| | | | ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ ᠶᠢᠨ ᠪᠠᠭᠰᠢ ᠶᠢᠨ ᠠᠯᠪᠠᠨ ᠳᠤ ᠪᠠᠯᠵᠤᠤᠷ ᠰᠢᠶᠠᠨᠱᠧᠩ᠂ | ᠭᠦᠷᠵᠠᠪ᠂ ᠶᠠ᠊᠂ ᠪᠤᠶᠠᠨᠳᠤᠭᠳᠠᠬᠤ ᠭᠤᠷᠪᠠᠭᠤᠯᠠ ᠤᠶᠤᠨ ᠤ ᠬᠦᠴᠦ ᠪᠠᠨ ᠳᠠᠶᠢᠴᠢᠯᠠᠨ ᠵᠢᠳᠬᠦᠵᠤ᠂ ᠡᠳᠦᠷ ᠳᠤᠳᠤᠮ | ᠤᠨ ᠭᠡᠷᠡᠭᠯᠡᠭᠡᠨ ᠤ ᠬᠠᠩᠭᠠᠯᠭ᠎ᠠ ᠶᠢ ᠨᠢ ᠰᠤᠷᠤᠭᠴᠢᠳ ᠤᠨ ᠲᠠᠯ᠎ᠠ ᠠᠴᠠ ᠳᠠᠳᠠᠪᠤᠷᠢᠯᠠᠨ ᠴᠠᠯᠢᠩ ᠬᠦᠯᠦᠰᠤ ᠪᠤᠯᠭᠠᠵᠤ | ᠪᠠᠶᠢᠯ᠎ᠠ᠃ ᠬᠦᠷᠵᠠᠪ ᠪᠠᠭᠰᠢ ᠳᠤᠬᠠᠢ ᠶᠢᠨ ᠵᠢᠯ ᠮᠠᠯᠵᠢᠬᠤ ᠬᠤᠷᠠᠯ ᠤᠨ ᠨᠠᠷᠢᠨ ᠪᠢᠴᠢᠭᠡᠴᠢ ᠶᠢᠨ ᠳᠤᠰᠢᠶᠠᠯ ᠢ | ᠬᠠᠪᠰᠤᠷᠭᠠᠨ ᠬᠠᠷᠢᠭᠤᠴᠠᠵᠤ᠂ ᠰᠤᠷᠭᠠᠭᠤᠯᠢ ᠨᠢ 1 —4 ᠤᠨ ᠬᠦᠷᠳᠡᠯ᠎ᠡ ᠠᠩᠬᠢ ᠡᠷᠬᠢᠯᠡᠵᠤ᠂ 5 ᠤᠨ ᠳᠤ | ᠳᠠᠪᠰᠢᠪᠠᠯ ᠦᠨᠦ ᠶᠢᠨ ᠪᠠᠶᠠᠨᠴᠠᠭᠠᠨ ᠰᠤᠮᠤᠨ ᠤ ᠳᠦᠰᠢᠶᠠᠳᠤ ᠭᠠᠴᠠᠭᠠᠨ ᠳᠤ ᠪᠠᠶᠢᠭᠤᠯᠤᠭᠳᠠᠭᠰᠠᠨ ︽ᠵᠤᠤ ᠤᠳᠠ | ᠠᠶᠢᠮᠠᠭ ᠤᠨ ᠬᠡᠰᠢᠭᠳᠡᠨ ᠬᠤᠰᠢᠭᠤᠨ ᠤ ᠵᠠᠬᠦᠨ ᠠᠷᠤ ᠨᠤᠳᠤᠭ ᠤᠨ ᠳᠦᠰᠢᠶᠡᠳᠦ ᠶᠢᠨ ᠪᠠᠭ᠎ᠠ ᠰᠤᠷᠭᠠᠭᠤᠯᠢ︾ ᠳᠤ | ᠦᠷᠬᠦᠯᠵᠢᠯᠡᠨ ᠰᠤᠷᠤᠯᠴᠠᠳᠠᠭ ᠪᠠᠶᠢᠵᠠᠢ᠃ | ᠡᠨᠡ ᠬᠦ ᠰᠤᠷᠭᠠᠭᠤᠯᠢ ᠶᠢ ᠨᠤᠳᠤᠭ ᠤᠨ ᠬᠦᠮᠦᠰ ᠤᠯᠠᠩᠬᠢ ᠳᠠᠭᠠᠨ ᠳᠦᠰᠢᠶᠡᠳᠦ ᠰᠦᠮ᠎ᠡ ᠶᠢᠨ | ᠰᠤᠷᠭᠠᠭᠤᠯᠢ ᠬᠡᠳᠡᠭ᠃ ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ ᠠᠴᠠ ᠳᠦᠰᠢᠶᠡᠳᠦ ᠰᠦᠮ᠎ᠡ ᠶᠢᠨ ᠡᠩᠭᠡᠷ | ᠬᠦᠷᠳᠡᠯ᠎ᠡ ᠨᠠᠭᠠᠳᠤ ᠵᠠᠬ᠎ᠠ ᠳᠠᠭᠠᠨ ᠭᠤᠴᠢᠨ ᠭᠠᠵᠠᠷ ᠤᠨ ᠵᠠᠮ ᠠᠶᠠᠯᠠᠳᠠᠭ᠃ ᠲᠡᠷᠡ ᠦᠶ᠎ᠡ ᠶᠢᠨ ᠰᠤᠷᠤᠭᠴᠢᠳ | ᠳᠦᠷᠪᠠᠳᠦᠭᠡᠷ ᠤᠨ ᠢᠶᠠᠨ ᠲᠡᠬᠦᠰᠬᠡᠭᠡᠳ ᠡᠨᠡᠬᠦ ᠵᠠᠮ ᠢ ᠶᠠᠪᠠᠭᠠᠨ ᠡᠰᠡᠬᠦᠯ᠎ᠡ ᠦᠬᠡᠷ ᠲᠡᠷᠭᠡ᠂ ᠮᠤᠷᠢ ᠪᠠᠷ ᠶᠠᠳᠠᠷᠠᠯ | ᠵᠦᠳᠡᠷᠡᠯ ᠢ ᠳᠠᠪᠴᠢᠨ ᠦᠭᠰᠦᠨ ᠤᠷᠤᠭᠤᠳᠠᠨ ᠳᠤᠭᠤᠯᠬᠤ ᠳᠠᠭᠠᠨ ᠨᠤᠮ ᠤᠨ ᠭᠡᠷᠡᠯ ᠳᠤ ᠢᠳᠡᠭᠡᠯ ᠪᠢᠰᠢᠷᠡᠯ ᠢᠶᠠᠨ | ᠬᠦᠳᠦᠯᠦᠬᠦᠯᠦᠨ ᠰᠤᠷᠬᠤ ᠶᠢᠨ ᠤᠷᠮ᠎ᠠ ᠶᠢ ᠡᠳ᠋ᠯᠠᠵᠤ᠂ ᠳᠤᠬᠠᠢ ᠶᠢᠨ ᠦᠶ᠎ᠡ ᠬᠡᠰᠢᠭᠳᠡᠨ ᠬᠤᠰᠢᠭᠤᠨ ᠤ ᠴᠢᠬᠤᠯᠠ | ᠰᠤᠷᠭᠠᠭᠤᠯᠢ ᠶᠢᠨ ᠨᠢᠬᠡ ᠪᠠᠶᠢᠭᠰᠠᠨ — ᠤᠯᠠᠭᠠᠨ ᠡᠷᠬᠢ ᠠᠶᠢᠯ ᠤᠨ ᠪᠠᠭ᠎ᠠ ᠰᠤᠷᠭᠠᠭᠤᠯᠢ ᠪᠠᠨ ᠬᠡᠵᠢᠶ᠎ᠡ ᠴᠤ | ᠮᠡᠷᠳᠠᠬᠤ ᠦᠬᠡᠢ ᠠᠮᠢᠨᠴᠢᠯᠠᠨ ᠴᠡᠬᠡᠵᠢᠯᠡᠭᠡᠳ ᠬᠤᠶᠢᠴᠢ ᠶᠢᠨ ᠬᠦᠮᠦᠰ ᠲᠤ ᠵᠤᠭᠤᠭ ᠪᠤᠯᠭᠠᠨ ᠬᠠᠭᠤᠴᠢᠯᠠᠭᠰᠠᠭᠠᠷ | ᠢᠷᠡᠭᠰᠡᠨ ᠨᠢ ᠦᠨᠦᠳᠦᠷ ᠤᠨ ᠪᠢᠳᠡᠨ ᠳᠤ ᠦᠨᠡᠳᠦ ᠳᠤᠷᠠᠰᠬᠠᠯ ᠢ ᠬᠠᠩᠭᠠᠬᠤ ᠪᠠᠶᠠᠷ ᠤᠨ ᠡᠬᠦᠳᠡ ᠶᠢ ᠨᠡᠬᠡᠬᠡᠵᠦ | ᠦᠭᠬᠦᠯ᠎ᠡ᠃ | ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠳᠦᠰᠢᠶᠡᠳᠦ ᠰᠦᠮ᠎ᠡ ᠶᠢ ᠬᠠᠷᠠᠭᠴᠢᠨ ᠭᠠᠭ᠋ᠠᠢ ᠵᠢᠯ | ᠪᠤᠶᠤ 1935 ᠤᠨ ᠳᠤ ᠡᠬᠦᠰᠬᠡᠵᠤ ᠪᠠᠷᠢᠭᠠᠳ 1958 ᠤᠨ ᠳᠤ ᠪᠠᠶᠠᠨᠴᠠᠭᠠᠨ ᠨᠢᠬᠡᠳᠦᠯ ᠢ ᠪᠠᠶᠢᠭᠤᠯᠬᠤ ᠳᠤ᠂ | 1965 ᠤᠨ ᠳᠤ ᠪᠠᠶᠠᠨᠴᠠᠭᠠᠨ ᠨᠢᠬᠡᠳᠦᠯ ᠤᠨ ᠶᠡᠷᠦᠩᠬᠢ ᠰᠤᠷᠭᠠᠭᠤᠯᠢ ᠶᠢ ᠪᠠᠶᠢᠭᠤᠯᠬᠤ ᠳᠤ ᠱᠠᠰᠢᠨ ᠤ ᠰᠤᠶᠤᠯ | ᠤᠨ ᠦᠨᠡᠳᠦ ᠴᠤᠭᠴᠠᠯᠠᠪᠤᠷᠢ ᠶᠢ ᠢᠯᠡᠳᠬᠡᠭᠰᠡᠨ ᠪᠦᠬᠦ ᠶᠠᠭᠤᠮ᠎ᠠ ᠶᠢ ᠨᠢ ᠬᠠᠶᠢᠷᠠᠯᠠᠯ ᠦᠬᠡᠢ ᠰᠦᠢᠳᠬᠡᠵᠤ | ᠳᠠᠭᠤᠰᠬᠠᠭᠰᠠᠨ ᠢᠶᠠᠷ ᠵᠤᠭᠰᠤᠬᠤ ᠦᠬᠡᠢ ᠬᠦᠬᠡ ᠳᠤᠭᠤᠰᠬ᠎ᠠ ᠪᠠᠷ ᠨᠢ ᠪᠠᠷᠢᠭᠳᠠᠭᠰᠠᠨ ᠭᠠᠭᠴᠠ ᠮᠦᠷ ᠬᠡᠷ ᠰᠤᠮᠤᠨ | ᠤ ᠳᠦᠪ ᠲᠤ ᠦᠯᠡᠳᠡᠬᠡᠳ ᠪᠠᠶᠢᠭᠰᠠᠨ ᠢ ᠨᠢ 1994 ᠤᠨ ᠤ ᠬᠠᠪᠤᠷ ᠪᠠᠶᠠᠨᠴᠠᠭᠠᠨ ᠳᠤᠮᠳᠠᠳᠤ ᠰᠤᠷᠭᠠᠭᠤᠯᠢ ᠶᠢ | ᠪᠢᠷᠠᠭᠤ ᠳᠠᠬᠢ ᠮᠤᠩᠭᠤᠯ ᠦᠨᠳᠦᠰᠦᠳᠡᠨ ᠤ ᠳᠤᠮᠳᠠᠳᠤ ᠰᠤᠷᠭᠠᠭᠤᠯᠢ ᠲᠠᠢ ᠨᠢᠬᠡᠳᠬᠡᠬᠦ ᠦᠶ᠎ᠡ ᠳᠤ ᠶᠡᠷᠦᠩᠬᠢ | ᠰᠤᠷᠭᠠᠭᠤᠯᠢ ᠳᠠᠭᠠᠨ ᠦᠮᠴᠢᠯᠡᠬᠦᠯᠦᠭᠰᠡᠨ ᠳᠤ ᠳᠡᠳᠡ ᠦᠷᠢ ᠰᠢᠷᠢ ᠶᠢᠨ ᠢᠶᠠᠨ ᠤᠷᠤᠨ ᠳᠤ ᠸᠧᠨ ᠱᠢ ᠴᠢᠨ ᠬᠡᠭᠴᠢ | ᠬᠦᠮᠦᠨ ᠳᠤ ᠳᠠᠷᠤᠵᠤ ᠦᠭᠴᠠᠢ᠃ ᠤᠤᠯ ᠨᠢ ᠳᠡᠳᠡ ᠡᠨᠡ ᠸᠧᠨ ᠱᠢ ᠴᠢᠨ ᠠᠴᠠ ᠬᠦᠦ ᠮᠦᠩᠬᠦ ᠲᠠᠢ ᠵᠢᠬᠡᠯᠡᠯᠬᠡ | ᠠᠪᠤᠭᠠᠳ ᠬᠠᠷᠢᠭᠤᠯᠵᠤ ᠴᠢᠳᠠᠬᠤ ᠦᠬᠡᠢ ᠮᠤᠬᠤᠷᠳᠠᠵᠤ ᠪᠠᠶᠢᠵᠠᠢ᠃ | ᠰᠤᠮᠤᠨ ᠳᠤ ᠪᠠᠶᠢᠭ᠎ᠠ ᠳᠤᠮᠳᠠᠳᠤ ᠰᠤᠷᠭᠠᠭᠤᠯᠢ ᠨᠤᠭᠤᠳ ᠤᠨ ᠰᠠᠭᠤᠷᠢ ᠶᠢ ᠮᠤᠯᠳᠤᠯᠬᠤ ᠬᠦᠳᠡᠯᠬᠡᠬᠡᠨ ᠮᠦᠨ | ᠲᠡᠷᠡ ᠤᠨ ᠳᠤ ᠪᠠᠶᠠᠨᠴᠠᠭᠠᠨ ᠰᠤᠮᠤᠨ ᠠᠴᠠ ᠡᠬᠢ ᠳᠠᠯᠪᠢᠭᠳᠠᠭᠰᠠᠨ ᠲᠡᠦᠬᠡ ᠲᠠᠢ ᠪᠦᠬᠡᠳ ᠳᠠᠷᠠᠬᠠᠠ᠋ᠭᠤᠯᠠ | ᠳᠤᠮᠳᠠᠳᠤ ᠰᠤᠷᠭᠠᠭᠤᠯᠢ 2002 ᠤᠨ ᠳᠤ᠂ ᠳᠠᠯᠠᠶᠢᠨᠠᠭᠤᠷ ᠳᠤᠮᠳᠠᠳᠤ ᠰᠤᠷᠭᠠᠭᠤᠯᠢ 2005 ᠤᠨ ᠳᠤ᠂ | ᠪᠠᠶᠠᠩᠭᠤᠤᠯ ᠳᠤᠮᠳᠠᠳᠤ ᠰᠤᠷᠭᠠᠭᠤᠯᠢ 2005 ᠤᠨ ᠳᠤ ᠰᠢᠯᠢ ᠰᠢᠯᠢ ᠪᠠᠨ ᠳᠠᠷᠤᠨ ᠠᠷᠤ ᠠᠷᠤ ᠠᠴᠠ ᠪᠠᠨ | ᠬᠤᠰᠤᠭᠤᠯᠵᠤ᠂ ᠠᠩᠬ᠎ᠠ ᠵᠡᠷᠬᠡ ᠶᠢᠨ ᠰᠤᠷᠭᠠᠨ ᠬᠦᠮᠦᠵᠢᠯ ᠬᠡᠰᠢᠭᠳᠡᠨ ᠬᠤᠰᠢᠭᠤᠨ ᠤ ᠬᠦᠳᠡᠭᠡ ᠨᠤᠳᠤᠭ ᠤᠨ | ᠬᠦᠷᠦᠰᠦᠨ ᠠᠴᠠ ᠬᠤᠪᠬᠤ ᠠᠷᠴᠢᠭᠳᠠᠭᠰᠠᠨ ᠨᠢ ᠡᠮᠬᠡᠨᠢᠯᠳᠠᠢ᠃ ᠵᠠᠩᠬᠢᠯᠠᠭ᠎ᠠ ᠶᠢᠨ ᠭᠤᠭᠴᠤᠭᠠᠨ ᠳᠡᠬᠡᠷ᠎ᠡ ᠦᠨᠡᠨ ᠢ | ᠰᠢᠳᠦᠨ ᠦᠨᠡᠨ ᠢ ᠶᠠᠷᠢᠳᠠᠭ ᠬᠦᠮᠦᠨ ᠪᠠᠰᠠ ᠪᠠᠶᠢᠭᠰᠠᠨ ᠶᠤᠮᠰᠠᠨᠵᠠᠢ᠃ ᠪᠠᠶᠠᠨᠴᠠᠭᠠᠨ ᠳᠤᠮᠳᠠᠳᠤ ᠰᠤᠷᠭᠠᠭᠤᠯᠢ ᠶᠢᠨ | ᠪᠠᠭᠰᠢ ᠬᠦᠷᠵᠠᠪ ᠤᠨ ᠡᠷᠳᠡᠨᠢᠪᠠᠭᠠᠳᠤᠷ ᠲᠡᠷᠡ ᠦᠶ᠎ᠡ ᠳᠤ ᠡᠨᠡ ᠪᠠᠶᠢᠳᠠᠯ ᠢ ᠬᠠᠷᠠᠭᠠᠳ ᠳᠡᠰᠴᠤ ᠴᠢᠳᠠᠭᠰᠠᠨ ᠦᠬᠡᠢ᠂ | ᠴᠤᠷᠢ ᠭᠠᠭᠴᠠᠭᠠᠷ ᠠᠮᠢᠨ ᠬᠠᠶᠢᠷᠠᠳᠠᠢ ᠮᠤᠩᠭᠤᠯ ᠰᠤᠷᠭᠠᠭᠤᠯᠢ ᠪᠠᠨ ᠦᠮᠦᠬᠡᠷᠡᠨ ᠪᠤᠰᠤᠭᠠᠳ ︽ᠰᠤᠶᠤᠯ ᠤᠨ ᠢᠶᠠᠨ | ᠦᠨᠳᠦᠰᠦ ᠶᠢ ᠳᠤᠶᠠᠴᠢᠵᠤ ᠪᠠᠶᠢᠭ᠎ᠠ ᠲᠠ ᠨᠠᠷ ᠢ ᠬᠤᠵᠢᠮ ᠤᠨ ᠡᠳᠦᠷ ᠰᠢᠬᠦᠬᠦ ᠴᠠᠭ ᠪᠤᠢ︾ ᠬᠡᠵᠤ ᠬᠤᠰᠢᠭᠤᠨ | ᠠᠴᠠ ᠢᠷᠡᠭᠰᠡᠨ ᠬᠦᠮᠦᠰ ᠲᠠᠢ ᠦᠵᠡᠯᠳᠡ ᠰᠦᠷᠦᠨ ᠮᠠᠷᠭᠤᠯᠳᠤᠵᠤ ᠪᠠᠶᠢᠭᠰᠠᠨ ᠬᠡᠳᠡᠭ᠃ ᠡᠬᠦᠨ ᠢ ᠴᠠᠰᠢ ᠦᠯᠦ | ᠦᠬᠦᠯᠡᠨ ᠦᠬᠦᠯᠡᠬᠦ ᠨᠢ ᠁ | | |