ᠪᠢᠴᠢᠭ ᠤᠨ ᠰᠢᠪᠠᠭᠤ ᠵᠢᠭᠦᠷ ᠢᠶᠠᠨ ᠳᠡᠯᠭᠡᠪᠡ
ᠨᠡᠶᠢᠲᠡᠯᠡᠭᠰᠡᠨ ᠴᠠᠭ᠄
2019/12/19
           ᠴᠠᠭ ᠤᠨ ᠬᠠᠳᠠᠭᠤ ᠠᠮᠠ ᠠᠷᠠᠢ ᠭᠡᠵᠤ ᠵᠦᠬᠡᠯᠡᠨ ᠳᠠᠰᠢ ᠪᠠᠨ ᠡᠷᠬᠢᠵᠦ ︽ᠭᠠᠵᠠᠷ ᠰᠢᠷᠦᠢ ᠶᠢᠨ ᠦᠬᠡᠷᠡᠴᠢᠯᠡᠯᠳᠡ ᠶᠢᠨ ᠬᠦᠳᠡᠯᠭᠡᠭᠡᠨ︾ ᠨᠠᠮᠬᠠᠷᠠᠬᠤ ᠵᠦᠭ ᠲᠡᠭᠡᠨ ᠬᠠᠨᠳᠤᠭᠰᠠᠨ 1948 ᠤᠨ ᠤ ᠵᠤᠨ ᠤ ᠡᠬᠢ ᠪᠠᠷ ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠶᠢᠨ ᠰᠠᠭᠤᠷᠢᠨ ᠳᠡᠬᠡᠷ᠎ᠡ ᠪᠠᠯᠵᠤᠤᠷ ᠰᠢᠶᠠᠨᠱᠧᠩ᠂ ᠭᠦᠷᠵᠠᠪ ᠬᠤᠶᠠᠷ ᠰᠤᠷᠤᠭᠴᠢᠳ ᠢᠶᠠᠨ ᠳᠠᠬᠢᠨ ᠪᠦᠷᠢᠳᠭᠡᠨ ᠳᠠᠭᠤᠳᠠᠵᠤ ᠴᠤᠭᠯᠠᠭᠤᠯᠤᠭᠠᠳ ᠬᠢᠴᠢᠶᠡᠯ ᠢᠶᠠᠨ ᠰᠡᠷᠬᠦᠬᠡᠬᠡᠳ ᠡᠬᠢᠯᠡᠳᠡᠯ᠎ᠡ ᠮᠠᠯ ᠤᠨ ᠬᠢᠵᠢᠭ ᠳᠡᠯᠬᠡᠷᠡᠵᠤ᠂ ᠤᠯᠠᠭᠠᠨ ᠡᠷᠬᠢ ᠶᠢᠨ ᠠᠶᠢᠯ ᠤᠳ ᠬᠡᠷ ᠲᠡᠷᠬᠡ ᠪᠠᠨ ᠠᠴᠢᠶᠠᠯᠠᠭᠠᠳ ᠨᠠᠷᠠᠨᠪᠤᠯᠠᠭ ᠳᠠᠰᠢ ᠨᠡᠬᠦᠳᠡᠯ ᠬᠦᠳᠡᠯᠦᠯ᠎ᠡ᠃ ᠰᠤᠷᠭᠠᠭᠤᠯᠢ ᠨᠢ ᠴᠤ ᠨᠠᠷᠠᠨᠪᠤᠯᠠᠭ ᠲᠤ ᠵᠤᠰᠠᠭᠠᠳ ᠨᠠᠮᠤᠷ ᠨᠢ ᠤᠳᠤ ᠶᠢᠨ ᠵᠠᠬᠢᠷᠭ᠎ᠠ  ᠪᠠᠷ ᠪᠠᠶᠠᠨᠴᠠᠭᠠᠨ ᠰᠤᠮᠤᠨ ᠤ ᠪᠠᠶ᠋ᠨ᠋ᠠ᠋ᠭᠤᠯᠠ ᠭᠠᠴᠠᠭᠠᠨ ᠤ ᠨᠢᠬᠡᠳᠦᠬᠡᠷ ᠳᠤᠭᠤᠶᠢᠯᠠᠩ ᠳᠤ ᠪᠤᠴᠠᠨ ᠢᠷᠡᠬᠦ ᠦᠶᠡᠰ ᠨᠢᠬᠡᠨᠳᠡ ᠭᠤᠴᠢᠭᠠᠳ ᠰᠤᠷᠤᠭᠴᠢ ᠲᠠᠢ ᠪᠤᠯᠤᠭᠰᠠᠨ ᠪᠦᠬᠡᠳ ᠭᠠᠴᠠᠭᠠᠨ ᠳᠠᠷᠤᠭ᠎ᠠ ᠪᠠᠷ ᠪᠠᠭᠠᠳᠤᠷ᠂ ᠨᠠᠮ ᠤᠨ ᠡᠭᠦᠷ  ᠤᠨ ᠳᠠᠷᠤᠭ᠎ᠠ ᠪᠠᠷ ᠴᠠᠬᠠᠷ ᠨᠤᠳᠤᠭᠳᠠᠢ ᠵᠢᠪᠬᠤᠯᠠᠩ ᠠᠵᠢᠯᠯᠠᠵᠤ᠂ ᠰᠤᠷᠭᠠᠭᠤᠯᠢ ᠶᠢᠨ ᠬᠡᠪᠴᠢᠶ᠎ᠠ ᠨᠢ ᠤᠭ ᠤᠨ ᠬᠡᠷ  ᠤᠨ ᠰᠤᠷᠭᠠᠭᠤᠯᠢ ᠶᠢᠨ ᠬᠢᠵᠠᠭᠠᠷ ᠢ ᠳᠠᠪᠠᠨ ᠡᠳᠦᠷ ᠢᠷᠡᠭᠦᠶ᠎ᠡ ᠦᠷᠭᠡᠵᠢᠨ ᠪᠤᠵᠠᠭᠠᠶᠢᠷᠠᠵᠤ᠂ ᠤᠯᠠᠭᠠᠨ ᠡᠷᠬᠢ ᠨᠤᠳᠤᠭ  ᠲᠤ ᠠᠶᠢᠯ ᠤᠨ ᠰᠤᠷᠭᠠᠭᠤᠯᠢ ᠪᠠᠶᠢᠭᠤᠯᠤᠭᠳᠠᠬᠤ ᠠᠩᠬᠠᠨ ᠤ ᠨᠦᠬᠦᠴᠡᠯ ᠪᠦᠷᠢᠳᠴᠦ ᠪᠠᠶᠢᠯ᠎ᠠ᠃        ᠶᠠ᠊᠂ ᠪᠤᠶᠠᠨᠳᠤᠭᠳᠠᠬᠤ ᠪᠠᠭᠰᠢ ᠮᠦᠨ ᠵᠢᠯ ᠤᠨ ᠬᠢᠨᠢ ᠵᠢᠷᠭᠤᠭᠠᠨ ᠰᠠᠷ᠎ᠠ ᠳᠤ ᠢᠷᠡᠬᠡᠳ ᠬᠢᠴᠢᠶᠡᠯ ᠵᠢᠭᠠᠭᠰᠠᠨ ᠨᠢ ᠪᠠᠶᠠᠷ ᠳᠡᠬᠡᠷ᠎ᠡ ᠪᠠᠶᠠᠷ ᠨᠠᠮᠠᠨ ᠵᠤᠬᠢᠰᠳᠤ ᠦᠢᠯᠡᠰ ᠢ ᠡᠷᠬᠦᠬᠡᠳ ᠰᠤᠷᠭᠠᠭᠤᠯᠢ ᠪᠠᠨ ᠳᠡᠳᠡ ᠭᠤᠷᠪᠠᠭᠤᠯᠠ ᠦᠬᠡᠳᠡ ᠨᠢ ᠳᠤᠳᠤᠮᠳᠠᠵᠦ ᠵᠢᠳᠬᠦᠵᠡᠬᠡᠵᠠᠢ᠃ ᠶᠠ᠊᠂ ᠪᠤᠶᠠᠨᠳᠤᠭᠳᠠᠬᠤ ᠪᠠᠭᠰᠢ ᠦᠪᠡᠷ ᠤᠨ ᠨᠠᠮᠳᠠᠷ  ᠲᠠᠭᠠᠨ ︽ᠮᠦᠨᠦ ᠵᠢᠯ  ︵1948︶ ᠤᠨ ᠵᠢᠷᠭᠤᠭᠠᠨ ᠰᠠᠷ᠎ᠠ ᠶᠢᠨ ᠠᠷᠪᠠ ᠶᠢᠰᠦᠨ ᠤ ᠡᠳᠦᠷ ᠠᠴᠠ ᠡᠬᠢᠯᠡᠨ ᠁ ᠳᠤᠰ ᠤᠯᠠᠭᠠᠨ ᠡᠷᠬᠢ ᠭᠠᠴᠠᠭ᠎ᠠ ᠶᠢᠨ ᠠᠷᠠᠳ ᠤᠨ ᠪᠠᠭ᠎ᠠ ᠰᠤᠷᠭᠠᠭᠤᠯᠢ ᠳᠤ ᠪᠢᠴᠢᠭ ᠵᠢᠭᠠᠵᠠᠢ︾ ᠬᠡᠵᠦ ᠳᠡᠮᠳᠡᠭᠯᠡᠭᠰᠡᠨ ᠨᠢ ᠬᠠᠷᠠᠭᠳᠠᠨ᠎ᠠ᠃ ᠳᠤᠬᠠᠢ ᠶᠢᠨ ᠴᠠᠭ ᠤᠨ ᠪᠠᠭᠰᠢ ᠨᠠᠷ ᠬᠢᠬᠡᠳ ᠬᠤᠵᠢᠮ ᠤᠨ ᠰᠤᠷᠤᠭᠴᠢᠳ ᠨᠢ ᠨᠠᠮᠳᠠᠷ ᠲᠠᠭᠠᠨ ︽ᠤᠯᠠᠭᠠᠨ ᠡᠷᠬᠢ ᠪᠠᠭ᠎ᠠ ᠰᠤᠷᠭᠠᠭᠤᠯᠢ︾ ︽ᠤᠯᠠᠭᠠᠨ ᠡᠷᠬᠢ ᠠᠶᠢᠯ ᠤᠨ ᠰᠤᠷᠭᠠᠭᠤᠯᠢ︾ ︽ᠤᠯᠠᠭᠠᠨ ᠡᠷᠬᠢ ᠶᠢᠨ ᠰᠤᠷᠭᠠᠭᠤᠯᠢ︾ ᠬᠡᠬᠦ ᠮᠡᠳᠦ ᠶᠢᠨ ᠬᠡᠳᠦ ᠬᠡᠳᠦᠨ ᠬᠤᠪᠢᠯᠪᠤᠷᠢ ᠪᠠᠷ ᠪᠢᠴᠢᠵᠦ ᠦᠯᠡᠳᠡᠬᠡᠭᠰᠡᠨ ᠪᠠ ᠲᠡᠷᠡ ᠦᠶᠡᠰ ᠭᠠᠴᠠᠭ᠎ᠠ ᠶᠢ ᠪᠠᠰᠠ ᠠᠶᠢᠯ ᠬᠡᠵᠤ ᠳᠠᠭᠤᠳᠠᠵᠤ ᠪᠠᠶᠢᠭᠰᠠᠨ ᠲᠡᠦᠬᠡ ᠲᠠᠢ ᠪᠤᠯᠬᠤᠷ ᠡᠯ᠎ᠡ ᠰᠤᠷᠪᠤᠯᠵᠢ ᠮᠠᠲ᠋ᠧᠷᠢᠶᠡᠯ ᠤᠳ ᠢ ᠬᠠᠷᠭᠤᠭᠤᠯᠤᠨ ᠳᠤᠯᠭᠠᠵᠤ᠂ ᠠᠷᠢᠭᠤᠳᠬᠠᠨ ᠰᠢᠬᠦᠵᠦ ᠨᠢᠬᠡᠳᠬᠡᠬᠡᠳ ︽ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ︾ ᠬᠡᠮᠡᠬᠦ ᠠᠯᠳᠠᠷ ᠢ ᠨᠢ ᠠᠪᠴᠤ ᠳᠤᠰ ᠨᠤᠮ ᠳᠠᠭᠠᠨ ᠮᠦᠩᠬᠡᠯᠡᠯ᠎ᠡ᠃ ᠢᠷᠭᠤᠢ ᠰᠢᠭ᠋ ᠦᠰᠬᠦ ᠦᠷ᠎ᠡ ᠬᠡᠦᠬᠡᠳ ᠢᠶᠠᠨ ᠪᠢᠴᠢᠭ ᠪᠢᠯᠢᠭ ᠲᠠᠢ ᠶᠠᠪᠤᠭᠤᠯᠬᠤ ᠬᠡᠰᠡᠨ ᠮᠠᠯᠴᠢᠨ ᠠᠷᠠᠳ ᠤᠨ ᠰᠠᠨᠠᠭ᠎ᠠ ᠰᠡᠳᠬᠢᠯ ᠶᠠᠭᠠᠬᠢᠬᠤ ᠠᠷᠭ᠎ᠠ ᠦᠬᠡᠢ ᠤᠷᠮᠠᠰᠢᠨ ᠳᠤᠭᠳᠤᠯᠵᠤ᠂ ᠬᠤᠯᠠ ᠤᠶᠢᠷ᠎ᠠ ᠠᠴᠠ ᠳᠠᠰᠤᠷᠠᠯᠳᠠ ᠦᠬᠡᠢ ᠬᠦᠷᠬᠡᠨ ᠢᠷᠡᠵᠡᠬᠡᠵᠦ ︽ᠨᠤᠮ ᠢ ᠨᠢ ᠰᠤᠷᠬᠤ ᠦᠬᠡᠢ ᠴᠤ ᠨᠤᠮᠤᠬᠠᠨ ᠢ ᠨᠢ ᠰᠤᠷ︾ ᠬᠡᠵᠤ ᠬᠢᠴᠢᠶᠡᠩᠬᠦᠶᠢᠯᠡᠨ ᠵᠠᠬᠢᠭᠠᠳ ᠪᠠᠭᠰᠢ ᠲᠠᠢ ᠨᠢ ᠵᠤᠯᠭᠠᠭᠤᠯᠵᠤ ᠪᠠᠶᠢᠯ᠎ᠠ᠃ ᠰᠧᠯᠧᠵᠠᠪ᠂ ᠠᠳᠠᠯᠢᠪᠢᠰᠢ ᠶᠢᠨ ᠫᠧᠯᠵᠠᠢ᠂ ᠵᠢᠪᠬᠤᠯᠠᠩ ᠤᠨ ᠫᠧᠯᠵᠠᠢ ᠨᠠᠷ ᠲᠡᠷᠡ ᠵᠢᠯ ᠠᠳᠡ ᠠᠩᠬ᠎ᠠ ᠪᠢᠴᠢᠭ ᠦᠵᠡᠵᠦ᠂ ᠬᠤᠯᠤᠰᠤᠨ ᠦᠵᠦᠭ ᠢᠶᠠᠷ ᠦᠨᠡᠰᠦᠨ ᠰᠠᠮᠪᠠᠷ᠎ᠠ ᠳᠡᠬᠡᠷ᠎ᠡ ᠠᠷᠠᠪ ᠳᠤᠭ᠎ᠠ ᠪᠤᠯᠤᠨ ᠠ ᠡ ᠢ ᠶᠢ ᠨᠢᠳᠦᠯᠡᠵᠤ ᠡᠬᠢᠯᠡᠭᠰᠡᠨ ᠪᠠᠶᠢᠨ᠎ᠠ᠃        ᠡᠨᠡ ᠤᠨ ︵1948︶ ᠤ ᠨᠠᠮᠤᠷ ᠤᠨ ᠰᠠᠶᠢᠨ ᠡᠳᠦᠷ ᠢ ᠰᠤᠩᠭᠤᠨ ᠡᠬᠡ ᠬᠡᠯᠡᠨ ᠤ ᠳᠤᠷᠭᠠᠨ ᠪᠠᠷᠢᠨᠳᠠᠭ ᠵᠠᠳᠠᠯᠵᠤ᠂ ᠡᠷᠳᠡᠮ ᠨᠤᠮ ᠤᠨ ᠡᠬᠡᠰᠢᠭᠳᠦ ᠬᠠᠭᠤᠳᠠᠰᠤ ᠶᠢ ᠨᠡᠬᠡᠬᠡᠭᠰᠡᠨ ︽ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ︾ ᠪᠤᠯ ᠦᠨᠦ ᠶᠢᠨ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ ᠪᠠᠶᠠᠩᠭᠤᠤᠯ ᠪᠦᠷᠢᠨ ᠪᠠᠭ᠎ᠠ ᠰᠤᠷᠭᠠᠭᠤᠯᠢ ᠶᠢ ᠳᠤᠯᠵᠤ ᠪᠤᠰᠬᠠᠭᠰᠠᠨ ᠤᠤᠭᠠᠨ ᠦᠨᠳᠦᠰᠦ᠂ ᠤᠭ ᠰᠤᠷᠪᠤᠯᠵᠢ ᠪᠤᠯᠬᠤ ᠶᠤᠮ᠃  ︽ᠮᠠᠨ ᠤ ᠰᠤᠷᠭᠠᠭᠤᠯᠢ ᠢᠩᠬᠢᠵᠦ ᠪᠠᠶᠢᠭᠤᠯᠤᠭᠳᠠᠭᠰᠠᠨ ᠶᠤᠮ ᠬᠡᠵᠦ ᠲᠡᠷᠡ ᠦᠶ᠎ᠡ ᠶᠢᠨ ᠠᠬᠠᠰ ᠵᠠᠬᠠᠰ ᠨᠠᠷ ᠰᠠᠨᠠᠨ ᠰᠠᠨᠠᠨ ᠶᠠᠷᠢᠵᠦ ᠯᠠ ᠪᠠᠶᠢᠭᠰᠠᠨ ᠡ︾ ᠭᠡᠵᠦ ᠬᠦᠷᠵᠡᠪ ᠪᠠᠭᠰᠢ ᠶᠢᠨ ᠬᠦᠪᠡᠬᠦᠨ ᠦᠯᠵᠡᠶᠢᠳᠤᠭᠳᠠᠬᠤ ᠵᠢᠴᠢ ᠭᠠᠯᠰᠠᠩ᠂ ᠸᠠᠸ᠎ᠠ ᠁ ᠵᠡᠷᠭᠡ ᠨᠤᠳᠤᠭ ᠤᠨ ᠳᠤᠮᠤᠭᠠᠳᠠᠳ ᠡᠨᠡ ᠳᠤᠬᠠᠢ 2013 ᠤᠨ ᠳᠤ ᠬᠠᠭᠤᠴᠢᠯᠠᠵᠤ ᠪᠠᠶᠢᠯ᠎ᠠ᠃
 
ᠢᠷᠡᠯᠲᠡ᠄ ᠮ᠊᠂ ᠰᠡᠴᠡᠨᠪᠠᠭᠠᠳᠤᠷ ᠤᠨ ᠭᠤᠤᠯᠯᠠᠨ ᠨᠠᠶᠢᠷᠠᠭᠤᠯᠤᠭᠰᠠᠨ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号