ᠤᠯᠠᠭᠠᠨ ᠡᠷᠭᠢ ᠬᠡᠮᠡᠬᠦ ᠭᠠᠵᠠᠷ ᠤᠨ ᠵᠠᠬ᠎ᠠ ᠬᠢᠵᠠᠭᠠᠷ
ᠨᠡᠶᠢᠲᠡᠯᠡᠭᠰᠡᠨ ᠴᠠᠭ᠄
2019/12/19
              1946 ᠤᠨ ᠳᠤ ᠳᠤᠮᠳᠠᠳᠤ ᠤᠯᠤᠰ ᠤᠨ ᠡᠪ ᠬᠠᠮᠳᠤ ᠨᠠᠮ ᠤᠨ ᠲᠠᠯ᠎ᠠ ᠠᠴᠠ ᠵᠢᠩᠫᠧᠩ ᠰᠢᠶᠠᠨ ᠪᠠ ᠬᠡᠰᠢᠭᠳᠡᠨ ᠬᠤᠰᠢᠭᠤᠨ ᠤ ᠵᠠᠰᠠᠭ ᠤᠨ ᠤᠷᠳᠤᠨ ᠬᠡᠬᠦ ᠬᠤᠶᠠᠷ ᠵᠠᠬᠢᠷᠭᠠᠨ ᠤ ᠨᠢᠬᠡᠴᠡ ᠶᠢ ᠴᠤᠭ ᠲᠤ ᠨᠢ ᠵᠡᠷᠬᠡᠴᠡᠬᠦᠯᠦᠨ ᠪᠠᠶᠢᠭᠤᠯᠵᠤ᠂ ᠬᠡᠰᠢᠭᠳᠡᠨ ᠬᠤᠰᠢᠭᠤᠨ ᠤ ᠵᠠᠰᠠᠭ ᠤᠨ ᠤᠷᠳᠤᠨ ᠤ ᠬᠠᠷᠢᠶᠠᠨ ᠳᠠᠬᠢ ᠠᠷᠤ ᠶᠢᠨ ᠨᠤᠳᠤᠭ ᠢ ᠵᠠᠬᠦᠨ ᠠᠷᠤ ︵ᠦᠨᠦ ᠶᠢᠨ ᠪᠠᠶᠠᠨᠴᠠᠭᠠᠨ ᠰᠤᠮᠤ︶᠂ ᠪᠠᠷᠠᠭᠤᠨ ᠠᠷᠤ  ︵ᠦᠨᠦ ᠶᠢᠨ ᠳᠠᠯᠠᠶᠢᠨᠠᠭᠤᠷ ᠪᠠᠯᠭᠠᠰᠤ᠂ ᠳᠠᠷᠬᠠᠨ᠋ᠠ᠋ᠭᠤᠯᠠ ᠰᠤᠮᠤ︶ ᠬᠡᠮᠡᠨ ᠬᠤᠶᠠᠷ ᠳᠠᠰᠢ ᠵᠠᠭᠠᠭᠯᠠᠭᠠᠳ ︽ᠨᠤᠳᠤᠭ︾ ᠬᠡᠵᠤ ᠨᠠᠷᠠᠯᠠᠵᠤ᠂ ︽ᠨᠤᠳᠤᠭ︾ ᠤᠨ ᠳᠤᠤᠷ᠎ᠠ ︽ᠠᠶᠢᠯ︾ ᠬᠡᠵᠤ ᠬᠤᠪᠢᠶᠠᠭᠰᠠᠨ ᠪᠠᠶᠢᠨ᠎ᠠ᠃ ᠲᠡᠷᠡ ᠵᠢᠯ ᠤᠳ ᠲᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠵᠠᠬᠢᠷᠭᠠᠨ ᠳᠠᠬᠢ ᠤᠯᠠᠭᠠᠨ ᠡᠷᠬᠢ ᠠᠶᠢᠯ ᠤᠨ ᠬᠤᠶᠢᠳᠤ ᠵᠠᠬ᠎ᠠ ᠨᠢ ᠴᠠᠭᠠᠨ ᠤᠪᠤᠭ᠎ᠠ᠂ ᠤᠯᠠᠭᠠᠨ ᠪᠤᠷᠤᠯᠵᠢ᠂ ᠰᠠᠯᠪᠤᠷᠢ ᠶᠢᠨ ᠬᠠᠶᠢᠷᠬᠠᠨ ᠳᠤ᠂ ᠵᠡᠬᠦᠨ ᠵᠠᠬ᠎ᠠ ᠨᠢ ᠬᠤᠩᠭᠤᠷ ᠤᠪᠤᠭᠠᠨ ᠳᠤ᠂ ᠡᠮᠦᠨ᠎ᠡ ᠲᠠᠯ᠎ᠠ ᠨᠢ ᠶᠡᠭᠡ ᠬᠠᠶᠢᠷᠬᠠᠨ᠂ ᠠᠰᠬᠠᠳᠤ ᠳᠤ᠂ ᠪᠠᠷᠠᠭᠤᠨ ᠵᠠᠬ᠎ᠠ ᠨᠢ ᠮᠠᠨᠢᠳᠤ ᠶᠢᠨ ᠰᠢᠯᠢ᠂ ᠪᠠᠷᠠᠭᠤᠨ ᠬᠤᠶᠢᠳᠤ ᠵᠠᠬ᠎ᠠ ᠨᠢ ᠦᠨᠳᠦᠷ ᠳᠠᠪᠠᠭ᠎ᠠ ᠬᠦᠷᠳᠡᠯᠡᠬᠢ ᠭᠠᠵᠠᠷ ᠢ ᠪᠠᠭᠳᠠᠭᠠᠵᠤ᠂ ᠪᠠᠶᠠᠨᠴᠠᠭᠠᠨ ᠠᠷᠠᠳ ᠤᠨ ᠨᠢᠬᠡᠳᠦᠯ ᠪᠠᠶᠢᠭᠤᠯᠤᠭᠳᠠᠬᠤ ᠲᠡᠦᠬᠡᠨ ᠬᠤᠭᠤᠴᠠᠭ᠎ᠠ ᠬᠦᠷᠳᠡᠯ᠎ᠡ ᠡᠨᠡᠬᠦ ᠬᠡᠪᠴᠢᠶᠠᠨ ᠳᠠᠬᠢ ᠨᠤᠳᠤᠭ ᠢ ᠪᠦᠬᠦᠶᠢᠯᠡ ᠳᠤ ᠨᠢ ᠤᠯᠠᠭᠠᠨ ᠡᠷᠬᠢ ᠬᠡᠮᠡᠨ ᠨᠠᠷᠠᠯᠡᠬᠡᠳ ᠨᠡᠬᠦᠳᠡᠯᠴᠢᠨ ᠮᠤᠩᠭᠤᠯ ᠤᠨ ᠠᠶᠢᠮᠠᠭ ᠪᠦᠯᠦᠭ ᠤᠨ ᠬᠦᠮᠦᠰ ᠡᠨᠡ ᠬᠡᠰᠡᠭ ᠨᠤᠳᠤᠭ ᠢᠶᠠᠷ ᠭᠤᠤᠯ ᠢᠶᠠᠨ ᠲᠠᠭᠠᠨ ᠵᠤᠰᠠᠵᠤ᠂ ᠲᠠᠯ᠎ᠠ ᠪᠠᠨ ᠮᠠᠨᠠᠨ ᠡᠪᠤᠯᠵᠢᠵᠦ ᠪᠠᠶᠢᠯ᠎ᠠ᠃      ᠬᠤᠩᠭᠤᠷ ᠤᠪᠤᠭ᠎ᠠ ᠶᠢ ᠤᠤᠯ ᠳᠠᠭᠠᠨ ᠬᠤᠩᠬᠤᠯ ᠤᠪᠤᠭ᠎ᠠ ᠭᠡᠳᠡᠭ ᠪᠦᠬᠡᠳ ᠮᠦᠬᠦᠭᠰᠡᠨ ᠭᠠᠯᠳᠤ ᠠᠭᠤᠯᠠ  ᠶᠢᠨ ᠦᠯᠡᠳᠡᠭᠳᠡᠯ᠂ ᠳᠤᠳᠤᠷ᠎ᠠ ᠨᠢ ᠭᠠᠵᠠᠷ ᠤᠨ ᠵᠠᠭᠠᠭ ᠤᠨ ᠪᠤᠳᠠᠳᠠᠢ ᠭᠡᠷᠡᠴᠢ ᠪᠠᠷᠢᠮᠳᠠ ᠶᠢ ᠨᠢᠭᠤᠵᠤ ᠪᠠᠶᠢᠳᠠᠭ ᠬᠡᠮᠡᠨ ᠨᠠᠰᠤᠳᠠᠳ ᠶᠠᠷᠢᠳᠠᠭ ᠢᠶᠠᠷ ᠦᠯᠦ ᠪᠠᠷᠠᠨ ᠬᠡᠰᠢᠭᠳᠡᠨ ᠤ ᠠᠨᠠᠪᠠᠳ ᠳ᠋ᠠ ᠯᠠᠮᠠ ᠲᠡᠷᠡ ᠬᠤᠩᠬᠤᠯ ᠢ ᠱᠠᠪᠢ ᠨᠠᠷ  ᠲᠠᠢ ᠪᠠᠨ ᠳᠦᠭᠦᠷᠭᠡᠨ ᠤᠪᠤᠭ᠎ᠠ ᠪᠤᠰᠬᠠᠭᠠᠳ ᠬᠡᠰᠢᠭᠳᠡᠨ ᠦᠵᠦᠮᠦᠴᠢᠨ ᠤ ᠵᠠᠭᠠᠭ ᠪᠤᠯᠭᠠᠵᠤ᠂ ᠨᠤᠳᠤᠭ ᠤᠨ ᠢᠶᠠᠨ ᠬᠠᠷᠢᠶᠠᠨ ᠳᠤ ᠤᠷᠤᠭᠤᠯᠵᠤ ᠠᠪᠤᠯ᠎ᠠ ᠭᠡᠳᠡᠭ᠃      1946 ᠤᠨ ᠤ ᠵᠤᠨ ᠤ ᠰᠠᠷ᠎ᠠ᠂ ᠤᠯᠠᠭᠠᠨ ᠡᠷᠬᠢ ᠠᠶᠢᠯ ᠤᠨ ᠰᠤᠶᠤᠯᠳᠤ ᠳᠤᠮᠤᠭᠠᠳᠠᠨ ᠸᠠᠩᠴᠢᠨᠰᠡᠷᠡᠩ ᠳᠠᠯᠠᠨ ᠬᠠᠳᠠᠨ ᠤ ᠡᠩᠭᠡᠷ ᠲᠤ ᠡᠵᠡᠬᠦᠢ ᠬᠠᠶᠠᠭᠳᠠᠭᠰᠠᠨ ᠲᠡᠷᠡᠬᠦ ᠬᠤᠶᠠᠷ ᠤᠯᠠᠭᠠᠨ ᠬᠠᠨ᠎ᠠ ᠲᠠᠢ ᠭᠡᠷ ᠢ ᠠᠰᠢᠭᠯᠠᠨ ᠤᠶᠢᠷ᠎ᠠ ᠤᠷᠴᠢᠮ ᠤᠨ ᠢᠶᠠᠨ ᠮᠠᠯᠴᠢᠳ ᠤᠨ ᠬᠡᠦᠭᠡᠳ ᠤᠳ ᠢ ᠴᠤᠭᠯᠠᠭᠤᠯᠤᠨ ᠭᠡᠷ ᠤᠨ ᠰᠤᠷᠭᠠᠭᠤᠯᠢ ᠡᠷᠬᠢᠯᠡᠬᠡᠳ ᠪᠠᠯᠵᠤᠤᠷ ᠰᠢᠶᠠᠨᠱᠧᠩ᠂ ᠬᠦᠷᠵᠠᠪ ᠪᠠᠭᠰᠢ ᠶᠢ ᠵᠠᠯᠠᠨ ᠪᠢᠴᠢᠭ ᠵᠢᠭᠠᠯᠭᠠᠵᠤ ᠡᠬᠢᠯᠡᠭᠰᠡᠨ ᠪᠦᠭᠡᠳ ᠸᠠᠩᠴᠢᠨᠰᠡᠷᠡᠩ ᠤᠨ ᠳᠤᠷᠵᠢᠵᠠᠪ ᠠᠳᠡ ᠪᠦᠳᠦᠭᠡᠭᠴᠢ᠂ ᠪᠤᠤ ᠬᠠᠢ᠂ ᠭᠠᠷᠮᠠᠸᠠᠩᠴᠤᠭ᠂ ᠰᠧᠪᠵᠢᠳ᠂ ᠪᠤᠶᠠᠨ ᠨᠠᠷ ᠲᠠᠢ ᠬᠠᠮᠳᠤ ᠰᠤᠷᠤᠯᠴᠠᠵᠤ ᠪᠠᠶᠢᠭᠰᠠᠨ ᠪᠠ ᠪᠠᠭᠰᠢ ᠶᠢᠨ ᠬᠦᠯᠦᠰᠦ ᠬᠦᠴᠦᠨ ᠤ ᠬᠠᠷᠢᠭᠤ ᠶᠢ ᠨᠢ ᠸᠠᠩᠴᠢᠨᠰᠡᠷᠡᠩ ᠬᠠᠩᠭᠠᠵᠤ ᠪᠠᠶᠢᠵᠠᠢ᠃ ᠲᠠᠶᠢᠨ ᠲᠠᠵᠢᠨ ᠤ ᠬᠠᠷ᠎ᠠ ᠤᠳᠤᠭ᠎ᠠ ᠰᠠᠭᠤᠷᠢ ᠪᠠᠷ ᠢᠶᠠᠨ ᠵᠠᠮᠬᠠᠷᠠᠭ᠎ᠠ ᠦᠬᠡᠢ ᠪᠠᠶᠢᠭᠰᠠᠨ ᠳᠦᠭᠰᠢᠬᠦᠷᠢᠳᠤ ᠤᠨ ᠵᠢᠯ ᠤᠳ ᠤᠨ ᠳᠤᠮᠳᠠ ᠤᠯᠠᠭᠠᠨ ᠡᠷᠬᠢ ᠳᠤ ᠬᠡᠷ ᠤᠨ ᠰᠤᠷᠭᠠᠭᠤᠯᠢ ᠪᠠᠳᠤ ᠤᠷᠤᠰᠢᠨ ᠳᠤᠭᠳᠠᠨᠢᠵᠤ᠂ ᠦᠷ᠎ᠡ ᠬᠤᠶᠢᠴᠢᠰ ᠢᠶᠠᠨ ᠭᠡᠭᠡᠷᠡᠬᠦᠯᠦᠨ ᠰᠤᠶᠤᠷᠬᠠᠬᠤ ᠬᠡᠰᠡᠨ ᠬᠠᠳᠠᠭᠤ ᠵᠠᠭᠤᠳᠠᠯ᠂ ᠬᠤᠯᠠ ᠶᠢᠨ ᠪᠤᠳᠤᠯᠭ᠎ᠠ ᠨᠢ ᠬᠢᠮᠦᠰᠤᠨ ᠴᠢᠨᠡᠭᠡᠨ ᠴᠤ ᠰᠤᠯᠠᠷᠠᠭ᠎ᠠ ᠦᠬᠡᠢ ᠠᠭᠰᠠᠨ ᠨᠢ ᠮᠤᠩᠭᠤᠯᠴᠣᠳ ᠤᠨ ᠪᠠᠳᠠᠷᠠᠩᠭᠤᠢ ᠲᠠᠮᠢᠷ ᠢ ᠨᠡᠪᠳᠡ ᠬᠠᠷᠠᠭᠤᠯᠵᠤ ᠪᠠᠶᠢᠯ᠎ᠠ᠃
 
ᠢᠷᠡᠯᠲᠡ᠄ ᠮ᠊᠂ ᠰᠡᠴᠡᠨᠪᠠᠭᠠᠳᠤᠷ ᠤᠨ ᠭᠤᠤᠯᠯᠠᠨ ᠨᠠᠶᠢᠷᠠᠭᠤᠯᠤᠭᠰᠠᠨ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号