ᠨᠣᠮ ᠪᠢᠴᠢᠭ ᠤᠨ ᠲᠤᠬᠠᠢ ᠴᠡᠭᠡᠷ
ᠨᠡᠶᠢᠲᠡᠯᠡᠭᠰᠡᠨ ᠴᠠᠭ᠄
2019/12/31
1.ᠨᠣᠮ ᠪᠢᠴᠢᠭ ᠢ ᠣᠩᠰᠢᠵᠤ ᠪᠠᠶᠢᠭᠠᠳ ᠳᠡᠯᠭᠡᠵᠦ ᠣᠷᠬᠢᠬᠤ ᠶᠢ ᠴᠡᠭᠡᠷᠯᠡᠨ᠎ᠡ᠃ ᠮᠠᠷᠲᠠᠮᠲᠠᠭᠠᠢ ᠪᠣᠯᠣᠨ᠎ᠠ ᠭᠡᠬᠦ ᠪᠤᠶᠤ ᠨᠤᠮ ᠰᠤᠷᠬᠤ ᠦᠭᠡᠢ ᠪᠣᠯᠤᠨ᠎ᠠ ᠭᠡᠨ᠎ᠡ᠃2. ᠨᠣᠮ ᠪᠢᠴᠢᠭ ᠢ ᠬᠦᠨᠳᠦᠳᠭᠡᠨ ᠦᠰᠦᠭ ᠤᠨ ᠲᠣᠯᠣᠭᠠᠢ ᠶᠢ ᠳᠤᠷᠤᠬᠰᠢ ᠬᠠᠨᠳᠤᠭᠤᠯᠬᠤ ᠶᠢ ᠴᠡᠭᠡᠷᠯᠡᠳᠡᠭ᠃3. ᠨᠤᠮ ᠪᠢᠴᠢᠭ ᠢ ᠵᠢᠭᠠᠬᠤ ᠳᠠᠭᠠᠨ ᠬᠤᠷᠤᠭᠤ ᠬᠢᠮᠦᠰᠦ ᠪᠠᠷ ᠢᠶᠠᠨ ᠵᠢᠭᠠᠬᠤ ᠶᠢ ᠴᠡᠭᠡᠷᠯᠡᠨ᠎ᠡ᠃4. ᠨᠣᠮ ᠪᠢᠴᠢᠭ ᠤᠨ ᠳᠡᠭᠡᠷ᠎ᠡ ᠲᠠᠯ᠎ᠠ ᠶᠢ ᠨᠢ ᠪᠤᠷᠤᠭᠤ ᠬᠠᠨᠳᠤᠭᠤᠯᠬᠤ ᠶᠢ ᠴᠡᠭᠡᠷᠯᠡᠨ᠎ᠡ᠃ ᠵᠥᠷᠢᠴᠡᠪᠡᠯ ᠶᠡᠭᠡ ᠠᠯᠳᠠᠰᠢ ᠪᠣᠯᠣᠨ᠎ᠠ᠃5. ᠨᠤᠮ ᠪᠢᠴᠢᠭ ᠲᠠᠢ ᠴᠠᠭᠠᠰᠤ ᠪᠠᠷ ᠶᠠᠭᠤᠮ᠎ᠠ ᠠᠷᠴᠢᠵᠤ ᠵᠦᠯᠭᠦᠬᠦ ᠪᠤᠶᠤ ᠶᠠᠭᠤᠮ᠎ᠠ ᠪᠠᠭᠯᠠᠬᠤ ᠶᠢ ᠴᠡᠭᠡᠷᠯᠡᠨ᠎ᠡ᠃ ᠵᠥᠷᠢᠴᠡᠪᠡᠯ ᠨᠤᠮ ᠡᠷᠳᠡᠮ ᠪᠠᠷᠠᠬᠳᠠᠵᠤ ᠳᠣᠷᠤᠶᠢᠲᠠᠨ᠎ᠠ ᠭᠡᠳᠡᠭ᠃6. ᠨᠤᠮ ᠰᠤᠳᠤᠷ ᠢ ᠤᠰᠤᠨ ᠳᠤ ᠬᠢᠭᠦ᠂ ᠬᠤᠭ ᠳᠡᠭᠡᠷ᠎ᠡ ᠬᠠᠶᠠᠬᠤ ᠶᠢ ᠴᠡᠭᠡᠷᠯᠡᠳᠡᠭ᠃ ᠵᠥᠷᠢᠴᠡᠪᠡᠯ ᠴᠠᠭᠠᠳᠬᠠᠰᠢ ᠦᠭᠡᠢ ᠠᠯᠳᠠᠰᠢ ᠪᠣᠯᠤᠨ᠎ᠠ᠃ ᠡᠷᠳᠡᠮ ᠨᠤᠮ ᠤᠨ ᠲᠡᠭᠷᠢ ᠬᠠᠶᠠᠨ᠎ᠠ ᠭᠡᠳᠡᠭ᠃7. ᠨᠤᠮ ᠰᠤᠳᠤᠷ ᠢ ᠬᠠᠮᠢᠶ᠎ᠠ ᠦᠭᠡᠢ ᠭᠠᠵᠠᠷ ᠬᠠᠶᠠᠬᠤ᠂ ᠬᠠᠳᠠᠭᠠᠯᠠᠬᠤ ᠶᠢ ᠴᠡᠭᠡᠷᠯᠡᠳᠡᠭ᠃ ᠢᠯᠩᠭᠤᠶ᠎ᠠ ᠬᠦᠯ ᠠᠪᠳᠠᠷ᠎ᠠ ᠳᠤ ᠬᠢᠭᠦ᠂ ᠬᠦᠯ ᠳᠤ ᠭᠢᠰᠬᠢᠭᠳᠡᠬᠦ᠂ ᠳᠡᠭᠡᠭᠦᠷ ᠨᠢ ᠠᠯᠬᠤᠵᠤ ᠭᠠᠷᠬᠤ ᠪᠤᠶᠤ ᠭᠠᠵᠠᠷ ᠳᠡᠭᠡᠷ᠎ᠡ ᠬᠠᠶᠠᠬᠤ᠂ ᠨᠤᠮ ᠤᠨ ᠳᠡᠭᠡᠷ᠎ᠡ ᠰᠠᠭᠤᠬᠤ ᠵᠡᠷᠭᠡ ᠶᠢ ᠣᠨᠴᠠ ᠴᠡᠭᠡᠷᠯᠡᠳᠡᠭ᠃ ᠵᠥᠷᠢᠴᠡᠪᠡᠯ ᠡᠷᠳᠡᠮ ᠨᠤᠮ ᠦᠭᠡᠢ ᠡᠷᠭᠢᠭᠦᠦ ᠮᠤᠩᠬᠠᠭ ᠪᠣᠯᠤᠨ᠎ᠠ ᠶᠡᠭᠡ ᠨᠢᠭᠦᠯ ᠠᠯᠳᠠᠰᠢ ᠪᠣᠯᠤᠨ᠎ᠠ ᠭᠡᠳᠡᠭ᠃8. ᠨᠤᠮ ᠰᠤᠳᠤᠷ ᠢ ᠨᠢᠬᠤᠴᠢᠬᠤ ᠪᠤᠶᠤ ᠤᠷᠠᠬᠤ ᠶᠢ ᠴᠡᠭᠡᠷᠯᠡᠳᠡᠭ᠃ ᠨᠤᠮ ᠪᠢᠴᠢᠭ ᠤᠨ ᠳᠡᠭᠡᠷ᠎ᠡ ᠡᠯᠳᠡᠪ ᠶᠠᠭᠤᠮ᠎ᠠ ᠡᠷᠢᠶᠡᠴᠡᠬᠦ᠂ ᠪᠤᠳᠠᠭ᠎ᠠ ᠴᠡᠢ ᠠᠰᠬᠠᠵᠤ ᠪᠤᠵᠠᠷᠳᠠᠭᠤᠯᠬᠤ᠂ ᠪᠤᠵᠠᠷ ᠭᠠᠷ ᠢᠶᠠᠷ ᠨᠤᠮ ᠡᠷᠭᠢᠭᠦᠯᠬᠦ ᠶᠢ ᠴᠡᠭᠡᠷᠯᠡᠨ᠎ᠡ᠃ ᠵᠥᠷᠢᠴᠡᠪᠡᠯ ᠡᠷᠳᠡᠮ ᠨᠤᠮ ᠰᠤᠷᠬᠤ ᠪᠤᠶᠠᠨ ᠵᠠᠶᠢᠯᠠᠨ᠎ᠠ ᠭᠡᠳᠡᠭ᠃9. ᠨᠤᠮ ᠰᠤᠳᠤᠷ ᠪᠤᠶᠤ ᠪᠢᠴᠢᠭ ᠲᠠᠢ ᠴᠠᠭᠠᠰᠤ ᠶᠢ ᠳᠡᠭᠡᠷ᠎ᠡ ᠲᠤᠤᠷ᠎ᠠ᠂ ᠠᠳᠡ ᠲᠡᠨᠳᠡ ᠬᠠᠮᠢᠶ᠎ᠠ ᠦᠭᠡᠢ ᠬᠠᠶᠠᠬᠤ  ᠶᠢ ᠴᠡᠭᠡᠷᠯᠡᠨ᠎ᠡ᠃ ᠰᠠᠭᠤᠳᠠᠭ ᠰᠠᠨᠳᠠᠯᠢ ᠵᠡᠷᠭᠡ ᠳᠤ ᠲᠠᠯᠪᠢᠬᠤ ᠶᠢ ᠴᠡᠭᠡᠷᠯᠡᠳᠡᠭ᠃10. ᠪᠤᠷᠬᠠᠨ ᠤ ᠨᠤᠮ ᠢ ᠪᠣᠯ ᠪᠤᠷᠬᠠᠨ ᠤ ᠳᠡᠭᠡᠷ᠎ᠡ ᠲᠠᠯ᠎ᠠ ᠳᠤᠨᠢ ᠲᠠᠯᠪᠢᠵᠤ ᠳᠠᠬᠢᠳᠠᠭ᠃ ᠨᠤᠮ ᠪᠢᠴᠢᠭ ᠨᠢ ᠬᠦᠮᠦᠰ  ᠤᠨ ᠮᠤᠩᠬᠠᠭ ᠬᠠᠷᠠᠩᠭᠤᠢ᠂ ᠨᠢᠰᠸᠠᠨᠢᠰ ᠢ ᠠᠷᠢᠯᠭᠠᠳᠠᠭ ᠤᠴᠢᠷ ᠠᠴᠠ᠂ ᠮᠥᠨᠴᠤ ᠪᠤᠷᠤᠭᠤ ᠪᠢᠴᠢᠪᠠᠯ ᠦᠰᠦᠭ ᠤᠨ ᠳᠡᠭᠡᠷ᠎ᠡ ᠨᠢ ᠡᠷᠢᠶᠡᠴᠡᠴᠦ ᠬᠠᠷᠠᠯᠠᠭᠤᠯᠬᠤ ᠶᠢ ᠴᠡᠭᠡᠷᠯᠡᠳᠡᠭ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号