ᠳᠦᠰᠢᠶᠡᠳᠦ ᠰᠦᠮ᠎ᠡ ᠶᠢᠨ ᠬᠠᠭᠤᠴᠢᠨ ᠵᠤᠭᠤᠭ
ᠨᠡᠶᠢᠲᠡᠯᠡᠭᠰᠡᠨ ᠴᠠᠭ᠄
2019/12/19
      ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ ᠶᠢᠨ ᠪᠠᠭᠰᠢ ᠶᠢᠨ ᠠᠯᠪᠠᠨ ᠳᠤ ᠪᠠᠯᠵᠤᠤᠷ ᠰᠢᠶᠠᠨᠱᠧᠩ᠂ ᠭᠦᠷᠵᠠᠪ᠂ ᠶᠠ᠊᠂ ᠪᠤᠶᠠᠨᠳᠤᠭᠳᠠᠬᠤ ᠭᠤᠷᠪᠠᠭᠤᠯᠠ ᠤᠶᠤᠨ ᠤ ᠬᠦᠴᠦ ᠪᠠᠨ ᠳᠠᠶᠢᠴᠢᠯᠠᠨ ᠵᠢᠳᠬᠦᠵᠤ᠂ ᠡᠳᠦᠷ ᠳᠤᠳᠤᠮ  ᠤᠨ ᠭᠡᠷᠡᠭᠯᠡᠭᠡᠨ ᠤ ᠬᠠᠩᠭᠠᠯᠭ᠎ᠠ ᠶᠢ ᠨᠢ ᠰᠤᠷᠤᠭᠴᠢᠳ ᠤᠨ ᠲᠠᠯ᠎ᠠ ᠠᠴᠠ ᠳᠠᠳᠠᠪᠤᠷᠢᠯᠠᠨ ᠴᠠᠯᠢᠩ ᠬᠦᠯᠦᠰᠤ ᠪᠤᠯᠭᠠᠵᠤ ᠪᠠᠶᠢᠯ᠎ᠠ᠃ ᠬᠦᠷᠵᠠᠪ ᠪᠠᠭᠰᠢ ᠳᠤᠬᠠᠢ ᠶᠢᠨ ᠵᠢᠯ ᠮᠠᠯᠵᠢᠬᠤ ᠬᠤᠷᠠᠯ ᠤᠨ ᠨᠠᠷᠢᠨ ᠪᠢᠴᠢᠭᠡᠴᠢ ᠶᠢᠨ ᠳᠤᠰᠢᠶᠠᠯ ᠢ ᠬᠠᠪᠰᠤᠷᠭᠠᠨ ᠬᠠᠷᠢᠭᠤᠴᠠᠵᠤ᠂ ᠰᠤᠷᠭᠠᠭᠤᠯᠢ ᠨᠢ 1 —4 ᠤᠨ ᠬᠦᠷᠳᠡᠯ᠎ᠡ ᠠᠩᠬᠢ ᠡᠷᠬᠢᠯᠡᠵᠤ᠂ 5 ᠤᠨ ᠳᠤ ᠳᠠᠪᠰᠢᠪᠠᠯ ᠦᠨᠦ ᠶᠢᠨ ᠪᠠᠶᠠᠨᠴᠠᠭᠠᠨ ᠰᠤᠮᠤᠨ ᠤ ᠳᠦᠰᠢᠶᠠᠳᠤ ᠭᠠᠴᠠᠭᠠᠨ ᠳᠤ ᠪᠠᠶᠢᠭᠤᠯᠤᠭᠳᠠᠭᠰᠠᠨ ︽ᠵᠤᠤ ᠤᠳᠠ ᠠᠶᠢᠮᠠᠭ ᠤᠨ ᠬᠡᠰᠢᠭᠳᠡᠨ ᠬᠤᠰᠢᠭᠤᠨ ᠤ ᠵᠠᠬᠦᠨ ᠠᠷᠤ ᠨᠤᠳᠤᠭ ᠤᠨ ᠳᠦᠰᠢᠶᠡᠳᠦ ᠶᠢᠨ ᠪᠠᠭ᠎ᠠ ᠰᠤᠷᠭᠠᠭᠤᠯᠢ︾ ᠳᠤ ᠦᠷᠬᠦᠯᠵᠢᠯᠡᠨ ᠰᠤᠷᠤᠯᠴᠠᠳᠠᠭ ᠪᠠᠶᠢᠵᠠᠢ᠃       ᠡᠨᠡ ᠬᠦ ᠰᠤᠷᠭᠠᠭᠤᠯᠢ ᠶᠢ ᠨᠤᠳᠤᠭ ᠤᠨ ᠬᠦᠮᠦᠰ ᠤᠯᠠᠩᠬᠢ ᠳᠠᠭᠠᠨ ᠳᠦᠰᠢᠶᠡᠳᠦ ᠰᠦᠮ᠎ᠡ ᠶᠢᠨ ᠰᠤᠷᠭᠠᠭᠤᠯᠢ ᠬᠡᠳᠡᠭ᠃ ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ ᠠᠴᠠ ᠳᠦᠰᠢᠶᠡᠳᠦ ᠰᠦᠮ᠎ᠡ ᠶᠢᠨ ᠡᠩᠭᠡᠷ ᠬᠦᠷᠳᠡᠯ᠎ᠡ ᠨᠠᠭᠠᠳᠤ ᠵᠠᠬ᠎ᠠ ᠳᠠᠭᠠᠨ ᠭᠤᠴᠢᠨ ᠭᠠᠵᠠᠷ ᠤᠨ ᠵᠠᠮ ᠠᠶᠠᠯᠠᠳᠠᠭ᠃ ᠲᠡᠷᠡ ᠦᠶ᠎ᠡ ᠶᠢᠨ ᠰᠤᠷᠤᠭᠴᠢᠳ ᠳᠦᠷᠪᠠᠳᠦᠭᠡᠷ ᠤᠨ ᠢᠶᠠᠨ ᠲᠡᠬᠦᠰᠬᠡᠭᠡᠳ ᠡᠨᠡᠬᠦ ᠵᠠᠮ ᠢ ᠶᠠᠪᠠᠭᠠᠨ ᠡᠰᠡᠬᠦᠯ᠎ᠡ ᠦᠬᠡᠷ ᠲᠡᠷᠭᠡ᠂ ᠮᠤᠷᠢ ᠪᠠᠷ ᠶᠠᠳᠠᠷᠠᠯ ᠵᠦᠳᠡᠷᠡᠯ ᠢ ᠳᠠᠪᠴᠢᠨ ᠦᠭᠰᠦᠨ ᠤᠷᠤᠭᠤᠳᠠᠨ ᠳᠤᠭᠤᠯᠬᠤ ᠳᠠᠭᠠᠨ ᠨᠤᠮ ᠤᠨ ᠭᠡᠷᠡᠯ ᠳᠤ ᠢᠳᠡᠭᠡᠯ ᠪᠢᠰᠢᠷᠡᠯ ᠢᠶᠠᠨ ᠬᠦᠳᠦᠯᠦᠬᠦᠯᠦᠨ ᠰᠤᠷᠬᠤ ᠶᠢᠨ ᠤᠷᠮ᠎ᠠ ᠶᠢ ᠡᠳ᠋ᠯᠠᠵᠤ᠂ ᠳᠤᠬᠠᠢ ᠶᠢᠨ ᠦᠶ᠎ᠡ ᠬᠡᠰᠢᠭᠳᠡᠨ ᠬᠤᠰᠢᠭᠤᠨ ᠤ ᠴᠢᠬᠤᠯᠠ ᠰᠤᠷᠭᠠᠭᠤᠯᠢ ᠶᠢᠨ ᠨᠢᠬᠡ ᠪᠠᠶᠢᠭᠰᠠᠨ — ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ ᠪᠠᠨ ᠬᠡᠵᠢᠶ᠎ᠡ ᠴᠤ ᠮᠡᠷᠳᠠᠬᠤ ᠦᠬᠡᠢ ᠠᠮᠢᠨᠴᠢᠯᠠᠨ ᠴᠡᠬᠡᠵᠢᠯᠡᠭᠡᠳ ᠬᠤᠶᠢᠴᠢ ᠶᠢᠨ ᠬᠦᠮᠦᠰ ᠲᠤ ᠵᠤᠭᠤᠭ ᠪᠤᠯᠭᠠᠨ ᠬᠠᠭᠤᠴᠢᠯᠠᠭᠰᠠᠭᠠᠷ ᠢᠷᠡᠭᠰᠡᠨ ᠨᠢ ᠦᠨᠦᠳᠦᠷ ᠤᠨ ᠪᠢᠳᠡᠨ ᠳᠤ ᠦᠨᠡᠳᠦ ᠳᠤᠷᠠᠰᠬᠠᠯ ᠢ ᠬᠠᠩᠭᠠᠬᠤ ᠪᠠᠶᠠᠷ ᠤᠨ ᠡᠬᠦᠳᠡ ᠶᠢ ᠨᠡᠬᠡᠬᠡᠵᠦ ᠦᠭᠬᠦᠯ᠎ᠡ᠃       ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠳᠦᠰᠢᠶᠡᠳᠦ ᠰᠦᠮ᠎ᠡ ᠶᠢ ᠬᠠᠷᠠᠭᠴᠢᠨ ᠭᠠᠭ᠋ᠠᠢ ᠵᠢᠯ ᠪᠤᠶᠤ 1935 ᠤᠨ ᠳᠤ ᠡᠬᠦᠰᠬᠡᠵᠤ ᠪᠠᠷᠢᠭᠠᠳ 1958 ᠤᠨ ᠳᠤ ᠪᠠᠶᠠᠨᠴᠠᠭᠠᠨ ᠨᠢᠬᠡᠳᠦᠯ ᠢ ᠪᠠᠶᠢᠭᠤᠯᠬᠤ ᠳᠤ᠂ 1965 ᠤᠨ ᠳᠤ ᠪᠠᠶᠠᠨᠴᠠᠭᠠᠨ ᠨᠢᠬᠡᠳᠦᠯ ᠤᠨ ᠶᠡᠷᠦᠩᠬᠢ ᠰᠤᠷᠭᠠᠭᠤᠯᠢ ᠶᠢ ᠪᠠᠶᠢᠭᠤᠯᠬᠤ ᠳᠤ ᠱᠠᠰᠢᠨ ᠤ ᠰᠤᠶᠤᠯ  ᠤᠨ ᠦᠨᠡᠳᠦ ᠴᠤᠭᠴᠠᠯᠠᠪᠤᠷᠢ ᠶᠢ ᠢᠯᠡᠳᠬᠡᠭᠰᠡᠨ ᠪᠦᠬᠦ ᠶᠠᠭᠤᠮ᠎ᠠ ᠶᠢ ᠨᠢ ᠬᠠᠶᠢᠷᠠᠯᠠᠯ ᠦᠬᠡᠢ ᠰᠦᠢᠳᠬᠡᠵᠤ ᠳᠠᠭᠤᠰᠬᠠᠭᠰᠠᠨ ᠢᠶᠠᠷ ᠵᠤᠭᠰᠤᠬᠤ ᠦᠬᠡᠢ ᠬᠦᠬᠡ ᠳᠤᠭᠤᠰᠬ᠎ᠠ ᠪᠠᠷ ᠨᠢ ᠪᠠᠷᠢᠭᠳᠠᠭᠰᠠᠨ ᠭᠠᠭᠴᠠ ᠮᠦᠷ ᠬᠡᠷ ᠰᠤᠮᠤᠨ  ᠤ ᠳᠦᠪ ᠲᠤ ᠦᠯᠡᠳᠡᠬᠡᠳ ᠪᠠᠶᠢᠭᠰᠠᠨ ᠢ ᠨᠢ 1994 ᠤᠨ ᠤ ᠬᠠᠪᠤᠷ ᠪᠠᠶᠠᠨᠴᠠᠭᠠᠨ ᠳᠤᠮᠳᠠᠳᠤ ᠰᠤᠷᠭᠠᠭᠤᠯᠢ ᠶᠢ ᠪᠢᠷᠠᠭᠤ ᠳᠠᠬᠢ ᠮᠤᠩᠭᠤᠯ ᠦᠨᠳᠦᠰᠦᠳᠡᠨ ᠤ ᠳᠤᠮᠳᠠᠳᠤ ᠰᠤᠷᠭᠠᠭᠤᠯᠢ ᠲᠠᠢ ᠨᠢᠬᠡᠳᠬᠡᠬᠦ ᠦᠶ᠎ᠡ ᠳᠤ ᠶᠡᠷᠦᠩᠬᠢ ᠰᠤᠷᠭᠠᠭᠤᠯᠢ ᠳᠠᠭᠠᠨ ᠦᠮᠴᠢᠯᠡᠬᠦᠯᠦᠭᠰᠡᠨ ᠳᠤ ᠳᠡᠳᠡ ᠦᠷᠢ ᠰᠢᠷᠢ ᠶᠢᠨ ᠢᠶᠠᠨ ᠤᠷᠤᠨ ᠳᠤ ᠸᠧᠨ ᠱᠢ ᠴᠢᠨ ᠬᠡᠭᠴᠢ ᠬᠦᠮᠦᠨ ᠳᠤ ᠳᠠᠷᠤᠵᠤ ᠦᠭᠴᠠᠢ᠃ ᠤᠤᠯ ᠨᠢ ᠳᠡᠳᠡ ᠡᠨᠡ ᠸᠧᠨ ᠱᠢ ᠴᠢᠨ ᠠᠴᠠ ᠬᠦᠦ ᠮᠦᠩᠬᠦ ᠲᠠᠢ ᠵᠢᠬᠡᠯᠡᠯᠬᠡ ᠠᠪᠤᠭᠠᠳ ᠬᠠᠷᠢᠭᠤᠯᠵᠤ ᠴᠢᠳᠠᠬᠤ ᠦᠬᠡᠢ ᠮᠤᠬᠤᠷᠳᠠᠵᠤ ᠪᠠᠶᠢᠵᠠᠢ᠃      ᠰᠤᠮᠤᠨ ᠳᠤ ᠪᠠᠶᠢᠭ᠎ᠠ ᠳᠤᠮᠳᠠᠳᠤ ᠰᠤᠷᠭᠠᠭᠤᠯᠢ ᠨᠤᠭᠤᠳ ᠤᠨ ᠰᠠᠭᠤᠷᠢ ᠶᠢ ᠮᠤᠯᠳᠤᠯᠬᠤ ᠬᠦᠳᠡᠯᠬᠡᠬᠡᠨ ᠮᠦᠨ ᠲᠡᠷᠡ ᠤᠨ ᠳᠤ ᠪᠠᠶᠠᠨᠴᠠᠭᠠᠨ ᠰᠤᠮᠤᠨ ᠠᠴᠠ ᠡᠬᠢ ᠳᠠᠯᠪᠢᠭᠳᠠᠭᠰᠠᠨ ᠲᠡᠦᠬᠡ ᠲᠠᠢ ᠪᠦᠬᠡᠳ ᠳᠠᠷᠠᠬᠠᠠ᠋ᠭᠤᠯᠠ ᠳᠤᠮᠳᠠᠳᠤ ᠰᠤᠷᠭᠠᠭᠤᠯᠢ 2002 ᠤᠨ ᠳᠤ᠂ ᠳᠠᠯᠠᠶᠢᠨᠠᠭᠤᠷ ᠳᠤᠮᠳᠠᠳᠤ ᠰᠤᠷᠭᠠᠭᠤᠯᠢ 2005 ᠤᠨ ᠳᠤ᠂ ᠪᠠᠶᠠᠩᠭᠤᠤᠯ ᠳᠤᠮᠳᠠᠳᠤ ᠰᠤᠷᠭᠠᠭᠤᠯᠢ 2005 ᠤᠨ ᠳᠤ ᠰᠢᠯᠢ ᠰᠢᠯᠢ ᠪᠠᠨ ᠳᠠᠷᠤᠨ ᠠᠷᠤ ᠠᠷᠤ ᠠᠴᠠ ᠪᠠᠨ ᠬᠤᠰᠤᠭᠤᠯᠵᠤ᠂ ᠠᠩᠬ᠎ᠠ ᠵᠡᠷᠬᠡ ᠶᠢᠨ ᠰᠤᠷᠭᠠᠨ ᠬᠦᠮᠦᠵᠢᠯ ᠬᠡᠰᠢᠭᠳᠡᠨ ᠬᠤᠰᠢᠭᠤᠨ ᠤ ᠬᠦᠳᠡᠭᠡ ᠨᠤᠳᠤᠭ ᠤᠨ ᠬᠦᠷᠦᠰᠦᠨ ᠠᠴᠠ ᠬᠤᠪᠬᠤ ᠠᠷᠴᠢᠭᠳᠠᠭᠰᠠᠨ ᠨᠢ ᠡᠮᠬᠡᠨᠢᠯᠳᠠᠢ᠃ ᠵᠠᠩᠬᠢᠯᠠᠭ᠎ᠠ ᠶᠢᠨ ᠭᠤᠭᠴᠤᠭᠠᠨ ᠳᠡᠬᠡᠷ᠎ᠡ ᠦᠨᠡᠨ ᠢ ᠰᠢᠳᠦᠨ ᠦᠨᠡᠨ ᠢ ᠶᠠᠷᠢᠳᠠᠭ ᠬᠦᠮᠦᠨ ᠪᠠᠰᠠ ᠪᠠᠶᠢᠭᠰᠠᠨ ᠶᠤᠮᠰᠠᠨᠵᠠᠢ᠃ ᠪᠠᠶᠠᠨᠴᠠᠭᠠᠨ ᠳᠤᠮᠳᠠᠳᠤ ᠰᠤᠷᠭᠠᠭᠤᠯᠢ ᠶᠢᠨ ᠪᠠᠭᠰᠢ ᠬᠦᠷᠵᠠᠪ ᠤᠨ ᠡᠷᠳᠡᠨᠢᠪᠠᠭᠠᠳᠤᠷ ᠲᠡᠷᠡ ᠦᠶ᠎ᠡ ᠳᠤ ᠡᠨᠡ ᠪᠠᠶᠢᠳᠠᠯ ᠢ ᠬᠠᠷᠠᠭᠠᠳ ᠳᠡᠰᠴᠤ ᠴᠢᠳᠠᠭᠰᠠᠨ ᠦᠬᠡᠢ᠂ ᠴᠤᠷᠢ ᠭᠠᠭᠴᠠᠭᠠᠷ  ᠠᠮᠢᠨ ᠬᠠᠶᠢᠷᠠᠳᠠᠢ ᠮᠤᠩᠭᠤᠯ ᠰᠤᠷᠭᠠᠭᠤᠯᠢ ᠪᠠᠨ ᠦᠮᠦᠬᠡᠷᠡᠨ ᠪᠤᠰᠤᠭᠠᠳ ︽ᠰᠤᠶᠤᠯ ᠤᠨ ᠢᠶᠠᠨ ᠦᠨᠳᠦᠰᠦ ᠶᠢ ᠳᠤᠶᠠᠴᠢᠵᠤ ᠪᠠᠶᠢᠭ᠎ᠠ ᠲᠠ ᠨᠠᠷ ᠢ ᠬᠤᠵᠢᠮ ᠤᠨ ᠡᠳᠦᠷ ᠰᠢᠬᠦᠬᠦ ᠴᠠᠭ ᠪᠤᠢ︾ ᠬᠡᠵᠤ ᠬᠤᠰᠢᠭᠤᠨ  ᠠᠴᠠ ᠢᠷᠡᠭᠰᠡᠨ ᠬᠦᠮᠦᠰ ᠲᠠᠢ ᠦᠵᠡᠯᠳᠡ ᠰᠦᠷᠦᠨ ᠮᠠᠷᠭᠤᠯᠳᠤᠵᠤ ᠪᠠᠶᠢᠭᠰᠠᠨ ᠬᠡᠳᠡᠭ᠃ ᠡᠬᠦᠨ ᠢ ᠴᠠᠰᠢ ᠦᠯᠦ ᠦᠬᠦᠯᠡᠨ ᠦᠬᠦᠯᠡᠬᠦ ᠨᠢ ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号