| | | 1949 ᠤᠨ ᠤ ᠳᠠᠪᠤᠳᠤᠭᠠᠷ ᠰᠠᠷ᠎ᠠ ᠳᠤ ᠵᠤᠤ ᠤᠳᠠ ᠠᠶᠢᠮᠠᠭ ᠤᠨ ᠦᠨᠳᠦᠰᠦᠨ ᠪᠦᠷᠢᠯᠳᠦᠬᠦᠨ ᠤ ᠨᠢᠬᠡ | ᠪᠤᠯᠬᠤ ᠬᠡᠰᠢᠭᠳᠡᠨ ᠬᠤᠰᠢᠭᠤ ᠨᠢ ᠬᠠᠯᠠᠭᠤᠨ ᠭᠤᠤᠯ ︵ᠿᠧ ᠾᠧ︶ ᠮᠤᠵᠢ ᠶᠢᠨ ᠬᠠᠷᠢᠶᠠᠨ ᠠᠴᠠ ᠦᠪᠦᠷ ᠮᠤᠩᠭᠤᠯ | ᠳᠠᠭᠠᠨ ᠨᠢᠬᠡᠳᠴᠦ ᠢᠷᠡᠪᠡ᠃ ᠶᠠ᠊᠂ ᠪᠤᠶᠠᠨᠳᠤᠭᠳᠠᠬᠤ ᠪᠠᠭᠰᠢ ᠲᠡᠷᠡ ᠵᠢᠯ ᠨᠢ ︽ᠯᠢᠨᠳᠦ᠋ᠩ ᠳᠠᠬᠢ ᠪᠠᠭᠰᠢ ᠶᠢᠨ | ᠬᠡᠪᠳᠤ ᠰᠤᠷᠭᠠᠭᠤᠯᠢ︾ ᠳᠤ ᠰᠤᠷᠤᠯᠴᠠᠬᠤ ᠪᠠᠷ ᠶᠠᠪᠤᠭᠠᠳ 1950 ᠤᠨ ᠳᠤ ᠲᠡᠬᠦᠰᠦᠨ ᠤᠯᠠᠭᠠᠨ ᠡᠷᠬᠢ ᠠᠶᠢᠯ | ᠤᠨ ᠪᠠᠭ᠎ᠠ ᠰᠤᠷᠭᠠᠭᠤᠯᠢ ᠳᠠᠭᠠᠨ ᠪᠤᠴᠠᠨ ᠢᠷᠡᠵᠦ ᠠᠵᠢᠯᠯᠠᠭᠠᠳ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ | ᠤᠨ ᠨᠠᠮ ᠤᠨ ᠺᠤᠮᠢᠰ ᠤᠨ ᠨᠠᠷᠢᠨ ᠪᠢᠴᠭᠡᠴᠢ ᠪᠠᠷ 1953 ᠤᠨ ᠳᠤ ᠳᠤᠮᠢᠯᠠᠭᠳᠠᠬᠤ ᠪᠤᠯᠳᠠᠯ᠎ᠠ ᠪᠠᠨ ᠰᠤᠷᠭᠠᠨ | ᠬᠦᠮᠦᠵᠢᠯ ᠤᠨ ᠠᠵᠢᠯ ᠳᠤ ᠵᠢᠳᠬᠦᠵᠠᠢ᠃ ᠶᠠ᠊᠂ ᠪᠤᠶᠠᠨᠳᠤᠭᠳᠠᠬᠤ ᠪᠠᠭᠰᠢ ᠬᠡᠰᠢᠭᠳᠡᠨ ᠤ ᠭᠤᠴᠢᠨ ᠵᠢᠷᠭᠤᠳᠤᠭᠠᠷ | ᠬᠤᠷᠢᠶᠠᠨ ᠳᠤ ᠴᠡᠷᠢᠭ ᠤᠨ ᠠᠯᠪᠠ ᠬᠠᠭᠠᠵᠤ ᠪᠠᠶᠢᠭᠠᠳ 1947 ᠤᠨ ᠳᠤ ᠡᠬᠢᠯᠡᠭᠰᠡᠨ ︽ᠭᠠᠵᠠᠷ ᠰᠢᠷᠦᠢ ᠶᠢᠨ | ᠦᠬᠡᠷᠡᠴᠢᠯᠡᠯᠳᠡ︾ ᠶᠢᠨ ᠬᠦᠳᠡᠯᠬᠡᠬᠡᠨ ᠳᠤ ᠪᠠᠶᠠᠨ ᠮᠠᠯᠴᠢᠨ ᠤ ᠬᠡᠦᠬᠡᠳ ᠢᠶᠠᠷ ᠵᠢᠭᠠᠭᠳᠠᠵᠦ᠂ 1948 ᠤᠨ ᠳᠤ | ᠳᠡᠨᠳᠡ ᠠᠴᠠ ᠪᠠᠨ ᠬᠠᠯᠠᠭᠳᠠᠭᠰᠠᠨ ᠪᠠᠶᠢᠨ᠎ᠠ᠃ ᠶᠠ᠊᠂ ᠪᠤᠶᠠᠨᠳᠤᠭᠳᠠᠬᠤ ᠪᠠᠭᠰᠢ ᠨᠡᠮᠳᠡᠷ ᠪᠢᠴᠢᠯᠬᠡ ᠳᠡᠭᠡᠨ ᠡᠳᠡᠬᠡᠷ | ᠵᠦᠢᠯᠡᠰ ᠢ ᠦᠬᠦᠯᠡᠬᠡᠳ ᠴᠠᠰᠢ ᠨᠢ ᠵᠠᠯᠭᠠᠭᠠᠳ ᠭᠤᠴᠢᠨ ᠵᠢᠷᠭᠤᠳᠤᠭᠠᠷ ᠬᠤᠷᠢᠶᠠᠨ ᠤ ᠬᠢᠨᠢ ᠳᠠᠷᠤᠭ᠎ᠠ ᠨᠢ | ᠦᠯᠵᠡᠶᠢᠪᠠᠶᠠᠷ ᠬᠡᠰᠡᠨ ᠬᠦᠮᠦᠨ ᠪᠠᠶᠢᠯ᠎ᠠ ᠬᠡᠵᠤ ᠬᠦᠬᠡ ᠤᠰᠤᠨ ᠪᠢᠷ ᠢᠶᠠᠷ ᠳᠦᠷᠦᠯᠬᠢ ᠬᠡᠯᠡ ᠪᠠᠷ ᠢᠶᠠᠨ ᠪᠢᠴᠢᠵᠤ | ᠦᠯᠡᠳᠡᠬᠡᠵᠠᠢ᠃ | ᠪᠠᠯᠵᠤᠤᠷ ᠰᠢᠶᠠᠨᠱᠧᠩ᠂ ᠬᠦᠷᠵᠡᠪ᠂ ᠶᠠ᠊᠂ ᠪᠤᠶᠠᠨᠳᠤᠭᠳᠠᠬᠤ ᠪᠤᠯᠪᠠᠯ ᠤᠯᠠᠭᠠᠨ ᠡᠷᠬᠢ ᠠᠶᠢᠯ ᠤᠨ | ᠰᠤᠷᠭᠠᠭᠤᠯᠢ ᠶᠢ ᠦᠨᠳᠦᠰᠦᠯᠡᠨ ᠪᠠᠶᠢᠭᠤᠯᠵᠤ᠂ ᠭᠠᠯ ᠭᠤᠯᠤᠮᠳᠠ ᠶᠢ ᠨᠢ ᠡᠬᠢᠯᠡᠵᠤ ᠠᠰᠠᠭᠠᠭᠰᠠᠨ ᠳᠤᠯᠭ᠎ᠠ ᠶᠢᠨ | ᠭᠤᠷᠪᠠᠨ ᠴᠢᠯᠠᠭᠤ — ᠤᠤᠭᠠᠨ ᠪᠠᠭᠰᠢ ᠨᠠᠷ ᠪᠤᠯᠬᠤ ᠶᠤᠮ᠃ ᠪᠠᠯᠵᠤᠤᠷ ᠰᠢᠶᠠᠨᠱᠧᠩ 1901 ᠤᠨ᠂ ᠬᠦᠷᠵᠡᠪ | ᠪᠠᠭᠰᠢ 1921 ᠤᠨ᠂ ᠶᠠ᠊᠂ ᠪᠤᠶᠠᠨᠳᠤᠭᠳᠠᠬᠤ ᠪᠠᠭᠰᠢ 1928 ᠤᠨ ᠳᠤ ᠳᠦᠷᠦᠭᠰᠡᠨ᠃ ᠪᠠᠯᠵᠤᠤᠷ ᠬᠢᠬᠡᠳ | ᠬᠦᠷᠵᠠᠪ ᠬᠡᠳᠡᠭ ᠨᠢ ᠪᠦᠷ ᠳᠦᠪᠡᠳ ᠦᠬᠡ ᠪᠦᠬᠡᠳ ᠮᠤᠩᠭᠤᠯ ᠢᠶᠠᠷ ᠳᠤᠰ ᠳᠤᠰ ᠤᠴᠠᠷᠠᠯ ᠪᠠ ᠪᠠᠭᠰᠢ ᠶᠢᠨ | ᠠᠪᠤᠷᠠᠯ ᠬᠡᠨ᠎ᠡ᠃ ᠪᠠᠯᠵᠤᠤᠷ ᠰᠢᠶᠠᠨᠱᠧᠩ ᠪᠤᠯ ᠠᠯᠢ ᠡᠷᠳᠡ ᠭᠤᠴᠢᠭᠠᠳ ᠤᠨ ᠤ ᠡᠬᠢ ᠪᠠᠷ ᠤᠯᠠᠭᠠᠨ ᠡᠷᠬᠢ | ᠨᠤᠳᠤᠭ ᠲᠤ ᠦᠪᠡᠷᠳᠡᠬᠡᠨ ᠬᠡᠷ ᠤᠨ ᠰᠤᠷᠭᠠᠭᠤᠯᠢ ᠡᠬᠦᠰᠬᠡᠵᠤ᠂ ᠳᠡᠨᠳᠡ ᠠᠴᠠ ᠪᠠᠨ ᠵᠠᠯᠭᠠᠭᠠᠳ ᠳᠦᠷᠦᠭᠰᠡᠨ | ᠨᠤᠳᠤᠭ ᠤᠯᠠᠭᠠᠨ ᠡᠷᠬᠢ ᠶᠢᠨ ᠢᠶᠠᠨ ᠠᠶᠢᠯ ᠤᠨ ᠰᠤᠷᠭᠠᠭᠤᠯᠢ ᠶᠢ ᠳᠡᠳᠬᠦᠨ ᠨᠦᠮᠦᠷᠢᠯᠡᠵᠤ᠂ ᠨᠤᠮ ᠤᠨ ᠬᠤᠷ᠎ᠠ ᠶᠢᠨ | ᠢᠪᠡᠬᠡᠯ ᠢᠶᠠᠷ ᠳᠡᠬᠡᠭᠰᠢᠯᠡᠨ ᠬᠦᠭᠵᠢᠬᠦ ᠳᠤ ᠨᠢ ᠠᠬᠠᠮᠠᠳ ᠦᠶᠡᠳᠡᠨ ᠤ ᠬᠤᠪᠢ ᠪᠠᠷ ᠵᠦᠪ ᠵᠠᠮ ᠳᠤ ᠳᠠᠭᠠᠭᠤᠯᠵᠤ᠂ | ᠬᠠᠶᠢᠷ᠎ᠠ ᠬᠠᠷᠢᠭᠤᠴᠠᠯᠭ᠎ᠠ ᠪᠠᠨ ᠵᠢᠷᠤᠮ ᠤᠨ ᠶᠤᠰᠤᠭᠠᠷ ᠬᠠᠷᠠᠮ ᠦᠬᠡᠢ ᠵᠤᠷᠢᠭᠤᠯᠤᠭᠰᠠᠨ ᠰᠤᠷᠭᠠᠨ ᠬᠦᠮᠦᠵᠢᠯ ᠤᠨ | ᠵᠢᠳᠬᠦᠯᠳᠠᠨ᠂ ᠬᠡᠰᠢᠭᠳᠡᠨ ᠨᠤᠳᠤᠭ ᠤᠨ ᠳᠤᠬᠠᠢ ᠶᠢᠨ ᠦᠶ᠎ᠡ ᠶᠢᠨ ᠬᠤᠪᠤᠷᠬᠠᠨ ᠬᠡᠳᠦᠨ ᠪᠢᠴᠢᠭ ᠤᠨ ᠬᠦᠮᠦᠨ ᠤ | ᠨᠢᠬᠡ᠂ ᠤᠯᠠᠭᠠᠨ ᠡᠷᠬᠢ ᠠᠶᠢᠯ ᠤᠨ ᠰᠤᠷᠭᠠᠭᠤᠯᠢ ᠶᠢᠨ ᠤᠤᠭᠠᠨ ᠳᠠᠷᠤᠭ᠎ᠠ ᠪᠤᠯᠬᠤ ᠶᠤᠮ᠃ ᠲᠡᠬᠦᠨ ᠤ ᠳᠠᠷᠠᠭ᠎ᠠ | ᠬᠦᠷᠵᠠᠪ᠂ ᠶᠠ᠊᠂ ᠪᠤᠶᠠᠨᠳᠤᠭᠳᠠᠬᠤ ᠪᠠᠭᠰᠢ ᠰᠤᠷᠭᠠᠭᠤᠯᠢ ᠪᠠᠨ ᠬᠠᠷᠢᠭᠤᠴᠠᠨ ᠤᠳᠤᠷᠢᠳᠤᠯᠭ᠎ᠠ ᠶᠢᠨ ᠪᠠᠶᠢᠷᠢᠨ ᠳᠤ | ᠡᠭᠡᠯᠵᠢᠯᠡᠨ ᠵᠢᠳᠭᠦᠵᠦ᠂ ᠦᠢᠯᠡᠰ ᠤᠨ ᠵᠤᠯᠠ ᠪᠠᠨ ᠠᠰᠠᠭᠠᠵᠤ ᠶᠠᠪᠤᠵᠠᠢ᠃ ᠪᠠᠯᠵᠤᠤᠷ ᠱᠢᠶᠠᠨᠱᠧᠩ ᠮᠠᠨᠵᠤ ᠤᠯᠤᠰ | ᠤᠨ ᠦᠶ᠎ᠡ ᠳᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠪᠢᠴᠢᠬᠡᠴᠢ ᠪᠠᠶᠢᠵᠤ ᠦᠩᠬᠡᠷᠡᠭᠰᠡᠨ ᠪᠦᠬᠡᠳ | ᠳᠠᠪᠢᠭᠠᠳ ᠤᠨ ᠤ ᠦᠶ᠎ᠡ ᠳᠤ ᠳᠤᠮᠳᠠᠳᠤ ᠤᠯᠤᠰ ᠤᠨ ᠡᠪ ᠬᠠᠮᠳᠤ ᠨᠠᠮ ᠳᠤ ᠬᠡᠰᠢᠬᠦᠨ ᠢᠶᠠᠷ ᠤᠷᠤᠭᠰᠠᠨ ᠪᠠᠶᠢᠨ᠎ᠠ᠃ | | ᠪᠠᠯᠵᠤᠤᠷ ᠰᠢᠶᠠᠩᠱᠧᠩ ᠤᠨ ᠤᠮᠪᠤᠯᠤ — ᠪᠤᠶᠠᠨ ᠤ ᠭᠤᠴᠤᠤ ᠦᠰᠦᠭ ᠪᠢᠴᠢᠭ ᠢᠶᠠᠷ ᠳᠡᠮᠳᠡᠭᠯᠡᠵᠤ | ᠢᠷᠡᠬᠦᠯᠬᠦ ᠳᠡᠭᠡᠨ ︽ᠡᠪᠦᠭᠡ ᠠᠪᠤ ᠮᠢᠨᠢ 1901 ᠤᠨ ᠳᠤ ᠬᠡᠰᠢᠭᠳᠡᠨ ᠬᠤᠰᠢᠭᠤᠨ ᠤ ᠤᠯᠠᠭᠠᠨ ᠡᠷᠬᠢ ᠳᠤ ᠮᠠᠯᠴᠢᠨ | ᠠᠶᠢᠮᠠᠭ ᠤᠨ ᠭᠡᠷ ᠲᠤ ᠳᠦᠷᠦᠭᠰᠡᠨ᠃ ᠵᠠᠮᠴᠢ ᠠᠶᠢᠮᠠᠭ ᠤᠨ ᠪᠡᠬᠡᠵᠢᠰᠧᠷᠨᠩ ᠤᠨ ᠠᠪᠤ ᠠᠴᠠ ᠪᠢᠴᠢᠭ ᠰᠤᠷᠴᠤ | ᠪᠠᠶᠢᠵᠠᠢ᠃ ᠡᠪᠦᠭᠡ ᠠᠪᠤ ᠮᠢᠨᠢ ᠤᠯᠠᠭᠠᠨ ᠡᠷᠬᠢ ᠤᠨ ᠭᠡᠷ ᠤᠨ ᠰᠤᠷᠭᠠᠭᠤᠯᠢ ᠳᠤ ᠮᠢᠨᠤ ᠠᠪᠤ ᠪᠤᠶᠠᠨ ᠬᠢᠬᠡᠳ | ᠰᠧᠪᠵᠢᠳ᠂ ᠫᠤᠩᠰᠤᠭᠷᠠᠰᠢ᠂ ᠳ᠋ᠧᠯᠢᠭ ᠨᠠᠷ ᠤᠨ ᠠᠩᠬᠠᠨ ᠤ ᠪᠠᠭᠰᠢ ᠨᠢ ᠪᠠᠶᠢᠪᠠ᠃ ᠭᠠᠵᠠᠷ ᠰᠢᠷᠤᠢ ᠶᠢᠨ | ᠦᠬᠡᠷᠡᠴᠢᠯᠠᠯᠳᠠ ᠶᠢᠨ ᠦᠶ᠎ᠡ ᠳᠤ ᠮᠠᠯᠵᠢᠬᠤ ᠬᠤᠷᠠᠯ ᠤᠨ ᠪᠢᠴᠢᠬᠡᠴᠢ ᠪᠠᠶᠢᠭᠰᠠᠨ᠃ ᠭᠤᠷᠪᠠᠨ ᠬᠦᠦ᠂ ᠭᠤᠷᠪᠠᠨ | ᠬᠡᠦᠬᠡᠨ ᠲᠠᠢ᠃ ᠤᠤᠭᠠᠨ ᠬᠦᠦ ᠨᠢ ᠰᠧᠳᠡᠩ᠂ ᠬᠤᠶᠠᠳᠤᠭᠠᠷ ᠨᠢ ᠰᠧᠪᠵᠢᠳ᠂ ᠭᠤᠷᠪᠠᠳᠤᠭᠠᠷ ᠨᠢ ᠮᠢᠨᠤ ᠠᠪᠤ | ᠪᠤᠶᠠᠨ᠃ ᠶᠡᠭᠡ ᠬᠡᠦᠬᠡᠨ ᠨᠢ ᠨᠤᠷᠪᠤ᠂ ᠬᠤᠶᠠᠳᠤᠭᠠᠷ ᠬᠡᠦᠬᠡᠨ ᠨᠢ ᠰᠡᠴᠡᠨ᠂ ᠪᠠᠭ᠎ᠠ ᠬᠡᠦᠬᠡᠨ ᠨᠢ ᠤᠷᠠᠨ ᠶᠤᠮ︾ | ᠬᠡᠵᠠᠢ᠃ | ᠤᠯᠠᠭᠠᠨ ᠡᠷᠬᠢ ᠨᠤᠳᠤᠭ ᠤᠨ ᠤᠤᠭᠠᠯ ᠪᠠᠯᠵᠤᠤᠷ ᠰᠢᠶᠠᠨᠱᠧᠩ ᠬᠢᠬᠡᠳ ᠬᠦᠷᠵᠠᠪ ᠪᠠᠭᠰᠢ ᠶᠢᠨ ᠳᠤᠬᠠᠢ | ᠬᠡᠯᠡᠵᠦ ᠦᠭᠬᠦᠭᠰᠡᠨ ᠤᠯᠳᠠᠰᠢ ᠦᠬᠡᠢ ᠤᠷᠬᠤᠳᠠᠢ ᠮᠡᠳᠦ ᠨᠢᠬᠡᠨ ᠮᠡᠳᠡᠭᠡ ᠪᠤᠢ᠃ ᠮᠦᠨ ᠡᠨᠡ ᠤᠯᠠᠭᠠᠨ ᠡᠷᠬᠢ ᠳᠤ | ᠨᠤᠳᠤᠭᠳᠠᠢ ᠰᠢᠯᠦᠭᠴᠢ ᠪᠠᠭᠠᠳᠤᠷ ᠤᠨ ᠠᠨᠠᠨᠳᠠ ᠶᠢᠨ ᠪᠢᠴᠢᠵᠤ ᠦᠯᠡᠳᠡᠬᠡᠭᠰᠡᠨ ︽ᠪᠠᠶᠠᠨᠴᠠᠭᠠᠨ ᠤ ᠰᠤᠶᠤᠯ ᠤᠨ | ᠬᠦᠭᠵᠢᠯ ᠤᠨ ᠳᠤᠶᠢᠮᠦ︾ ᠬᠡᠬᠦ ᠤᠭᠳᠤ ᠨᠡᠶᠢᠳᠡᠯᠡᠭᠳᠡᠭᠡ ᠦᠬᠡᠢ ᠭᠠᠷ ᠪᠢᠴᠢᠮᠠᠯ ᠤᠨ ᠬᠢᠨᠢ ᠬᠡᠳᠦᠨ ᠬᠠᠭᠤᠳᠠᠰᠤ ᠶᠢ | ᠦᠬᠢᠨ ᠦᠷᠤᠨᠳᠤᠶᠠᠭᠠ ᠨᠢ ᠬᠠᠳᠠᠭᠠᠯᠠᠨ ᠪᠤᠢ ᠪᠦᠬᠡᠳ ᠲᠡᠬᠦᠨ ᠳᠡᠭᠡᠨ ᠡᠨᠡ ᠲᠠᠯ᠎ᠠ ᠪᠠᠷ ᠬᠤᠯᠪᠤᠭᠳᠠᠭᠤᠯᠵᠦ ᠶᠠᠷᠢᠬᠤ | ᠳᠠᠭᠠᠨ ︽ᠪᠠᠶᠠᠨᠴᠠᠭᠠᠨ ᠨᠤᠳᠤᠭ ᠲᠤ ᠡᠷᠳᠡ ᠦᠶ᠎ᠡ ᠠᠴᠠ ᠪᠢᠴᠢᠭ ᠰᠤᠶᠤᠯ ᠳᠤ ᠨᠠᠪᠳᠡᠷᠡᠭᠰᠡᠨ ᠬᠦᠮᠦᠰ ᠭᠠᠷᠴᠤ ᠁ | ᠵᠢᠱᠢᠶᠠᠯᠠᠪᠠᠯ ᠤᠯᠠᠭᠠᠨ ᠡᠷᠬᠢ ᠭᠠᠴᠠᠭᠠᠨ ᠤ ᠪᠠᠯᠵᠤᠤᠷ ᠰᠢᠶᠠᠨᠱᠧᠩ᠂ ᠤᠤᠪᠤᠯᠠᠭ ᠭᠠᠴᠠᠭᠠᠨ ᠤ ᠴᠤᠶᠢᠵᠠᠮᠰᠤ᠂ | ᠰᠦᠸᠧᠵᠤᠷ ᠰᠢᠶᠠᠨᠱᠧᠩ ᠪᠤᠯ ᠳᠤᠬᠠᠢ ᠶᠢᠨ ᠦᠶ᠎ᠡ ᠶᠢᠨ ᠨᠡᠷᠡᠳᠦ ᠬᠦᠮᠦᠰ ᠪᠦᠬᠡᠳ ᠁ ᠳᠡᠳᠡᠨ ᠤ ᠱᠠᠪᠢ ᠨᠠᠷ | ᠴᠤ ᠪᠦᠷ ᠯᠠ ᠤᠯᠤᠰ ᠬᠡᠷ ᠲᠡᠭᠡᠨ ᠦᠢᠯᠡᠴᠢᠯᠠᠵᠤ ᠪᠠᠶᠢᠭᠰᠠᠨ ᠪᠢᠯᠠ᠃ ᠵᠢᠱᠢᠶᠠᠯᠠᠪᠠᠯ ᠤᠯᠠᠭᠠᠨ ᠡᠷᠬᠢ ᠶᠢᠨ ᠬᠦᠷᠵᠡᠪ | ᠂ ᠳᠦᠰᠢᠶᠡᠳᠦ ᠶᠢᠨ ᠳ᠋ᠡᠯᠢᠭᠰᠦ᠋ᠷᠦᠩ᠂ ᠤᠤᠪᠤᠯᠠᠭ ᠤᠨ ᠳᠡᠭᠵᠢᠷᠡᠬᠦ ᠵᠡᠷᠬᠡ ᠪᠤᠯ ᠳᠡᠬᠡᠷᠡᠬᠢ ᠨᠠᠷᠡᠳᠦ ᠬᠦᠮᠦᠰ ᠤᠨ | ᠱᠠᠪᠢ ᠨᠠᠷ ᠪᠢᠯᠠ᠃ ᠳᠡᠬᠡᠷ᠎ᠡ ᠳᠤᠷᠠᠳᠤᠭᠰᠠᠨ ᠨᠠᠷᠡᠳᠦ ᠬᠦᠮᠦᠰ ᠪᠠᠶᠠᠨ ᠶᠠᠳᠠᠭᠤ ᠬᠡᠵᠤ ᠢᠯᠭᠠᠯ ᠦᠬᠡᠢ ᠬᠡᠨ ᠬᠡᠷᠪᠡ | ᠱᠠᠪᠢ ᠤᠷᠤᠵᠤ ᠪᠢᠴᠢᠭ ᠰᠤᠷᠤᠶ᠎ᠠ ᠬᠡᠪᠡᠯ ᠳᠠᠪᠳᠠᠷ ᠦᠳᠡᠵᠤ᠂ ᠦᠰᠦᠨ ᠪᠢᠷ ᠢᠶᠠᠷ ᠴᠠᠭᠠᠨ ᠳᠤᠯᠤᠭᠠᠢ ᠰᠡᠶᠢᠷᠡᠬᠦᠯᠦᠨ | ᠪᠢᠴᠢᠵᠤ ᠵᠢᠭᠠᠳᠠᠭ ᠪᠠᠶᠢᠯ᠎ᠠ︾ ᠬᠡᠵᠠᠢ᠃ | | | | | | | | | | | | | | | ᠁ |