| | —— ᠨᠠᠮᠵᠢᠯᠰᠦ᠋ᠷᠦᠩ | | | ᠪᠡᠯᠴᠢᠭᠡᠷ ᠨᠤᠲᠤᠭ ᠪᠣᠯ ᠪᠠᠶᠢᠭᠠᠯᠢ ᠪᠠᠨ ᠲᠦᠰᠢᠨ᠂ ᠵᠣᠬᠢᠴᠠᠨ ᠠᠮᠢᠳᠤᠷᠠᠬᠤ ᠤᠷ᠎ᠠ ᠤᠬᠠᠭᠠᠨ ᠢᠶᠠᠷ | ᠪᠡᠯᠴᠢᠭᠡᠷ ᠤᠨ ᠮᠠᠯ ᠠᠵᠦ ᠠᠬᠤᠢ ᠡᠷᠬᠢᠯᠡᠭᠰᠡᠨ ᠨᠡᠭᠦᠳᠡᠯᠴᠢᠨ ᠮᠠᠯᠴᠢᠳ ᠤᠨ ᠣᠷᠣᠰᠢᠨ ᠲᠣᠭᠲᠠᠨᠢᠬᠤ ᠪᠠ ᠮᠠᠯᠵᠢᠬᠤ | ᠦᠢᠯᠡᠳᠪᠦᠷᠢᠯᠡᠯ ᠢᠶᠠᠨ ᠬᠥᠭᠵᠢᠭᠦᠯᠬᠦ ᠦᠨᠳᠦᠰᠦᠨ ᠰᠠᠭᠤᠷᠢ ᠨᠦᠭᠦᠴᠡᠯ ᠮᠥᠨ᠂ ᠪᠡᠯᠴᠢᠭᠡᠷ ᠨᠤᠲᠤᠭ ᠤᠨ | ᠥᠮᠴᠢᠯᠡᠯ ᠤᠨ ᠡᠷᠬᠡ ᠪᠠ ᠡᠵᠡᠩᠨᠡᠯᠲᠡ ᠶᠢᠨ ᠠᠷᠭ᠎ᠠ ᠬᠡᠯᠪᠡᠷᠢ ᠪᠣᠯ ᠪᠡᠯᠴᠢᠭᠡᠷ ᠨᠤᠲᠤᠭ ᠤᠨ ᠥᠢᠯᠡᠳᠪᠦᠷᠢᠯᠡᠯ ᠤᠨ | ᠦᠷ᠎ᠡ ᠠᠰᠢᠭ ᠶᠠᠮᠠᠷ ᠪᠣᠯᠬᠤ ᠶᠢ ᠲᠣᠭᠲᠠᠭᠠᠬᠤ ᠴᠢᠬᠤᠯᠠ ᠡᠯᠧᠮᠧᠨ᠋ᠲ ᠮᠥᠨ᠃ | ᠲᠡᠭᠡᠪᠡᠯ ᠶᠠᠭᠤ ᠶᠢ ᠪᠡᠯᠴᠢᠭᠡᠷ ᠭᠡᠵᠤ᠂ ᠪᠡᠯᠴᠢᠭᠡᠷ ᠨᠤᠲᠤᠭ ᠭᠡᠵᠤ ᠶᠠᠭᠤ ᠶᠢ ᠬᠡᠯᠡᠬᠦ ᠪᠤᠢ︖ | ᠭᠠᠵᠠᠷ ᠤᠨ ᠬᠦᠷᠦᠰᠦ ᠡᠪᠳᠡᠭᠳᠡᠭᠡ ᠦᠭᠡᠢ᠂ ᠤᠷᠭᠤᠮᠠᠯ ᠤᠨ ᠬᠤᠴᠢᠯᠭ᠎ᠠ ᠤᠤᠯ ᠬᠡᠪ ᠢᠶᠠᠷ ᠪᠠᠶᠢᠵᠦ᠂ ᠮᠠᠯ | ᠢᠳᠡᠰᠢᠯᠡᠵᠦ ᠪᠣᠯᠬᠤ ᠨᠦᠭᠦᠴᠡᠯ ᠪᠦᠷᠢᠯᠳᠦᠭᠰᠡᠨ ᠪᠠᠶᠢᠭᠠᠯᠢᠯᠢᠭ ᠭᠠᠵᠠᠷ ᠢ ᠪᠡᠯᠴᠢᠭᠡᠷ ᠭᠡᠨ᠎ᠡ᠃ | ᠪᠡᠯᠴᠢᠭᠡᠷ ᠤᠨ ᠭᠠᠵᠠᠷ ᠤᠨ ᠪᠠᠶᠢᠴᠠ᠂ ᠠᠭᠤᠷ ᠠᠮᠢᠰᠬᠤᠯ ︵ᠭᠡᠷᠡᠯ ᠢᠯᠴᠢ᠂ ᠬᠠᠯᠠᠭᠤᠨ ᠬᠦᠢᠲᠡᠨ᠂ ᠴᠠᠰᠤ | ᠪᠤᠷᠤᠭᠠᠨ᠂ ᠰᠠᠯᠬᠢ ᠵᠢᠪᠠᠷ︶᠂ ᠬᠦᠷᠦᠰᠦ ᠰᠢᠷᠤᠢ᠂ ᠤᠷᠭᠤᠮᠠᠯ ᠤᠨ ᠬᠤᠴᠢᠯᠭ᠎ᠠ᠂ ᠤᠰᠤᠨ ᠰᠤᠷᠪᠤᠯᠵᠢ᠂ | ᠠᠭᠤᠷᠬᠠᠢ ᠶᠢᠨ ᠭᠠᠷᠤᠯᠲᠠ ︵ᠬᠤᠵᠢᠷ᠂ ᠳᠠᠪᠤᠰᠤ᠂ ᠱᠠᠤ︶ ᠶᠢᠨ ᠡᠬᠢ ᠪᠠᠶᠠᠯᠢᠭ ᠬᠠᠷᠢᠯᠴᠠᠨ ᠲᠦᠰᠢᠭᠯᠡᠵᠦ᠂ | ᠬᠠᠷᠢᠯᠴᠠᠨ ᠨᠥᠭᠦᠴᠡᠯᠳᠦᠨ ᠨᠢᠭᠡᠨ ᠴᠤᠬᠴᠢᠵᠠᠵᠦ᠂ ᠡᠪᠡᠰᠦᠨ ᠲᠡᠵᠢᠭᠡᠯᠲᠦ ᠮᠠᠯ ᠤᠨ ᠪᠡᠶ᠎ᠡ ᠴᠣᠭᠴᠠᠰ ᠤᠨ ᠡᠷᠡᠭᠦᠯ | ᠴᠢᠬᠢᠷᠠᠭ ᠪᠠ ᠠᠶᠤᠯ ᠦᠭᠡᠢ ᠠᠮᠤᠷ ᠲᠦᠪᠰᠢᠨ ᠥᠰᠦᠯᠲᠡ ᠪᠣᠶᠢᠵᠢᠯᠲᠠ ᠳᠤ ᠱᠠᠭᠠᠷᠳᠠᠬᠤ ᠡᠨᠧᠷᠭᠢ ᠡᠷᠦᠳᠡᠰᠦ | ᠰᠢᠮ᠎ᠡ ᠲᠡᠵᠢᠭᠡᠯ ᠬᠠᠩᠭᠠᠬᠤ ᠠᠮᠢᠳᠤᠷᠠᠬᠤᠢ ᠤᠷᠴᠢᠨ ᠨᠦᠭᠦᠴᠡᠯ ᠪᠦᠷᠢᠯᠳᠦᠭᠦᠯᠦᠭᠰᠡᠨ ᠡᠪᠡᠰᠦᠲᠦ ᠭᠠᠵᠠᠷ ᠢ | ᠪᠡᠯᠴᠢᠭᠡᠷ ᠨᠤᠲᠤᠭ ᠭᠡᠨ᠎ᠡ᠃ | ᠤᠯᠠᠮᠵᠢᠯᠠᠯᠲᠤ ᠪᠡᠯᠴᠢᠭᠡᠷ ᠤᠨ ᠮᠠᠯ ᠠᠵᠦ ᠠᠬᠤᠢ ᠳᠤ ᠮᠠᠯ ᠰᠦᠷᠦᠭ ᠢ ᠪᠡᠯᠴᠢᠭᠡᠷᠯᠡᠭᠦᠯᠦᠨ ᠬᠠᠷᠢᠭᠤᠯᠵᠦ | ᠮᠠᠯᠵᠢᠬᠤ᠂ ᠣᠲᠤᠷᠯᠠᠨ ᠨᠡᠭᠦᠳᠡᠯᠯᠡᠬᠦ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠥᠨᠳᠦᠰᠦᠨ ᠠᠷᠭ᠎ᠠ | ᠬᠡᠯᠪᠡᠷᠢ ᠶᠢ ᠬᠡᠷᠡᠭᠵᠢᠭᠦᠯᠵᠦ ᠪᠠᠶᠢᠬᠰᠠᠨ ᠠᠴᠠ ᠲᠠᠪᠤᠨ ᠬᠤᠰᠢᠭᠤ ᠮᠠᠯ ᠨᠢ ᠦᠪᠡᠷ ᠦᠪᠡᠷ ᠤᠨ ᠢᠳᠡᠬᠦ ᠳᠤᠷᠠᠲᠠᠢ | ᠡᠪᠡᠰᠦ ᠤᠷᠭᠤᠮᠠᠯ ᠢ ᠰᠤᠩᠭᠤᠨ ᠢᠳᠡᠬᠦ ᠨᠦᠭᠦᠴᠡᠯ ᠳᠤᠬᠢᠶᠠᠯ ᠬᠠᠨᠤᠮᠵᠢᠲᠠᠢ ᠪᠠᠶᠢᠵᠦ᠂ ᠰᠢᠮ᠎ᠡ ᠲᠡᠵᠢᠭᠡᠯ ᠠᠪᠴᠤ | ᠲᠠᠷᠭᠤ ᠬᠦᠴᠦ ᠳᠡᠪᠡᠭᠡᠷᠡᠨ᠂ ᠡᠯᠳᠡᠪ ᠡᠪᠡᠳᠴᠢᠨ ᠢ ᠰᠡᠷᠭᠡᠶᠢᠯᠡᠨ ᠬᠤᠷᠢᠬᠯᠠᠵᠦ ᠡᠷᠡᠭᠦᠯᠵᠢᠬᠦ ᠪᠠ ᠦᠰᠴᠦ ᠦᠷᠡᠵᠢᠬᠦ | ᠠᠵᠢᠯᠯᠠᠭ᠎ᠠ ᠨᠢ ᠮᠠᠯ ᠲᠤᠰ ᠪᠦᠷᠢ ᠶᠢᠨ ᠦᠪᠡᠷ ᠤᠨ ᠲᠦᠷᠦᠯᠬᠢ ᠪᠡᠶ᠎ᠡ ᠴᠣᠭᠴᠠᠰ ᠤᠨ ᠠᠮᠢ ᠵᠦᠢ ᠶᠢᠨ ᠵᠢᠮ᠎ᠡ ᠪᠠᠷ | ᠶᠠᠪᠤᠬᠳᠠᠵᠦ ᠴᠢᠳᠠᠳᠠᠭ᠃ ᠮᠤᠩᠭᠤᠯ ᠮᠠᠯᠴᠢᠨ ᠤ ᠠᠭᠤᠤ ᠶᠡᠭᠡ ᠨᠢ ᠠᠮᠢᠲᠠᠨ ᠤᠷᠭᠤᠮᠠᠯ ᠲᠦᠮᠡᠨ ᠪᠤᠳᠠᠰ ᠤᠨ | ᠤᠷᠤᠰᠢᠨ ᠠᠮᠢᠳᠤᠷᠠᠬᠤ ᠪᠢᠣᠯᠣᠭᠢ ᠬᠢᠮᠢ ᠶᠢᠨ ᠵᠢᠮ᠎ᠡ ᠬᠠᠤᠯᠢ ᠶᠢ ᠬᠦᠨᠳᠦᠳᠭᠡᠨ ᠵᠢᠷᠣᠮᠯᠠᠵᠦ᠂ ᠵᠡᠷᠭᠡᠴᠡᠨ ᠤᠷᠤᠰᠢᠵᠦ | ᠵᠤᠬᠢᠴᠠᠯᠳᠤᠨ ᠠᠮᠢᠳᠤᠷᠠᠬᠤ ᠤᠷ᠎ᠠ ᠤᠬᠠᠭᠠᠨ ᠤᠶᠤᠨ ᠪᠢᠯᠢᠭ ᠲᠤ ᠪᠠᠶᠢᠳᠠᠭ᠃ ᠮᠤᠩᠭᠤᠯ ᠮᠠᠯᠴᠢᠨ ᠤ ᠪᠠᠶᠢᠭᠠᠯᠢᠯᠢᠭ | ᠵᠢᠮ᠎ᠡ ᠶᠤᠰᠤ ᠶᠢ ᠵᠢᠷᠤᠮᠯᠠᠨ ᠳᠠᠭᠠᠵᠦ᠂ ᠵᠤᠬᠢᠴᠠᠯᠳᠤᠨ ᠠᠮᠢᠳᠤᠷᠠᠬᠤ ᠰᠤᠤ ᠤᠬᠠᠭᠠᠨ ᠪᠠ ᠡᠷᠳᠡᠮ ᠴᠢᠳᠠᠪᠤᠷᠢ ᠨᠢ | ᠦᠪᠡᠷ ᠢ ᠪᠠᠨ ᠭᠤᠣᠯ ᠪᠣᠯᠭᠠᠨ ᠳᠣᠪᠤᠶᠢᠯᠭᠠᠵᠦ᠂ ᠥᠭᠡᠷ᠎ᠡ ᠠᠮᠢᠲᠠᠨ ᠤᠷᠭᠤᠮᠠᠯ ᠪᠠ ᠪᠤᠳᠠᠰ ᠤᠨ ᠤᠷᠤᠰᠢᠨ | ᠠᠮᠢᠳᠤᠷᠠᠬᠤ ᠵᠢᠮ᠎ᠡ ᠬᠠᠤᠯᠢ ᠶᠢ ᠦᠭᠡᠷᠡᠴᠢᠯᠡᠨ ᠬᠤᠪᠢᠷᠠᠭᠤᠯᠵᠦ᠂ ᠦᠪᠡᠷ ᠤᠨ ᠰᠠᠨᠠᠭᠠᠨ ᠳᠤ ᠨᠡᠶᠢᠴᠡᠭᠦᠯᠬᠦ ᠪᠠᠷ | ᠭᠤᠣᠯᠯᠠᠬᠤ ᠪᠤᠰᠤ᠂ ᠬᠠᠷᠢᠨ ᠶᠠᠭᠠᠬᠢᠵᠦ ᠬᠠᠷᠢᠯᠴᠠᠪᠠᠯ ᠦᠪᠡᠷ ᠢ ᠪᠠᠨ ᠨᠡᠩ ᠰᠠᠶᠢᠨ ᠢᠶᠠᠷ ᠬᠠᠮᠠᠭᠠᠯᠠᠨ | ᠬᠥᠭᠵᠢᠭᠦᠯᠵᠦ ᠴᠢᠳᠠᠬᠤ ᠶᠢ ᠲᠤᠩᠭᠠᠨ ᠪᠣᠳᠤᠵᠦ᠂ ᠦᠪᠡᠷ ᠢ ᠪᠠᠨ ᠪᠠᠶᠢᠭᠠᠯᠢ ᠣᠷᠴᠢᠨ ᠤ ᠲᠦᠮᠡᠨ ᠪᠣᠳᠠᠰ ᠯᠤᠭ᠎ᠠ | ᠴᠢᠳᠠᠮᠠᠭᠠᠢ ᠪᠠᠷ ᠵᠣᠬᠢᠴᠠᠯᠳᠤᠭᠤᠯᠬᠤ ᠤᠷ᠎ᠠ ᠤᠬᠠᠭᠠᠨ ᠳᠤ ᠪᠠᠶᠢᠵᠦ᠂ ᠤᠷᠤᠰᠢᠨ ᠲᠤᠬᠲᠠᠨᠢᠵᠦ ᠠᠮᠢᠳᠤᠷᠠᠬᠤᠢ | ᠬᠦᠭᠵᠢᠬᠦᠢ ᠶᠢᠨ ᠪᠦᠬᠦᠯᠢ ᠪᠦᠲᠦᠨ ᠤᠷᠤᠨ ᠵᠠᠢ ᠪᠠᠨ ᠵᠦᠪ ᠲᠠᠨᠢᠬᠤ ᠦᠵᠡᠯ ᠤᠬᠠᠮᠰᠠᠷ ᠢᠶᠠᠷ ᠢᠯᠡᠷᠡᠳᠡᠭ᠃ | | ᠪᠠᠶᠢᠭᠠᠯᠢᠯᠢᠭ ᠪᠡᠯᠴᠢᠭᠡᠷ ᠪᠠ ᠮᠠᠯ ᠪᠡᠯᠴᠢᠭᠡᠷ ᠤᠨ ᠵᠤᠬᠢᠴᠠᠯᠳᠤᠯ | | ᠪᠠᠶᠢᠭᠠᠯᠢᠯᠢᠭ ᠪᠡᠯᠴᠢᠭᠡᠷ ᠭᠡᠵᠤ ᠬᠦᠮᠦᠨ ᠤ ᠣᠷᠤᠯᠴᠠᠯᠭ᠎ᠠ ᠦᠭᠡᠢ᠂ ᠠᠶᠠᠨᠳᠠᠭᠠᠨ ᠤ ᠤᠷᠭᠤᠵᠦ | ᠲᠦᠯᠵᠢᠭᠰᠡᠨ ᠡᠪᠡᠰᠦ ᠤᠷᠭᠤᠮᠠᠯ ᠤᠨ ᠨᠥᠭᠡᠴᠡ ᠬᠠᠳᠠᠭᠠᠯᠠᠮᠵᠢ ᠲᠠᠢ ᠪᠡᠯᠴᠢᠭᠡᠷ ᠨᠤᠲᠤᠭ ᠢ ᠬᠡᠯᠡᠨ᠎ᠡ᠃ | ᠪᠠᠶᠢᠭᠠᠯᠢᠯᠢᠭ ᠪᠡᠯᠴᠢᠭᠡᠷ ᠤᠨ ᠤᠷᠭᠤᠴᠠ ᠨᠥᠭᠡᠴᠡ ᠬᠠᠳᠠᠭᠠᠯᠠᠮᠵᠢ ᠠᠰᠢᠬᠯᠠᠮᠵᠢ ᠨᠢ ᠲᠤᠬᠠᠢ ᠶᠢᠨ ᠭᠠᠵᠠᠷ ᠤᠨ | ᠬᠦᠷᠦᠰᠦᠨ ᠤ ᠰᠢᠮ᠎ᠡ᠂ ᠡᠨᠧᠷᠭᠢ ᠡᠷᠦᠳᠡᠰᠦ᠂ ᠤᠰᠤ ᠴᠢᠭᠢᠭ᠂ ᠭᠡᠷᠡᠯ ᠢᠯᠴᠢ᠂ ᠠᠭᠤᠷ ᠠᠮᠢᠰᠬᠤᠯ᠂ ᠰᠠᠯᠬᠢ | ᠵᠢᠪᠠᠷ᠂ ᠡᠪᠡᠰᠦ ᠤᠷᠭᠤᠮᠠᠯ ᠤᠨ ᠦᠷ᠎ᠡ ᠵᠢᠮᠢᠰ᠂ ᠢᠵᠠᠭᠤᠷ ᠦᠨᠳᠦᠰᠦ᠂ ᠲᠦᠷᠦᠯ ᠢᠯᠭᠠᠯ ᠤᠨ ᠤᠯᠠᠨ | ᠵᠦᠢᠯ ᠠᠴᠠ ᠰᠢᠯᠲᠠᠭᠠᠯᠠᠵᠦ᠂ ᠠᠰᠢᠬᠯᠠᠯᠲᠠ ᠬᠡᠷᠡᠭᠯᠡᠯᠲᠡ᠂ ᠨᠦᠭᠡᠴᠡ ᠬᠠᠳᠠᠭᠠᠯᠠᠮᠵᠢ ᠪᠠ ᠤᠷᠤᠰᠢᠬᠤᠢ ᠤᠷᠤᠨ | ᠵᠠᠢ ᠶᠢᠨ ᠬᠠᠮᠠᠭᠠᠯᠠᠯᠲᠠ ᠨᠡᠭᠡᠭᠡᠨ ᠠᠰᠢᠬᠯᠠᠬᠤᠢ ᠶᠢᠨ ᠠᠷᠭ᠎ᠠ ᠬᠡᠯᠪᠡᠷᠢ ᠳᠤ ᠬᠠᠮᠢᠶᠠᠷᠤᠨ᠎ᠠ᠃ | ᠪᠠᠶᠢᠭᠠᠯᠢᠯᠢᠭ ᠪᠡᠯᠴᠢᠭᠡᠷ ᠲᠤ ᠶᠠᠮᠠᠷ ᠲᠦᠷᠦᠯ ᠵᠦᠢᠯ ᠤᠨ ᠡᠪᠡᠰᠦ ᠤᠷᠭᠤᠬᠤ ᠪᠠ ᠬᠢᠷᠢ ᠵᠡᠷᠭᠡ ᠤᠷᠭᠤᠵᠦ᠂ | ᠰᠢᠮ᠎ᠡ ᠲᠡᠵᠢᠭᠡᠯ᠂ ᠦᠷ᠎ᠡ ᠦᠭᠭᠦᠭᠡᠵᠢ ᠬᠢᠷᠢ ᠵᠡᠷᠭᠡ ᠪᠠᠶᠢᠬᠤ ᠨᠢ ᠤᠤᠯ ᠡᠪᠡᠰᠦᠨ ᠤ ᠦᠷ᠎ᠡ ᠵᠢᠮᠢᠰ ᠤᠨ | ᠬᠠᠩᠭᠠᠯᠲᠠ ᠳᠤ ᠨᠦᠯᠦᠭᠡᠯᠡᠬᠦ ᠪᠦᠭᠡᠳ ᠲᠤᠬᠠᠢ ᠶᠢᠨ ᠭᠠᠵᠠᠷ ᠤᠨ ᠪᠠᠶᠢᠴᠠ᠂ ᠨᠠᠷᠠᠨ ᠤ ᠲᠠᠰᠢᠴᠠ᠂ ᠤᠰᠤ | ᠴᠢᠭᠢᠭ ᠤᠨ ᠬᠠᠩᠭᠠᠮᠵᠢ ᠳᠤ ᠴᠦ ᠨᠦᠯᠦᠭᠡᠯᠡᠨ᠎ᠡ᠃ ᠭᠠᠵᠠᠷ ᠰᠢᠷᠤᠢ ᠶᠢᠨ ᠠᠳᠠᠯᠢ ᠪᠤᠰᠤ ᠰᠢᠨᠵᠢ ᠴᠢᠨᠠᠷ ᠨᠢ ᠡᠪᠡᠰᠦ | ᠤᠷᠭᠤᠮᠠᠯ ᠤᠨ ᠲᠦᠷᠦᠯ ᠵᠦᠢᠯ ᠪᠠ ᠰᠢᠮ᠎ᠡ ᠲᠡᠵᠢᠭᠡᠯ ᠤᠨ ᠴᠢᠨᠠᠷ ᠴᠢᠨᠰᠠᠭ᠎ᠠ ᠶᠢ ᠲᠤᠬᠲᠠᠭᠠᠵᠦ᠂ ᠭᠠᠵᠠᠷ ᠨᠤᠲᠤᠭ | ᠤᠨ ᠶᠡᠭᠡ ᠪᠠᠭ᠎ᠠ ᠶᠢᠨ ᠬᠡᠪᠴᠢᠶ᠎ᠡ ᠪᠠ ᠡᠪᠡᠰᠦ ᠤᠷᠭᠤᠮᠠᠯ ᠤᠨ ᠲᠦᠷᠦᠯ ᠵᠦᠢᠯ ᠬᠢᠭᠡᠳ ᠤᠷᠭᠤᠴᠠ ᠶᠢᠨ ᠰᠠᠶᠢᠨ | ᠮᠠᠭᠤ ᠨᠢ ᠮᠠᠯ ᠰᠦᠷᠦᠭ ᠤᠨ ᠤᠯᠠᠨ ᠴᠦᠭᠡᠨ ᠤ ᠪᠠᠭᠲᠠᠭᠠᠮᠵᠢ ᠪᠣᠯᠣᠨ ᠲᠤᠬᠠᠢ ᠶᠢᠨ ᠪᠡᠯᠴᠢᠭᠡᠷ ᠤᠨ ᠳᠠᠭᠠᠭᠠᠴᠠ ᠶᠢ | ᠲᠤᠬᠲᠠᠭᠠᠵᠦ᠂ ᠭᠠᠵᠠᠷ ᠤᠨ ᠰᠢᠮ᠎ᠡ ᠤᠨ ᠤᠯᠠᠷᠢᠯ ᠤᠨ ᠬᠤᠪᠢᠷᠠᠯᠲᠠ ᠨᠢ ᠪᠡᠯᠴᠢᠭᠡᠷ ᠠᠰᠢᠬᠯᠠᠯᠲᠠ ᠶᠢᠨ ᠴᠠᠭ | ᠬᠤᠭᠤᠴᠠᠭ᠎ᠠ ᠪᠠ ᠬᠡᠯᠪᠡᠷᠢ ᠶᠢ ᠲᠤᠬᠲᠠᠭᠠᠵᠦ᠂ ᠭᠠᠵᠠᠷ ᠰᠢᠷᠤᠢ ᠶᠢᠨ ᠦᠮᠴᠢᠯᠡᠯ ᠤᠨ ᠬᠠᠷᠢᠴᠠᠭ᠎ᠠ ᠨᠢ ᠲᠤᠬᠠᠢ ᠶᠢᠨ | ᠨᠡᠶᠢᠬᠡᠮ ᠤᠨ ᠪᠠᠶᠢᠭᠤᠯᠤᠯ ᠤᠨ ᠰᠢᠨᠵᠢ ᠴᠢᠨᠠᠷ ᠢ ᠲᠤᠬᠲᠠᠭᠠᠳᠠᠭ᠃ | ᠤᠷᠭᠤᠮᠠᠯ ᠪᠣᠯ ᠠᠮᠢᠲᠠᠨ ᠤ ᠦᠢᠯᠡᠳᠪᠦᠷᠢᠯᠡᠯ ᠤᠨ ᠰᠠᠭᠤᠷᠢ ᠮᠥᠨ᠂ ᠠᠮᠢᠲᠠᠨ ᠤ ᠦᠢᠯᠡᠳᠪᠦᠷᠢᠯᠡᠯ ᠨᠢ | ᠤᠷᠭᠤᠮᠠᠯ ᠤᠨ ᠦᠢᠯᠡᠳᠪᠦᠷᠢᠯᠡᠯ ᠤᠨ ᠦᠷ᠎ᠡ ᠳ᠋ᠦᠡᠭ ᠮᠥᠨ᠃ ᠡᠨᠡ ᠪᠣᠯ ᠳᠠᠷᠤᠢ ᠬᠦᠮᠦᠰ ᠤᠨ ᠶᠠᠷᠢᠳᠠᠭ ᠮᠠᠯ ᠠᠵᠦ | ᠠᠬᠤᠢ ᠪᠣᠯ ᠠᠩᠬᠠᠳᠠᠬᠴᠢ ᠴᠢᠨᠠᠷᠲᠠᠢ ᠦᠢᠯᠡᠳᠪᠦᠷᠢᠯᠡᠯ ︵ᠤᠷᠭᠤᠮᠠᠯ ᠤᠨ ᠦᠢᠯᠡᠳᠪᠦᠷᠢᠯᠡᠯ︶ ᠪᠠ ᠬᠤᠶᠠᠳᠠᠬᠴᠢ | ᠴᠢᠨᠠᠷᠲᠠᠢ ᠦᠢᠯᠡᠳᠪᠦᠷᠢᠯᠡᠯ ︵ᠠᠮᠢᠲᠠᠨ ᠤ ᠦᠢᠯᠡᠳᠪᠦᠷᠢᠯᠡᠯ︶ ᠤᠨ ᠨᠢᠭᠡᠳᠦᠯ ᠮᠥᠨ᠃ ᠬᠦᠷᠦᠰᠦᠨ ᠤ ᠰᠢᠮ᠎ᠡ | ᠲᠡᠵᠢᠭᠡᠯ᠂ ᠤᠰᠤ᠂ ᠠᠭᠠᠷ ᠲᠠᠬᠢ ᠪᠤᠰᠤᠳ ᠤᠷᠭᠠᠨᠢᠭ ᠪᠤᠰᠤ ᠨᠠᠷᠠᠨ ᠤ ᠭᠡᠷᠡᠯ ᠤᠨ ᠦᠢᠯᠡᠳᠦᠯ ᠢᠶᠠᠷ ᠡᠪᠡᠰᠦ | ᠤᠷᠭᠤᠮᠠᠯ ᠮᠡᠲᠦ ᠶᠢᠨ ᠤᠷᠭᠠᠨᠢᠭ ᠪᠤᠳᠠᠰ ᠪᠤᠯᠣᠨ ᠬᠤᠪᠢᠷᠠᠵᠦ᠂ ᠮᠠᠯ ᠤᠨᠤᠭ᠎ᠠ ᠶᠢᠨ ᠦᠰᠦᠯᠲᠡ ᠪᠣᠶᠢᠵᠢᠯᠲᠠ ᠳᠤ | ᠬᠡᠷᠡᠭᠴᠡᠭᠡ ᠪᠦᠬᠦᠢ ᠰᠢᠮ᠎ᠡ ᠲᠡᠵᠢᠭᠡᠯ ᠤᠯᠭᠤᠳᠠᠭ᠃ ᠡᠪᠡᠰᠦ ᠪᠡᠯᠴᠢᠭᠡᠷ ᠪᠣᠯ ᠡᠨᠧᠷᠭᠢ ᠦᠢᠯᠡᠳᠪᠦᠷᠢᠯᠡᠭᠴᠢ ᠪᠠᠶᠢᠵᠦ᠂ | ᠮᠠᠯ ᠰᠦᠷᠦᠭ ᠪᠣᠯ ᠡᠨᠧᠷᠭᠢ ᠬᠡᠷᠡᠭᠯᠡᠭᠴᠢ ᠮᠥᠨ᠃ ᠦᠢᠯᠡᠳᠪᠦᠷᠢᠯᠡᠭᠴᠢ ᠦᠭᠡᠢ ᠪᠣᠯ ᠬᠡᠷᠡᠭᠯᠡᠭᠡ ᠪᠠᠶᠢᠵᠦ ᠴᠢᠳᠠᠬᠤ | ᠦᠭᠡᠢ᠂ ᠦᠢᠯᠡᠳᠪᠦᠷᠢᠯᠡᠯ ᠨᠢ ᠬᠡᠷᠡᠭᠯᠡᠭᠡ ᠶᠢ ᠲᠤᠬᠲᠠᠭᠠᠳᠠᠭ᠃ ᠨᠤᠲᠤᠭ ᠪᠡᠯᠴᠢᠭᠡᠷ ᠦᠭᠡᠢ ᠪᠣᠯ ᠮᠠᠯ ᠰᠦᠷᠦᠭ | ᠪᠠᠶᠢᠵᠦ ᠴᠢᠳᠠᠬᠤ ᠦᠭᠡᠢ᠃ ① | ᠡᠨᠧᠷᠭᠢ ᠦᠢᠯᠡᠳᠪᠦᠷᠢᠯᠡᠭᠴᠢ ᠡᠪᠡᠰᠦ ᠪᠡᠯᠴᠢᠭᠡᠷ ᠪᠠ ᠡᠨᠧᠷᠭᠢ ᠬᠡᠷᠡᠭᠯᠡᠭᠴᠢ ᠮᠠᠯ ᠰᠦᠷᠦᠭ ᠪᠣᠯ | ᠪᠡᠯᠴᠢᠭᠡᠷ ᠤᠨ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠤᠶᠠᠯᠳᠤᠯ ᠨᠢᠭᠡᠳᠦᠯ ᠤᠨ ᠵᠦᠷᠢᠴᠡᠯ ᠪᠠ ᠡᠪᠰᠡᠯ ᠤᠨ | ᠪᠤᠳᠠᠲᠤ ᠴᠣᠭᠴᠠ ᠮᠥᠨ᠃ ᠡᠨᠧᠷᠭᠢ ᠦᠢᠯᠡᠳᠪᠦᠷᠢᠯᠡᠭᠴᠢ ᠡᠪᠡᠰᠦ ᠪᠡᠯᠴᠢᠭᠡᠷ ᠪᠠ ᠡᠨᠧᠷᠭᠢ ᠬᠡᠷᠡᠭᠯᠡᠭᠴᠢ ᠮᠠᠯ | ᠰᠦᠷᠦᠭ ᠤᠨ ᠤᠶᠠᠯᠳᠤᠯ ᠨᠢᠭᠡᠳᠦᠯ ᠶᠢ ᠵᠤᠬᠢᠴᠠᠯᠳᠤᠭᠤᠯᠬᠤ ᠬᠠᠩᠭᠠᠮᠵᠢ ᠪᠠ ᠬᠡᠷᠡᠭᠴᠡᠭᠡᠨ ᠤ ᠱᠠᠭᠠᠷᠳᠠᠯᠭ᠎ᠠ ᠳᠤ | ᠮᠤᠩᠭᠤᠯᠴᠤᠳ ᠤᠨ ᠠᠪᠴᠤ ᠢᠷᠡᠭᠰᠡᠨ ᠤᠯᠠᠮᠵᠢᠯᠠᠯᠲᠤ ᠠᠷᠭ᠎ᠠ ᠲᠤᠷᠰᠢᠯᠭ᠎ᠠ ᠪᠣᠯ ᠨᠡᠭᠦᠳᠡᠯ ᠤᠨ ᠮᠠᠯ ᠠᠵᠦ | ᠠᠬᠤᠢ ᠶᠢᠨ ᠦᠢᠯᠡᠳᠪᠦᠷᠢᠯᠡᠯ ᠤᠨ ᠬᠡᠯᠪᠡᠷᠢ ᠪᠤᠯᠤᠨ᠎ᠠ᠃ ᠨᠡᠭᠦᠳᠡᠯ ᠤᠨ ᠮᠠᠯ ᠠᠵᠦ ᠠᠬᠤᠢ ᠶᠢᠨ ᠦᠢᠯᠡᠳᠪᠦᠷᠢᠯᠡᠯ | ᠤᠨ ᠬᠡᠯᠪᠡᠷᠢ ᠪᠣᠯ ᠪᠠᠶᠢᠭᠠᠯᠢᠯᠢᠭ ᠪᠡᠯᠴᠢᠭᠡᠷ ᠪᠠ ᠮᠠᠯ ᠪᠡᠯᠴᠢᠭᠡᠷ ᠤᠨ ᠵᠤᠬᠢᠴᠠᠯᠳᠤᠯ ᠢ ᠪᠡᠶᠡᠯᠡᠭᠦᠯᠬᠦ ᠬᠠᠮᠤᠭ ᠤᠨ | ᠪᠦᠲᠦᠮᠵᠢᠲᠡᠢ ᠰᠤᠩᠭᠤᠳᠠᠭ ᠬᠡᠯᠪᠡᠷᠢ ᠮᠥᠨ᠃ ᠨᠡᠭᠦᠳᠡᠯ ᠤᠨ ᠮᠠᠯ ᠠᠵᠦ ᠠᠬᠤᠢ ᠶᠢᠨ ᠰᠤᠩᠭᠤᠳᠠᠭ ᠬᠡᠯᠪᠡᠷᠢ ᠶᠢ | ᠠᠮᠢᠳᠤᠷᠠᠯ ᠦᠢᠯᠡᠳᠪᠦᠷᠢᠯᠡᠯ ᠳᠤ ᠦᠢᠯᠡᠳᠦᠯᠭᠡᠵᠢᠭᠦᠯᠦᠨ ᠪᠡᠶ᠎ᠡ ᠪᠠᠨ ᠳᠠᠭᠠᠭᠠᠭᠰᠠᠨ ᠭᠤᠯᠤᠮᠲᠠ ᠪᠤᠯᠭᠠᠭᠰᠠᠨ ᠬᠥᠯᠥᠨ | ᠪᠤᠶᠢᠷ ᠤᠨ ᠪᠠᠷᠭᠤᠴᠤᠳ᠂ ᠮᠠᠯ ᠠᠵᠦ ᠠᠬᠤᠢ ᠡᠷᠬᠢᠯᠡᠭᠰᠡᠨ ᠤᠷᠲᠤ ᠤᠳᠠᠭᠠᠨ ᠲᠡᠦᠬᠡᠨ ᠵᠠᠢ ᠳᠤ ᠠᠮᠪᠠᠨ ᠱᠠᠷ ︵ | ᠦᠬᠡᠷ︶ ᠢᠶᠠᠨ ᠬᠦᠯᠦᠵᠦ᠂ ᠠᠭᠲᠠ ᠮᠣᠷᠢ ︵ᠠᠳᠤᠭᠤ︶ ᠪᠠᠷ ᠢᠶᠠᠨ ᠲᠠᠪᠤᠨ ᠬᠤᠰᠢᠭᠤ ᠮᠠᠯ ᠢᠶᠠᠨ ᠬᠠᠷᠢᠭᠤᠯᠤᠨ | ᠮᠠᠯᠵᠢᠵᠦ᠂ ᠦᠡᠭ ᠰᠢᠮᠡᠯᠢᠭ ᠦᠷᠭᠡᠨ ᠠᠭᠤᠳᠠᠮ ᠨᠤᠲᠤᠭ ᠪᠡᠯᠴᠢᠭᠡᠷ ᠲᠤ ᠳᠤᠷ᠎ᠠ ᠪᠠᠷ ᠢᠶᠠᠨ ᠨᠡᠭᠦᠳᠡᠯᠯᠡᠳᠡᠭ | ᠪᠠᠶᠢᠬᠰᠠᠨ᠃《ᠭᠠᠵᠠᠷ ᠰᠢᠷᠤᠢ ᠶᠢ ᠪᠡᠯᠴᠢᠭᠡᠷ ᠪᠣᠯᠭᠠᠨ ᠮᠠᠯ ᠬᠠᠷᠢᠭᠤᠯᠵᠦ᠂ ᠮᠠᠯᠵᠢᠬᠤ ᠦᠨᠳᠦᠰᠦᠲᠡᠨ ᠮᠠᠯ | ᠰᠦᠷᠦᠭ ᠲᠡᠭᠡᠨ ᠲᠦᠰᠢᠵᠦ ᠤᠷᠤᠰᠢᠨ ᠲᠤᠬᠲᠠᠨᠢᠳᠠᠭ》 ② ᠭᠡᠵᠤ ᠺᠷᠠᠯ ᠮᠠᠷᠺᠰ ᠤᠨ ᠬᠡᠯᠡᠭᠰᠡᠨ ᠮᠠᠯᠵᠢᠬᠤ | ᠦᠨᠳᠦᠰᠦᠲᠡᠨ ᠤ ᠨᠢᠭᠡᠨ ᠪᠦᠷᠢᠯᠳᠦᠬᠦᠨ ᠨᠢ ᠪᠠᠷᠭᠤᠴᠤᠳ ᠶᠤᠮ᠃ ᠪᠠᠷᠭᠤᠴᠤᠳ ᠪᠣᠯ ᠭᠠᠵᠠᠷ ᠰᠢᠷᠤᠢ ᠶᠢ | ᠬᠠᠭᠠᠯᠪᠤᠷᠢᠯᠠᠵᠦ᠂ ᠪᠠᠶᠢᠭᠠᠯᠢ ᠶᠢᠨ ᠤᠩᠭᠤᠨ ᠳᠥᠷᠬᠦ ᠶᠢ ᠬᠦᠮᠦᠨ ᠤ ᠬᠦᠴᠦ ᠪᠠᠷ ᠦᠭᠡᠷᠡᠴᠢᠯᠡᠨ ᠬᠤᠪᠢᠷᠠᠭᠤᠯᠵᠦ᠂ | ᠠᠰᠢᠭ ᠬᠦᠷᠲᠡᠳᠡᠭ ᠲᠠᠷᠢᠶᠠᠯᠠᠬᠤ ᠦᠨᠳᠦᠰᠦᠲᠡᠨ ᠪᠢᠰᠢ᠂ ᠬᠠᠷᠢᠨ ᠪᠠᠶᠢᠭᠠᠯᠢᠯᠢᠭ ᠬᠡᠪ ᠢᠶᠠᠷ ᠪᠠᠶᠢᠬᠤ ᠶᠢ ᠡᠷᠬᠢᠮᠯᠡᠳᠡᠭ | ᠂ ᠭᠠᠵᠠᠷ ᠰᠢᠷᠣᠢ ᠶᠢ ᠪᠡᠯᠴᠢᠭᠡᠷ ᠪᠣᠯᠭᠠᠨ ᠮᠠᠯ ᠬᠠᠷᠢᠭᠤᠯᠵᠦ᠂ ᠮᠠᠯ ᠰᠦᠷᠦᠭ ᠤᠨ ᠦᠢᠯᠡᠳᠪᠦᠷᠢᠯᠡᠯ ᠤᠨ ᠠᠰᠢᠭ | ᠰᠢᠮ᠎ᠡ ᠶᠢ ᠡᠳ᠋ᠯᠡᠵᠦ ᠬᠡᠷᠡᠭᠯᠡᠳᠡᠭ ᠨᠡᠭᠦᠳᠡᠯᠴᠢᠨ ᠮᠥᠨ᠃ ᠲᠡᠳᠡ ᠡᠪᠡᠰᠦ ᠤᠷᠭᠤᠮᠠᠯ ᠤᠨ ᠦᠢᠯᠡᠳᠪᠦᠷᠢᠯᠡᠯ ᠤᠨ | ᠦᠷ᠎ᠡ ᠠᠰᠢᠭ ᠢ ᠭᠦᠢᠴᠡᠳ ᠠᠰᠢᠬᠯᠠᠬᠤ ᠪᠠ ᠮᠠᠯ ᠤᠨ ᠲᠤᠭ᠎ᠠ ᠲᠯᠤᠭᠠᠢ ᠪᠠᠷ ᠪᠡᠯᠴᠢᠭᠡᠷ ᠤᠨ ᠳᠠᠭᠠᠭᠠᠴᠠ ᠶᠢ | ᠵᠣᠬᠢᠴᠠᠯᠳᠤᠭᠤᠯᠤᠨ ᠲᠡᠩᠴᠡᠭᠦᠷᠢᠰᠢᠭᠦᠯᠬᠦ ᠱᠠᠭᠠᠷᠳᠠᠯᠭ᠎ᠠ ᠠᠴᠠ ᠨᠡᠭᠦᠳᠡᠯᠯᠡᠨ ᠮᠠᠯᠵᠢᠵᠦ᠂ ᠪᠠᠶᠢᠭᠠᠯᠢᠯᠢᠭ ᠪᠡᠯᠴᠢᠭᠡᠷ ᠪᠠ | ᠮᠠᠯ ᠰᠦᠷᠦᠭ ᠤᠨ ᠵᠤᠬᠢᠴᠠᠯᠳᠤᠯ ᠢᠶᠠᠷ ᠲᠠᠪᠤᠨ ᠬᠤᠰᠢᠭᠤ ᠮᠠᠯ ᠢᠶᠠᠨ ᠵᠢᠭᠳᠡ ᠦᠰᠭᠡᠨ ᠦᠷᠡᠵᠢᠭᠦᠯᠵᠦ ᠢᠷᠡᠭᠰᠡᠨ | ᠶᠤᠮ᠃ ᠮᠥᠨ ᠴᠦ ᠡᠷᠡᠨ ᠵᠠᠭᠤᠨ ᠤ ᠬᠤᠪᠢᠷᠠᠯᠲᠠ ᠦᠭᠡᠷᠡᠴᠢᠯᠡᠯᠲᠡ ᠰᠢᠨᠡᠴᠢᠯᠡᠯᠲᠡ ᠶᠢᠨ ᠠᠭᠤᠷ ᠠᠮᠢᠰᠬᠤᠯ ᠳᠤ | ᠲᠠᠰᠤᠷᠠᠯᠲᠠ ᠦᠭᠡᠢ ᠵᠤᠬᠢᠴᠠᠨ᠂ ᠠᠮᠢᠳᠤᠷᠠᠯ ᠠᠬᠤᠢ ᠶᠢᠨ ᠰᠢᠨ᠎ᠡ ᠶᠢ ᠡᠭᠦᠳᠦᠨ᠂ ᠤᠯᠠᠮᠵᠢᠯᠠᠯᠲᠤ ᠰᠤᠶᠣᠯ ᠤᠨ | ᠪᠠᠶᠠᠨ ᠥᠪ ᠢᠶᠠᠨ ᠵᠠᠯᠭᠠᠮᠵᠢᠯᠠᠨ ᠬᠦᠭᠵᠢᠭᠦᠯᠦᠭᠰᠡᠭᠡᠷ ᠢᠷᠡᠭᠰᠡᠨ ᠨᠢ ᠪᠠᠶᠢᠭᠠᠯᠢᠯᠢᠭ ᠪᠡᠯᠴᠢᠭᠡᠷ ᠠᠰᠢᠬᠯᠠᠯᠲᠠ ᠶᠢᠨ | ᠦᠷᠭᠦᠯᠵᠢᠯᠡᠯ ᠪᠠ ᠤᠬᠠᠮᠰᠠᠷᠬᠤᠢ ᠶᠢᠨ ᠳᠠᠬᠢᠨ ᠲᠠᠨᠢᠯᠲᠠ ᠳᠤ ᠬᠠᠷᠠᠬᠳᠠᠵᠦ ᠪᠠᠶᠢᠨ᠎ᠠ᠃ | ᠪᠠᠶᠢᠭᠠᠯᠢᠯᠢᠭ ᠪᠡᠯᠴᠢᠭᠡᠷ ᠤᠨ ᠡᠪᠡᠰᠦ ᠤᠷᠭᠤᠮᠠᠯ ᠤᠨ ᠲᠦᠷᠦᠯ ᠵᠦᠢᠯ ᠨᠢ ᠣᠯᠠᠨ ᠪᠦᠭᠡᠳ ᠤᠷᠭᠤᠴᠠ | ᠨᠢ ᠵᠣᠬᠢᠮᠵᠢᠲᠠᠢ ᠪᠠᠶᠢᠳᠠᠭ᠃ ᠡᠪᠡᠰᠦᠨ ᠤ ᠰᠢᠮ᠎ᠡ ᠲᠡᠵᠢᠭᠡᠯ ᠨᠢ ᠡᠪᠡᠰᠦᠨ ᠤ ᠴᠢᠨᠠᠷ ᠲᠤ ᠪᠠᠶᠢᠳᠠᠭ᠃ ᠡᠶᠢᠮᠦ ᠠᠴᠠ | ᠤᠷᠭᠤᠴᠠ ᠨᠢ ᠬᠡᠳᠦᠢ ᠥᠨᠳᠦᠷ ᠪᠣᠯ ᠲᠡᠳᠦᠢ ᠰᠠᠶᠢᠨ ᠭᠡᠵᠤ ᠣᠶᠢᠯᠠᠭᠠᠵᠦ ᠪᠣᠯᠬᠤ ᠦᠭᠡᠢ᠂ ᠵᠠᠷᠢᠮ ᠡᠪᠡᠰᠦ | ᠤᠤᠯ ᠠᠴᠠ ᠥᠨᠳᠦᠷ ᠤᠷᠭᠤᠳᠠᠭ ᠦᠭᠡᠢ᠂ ᠵᠢᠱᠢᠶᠡᠯᠡᠪᠡᠯ ᠬᠤᠨᠢᠨ ᠠᠭᠢ ᠪᠠ ᠮᠣᠷᠢᠨ ᠠᠭᠢ ᠨᠢ ᠪᠦᠷ ᠠᠭᠢ ᠮᠥᠨ᠂ | ᠭᠡᠪᠡᠴᠦ ᠬᠤᠨᠢᠨ ᠠᠭᠢ ᠨᠢ ᠣᠬᠤᠷ ᠤᠷᠭᠤᠵᠦ᠂ ᠮᠣᠷᠢᠨ ᠠᠭᠢ ᠨᠢ ᠥᠨᠳᠥᠷ ᠤᠷᠭᠤᠳᠠᠭ ᠪᠦᠭᠡᠳ ᠮᠠᠯ ᠤᠨ | ᠢᠳᠡᠮᠵᠢ ᠴᠦ ᠠᠳᠠᠯᠢ ᠦᠭᠡᠢ᠂ ᠣᠯᠬᠤ ᠰᠢᠮ᠎ᠡ ᠲᠡᠵᠢᠭᠡᠯ ᠨᠢ ᠴᠦ ᠣᠨᠳᠣᠣ ᠪᠠᠶᠢᠳᠠᠭ᠃ ᠡᠪᠡᠰᠦᠨ ᠤ ᠲᠦᠷᠦᠯ | ᠵᠦᠢᠯ ᠪᠠ ᠴᠢᠨᠠᠷ ᠢ ᠨᠦᠯᠥᠭᠡᠯᠡᠳᠡᠭ ᠨᠢ ᠭᠠᠵᠠᠷ ᠰᠢᠷᠤᠢ ᠶᠢᠨ ᠰᠢᠮ᠎ᠡ ᠳᠤ ᠪᠠᠶᠢᠬᠤ ᠪᠦᠭᠡᠳ ᠲᠠᠯᠠᠪᠠᠢ ᠶᠢᠨ ᠶᠡᠭᠡ | ᠪᠠᠭ᠎ᠠ ᠳᠤ ᠲᠤᠩ ᠶᠡᠭᠡ ᠨᠥᠯᠥᠭᠡᠯᠡᠨ᠎ᠡ᠃ ᠡᠩ ᠤᠨ ᠪᠠᠶᠢᠳᠠᠯ ᠳᠤ ᠪᠡᠯᠴᠢᠭᠡᠷ ᠤᠨ ᠲᠠᠯᠠᠪᠠᠢ ᠬᠡᠳᠦᠢ ᠶᠡᠬᠡᠰᠬᠦ | ᠲᠤᠳᠤᠮ ᠡᠪᠡᠰᠦᠨ ᠤ ᠲᠦᠷᠦᠯ ᠵᠦᠢᠯ ᠴᠦ ᠤᠯᠠᠨ ᠪᠠᠶᠢᠵᠦ᠂ ᠡᠪᠡᠰᠦ ᠤᠷᠭᠤᠮᠠᠯ ᠤᠨ ᠬᠠᠷᠢᠯᠴᠠᠨ ᠲᠦᠰᠢᠯᠴᠡᠬᠦ᠂ | ᠬᠠᠷᠢᠯᠴᠠᠨ ᠨᠦᠭᠦᠴᠡᠯᠳᠦᠬᠦ ᠳᠤᠬᠢᠶᠠᠯ ᠣᠯᠠᠨ ᠪᠠᠶᠢᠳᠠᠭ ᠠᠴᠠ ᠪᠡᠯᠴᠢᠭᠡᠷ ᠤᠨ ᠮᠠᠯ ᠠᠵᠦ ᠠᠬᠤᠢ ᠶᠢᠨ | ᠦᠢᠯᠡᠳᠪᠦᠷᠢᠯᠡᠯ ᠤᠨ ᠠᠷᠭ᠎ᠠ ᠬᠡᠯᠪᠡᠷᠢ ᠨᠢ ᠮᠠᠯ ᠳᠤ ᠢᠳᠡᠮᠵᠢ ᠲᠠᠢ ᠡᠪᠡᠰᠦ ᠤᠷᠭᠤᠮᠠᠯ ᠢ ᠨᠡᠯᠢᠶᠡᠳ ᠬᠠᠩᠭᠠᠮᠵᠢᠲᠠᠢ | ᠣᠯᠭᠤᠬᠤ ᠪᠤᠯᠤᠮᠵᠢ ᠬᠠᠷᠢᠴᠠᠩᠭᠤᠢ ᠶᠡᠭᠡ ᠪᠠᠶᠢᠵᠦ᠂ ᠨᠢᠭᠡᠳᠦᠭᠡᠷ ᠦᠢᠯᠡᠳᠪᠦᠷᠢᠯᠡᠯ ᠨᠢ ᠶᠠᠮᠠᠷᠴᠦ ᠪᠡᠯᠡ | ᠣᠷᠤᠭᠤᠯᠤᠯᠲᠠ ᠦᠭᠡᠢ ᠪᠠᠷ ᠠᠰᠢᠭᠯᠠᠯᠲᠠ ᠳᠤ ᠬᠡᠷᠡᠭᠯᠡᠭᠳᠡᠬᠦ ᠲᠤᠯᠠ ᠮᠠᠯ ᠠᠵᠦ ᠠᠬᠤᠢ ᠶᠢᠨ ᠦᠢᠯᠡᠳᠪᠦᠷᠢᠯᠡᠯ ᠤᠨ | ᠦᠪᠡᠷ ᠤᠨ ᠦᠷᠲᠡᠭ ᠢ ᠬᠠᠮᠤᠭ ᠤᠨ ᠳᠣᠣᠷ᠎ᠠ ᠪᠠᠶᠢᠯᠭᠠᠵᠦ᠂ ᠮᠠᠯ ᠤᠨ ᠠᠰᠢᠭ ᠰᠢᠮ᠎ᠡ ᠶᠢᠨ ᠭᠠᠷᠤᠯᠲᠠ ᠶᠢ | ᠳᠡᠭᠡᠭᠰᠢᠯᠡᠭᠦᠯᠳᠡᠭ᠃ ᠪᠠᠶᠢᠭᠠᠯᠢᠯᠢᠭ ᠪᠡᠯᠴᠢᠭᠡᠷ ᠤᠨ ᠡᠪᠡᠰᠦ ᠤᠷᠭᠤᠮᠠᠯ ᠨᠢ ᠲᠤᠬᠠᠢ ᠶᠢᠨ ᠭᠠᠵᠠᠷ ᠤᠨ ᠴᠠᠭ ᠠᠭᠠᠷ | ᠠᠭᠤᠷ ᠠᠮᠢᠰᠬᠤᠯ ᠤᠨ ᠬᠤᠪᠢᠷᠠᠯᠲᠠ ᠪᠠᠷ ᠤᠷᠭᠤᠵᠦ ᠲᠦᠯᠵᠢᠵᠦ᠂ ᠬᠠᠭᠳᠠᠷᠴᠤ ᠬᠠᠲᠠᠵᠦ᠂ ᠰᠢᠨ᠎ᠡ ᠬᠠᠭᠤᠴᠢᠨ ᠤ | ᠰᠣᠯᠢᠯᠴᠠᠭ᠎ᠠ ᠪᠠᠨ ᠲᠠᠰᠤᠷᠠᠯᠲᠠ ᠦᠭᠡᠢ ᠪᠡᠶᠡᠯᠡᠭᠦᠯᠳᠡᠭ ᠪᠦᠭᠡᠳ ᠮᠠᠯ ᠤᠨ ᠭᠢᠰᠭᠢᠴᠡ ᠪᠠ ᠮᠠᠯ ᠲᠠᠰᠤᠲᠠᠵᠦ | ᠵᠠᠵᠢᠯᠠᠵᠦ ᠢᠳᠡᠭᠰᠡᠨ ᠠᠴᠠ ᠡᠪᠡᠰᠦ ᠰᠡᠲᠡᠯᠲᠡ ᠣᠯᠵᠦ ᠨᠡᠩ ᠢᠳᠡᠪᠬᠢᠲᠡᠢ ᠥᠷᠢᠰᠦᠯᠳᠦᠨ ᠤᠷᠭᠤᠳᠠᠭ᠃ ᠡᠭᠦᠨ | ᠳᠤ ᠬᠠᠲᠠᠵᠦ ᠬᠠᠭᠳᠠᠷᠠᠬᠰᠠᠨ ᠪᠤᠭ ᠡᠪᠡᠰᠦ ᠪᠣᠯᠣᠨ ᠮᠠᠯ ᠤᠨ ᠪᠠᠭᠠᠰᠤ ᠰᠢᠭᠡᠰᠦ᠂ ᠭᠬᠢᠷ ᠬᠦᠯᠦᠰᠦ ᠢᠯᠭᠠᠳᠠᠰᠤ ᠨᠢ | ᠬᠦᠷᠦᠰᠦ ᠶᠢ ᠬᠠᠮᠠᠭᠠᠯᠠᠨ ᠤᠰᠤ ᠴᠢᠭᠢᠭ ᠢᠯᠴᠢ ᠬᠠᠳᠠᠭᠠᠯᠠᠨ ᠨᠥᠭᠡᠴᠡᠯᠡᠬᠦ ᠪᠦᠭᠡᠳ ᠰᠢᠮ᠎ᠡ ᠲᠡᠵᠢᠭᠡᠯ ᠬᠠᠩᠭᠠᠬᠤ | ᠪᠤᠷᠳᠤᠭᠤᠷ ᠪᠣᠯᠣᠨ ᠲᠦᠷᠭᠡᠳᠭᠡᠭᠦᠷ ᠪᠣᠯᠵᠦ᠂ ᠤᠷᠭᠤᠴᠠ ᠶᠢ ᠨᠡᠮᠡᠭᠳᠡᠭᠦᠯᠳᠡᠭ᠃ ᠮᠠᠯ ᠤᠨ ᠢᠳᠡᠮᠵᠢᠲᠦ ᠡᠪᠡᠰᠦ | ᠦᠭᠡᠢ ᠭᠠᠵᠠᠷ ᠢ ᠪᠡᠯᠴᠢᠭᠡᠷ ᠭᠡᠬᠦ ᠦᠭᠡᠢ᠂ ᠢᠳᠡᠮᠵᠢᠲᠦ ᠡᠪᠡᠰᠦ ᠤᠷᠭᠤᠮᠠᠯ ᠲᠠᠢ ᠪᠣᠯᠪᠠᠴᠤ ᠮᠠᠯ ᠮᠠᠯᠴᠢᠨ ᠬᠤᠶᠠᠷ | ᠦᠭᠡᠢ ᠪᠣᠯ ᠪᠡᠯᠴᠢᠭᠡᠷ ᠨᠤᠲᠤᠭ ᠭᠡᠬᠦ ᠦᠭᠡᠢ᠃ ᠮᠠᠯ ᠮᠠᠯᠴᠢᠨ ᠬᠤᠶᠠᠷ ᠤᠨ ᠤᠶᠠᠯᠳᠤᠯ ᠵᠣᠬᠢᠴᠠᠯᠳᠤᠯ ᠢᠶᠠᠷ | ᠪᠠᠶᠢᠭᠠᠯᠢᠯᠢᠭ ᠪᠡᠯᠴᠢᠭᠡᠷ ᠤᠨ ᠤᠰᠤ ᠨᠢ ᠲᠤᠩᠭᠠᠯᠠᠭ᠂ ᠡᠪᠡᠰᠦ ᠨᠢ ᠰᠣᠷᠭᠤᠭ᠂ ᠬᠦᠮᠦᠨ ᠨᠢ ᠪᠠᠭᠲᠠᠭᠠᠮᠵᠢ ᠲᠠᠢ᠂ | ᠮᠠᠯ ᠨᠢ ᠥᠨᠢᠷ ᠥᠳᠭᠡᠨ ᠪᠠᠶᠢᠵᠦ᠂ ᠪᠡᠯᠴᠢᠭᠡᠷ ᠤᠨ ᠮᠠᠯ ᠠᠵᠦ ᠠᠬᠤᠢ ᠶᠢᠨ ᠨᠡᠭᠦᠳᠡᠯᠯᠡᠨ ᠮᠠᠯᠵᠢᠬᠤ ᠰᠤᠩᠭᠤᠳᠠᠭ | ᠬᠡᠯᠪᠡᠷᠢ ᠪᠣᠢ ᠪᠣᠯᠳᠠᠭ᠃ | | | | | | |