ᠮᠤᠩᠭᠤᠯᠴᠤᠳ ᠤᠨ ᠤᠷ᠎ᠠ ᠦᠢᠯᠠ ᠶᠢᠨ ᠰᠤᠶᠤᠯ ᠢ ᠰᠢᠨᠵᠢᠬᠦ ᠨᠢ
ᠨᠡᠶᠢᠲᠡᠯᠡᠭᠰᠡᠨ ᠴᠠᠭ᠄
2019/12/31
                               —— ᠴ᠊ ᠰᠤᠪᠤᠳᠠᠨᠴᠡᠴᠡᠭ        ᠰᠤᠶᠤᠯ ᠪᠤᠯ ᠬᠦᠮᠤᠨ ᠳᠦᠷᠤᠯᠬᠢᠳᠠᠠ ᠤ ᠪᠤᠯᠪᠠᠰᠤᠨ ᠳᠠᠦᠭᠡ᠃ ᠳᠠᠬᠦᠨ ᠢ ᠬᠦᠮᠤᠨ ᠳᠦᠷᠤᠯᠬᠢᠳᠠᠠ ᠦᠪᠠᠷᠳᠠᠭᠡᠨ ᠤᠬᠠᠮᠰᠠᠷ ᠲᠠᠢ ᠪᠤᠶᠤ ᠤᠬᠠᠮᠰᠠᠷ ᠦᠭᠡᠢ ᠪᠠᠷ ᠪᠦᠳᠤᠭᠡᠵᠦ ᠢᠷᠡᠵᠠᠢ᠃ ᠬᠦᠮᠤᠨ ᠳᠦᠷᠤᠯᠬᠢᠳᠠᠠ ᠤ ᠪᠦᠳᠤᠭᠡᠭᠰᠠᠠ ᠡᠨᠠᠬᠦ ᠰᠤᠶᠤᠯ ᠨᠢ ᠤᠯᠠᠨ ᠰᠠᠯᠠᠭ᠎ᠠ ᠮᠦᠴᠢᠷ ᠲᠠᠢ ᠪᠠᠶᠢᠵᠦ᠂ ᠳᠠᠷᠠ ᠪᠦᠬᠦᠨ ᠢᠶᠠᠷ ᠢᠶᠠᠨ ᠨᠢᠭᠡᠳᠤᠨ ᠪᠦᠷᠢᠯᠳᠤᠭᠡᠳ ᠳᠠᠦᠭᠡ ᠶᠢᠨ ᠬᠦᠭᠵᠢᠯ ᠢ ᠠᠬᠢᠭᠤᠯᠵᠦ ᠪᠠᠶᠢᠳᠠᠭ᠃ ᠬᠦᠮᠤᠨ ᠳᠦᠷᠤᠯᠬᠢᠳᠠᠠ ᠡᠨᠠᠬᠦ ᠳᠠᠦᠭᠡ ᠪᠠᠨ ᠳᠠᠭᠡᠭᠡᠳ ᠢᠮᠠᠭᠳᠠ ᠳ᠋ᠦᠩᠨᠠᠨ ᠳᠠᠮᠳᠡᠭᠯᠠᠵᠦ ᠬᠤᠶᠢᠴᠢᠰ ᠲᠠᠭᠠᠨ ᠤᠯᠠᠮᠵᠢᠯᠠᠵᠦ ᠪᠠᠶᠢᠳᠠᠭ ᠨᠢ ᠬᠦᠮᠤᠨ ᠳᠦᠷᠤᠯᠬᠢᠳᠠᠠ ᠎ ᠤ ᠳᠠᠦᠭᠡ ᠶᠢᠨ ᠬᠦᠭᠵᠢᠯ ᠢ ᠠᠬᠢᠭᠤᠯᠬᠤ ᠳᠠᠷᠬᠠᠨ ᠡᠬᠦᠷᠭᠡ ᠬᠠᠷᠢᠭᠤᠴᠠᠯᠭ᠎ᠠ ᠪᠠᠶᠢᠵᠠᠢ᠃ ᠠᠳᠠ ᠳᠠᠷᠡᠬᠦ ᠤᠯᠠᠨ ᠰᠠᠯᠠᠭ᠎ᠠ ᠮᠦᠴᠢᠷ ᠰᠤᠶᠤᠯ ᠤᠨ ᠳᠤᠳᠤᠷ᠎ᠠ ᠠᠴᠠ ᠦᠨᠳᠤᠰᠤᠳᠠᠠ ᠤ ᠬᠤᠪᠴᠠᠰᠤ ᠵᠠᠰᠠᠯ ᠤᠨ ᠰᠤᠶᠤᠯ ᠢ ᠮᠦᠴᠢᠳ ᠰᠢᠨᠵᠢᠪᠠᠯ ᠬᠤᠪᠴᠠᠰᠤ ᠵᠠᠰᠠᠯ ᠲᠠᠢ ᠡᠩ ᠳᠠᠷᠢᠬᠦᠨ᠎ᠠ ᠬᠤᠯᠪᠤᠭᠳᠠᠬᠤ ᠨᠢ ᠤᠷᠠᠨ ᠦᠢᠯᠠ ᠪᠤᠯᠤᠨ᠎ᠠ᠃ ᠳᠤᠤᠷ᠎ᠠ ᠬᠤᠪᠴᠠᠰᠤ ᠵᠠᠰᠠᠯ ᠲᠠᠢ ᠬᠤᠯᠪᠤᠭᠳᠠᠬᠤ ᠤᠷᠠᠨ ᠦᠢᠯᠠ ᠶᠢ ᠠᠽᠢᠶ᠎ᠠ ᠳᠢᠪ ᠤᠨ ᠦᠨᠳᠦᠷᠯᠢᠭ ᠲᠤ ᠤᠷᠤᠰᠢᠨ ᠠᠮᠢᠳᠤᠷᠠᠵᠦ ᠢᠷᠡᠭᠰᠠᠠ ᠠᠩᠴᠢ᠂ ᠮᠠᠯᠴᠢ ᠦᠨᠳᠤᠰᠤᠳᠠᠠ ᠤ ᠳᠠᠦᠭᠡ ᠠᠴᠠ ᠰᠠᠬᠦᠵᠦ ᠳᠠᠬᠦᠨ ᠤ ᠬᠤᠪᠴᠠᠰᠤ ᠵᠠᠰᠠᠯ ᠎ ᠤᠨ ᠰᠤᠶᠤᠯ ᠤᠨ ᠬᠤᠪᠢᠷᠠᠯ ᠬᠦᠭᠵᠢᠯ ᠢ ᠳᠦᠬᠦᠮ ᠦᠵᠠᠶ᠎ᠠ᠃        ᠠᠽᠢᠶ᠎ᠠ ᠶᠢᠨ ᠭᠡᠰᠡᠭ ᠲᠤ ᠤᠯᠠᠨ ᠵᠠᠭᠤᠨ ᠵᠢᠯ ᠨᠠᠬᠦᠳᠠᠯ ᠤᠨ ᠮᠠᠯ ᠠᠵᠦ ᠠᠬᠤᠢ ᠡᠷᠬᠢᠯᠠᠵᠦ ᠢᠷᠡᠭᠰᠠᠠ ᠮᠤᠩᠭᠤᠯᠴᠤᠳ ᠳᠠᠬᠦᠨ ᠤ ᠨᠠᠶᠢᠭᠡᠮ ᠤᠨ ᠤᠷᠴᠢᠨ ᠠᠬᠤᠢ ᠪᠤᠯᠬᠤ ᠬᠦᠷᠰᠢ ᠤᠷᠤᠨ ᠤ ᠬᠢ ᠪᠠᠨ ᠰᠤᠶᠤᠯ ᠢᠷᠭᠡᠨᠰᠢᠯ ᠠᠵᠦ ᠠᠬᠤᠢ ᠶᠢᠨ ᠬᠦᠭᠵᠢᠯ ᠠᠬᠢᠭᠤᠯᠤᠯ ᠳᠤ ᠵᠤᠬᠢᠬᠤ ᠡᠬᠦᠷᠭᠡ ᠬᠦᠢᠴᠡᠳᠭᠡᠵᠦ ᠢᠷᠡᠵᠠᠢ᠃ ᠡᠬᠦᠨ ᠳᠤ ᠮᠤᠩᠭᠤᠯᠴᠤᠳ ᠤᠨ ᠤᠷᠠᠨ ᠦᠢᠯᠠ ᠶᠢᠨ ᠦᠢᠯᠠᠰ ᠶᠠᠭᠡᠭᠡᠨ ᠪᠠᠶᠢᠷᠢ ᠰᠠᠭᠤᠷᠢ ᠡᠵᠠᠯᠠᠨ᠎ᠠ᠃ ᠮᠤᠩᠭᠤᠯ ᠪᠦᠰᠠᠬᠦᠶᠢᠴᠤᠳ ᠦᠪᠠᠷ ᠤᠨ ᠤᠷᠤᠨ ᠤ ᠨᠠᠬᠦᠳᠠᠯ ᠤᠨ ᠪᠤᠯᠤᠨ ᠴᠠᠭ ᠠᠭᠤᠷ ᠤᠨ ᠤᠨᠴᠠᠯᠢᠭ ᠲᠤ ᠳᠤᠬᠢᠷᠠᠭᠤᠯᠤᠨ ᠬᠦᠮᠤᠨ ᠠᠷᠠᠳ ᠤᠨ ᠢᠶᠠᠨ ᠭᠡᠷᠡᠭᠴᠡᠭᠡᠳᠤ ᠬᠤᠪᠴᠠᠰᠤ ᠬᠤᠨᠠᠷ᠂ ᠭᠡᠷ ᠤᠷᠤᠨ ᠤ ᠪᠦᠬᠦᠶᠢᠯᠠ ᠭᠡᠷᠡᠭᠰᠠᠯ ᠢ ᠮᠧᠬᠠᠨᠢᠭ ᠎ ᠢᠶᠠᠷ ᠪᠢᠰᠢ᠂ ᠬᠠᠷᠢᠨ ᠭᠠᠷ ᠤᠨ ᠤᠷ᠎ᠠ ᠳᠠᠮ ᠢᠶᠠᠷ ᠢᠶᠠᠨ ᠬᠢᠵᠦ ᠪᠦᠳᠤᠭᠡᠵᠦ ᠢᠷᠡᠬᠦ ᠳᠡᠭᠡᠨ ᠤᠷ᠎ᠠ ᠦᠢᠯᠠ ᠶᠢᠨ ᠳᠠᠦᠭᠡ ᠶᠢ ᠪᠦᠳᠤᠭᠡᠵᠦ᠂ ᠮᠠᠯ ᠠᠵᠦ ᠠᠬᠤᠢ ᠶᠢᠨ ᠭᠠᠷᠤᠯ ᠲᠠᠢ ᠦᠢᠯᠠᠳᠪᠤᠷᠢᠯᠠᠯ ᠤᠨ ᠠᠩᠬᠠᠨ ᠤ ᠪᠤᠯᠪᠠᠰᠤᠷᠠᠭᠤᠯᠤᠯᠳᠠ ᠶᠢᠨ ᠳᠠᠯ᠎ᠠ ᠪᠠᠷ ᠶᠠᠨᠳᠤᠰᠢ ᠦᠭᠡᠢ ᠬᠦᠨ ᠳᠤᠷᠰᠢᠯᠭ᠎ᠠ ᠳᠠᠳᠤᠯᠭ᠎ᠠ᠂ ᠡᠬᠦᠳᠤᠯᠳᠠ ᠲᠠᠢ ᠪᠤᠯᠵᠦ ᠢᠷᠡᠭᠰᠠᠠ ᠪᠠᠶᠢᠨ᠎ᠠ᠃ ᠮᠤᠩᠭᠤᠯ ᠪᠦᠰᠠᠬᠦᠶᠢᠴᠤᠳ ᠤᠨ ᠤᠷ᠎ᠠ ᠦᠢᠯᠠ ᠶᠢᠨ ᠭᠡᠪᠴᠢᠶᠠᠨ ᠳᠤ ᠳᠠᠬᠦᠨ ᠤ ᠪᠠᠭᠠᠵᠢ ᠭᠡᠷᠡᠭᠰᠠᠯ ᠢ ᠪᠠᠭᠳᠠᠭᠠᠭᠰᠠᠠ ᠦᠨᠳᠤᠰᠤᠳᠠᠠ ᠤ ᠬᠤᠪᠴᠠᠰᠤ᠂ ᠭᠡ ᠤᠭᠠᠯᠵᠠ᠂ ᠦᠩᠭᠡ ᠪᠤᠳᠤᠭ ᠤᠨ ᠤᠴᠢᠷ᠂ ᠤᠷᠠᠨ ᠬᠠᠳᠬᠤᠮᠠᠯ᠂ ᠨᠠᠭᠡᠮᠠᠯ᠂ ᠰᠦᠯᠵᠢᠮᠠᠯ᠂ ᠤᠶᠠᠭ᠎ᠠ ᠵᠠᠩᠬᠢᠯᠠᠭ᠎ᠠ᠂ ᠦᠨᠳᠤᠰᠤᠳᠠᠠ ᠤ ᠳᠦᠷᠤᠯ ᠪᠦᠷᠢ ᠶᠢᠨ ᠬᠤᠪᠴᠠᠰᠤᠨ ᠤ ᠡᠰᠭᠡᠯᠳᠠ᠂ ᠭᠡᠷᠡᠭᠰᠠᠯ ᠴᠢᠮᠡᠭ ᠵᠠᠷᠭᠡ ᠳᠦᠷᠤᠯ ᠵᠦᠢᠯ ᠤᠨ ᠠᠭᠤᠯᠭ᠎ᠠ ᠤᠳ ᠪᠠᠭᠳᠠᠨ᠎ᠠ᠃ ᠡᠷᠳᠠᠮᠳᠠᠨ ᠰᠤᠳᠤᠯᠭᠠᠳᠠᠳ ᠤᠨ ᠰᠤᠳᠤᠯᠤᠯ ᠠᠴᠠ ᠦᠵᠠᠬᠦ ᠳᠤ ᠤᠷ᠎ᠠ ᠦᠢᠯᠠ ᠨᠢ ᠤᠤᠭᠠᠨ ᠤᠷᠠᠯᠠᠯ᠂ ᠢᠵᠠᠭᠤᠷ ᠰᠤᠶᠤᠯ ᠤᠨ ᠨᠢᠭᠡᠨ ᠪᠤᠯᠬᠤ ᠪᠦᠭᠡᠳ ᠬᠦᠮᠤᠨ ᠤ ᠨᠠᠶᠢᠭᠡᠮ ᠤᠨ ᠬᠦᠭᠵᠢᠯ ᠤᠨ ᠡᠬᠢᠨ ᠤ ᠦᠶ᠎ᠠ — ᠬᠠᠭᠤᠴᠢᠨ ᠴᠢᠯᠠᠭᠤᠨ ᠵᠠᠪᠰᠡᠭ ᠤᠨ ᠦᠶ᠎ᠠ ᠠᠴᠠ ᠡᠬᠢᠯᠠᠯ ᠲᠠᠢ ᠠᠵᠠᠢ᠃ ᠳᠠᠷᠠᠴᠢᠯᠠᠨ ᠬᠦᠢ ᠨᠢᠭᠡᠳᠤᠯ ᠤᠨ ᠡᠬᠢᠨ ᠤ ᠦᠶ᠎ᠠ ᠱᠠᠳᠤᠨ ᠳᠤ ᠡᠭᠡ ᠶᠢᠨ ᠡᠷᠭᠡᠳᠤ ᠶᠤᠰᠤ ᠨᠤᠶᠠᠷᠬᠠᠬᠤ ᠪᠠᠶᠢᠷᠢ ᠳᠤ ᠪᠠᠶᠢᠬᠤ ᠳᠤ᠂ ᠪᠦᠰᠠᠬᠦᠶᠢᠴᠤᠳ ᠠᠷᠠᠰᠤ ᠨᠠᠭᠡᠢ ᠡᠯᠳᠠᠵᠦ ᠪᠠᠶᠢᠭᠰᠠᠠ ᠪᠤᠯᠬᠤᠷ ᠤᠷ᠎ᠠ ᠦᠢᠯᠠ ᠡᠨᠠ ᠦᠶ᠎ᠠ ᠠᠴᠠ ᠡᠬᠢᠯᠠᠵᠠᠢ᠃        ᠨᠢᠭᠡ᠂ ᠬᠦᠮᠤᠨ ᠳᠦᠷᠤᠯᠬᠢᠳᠠᠠ ᠤ ᠬᠤᠪᠴᠠᠰᠤ ᠵᠠᠰᠠᠯ ᠬᠦᠮᠤᠨ ᠤ ᠨᠠᠶᠢᠭᠡᠮ ᠲᠠᠢ ᠬᠠᠮᠳᠤ ᠡᠬᠦᠰᠴᠠᠢ        ᠦᠨᠳᠦᠷᠯᠢᠭ ᠤᠨ ᠤᠷᠤᠨ ᠳᠤ ᠤᠷᠤᠰᠢᠨ ᠠᠮᠢᠳᠤᠷᠠᠵᠦ ᠪᠠᠶᠢᠭᠰᠠᠠ ᠦᠨᠳᠤᠰᠤᠳᠠᠠ ᠤ ᠦᠢᠯᠠ ᠤᠳᠠᠰᠤᠨ ᠎ ᠤ ᠬᠠᠮᠤᠭ ᠠᠩᠬᠠᠨ ᠤ ᠱᠠᠳᠤ ᠦᠶ᠎ᠠ — ᠬᠦᠮᠤᠨ ᠳᠦᠷᠤᠯᠬᠢᠳᠠᠠ ᠰᠠᠷᠮᠠᠭᠴᠢᠨ ᠠᠴᠠ ᠤᠯᠠᠷᠢᠨ ᠬᠤᠪᠢᠰᠴᠤ᠂ ᠬᠦᠳᠠᠯᠮᠤᠷᠢ ᠳᠤ ᠳᠦᠰᠢᠭᠯᠡᠨ ᠬᠦᠭᠵᠢᠨ ᠦᠭᠡᠷᠡᠳᠠᠵᠦ᠂ ᠠᠮᠢᠳᠤᠷᠠᠯ ᠤᠷᠤᠰᠢᠬᠤᠢ ᠶᠢᠨ ᠱᠠᠭᠠᠷᠳᠠᠯᠭ᠎ᠠ ᠠᠴᠠ ᠠᠯᠬᠤᠮ ᠎ ᠢᠶᠠᠷ ᠳᠠᠭᠡᠭᠰᠢᠯᠠᠵᠦ ᠢᠷᠡᠬᠦ ᠶᠠᠪᠤᠴᠠ ᠶᠢ ᠳᠠᠭᠠᠯᠳᠤᠨ ᠬᠦᠮᠤᠨ ᠳᠦᠷᠤᠯᠬᠢᠳᠠᠠ ᠳᠤ ᠠᠩᠬᠠᠨ ᠤ ᠪᠠᠶ᠎ᠠ ᠪᠠᠨ ᠪᠤᠰᠤᠳ ᠎ ᠠᠴᠠ ᠪᠤᠯᠤᠨ ᠭᠠᠳᠠᠭᠠᠳᠤ ᠨᠦᠬᠦᠴᠠᠯ ᠠᠴᠠ ᠬᠠᠯᠬᠠᠯᠠᠵᠦ ᠬᠠᠮᠠᠭᠠᠯᠠᠬᠤ ᠱᠠᠭᠠᠷᠳᠠᠯᠭ᠎ᠠ ᠡᠬᠦᠰᠴᠤ᠂ ᠡᠬᠦᠨ ᠤ ᠤᠯᠠᠮ ᠎ ᠠᠴᠠ ᠮᠤᠳᠤᠨ ᠤ ᠨᠠᠪᠴᠢ ᠬᠠᠯᠢᠰᠤ ᠠᠷᠢᠶᠠᠳᠠᠠ ᠬᠦᠷᠤᠭᠡᠰᠤᠨ ᠤ ᠠᠷᠠᠰᠤ ᠰᠢᠷᠢ ᠶᠢ ᠨᠦᠮᠤᠷᠬᠦ ᠳᠠᠪᠢᠰᠬᠦ ᠵᠠᠷᠭᠡ ᠪᠠᠷ ᠭᠡᠷᠡᠭᠯᠠᠵᠦ ᠪᠠᠶᠢᠭᠰᠠᠠ ᠢᠶᠠᠨ ᠬᠤᠪᠴᠠᠰᠤᠨ ᠤ ᠮᠠᠶ᠋ᠢᠭ ᠢᠶᠠᠷ ᠪᠠᠶ᠎ᠠ ᠪᠠᠨ ᠬᠠᠯᠬᠠᠯᠠᠵᠦ ᠬᠠᠮᠠᠭᠠᠯᠠᠬᠤ ᠤᠬᠠᠭᠠᠨ ᠢ ᠰᠠᠷᠠᠵᠦ ᠡᠬᠢᠯᠡᠭᠰᠠᠠ ᠪᠢᠯᠠ᠂ ᠳᠠᠭᠡᠬᠦ ᠳᠡᠭᠡᠨ ᠳᠠᠷᠠ ᠨᠢ《 ᠴᠠᠭ ᠠᠭᠤᠷ ᠤᠨ ᠪᠠᠶᠢᠳᠠᠯ ᠠᠴᠠ ᠰᠢᠯᠳᠠᠭᠠᠯᠠᠭᠳᠠᠵᠦ ᠬᠦᠢᠳᠠᠠ ᠠᠭᠤᠷ ᠠᠮᠢᠰᠬᠤᠯ ᠲᠠᠢ ᠦᠨᠳᠦᠷᠯᠢᠭ ᠤᠷᠤᠨ ᠳᠤ ᠡᠬᠢᠯᠠᠵᠦ ᠡᠬᠦᠰᠦᠭᠰᠠᠠ ᠠᠩᠬᠠᠨ ᠤ ᠬᠤᠪᠴᠠᠰᠤ — ᠪᠠᠩᠵᠠᠯ᠂ ᠪᠦᠰᠠ᠂ ᠬᠤᠷᠮᠤᠶᠢᠪᠴᠢ ᠪᠠᠶᠢᠭᠰᠠᠠ ᠪᠦᠭᠡᠳ ᠬᠠᠨᠴᠤᠢ ᠲᠠᠢ ᠬᠤᠪᠴᠠᠰᠤ᠂ ᠦᠮᠤᠳᠤ ᠬᠤᠵᠢᠮ ᠨᠢ ᠡᠬᠦᠰᠦᠭᠰᠠᠠ》① ︵ᠴ᠊᠂ ᠰᠠᠩᠵᠠᠶᠢᠰᠦ᠋ᠷᠤᠩ ᠤᠨ《 ᠡᠷᠳᠠᠨ ᠤ ᠳᠠᠯᠠᠭᠡᠢ ᠶᠢᠨ ᠳᠠᠦᠭᠡ ᠶᠢᠨ ᠳᠠᠭᠡᠵᠢᠰ ᠪᠢᠴᠢᠭ》 ᠤᠯᠠᠭᠠᠨᠪᠠᠭᠠᠳᠤᠷ1985 ᠤᠨ︶ ᠰᠠᠨᠵᠠᠢ᠃        ᠬᠦᠮᠤᠨ ᠳᠦᠷᠤᠯᠬᠢᠳᠠᠠ ᠤ ᠨᠠᠶᠢᠭᠡᠮ ᠤᠨ ᠱᠠᠳᠤ ᠦᠶ᠎ᠠ ᠬᠠᠭᠤᠴᠢᠨ ᠴᠢᠯᠠᠭᠤᠨ ᠵᠠᠪᠰᠡᠭ ᠤᠨ ᠦᠶ᠎ᠠ ᠬᠦᠷᠬᠦ ᠎ ᠳᠤ ᠪᠦᠰᠠᠳᠠᠶᠢᠴᠤᠳ ᠠᠩ ᠠᠩᠨᠠᠬᠤ᠂ ᠵᠢᠭᠠᠰᠤ ᠪᠠᠷᠢᠬᠤ ᠠᠵᠢᠯ ᠡᠷᠬᠢᠯᠠᠵᠦ᠂ ᠪᠦᠰᠠᠬᠦᠶᠢᠴᠤᠳ ᠤᠢ ᠰᠢᠭᠤᠢ ᠠᠴᠠ ᠵᠢᠮᠢᠰ ᠮᠦᠬᠦ ᠳᠠᠬᠦᠬᠦ᠂ ᠠᠷᠠᠰᠤ ᠨᠠᠭᠡᠢ ᠡᠯᠳᠠᠬᠦ ᠵᠠᠷᠭᠡ ᠠᠵᠢᠯ ᠢ ᠡᠷᠬᠢᠯᠡᠳᠡᠭ ᠪᠠᠶᠢᠭᠰᠠᠠ ᠤᠯᠠ ᠮᠦᠷ ᠠᠴᠠ ᠪᠦᠰᠠᠬᠦᠶᠢᠴᠤᠳ ᠤᠨ ᠠᠩᠬᠠᠨ ᠤ ᠤᠷ᠎ᠠ ᠦᠢᠯᠠ ᠡᠬᠢᠯᠠᠵᠠᠢ ᠭᠡᠵᠦ ᠦᠵᠠᠵᠦ ᠪᠤᠯᠤᠨ᠎ᠠ᠃ ᠮᠤᠩᠭᠤᠯ ᠤᠨ ᠦᠨᠳᠦᠷᠯᠢᠭ ᠲᠠᠬᠢ ᠮᠠᠨ ᠤ ᠳᠠᠦᠭᠡ ᠰᠤᠶᠤᠯ ᠢᠷᠭᠡᠨᠰᠢᠯ ᠲᠠᠢ ᠬᠤᠯᠪᠤᠭ᠎ᠠ ᠲᠠᠢ ᠤᠯᠠᠨ ᠤᠪᠤᠭ ᠠᠶᠢᠮᠠᠭ ᠤᠨ ᠨᠢᠭᠡᠨ ᠦᠶ᠎ᠠ ᠨᠢᠭᠡᠳᠤᠨ ᠬᠦᠭᠵᠢᠵᠦ ᠨᠢᠭᠡᠨ ᠦᠶ᠎ᠠ ᠵᠠᠳᠠᠷᠠᠨ ᠰᠠᠷᠨᠢᠵᠦ ᠳᠠᠶᠢᠨ ᠪᠠᠶᠢᠯᠳᠤᠭᠠᠨ ᠤᠯᠠᠨᠳᠠ ᠪᠤᠯᠵᠦ ᠬᠦᠮᠤᠨ ᠳᠦᠷᠤᠯᠬᠢᠳᠠᠠ ᠦᠪᠠᠷ ᠤᠨ ᠪᠦᠳᠤᠭᠡᠵᠦ ᠬᠤᠷᠠᠮᠳᠤᠭᠤᠯᠤᠭᠰᠠᠠ ᠢᠶᠠᠨ ᠰᠦᠢᠳᠭᠡᠵᠦ ᠪᠠᠶᠢᠵᠠᠢ᠃ ᠡᠬᠦᠨ ᠳᠤ ᠤᠳᠠᠰᠤ ᠰᠢᠷᠭᠡᠭ ᠪᠦᠬᠦᠨ ᠢ ᠨᠢ ᠤᠷ᠎ᠠ ᠤᠬᠠᠭᠠᠨ ᠬᠤᠶᠠᠷ ᠢᠶᠠᠷ ᠢᠶᠠᠨ ᠳᠤᠳᠤᠷᠠᠭᠤᠯᠤᠨ ᠪᠦᠳᠤᠭᠡᠭᠰᠠᠠ ᠪᠦᠰᠠᠬᠦᠶᠢᠴᠤᠳ ᠤᠨ ᠭᠠᠷ ᠤᠷᠠᠯᠢᠭ ᠳᠠᠶᠢᠨ ᠳᠠᠭᠡᠷᠡᠮ ᠤᠨ ᠭᠠᠢ ᠳᠤ ᠴᠦᠯᠪᠡᠭᠳᠠᠵᠦ ᠪᠠᠶᠢᠭᠰᠠᠠ ᠴᠤ《 ᠡᠳ᠋ ᠨᠢᠭᠡᠨ ᠦᠶ᠎ᠠ᠂ ᠡᠷᠳᠠᠮ ᠮᠢᠩᠭᠠᠨ ᠦᠶ᠎ᠠ》 ᠭᠡᠳᠡᠭᠴᠢᠯᠠᠨ ᠠᠷᠠᠳ ᠳᠦᠮᠠᠨ ᠤ ᠤᠷ᠎ᠠ ᠤᠬᠠᠭᠠᠨ ᠪᠤᠯᠠᠭᠳᠠᠰᠢ ᠦᠭᠡᠢ ᠤᠨᠳᠤᠷᠴᠤ ᠪᠠᠶᠢᠳᠠᠭ ᠪᠤᠯᠬᠤᠷ ᠠᠷᠭ᠎ᠠ ᠦᠭᠡᠢ ᠯᠠ ᠳᠠᠷᠠᠭᠠᠴᠢ ᠶᠢᠨ ᠦᠶ᠎ᠠ ᠨᠢ ᠤᠯᠠᠮᠵᠢᠯᠠᠨ ᠬᠦᠭᠵᠢᠬᠦᠯᠦᠭᠰᠠᠭᠡᠷ ᠪᠠᠶᠢᠳᠠᠭ ᠪᠠᠶᠢᠵᠠᠢ᠃        ⒈ ᠡᠾᠦ᠋ᠩᠨᠤ ᠶᠢᠨ ᠦᠶ᠎ᠠ ᠳᠤ ᠨᠠᠬᠦᠳᠠᠯ ᠪᠠᠭᠤᠳᠠᠯ ᠤᠨ ᠦᠪᠠᠷᠮᠢᠴᠠ ᠤᠨᠴᠠᠯᠢᠭ ᠲᠠᠭᠠᠨ ᠳᠤᠬᠢᠷᠠᠭᠤᠯᠤᠨ ᠂ ᠬᠦᠩᠭᠡᠨ ᠮᠠᠶ᠋ᠢᠭ ᠤᠨ ᠢᠰᠠᠬᠡᠢ ᠰᠢᠷᠢ ᠪᠠᠷ ᠭᠤᠳᠤᠯ ᠬᠢᠵᠦ ᠡᠮᠤᠰᠤᠨ᠂ ᠢᠰᠠᠬᠡᠢ ᠬᠢᠬᠦ᠂ ᠳᠠᠭᠡᠰᠤ ᠳᠠᠮᠤᠬᠤ ᠵᠠᠷᠭᠡ ᠳᠠᠯ᠎ᠠ ᠪᠠᠷ ᠬᠦᠭᠵᠢᠯ ᠲᠠᠢ ᠪᠠᠶᠢᠵᠦ᠂ ᠭᠠᠷ ᠤᠷᠠᠯᠠᠯ ᠤᠨ ᠬᠤᠪᠢ ᠳᠤ ᠦᠢᠯᠠ ᠤᠳᠠᠰᠤ ᠲᠠᠢ ᠬᠤᠯᠪᠤᠭᠳᠠᠬᠤ ᠠᠴᠠ ᠤᠷᠠᠨ ᠬᠠᠳᠬᠤᠮᠠᠯ ᠤᠨ ᠦᠩᠭᠡ ᠵᠤᠬᠢᠴᠠᠯ ᠰᠠᠶᠢᠵᠢᠷᠠᠵᠦ᠂ ᠢᠰᠠᠭᠡᠢ ᠤᠷᠠᠯᠠᠯ᠂ ᠨᠤᠤᠰᠤᠨ ᠨᠠᠭᠡᠮᠠᠯ᠂ ᠵᠠᠭᠡᠰᠤᠳᠤ ᠨᠠᠭᠠᠮᠠᠯ᠂ ᠢᠰᠠᠭᠡᠢ ᠰᠢᠷᠢᠮᠠᠯ ᠵᠠᠷᠭᠡ ᠭᠤᠤᠯᠴᠢᠯᠠᠭᠳᠠᠵᠦ᠂ ᠭᠡᠷ ᠤᠷᠤᠨ᠂ ᠤᠷᠤ ᠳᠠᠷ᠎ᠠ᠂ ᠡᠮᠤᠰᠬᠦ ᠬᠤᠪᠴᠠᠰᠤᠨ ᠳᠤ ᠢᠰᠠᠭᠡᠢ ᠶᠢ ᠶᠠᠭᠡᠭᠡᠨ ᠭᠡᠷᠡᠭᠯᠠᠵᠦ᠂ ᠳᠠᠬᠦᠨ ᠢ ᠰᠢᠷᠢᠬᠦ ᠭᠡᠯᠠᠬᠦ ︵ᠭᠡ ᠭᠠᠷᠭᠠᠨ ᠤᠶᠤᠬᠤ︶ ᠤᠷᠠᠯᠢᠭ ᠶᠡᠭᠡ ᠬᠦᠭᠵᠢᠯ ᠎ ᠲᠠᠢ ᠪᠠᠶᠢᠵᠠᠢ᠃        ⒉ ᠰᠢᠶᠠᠨᠪᠢ ᠶᠢᠨ ᠦᠶ᠎ᠠ ᠳᠤ᠂ ᠤᠷ᠎ᠠ ᠦᠢᠯᠠ ᠠᠴᠠ ᠨᠠᠭᠠᠮᠠᠯ᠂ ᠬᠠᠣᠬᠤᠮᠠᠯ ᠨᠠᠯᠢᠶᠠᠳ ᠬᠦᠭᠵᠢᠵᠦ ᠬᠤᠪᠴᠠᠰᠤᠨ ᠳᠤ ᠭᠤᠶᠤᠯᠠᠯ ᠴᠢᠮᠡᠭᠯᠠᠯ ᠬᠢᠬᠦ ᠤᠷᠠᠯᠢᠭ ᠳᠠᠯᠭᠡᠷᠠᠪᠠ᠃        ⒊ ᠮᠤᠩᠭᠤᠯ ᠤᠨ ᠦᠨᠳᠦᠷᠯᠢᠭ ᠢᠶᠠᠷ ᠳᠠᠷᠬᠠᠨ ᠨᠤᠳᠤᠭᠯᠠᠵᠦ ᠮᠠᠯ ᠠᠵᠦ ᠠᠬᠤᠢ᠂ ᠳᠠᠷᠢᠶᠠᠯᠠᠩ ᠡᠷᠬᠢᠯᠠᠵᠦ ᠪᠠᠶᠢᠭᠰᠠᠠ ᠳᠦᠷᠺᠠᠴᠤᠤᠯ ᠤᠨ ᠦᠶ᠎ᠠ ᠳᠤ᠂ ᠠᠷᠠᠰᠤ ᠰᠢᠷᠢ ᠪᠠᠷ ᠬᠤᠪᠴᠠᠰᠤ ᠬᠢᠬᠦ᠂ ᠭᠡᠷ ᠤᠷᠤᠨ ᠢᠶᠠᠨ ᠴᠢᠮᠠᠬᠦ ᠎ ᠠᠴᠠ ᠭᠠᠳᠠᠨ᠎ᠠ ᠪᠦᠰᠠᠬᠦᠶᠢᠴᠤᠳ ᠤᠨ ᠤᠷ᠎ᠠ ᠦᠢᠯᠠ ᠭᠤᠤᠯᠳᠠᠭᠤ ᠱᠠᠰᠢᠨ ᠤ ᠡᠮᠤᠰᠭᠡᠯ᠂ ᠪᠤᠷᠬᠠᠨ ᠰᠢᠳᠤᠭᠡᠨ ᠤ ᠳᠦᠷᠢ ᠬᠦᠷᠦᠭ ᠤᠷᠠᠯᠠᠬᠤ ᠳᠤ ᠵᠤᠷᠢᠭᠤᠯᠤᠭᠳᠠᠵᠦ ᠪᠠᠶᠢᠵᠠᠢ᠃ ᠭᠡᠬᠦ ᠳᠡᠭᠡᠨ ᠤᠷ᠎ᠠ ᠦᠢᠯᠠ ᠨᠢ ᠮᠦᠨ ᠨᠢᠭᠡ ᠱᠠᠳᠤᠨ ᠎ ᠤ ᠬᠦᠭᠵᠢᠯ ᠲᠠᠢ ᠪᠠᠶᠢᠵᠦ᠂ ᠬᠠᠭᠠᠳ ᠨᠤᠶᠠᠳ ᠤᠨ ᠵᠤᠨ ᠤ ᠴᠠᠭ ᠤᠨ ᠭᠡᠷ ᠢ ᠳᠤᠤᠷ ᠢᠶᠠᠷ ᠪᠦᠷᠬᠦᠳᠡᠭ ᠪᠦᠭᠡᠳ ᠢᠰᠠᠭᠡᠢ ᠶᠢ ᠤᠯᠠᠨ ᠦᠩᠭᠡ ᠪᠠᠷ ᠭᠡᠯᠠᠵᠦ ᠠᠯᠠᠭᠯᠠᠬᠤ ᠵᠠᠷᠭᠡ ᠤᠨᠴᠠᠯᠢᠭ ᠲᠠᠢ ᠪᠤᠯᠵᠦ᠂ ᠡᠾᠦ᠋ᠩᠨᠤ ᠨᠠᠩᠬᠢᠶᠠᠳ ᠤᠨ ᠭᠠᠷ ᠤᠷᠠᠯᠠᠯ ᠤᠨ ᠤᠨᠴᠠᠯᠢᠭ ᠢ ᠠᠭᠤᠰᠬᠠᠨ ᠰᠢᠩᠭᠡᠭᠡᠭᠰᠠᠠ ᠵᠢᠷᠤᠭ ᠬᠠᠳᠬᠤᠮᠠᠯ ᠳᠤᠨᠢ ᠪᠠᠶᠢᠭᠠᠯᠢ ᠶᠢ ᠶᠡᠭᠡ ᠳᠦᠷᠰᠤᠯᠠᠳᠡᠭ ᠪᠠᠶᠢᠵᠠᠢ᠃        ⒋8 —9 ᠳ᠋ᠤᠭᠡᠷ ᠵᠠᠭᠤᠨ ᠤ ᠦᠶ᠎ᠠ ᠶᠢᠨ ᠤᠶᠢᠭᠤᠷ ᠬᠠᠭᠠᠨᠳᠤ ᠤᠯᠤᠰ ᠤᠨ ᠦᠶ᠎ᠠ ᠪᠤᠯᠬᠤ ᠳᠤ ᠪᠦᠰᠠᠬᠦᠶᠢᠴᠤᠳ ᠤᠨ ᠤᠷ᠎ᠠ ᠦᠢᠯᠠ ᠤᠯᠠᠮ ᠨᠢᠭᠡ ᠠᠯᠬᠤᠮ ᠬᠦᠭᠵᠢᠯ ᠲᠠᠢ ᠪᠤᠯᠵᠦ ᠬᠠᠳᠬᠤᠮᠠᠯ ᠭᠤᠶᠤᠮᠰᠢᠵᠦ᠂ ᠬᠦᠮᠤᠨ ᠤ ᠨᠠᠮᠪᠠ ᠳᠦᠷᠬᠦ ᠶᠢ ᠡᠷᠬᠢᠮ ᠵᠠᠷᠭᠡ ᠡᠳ᠋ ᠭᠡᠷᠡᠭᠰᠠᠯ ᠲᠠᠢ ᠢᠯᠭᠠᠷᠠᠭᠤᠯᠤᠨ ᠳᠤᠳᠤᠷᠠᠭᠤᠯᠵᠦ ᠰᠠᠶᠢᠬᠠᠨ ᠤᠷᠠᠯᠠᠵᠦ ᠴᠢᠳᠠᠬᠤ ᠪᠤᠯᠤᠭᠰᠠᠠ ᠪᠦᠭᠡᠳ ᠤᠭᠠᠯᠵᠠ ᠭᠡ ᠶᠢ ᠳᠤᠪᠤᠶᠢᠯᠭᠠᠵᠦ ᠬᠤᠳᠤᠶᠢᠯᠭᠠᠬᠤ᠂ ᠳᠠᠬᠢᠷ ᠰᠢᠯᠤᠭᠤᠨ᠂ ᠳᠤᠯᠬᠢᠶᠠᠨ ᠲᠠᠢ᠂ ᠬᠠᠭᠠᠰ ᠳᠤᠭᠤᠶᠢᠯᠠᠭᠰᠠᠠ ᠪᠠᠶᠢᠳᠠᠯ ᠢᠶᠠᠷ ᠭᠡᠯᠠᠬᠦ ᠪᠤᠯᠵᠦ ᠢᠷᠡᠵᠠᠢ᠃ ᠡᠬᠦᠨ ᠠᠴᠠ ᠭᠠᠳᠠᠨ᠎ᠠ ᠤᠶᠢᠭᠤᠷᠴᠤᠳ ᠤᠨ ᠳᠤᠮᠳᠠ ᠨᠠᠭᠡᠮᠠᠯᠴᠢᠨ ᠤᠯᠠᠰᠢᠷᠠᠵᠦ ᠢᠷᠡᠭᠰᠠᠠ ᠪᠠᠶᠢᠨ᠎ᠠ᠃        ⒌ ᠬᠢᠳᠠᠨ ᠤ ᠦᠶ᠎ᠠ ᠳᠤ᠂ ᠤᠷᠠᠨ ᠦᠢᠯᠠ ᠨᠢ ᠱᠠᠰᠢᠨ ᠤ ᠡᠮᠤᠰᠭᠡᠯ᠂ ᠪᠤᠷᠠᠬᠨ ᠤ ᠬᠦᠷᠦᠭ ᠳᠦᠷᠢ ᠶᠢ ᠤᠨᠴᠠᠯᠠᠨ ᠤᠷᠠᠯᠠᠬᠤ ᠠᠴᠠ ᠭᠠᠳᠠᠨ᠎ᠠ ᠬᠤᠪᠴᠠᠰᠤ ᠨᠢ ᠮᠤᠩᠭᠤᠯ ᠤᠨ ᠡᠷᠳᠠᠨ ᠤ ᠬᠤᠪᠴᠠᠰᠤ ᠵᠠᠰᠠᠯ ᠲᠠᠢ ᠶᠡᠭᠡ ᠳᠦᠰᠤᠭᠡᠳᠠᠢ ᠪᠤᠯᠵᠦ ᠳᠠᠪᠠᠯ ᠤᠨ ᠵᠠᠬ᠎ᠠ ᠶᠢ ᠵᠦᠪ ᠳᠠᠰᠢ ᠨᠢ ᠵᠦᠷᠢᠬᠦᠯᠳᠡᠭ ᠵᠦᠷᠢᠬᠦᠤ ᠡᠩᠭᠡᠷ ᠲᠠᠢ ᠯᠠᠮᠠ ᠵᠠᠬ᠎ᠠ ᠲᠠᠢ ᠂ ᠤᠯᠠᠭᠠᠨ ᠬᠠᠵᠢ᠂ ᠦᠷᠭᠡᠨ ᠤᠯᠠᠭᠠᠨ ᠡᠮᠵᠢᠶᠠᠷᠢ ᠲᠠᠢ ᠪᠤᠯᠵᠠᠢ᠃ ᠭᠤᠳᠤᠯ ᠨᠢ ᠴᠤ ᠮᠤᠩᠭᠤᠯ ᠤᠨ ᠡᠷᠳᠠᠨ ᠤ ᠬᠠᠭᠤᠴᠢᠨ ᠭᠤᠳᠤᠯ ᠲᠠᠢ ᠳᠦᠰᠤᠭᠡᠳᠠᠢ ᠪᠤᠯᠵᠦ ᠰᠠᠷᠢᠰᠤ ᠦᠭᠡᠢ᠂ ᠵᠤᠯᠤᠭ ᠵᠠᠯᠭᠠᠭ᠎ᠠ ᠦᠭᠡᠢ᠂ ᠤᠯᠠ ᠵᠤᠵᠠᠭᠠᠨ ᠪᠠᠮᠪᠠᠭᠠᠷ᠂ ᠤᠷᠢᠳᠤ ᠳᠠᠯ᠎ᠠ ᠶᠢᠨ ᠬᠤᠰᠢᠭᠤ ᠨᠢ ᠳᠠᠭᠡᠭᠰᠢ ᠪᠠᠨ ᠡᠷᠬᠢᠭᠰᠡᠠ᠂ ᠬᠤᠩᠰᠢᠶᠠᠷ ᠨᠢ ᠡᠭᠡᠳᠠᠨ ᠮᠦᠯᠢᠭᠡᠷ᠂ ᠦᠩᠭᠡ ᠨᠢ ᠭᠤᠤᠯᠳᠠᠭᠤ ᠤᠯᠠᠭᠠᠨ ᠦᠩᠭᠡ ᠶᠢᠨ ᠬᠢ ᠪᠠᠶᠢᠵᠠᠢ᠃ ᠮᠦᠨ ᠳᠠᠷᠠ ᠦᠶ᠎ᠠ ᠳᠤ ᠡᠭᠡᠷᠡᠬᠦ᠂ ᠰᠤᠷ ᠢᠶᠠᠷ ᠰᠦᠯᠵᠢᠬᠦ᠂ ᠨᠠᠭᠡᠬᠦ ᠡᠳ᠋ᠯᠠᠯ ᠶᠡᠭᠡ ᠬᠦᠭᠵᠢᠵᠦ ᠭᠠᠷ ᠦᠢᠯᠠᠳᠪᠤᠷᠢ ᠳᠦᠷᠦᠯᠵᠢᠨ ᠳᠤᠰᠬᠠᠶᠢᠵᠢᠭᠰᠠᠠ ᠳᠦᠯᠤᠪ ᠲᠠᠢ ᠪᠤᠯᠵᠠᠢ᠃ ᠳᠠᠷᠠᠴᠢᠯᠠᠨ ᠬᠢᠳᠠᠨᠴᠤᠳ 940 ᠤᠨ ᠳᠤ ᠬᠠᠷᠢ ᠶᠢᠨ ᠵᠠᠷᠯᠢᠭ ᠢᠶᠠᠷ ᠳᠤᠰᠬᠠᠢ ᠳᠦᠰᠢᠮᠠᠯ ᠭᠠᠷᠭᠠᠨ ᠠᠷᠠᠳ ᠲᠤ ᠡᠭᠡᠷᠡᠬᠦ ᠨᠠᠭᠡᠬᠦ ᠮᠠᠷᠭᠡᠵᠢᠯ ᠤᠨ ᠰᠤᠷᠭᠠᠭᠤᠯᠢᠯᠠᠯ ᠬᠢᠵᠦ ᠪᠠᠶᠢᠭᠰᠠᠠ ᠪᠠᠶᠢᠨ᠎ᠠ᠃ ᠡᠨᠠ ᠪᠤᠯ ᠬᠢᠳᠠᠨ ᠤ ᠦᠶ᠎ᠠ ᠳᠠᠬᠢ ᠤᠷ᠎ᠠ ᠦᠢᠯᠠ ᠶᠢᠨ ᠳᠠᠭᠡᠭᠰᠢᠯᠠᠯ ᠤᠨ ᠭᠡᠮᠵᠢᠶ᠎ᠠ ᠶᠢ ᠬᠠᠷᠠᠭᠤᠯᠵᠦ ᠪᠠᠶᠢᠭ᠎ᠠ ᠶᠤᠮ᠃        ⒍ 13 —18 ᠳ᠋ᠤᠭᠠᠷ ᠵᠠᠭᠤᠨ ᠤ ᠦᠶ᠎ᠠ ᠪᠤᠯᠬᠤ ᠳᠤ᠂ ᠮᠤᠩᠭᠤᠯ ᠤᠨ ᠦᠨᠳᠦᠷᠯᠢᠭ ᠲᠤ ᠹᠸᠤᠳᠠᠯ ᠤᠨ ᠨᠠᠶᠢᠭᠡᠮ ᠤᠨ ᠰᠢᠨᠵᠢ ᠬᠦᠨᠵᠠᠭᠡᠶᠢᠷᠠᠵᠦ ᠪᠠᠶᠢᠭᠰᠠᠠ ᠴᠤ ᠰᠤᠶᠤᠯ ᠤᠨ ᠬᠦᠭᠵᠢᠯ ᠳᠤ ᠠᠰᠤᠷᠤ ᠦᠭᠡᠷᠡᠴᠢᠯᠠᠯᠳᠠ ᠭᠠᠷᠴᠤ ᠪᠠᠶᠢᠵᠠᠢ᠃ ᠡᠨᠠ ᠦᠶ᠎ᠠ ᠶᠢᠨ ᠮᠤᠩᠭᠤᠯᠴᠤᠳ ᠤᠨ ᠠᠵᠦ ᠠᠮᠢᠳᠤᠷᠠᠯ ᠨᠠᠬᠦᠳᠠᠯ ᠤᠨ ᠮᠠᠯᠵᠢᠯ ᠭᠡᠪ ᠢᠶᠠᠷ ᠢᠶᠠᠨ ᠪᠠᠶᠢᠵᠦ᠂ ᠳᠠᠳᠠ ᠮᠠᠯ ᠠᠵᠦ ᠠᠬᠤᠢ ᠶᠢᠨ ᠠᠰᠢᠭ ᠰᠢᠮ᠎ᠠ ᠪᠠᠷ ᠠᠮᠢᠳᠤᠷᠠᠯ ᠤᠨ ᠭᠡᠷᠡᠭᠴᠡᠭᠡ ᠪᠠᠨ ᠬᠠᠩᠭᠠᠵᠦ᠂ ᠴᠤᠬᠤᠮ ᠳᠠᠭᠠᠨ ᠮᠢᠬ᠎ᠠ ᠰᠦ᠂ ᠴᠠᠭᠠᠨ ᠢᠳᠠᠭᠡᠨ ᠢ ᠦᠨᠤ ᠶᠢᠨ ᠰᠢᠭ ᠪᠤᠯᠪᠠᠰᠤᠷᠠᠭᠤᠯᠤᠨ ᠭᠡᠷᠡᠭᠯᠠᠵᠦ ᠪᠠᠶᠢᠵᠠᠢ᠃ ᠳᠠᠭᠡᠬᠦ ᠳᠤ ᠳᠠᠳᠠᠨ ᠤ ᠤᠷᠤᠨ ᠰᠠᠭᠤᠴᠠ ᠨᠢ ᠮᠦᠨ ᠯᠠ ᠢᠰᠠᠭᠡᠢ ᠭᠡᠪ ᠢᠶᠠᠷ ᠢᠶᠠᠨ ᠪᠠᠶᠢᠵᠦ᠂ ᠪᠦᠰᠠᠬᠦᠶᠢᠴᠤᠳ ᠤᠨ ᠤᠶᠤᠳᠠᠯ ᠳᠤ ᠢᠰᠠᠭᠡᠢ ᠡᠰᠭᠡᠵᠦ ᠤᠶᠤᠬᠤ᠂ ᠰᠢᠷᠢᠬᠦ ᠠᠵᠢᠯ ᠶᠠᠭᠡᠭᠡᠨ ᠪᠠᠶᠢᠷᠢ ᠲᠠᠢ ᠪᠠᠶᠢᠵᠦ᠂ ᠡᠬᠦᠨ ᠤ ᠵᠠᠷᠭᠡᠴᠡᠭᠡ ᠎ ᠪᠠᠷ ᠳᠠᠪᠤᠤ᠂ ᠳᠤᠷᠭᠠᠨ ᠡᠳ᠋ᠯᠠᠯ ᠢ ᠤᠶᠤᠬᠤ ᠠᠵᠢᠯ ᠶᠡᠭᠡ ᠬᠦᠭᠵᠢᠵᠦ ᠢᠷᠡᠵᠠᠢ᠃ ᠳᠤᠬᠠᠢ ᠶᠢᠨ ᠦᠶ᠎ᠠ ᠪᠤᠯᠵᠦ ᠢᠷᠡᠬᠦ ᠳᠤ ᠮᠤᠩᠭᠤᠯᠴᠤᠳ ᠢᠰᠠᠭᠡᠢ ᠶᠢᠨ ᠢᠶᠠᠨ ᠴᠢᠨᠠᠷ᠂ ᠦᠩᠭᠡ ᠦᠵᠠᠮᠵᠢ ᠶᠢ ᠰᠠᠶᠢᠵᠢᠷᠠᠭᠤᠯᠵᠦ᠂ ᠬᠤᠨᠢᠨ ᠨᠠᠭᠡᠢ ᠎ ᠶᠢ ᠭᠠᠩᠳᠠᠭᠠᠬᠤ᠂ ᠳᠠᠪᠤᠰᠤᠯᠠᠬᠤ ᠵᠠᠷᠭᠡ ᠰᠢᠨ᠎ᠠ ᠠᠷᠭ᠎ᠠ ᠭᠡᠯᠪᠠᠷᠢ ᠪᠠᠷ ᠠᠩᠬᠠᠨ ᠤ ᠪᠤᠯᠪᠠᠰᠤᠷᠠᠭᠤᠯᠤᠯᠳᠠ ᠲᠠᠢ ᠪᠤᠯᠭᠠᠵᠠᠢ᠃ ᠡᠬᠦᠨ ᠢ ᠳᠠᠭᠠᠯᠳᠤᠨ ᠤᠷ᠎ᠠ ᠦᠢᠯᠠ ᠶᠢᠨ ᠪᠠᠭᠠᠵᠢ ᠬᠦᠭᠵᠢᠯ ᠲᠠᠢ ᠪᠤᠯᠤᠭᠰᠠᠠ ᠴᠤ ᠬᠠᠰᠢᠯᠠ ᠪᠦᠰᠠᠬᠦᠶᠢᠴᠤᠳ ᠤᠨ ᠭᠠᠷ ᠦᠢᠯᠠ ᠤᠳᠠᠰᠤᠨ ᠤ ᠭᠤᠤᠯ ᠪᠠᠭᠠᠵᠢ ᠪᠤᠯᠵᠦ ᠪᠠᠶᠢᠵᠠᠢ᠃        ᠳᠠᠭᠡᠷᠠᠬᠢ ᠪᠠᠶᠢᠳᠠᠯ ᠠᠴᠠ ᠦᠵᠠᠬᠦ ᠳᠤ ᠮᠤᠩᠭᠤᠯ ᠤᠨ ᠦᠨᠳᠦᠷᠯᠢᠭ ᠤᠨ ᠤᠷᠤᠨ ᠤ ᠪᠦᠰᠠᠬᠦᠶᠢᠴᠤᠳ ᠤᠨ ᠠᠷᠠᠰᠤ ᠢᠰᠠᠭᠡᠢ ᠡᠬᠢᠯᠠᠯ ᠲᠠᠢ ᠤᠷ᠎ᠠ ᠦᠢᠯᠠ ᠳᠤᠬᠠᠢ ᠶᠢᠨ ᠨᠠᠶᠢᠭᠡᠮ ᠤᠷᠴᠢᠨ ᠠᠬᠤᠢ ᠶᠢᠨ ᠠᠮᠢᠳᠤᠷᠠᠯ ᠤᠨ ᠢᠶᠠᠨ ᠨᠦᠯᠤᠭᠡ ᠬᠢᠵᠠᠭᠠᠷ ᠠᠴᠠ ᠪᠤᠯᠵᠦ ᠶᠠᠷᠤᠳᠠᠭᠡᠨ ᠠᠷᠠᠰᠤ ᠰᠢᠷᠢ ᠨᠤᠤᠰᠤ ᠤᠳᠠᠰᠤᠨ ᠠᠴᠠ ᠭᠠᠳᠠᠨ᠎ᠠ ᠠᠩ ᠤᠨ ᠠᠷᠠᠰᠤ ᠂ ᠦᠨᠠᠳᠤ ᠤᠰᠤᠯᠢᠭ ᠠᠩ ᠤᠨ ᠠᠷᠠᠰᠤ ᠤᠶᠤᠬᠤ ᠳᠤ ᠵᠤᠷᠢᠭᠤᠯᠤᠭᠳᠠᠵᠦ ᠪᠠᠶᠢᠵᠠᠢ᠃        ᠮᠤᠩᠭᠤᠯ ᠤᠨ ᠦᠨᠳᠦᠷᠯᠢᠭ ᠤᠨ ᠨᠠᠬᠦᠳᠠᠯᠴᠢᠨ ᠠᠶᠢᠮᠠᠭ ᠤᠨ ᠦᠢᠯᠠ ᠤᠳᠠᠰᠤᠨ ᠤ ᠰᠤᠶᠤᠯ ᠢ ᠰᠢᠨᠵᠢᠬᠦ ᠎ ᠳᠤ ᠳᠠᠭᠡᠷ᠎ᠠ ᠳᠤᠷᠠᠳᠤᠭᠰᠠᠠ ᠨᠤᠳᠤᠭ ᠤᠷᠤᠨ᠂ ᠤᠭᠰᠠᠭ᠎ᠠ ᠳᠦᠷᠤᠯ ᠤᠨ ᠬᠦᠭᠵᠢᠯ ᠬᠤᠪᠢᠷᠠᠯ ᠬᠦᠨ᠎ᠠ ᠬᠤᠯᠪᠤᠭᠳᠠᠬᠤ ᠠᠵᠢ᠃        ᠬᠤᠶᠠᠷ᠂ ᠡᠮᠤᠰᠭᠡᠯ ᠵᠠᠰᠠᠯ ᠤᠨ ᠤᠨᠴᠠᠯᠢᠭ ᠳᠦᠯᠤᠪᠰᠢᠷᠠᠯ ᠤᠨ ᠪᠠᠶᠢᠳᠠᠯ ᠪᠠ ᠬᠤᠵᠢᠭᠤ ᠦᠶ᠎ᠠ ᠶᠢᠨ ᠤᠷ᠎ᠠ ᠦᠢᠯᠠ ᠶᠢᠨ ᠬᠦᠭᠵᠢᠯ        ᠡᠮᠤᠰᠭᠡᠯ ᠵᠠᠰᠠᠯ ᠤᠨ ᠬᠤᠪᠢ ᠳᠤ ᠴᠢᠩᠬᠢᠰ ᠤᠨ ᠦᠶ᠎ᠠ ᠪᠤᠯᠬᠤ ᠳᠤ ᠮᠤᠩᠭᠤᠯ ᠤᠨ ᠦᠨᠳᠦᠷᠯᠢᠭ ᠤᠨ ᠬᠢᠨ ᠨᠠᠯᠢᠶᠠᠳ ᠤᠨᠴᠠᠯᠢᠭ ᠲᠠᠢ ᠳᠦᠯᠤᠪᠰᠢᠷᠠᠵᠦ ᠴᠡᠷᠢᠭ ᠳᠠᠶᠢᠨ ᠤ ᠬᠤᠪᠴᠠᠰᠤ ᠪᠤᠯᠪᠠᠰᠤᠷᠠᠩᠭᠤᠢ ᠪᠤᠯᠵᠦ᠂ ᠨᠤᠶᠠᠳ ᠨᠠᠷ ᠎ ᠤᠨ ᠬᠤᠪᠴᠠᠰᠤ ᠶᠢ ᠦᠨᠠᠳᠤ ᠬᠤᠷᠭᠤᠢ ᠳᠤᠷᠭ᠎ᠠ ᠪᠠᠷ ᠬᠢᠵᠦ᠂ ᠡᠷᠬᠢᠨ ᠳᠤᠭᠤᠷᠢᠨ ᠭᠠᠤᠯᠢᠨ ᠬᠠᠳᠠᠭᠠᠰᠤ ᠳᠤᠪᠤᠷᠤᠤ ᠰᠢᠬᠢᠳᠭᠡᠵᠦ ᠴᠢᠮᠠᠬᠦ ᠪᠠ ᠱᠤᠪᠤᠭᠤᠷ ᠤᠷᠤᠢ ᠲᠠᠢ ᠳᠠᠮᠤᠷ ᠴᠢᠮᠡᠭ ᠲᠠᠢ ᠳᠤᠭᠤᠯᠭ᠎ᠠ ᠡᠮᠤᠰᠬᠦ᠂ ᠡᠩ ᠤᠨ ᠴᠡᠷᠢᠭ ᠤᠷᠳᠤᠭᠤᠷ ᠢᠶᠠᠨ ᠬᠠᠭᠠᠷᠬᠠᠢ᠂ ᠳᠠᠪᠤᠤ ᠪᠠᠷ ᠬᠤᠤᠰᠯᠠᠨ ᠡᠮᠵᠢᠭᠰᠡᠠ ᠪᠤᠭᠤᠨᠢ ᠳᠠᠪᠠᠯ᠂ ᠴᠡᠭᠡᠵᠢ ᠪᠠᠷ ᠢᠶᠠᠨ ᠭᠤᠶᠤᠮᠰᠤᠭ ᠳᠠᠪᠤᠤ ︵ᠪᠦᠳᠤᠬᠦᠯᠢᠭ ᠪᠦᠰ — ᠳᠤᠬᠠᠢ ᠶᠢᠨ ᠦᠶ᠎ᠠ ᠳᠤ ᠳᠠᠳᠠ ᠵᠠᠷᠭᠡᠯᠠᠳᠡᠭᠡ ᠤᠷᠤᠨ ᠭᠠᠵᠠᠷ ᠠᠴᠠ ᠎ ᠪᠠᠨ ᠳᠤᠷᠭ᠎ᠠ ᠳᠤᠷᠳᠤᠩ᠂ ᠪᠦᠰ ᠪᠠᠷᠠᠭ᠎ᠠ ᠶᠢ ᠠᠷᠠᠰᠤ ᠰᠢᠷᠢ ᠪᠠᠷ ᠢᠶᠠᠨ ᠰᠤᠯᠢᠵᠦ ᠤᠷᠤᠭᠤᠯᠳᠠᠭ ᠪᠠᠶᠢᠪᠠ︶ ᠬᠤᠪᠴᠠᠰᠤ᠂ ᠤᠷᠤᠢ ᠳᠠᠭᠡᠷ᠎ᠠ ᠪᠠᠨ ᠦᠰᠤ ᠬᠢᠯᠭᠠᠰᠤᠨ ᠰᠠᠴᠤᠭ ᠲᠠᠢ᠂ ᠳᠠᠮᠤᠷ ᠱᠢᠷᠤ ᠲᠠᠢ ᠳᠤᠭᠤᠯᠭ᠎ᠠ ᠵᠠᠷᠭᠡ ᠡᠮᠤᠰᠬᠦ᠂ ᠪᠦᠬᠦ ᠴᠡᠷᠢᠭ ᠨᠤᠶᠠᠳ ᠨᠠᠷ ᠪᠠᠶ᠎ᠠ ᠬᠠᠮᠠᠭᠠᠯᠠᠬᠤ ᠳᠤᠤᠷ᠂ ᠬᠤᠶᠠᠭ ᠡᠮᠤᠰᠬᠦ᠂ ᠡᠭᠡᠳᠠᠨ ᠪᠤᠰᠤ ᠱᠤᠪᠤᠭᠤᠷᠳᠤᠭᠤ ᠬᠤᠰᠢᠭᠤ ᠲᠠᠢ ᠰᠢᠷᠢ ᠪᠠᠷ ᠬᠢᠭᠰᠡᠠ ᠭᠤᠳᠤᠯ ᠡᠮᠤᠰᠬᠦ᠂ ᠪᠦᠰᠠᠬᠦᠶᠢᠴᠤᠳ ᠪᠦᠰᠠ ᠦᠭᠡᠢ ᠤᠷᠳᠤ ᠳᠠᠪᠠᠯ ᠳᠠᠭᠡᠷ᠎ᠠ ᠪᠠᠨ ᠡᠮᠤᠨ᠎ᠠ ᠪᠠᠨ ᠵᠠᠳᠠᠭᠠᠢ ᠰᠢᠯᠤᠭᠤᠨ ᠡᠩᠭᠡᠷ ᠲᠠᠢ ᠤᠷᠳᠤ ᠨᠦᠮᠤᠷᠭᠡ ᠮᠠᠶ᠋ᠢᠭ ᠤᠨ ᠤᠭᠤᠵᠢ ᠡᠮᠤᠰᠳᠡᠭ ᠪᠠᠶᠢᠵᠠᠢ᠃        17 ᠳ᠋ᠤᠭᠠᠷ ᠵᠠᠭᠤᠨ ᠤ ᠦᠶ᠎ᠠ ᠳᠤ ᠮᠤᠩᠭᠤᠯᠴᠤᠳ ᠤᠨ ᠤᠷ᠎ᠠ ᠦᠢᠯᠠ ᠶᠢᠨ ᠳᠤᠳᠤᠷᠠᠬᠢ ᠬᠠᠳᠬᠤᠮᠠᠯ ᠎ ᠤᠨ ᠤᠬᠢ ᠰᠤᠩᠭᠤᠳᠠᠭ ᠵᠦᠢᠯ ᠪᠤᠯᠬᠤ ᠵᠠᠬᠦᠤ ᠤᠷᠢᠶᠠᠬᠤ ᠤᠷᠠᠯᠠᠯ ᠶᠡᠭᠡ ᠪᠤᠯᠪᠠᠰᠤᠷᠠᠩᠭᠤᠢ ᠪᠤᠯᠵᠦ ᠢᠷᠡᠵᠠᠢ᠃ ᠳᠠᠦᠭᠡ ᠰᠤᠳᠤᠯᠤᠭᠴᠢᠳ ᠡᠨᠠ ᠦᠶ᠎ᠠ ᠶᠢ《 ᠮᠤᠩᠭᠤᠯ ᠤᠨ ᠤᠷ᠎ᠠ ᠤᠷᠠᠯᠢᠭ ᠤᠨ ᠴᠡᠴᠡᠭ ᠰᠤᠶᠤᠭᠠᠯᠠᠬᠤ ᠬᠦᠷᠤᠰᠤ》 ᠭᠡᠳᠡᠭ ᠰᠠᠨ᠃ ᠬᠦᠮᠤᠨ ᠳᠦᠷᠤᠯᠬᠢᠳᠠᠠ ᠤ ᠨᠠᠶᠢᠭᠡᠮ ᠡᠬᠦᠰᠤᠨ ᠬᠦᠭᠵᠢᠭᠰᠡᠠ ᠳᠠᠷᠠ ᠴᠠᠭ ᠠᠴᠠ ᠦᠨᠤ ᠬᠦᠷᠳᠠᠯ᠎ᠠ ᠤᠷᠳᠤ ᠤᠳᠠᠭᠠᠨ ᠬᠤᠭᠤᠴᠠᠭ᠎ᠠ ᠦᠩᠭᠡᠷᠡᠭᠰᠠᠠ ᠪᠤᠯᠪᠠᠴᠤ ᠬᠦᠮᠤᠨ ᠠᠵᠦ ᠳᠦᠷᠤᠬᠦ ᠶᠢᠨ ᠦᠨᠳᠤᠰᠤ ᠪᠤᠯᠤᠭᠰᠠᠠ ᠤᠷᠴᠢᠨ ᠠᠬᠤᠢ ᠪᠠᠨ ᠳᠠᠨᠢᠨ ᠮᠠᠳᠠᠵᠦ᠂ ᠠᠮᠢᠳᠤᠷᠠᠯ ᠤᠨ ᠢᠶᠠᠨ ᠨᠦᠬᠦᠴᠠᠯ ᠢ ᠰᠠᠶᠢᠵᠢᠷᠠᠭᠤᠯᠬᠤ ᠳᠠᠯ᠎ᠠ ᠎ ᠪᠠᠷ ᠠᠰᠤᠷᠤ ᠶᠡᠭᠡ ᠦᠢᠯᠠ ᠶᠢ ᠪᠦᠳᠤᠭᠡᠵᠦ ᠪᠠᠭ᠎ᠠ ᠪᠤᠰᠤ ᠪᠠᠶᠠᠯᠢᠭ ᠢ ᠬᠤᠷᠠᠮᠳᠤᠭᠤᠯᠵᠦ ᠢᠷᠡᠭᠰᠠᠠ ᠨᠢ ᠳᠤᠳᠤᠷᠬᠠᠢ ᠪᠢᠯᠠ᠃ ᠡᠬᠦᠨ ᠤ ᠭᠡᠷᠡᠴᠢ ᠨᠢ ᠶᠠᠮᠠᠷᠴᠤ ᠬᠠᠷᠬᠢᠰ ᠨᠠᠶᠢᠭᠡᠮ ᠳᠦᠷᠤ ᠨᠤᠶᠠᠷᠬᠠᠵᠦ ᠪᠠᠶᠢᠯ᠎ᠠ ᠴᠤ ᠭᠡᠰᠠᠨ ᠠᠷᠠᠳ ᠳᠦᠮᠠᠨ ᠤ ᠤᠷᠠᠯᠠᠨ ᠪᠦᠳᠤᠭᠡᠬᠦ ᠦᠢᠯᠠᠰ ᠳᠠᠰᠤᠷᠠᠯᠳᠠ ᠦᠭᠡᠢ ᠬᠦᠭᠵᠢᠵᠦ ᠪᠠᠶᠢᠭᠰᠠᠠ ᠢ ᠮᠤᠩᠭᠤᠯ ᠤᠨ ᠤᠷ᠎ᠠ ᠦᠢᠯᠠ ᠶᠢᠨ ᠬᠦᠭᠵᠢᠯ ᠭᠡᠷᠡᠴᠢᠯᠠᠵᠦ ᠪᠤᠢ᠃ ᠮᠤᠩᠭᠤᠯᠴᠤᠳ ᠠᠯᠢ ᠴᠤ ᠨᠠᠶᠢᠭᠡᠮ ᠤᠨ ᠱᠠᠳᠤᠨ ᠳᠤ ᠪᠦᠰᠠᠬᠦᠶᠢᠴᠤᠳ ᠎ ᠢ ᠤᠷ᠎ᠠ ᠦᠢᠯᠠ ᠳᠤ ᠰᠤᠷᠭᠠᠨ ᠶᠠᠭᠤᠮᠠᠬᠠᠨ ᠢᠶᠠᠷ ᠶᠠᠭᠤᠮ᠎ᠠ ᠬᠢᠬᠦ ᠠᠵᠢᠯ ᠳᠤ ᠪᠠᠭ᠎ᠠ ᠪᠠᠯᠴᠢᠷ ᠠᠴᠠ ᠨᠢ ᠴᠢᠩᠭ᠎ᠠ ᠰᠤᠷᠭᠠᠵᠦ ᠳᠠᠳᠬᠠᠯᠵᠢᠭᠤᠯᠵᠦ ᠪᠠᠶᠢᠵᠠᠢ᠃ ᠡᠨᠠ ᠪᠤᠯ ᠨᠢᠭᠡᠨ ᠰᠢᠯᠢᠳᠡᠭ ᠦᠨᠳᠤᠰᠤᠳᠠᠠ ᠤ ᠶᠠᠰᠤ ᠴᠢᠨᠠᠷ ᠢ ᠳᠠᠭᠠᠵᠦ ᠪᠦᠳᠦᠭᠰᠠᠠ ᠤᠯᠠᠮᠵᠢᠯᠠᠯᠳᠤ ᠴᠢᠨᠠᠷ ᠪᠠᠶᠢᠭ᠎ᠠ ᠶᠤᠮ᠃ ᠳᠠᠶᠢᠮᠤ ᠠᠴᠠ ᠤᠷᠠᠨ ᠤᠳᠤᠮᠳᠤ ᠮᠤᠩᠭᠤᠯ ᠪᠦᠰᠠᠬᠦᠶᠢᠴᠤᠳ ᠤᠯᠠᠨ ᠵᠠᠭᠤᠨ ᠤ ᠦᠶ᠎ᠠ ᠳᠤ ᠭᠡᠷ ᠤᠷᠤᠨ᠂ ᠠᠬᠤᠢ ᠠᠮᠢᠳᠤᠷᠠᠯ ᠢᠶᠠᠨ ᠳᠠᠳᠬᠦᠵᠦ ᠶᠠᠪᠤᠬᠤ ᠳᠠᠭᠠᠨ ᠭᠠᠩ ᠵᠠᠬᠦᠤ᠂ ᠭᠠᠷ ᠤᠨ ᠤᠷ᠎ᠠ᠂ ᠤᠶᠤᠨ ᠤᠬᠠᠭᠠᠨ ᠳᠠᠭᠠᠨ ᠳᠦᠰᠢᠭᠯᠡᠵᠦ ᠠᠶᠢᠯ ᠭᠡᠷ ᠤᠨ ᠬᠦᠮᠤᠨ ᠠᠷᠠᠳ ᠢᠶᠠᠨ ᠤᠷ᠎ᠠ ᠦᠢᠯᠠ ᠎ ᠪᠠᠷ ᠢᠶᠠᠨ ᠴᠢᠮᠠᠵᠦ ᠢᠷᠡᠭᠰᠠᠠ ᠰᠠᠨ᠃ ᠮᠦᠨᠴᠤ ᠨᠠᠶᠢᠭᠡᠮ ᠲᠠᠢ ᠬᠠᠮᠳᠤ ᠡᠬᠦᠰᠤᠨ ᠬᠦᠭᠵᠢᠵᠦ ᠳᠤᠬᠠᠢ ᠶᠢᠨ ᠤᠯᠤᠰ ᠤᠷᠤᠨ ᠤ ᠠᠵᠦ ᠠᠮᠢᠳᠤᠷᠠᠯ ᠪᠤᠯᠤᠨ ᠰᠠᠨᠠᠭ᠎ᠠ ᠠᠬᠤᠢ᠂ ᠦᠩᠭᠡ ᠦᠵᠠᠮᠵᠢ ᠶᠢ ᠳᠤᠰᠬᠠᠨ ᠬᠠᠷᠠᠭᠤᠯᠵᠦ ᠡᠴᠤᠰ ᠎ ᠲᠡᠭᠡᠨ ᠳᠠᠦᠭᠡ ᠳᠤᠷᠠᠰᠬᠠᠯ ᠤᠨ ᠪᠣᠳᠠᠳᠤ ᠪᠠᠷᠢᠮᠳᠠ ᠪᠤᠯᠤᠨ ᠦᠯᠠᠳᠡᠳᠡᠭ ᠤᠨ ᠵᠢᠮ᠎ᠠ ᠪᠠᠷ ᠮᠤᠩᠭᠤᠯ ᠤᠨ ᠪᠦᠰᠠᠬᠦᠶᠢᠴᠤᠳ ᠤᠨ ᠤᠷ᠎ᠠ ᠦᠢᠯᠠ ᠳᠠᠷᠠ ᠯᠠ ᠵᠢᠮ᠎ᠠ ᠪᠠᠷ ᠳᠤᠭᠤᠯᠤᠨ ᠢᠷᠠᠵᠠᠢ᠃ ᠳᠠᠶᠢᠮᠤ ᠠᠴᠠ ᠠᠷᠠᠳ ᠤᠨ ᠦᠪ ᠰᠤᠶᠤᠯ ᠤᠨ ᠰᠢᠯᠢᠳᠡᠭ ᠪᠤᠯᠬᠤ ᠤᠷᠠᠨ ᠦᠢᠯᠠ ᠶᠢ ᠴᠢᠨᠠᠭᠰᠢᠳᠠ ᠤᠯᠠᠮᠵᠢᠯᠠᠨ ᠬᠦᠭᠵᠢᠬᠦᠯᠵᠦ᠂ ᠬᠤᠶᠢᠴᠢ ᠦᠶ᠎ᠠ ᠳᠡᠭᠡᠨ ᠰᠤᠷᠭᠠᠨ ᠦᠪᠯᠠᠬᠦᠯᠬᠦ ᠠᠵᠢᠯ ᠪᠤᠯ ᠮᠠᠨ ᠤ ᠦᠶ᠎ᠠ ᠶᠢᠨ ᠮᠤᠩᠭᠤᠯ ᠪᠦᠰᠠᠬᠦᠶᠢᠴᠤᠳ ᠤᠨ ᠨᠢᠭᠡᠨ ᠴᠢᠬᠤᠯᠠ ᠬᠠᠷᠢᠭᠤᠴᠠᠯᠭ᠎ᠠ ᠪᠠᠶᠢᠵᠦ ᠳᠠᠭᠠᠷᠠᠨ᠎ᠠ᠃        ᠤᠷ᠎ᠠ ᠦᠢᠯᠠ ᠪᠤᠯ ᠨᠢᠭᠡᠨ ᠦᠨᠳᠤᠰᠤᠳᠠᠠ ᠤ ᠦᠪᠠᠷᠮᠢᠴᠠ ᠤᠨᠴᠠᠯᠢᠭ ᠤᠨ ᠤᠷᠠᠨ ᠰᠠᠩ ᠪᠠᠶᠢᠳᠠᠭ ᠤᠴᠢᠷ ᠠᠴᠠ ᠦᠨᠳᠤᠰᠤᠳᠠᠠ ᠤ ᠬᠤᠪᠴᠠᠰᠤ ᠵᠠᠰᠠᠯ ᠨᠢ ᠳᠤᠬᠠᠢ ᠶᠢᠨ ᠦᠨᠳᠤᠰᠤ ᠤᠭᠰᠠᠭ᠎ᠠ ᠶᠢᠨ ᠢᠯᠭᠠᠷᠠᠭᠤᠯᠤᠯ ᠪᠠᠶᠢᠵᠦ᠂ ᠳᠠᠬᠦᠨ ᠢᠶᠠᠷ ᠢᠶᠠᠨ ᠳᠠᠳᠠ ᠪᠦᠬᠦᠨ ᠤ ᠬᠢ ᠪᠠᠨ ᠤᠶᠤᠨ ᠰᠠᠨᠠᠭ᠎ᠠ᠂ ᠶᠤᠰᠤ ᠵᠠᠩᠰᠢᠯ᠂ ᠰᠤᠶᠦᠯ ᠢᠷᠭᠡᠨᠰᠢᠯ ᠎ ᠢ ᠢᠯᠠᠳᠭᠡᠭᠰᠠᠠ᠂ ᠬᠦᠰᠠᠯ ᠵᠤᠷᠢᠯᠳᠠ ᠶᠢᠨ ᠬᠢᠨᠢ ᠪᠠᠯᠭᠡ ᠳᠡᠮᠳᠡᠭ ᠪᠤᠯᠤᠭᠰᠠᠠ ᠢ ᠮᠤᠩᠭᠤᠯ ᠪᠦᠰᠠᠬᠦᠶᠢᠴᠤᠳ ᠤᠨ ᠤᠷ᠎ᠠ ᠦᠢᠯᠠ ᠪᠦᠷᠢᠨ ᠳᠤᠰᠬᠠᠵᠦ ᠪᠠᠶᠢᠨ᠎ᠠ᠃        ᠭᠤᠷᠪᠠ᠂ ᠤᠷ᠎ᠠ ᠦᠢᠯᠠ ᠶᠢᠨ ᠪᠠᠭᠠᠵᠢ ᠭᠡᠷᠡᠭᠰᠠᠯ ᠵᠢᠴᠢ ᠳᠠᠬᠦᠨ ᠤ ᠭᠡᠷᠡᠭᠯᠠᠯ ᠪᠤᠯᠤᠨ ᠬᠦᠭᠵᠢᠯ ᠤᠨ ᠳᠤᠶᠢᠮᠤ        ᠤᠷ᠎ᠠ ᠦᠢᠯᠠ ᠶᠢᠨ ᠬᠦᠭᠵᠢᠯ ᠢ ᠳᠠᠭᠠᠯᠳᠤᠨ ᠤᠷ᠎ᠠ ᠦᠢᠯᠠ ᠳᠤ ᠴᠢᠬᠤᠯᠠᠴᠢᠯᠠᠭᠳᠠᠬᠤ ᠭᠡᠷᠡᠭᠰᠠᠯ — ᠤᠷ᠎ᠠ ᠦᠢᠯᠠ ᠶᠢᠨ ᠪᠠᠭᠠᠵᠢ ᠶᠢ ᠵᠤᠬᠢᠶᠠᠵᠦ ᠭᠡᠷᠡᠭᠯᠠᠬᠦ ᠦᠢᠯᠠᠰ ᠪᠠᠰᠠ ᠳᠠᠰᠤᠷᠠᠯᠳᠠ ᠦᠭᠡᠢ ᠬᠦᠭᠵᠢᠵᠦ ᠳᠠᠭᠡᠭᠰᠢᠯᠠᠵᠦ ᠢᠷᠡᠭᠰᠠᠠ ᠳᠠᠦᠭᠡ ᠲᠠᠢ᠃ ᠡᠨᠠ ᠨᠢ ᠮᠦᠨ ᠤᠷ᠎ᠠ ᠦᠢᠯᠠ ᠲᠠᠢ ᠬᠤᠯᠪᠤᠭᠳᠠᠬᠤ ᠦᠢᠯᠠ ᠪᠦᠳᠤᠭᠡᠯ ᠪᠤᠯᠤᠨ᠎ᠠ᠃ ᠮᠤᠩᠭᠤᠯ ᠤᠨ ᠤᠷ᠎ᠠ ᠦᠢᠯᠠ ᠳᠤ ᠬᠤᠯᠪᠤᠭᠳᠠᠬᠤ ᠪᠠᠭᠠᠵᠢ ᠭᠡᠷᠡᠭᠰᠠᠯ ᠳᠤ ᠬᠠᠶᠢᠴᠢ᠂ ᠬᠢᠳᠤᠭ᠎ᠠ᠂ ᠵᠠᠬᠦᠤ᠂ ᠳᠠᠪᠠᠨᠠ᠂ ᠰᠢᠪᠦᠭᠡ᠂ ᠰᠢᠪᠠᠬᠦᠷ᠂ ᠬᠤᠷᠤᠭᠤᠪᠴᠢ ᠵᠠᠷᠭᠡ ᠭᠤᠤᠯ ᠪᠠᠶᠢᠵᠦ᠂ ᠳᠠᠬᠦᠨ ᠤ ᠦᠢᠯᠠᠳᠤᠯ ᠨᠢ ᠤᠶᠤᠬᠤ᠂ ᠵᠦᠰᠤᠬᠦ᠂ ᠡᠰᠭᠡᠬᠦ᠂ ᠨᠦᠭᠡᠯᠠᠬᠦ᠂ ᠴᠤᠭᠤᠯᠳᠠᠬᠤ᠂ ᠦᠭᠡᠯᠠᠬᠦ᠂ ᠭᠡᠮᠵᠢᠬᠦ᠂ ᠨᠠᠭᠠᠬᠤ᠂ ᠪᠠᠬᠢᠯᠠᠬᠦ᠂ ᠴᠤᠬᠢᠬᠤ᠂ ᠳᠠᠳᠠᠬᠤ ᠵᠠᠷᠭᠡ ᠶᠠᠩᠵᠦ ᠪᠦᠷᠢ ᠶᠢᠨ ᠠᠷᠭ᠎ᠠ ᠦᠢᠯᠠ ᠳᠤ ᠭᠡᠷᠡᠭᠯᠠᠵᠦ ᠪᠠᠶᠢᠭᠰᠠᠠ ᠨᠢ ᠬᠦᠭᠵᠢᠭᠡᠳ ᠤᠳᠤ ᠶᠢᠨ ᠤᠯᠠᠨ ᠠᠷᠪᠢᠨ ᠮᠠᠰᠢᠨ ᠲᠧᠭᠨᠢᠭ ᠲᠤ ᠤᠷᠤᠯᠠᠭᠳᠠᠵᠦ ᠪᠠᠶᠢᠭ᠎ᠠ ᠶᠤᠮ᠃ ᠳᠠᠭᠡᠬᠦ ᠳᠤ ᠦᠨᠤ ᠶᠢᠨ ᠮᠠᠰᠢᠨ ᠲᠧᠭᠨᠢᠭ ᠤᠨ ᠤᠭ ᠡᠬᠦᠰᠤᠯ ᠵᠠᠭᠪᠤᠷ ᠪᠤᠯ ᠳᠠᠳᠠᠭᠡᠷ ᠭᠠᠷ ᠤᠷ᠎ᠠ ᠶᠢᠨ ᠭᠡᠪ ᠪᠦᠳᠤᠭᠡᠯ ᠪᠠᠶᠢᠵᠦ᠂ ᠮᠧᠬᠠᠨᠢᠭ ᠤᠶᠤᠳᠠᠯ ᠤᠨ ᠰᠠᠭᠯᠠᠭᠠᠰᠤ᠂ ᠳᠤᠤᠷᠯᠠᠬᠤ ᠵᠠᠷᠭᠡ ᠤᠶᠤᠳᠠᠯ ᠤᠨ ᠠᠷᠭ᠎ᠠ ᠭᠡᠯᠪᠠᠷᠢ ᠴᠤ ᠭᠠᠷ ᠤᠶᠤᠳᠠᠯ ᠤᠨ ᠤᠭ ᠠᠷᠭ᠎ᠠ ᠶᠢ ᠮᠠᠰᠢᠨ ᠳᠤ ᠵᠤᠬᠢᠶᠠᠨ ᠤᠷᠤᠭᠤᠯᠤᠭᠰᠠᠠ ᠪᠠᠶᠢᠭ᠎ᠠ ᠶᠤᠮ᠃ ᠡᠬᠦᠨ ᠠᠴᠠ ᠭᠠᠳᠠᠨ᠎ᠠ ᠪᠠᠰᠠ ᠮᠤᠩᠭᠤᠯᠴᠤᠳ ᠤᠨ ᠢᠰᠠᠭᠡᠢ ᠳᠠᠪᠳᠠᠬᠤ ᠠᠷᠭ᠎ᠠ ᠳᠠᠮ ᠠᠴᠠ ᠡᠬᠦᠰᠤᠯ ᠲᠠᠢ ᠨᠤᠤᠰᠤ ᠪᠠᠷ ᠴᠢᠮᠪᠠ ︵ᠨᠢᠽᠢ︶ ᠵᠠᠷᠭᠡ ᠶᠢ ᠳᠠᠪᠰᠢᠨ ᠳᠠᠪᠳᠠᠵᠦ ᠬᠠᠳᠠᠭᠤᠷᠠᠭᠤᠯᠤᠨ ᠦᠢᠯᠠᠳᠬᠦ ᠰᠢᠨ᠎ᠠ ᠲᠧᠭᠨᠢᠭ ᠠᠷᠭ᠎ᠠ ᠭᠡᠯᠪᠠᠷᠢ ᠤᠳ ᠡᠬᠦᠰᠴᠤ᠂ ᠮᠤᠩᠭᠤᠯ ᠤᠨ ᠨᠤᠤᠰᠤᠨ ᠤᠳᠠᠰᠤᠨ ᠤ ᠭᠠᠷ ᠡᠭᠡᠷᠠᠤᠯ ᠤᠨ ᠭᠡᠯᠪᠠᠷᠢ ᠠᠴᠠ ᠤᠳᠤ ᠶᠢᠨ ᠨᠠᠭᠡᠮᠠᠯ ᠤᠨ ᠮᠠᠰᠢᠨ ᠤ ᠡᠬᠦᠰᠤᠯ᠂ ᠮᠤᠩᠭᠤᠯ ᠤᠨ ᠢᠰᠠᠭᠡᠢ ᠭᠤᠳᠤᠯ ᠤᠨ ᠳᠠᠪᠳᠠᠯᠳᠠ ᠠᠴᠠ ᠤᠳᠤ ᠶᠢᠨ ᠰᠠᠪᠬᠢᠨ ᠭᠤᠳᠤᠯ ᠤᠨ ᠳᠠᠷᠤᠯᠳᠠ ᠶᠢᠨ ᠮᠠᠰᠢᠨᠴᠢᠯᠠᠯ᠂ ᠡᠯᠳᠠᠵᠦ ᠵᠦᠭᠡᠯᠠᠷᠡᠬᠦᠯᠦᠭᠰᠠᠠ ᠢᠯᠬᠢᠨ ᠠᠷᠠᠰᠤᠨ ᠤ ᠠᠷᠭ᠎ᠠ ᠠᠴᠠ ᠨᠢᠮᠭᠡᠯᠠᠵᠦ ᠪᠤᠳᠤᠵᠦ ᠡᠳ᠋ᠰᠢᠬᠦᠯᠦᠭᠰᠠᠠ ᠵᠢᠶᠠᠺᠠ ᠡᠳ᠋ᠯᠠᠯ ᠬᠤᠪᠴᠠᠰᠤ ᠬᠢᠬᠦ ᠮᠠᠰᠢᠨ ᠳᠤᠨᠤᠭᠯᠠᠯ ᠵᠠᠷᠭᠡ ᠡᠬᠦᠰᠤᠨ ᠬᠦᠭᠵᠢᠵᠠᠢ ᠭᠡᠮᠠᠷ ᠪᠠᠶᠢᠨ᠎ᠠ᠃        ⒈ ᠤᠷ᠎ᠠ ᠦᠢᠯᠠ ᠶᠢᠨ ᠪᠠᠭᠠᠵᠢ ᠶᠢ ᠭᠡᠷᠡᠭᠯᠠᠬᠦ ᠠᠷᠭ᠎ᠠ ᠪᠠᠷᠢᠯ ᠤᠷ᠎ᠠ ᠦᠢᠯᠠ ᠶᠢᠨ ᠪᠠᠭᠠᠵᠢ ᠶᠢ ᠭᠡᠷᠡᠭᠯᠠᠬᠦ ᠎ ᠳᠤ ᠬᠢᠬᠦ ᠵᠦᠢᠯ ᠲᠠᠢ ᠬᠤᠯᠪᠤᠭᠳᠠᠭᠰᠠᠠ ᠳᠠᠰ ᠳᠠᠷᠠᠭ᠎ᠠ ᠲᠠᠢ ᠪᠠᠶᠢᠳᠠᠭ᠃ ᠬᠦᠮᠤᠨ ᠤᠷᠠᠨ ᠦᠢᠯᠠ ᠪᠤᠯᠤᠨ ᠪᠤᠰᠤᠳ ᠵᠦᠢᠯ ᠢ ᠬᠢᠬᠦ ᠳᠡᠭᠡᠨ ᠡᠩ ᠳᠠᠷᠢᠬᠦᠨ ᠳᠤ ᠭᠡᠮᠵᠢᠵᠦ ᠳᠠᠷᠠᠭ᠎ᠠ ᠨᠢ ᠤᠭᠳᠤᠯᠵᠦ ᠬᠠᠶᠢᠴᠢᠯᠠᠳᠠᠭ᠃ ᠳᠠᠷᠠᠭ᠎ᠠ ᠨᠢ ᠡᠪᠯᠠᠬᠦᠯᠤᠨ ᠤᠶᠤᠳᠠᠭ᠃ ᠡᠰᠭᠡᠵᠦ ᠤᠶᠤᠬᠤ ᠶᠠᠪᠤᠴᠠ ᠳᠠᠭᠠᠨ ᠢᠮᠠᠭᠳᠠ ᠵᠠᠰᠠᠵᠦ ᠦᠭᠡᠯᠠᠵᠦ ᠪᠠᠶᠢᠳᠠᠭ ᠤᠴᠢᠷ ᠭᠡᠮᠵᠢᠬᠦᠷ ᠪᠠᠭᠠᠵᠢ ᠶᠢ ᠨᠠᠩ ᠴᠢᠬᠤᠯᠠ ᠳᠤ ᠭᠡᠷᠡᠭᠰᠠᠨ᠎ᠠ᠃ ᠳᠠᠭᠡᠭᠡᠳ ᠡᠨᠠ ᠨᠢ ᠮᠦᠨᠴᠤ ᠤᠳᠤ ᠶᠢᠨ ᠤᠷ᠎ᠠ ᠦᠢᠯᠠ ᠎ ᠶᠢᠨ ᠮᠠᠰᠢᠨ ᠳᠤᠨᠤᠭ ᠳᠠᠭᠡᠷᠡᠬᠢ ᠭᠸᠤᠮᠧᠲᠷᠢ ᠶᠢᠨ ᠠᠷᠭ᠎ᠠ ᠭᠡᠯᠪᠠᠷᠢ ᠶᠢᠨ ᠦᠨᠳᠤᠰᠤ ᠢᠵᠠᠭᠤᠷ ᠪᠤᠯᠵᠦ ᠶᠠᠪᠤᠭ᠎ᠠ ᠶᠤᠮᠰᠢᠭ᠃ ᠮᠤᠩᠭᠤᠯᠴᠤᠳ ᠠᠯᠢᠪᠠ ᠭᠡᠮᠵᠢᠬᠦᠷ ᠢ ᠦᠪᠠᠷ ᠤᠨ ᠪᠠᠶ᠎ᠠ ᠳᠦᠷᠬᠦ᠂ ᠭᠠᠷ ᠬᠤᠷᠤᠭᠤ᠂ ᠦᠶ᠎ᠠ ᠮᠦᠴᠠ ᠎ ᠪᠠᠷ ᠢᠶᠠᠨ ᠭᠡᠮᠵᠢᠬᠦ ᠪᠤᠶᠤ ᠡᠳᠤᠷ ᠳᠤᠳᠤᠮ ᠳᠤ ᠭᠡᠷᠡᠭᠯᠡᠭᠳᠡᠵᠦ ᠪᠠᠶᠢᠳᠠᠭ ᠭᠡᠨ ᠪᠦᠬᠦᠨ ᠤ ᠮᠠᠳᠠᠭᠡᠵᠢ ᠶᠠᠭᠤᠮ᠎ᠠ ᠲᠠᠢ ᠬᠠᠷᠢᠴᠠᠭᠤᠯᠵᠦ ᠭᠡᠮᠵᠢᠳᠡᠭ ᠪᠦᠭᠡᠳ ᠡᠬᠦᠨ ᠢᠶᠠᠷ ᠢᠶᠠᠨ ᠨᠢᠭᠡᠳᠦᠭᠰᠠᠠ ᠪᠠᠷᠢᠮᠵᠢᠶ᠎ᠠ ᠭᠡᠮᠵᠢᠬᠦᠷ ᠳᠦᠭᠡᠭᠡᠮᠵᠢᠯᠡᠭᠳᠠᠳᠠᠯ᠎ᠠ ᠭᠡᠷᠡᠭᠴᠡᠭᠡ ᠪᠠᠨ ᠬᠠᠩᠭᠠᠵᠦ ᠪᠠᠶᠢᠵᠠᠢ᠃ ᠳᠠᠷᠠ ᠨᠢ ᠮᠦᠨᠴᠤ ᠤᠳᠤ ᠶᠢᠨ ᠨᠢᠭᠡᠳᠦᠭᠰᠠᠠ ᠪᠠᠷᠢᠮᠵᠢᠶ᠎ᠠ ᠭᠡᠮᠵᠢᠬᠦᠷ ᠤᠨ ᠤᠭ ᠦᠨᠳᠤᠰᠤᠯᠠᠯ ᠪᠤᠯᠤᠭᠰᠠᠠ ᠠᠵᠠᠢ᠃ ᠡᠬᠦᠨ ᠳᠤ ᠵᠢᠱᠢᠶ᠎ᠠ ᠳᠠᠳᠠᠪᠠᠯ᠂ ᠮᠤᠩᠭᠤᠯ ᠪᠦᠰᠠᠬᠦᠶᠢᠴᠤᠳ ᠬᠤᠪᠴᠠᠰᠤ ᠡᠳ᠋ᠯᠠᠯ ᠤᠨ ᠡᠰᠭᠡᠬᠦᠷ ᠬᠢᠬᠦ ᠳᠡᠭᠡᠨ ᠭᠠᠷ ᠤᠨ ᠢᠶᠠᠨ ᠳᠦᠭᠡ᠂ ᠬᠤᠷᠤᠭᠤ᠂ ᠰᠦᠬᠦᠮ᠂ ᠠᠯᠳᠠ ᠳᠠᠯᠢᠮ ᠵᠠᠷᠭᠡ ᠪᠠᠷ ᠭᠡᠮᠵᠢᠳᠡᠭ᠃ ᠡᠬᠦᠨ ᠠᠴᠠ ᠦᠨᠳᠤᠰᠤᠯᠠᠨ《 ᠳᠤᠯᠤᠭᠠᠨ ᠳᠦᠭᠡ ᠤᠷᠳᠤ ᠳᠠᠪᠠᠯ ᠤᠨ ᠡᠵᠠᠨ ᠳᠤ ᠳᠠᠪᠬᠤᠷ ᠢᠶᠠᠷ ᠨᠢᠭᠡ ᠳᠦᠭᠡ ᠬᠤᠶᠠᠷ ᠬᠤᠷᠤᠭᠤ ᠶᠢᠨ ᠵᠠᠬ᠎ᠠ ᠳᠤᠬᠢᠷᠠᠯᠴᠠᠳᠠᠭ᠃ ᠳᠠᠪᠠᠯ ᠤᠨ ᠤᠷᠳᠤ ᠨᠢ ᠡᠮᠤᠰᠬᠦ ᠡᠵᠠᠨ ᠤ ᠬᠢᠨᠢ ᠭᠠᠷ ᠤᠨ ᠳᠦᠭᠡ ᠪᠠᠷ ᠳᠤᠯᠤᠭ᠎ᠠ᠂ ᠵᠠᠬ᠎ᠠ ᠶᠢ ᠳᠠᠪᠬᠤᠷ ᠢᠶᠠᠷ ᠨᠢᠭᠡ ᠳᠦᠭᠡ ᠬᠤᠶᠠᠷ ᠬᠤᠷᠤᠭᠤ ᠤᠷᠳᠤ ᠭᠡᠵᠦ ᠭᠡᠮᠵᠢᠳᠡᠭ ᠪᠠ ᠨᠢᠭᠡ ᠬᠦᠮᠤᠨ ᠤ ᠳᠦᠭᠡ ᠪᠠᠷ ᠪᠤᠰᠤᠳ ᠬᠦᠮᠤᠨ ᠤ ᠳᠠᠪᠠᠯ ᠢ ᠭᠡᠮᠵᠢᠵᠦ ᠪᠤᠯᠳᠠᠭ ᠦᠭᠡᠢ》 ᠵᠢᠮ᠎ᠠ ᠵᠤᠷ ᠳᠤᠭᠳᠠᠰᠢᠵᠦ᠂《 ᠮᠤᠩᠭᠤᠯ ᠬᠦᠮᠤᠨ ᠤ ᠭᠡᠮᠵᠢᠬᠦᠷ ᠪᠠᠶ᠎ᠠ ᠳᠡᠭᠡᠨ ᠪᠠᠶᠢᠳᠠᠭ》 ᠭᠡᠳᠡᠭ ᠦᠭᠡ ᠭᠡᠪᠰᠢᠵᠦ ᠬᠤᠶᠢᠴᠢ ᠦᠶ᠎ᠠ ᠳᠡᠭᠡᠨ ᠰᠤᠷᠭᠠᠯ ᠪᠤᠯᠤᠨ ᠤᠯᠠᠮᠵᠢᠯᠠᠭᠳᠠᠠ ᠭᠡᠷᠡᠭᠯᠡᠭᠳᠠᠬᠦ ᠪᠤᠯᠵᠠᠢ᠃        ⒉ ᠳᠤᠶᠢᠮᠤᠴᠢᠯᠠᠭᠰᠠᠠ ᠭᠡᠮᠵᠢᠬᠦᠷ ᠪᠠ ᠳᠦᠷᠢᠮᠵᠢᠭᠰᠡᠠ ᠭᠡᠮᠵᠢᠬᠦᠷ ᠤᠨ ᠬᠠᠷᠢᠴᠠᠭᠤᠯᠤᠯ ᠵᠢᠴᠢ ᠭᠡᠮᠵᠢᠬᠦᠷ ᠡᠰᠭᠡᠬᠦᠷ ᠤᠨ ᠡᠬᠦᠰᠤᠯ ᠪᠤᠶᠤ ᠳᠠᠳᠠᠭᠡᠷ ᠤᠨ ᠠᠷᠭ᠎ᠠ ᠳᠠᠮ ᠨᠢᠭᠡ ᠬᠤᠷᠤᠭᠤ ᠨᠢ ᠤᠳᠤ ᠶᠢᠨ ᠨᠢᠭᠡ ᠢᠮᠠᠬᠤ ᠲᠠᠢ ᠪᠠᠷᠤᠭ ᠳᠠᠩᠴᠠᠵᠦ᠂ ᠨᠢᠭᠡ ᠬᠢᠮᠤᠰᠤᠨ ᠳᠤᠯᠢ ᠨᠢ ᠨᠢᠭᠡ ᠴᠡᠭ ᠳᠠᠪᠤᠨ ᠰᠠᠨᠲ᠋ᠢᠮᠧᠲᠷ ᠤᠷᠴᠢᠮ᠂ ᠭᠠᠷ ᠪᠠᠷᠢᠮ ᠤᠷᠳᠤ ᠭᠡᠳᠡᠭ ᠨᠢ ᠠᠳᠬᠤᠭᠰᠠᠠ ᠭᠠᠷ ᠤᠨ ᠠᠳᠬᠤᠨ ᠤ ᠤᠷᠳᠤ ᠲᠠᠢ ᠳᠠᠩᠴᠠᠵᠦ᠂ ᠪᠠᠷᠤᠭ ᠠᠷᠪᠠᠨ ᠰᠠᠨᠲ᠋ᠢᠮᠧᠲᠷ ᠤᠷᠴᠢᠮ ᠤᠷᠳᠤ᠂ ᠰᠦᠬᠦᠮ ᠤ ᠡᠷᠡᠭᠡᠢ ᠬᠤᠷᠤᠭᠤ ᠪᠤᠯᠤᠨ ᠳᠤᠯᠤᠪᠤᠷ ᠬᠤᠷᠤᠭᠤᠨ ᠤ ᠰᠤᠩᠭᠠᠭᠰᠠᠠ ᠵᠠᠢ ᠪᠠᠶᠢᠵᠦ᠂ ᠪᠠᠷᠤᠭ ᠠᠷᠪᠠᠨ ᠨᠠᠢᠮᠠᠨ ᠰᠠᠨᠲ᠋ᠢᠮᠧᠲᠷ ᠤᠷᠴᠢᠮ᠂ ᠳᠦᠭᠡ ᠨᠢ ᠡᠷᠡᠭᠡᠢ ᠬᠤᠷᠤᠭᠤ ᠪᠤᠯᠤᠨ ᠳᠤᠮᠳᠠ ᠬᠤᠷᠤᠭᠤᠨ ᠤ ᠬᠤᠭᠤᠷᠤᠨᠳᠤᠬᠢ ᠰᠤᠩᠭᠠᠭᠰᠠᠠ ᠵᠠᠢ ᠪᠠᠶᠢᠵᠦ᠂ ᠪᠠᠷᠤᠭ ᠬᠤᠷᠢᠨ ᠰᠠᠨᠲ᠋ᠢᠮᠧᠲᠷ ᠲᠠᠢ ᠳᠠᠩᠴᠠᠵᠦ᠂ ᠨᠢᠭᠡ ᠠᠯᠳᠠ ᠭᠡᠳᠡᠭ ᠨᠢ ᠬᠤᠶᠠᠷ ᠭᠠᠷ ᠢ ᠳᠠᠨᠠᠶᠢᠯᠭᠡᠭᠰᠠᠠ ᠤᠷᠳᠤ ᠪᠦᠭᠡᠳ ᠪᠠᠷᠤᠭ ᠵᠠᠭᠤ ᠳᠠᠯᠠᠨ ᠬᠤᠶᠠᠷ ᠰᠠᠨᠲ᠋ᠢᠮᠧᠲᠷ ᠤᠷᠴᠢᠮ ᠤᠷᠳᠤ ᠪᠠᠶᠢᠳᠠᠭ᠃ ᠡᠬᠦᠨ ᠠᠴᠠ ᠭᠠᠳᠠᠨ᠎ᠠ᠂ ᠮᠤᠬᠤᠷ ᠰᠦᠬᠦᠮ᠂ ᠦᠵᠤᠬᠦᠷ ᠰᠦᠬᠦᠮ᠂ ᠳᠤᠬᠤᠢ᠂ ᠮᠤᠬᠤᠷ ᠳᠤᠬᠤᠢ ᠭᠡᠬᠦ ᠮᠠᠳᠤᠴᠢᠯᠠᠨ ᠭᠡᠮᠵᠢᠬᠦᠷ ᠠᠷᠭ᠎ᠠ ᠨᠤᠭᠤᠳ ᠪᠤᠢ᠃        ᠬᠤᠪᠴᠠᠰᠤᠨ ᠤ ᠭᠡᠮᠵᠢᠬᠦᠷ ᠬᠢᠬᠦ ᠳᠡᠭᠡᠨ ᠢᠮᠠᠭᠳᠠ ᠭᠡᠳᠤ ᠴᠢᠩᠭ᠎ᠠ ᠪᠤᠶᠤ ᠭᠡᠳᠤ ᠰᠤᠯᠠ ᠭᠡᠮᠵᠢᠬᠦ ᠶᠢ ᠴᠡᠭᠡᠷᠯᠠᠵᠦ᠂ ᠶᠠᠭᠤ ᠪᠦᠬᠦᠨ ᠳᠤ ᠤᠶᠤᠳᠠᠯ ᠤᠨ ᠨᠤᠭᠤᠯᠠᠭᠠᠰᠤ ᠳᠠᠯᠪᠢᠵᠦ ᠭᠡᠮᠵᠢᠬᠦ ᠶᠢ ᠠᠩᠬᠠᠷᠳᠠᠭ᠃ ᠵᠢᠱᠢᠶᠠᠯᠠᠬᠦ ᠎ ᠳᠤ ᠵᠢᠷᠭᠤᠭᠠᠨ ᠳᠠᠯᠠᠳᠤ ᠳᠤᠭᠤᠷᠴᠤᠭ ᠮᠠᠯᠠᠭᠠᠢ ︵ᠮᠤᠩᠭᠤᠯ ᠠᠪᠠᠭᠠᠢ ᠮᠠᠯᠠᠭᠠᠢ︶᠎ ᠶᠢ ᠡᠰᠭᠡᠬᠦ ᠳᠡᠭᠡᠨ ᠤᠶᠤᠳᠠᠯ ᠭᠠᠷᠭᠠᠯ ᠦᠭᠡᠢ ᠰᠢᠭᠤᠳ ᠭᠡᠮᠵᠢᠪᠠᠯ ᠳᠠᠯ᠎ᠠ ᠪᠦᠷᠢ ᠠᠴᠠ ᠨᠢ ᠨᠢᠭᠡ ᠠᠴᠠ ᠬᠤᠶᠠᠷ ᠰᠠᠨᠲ᠋ᠢᠮᠧᠲᠷ ᠬᠠᠰᠤᠭᠳᠠᠭᠰᠠᠭᠠᠷ ᠡᠴᠤᠰ ᠲᠡᠭᠡᠨ ᠳᠠᠪᠢᠨ ᠳᠤᠯᠤᠭ᠎ᠠ ᠨᠤᠮᠧᠷ ᠤᠨ ᠮᠠᠯᠠᠭᠠᠢ ᠪᠤᠯ ᠳᠠᠪᠢᠨ ᠭᠤᠷᠪᠠ ᠪᠤᠶᠤ ᠳᠠᠪᠢᠨ ᠳᠠᠪᠤ ᠤᠷᠴᠢᠮ ᠤᠨ ᠨᠤᠮᠧᠷᠳᠤ ᠮᠠᠯᠠᠭᠠᠢ ᠪᠤᠯᠵᠦ ᠭᠠᠷᠬᠤ ᠪᠤᠯᠤᠨ᠎ᠠ᠃ ᠡᠶᠢᠮᠤ ᠠᠴᠠ ᠶᠠᠭᠤ ᠬᠢᠵᠦ ᠡᠰᠭᠡᠬᠦ ᠳᠤ ᠴᠤ ᠭᠡᠰᠠᠠ ᠭᠡᠮᠵᠢᠬᠦ ᠪᠤᠯ ᠶᠡᠭᠡ ᠴᠢᠬᠤᠯᠠ ᠪᠤᠯᠵᠦ ᠳᠠᠷᠠ ᠮᠦᠷᠳᠠᠭᠡᠨ ᠮᠠᠰᠢ ᠨᠠᠷᠢᠨ ᠵᠢᠷᠤᠮ ᠵᠢᠮ᠎ᠠ ᠲᠠᠢ ᠪᠠᠶᠢᠳᠠᠭ᠃ ᠭᠡᠮᠵᠢᠯᠳᠠ ᠶᠢᠨ ᠳᠠᠷᠠᠭ᠎ᠠ ᠡᠰᠭᠡᠬᠦ ᠤᠶᠤᠬᠤ ᠦᠢᠯᠠ ᠶᠠᠪᠤᠭᠳᠠᠬᠤ ᠪᠤᠯᠤᠨ᠎ᠠ᠃ ᠡᠰᠭᠡᠬᠦ ᠤᠶᠤᠬᠤ ᠬᠤᠶᠠᠷ ᠤᠨ ᠠᠯᠢ ᠨᠢ ᠤᠷᠢᠳᠠᠪᠠᠷ ᠪᠤᠢ ᠪᠤᠯᠤᠭᠰᠠᠠ ᠢ ᠠᠳᠠ ᠭᠡᠯᠠᠬᠦ ᠵᠢᠭᠠᠬᠠᠨ ᠬᠦᠴᠢᠷ᠃ ᠪᠤᠳᠤᠬᠤ ᠳᠤ ᠤᠶᠤᠳᠠᠯ ᠨᠢ ᠳᠦᠷᠦᠬᠦᠨ ᠳᠤᠨᠢ ᠡᠬᠦᠰᠦᠭᠰᠠᠠ ᠪᠠᠶᠢᠵᠦ ᠴᠤ ᠪᠤᠯᠤᠨ᠎ᠠ᠃ ᠤᠴᠢᠷ ᠨᠢ ᠬᠦᠮᠤᠨ ᠳᠦᠷᠦᠯᠬᠢᠳᠠᠠ ᠠᠩᠬ᠎ᠠ ᠬᠤᠪᠴᠠᠰᠤ ᠭᠡᠷᠡᠭᠯᠠᠬᠦ ᠳᠡᠭᠡᠨ ᠪᠠᠶ᠎ᠠ ᠳᠡᠭᠡᠨ ᠳᠤᠬᠢᠷᠠᠭᠰᠠᠠ ᠬᠤᠪᠴᠠᠰᠤ ᠡᠮᠤᠰᠬᠦ ᠴᠢᠭᠯᠡᠯ ᠢᠶᠠᠷ ᠪᠢᠰᠢ᠂ ᠵᠦᠪᠭᠡᠨ ᠭᠠᠳᠠᠭᠠᠳᠤ ᠤᠷᠴᠢᠨ ᠤ ᠨᠦᠯᠤᠭᠡ ᠠᠴᠠ ᠪᠠᠶ᠎ᠠ ᠎ ᠪᠠᠨ ᠬᠠᠮᠠᠭᠠᠯᠠᠵᠦ ᠬᠠᠯᠬᠠᠯᠠᠬᠤ ᠶᠢᠨ ᠱᠠᠭᠠᠷᠳᠠᠯᠭ᠎ᠠ ᠴᠢᠭᠯᠡᠯ ᠢᠶᠠᠷ ᠠᠩ ᠠᠮᠢᠳᠠᠠ ᠤ ᠠᠷᠠᠰᠤ᠂ ᠤᠷᠭᠤᠮᠠᠯ ᠤᠨ ᠳᠣᠮᠤ ᠨᠠᠪᠴᠢ ᠵᠠᠷᠭᠡ ᠶᠢ ᠳᠤᠤᠷ᠎ᠠ ᠪᠠᠨ ᠳᠠᠪᠢᠰᠴᠤ ᠠᠷᠤ ᠳᠠᠯ᠎ᠠ ᠳᠠᠭᠠᠨ ᠨᠦᠮᠤᠷᠴᠤ ᠡᠬᠢᠯᠡᠭᠰᠠᠠ ᠪᠠᠶᠢᠵᠦ ᠳᠠᠭᠠᠷᠠᠨ᠎ᠠ᠃ ᠭᠠᠭᠴᠠ ᠠᠷᠠᠰᠤ ᠬᠦᠮᠤᠨ ᠤ ᠪᠠᠶ᠎ᠠ ᠳᠤ ᠳᠤᠭᠳᠠᠬᠤ ᠦᠭᠡᠢ ᠤᠴᠢᠷ ᠳᠠᠬᠦᠨ ᠢ ᠪᠠᠶ᠎ᠠ ᠳᠤ ᠪᠠᠬᠢᠯᠠᠨ ᠪᠤᠭᠤᠵᠦ ᠡᠬᠢᠯᠡᠭᠰᠠᠠ ᠪᠠᠶᠢᠵᠦ ᠳᠠᠭᠠᠷᠠᠨ᠎ᠠ᠃ ᠢᠩᠬᠢᠵᠦ ᠨᠦᠮᠤᠷᠦᠭᠰᠠᠠ ᠭᠠᠭᠴᠠ ᠠᠷᠠᠰᠤ ᠵᠦᠪᠭᠡᠨ ᠠᠷᠤ ᠳᠠᠯ᠎ᠠ ᠶᠢ ᠬᠠᠯᠬᠠᠯᠠᠵᠦ ᠂ ᠭᠡᠳᠠᠰᠤᠨ ᠳᠠᠯ᠎ᠠ ᠠᠴᠠ ᠳᠤᠯᠠᠭᠠᠴᠠᠭᠤᠯᠬᠤ ᠬᠤᠶᠠᠳᠠᠭᠴᠢ ᠠᠷᠠᠰᠤ ᠭᠡᠷᠡᠭ ᠲᠠᠢ ᠪᠤᠯᠤᠭᠰᠠᠠ ᠪᠠᠶᠢᠨ᠎ᠠ᠃ ᠡᠨᠠ ᠬᠤᠶᠠᠷ ᠠᠷᠠᠰᠤ ᠶᠢ ᠬᠤᠭᠤᠷᠤᠨᠳᠤᠬᠢ ᠨᠢ ᠤᠶᠤᠬᠤ ᠤᠶᠠᠬᠤ ᠠᠴᠠ ᠤᠶᠤᠳᠠᠯ ᠡᠬᠦᠰᠴᠤ ᠭᠠᠷᠤᠭᠰᠠᠠ ᠪᠠᠶᠢᠵᠦ ᠪᠤᠯᠤᠨ᠎ᠠ᠃ ᠬᠦᠮᠤᠨ ᠠᠩᠬ᠎ᠠ ᠬᠤᠪᠴᠠᠰᠤ ᠭᠡᠷᠡᠭᠯᠠᠬᠦ ᠳᠡᠭᠡᠨ ᠴᠠᠪᠢ ᠠᠴᠠ ᠳᠤᠭᠤᠭᠰᠢ ᠤᠷᠢᠳᠤ ᠳᠠᠯ᠎ᠠ ᠤᠷᠤᠭᠤ ᠪᠠᠨ ᠴᠢᠬᠢᠷᠠᠰᠤ᠂ ᠤᠷᠭᠤᠮᠠᠯ ᠤᠨ ᠨᠠᠪᠴᠢ᠂ ᠮᠠᠯ ᠠᠩ ᠤᠨ ᠠᠷᠠᠰᠤ ᠤᠨᠵᠢᠭᠤᠯᠤᠨ ᠡᠷᠭᠡᠳᠠᠠ ᠢᠶᠠᠨ ᠬᠠᠭᠠᠵᠦ ᠤᠭᠤᠰᠤᠷ ᠤᠳᠠᠰᠤ ᠪᠠᠷ ᠤᠶᠤᠵᠦ ᠳᠤᠭᠳᠠᠭᠠᠳᠠᠭ ᠪᠠᠶᠢᠭᠰᠠᠠ ᠳᠠᠷᠠ ᠦᠶ᠎ᠠ ᠠᠴᠠ ᠪᠤᠭᠤᠨᠢ ᠦᠮᠤᠳᠤ᠂ ᠪᠠᠩᠵᠠᠯ ᠪᠦᠰᠠ᠂ ᠬᠠᠨᠴᠤᠢ ᠦᠭᠡᠢ ᠬᠤᠪᠴᠠᠰᠤᠨ ᠳᠤ ᠰᠢᠯᠵᠢᠭᠰᠡᠠ ᠪᠤᠯᠬᠤᠷ ᠡᠨᠠ ᠦᠶ᠎ᠠ ᠠᠴᠠ ᠰᠠᠶ᠋ᠢ ᠡᠰᠭᠡᠬᠦᠷ ᠡᠬᠦᠰᠦᠭᠰᠠᠠ ᠪᠤᠯᠤᠯᠳᠠᠢ᠃      ᠬᠤᠪᠴᠠᠰᠤ ᠡᠰᠭᠡᠬᠦ ᠳᠤ ᠡᠩ ᠳᠠᠷᠢᠬᠦᠨ᠎ᠠ ᠭᠡᠮᠵᠢᠳᠡᠭ᠂ ᠳᠠᠷᠠᠭ᠎ᠠ ᠨᠢ ᠳᠠᠮᠳᠡᠭᠯᠠᠨ᠎ᠠ᠃ ᠳᠠᠬᠦᠨ ᠤ ᠳᠠᠷᠠᠭ᠎ᠠ ᠎ ᠳᠤᠨᠢ ᠤᠭᠳᠤᠯᠤᠨ ᠡᠪ ᠵᠦᠢ ᠳᠤᠨᠢ ᠤᠷᠤᠭᠤᠯᠤᠨ ᠤᠶᠤᠳᠠᠭ ᠤᠴᠢᠷ ᠠᠴᠠ ᠡᠰᠭᠡᠬᠦᠷ ᠲᠤ ᠭᠡᠮᠵᠢᠬᠦᠷ᠂ ᠳᠠᠮᠳᠡᠭᠯᠠᠬᠦ ᠭᠡᠷᠡᠭᠰᠠᠯ᠂ ᠵᠢᠷᠤᠬᠤ ᠪᠤᠳᠤᠭ ᠴᠤᠬᠤᠢ᠂ ᠰᠢᠳᠠᠵᠦ ᠳᠤᠬᠢᠷᠠᠭᠤᠯᠬᠤ ᠵᠠᠬᠦᠤ ᠤᠳᠠᠰᠤ᠂ ᠨᠠᠭᠠᠵᠦ ᠳᠤᠷᠭᠠᠬᠤ ᠨᠠᠭᠠᠯᠳᠠ ᠵᠠᠷᠭᠡ ᠭᠡᠷᠡᠭᠰᠠᠯ ᠤᠳ ᠤᠷᠤᠯᠴᠠᠨ᠎ᠠ᠃ ᠡᠳᠠᠭᠡᠷ ᠤᠨ ᠳᠤᠳᠤᠷ᠎ᠠ ᠠᠴᠠ ᠮᠤᠩᠭᠤᠯᠴᠤᠳ ᠤᠨ ᠦᠢᠯᠠ ᠤᠶᠤᠳᠠᠯ ᠳᠤ ᠭᠡᠷᠡᠭᠰᠠᠳᠡᠭ ᠨᠠᠭᠠᠯᠳᠠ ᠶᠢᠨ ᠳᠤᠬᠠᠢ ᠶᠠᠷᠢᠪᠠᠯ᠂ ᠮᠤᠩᠭᠤᠯᠴᠤᠳ ᠤᠨ ᠳᠤᠮᠳᠠ《 ᠦᠢᠯᠠᠴᠢᠨ ᠬᠦᠮᠤᠨ ᠤ ᠬᠢᠷᠢ ᠵᠠᠷᠭᠡ ᠤᠷᠠᠨ ᠪᠤᠯᠬᠤ ᠶᠢ ᠴᠢᠨᠠᠭᠰᠠᠠ ᠨᠠᠭᠠᠯᠳᠠ ᠪᠠᠷ ᠨᠢ ᠭᠡᠮᠵᠢᠳᠡᠭ》 ᠭᠡᠳᠡᠭ ᠦᠭᠡ ᠡᠷᠭᠡ ᠦᠭᠡᠢ ᠰᠠᠨᠠᠭᠳᠠᠨ᠎ᠠ᠃ ᠳᠠᠭᠡᠬᠦ ᠳᠤ ᠦᠢᠯᠠ ᠳᠤ ᠭᠡᠷᠡᠭᠰᠠᠬᠦ ᠮᠤᠩᠭᠤᠯᠴᠤᠳ ᠤᠨ ᠤᠯᠠᠮᠵᠢᠯᠠᠯᠳᠤ ᠨᠠᠭᠠᠯᠳᠠ ᠭᠡᠪᠠᠯ ᠵᠠᠭᠤᠨ ᠭᠷᠠᠮ ᠤᠷᠴᠢᠮ ᠬᠦᠢᠳᠠᠠ ᠤᠰᠤᠨ ᠳᠤ ᠳᠠᠪᠢᠨ ᠭᠷᠠᠮ ᠤᠷᠴᠢᠮ ᠴᠠᠭᠠᠨ ᠭᠤᠯᠢᠷ ᠢ ᠨᠢᠭᠡ ᠬᠠᠯᠪᠠᠭ᠎ᠠ ᠤᠷᠴᠢᠮ ᠡᠯᠠᠰᠤᠨ ᠰᠢᠬᠢᠷ ᠲᠠᠢ ᠬᠢᠵᠦ ᠨᠠᠮᠵᠢᠭᠤᠨ ᠭᠠᠯ ᠳᠠᠭᠡᠷ᠎ᠠ ᠵᠤᠭᠰᠤᠯᠳᠠ ᠦᠭᠡᠢ ᠰᠠᠮᠤᠷᠠᠨ ᠬᠦᠳᠠᠯᠭᠡᠵᠦ ᠪᠠᠶᠢᠨ ᠪᠠᠭ᠎ᠠ ᠵᠠᠷᠭᠡ ᠪᠤᠴᠠᠯᠭᠠᠵᠦ ᠪᠤᠯᠭᠠᠭᠰᠠᠠ ᠡᠳ᠋ ᠪᠤᠯᠤᠨ᠎ᠠ᠃ ᠭᠡᠷᠪᠠ ᠶᠡᠭᠡ ᠰᠤᠩᠬᠤ ᠮᠠᠶ᠋ᠢᠭ ᠤᠨ ᠪᠦᠰ ᠪᠠᠷᠠᠭ᠎ᠠ ᠵᠠᠷᠭᠡ ᠳᠤ ᠭᠡᠷᠡᠭᠯᠠᠬᠦ ᠨᠠᠭᠠᠯᠳᠠ ᠳᠤ ᠪᠠᠰᠠ ᠵᠢᠭᠠᠬᠠᠨ ᠳᠠᠪᠤᠰᠤ ᠬᠢᠳᠡᠭ᠃ ᠨᠠᠭᠠᠯᠳᠠ ᠶᠢ ᠭᠡᠷᠡᠭᠯᠠᠬᠦ ᠳᠡᠭᠡᠨ ᠵᠠᠪᠠᠯ ᠬᠦᠷᠤᠭᠡᠵᠦ ᠪᠠᠶᠢᠨ ᠭᠡᠷᠡᠭᠯᠠᠨ᠎ᠠ᠃ ᠢᠯᠠᠩᠭᠤᠶ᠎ᠠ ᠳᠤᠷᠭᠠᠨ ᠡᠳ᠋ᠯᠠᠯ ᠢ ᠬᠠᠯᠠᠭᠤᠨ ᠨᠠᠭᠠᠯᠳᠠ ᠪᠠᠷ ᠨᠠᠭᠠᠪᠠᠯ ᠳᠤᠷᠭᠠᠨ ᠴᠢᠨᠠᠷ ᠡᠪᠳᠠᠷᠡᠳᠡᠭ ᠳᠤᠯᠠ ᠡᠬᠦᠨ ᠢ ᠤᠨᠴᠠ ᠴᠡᠭᠡᠷᠯᠠᠳᠡᠭ ᠪᠢᠯᠠ᠃ ᠡᠬᠦᠨ ᠠᠴᠠ ᠭᠠᠳᠠᠨ᠎ᠠ ᠶᠠᠮᠠᠷᠴᠤ ᠶᠠᠭᠤᠮ᠎ᠠ ᠶᠢ ᠨᠠᠭᠠᠭᠰᠠᠠ ᠤ ᠳᠠᠷᠠᠭ᠎ᠠ ᠳᠡᠭᠰᠢ ᠶᠠᠭᠤᠮ᠎ᠠ ᠪᠠᠷ ᠳᠠᠷᠤᠵᠦ ᠬᠠᠳᠠᠭᠠᠬᠤ᠂ ᠢᠯᠠᠤᠷᠳᠠᠬᠦ ᠵᠠᠷᠭᠡ ᠦᠢᠯᠠ ᠶᠢ ᠮᠦᠨ ᠵᠠᠪᠠᠯ ᠬᠦᠢᠴᠡᠳᠭᠡᠨ᠎ᠠ᠃        ⒊ ᠤᠷ᠎ᠠ ᠦᠢᠯᠠ ᠶᠢᠨ ᠡᠳ᠋ᠯᠠᠯ ᠮᠠᠲ᠋ᠧᠷᠢᠶᠠᠯ ᠪᠤᠶᠤ ᠤᠶᠤᠬᠤ ᠬᠠᠳᠬᠤᠬᠤ ᠪᠦᠰ ᠡᠳ᠋ᠯᠠᠯ — ᠬᠦᠮᠤᠨ ᠳᠦᠷᠦᠯᠬᠢᠳᠠᠠ ᠤ ᠦᠢᠯᠠᠳᠪᠤᠷᠢᠯᠠᠯ ᠤᠨ ᠬᠦᠭᠵᠢᠯ ᠤᠨ ᠳᠠᠭᠠᠤ ᠴᠢᠬᠢᠷᠰᠤ᠂ ᠳᠠᠭᠠᠷ᠂ ᠤᠯᠤᠰᠤ᠂ ᠮᠠᠭᠠᠯᠢᠩᠭᠤ ᠶᠢᠨ ᠰᠦᠯᠵᠢᠮᠠᠯ ᠠᠴᠠ ᠤᠳᠤ ᠶᠢᠨ ᠨᠠᠷᠢᠨ ᠳᠠᠪᠤᠤ ᠪᠦᠰ ᠬᠦᠷᠳᠠᠯ᠎ᠠ ᠤᠷᠳᠤ ᠬᠤᠭᠤᠴᠠᠭ᠎ᠠ ᠶᠢ ᠳᠤᠭᠤᠯᠤᠭᠰᠠᠠ ᠨᠢ ᠮᠠᠳᠠᠭᠡᠵᠢ ᠪᠦᠭᠡᠳ ᠬᠦᠭᠵᠢᠯ ᠤᠨ ᠶᠠᠪᠤᠴᠠ ᠳᠠᠭᠠᠨ ᠦᠩᠭᠡ ᠪᠤᠳᠤᠭ ᠬᠤᠸᠠᠷ᠂ ᠭᠡ ᠤᠷᠠᠯᠠᠯ ᠢᠶᠠᠷ ᠴᠢᠮᠡᠭᠳᠠᠵᠦ᠂ ᠦᠩᠭᠡ ᠦᠵᠠᠮᠵᠢᠳᠠᠢ᠂ ᠴᠢᠨᠠᠷᠯᠢᠭ ᠪᠤᠯᠵᠦ ᠢᠷᠡᠵᠠᠢ᠃ ᠳᠠᠪᠤᠤ ᠪᠦᠰ ᠤᠨ ᠴᠢᠨᠠᠷ ᠢ ᠢᠯᠭᠠᠵᠦ ᠡᠳ᠋ᠯᠠᠯ ᠬᠢᠵᠦ ᠭᠡᠷᠡᠭᠯᠠᠬᠦ ᠳᠡᠭᠡᠨ ᠳᠤᠬᠢᠷᠠᠮᠵᠢᠳᠠᠢ ᠰᠤᠩᠭᠤᠬᠤ ᠪᠤᠯ ᠤᠷᠠᠨ ᠦᠢᠯᠠᠴᠢᠨ ᠤ ᠤᠮᠳᠤᠭᠠᠶᠢᠯᠠᠵᠦ ᠪᠤᠯᠤᠰᠢ ᠦᠭᠡᠢ ᠨᠢᠭᠡᠨ ᠵᠦᠢᠯ ᠪᠢᠯᠠ᠃ ᠳᠠᠭᠡᠬᠦ ᠳᠤ ᠳᠠᠪᠤᠤ ᠪᠦᠰ ᠤᠨ ᠰᠠᠮᠳᠠᠰᠤ ᠶᠢ ᠰᠢᠳᠠᠭᠠᠵᠦ ᠰᠢᠯᠭᠠᠬᠤ ᠠᠷᠭ᠎ᠠ ᠶᠢ ᠵᠠᠪᠠᠯ ᠡᠵᠠᠮᠰᠢᠬᠦ ᠴᠢᠬᠤᠯᠠᠳᠠᠢ᠃ ᠰᠢᠳᠠᠵᠦ ᠳᠠᠭᠤᠰᠬᠤ ᠳᠠᠭᠠᠨ ᠴᠠᠭᠠᠨ ᠦᠨᠠᠰᠤ ᠪᠤᠯᠵᠦ ᠪᠠᠶᠢᠪᠠᠯ ᠤᠤᠯ ᠪᠦᠰ ᠬᠦᠪᠤᠩ᠂ ᠮᠠᠭᠠᠯᠢᠩᠭᠤ ᠵᠠᠷᠭᠡ ᠪᠠᠷ ᠪᠦᠳᠦᠭᠰᠠᠠ ᠪᠠᠶᠢᠵᠦ᠂ ᠰᠢᠳᠠᠬᠤ ᠳᠠᠭᠠᠨ ᠦᠰᠤ ︵ᠬᠢᠷᠪᠤᠰᠤ︶᠎ ᠶᠢᠨ ᠦᠨᠤᠷ ᠭᠠᠷᠴᠤ ᠰᠢᠳᠠᠵᠦ ᠪᠠᠶᠢᠭ᠎ᠠ ᠦᠵᠤᠬᠦᠷ ᠲᠡᠭᠡᠨ ᠬᠠᠷ᠎ᠠ ᠦᠩᠭᠡᠳᠤ ᠪᠦᠮᠪᠦᠭᠡᠯᠢᠭ ᠳᠤᠭᠳᠠᠵᠦ ᠪᠠᠶᠢᠪᠠᠯ ᠤᠤᠯ ᠪᠠᠷᠠᠭ᠎ᠠ ᠳᠤᠷᠭᠠᠨ ᠰᠢᠷᠭᠡᠭᠯᠢᠭ᠂ ᠨᠤᠤᠰᠤᠨ ᠰᠢᠷᠭᠡᠭᠯᠢᠭ ᠤᠨ ᠪᠦᠳᠤᠴᠠ ᠲᠠᠢ᠂ ᠰᠢᠳᠠᠬᠤ ᠳᠠᠭᠠᠨ ᠬᠠᠳᠠᠭᠤ ᠬᠠᠶᠢᠯᠤᠮᠠᠯ ᠮᠦᠷᠳᠠᠭᠡᠨ ᠬᠤᠪᠢᠨ ᠤ ᠦᠨᠤᠷ ᠡᠬᠦᠰᠴᠤ ᠪᠦᠮᠪᠦᠭᠡᠯᠢᠭ ᠬᠠᠳᠠᠮᠠᠯ ᠳᠦᠯᠠᠳᠠᠰᠤ ᠭᠠᠷᠴᠤ ᠪᠠᠶᠢᠪᠠᠯ ᠨᠠᠶᠢᠯᠡᠯᠢᠭ ᠬᠢᠮᠢ ᠶᠢᠨ ᠪᠦᠳᠤᠴᠠ ᠲᠠᠢ ᠪᠠᠷᠠᠭ᠎ᠠ ᠪᠠᠶᠢᠵᠦ ᠳᠠᠭᠠᠷᠠᠨ᠎ᠠ᠃        ᠳᠤᠷᠭᠠᠨ ᠡᠳ᠋ᠯᠠᠯ — ᠦᠨᠳᠦᠷᠯᠢᠭ ᠤᠨ ᠨᠤᠳᠤᠭ ᠲᠤ ᠠᠯᠢ ᠡᠷᠳᠠ ᠬᠢᠳᠠᠠ ᠤ ᠦᠶ᠎ᠠ ᠳᠤ ᠬᠦᠷᠢ ᠦᠷᠡᠵᠢᠬᠦᠯᠳᠡᠭ ᠳᠤᠰᠬᠠᠢ ᠠᠵᠢᠯ ᠳᠦᠷᠦᠯᠳᠠᠠ ᠪᠠᠶᠢᠭᠰᠠᠠ ᠭᠡᠳᠡᠭ᠃ ᠳᠠᠬᠡᠬᠦ ᠳᠤ ᠮᠤᠩᠭᠤᠯᠴᠤᠳ ᠠᠯᠢ ᠡᠷᠳᠠ ᠠᠴᠠ ᠳᠤᠷᠭ᠎ᠠ ᠡᠳ᠋ᠯᠠᠵᠦ ᠭᠡᠷᠡᠭᠯᠠᠵᠦ ᠪᠠᠶᠢᠭᠰᠠᠠ ᠳᠠᠦᠭᠡ ᠲᠠᠢ ᠪᠢᠯᠠ᠂ ᠮᠤᠩᠭᠤᠯᠴᠤᠳ ᠳᠤᠷᠭ᠎ᠠ ᠶᠢ ᠳᠠᠭᠡᠳᠤ ᠵᠠᠷᠭᠡ ᠶᠢᠨ ᠬᠤᠪᠴᠠᠰᠤ ᠬᠤᠨᠠᠷ ᠭᠤᠶᠤᠯᠠᠯ ᠵᠠᠰᠠᠯ ᠳᠤ ᠭᠡᠷᠡᠭᠯᠠᠬᠦ ᠠᠴᠠ ᠭᠠᠳᠠᠨ᠎ᠠ᠂ ᠱᠠᠰᠢᠨ ᠤ ᠵᠦᠢᠯ᠂ ᠪᠤᠷᠬᠠᠨ ᠤ ᠬᠤᠪᠴᠠᠰᠤ ᠵᠠᠰᠠᠯ ᠳᠤ ᠭᠡᠷᠡᠭᠯᠠᠵᠦ᠂ ᠨᠠᠩ ᠢᠯᠠᠩᠭᠤᠶ᠎ᠠ ᠬᠦᠮᠤᠨ ᠳᠦᠷᠦᠯᠬᠢᠳᠠᠠ ᠤ ᠤᠷᠠᠯᠠᠨ ᠪᠦᠳᠤᠭᠡᠬᠦ ᠠᠪᠢᠶᠠᠰ ᠪᠢᠯᠢᠭ᠂ ᠬᠦᠰᠠᠯ ᠡᠷᠠᠮᠠᠯᠵᠠᠯ ᠵᠠᠬ᠎ᠠ ᠬᠢᠵᠠᠭᠠᠷ ᠦᠭᠡᠢ ᠪᠦᠭᠡᠳ ᠡᠬᠦᠨ ᠤ ᠤᠯᠠᠮ ᠢᠶᠠᠷ ᠶᠢᠷᠳᠢᠨᠴᠤ ᠶᠢᠨ ᠡᠳ᠋ ᠪᠠᠶᠠᠯᠢᠭ ᠢ ᠦᠭᠡᠷᠠᠴᠢᠯᠠᠨ ᠬᠤᠪᠢᠷᠠᠭᠤᠯᠵᠦ ᠳᠤᠷᠠᠳᠠᠢ ᠴᠢᠭᠯᠡᠯ ᠢᠶᠠᠷ ᠢᠶᠠᠨ ᠬᠦᠭᠵᠢᠬᠦᠯᠵᠦ ᠴᠢᠳᠠᠳᠠᠭ ᠤᠨ ᠤᠴᠢᠷ ᠳᠤᠷᠭᠠᠨ ᠳᠠᠭᠡᠷ᠎ᠠ ᠬᠦᠮᠤᠨ ᠤ ᠤᠶᠤᠨ ᠤᠬᠠᠭᠠᠨ ᠠᠴᠠ ᠤᠨᠳᠤᠷᠤᠨ ᠭᠠᠷᠤᠭᠰᠠᠠ ᠢᠷᠠᠭᠤ ᠨᠠᠶᠢᠷᠠᠭ᠂ ᠪᠤᠳᠠᠳᠤ ᠦᠢᠯᠠ ᠠᠮᠢᠳᠤᠷᠠᠯ ᠤᠨ ᠰᠠᠶᠢᠬᠠᠨ ᠪᠦᠬᠦᠨ ᠢ ᠳᠤᠪᠤᠶᠢᠯᠭᠠᠨ ᠤᠷᠠᠯᠠᠵᠦ᠂ ᠶᠢᠰᠤᠨ ᠡᠷᠳᠠᠨᠢ ᠪᠠᠷ ᠴᠢᠮᠡᠭᠰᠠᠠ ᠰᠤᠳᠤᠷ ᠪᠢᠴᠢᠭ ᠢ ᠬᠦᠷᠳᠠᠯ᠎ᠠ ᠦᠢᠯᠠᠳᠤᠨ ᠰᠤᠶᠤᠯ ᠤᠨ ᠦᠪ ᠪᠤᠯᠭᠠᠨ ᠦᠯᠠᠳᠡᠭᠡᠭᠰᠠᠠ ᠪᠠᠶᠢᠭ᠎ᠠ ᠪᠢᠯᠠ᠃        ᠠᠷᠠᠰᠤ ᠨᠠᠭᠡᠢ ᠡᠳ᠋ᠯᠠᠯ — ᠮᠤᠩᠭᠤᠯᠴᠤᠳ ᠤᠨ ᠤᠷ᠎ᠠ ᠦᠢᠯᠠ ᠶᠢᠨ ᠡᠬᠢᠨ ᠤ ᠳᠦᠬᠦᠭᠡᠢ ᠮᠠᠲ᠋ᠧᠷᠢᠶᠠᠯ ᠤᠨ ᠨᠢᠭᠡ ᠪᠤᠯᠬᠤ ᠮᠠᠯ᠂ ᠠᠩ ᠤᠨ ᠠᠷᠠᠰᠤ ᠪᠤᠯ ᠦᠨᠢ ᠤᠳᠠᠭᠠᠨ ᠤ ᠳᠠᠦᠭᠡ ᠲᠠᠢ ᠪᠦᠭᠡᠳ ᠳᠠᠦᠭᠡᠨ ᠶᠠᠪᠤᠴᠠ ᠳᠤ ᠳᠠᠰᠤᠷᠠᠯ ᠦᠭᠡᠢ ᠴᠢᠨᠠᠷᠵᠢᠨ ᠨᠠᠷᠢᠯᠢᠭᠵᠢᠵᠦ ᠢᠷᠡᠭᠰᠠᠠ ᠪᠠᠶᠢᠭ᠎ᠠ ᠶᠤᠮ᠃ ᠮᠤᠩᠭᠤᠯᠴᠤᠳ ᠠᠯᠢ ᠡᠷᠳᠠ ᠠᠴᠠ ᠠᠪᠤᠭᠠᠳ ᠠᠷᠠᠰᠤ ᠰᠢᠷᠢ ᠪᠠᠷ ᠠᠵᠢᠯ ᠡᠳ᠋ᠯᠠᠭᠡᠨ ᠤ ᠭᠡᠷᠡᠭᠰᠠᠯ ᠬᠢᠬᠦ ᠠᠴᠠ ᠭᠠᠳᠠᠨ᠎ᠠ ᠭᠤᠤᠯ ᠨᠢ ᠬᠤᠪᠴᠠᠰᠤ ᠬᠤᠨᠠᠷ ᠎ ᠲᠤ ᠭᠡᠷᠡᠭᠯᠠᠵᠦ ᠪᠠᠶᠢᠵᠠᠢ᠃ ᠳᠠᠭᠡᠬᠦ ᠳᠤ ᠠᠷᠠᠰᠤ ᠰᠢᠷᠢ ᠶᠢᠨ ᠬᠤᠪᠴᠠᠰᠤ ᠬᠤᠨᠠᠷ ᠪᠤᠰᠤᠳ ᠪᠦᠰ ᠪᠠᠷᠠᠭ᠎ᠠ᠂ ᠨᠠᠭᠡᠮᠠᠯ ᠰᠦᠯᠵᠢᠮᠠᠯ ᠠᠴᠠ ᠪᠠᠳᠤ ᠪᠠᠬᠢ ᠪᠦᠭᠡᠳ ᠵᠦᠪ ᠰᠠᠶᠢᠬᠠᠨ ᠡᠳ᠋ᠯᠠᠵᠦ ᠴᠢᠳᠠᠪᠠᠯ ᠭᠡᠯᠪᠠᠷᠢ ᠳᠦᠷᠰᠤ ᠪᠠᠨ ᠠᠯᠳᠠᠳᠠᠭ ᠦᠭᠡᠢ᠂ ᠤᠳᠠᠭᠠᠨ ᠡᠳ᠋ᠯᠡᠭᠡ ᠲᠠᠢ᠂ ᠰᠠᠯᠬᠢ ᠵᠢᠪᠠᠷ᠂ ᠨᠠᠷᠠ ᠰᠠᠬᠦᠳᠠᠷ ᠲᠤ ᠠᠯᠵᠢᠬᠤ ᠦᠭᠡᠢ ᠤᠯᠠᠨ ᠳᠠᠯ᠎ᠠ ᠶᠢᠨ ᠰᠠᠶᠢᠨᠳᠠᠢ ᠡᠳ᠋ᠯᠠᠯ ᠪᠠᠶᠢᠭ᠎ᠠ ᠶᠤᠮ᠃        ᠠᠷᠠᠰᠤ ᠰᠢᠷᠢ ᠶᠢ ᠡᠳ᠋ᠰᠢᠬᠦᠯᠬᠦ ᠶᠠᠪᠤᠴᠠ ᠮᠠᠰᠢ ᠴᠢᠩᠭ᠎ᠠ ᠵᠢᠷᠤᠮ ᠵᠢᠮ᠎ᠠ ᠲᠠᠢ ᠪᠦᠭᠡᠳ ᠶᠡᠭᠡ ᠨᠠᠷᠢᠨ ᠰᠢᠷᠢᠨ ᠠᠵᠢᠯ ᠳᠦᠷᠤᠯ ᠳᠤ ᠪᠠᠭᠳᠠᠵᠦ ᠦᠨᠳᠤᠷ ᠮᠠᠷᠭᠡᠵᠢᠯ ᠴᠢᠬᠤᠯᠠᠴᠢᠯᠠᠨ᠎ᠠ᠃ ᠠᠷᠠᠰᠤᠨ ᠤ ᠡᠳ᠋ᠯᠠᠯ ᠡᠩ ᠳᠠᠷᠢᠬᠦᠨ ᠳᠤ ᠮᠠᠯ ᠢ ᠠᠯᠠᠵᠦ ᠨᠢᠳᠤᠯᠬᠤ ᠠᠴᠠ ᠡᠬᠢᠯᠠᠨ᠎ᠠ᠃ ᠠᠷᠠᠰᠤ ᠶᠢ ᠦᠪᠴᠢᠬᠦ ᠳᠡᠭᠡᠨ ᠤᠷᠠᠵᠦ᠂ ᠴᠤᠭᠤᠯᠵᠦ᠂ ᠰᠢᠷ᠎ᠠ ᠬᠠᠯᠢᠰᠤ᠂ ᠬᠠᠯᠢᠮ ᠳᠠᠭᠠᠭᠤᠯᠤᠨ ᠦᠪᠴᠢᠭᠰᠡᠠ ᠪᠠᠶᠢᠪᠠᠯ ᠡᠳ᠋ᠰᠢᠬᠦᠯᠬᠦ ᠳᠤ ᠬᠦᠴᠢᠷ ᠪᠤᠯᠤᠨ᠎ᠠ᠃ ᠳᠠᠬᠦᠨ ᠤ ᠳᠠᠷᠠᠭ᠎ᠠ ᠎ ᠳᠤ ᠢᠳᠠᠭᠡᠯᠠᠵᠦ ᠤᠬᠢᠶᠠᠵᠦ᠂ ᠡᠯᠳᠠᠵᠦ᠂ ᠵᠦᠪᠰᠢᠬᠦᠯᠬᠦ ︵ᠡᠩᠴᠢᠯᠠᠬᠦ︶ ᠶᠠᠪᠤᠴᠠ ᠶᠢ ᠦᠩᠭᠡᠷᠡᠭᠡᠨ᠎ᠠ᠃ ᠵᠠᠷᠢᠮ ᠢ ᠎ ᠨᠢ ᠪᠠᠰᠠ ᠤᠳᠤᠭᠠᠨ ᠳᠤ ᠰᠢᠷᠢᠵᠦ ᠳᠠᠪᠤᠰᠤᠯᠠᠵᠦ ᠦᠩᠭᠡ ᠤᠷᠤᠭᠤᠯᠤᠨ ᠦᠩᠭᠡᠳᠤ ᠳᠡᠷᠯᠢᠭ ᠳᠠᠪᠠᠯ ᠬᠤᠪᠴᠠᠰᠤ ᠬᠢᠨ᠎ᠠ᠃ ᠠᠷᠠᠰᠤᠨ ᠭᠤᠳᠤᠯ ᠢ ᠬᠢᠬᠦ ᠶᠠᠪᠤᠴᠠ ᠡᠬᠦᠨ ᠠᠴᠠ ᠦᠭᠡᠷ᠎ᠠ ᠪᠠᠶᠢᠵᠦ ᠠᠷᠠᠰᠤ ᠶᠢ ᠬᠠᠳᠠᠭᠠᠨ ᠡᠳ᠋ᠰᠢᠬᠦᠯᠬᠦ ᠠᠷᠭ᠎ᠠ ᠵᠢᠮ᠎ᠠ ᠪᠠᠷ ᠶᠠᠪᠤᠭᠳᠠᠨ᠎ᠠ᠃        ᠤᠳᠠᠰᠤ ᠰᠢᠷᠪᠤᠰᠤ ᠰᠠᠮᠳᠠᠰᠤ ᠪᠠᠷ ᠬᠢᠭᠰᠡᠠ ᠤᠶᠤᠬᠤ ᠬᠤᠯᠪᠤᠭᠠᠰᠤ — ᠮᠤᠩᠭᠤᠯᠴᠤᠳ ᠮᠠᠯ ᠤᠨ ᠢᠶᠠᠨ ᠦᠰᠤ ᠨᠤᠤᠰᠤ ᠬᠢᠯᠭᠠᠰᠤ ᠵᠤᠭᠳᠤᠷᠢ ᠪᠠᠷ ᠤᠳᠠᠰᠤ ᠬᠢᠬᠦ ᠠᠴᠠ ᠭᠠᠳᠠᠨ᠎ᠠ ᠪᠠᠰᠠ ᠮᠠᠯ ᠠᠳᠤᠭᠤᠰᠤᠨ ᠤ ᠰᠢᠷᠪᠤᠰᠤ ᠶᠢ ᠡᠳ᠋ᠰᠢᠬᠦᠯᠤᠨ ᠠᠷᠠᠰᠤᠨ ᠡᠳ᠋ᠯᠠᠯ ᠬᠤᠪᠴᠠᠰᠤᠨ ᠤ ᠬᠢ ᠪᠠᠨ ᠤᠶᠤᠳᠠᠰᠤᠨ ᠤᠳᠠᠰᠤ ᠪᠤᠯᠭᠠᠳᠠᠭ᠃ ᠤᠯᠤᠰᠤ ᠪᠠᠷ ᠤᠳᠠᠰᠤ ᠰᠢᠷᠪᠤᠰᠤ ᠬᠢᠬᠦ᠂ ᠬᠦᠪᠤᠩ ᠤᠳᠠᠰᠤ᠂ ᠳᠤᠷᠭᠠᠨ ᠤᠳᠠᠰᠤ᠂ ᠨᠠᠶᠢᠯᠡᠯᠢᠭ ᠰᠢᠷᠭᠡᠭ ᠤᠨ ᠤᠳᠠᠰᠤ ᠶᠢ ᠪᠤᠯ ᠨᠠᠯᠢᠶᠠᠳ ᠬᠤᠵᠢᠭᠤ ᠪᠤᠯᠵᠦ ᠢᠷᠡᠭᠡᠳ ᠭᠡᠷᠡᠭᠯᠠᠬᠦ ᠪᠤᠯᠵᠠᠢ᠃        ⒋ ᠤᠶᠤᠬᠤ ᠬᠠᠳᠬᠤᠬᠤ ᠠᠷᠭ᠎ᠠ ᠪᠠᠷᠢᠯ ᠵᠢᠴᠢ ᠳᠠᠬᠦᠨ ᠳᠤ ᠦᠩᠭᠡ ᠵᠤᠬᠢᠴᠠᠭᠤᠯᠬᠤ        ᠤᠷ᠎ᠠ ᠦᠢᠯᠠ ᠪᠤᠯ ᠢᠮᠠᠭᠳᠠ ᠤᠶᠤᠳᠠᠯ ᠤᠨ ᠭᠡᠯᠬᠢᠶ᠎ᠠ ᠬᠤᠯᠪᠤᠭᠠᠰᠤ ᠪᠠᠷ ᠪᠦᠳᠤᠬᠦ ᠪᠦᠭᠡᠳ ᠬᠢᠬᠦ ᠮᠠᠲ᠋ᠧᠷᠢᠶᠠᠯ᠂ ᠪᠦᠳᠤᠭᠡᠬᠦ ᠡᠳ᠋ᠯᠠᠯ ᠠᠴᠠ ᠰᠢᠯᠳᠠᠭᠠᠯᠠᠨ ᠤᠯᠠᠨ ᠶᠠᠩᠵᠦ ᠶᠢᠨ ᠤᠶᠤᠳᠠᠯ ᠬᠦᠭᠵᠢᠵᠦ ᠢᠷᠡᠵᠠᠢ᠃ ᠤᠶᠤᠳᠠᠯ ᠤᠨ ᠳᠦᠷᠤᠯ ᠬᠦᠮᠤᠨ ᠤ ᠬᠤᠪᠴᠠᠰᠤ ᠡᠮᠤᠰᠬᠦ ᠪᠤᠯᠤᠭᠰᠠᠠ ᠳᠠᠷᠠ ᠴᠠᠭ ᠠᠴᠠ ᠡᠬᠢᠯᠡᠭᠰᠠᠠ ᠨᠢ ᠮᠠᠳᠠᠭᠡᠵᠢ ᠪᠦᠭᠡᠳ ᠡᠩ ᠳᠠᠷᠢᠬᠦᠨ ᠳᠤ ᠬᠤᠯᠪᠤᠵᠦ ᠪᠤᠭᠤᠬᠤ᠂ ᠤᠶᠠᠵᠦ ᠪᠠᠬᠢᠯᠠᠬᠦ ᠠᠷᠭ᠎ᠠ ᠡᠬᠢᠯᠠᠵᠦ ᠬᠦᠭᠵᠢᠭᠡᠳ ᠬᠠᠷᠢᠨ ᠵᠠᠬᠦᠤ ᠪᠠᠷᠢᠵᠦ ᠴᠤᠭᠤᠯᠵᠦ ᠤᠶᠤᠬᠤ ᠤᠶᠤᠳᠠᠯ ᠬᠦᠪᠤᠷᠢᠳᠬᠦ ᠤᠶᠤᠳᠠᠯ ᠠᠴᠠ ᠡᠬᠢᠯᠡᠭᠰᠠᠠ ᠪᠠᠶᠢᠵᠦ ᠳᠠᠭᠠᠷᠠᠨ᠎ᠠ᠃        ① ᠬᠦᠪᠤᠷᠢᠳᠬᠦ ᠭᠡᠳᠡᠭ ᠪᠤᠯ ᠬᠤᠶᠠᠷ ᠪᠤᠶᠤ ᠬᠤᠶᠠᠷ ᠠᠴᠠ ᠳᠠᠭᠡᠭᠰᠢ ᠶᠠᠭᠤᠮ᠎ᠠ ᠶᠢ ᠬᠤᠭᠤᠷᠤᠨᠳᠤ ᠨᠢ ᠡᠪᠯᠠᠬᠦᠯᠤᠨ ᠪᠠᠷᠢᠵᠦ ᠳᠠᠭᠡᠬᠦᠷ ᠨᠢ ᠳᠠᠪᠠᠭᠤᠯᠤᠨ ᠤᠶᠤᠬᠤ ᠶᠢ ᠵᠢᠭᠠᠵᠦ᠂ ᠭᠤᠤᠯ ᠨᠢ ᠬᠦᠪᠦᠷᠢᠳᠯᠡᠭᠡ ᠤᠶᠤᠳᠠᠯ ᠢᠶᠠᠷ ᠠᠷᠠᠰᠤ᠂ ᠨᠠᠭᠡᠢ᠂ ᠢᠰᠠᠭᠡᠢ ᠶᠢᠨ ᠭᠤᠤᠯ ᠤᠶᠤᠳᠠᠯ ᠪᠤᠯᠭᠠᠳᠠᠭ ᠪᠦᠭᠡᠳ ᠪᠠᠰᠠ ᠳᠠᠪᠠᠯ ᠮᠠᠯᠠᠭᠠᠢ ᠶᠢᠨ ᠪᠦᠴᠠ ᠰᠢᠯᠪᠢ ᠎ ᠶᠢ ᠴᠤ ᠬᠦᠪᠦᠷᠢᠳᠴᠤ ᠤᠶᠤᠳᠠᠭ᠃ ᠬᠦᠪᠦᠷᠢᠳᠤᠭᠡ ᠤᠶᠤᠳᠠᠯ ᠢ ᠮᠤᠩᠭᠤᠯᠴᠤᠳ ᠬᠤᠯᠪᠤᠵᠦ ᠬᠦᠪᠦᠷᠢᠳᠬᠦ᠂ ᠵᠠᠬᠠᠯᠠᠵᠦ ᠬᠦᠪᠦᠷᠢᠳᠬᠦ᠂ ᠳᠠᠷᠤᠭᠤᠯᠵᠦ ᠬᠦᠪᠦᠷᠢᠳᠬᠦ ᠭᠡᠬᠦ ᠮᠠᠳᠤ ᠭᠤᠷᠪᠠᠨ ᠶᠠᠩᠵᠦ ᠪᠠᠷ ᠤᠶᠤᠨ᠎ᠠ᠃        ② ᠬᠦᠰᠢᠬᠦ ᠤᠶᠤᠳᠠᠯ — ᠬᠦᠰᠢᠬᠦ ᠭᠡᠳᠡᠭ ᠪᠤᠯ ᠵᠠᠬᠦᠤ ᠶᠢ ᠭᠡᠳᠤ ᠭᠡᠳᠤ ᠬᠦᠰᠢᠵᠦ ᠬᠠᠳᠬᠤᠭᠰᠠᠠ ᠤ ᠳᠠᠷᠠᠭ᠎ᠠ ᠤᠳᠠᠰᠤ ᠪᠠᠨ ᠳᠠᠳᠠᠬᠤ ᠪᠦᠭᠡᠳ ᠡᠬᠦᠨ ᠢᠶᠠᠷ ᠳᠠᠪᠠᠯ ᠤᠨ ᠬᠠᠵᠢᠯᠭ᠎ᠠ᠂ ᠭᠡᠷ ᠤᠨ ᠪᠦᠷᠢᠶᠠᠰᠤ ᠶᠢᠨ ᠵᠠᠷᠢᠮ ᠭᠡᠰᠡᠭ ᠲᠤ ᠭᠡᠷᠡᠭᠰᠠᠯ ᠬᠠᠳᠠᠬᠤ ᠵᠠᠷᠭᠡ ᠶᠢ ᠤᠶᠤᠨ᠎ᠠ᠃ ᠡᠨᠠ ᠤᠶᠤᠳᠠᠯ ᠬᠠᠮᠤᠭ ᠤᠨ ᠭᠡᠪᠠᠷᠡᠭ ᠪᠦᠭᠡᠳ ᠦᠵᠠᠮᠵᠢ ᠮᠠᠭᠤᠳᠠᠢ ᠤᠶᠤᠳᠠᠯ ᠶᠤᠮ᠃        ③ ᠳᠤᠪᠰᠢᠬᠤ ︵ᠯᠤᠭᠰᠢᠬᠤ︶ ᠤᠶᠤᠳᠠᠯ — ᠳᠤᠪᠰᠢᠬᠤ ᠭᠡᠳᠡᠭ ᠨᠢ ᠬᠤᠶᠠᠷ ᠠᠴᠠ ᠳᠠᠭᠡᠭᠰᠢ ᠨᠢᠮᠭᠡᠨ ᠵᠤᠵᠠᠭᠠᠨ ᠡᠳ᠋ ᠶᠢ ᠬᠤᠭᠤᠷᠤᠨᠳᠤ ᠨᠢ ᠨᠠᠶᠢᠯᠠᠬᠦᠯᠵᠦ ᠬᠤᠯᠠ ᠬᠤᠯᠠ ᠳᠤᠪᠰᠢᠨ ︵ᠨᠠᠪᠳᠠ ᠬᠠᠳᠬᠤᠨ︶ ᠪᠠᠬᠢᠯᠠᠨ᠎ᠠ᠃ ᠡᠨᠠ ᠤᠶᠤᠳᠠᠯ ᠨᠢ ᠰᠢᠳᠠᠬᠦ ᠪᠤᠯᠤᠨ ᠰᠢᠷᠢᠭᠡᠰᠤ ᠲᠠᠢ ᠨᠠᠯᠢᠶᠠᠳ ᠳᠦᠰᠤᠭᠡᠳᠠᠢ᠃        ④ ᠰᠢᠳᠠᠬᠦ ᠤᠶᠤᠳᠠᠯ — ᠰᠢᠳᠠᠭᠡᠷᠢ ᠭᠡᠳᠡᠭ ᠪᠤᠯ ᠬᠤᠶᠠᠷ ᠠᠴᠠ ᠳᠠᠭᠡᠭᠰᠢ ᠡᠳ᠋ ᠶᠢ ᠳᠠᠪᠬᠤᠷᠯᠠᠨ ᠠᠳᠠ ᠳᠠᠨᠳᠠ ᠬᠤᠯᠠ ᠬᠤᠯᠠ ᠬᠠᠳᠬᠤᠵᠦ ᠳᠦᠷ ᠳᠤᠷᠭᠠᠬᠤ ᠪᠤᠶᠤ ᠡᠰᠭᠡᠬᠦ ᠵᠦᠢᠯ ᠤᠨ ᠵᠦᠢᠳᠠᠯ ᠢ ᠳᠠᠩᠴᠠᠬᠦᠯᠬᠦ ᠶᠢᠨ ᠳᠤᠰᠠᠳᠠ ᠳᠦᠷ ᠳᠤᠭᠳᠠᠭᠠᠬᠤ ᠤᠶᠤᠳᠠᠯ ᠪᠦᠭᠡᠳ ᠵᠢᠩᠬᠢᠨᠢ ᠤᠶᠤᠳᠠᠯ ᠢ ᠬᠢᠵᠦ ᠳᠠᠭᠤᠰᠤᠮᠠᠭᠴᠠ ᠤᠭ ᠰᠢᠳᠠᠭᠡᠰᠤ ᠎ ᠶᠢ ᠠᠪᠴᠤ ᠬᠠᠶᠠᠨ᠎ᠠ᠃        ⑤ ᠰᠢᠭᠯᠠᠬᠤ ᠤᠶᠤᠳᠠᠯ — ᠰᠢᠭᠯᠠᠭᠠᠰᠤ ᠭᠡᠳᠡᠭ ᠨᠢ ᠵᠠᠬᠦᠤ ᠶᠢᠨ ᠬᠠᠳᠬᠤᠭᠠᠰᠤᠨ ᠤ ᠨᠢᠭᠡ ᠨᠦᠭᠡ ᠪᠠᠷ ᠬᠦᠭᠡᠭᠡᠵᠦ ᠳᠡᠭᠰᠢ ᠵᠢᠭᠳᠡ ᠪᠤᠴᠠᠯᠳᠠ ᠲᠠᠢ ᠤᠶᠤᠬᠤ ᠤᠶᠤᠳᠠᠯ᠃ ᠡᠨᠠ ᠤᠶᠤᠳᠠᠯ ᠶᠡᠭᠡ ᠡᠷᠳᠠ ᠡᠬᠦᠰᠴᠤ ᠤᠳᠤ ᠪᠤᠯᠬᠤ ᠳᠤ ᠶᠠᠭᠡᠳᠠ ᠭᠡᠷᠡᠭᠯᠡᠭᠳᠠᠵᠦ ᠪᠠᠶᠢᠭ᠎ᠠ ᠪᠦᠭᠡᠳ ᠮᠠᠰᠢᠨ ᠢᠶᠠᠷ ᠤᠶᠤᠬᠤ ᠪᠤᠯᠬᠤ ᠳᠤ ᠬᠦᠮᠤᠨ ᠰᠢᠭᠯᠠᠭᠠᠰᠤ ᠶᠢ ᠮᠠᠰᠢᠨ ᠲᠧᠭᠨᠢᠭ ᠲᠤ ᠤᠷᠤᠭᠤᠯᠵᠠᠢ᠃ ᠰᠢᠭᠯᠠᠭᠠᠰᠤ ᠪᠠ ᠨᠦᠬᠦᠭᠡᠰᠤ ᠰᠢᠭᠯᠠᠭᠠᠰᠤ ᠴᠢᠭᠳᠠᠯᠠᠨ ᠰᠢᠭᠯᠠᠬᠤ᠂ ᠳᠠᠤᠯᠠᠢ ᠬᠠᠷᠠᠶᠢᠯᠭᠠᠬᠤ ᠰᠢᠭᠯᠠᠭᠠᠰᠤ ︵ᠭᠤᠷᠪᠠ ᠬᠠᠳᠬᠤᠪᠠᠯ ᠭᠤᠷᠪᠠᠨ ᠬᠠᠳᠬᠤᠭᠠᠷᠢ ᠶᠢᠨ ᠵᠠᠢ ᠦᠯᠠᠳᠠᠭᠡᠵᠦ ᠬᠠᠳᠬᠤᠬᠤ ᠠᠷᠭ᠎ᠠ︶ ᠭᠡᠵᠦ ᠳᠦᠷᠪᠠᠨ ᠵᠦᠢᠯ ᠪᠠᠭᠳᠠᠨ᠎ᠠ᠃        ⑥ ᠤᠯᠠᠯᠠᠭ᠎ᠠ ᠤᠶᠤᠳᠠᠯ — ᠤᠯᠠᠯᠠᠭ᠎ᠠ ᠭᠡᠳᠡᠭ ᠨᠢ ᠨᠢᠭᠡ ᠵᠠᠬᠦᠤ ᠶᠢᠨ ᠨᠦᠭᠡ ᠪᠠᠷ ᠬᠤᠶᠠᠷ ᠤᠳᠠᠰᠤ ᠶᠢ ᠵᠦᠷᠢᠬᠦᠯᠤᠨ ᠰᠤᠯᠢᠪᠴᠢᠭᠤᠯᠵᠦ ᠤᠶᠤᠨ᠎ᠠ᠃ ᠭᠤᠳᠤᠯ ᠱᠠᠬᠠᠢ ᠤᠯᠠᠯᠠᠬᠤ ᠳᠤ ᠡᠨᠠ ᠤᠶᠤᠳᠠᠯ ᠢᠶᠠᠷ ᠤᠶᠤᠨ᠎ᠠ᠃        ⑦ ᠬᠠᠪᠠᠭ᠋ᠤ ᠤᠶᠤᠳᠠᠯ — ᠬᠤᠶᠠᠷ ᠪᠦᠰᠠᠠ ᠤ ᠵᠠᠪᠰᠠᠷ ᠲᠤ ᠬᠦᠪᠤᠩ ᠵᠠᠷᠭᠡ ᠶᠢ ᠬᠠᠪᠴᠢᠭᠤᠯᠤᠨ ᠭᠠᠳᠠᠨ᠎ᠠ ᠳᠠᠯ᠎ᠠ ᠠᠴᠠ ᠨᠢ ᠨᠠᠪᠳᠠ ᠬᠠᠳᠬᠤᠨ ᠤᠶᠤᠬᠤ ᠶᠢ ᠬᠠᠪᠠᠭ᠋ᠤ ᠭᠡᠳᠡᠭ᠃        ⑧ ᠦᠳᠠᠬᠦ ᠤᠶᠤᠳᠠᠯ — ᠦᠳᠠᠬᠦ ᠭᠡᠳᠡᠭ ᠪᠤᠯ ᠰᠢᠷᠢ ᠪᠤᠯᠤᠨ ᠮᠤᠩᠭᠤᠯ ᠭᠡᠷ ᠤᠨ ᠬᠠᠨ᠎ᠠ ᠶᠢᠨ ᠬᠤᠯᠪᠤᠭᠠᠰᠤ ᠤᠶᠤᠳᠠᠯ ᠶᠤᠮ᠃ ᠡᠨᠠ ᠤᠶᠤᠳᠠᠯ ᠤᠨ ᠤᠳᠠᠰᠤ ᠨᠢ ᠦᠳᠠᠭᠡᠷᠢ ᠶᠤᠮ᠃        ⑨ ᠨᠦᠬᠦᠬᠦ ᠤᠶᠤᠳᠠᠯ — ᠨᠦᠬᠦᠬᠦ ᠭᠡᠳᠡᠭ ᠪᠤᠯ ᠨᠦᠬᠦᠭᠡᠰᠤ ᠶᠢᠨ ᠵᠠᠬ᠎ᠠ ᠶᠢ ᠤᠭ ᠵᠦᠢᠯ ᠳᠠᠭᠡᠷ᠎ᠠ ᠬᠠᠳᠠᠵᠦ ᠤᠶᠤᠬᠤ ᠶᠢ ᠵᠢᠭᠠᠵᠦ ᠪᠤᠢ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号