴᠢᠭᠡᠷ ᠨᠤᠲᠤᠭ ᠭᠡᠵᠤ ᠶᠠᠭᠤ ᠶᠢ  ᠬᠡᠯᠡᠬᠦ ᠪᠤᠢ︖ᠭᠠᠵᠠᠷ ᠤᠨ ᠬᠦᠷᠦᠰᠦ ᠡᠪᠳᠡᠭᠳᠡᠭᠡ ᠦᠭᠡᠢ᠂ ᠤᠷᠭᠤᠮᠠᠯ ᠤᠨ ᠬᠤᠴᠢᠯᠭ᠎ᠠ ᠤᠤᠯ  ᠬᠡᠪ ᠢᠶᠠᠷ ᠪᠠᠶᠢᠵᠦ᠂ ᠮᠠᠯ ᠢᠳᠡᠰᠢᠯᠡᠵᠦ ᠪᠣᠯᠬᠤ ᠨᠦᠭᠦᠴᠡᠯ ᠪᠦᠷᠢᠯᠳᠦᠭᠰᠡᠨ ᠪᠠᠶᠢᠭᠠᠯᠢᠯᠢᠭ  ᠭᠠᠵᠠᠷ ᠢ ᠪᠡᠯᠴᠢᠭᠡᠷ ᠭᠡᠨ᠎ᠡ᠃ᠪᠡᠯᠴᠢᠭᠡᠷ ᠤᠨ ᠭᠠᠵᠠᠷ ᠤᠨ ᠪᠠᠶᠢᠴᠠ᠂ ᠠᠭᠤᠷ ᠠᠮᠢᠰᠬᠤᠯ ︵ᠭᠡᠷᠡᠯ ᠢᠯᠴᠢ᠂  ᠬᠠᠯᠠᠭᠤᠨ ᠬᠦᠢᠲᠡᠨ᠂ ᠴᠠᠰᠤ ᠪᠤᠷᠤᠭᠠᠨ᠂ ᠰᠠᠯᠬᠢ ᠵᠢᠪᠠᠷ︶᠂ ᠬᠦᠷᠦᠰᠦ ᠰᠢᠷᠤᠢ᠂ ᠤᠷᠭᠤᠮᠠᠯ   ᠤᠨ ᠬᠤᠴᠢᠯᠭ᠎ᠠ᠂ ᠤᠰᠤᠨ ᠰᠤᠷᠪᠤᠯᠵᠢ᠂ ᠠᠭᠤᠷᠬᠠᠢ ᠶᠢᠨ ᠭᠠᠷᠤᠯᠲᠠ ︵ᠬᠤᠵᠢᠷ᠂ ᠳᠠᠪᠤᠰᠤ᠂  ᠱᠠᠤ︶  ᠶᠢᠨ ᠡᠬᠢ ᠪᠠᠶᠠᠯᠢᠭ ᠬᠠᠷᠢᠯᠴᠠᠨ ᠲᠦᠰᠢᠭᠯᠡᠵᠦ᠂ ᠬᠠᠷᠢᠯᠴᠠᠨ ᠨᠥᠭᠦᠴᠡᠯᠳᠦᠨ ᠨᠢᠭᠡᠨ  ᠴᠤᠬᠴᠢᠵᠠᠵᠦ᠂ ᠡᠪᠡᠰᠦᠨ ᠲᠡᠵᠢᠭᠡᠯᠲᠦ ᠮᠠᠯ ᠤᠨ ᠪᠡᠶ᠎ᠡ ᠴᠣᠭᠴᠠᠰ ᠤᠨ ᠡᠷᠡᠭᠦᠯ ᠴᠢᠬᠢᠷᠠᠭ  ᠪᠠ ᠠᠶᠤᠯ ᠦᠭᠡᠢ ᠠᠮᠤᠷ ᠲᠦᠪᠰᠢᠨ ᠥᠰᠦᠯᠲᠡ ᠪᠣᠶᠢᠵᠢᠯᠲᠠ ᠳᠤ ᠱᠠᠭᠠᠷᠳᠠᠬᠤ ᠡᠨᠧᠷᠭᠢ  ᠡᠷᠦᠳᠡᠰᠦ ᠰᠢᠮ᠎ᠡ ᠲᠡᠵᠢᠭᠡᠯ ᠬᠠᠩᠭᠠᠬᠤ ᠠᠮᠢᠳᠤᠷᠠᠬᠤᠢ ᠤᠷᠴᠢᠨ ᠨᠦᠭᠦᠴᠡᠯ ᠪᠦᠷᠢᠯᠳᠦᠭᠦᠯᠦᠭᠰᠡᠨ  ᠡᠪᠡᠰᠦᠲᠦ ᠭᠠᠵᠠᠷ ᠢ ᠪᠡᠯᠴᠢᠭᠡᠷ ᠨᠤᠲᠤᠭ ᠭᠡᠨ᠎ᠡ᠃        ᠤᠯᠠᠮᠵᠢᠯᠠᠯᠲᠤ ᠪᠡᠯᠴᠢᠭᠡᠷ ᠤᠨ ᠮᠠᠯ ᠠᠵᠦ ᠠᠬᠤᠢ ᠳᠤ ᠮᠠᠯ ᠰᠦᠷᠦᠭ ᠢ ᠪᠡᠯᠴᠢᠭᠡᠷᠯᠡᠭᠦᠯᠦᠨ  ᠬᠠᠷᠢᠭᠤᠯᠵᠦ ᠮᠠᠯᠵᠢᠬᠤ᠂ ᠣᠲᠤᠷᠯᠠᠨ ᠨᠡᠭᠦᠳᠡᠯᠯᠡᠬᠦ ᠮᠠᠯ ᠠᠵᠦ ᠠᠬᠤᠢ ᠶᠢᠨ ᠦᠢᠯᠡᠳᠪᠦᠷᠢᠯᠡᠯ ᠤᠨ  ᠥᠨᠳᠦᠰᠦᠨ ᠠᠷᠭ᠎ᠠ ᠬᠡᠯᠪᠡᠷᠢ ᠶᠢ ᠬᠡᠷᠡᠭᠵᠢᠭᠦᠯᠵᠦ ᠪᠠᠶᠢᠬᠰᠠᠨ ᠠᠴᠠ ᠲᠠᠪᠤᠨ ᠬᠤᠰᠢᠭᠤ ᠮᠠᠯ ᠨᠢ  ᠦᠪᠡᠷ ᠦᠪᠡᠷ ᠤᠨ ᠢᠳᠡᠬᠦ ᠳᠤᠷᠠᠲᠠᠢ ᠡᠪᠡᠰᠦ ᠤᠷᠭᠤᠮᠠᠯ ᠢ ᠰᠤᠩᠭᠤᠨ ᠢᠳᠡᠬᠦ ᠨᠦᠭᠦᠴᠡᠯ  ᠳᠤᠬᠢᠶᠠᠯ ᠬᠠᠨᠤᠮᠵᠢᠲᠠᠢ ᠪᠠᠶᠢᠵᠦ᠂ ᠰᠢᠮ᠎ᠡ ᠲᠡᠵᠢᠭᠡᠯ ᠠᠪᠴᠤ ᠲᠠᠷᠭᠤ ᠬᠦᠴᠦ ᠳᠡᠪᠡᠭᠡᠷᠡᠨ᠂ ᠡᠯᠳᠡᠪ  ᠡᠪᠡᠳᠴᠢᠨ ᠢ ᠰᠡᠷᠭᠡᠶᠢᠯᠡᠨ ᠬᠤᠷᠢᠬᠯᠠᠵᠦ ᠡᠷᠡᠭᠦᠯᠵᠢᠬᠦ ᠪᠠ ᠦᠰᠴᠦ ᠦᠷᠡᠵᠢᠬᠦ ᠠᠵᠢᠯᠯᠠᠭ᠎ᠠ ᠨᠢ  ᠮᠠᠯ ᠲᠤᠰ ᠪᠦᠷᠢ ᠶᠢᠨ ᠦᠪᠡᠷ ᠤᠨ ᠲᠦᠷᠦᠯᠬᠢ ᠪᠡᠶ᠎ᠡ ᠴᠣᠭᠴᠠᠰ ᠤᠨ ᠠᠮᠢ ᠵᠦᠢ ᠶᠢᠨ ᠵᠢᠮ᠎ᠡ   ᠪᠠᠷ ᠶᠠᠪᠤᠬᠳᠠᠵᠦ ᠴᠢᠳᠠᠳᠠᠭ᠃ ᠮᠤᠩᠭᠤᠯ ᠮᠠᠯᠴᠢᠨ ᠤ ᠠᠭᠤᠤ ᠶᠡᠭᠡ ᠨᠢ ᠠᠮᠢᠲᠠᠨ ᠤᠷᠭᠤᠮᠠᠯ  ᠲᠦᠮᠡᠨ ᠪᠤᠳᠠᠰ ᠤᠨ ᠤᠷᠤᠰᠢᠨ ᠠᠮᠢᠳᠤᠷᠠᠬᠤ ᠪᠢᠣᠯᠣᠭᠢ ᠬᠢᠮᠢ ᠶᠢᠨ ᠵᠢᠮ᠎ᠡ ᠬᠠᠤᠯᠢ ᠶᠢ  ᠬᠦᠨᠳᠦᠳᠭᠡᠨ ᠵᠢᠷᠣᠮᠯᠠᠵᠦ᠂ ᠵᠡᠷᠭᠡᠴᠡᠨ ᠤᠷᠤᠰᠢᠵᠦ ᠵᠤᠬᠢᠴᠠᠯᠳᠤᠨ ᠠᠮᠢᠳᠤᠷᠠᠬᠤ ᠤᠷ᠎ᠠ ᠤᠬᠠᠭᠠᠨ  ᠤᠶᠤᠨ ᠪᠢᠯᠢᠭ ᠲᠤ ᠪᠠᠶᠢᠳᠠᠭ᠃ ᠮᠤᠩᠭᠤᠯ ᠮᠠᠯᠴᠢᠨ ᠤ ᠪᠠᠶᠢᠭᠠᠯᠢᠯᠢᠭ ᠵᠢᠮ᠎ᠡ ᠶᠤᠰᠤ ᠶᠢ  ᠵᠢᠷᠤᠮᠯᠠᠨ ᠳᠠᠭᠠᠵᠦ᠂ ᠵᠤᠬᠢᠴᠠᠯᠳᠤᠨ ᠠᠮᠢᠳᠤᠷᠠᠬᠤ ᠰᠤᠤ ᠤᠬᠠᠭᠠᠨ ᠪᠠ ᠡᠷᠳᠡᠮ ᠴᠢᠳᠠᠪᠤᠷᠢ ᠨᠢ  ᠦᠪᠡᠷ ᠢ ᠪᠠᠨ ᠭᠤᠣᠯ ᠪᠣᠯᠭᠠᠨ ᠳᠣᠪᠤᠶᠢᠯᠭᠠᠵᠦ᠂ ᠥᠭᠡᠷ᠎ᠡ ᠠᠮᠢᠲᠠᠨ ᠤᠷᠭᠤᠮᠠᠯ ᠪᠠ ᠪᠤᠳᠠᠰ   ᠤᠨ ᠤᠷᠤᠰᠢᠨ ᠠᠮᠢᠳᠤᠷᠠᠬᠤ ᠵᠢᠮ᠎ᠡ ᠬᠠᠤᠯᠢ ᠶᠢ ᠦᠭᠡᠷᠡᠴᠢᠯᠡᠨ ᠬᠤᠪᠢᠷᠠᠭᠤᠯᠵᠦ᠂ ᠦᠪᠡᠷ ᠤᠨ  ᠰᠠᠨᠠᠭᠠᠨ ᠳᠤ ᠨᠡᠶᠢᠴᠡᠭᠦᠯᠬᠦ ᠪᠠᠷ ᠭᠤᠣᠯᠯᠠᠬᠤ ᠪᠤᠰᠤ᠂ ᠬᠠᠷᠢᠨ ᠶᠠᠭᠠᠬᠢᠵᠦ ᠬᠠᠷᠢᠯᠴᠠᠪᠠᠯ ᠦᠪᠡᠷ   ᠢ ᠪᠠᠨ ᠨᠡᠩ ᠰᠠᠶᠢᠨ ᠢᠶᠠᠷ ᠬᠠᠮᠠᠭᠠᠯᠠᠨ ᠬᠥᠭᠵᠢᠭᠦᠯᠵᠦ ᠴᠢᠳᠠᠬᠤ ᠶᠢ ᠲᠤᠩᠭᠠᠨ ᠪᠣᠳᠤᠵᠦ᠂ ᠦᠪᠡᠷ   ᠢ ᠪᠠᠨ ᠪᠠᠶᠢᠭᠠᠯᠢ ᠣᠷᠴᠢᠨ ᠤ ᠲᠦᠮᠡᠨ ᠪᠣᠳᠠᠰ ᠯᠤᠭ᠎ᠠ ᠴᠢᠳᠠᠮᠠᠭᠠᠢ ᠪᠠᠷ ᠵᠣᠬᠢᠴᠠᠯᠳᠤᠭᠤᠯᠬᠤ  ᠤᠷ᠎ᠠ ᠤᠬᠠᠭᠠᠨ ᠳᠤ ᠪᠠᠶᠢᠵᠦ᠂ ᠤᠷᠤᠰᠢᠨ ᠲᠤᠬᠲᠠᠨᠢᠵᠦ ᠠᠮᠢᠳᠤᠷᠠᠬᠤᠢ ᠬᠦᠭᠵᠢᠬᠦᠢ ᠶᠢᠨ ᠪᠦᠬᠦᠯᠢ  ᠪᠦᠲᠦᠨ ᠤᠷᠤᠨ ᠵᠠᠢ ᠪᠠᠨ ᠵᠦᠪ ᠲᠠᠨᠢᠬᠤ ᠦᠵᠡᠯ ᠤᠬᠠᠮᠰᠠᠷ ᠢᠶᠠᠷ ᠢᠯᠡᠷᠡᠳᠡᠭ᠃        ᠪᠠᠶᠢᠭᠠᠯᠢᠯᠢᠭ ᠪᠡᠯᠴᠢᠭᠡᠷ ᠪᠠ ᠮᠠᠯ ᠪᠡᠯᠴᠢᠭᠡᠷ ᠤᠨ ᠵᠤᠬᠢᠴᠠᠯᠳᠤᠯ        ᠪᠠᠶᠢᠭᠠᠯᠢᠯᠢᠭ ᠪᠡᠯᠴᠢᠭᠡᠷ ᠭᠡᠵᠤ ᠬᠦᠮᠦᠨ ᠤ ᠣᠷᠤᠯᠴᠠᠯᠭ᠎ᠠ ᠦᠭᠡᠢ᠂ ᠠᠶᠠᠨᠳᠠᠭᠠᠨ ᠤ  ᠤᠷᠭᠤᠵᠦ ᠲᠦᠯᠵᠢᠭᠰᠡᠨ ᠡᠪᠡᠰᠦ ᠤᠷᠭᠤᠮᠠᠯ ᠤᠨ ᠨᠥᠭᠡᠴᠡ ᠬᠠᠳᠠᠭᠠᠯᠠᠮᠵᠢ ᠲᠠᠢ ᠪᠡᠯᠴᠢᠭᠡᠷ  ᠨᠤᠲᠤᠭ ᠢ ᠬᠡᠯᠡᠨ᠎ᠡ᠃ ᠪᠠᠶᠢᠭᠠᠯᠢᠯᠢᠭ ᠪᠡᠯᠴᠢᠭᠡᠷ ᠤᠨ ᠤᠷᠭᠤᠴᠠ ᠨᠥᠭᠡᠴᠡ ᠬᠠᠳᠠᠭᠠᠯᠠᠮᠵᠢ  ᠠᠰᠢᠬᠯᠠᠮᠵᠢ ᠨᠢ ᠲᠤᠬᠠᠢ ᠶᠢᠨ ᠭᠠᠵᠠᠷ ᠤᠨ ᠬᠦᠷᠦᠰᠦᠨ ᠤ ᠰᠢᠮ᠎ᠡ᠂ ᠡᠨᠧᠷᠭᠢ ᠡᠷᠦᠳᠡᠰᠦ᠂  ᠤᠰᠤ ᠴᠢᠭᠢᠭ᠂ ᠭᠡᠷᠡᠯ ᠢᠯᠴᠢ᠂ ᠠᠭᠤᠷ ᠠᠮᠢᠰᠬᠤᠯ᠂ ᠰᠠᠯᠬᠢ ᠵᠢᠪᠠᠷ᠂ ᠡᠪᠡᠰᠦ ᠤᠷᠭᠤᠮᠠᠯ   ᠤᠨ ᠦᠷ᠎ᠡ ᠵᠢᠮᠢᠰ᠂ ᠢᠵᠠᠭᠤᠷ ᠦᠨᠳᠦᠰᠦ᠂ ᠲᠦᠷᠦᠯ ᠢᠯᠭᠠᠯ ᠤᠨ ᠤᠯᠠᠨ ᠵᠦᠢᠯ ᠠᠴᠠ  ᠰᠢᠯᠲᠠᠭᠠᠯᠠᠵᠦ᠂ ᠠᠰᠢᠬᠯᠠᠯᠲᠠ ᠬᠡᠷᠡᠭᠯᠡᠯᠲᠡ᠂ ᠨᠦᠭᠡᠴᠡ ᠬᠠᠳᠠᠭᠠᠯᠠᠮᠵᠢ ᠪᠠ ᠤᠷᠤᠰᠢᠬᠤᠢ  ᠤᠷᠤᠨ ᠵᠠᠢ ᠶᠢᠨ ᠬᠠᠮᠠᠭᠠᠯᠠᠯᠲᠠ ᠨᠡᠭᠡᠭᠡᠨ ᠠᠰᠢᠬᠯᠠᠬᠤᠢ ᠶᠢᠨ ᠠᠷᠭ᠎ᠠ ᠬᠡᠯᠪᠡᠷᠢ ᠳᠤ  ᠬᠠᠮᠢᠶᠠᠷᠤᠨ᠎ᠠ᠃        ᠪᠠᠶᠢᠭᠠᠯᠢᠯᠢᠭ ᠪᠡᠯᠴᠢᠭᠡᠷ ᠲᠤ ᠶᠠᠮᠠᠷ ᠲᠦᠷᠦᠯ ᠵᠦᠢᠯ ᠤᠨ ᠡᠪᠡᠰᠦ ᠤᠷᠭᠤᠬᠤ ᠪᠠ  ᠬᠢᠷᠢ ᠵᠡᠷᠭᠡ ᠤᠷᠭᠤᠵᠦ᠂ ᠰᠢᠮ᠎ᠡ ᠲᠡᠵᠢᠭᠡᠯ᠂ ᠦᠷ᠎ᠡ ᠦᠭᠭᠦᠭᠡᠵᠢ ᠬᠢᠷᠢ ᠵᠡᠷᠭᠡ ᠪᠠᠶᠢᠬᠤ ᠨᠢ  ᠤᠤᠯ ᠡᠪᠡᠰᠦᠨ ᠤ ᠦᠷ᠎ᠡ ᠵᠢᠮᠢᠰ ᠤᠨ ᠬᠠᠩᠭᠠᠯᠲᠠ ᠳᠤ ᠨᠦᠯᠦᠭᠡᠯᠡᠬᠦ ᠪᠦᠭᠡᠳ ᠲᠤᠬᠠᠢ ᠶᠢᠨ  ᠭᠠᠵᠠᠷ ᠤᠨ ᠪᠠᠶᠢᠴᠠ᠂ ᠨᠠᠷᠠᠨ ᠤ ᠲᠠᠰᠢᠴᠠ᠂ ᠤᠰᠤ ᠴᠢᠭᠢᠭ ᠤᠨ ᠬᠠᠩᠭᠠᠮᠵᠢ ᠳᠤ ᠴᠦ  ᠨᠦᠯᠦᠭᠡᠯᠡᠨ᠎ᠡ᠃ ᠭᠠᠵᠠᠷ ᠰᠢᠷᠤᠢ ᠶᠢᠨ ᠠᠳᠠᠯᠢ ᠪᠤᠰᠤ ᠰᠢᠨᠵᠢ ᠴᠢᠨᠠᠷ ᠨᠢ ᠡᠪᠡᠰᠦ ᠤᠷᠭᠤᠮᠠᠯ   ᠤᠨ ᠲᠦᠷᠦᠯ ᠵᠦᠢᠯ ᠪᠠ ᠰᠢᠮ᠎ᠡ ᠲᠡᠵᠢᠭᠡᠯ ᠤᠨ ᠴᠢᠨᠠᠷ ᠴᠢᠨᠰᠠᠭ᠎ᠠ ᠶᠢ ᠲᠤᠬᠲᠠᠭᠠᠵᠦ᠂ ᠭᠠᠵᠠᠷ  ᠨᠤᠲᠤᠭ  ᠤᠨ ᠶᠡᠭᠡ ᠪᠠᠭ᠎ᠠ ᠶᠢᠨ ᠬᠡᠪᠴᠢᠶ᠎ᠡ ᠪᠠ ᠡᠪᠡᠰᠦ ᠤᠷᠭᠤᠮᠠᠯ ᠤᠨ ᠲᠦᠷᠦᠯ ᠵᠦᠢᠯ ᠬᠢᠭᠡᠳ  ᠤᠷᠭᠤᠴᠠ ᠶᠢᠨ ᠰᠠᠶᠢᠨ ᠮᠠᠭᠤ ᠨᠢ ᠮᠠᠯ ᠰᠦᠷᠦᠭ ᠤᠨ ᠤᠯᠠᠨ ᠴᠦᠭᠡᠨ ᠤ ᠪᠠᠭᠲᠠᠭᠠᠮᠵᠢ ᠪᠣᠯᠣᠨ  ᠲᠤᠬᠠᠢ ᠶᠢᠨ ᠪᠡᠯᠴᠢᠭᠡᠷ ᠤᠨ ᠳᠠᠭᠠᠭᠠᠴᠠ ᠶᠢ ᠲᠤᠬᠲᠠᠭᠠᠵᠦ᠂ ᠭᠠᠵᠠᠷ ᠤᠨ ᠰᠢᠮ᠎ᠡ ᠤᠨ ᠤᠯᠠᠷᠢᠯ   ᠤᠨ ᠬᠤᠪᠢᠷᠠᠯᠲᠠ ᠨᠢ ᠪᠡᠯᠴᠢᠭᠡᠷ ᠠᠰᠢᠬᠯᠠᠯᠲᠠ ᠶᠢᠨ ᠴᠠᠭ ᠬᠤᠭᠤᠴᠠᠭ᠎ᠠ ᠪᠠ ᠬᠡᠯᠪᠡᠷᠢ ᠶᠢ  ᠲᠤᠬᠲᠠᠭᠠᠵᠦ᠂ ᠭᠠᠵᠠᠷ ᠰᠢᠷᠤᠢ ᠶᠢᠨ ᠦᠮᠴᠢᠯᠡᠯ ᠤᠨ ᠬᠠᠷᠢᠴᠠᠭ᠎ᠠ ᠨᠢ ᠲᠤᠬᠠᠢ ᠶᠢᠨ ᠨᠡᠶᠢᠬᠡᠮ   ᠤᠨ ᠪᠠᠶᠢᠭᠤᠯᠤᠯ ᠤᠨ ᠰᠢᠨᠵᠢ ᠴᠢᠨᠠᠷ ᠢ ᠲᠤᠬᠲᠠᠭᠠᠳᠠᠭ᠃        ᠤᠷᠭᠤᠮᠠᠯ ᠪᠣᠯ ᠠᠮᠢᠲᠠᠨ ᠤ ᠦᠢᠯᠡᠳᠪᠦᠷᠢᠯᠡᠯ ᠤᠨ ᠰᠠᠭᠤᠷᠢ ᠮᠥᠨ᠂ ᠠᠮᠢᠲᠠᠨ ᠤ  ᠦᠢᠯᠡᠳᠪᠦᠷᠢᠯᠡᠯ ᠨᠢ ᠤᠷᠭᠤᠮᠠᠯ ᠤᠨ ᠦᠢᠯᠡᠳᠪᠦᠷᠢᠯᠡᠯ ᠤᠨ ᠦᠷ᠎ᠡ ᠳ᠋ᠦᠡᠭ ᠮᠥᠨ᠃ ᠡᠨᠡ ᠪᠣᠯ  ᠳᠠᠷᠤᠢ ᠬᠦᠮᠦᠰ ᠤᠨ ᠶᠠᠷᠢᠳᠠᠭ ᠮᠠᠯ ᠠᠵᠦ ᠠᠬᠤᠢ ᠪᠣᠯ ᠠᠩᠬᠠᠳᠠᠬᠴᠢ ᠴᠢᠨᠠᠷᠲᠠᠢ ᠦᠢᠯᠡᠳᠪᠦᠷᠢᠯᠡᠯ  ︵ᠤᠷᠭᠤᠮᠠᠯ ᠤᠨ ᠦᠢᠯᠡᠳᠪᠦᠷᠢᠯᠡᠯ︶ ᠪᠠ ᠬᠤᠶᠠᠳᠠᠬᠴᠢ ᠴᠢᠨᠠᠷᠲᠠᠢ ᠦᠢᠯᠡᠳᠪᠦᠷᠢᠯᠡᠯ ︵ᠠᠮᠢᠲᠠᠨ   ᠤ ᠦᠢᠯᠡᠳᠪᠦᠷᠢᠯᠡᠯ︶ ᠤᠨ ᠨᠢᠭᠡᠳᠦᠯ ᠮᠥᠨ᠃ ᠬᠦᠷᠦᠰᠦᠨ ᠤ ᠰᠢᠮ᠎ᠡ ᠲᠡᠵᠢᠭᠡᠯ᠂ ᠤᠰᠤ᠂ ᠠᠭᠠᠷ   ᠲᠠᠬᠢ ᠪᠤᠰᠤᠳ ᠤᠷᠭᠠᠨᠢᠭ ᠪᠤᠰᠤ ᠨᠠᠷᠠᠨ ᠤ ᠭᠡᠷᠡᠯ ᠤᠨ ᠦᠢᠯᠡᠳᠦᠯ ᠢᠶᠠᠷ ᠡᠪᠡᠰᠦ ᠤᠷᠭᠤᠮᠠᠯ  ᠮᠡᠲᠦ ᠶᠢᠨ ᠤᠷᠭᠠᠨᠢᠭ ᠪᠤᠳᠠᠰ ᠪᠤᠯᠣᠨ ᠬᠤᠪᠢᠷᠠᠵᠦ᠂ ᠮᠠᠯ ᠤᠨᠤᠭ᠎ᠠ ᠶᠢᠨ ᠦᠰᠦᠯᠲᠡ ᠪᠣᠶᠢᠵᠢᠯᠲᠠ   ᠳᠤ ᠬᠡᠷᠡᠭᠴᠡᠭᠡ ᠪᠦᠬᠦᠢ ᠰᠢᠮ᠎ᠡ ᠲᠡᠵᠢᠭᠡᠯ ᠤᠯᠭᠤᠳᠠᠭ᠃ ᠡᠪᠡᠰᠦ ᠪᠡᠯᠴᠢᠭᠡᠷ ᠪᠣᠯ ᠡᠨᠧᠷᠭᠢ  ᠦᠢᠯᠡᠳᠪᠦᠷᠢᠯᠡᠭᠴᠢ ᠪᠠᠶᠢᠵᠦ᠂ ᠮᠠᠯ ᠰᠦᠷᠦᠭ ᠪᠣᠯ ᠡᠨᠧᠷᠭᠢ ᠬᠡᠷᠡᠭᠯᠡᠭᠴᠢ ᠮᠥᠨ᠃  ᠦᠢᠯᠡᠳᠪᠦᠷᠢᠯᠡᠭᠴᠢ ᠦᠭᠡᠢ ᠪᠣᠯ ᠬᠡᠷᠡᠭᠯᠡᠭᠡ ᠪᠠᠶᠢᠵᠦ ᠴᠢᠳᠠᠬᠤ ᠦᠭᠡᠢ᠂ ᠦᠢᠯᠡᠳᠪᠦᠷᠢᠯᠡᠯ ᠨᠢ  ᠬᠡᠷᠡᠭᠯᠡᠭᠡ ᠶᠢ ᠲᠤᠬᠲᠠᠭᠠᠳᠠᠭ᠃ ᠨᠤᠲᠤᠭ ᠪᠡᠯᠴᠢᠭᠡᠷ ᠦᠭᠡᠢ ᠪᠣᠯ ᠮᠠᠯ ᠰᠦᠷᠦᠭ ᠪᠠᠶᠢᠵᠦ ᠴᠢᠳᠠᠬᠤ  ᠦᠭᠡᠢ᠃ ①        ᠡᠨᠧᠷᠭᠢ ᠦᠢᠯᠡᠳᠪᠦᠷᠢᠯᠡᠭᠴᠢ ᠡᠪᠡᠰᠦ ᠪᠡᠯᠴᠢᠭᠡᠷ ᠪᠠ ᠡᠨᠧᠷᠭᠢ ᠬᠡᠷᠡᠭᠯᠡᠭᠴᠢ ᠮᠠᠯ ᠰᠦᠷᠦᠭ  ᠪᠣᠯ ᠪᠡᠯᠴᠢᠭᠡᠷ ᠤᠨ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠤᠶᠠᠯᠳᠤᠯ ᠨᠢᠭᠡᠳᠦᠯ ᠤᠨ  ᠵᠦᠷᠢᠴᠡᠯ ᠪᠠ ᠡᠪᠰᠡᠯ ᠤᠨ ᠪᠤᠳᠠᠲᠤ ᠴᠣᠭᠴᠠ ᠮᠥᠨ᠃ ᠡᠨᠧᠷᠭᠢ ᠦᠢᠯᠡᠳᠪᠦᠷᠢᠯᠡᠭᠴᠢ ᠡᠪᠡᠰᠦ  ᠪᠡᠯᠴᠢᠭᠡᠷ ᠪᠠ ᠡᠨᠧᠷᠭᠢ ᠬᠡᠷᠡᠭᠯᠡᠭᠴᠢ ᠮᠠᠯ ᠰᠦᠷᠦᠭ ᠤᠨ ᠤᠶᠠᠯᠳᠤᠯ ᠨᠢᠭᠡᠳᠦᠯ ᠶᠢ ᠵᠤᠬᠢᠴᠠᠯᠳᠤᠭᠤᠯᠬᠤ  ᠬᠠᠩᠭᠠᠮᠵᠢ ᠪᠠ ᠬᠡᠷᠡᠭᠴᠡᠭᠡᠨ ᠤ ᠱᠠᠭᠠᠷᠳᠠᠯᠭ᠎ᠠ ᠳᠤ ᠮᠤᠩᠭᠤᠯᠴᠤᠳ ᠤᠨ ᠠᠪᠴᠤ ᠢᠷᠡᠭᠰᠡᠨ  ᠤᠯᠠᠮᠵᠢᠯᠠᠯᠲᠤ ᠠᠷᠭ᠎ᠠ ᠲᠤᠷᠰᠢᠯᠭ᠎ᠠ ᠪᠣᠯ ᠨᠡᠭᠦᠳᠡᠯ ᠤᠨ ᠮᠠᠯ ᠠᠵᠦ ᠠᠬᠤᠢ ᠶᠢᠨ  ᠦᠢᠯᠡᠳᠪᠦᠷᠢᠯᠡᠯ ᠤᠨ ᠬᠡᠯᠪᠡᠷᠢ ᠪᠤᠯᠤᠨ᠎ᠠ᠃ ᠨᠡᠭᠦᠳᠡᠯ ᠤᠨ ᠮᠠᠯ ᠠᠵᠦ ᠠᠬᠤᠢ ᠶᠢᠨ  ᠦᠢᠯᠡᠳᠪᠦᠷᠢᠯᠡᠯ  ᠤᠨ ᠬᠡᠯᠪᠡᠷᠢ ᠪᠣᠯ ᠪᠠᠶᠢᠭᠠᠯᠢᠯᠢᠭ ᠪᠡᠯᠴᠢᠭᠡᠷ ᠪᠠ ᠮᠠᠯ ᠪᠡᠯᠴᠢᠭᠡᠷ ᠤᠨ  ᠵᠤᠬᠢᠴᠠᠯᠳᠤᠯ ᠢ ᠪᠡᠶᠡᠯᠡᠭᠦᠯᠬᠦ ᠬᠠᠮᠤᠭ ᠤᠨ ᠪᠦᠲᠦᠮᠵᠢᠲᠡᠢ ᠰᠤᠩᠭᠤᠳᠠᠭ ᠬᠡᠯᠪᠡᠷᠢ ᠮᠥᠨ᠃  ᠨᠡᠭᠦᠳᠡᠯ ᠤᠨ ᠮᠠᠯ ᠠᠵᠦ ᠠᠬᠤᠢ ᠶᠢᠨ ᠰᠤᠩᠭᠤᠳᠠᠭ ᠬᠡᠯᠪᠡᠷᠢ ᠶᠢ ᠠᠮᠢᠳᠤᠷᠠᠯ ᠦᠢᠯᠡᠳᠪᠦᠷᠢᠯᠡᠯ   ᠳᠤ ᠦᠢᠯᠡᠳᠦᠯᠭᠡᠵᠢᠭᠦᠯᠦᠨ ᠪᠡᠶ᠎ᠡ ᠪᠠᠨ ᠳᠠᠭᠠᠭᠠᠭᠰᠠᠨ ᠭᠤᠯᠤᠮᠲᠠ ᠪᠤᠯᠭᠠᠭᠰᠠᠨ ᠬᠥᠯᠥᠨ ᠪᠤᠶᠢᠷ   ᠤᠨ ᠪᠠᠷᠭᠤᠴᠤᠳ᠂ ᠮᠠᠯ ᠠᠵᠦ ᠠᠬᠤᠢ ᠡᠷᠬᠢᠯᠡᠭᠰᠡᠨ ᠤᠷᠲᠤ ᠤᠳᠠᠭᠠᠨ ᠲᠡᠦᠬᠡᠨ ᠵᠠᠢ ᠳᠤ  ᠠᠮᠪᠠᠨ ᠱᠠᠷ ︵ᠦᠬᠡᠷ︶ ᠢᠶᠠᠨ ᠬᠦᠯᠦᠵᠦ᠂ ᠠᠭᠲᠠ ᠮᠣᠷᠢ ︵ᠠᠳᠤᠭᠤ︶ ᠪᠠᠷ ᠢᠶᠠᠨ ᠲᠠᠪᠤᠨ  ᠬᠤᠰᠢᠭᠤ ᠮᠠᠯ ᠢᠶᠠᠨ ᠬᠠᠷᠢᠭᠤᠯᠤᠨ ᠮᠠᠯᠵᠢᠵᠦ᠂ ᠦᠡᠭ ᠰᠢᠮᠡᠯᠢᠭ ᠦᠷᠭᠡᠨ ᠠᠭᠤᠳᠠᠮ ᠨᠤᠲᠤᠭ  ᠪᠡᠯᠴᠢᠭᠡᠷ ᠲᠤ ᠳᠤᠷ᠎ᠠ ᠪᠠᠷ ᠢᠶᠠᠨ ᠨᠡᠭᠦᠳᠡᠯᠯᠡᠳᠡᠭ ᠪᠠᠶᠢᠬᠰᠠᠨ᠃《ᠭᠠᠵᠠᠷ ᠰᠢᠷᠤᠢ ᠶᠢ  ᠪᠡᠯᠴᠢᠭᠡᠷ ᠪᠣᠯᠭᠠᠨ ᠮᠠᠯ ᠬᠠᠷᠢᠭᠤᠯᠵᠦ᠂ ᠮᠠᠯᠵᠢᠬᠤ ᠦᠨᠳᠦᠰᠦᠲᠡᠨ ᠮᠠᠯ ᠰᠦᠷᠦᠭ ᠲᠡᠭᠡᠨ  ᠲᠦᠰᠢᠵᠦ ᠤᠷᠤᠰᠢᠨ ᠲᠤᠬᠲᠠᠨᠢᠳᠠᠭ》 ② ᠭᠡᠵᠤ ᠺᠷᠠᠯ ᠮᠠᠷᠺᠰ ᠤᠨ ᠬᠡᠯᠡᠭᠰᠡᠨ ᠮᠠᠯᠵᠢᠬᠤ  ᠦᠨᠳᠦᠰᠦᠲᠡᠨ ᠤ ᠨᠢᠭᠡᠨ ᠪᠦᠷᠢᠯᠳᠦᠬᠦᠨ ᠨᠢ ᠪᠠᠷᠭᠤᠴᠤᠳ ᠶᠤᠮ᠃ ᠪᠠᠷᠭᠤᠴᠤᠳ ᠪᠣᠯ ᠭᠠᠵᠠᠷ  ᠰᠢᠷᠤᠢ ᠶᠢ ᠬᠠᠭᠠᠯᠪᠤᠷᠢᠯᠠᠵᠦ᠂ ᠪᠠᠶᠢᠭᠠᠯᠢ ᠶᠢᠨ ᠤᠩᠭᠤᠨ ᠳᠥᠷᠬᠦ ᠶᠢ ᠬᠦᠮᠦᠨ ᠤ ᠬᠦᠴᠦ ᠪᠠᠷ  ᠦᠭᠡᠷᠡᠴᠢᠯᠡᠨ ᠬᠤᠪᠢᠷᠠᠭᠤᠯᠵᠦ᠂ ᠠᠰᠢᠭ ᠬᠦᠷᠲᠡᠳᠡᠭ ᠲᠠᠷᠢᠶᠠᠯᠠᠬᠤ ᠦᠨᠳᠦᠰᠦᠲᠡᠨ ᠪᠢᠰᠢ᠂  ᠬᠠᠷᠢᠨ ᠪᠠᠶᠢᠭᠠᠯᠢᠯᠢᠭ ᠬᠡᠪ ᠢᠶᠠᠷ ᠪᠠᠶᠢᠬᠤ ᠶᠢ ᠡᠷᠬᠢᠮᠯᠡᠳᠡᠭ ᠂ ᠭᠠᠵᠠᠷ ᠰᠢᠷᠣᠢ ᠶᠢ ᠪᠡᠯᠴᠢᠭᠡᠷ  ᠪᠣᠯᠭᠠᠨ ᠮᠠᠯ ᠬᠠᠷᠢᠭᠤᠯᠵᠦ᠂ ᠮᠠᠯ ᠰᠦᠷᠦᠭ ᠤᠨ ᠦᠢᠯᠡᠳᠪᠦᠷᠢᠯᠡᠯ ᠤᠨ ᠠᠰᠢᠭ ᠰᠢᠮ᠎ᠡ ᠶᠢ  ᠡᠳ᠋ᠯᠡᠵᠦ ᠬᠡᠷᠡᠭᠯᠡᠳᠡᠭ ᠨᠡᠭᠦᠳᠡᠯᠴᠢᠨ ᠮᠥᠨ᠃ ᠲᠡᠳᠡ ᠡᠪᠡᠰᠦ ᠤᠷᠭᠤᠮᠠᠯ ᠤᠨ ᠦᠢᠯᠡᠳᠪᠦᠷᠢᠯᠡᠯ   ᠤᠨ ᠦᠷ᠎ᠡ ᠠᠰᠢᠭ ᠢ ᠭᠦᠢᠴᠡᠳ ᠠᠰᠢᠬᠯᠠᠬᠤ ᠪᠠ ᠮᠠᠯ ᠤᠨ ᠲᠤᠭ᠎ᠠ ᠲᠯᠤᠭᠠᠢ ᠪᠠᠷ ᠪᠡᠯᠴᠢᠭᠡᠷ   ᠤᠨ ᠳᠠᠭᠠᠭᠠᠴᠠ ᠶᠢ ᠵᠣᠬᠢᠴᠠᠯᠳᠤᠭᠤᠯᠤᠨ ᠲᠡᠩᠴᠡᠭᠦᠷᠢᠰᠢᠭᠦᠯᠬᠦ ᠱᠠᠭᠠᠷᠳᠠᠯᠭ᠎ᠠ ᠠᠴᠠ ᠨᠡᠭᠦᠳᠡᠯᠯᠡᠨ  ᠮᠠᠯᠵᠢᠵᠦ᠂ ᠪᠠᠶᠢᠭᠠᠯᠢᠯᠢᠭ ᠪᠡᠯᠴᠢᠭᠡᠷ ᠪᠠ ᠮᠠᠯ ᠰᠦᠷᠦᠭ ᠤᠨ ᠵᠤᠬᠢᠴᠠᠯᠳᠤᠯ ᠢᠶᠠᠷ ᠲᠠᠪᠤᠨ ᠬᠤᠰᠢᠭᠤ  ᠮᠠᠯ ᠢᠶᠠᠨ ᠵᠢᠭᠳᠡ ᠦᠰᠭᠡᠨ ᠦᠷᠡᠵᠢᠭᠦᠯᠵᠦ ᠢᠷᠡᠭᠰᠡᠨ ᠶᠤᠮ᠃ ᠮᠥᠨ ᠴᠦ ᠡᠷᠡᠨ ᠵᠠᠭᠤᠨ ᠤ  ᠬᠤᠪᠢᠷᠠᠯᠲᠠ ᠦᠭᠡᠷᠡᠴᠢᠯᠡᠯᠲᠡ ᠰᠢᠨᠡᠴᠢᠯᠡᠯᠲᠡ ᠶᠢᠨ ᠠᠭᠤᠷ ᠠᠮᠢᠰᠬᠤᠯ ᠳᠤ ᠲᠠᠰᠤᠷᠠᠯᠲᠠ  ᠦᠭᠡᠢ ᠵᠤᠬᠢᠴᠠᠨ᠂ ᠠᠮᠢᠳᠤᠷᠠᠯ ᠠᠬᠤᠢ ᠶᠢᠨ ᠰᠢᠨ᠎ᠡ ᠶᠢ ᠡᠭᠦᠳᠦᠨ᠂ ᠤᠯᠠᠮᠵᠢᠯᠠᠯᠲᠤ ᠰᠤᠶᠣᠯ   ᠤᠨ ᠪᠠᠶᠠᠨ ᠥᠪ ᠢᠶᠠᠨ ᠵᠠᠯᠭᠠᠮᠵᠢᠯᠠᠨ ᠬᠦᠭᠵᠢᠭᠦᠯᠦᠭᠰᠡᠭᠡᠷ ᠢᠷᠡᠭᠰᠡᠨ ᠨᠢ ᠪᠠᠶᠢᠭᠠᠯᠢᠯᠢᠭ  ᠪᠡᠯᠴᠢᠭᠡᠷ ᠠᠰᠢᠬᠯᠠᠯᠲᠠ ᠶᠢᠨ ᠦᠷᠭᠦᠯᠵᠢᠯᠡᠯ ᠪᠠ ᠤᠬᠠᠮᠰᠠᠷᠬᠤᠢ ᠶᠢᠨ ᠳᠠᠬᠢᠨ ᠲᠠᠨᠢᠯᠲᠠ ᠳᠤ  ᠬᠠᠷᠠᠬᠳᠠᠵᠦ ᠪᠠᠶᠢᠨ᠎ᠠ᠃        ᠪᠠᠶᠢᠭᠠᠯᠢᠯᠢᠭ ᠪᠡᠯᠴᠢᠭᠡᠷ ᠤᠨ ᠡᠪᠡᠰᠦ ᠤᠷᠭᠤᠮᠠᠯ ᠤᠨ ᠲᠦᠷᠦᠯ ᠵᠦᠢᠯ ᠨᠢ ᠣᠯᠠᠨ  ᠪᠦᠭᠡᠳ ᠤᠷᠭᠤᠴᠠ  ᠨᠢ ᠵᠣᠬᠢᠮᠵᠢᠲᠠᠢ ᠪᠠᠶᠢᠳᠠᠭ᠃ ᠡᠪᠡᠰᠦᠨ ᠤ ᠰᠢᠮ᠎ᠡ ᠲᠡᠵᠢᠭᠡᠯ ᠨᠢ ᠡᠪᠡᠰᠦᠨ   ᠤ ᠴᠢᠨᠠᠷ ᠲᠤ ᠪᠠᠶᠢᠳᠠᠭ᠃ ᠡᠶᠢᠮᠦ ᠠᠴᠠ ᠤᠷᠭᠤᠴᠠ ᠨᠢ ᠬᠡᠳᠦᠢ ᠥᠨᠳᠦᠷ ᠪᠣᠯ ᠲᠡᠳᠦᠢ ᠰᠠᠶᠢᠨ  ᠭᠡᠵᠤ ᠣᠶᠢᠯᠠᠭᠠᠵᠦ ᠪᠣᠯᠬᠤ ᠦᠭᠡᠢ᠂ ᠵᠠᠷᠢᠮ ᠡᠪᠡᠰᠦ ᠤᠤᠯ ᠠᠴᠠ ᠥᠨᠳᠦᠷ ᠤᠷᠭᠤᠳᠠᠭ  ᠦᠭᠡᠢ᠂ ᠵᠢᠱᠢᠶᠡᠯᠡᠪᠡᠯ ᠬᠤᠨᠢᠨ ᠠᠭᠢ ᠪᠠ ᠮᠣᠷᠢᠨ ᠠᠭᠢ ᠨᠢ ᠪᠦᠷ ᠠᠭᠢ ᠮᠥᠨ᠂ ᠭᠡᠪᠡᠴᠦ  ᠬᠤᠨᠢᠨ ᠠᠭᠢ ᠨᠢ ᠣᠬᠤᠷ ᠤᠷᠭᠤᠵᠦ᠂ ᠮᠣᠷᠢᠨ ᠠᠭᠢ ᠨᠢ ᠥᠨᠳᠥᠷ ᠤᠷᠭᠤᠳᠠᠭ ᠪᠦᠭᠡᠳ  ᠮᠠᠯ ᠤᠨ ᠢᠳᠡᠮᠵᠢ ᠴᠦ ᠠᠳᠠᠯᠢ ᠦᠭᠡᠢ᠂ ᠣᠯᠬᠤ ᠰᠢᠮ᠎ᠡ ᠲᠡᠵᠢᠭᠡᠯ ᠨᠢ ᠴᠦ ᠣᠨᠳᠣᠣ  ᠪᠠᠶᠢᠳᠠᠭ᠃ ᠡᠪᠡᠰᠦᠨ ᠤ ᠲᠦᠷᠦᠯ ᠵᠦᠢᠯ ᠪᠠ ᠴᠢᠨᠠᠷ ᠢ ᠨᠦᠯᠥᠭᠡᠯᠡᠳᠡᠭ ᠨᠢ ᠭᠠᠵᠠᠷ ᠰᠢᠷᠤᠢ   ᠶᠢᠨ ᠰᠢᠮ᠎ᠡ ᠳᠤ ᠪᠠᠶᠢᠬᠤ ᠪᠦᠭᠡᠳ ᠲᠠᠯᠠᠪᠠᠢ ᠶᠢᠨ ᠶᠡᠭᠡ ᠪᠠᠭ᠎ᠠ ᠳᠤ ᠲᠤᠩ ᠶᠡᠭᠡ  ᠨᠥᠯᠥᠭᠡᠯᠡᠨ᠎ᠡ᠃ ᠡᠩ ᠤᠨ ᠪᠠᠶᠢᠳᠠᠯ ᠳᠤ ᠪᠡᠯᠴᠢᠭᠡᠷ ᠤᠨ ᠲᠠᠯᠠᠪᠠᠢ ᠬᠡᠳᠦᠢ ᠶᠡᠬᠡᠰᠬᠦ ᠲᠤᠳᠤᠮ  ᠡᠪᠡᠰᠦᠨ ᠤ ᠲᠦᠷᠦᠯ ᠵᠦᠢᠯ ᠴᠦ ᠤᠯᠠᠨ ᠪᠠᠶᠢᠵᠦ᠂ ᠡᠪᠡᠰᠦ ᠤᠷᠭᠤᠮᠠᠯ ᠤᠨ ᠬᠠᠷᠢᠯᠴᠠᠨ  ᠲᠦᠰᠢᠯᠴᠡᠬᠦ᠂ ᠬᠠᠷᠢᠯᠴᠠᠨ ᠨᠦᠭᠦᠴᠡᠯᠳᠦᠬᠦ ᠳᠤᠬᠢᠶᠠᠯ ᠣᠯᠠᠨ ᠪᠠᠶᠢᠳᠠᠭ ᠠᠴᠠ ᠪᠡᠯᠴᠢᠭᠡᠷ ᠤᠨ  ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠠᠷᠭ᠎ᠠ ᠬᠡᠯᠪᠡᠷᠢ ᠨᠢ ᠮᠠᠯ ᠳᠤ ᠢᠳᠡᠮᠵᠢ ᠲᠠᠢ  ᠡᠪᠡᠰᠦ ᠤᠷᠭᠤᠮᠠᠯ ᠢ ᠨᠡᠯᠢᠶᠡᠳ ᠬᠠᠩᠭᠠᠮᠵᠢᠲᠠᠢ ᠣᠯᠭᠤᠬᠤ ᠪᠤᠯᠤᠮᠵᠢ ᠬᠠᠷᠢᠴᠠᠩᠭᠤᠢ ᠶᠡᠭᠡ  ᠪᠠᠶᠢᠵᠦ᠂ ᠨᠢᠭᠡᠳᠦᠭᠡᠷ ᠦᠢᠯᠡᠳᠪᠦᠷᠢᠯᠡᠯ ᠨᠢ ᠶᠠᠮᠠᠷᠴᠦ ᠪᠡᠯᠡ ᠣᠷᠤᠭᠤᠯᠤᠯᠲᠠ ᠦᠭᠡᠢ ᠪᠠᠷ  ᠠᠰᠢᠭᠯᠠᠯᠲᠠ ᠳᠤ ᠬᠡᠷᠡᠭᠯᠡᠭᠳᠡᠬᠦ ᠲᠤᠯᠠ ᠮᠠᠯ ᠠᠵᠦ ᠠᠬᠤᠢ  ᠶᠢᠨ ᠦᠢᠯᠡᠳᠪᠦᠷᠢᠯᠡᠯ ᠤᠨ  ᠦᠪᠡᠷ ᠤᠨ ᠦᠷᠲᠡᠭ ᠢ ᠬᠠᠮᠤᠭ ᠤᠨ ᠳᠣᠣᠷ᠎ᠠ ᠪᠠᠶᠢᠯᠭᠠᠵᠦ᠂ ᠮᠠᠯ ᠤᠨ ᠠᠰᠢᠭ ᠰᠢᠮ᠎ᠡ ᠶᠢᠨ  ᠭᠠᠷᠤᠯᠲᠠ ᠶᠢ ᠳᠡᠭᠡᠭᠰᠢᠯᠡᠭᠦᠯᠳᠡᠭ᠃ ᠪᠠᠶᠢᠭᠠᠯᠢᠯᠢᠭ ᠪᠡᠯᠴᠢᠭᠡᠷ ᠤᠨ ᠡᠪᠡᠰᠦ ᠤᠷᠭᠤᠮᠠᠯ ᠨᠢ  ᠲᠤᠬᠠᠢ ᠶᠢᠨ ᠭᠠᠵᠠᠷ ᠤᠨ ᠴᠠᠭ ᠠᠭᠠᠷ ᠠᠭᠤᠷ ᠠᠮᠢᠰᠬᠤᠯ ᠤᠨ ᠬᠤᠪᠢᠷᠠᠯᠲᠠ ᠪᠠᠷ ᠤᠷᠭᠤᠵᠦ  ᠲᠦᠯᠵᠢᠵᠦ᠂ ᠬᠠᠭᠳᠠᠷᠴᠤ ᠬᠠᠲᠠᠵᠦ᠂ ᠰᠢᠨ᠎ᠡ ᠬᠠᠭᠤᠴᠢᠨ ᠤ ᠰᠣᠯᠢᠯᠴᠠᠭ᠎ᠠ ᠪᠠᠨ ᠲᠠᠰᠤᠷᠠᠯᠲᠠ  ᠦᠭᠡᠢ ᠪᠡᠶᠡᠯᠡᠭᠦᠯᠳᠡᠭ ᠪᠦᠭᠡᠳ ᠮᠠᠯ ᠤᠨ ᠭᠢᠰᠭᠢᠴᠡ ᠪᠠ ᠮᠠᠯ ᠲᠠᠰᠤᠲᠠᠵᠦ ᠵᠠᠵᠢᠯᠠᠵᠦ ᠢᠳᠡᠭᠰᠡᠨ   ᠠᠴᠠ ᠡᠪᠡᠰᠦ ᠰᠡᠲᠡᠯᠲᠡ ᠣᠯᠵᠦ ᠨᠡᠩ ᠢᠳᠡᠪᠬᠢᠲᠡᠢ ᠥᠷᠢᠰᠦᠯᠳᠦᠨ ᠤᠷᠭᠤᠳᠠᠭ᠃ ᠡᠭᠦᠨ  ᠳᠤ  ᠬᠠᠲᠠᠵᠦ ᠬᠠᠭᠳᠠᠷᠠᠬᠰᠠᠨ ᠪᠤᠭ ᠡᠪᠡᠰᠦ ᠪᠣᠯᠣᠨ ᠮᠠᠯ ᠤᠨ ᠪᠠᠭᠠᠰᠤ ᠰᠢᠭᠡᠰᠦ᠂ ᠭᠬᠢᠷ ᠬᠦᠯᠦᠰᠦ  ᠢᠯᠭᠠᠳᠠᠰᠤ ᠨᠢ ᠬᠦᠷᠦᠰᠦ ᠶᠢ ᠬᠠᠮᠠᠭᠠᠯᠠᠨ ᠤᠰᠤ ᠴᠢᠭᠢᠭ ᠢᠯᠴᠢ ᠬᠠᠳᠠᠭᠠᠯᠠᠨ ᠨᠥᠭᠡᠴᠡᠯᠡᠬᠦ  ᠪᠦᠭᠡᠳ ᠰᠢᠮ᠎ᠡ ᠲᠡᠵᠢᠭᠡᠯ ᠬᠠᠩᠭᠠᠬᠤ ᠪᠤᠷᠳᠤᠭᠤᠷ ᠪᠣᠯᠣᠨ ᠲᠦᠷᠭᠡᠳᠭᠡᠭᠦᠷ ᠪᠣᠯᠵᠦ᠂ ᠤᠷᠭᠤᠴᠠ   ᠶᠢ ᠨᠡᠮᠡᠭᠳᠡᠭᠦᠯᠳᠡᠭ᠃ ᠮᠠᠯ ᠤᠨ ᠢᠳᠡᠮᠵᠢᠲᠦ ᠡᠪᠡᠰᠦ ᠦᠭᠡᠢ ᠭᠠᠵᠠᠷ ᠢ ᠪᠡᠯᠴᠢᠭᠡᠷ ᠭᠡᠬᠦ   ᠦᠭᠡᠢ᠂ ᠢᠳᠡᠮᠵᠢᠲᠦ ᠡᠪᠡᠰᠦ ᠤᠷᠭᠤᠮᠠᠯ ᠲᠠᠢ ᠪᠣᠯᠪᠠᠴᠤ ᠮᠠᠯ ᠮᠠᠯᠴᠢᠨ ᠬᠤᠶᠠᠷ ᠦᠭᠡᠢ ᠪᠣᠯ  ᠪᠡᠯᠴᠢᠭᠡᠷ ᠨᠤᠲᠤᠭ ᠭᠡᠬᠦ ᠦᠭᠡᠢ᠃ ᠮᠠᠯ ᠮᠠᠯᠴᠢᠨ ᠬᠤᠶᠠᠷ ᠤᠨ ᠤᠶᠠᠯᠳᠤᠯ ᠵᠣᠬᠢᠴᠠᠯᠳᠤᠯ ᠢᠶᠠᠷ  ᠪᠠᠶᠢᠭᠠᠯᠢᠯᠢᠭ ᠪᠡᠯᠴᠢᠭᠡᠷ ᠤᠨ ᠤᠰᠤ ᠨᠢ ᠲᠤᠩᠭᠠᠯᠠᠭ᠂ ᠡᠪᠡᠰᠦ ᠨᠢ ᠰᠣᠷᠭᠤᠭ᠂ ᠬᠦᠮᠦᠨ ᠨᠢ  ᠪᠠᠭᠲᠠᠭᠠᠮᠵᠢ ᠲᠠᠢ᠂ ᠮᠠᠯ ᠨᠢ ᠥᠨᠢᠷ ᠥᠳᠭᠡᠨ ᠪᠠᠶᠢᠵᠦ᠂ ᠪᠡᠯᠴᠢᠭᠡᠷ ᠤᠨ ᠮᠠᠯ ᠠᠵᠦ ᠠᠬᠤᠢ   ᠶᠢᠨ ᠨᠡᠭᠦᠳᠡᠯᠯᠡᠨ ᠮᠠᠯᠵᠢᠬᠤ ᠰᠤᠩᠭᠤᠳᠠᠭ ᠬᠡᠯᠪᠡᠷᠢ ᠪᠣᠢ ᠪᠣᠯᠳᠠᠭ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号