| | | | | | | | | | ᠴᠠᠭ ᠤᠨ ᠬᠠᠳᠠᠭᠤ ᠠᠮᠠ ᠠᠷᠠᠢ ᠭᠡᠵᠤ ᠵᠦᠬᠡᠯᠡᠨ ᠳᠠᠰᠢ ᠪᠠᠨ ᠡᠷᠬᠢᠵᠦ ︽ᠭᠠᠵᠠᠷ ᠰᠢᠷᠦᠢ ᠶᠢᠨ | ᠦᠬᠡᠷᠡᠴᠢᠯᠡᠯᠳᠡ ᠶᠢᠨ ᠬᠦᠳᠡᠯᠭᠡᠭᠡᠨ︾ ᠨᠠᠮᠬᠠᠷᠠᠬᠤ ᠵᠦᠭ ᠲᠡᠭᠡᠨ ᠬᠠᠨᠳᠤᠭᠰᠠᠨ 1948 ᠤᠨ ᠤ ᠵᠤᠨ ᠤ ᠡᠬᠢ ᠪᠠᠷ | ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠶᠢᠨ ᠰᠠᠭᠤᠷᠢᠨ ᠳᠡᠬᠡᠷ᠎ᠡ ᠪᠠᠯᠵᠤᠤᠷ ᠰᠢᠶᠠᠨᠱᠧᠩ᠂ ᠭᠦᠷᠵᠠᠪ ᠬᠤᠶᠠᠷ | ᠰᠤᠷᠤᠭᠴᠢᠳ ᠢᠶᠠᠨ ᠳᠠᠬᠢᠨ ᠪᠦᠷᠢᠳᠭᠡᠨ ᠳᠠᠭᠤᠳᠠᠵᠤ ᠴᠤᠭᠯᠠᠭᠤᠯᠤᠭᠠᠳ ᠬᠢᠴᠢᠶᠡᠯ ᠢᠶᠠᠨ ᠰᠡᠷᠬᠦᠬᠡᠬᠡᠳ ᠡᠬᠢᠯᠡᠳᠡᠯ᠎ᠡ | ᠮᠠᠯ ᠤᠨ ᠬᠢᠵᠢᠭ ᠳᠡᠯᠬᠡᠷᠡᠵᠤ᠂ ᠤᠯᠠᠭᠠᠨ ᠡᠷᠬᠢ ᠶᠢᠨ ᠠᠶᠢᠯ ᠤᠳ ᠬᠡᠷ ᠲᠡᠷᠬᠡ ᠪᠠᠨ ᠠᠴᠢᠶᠠᠯᠠᠭᠠᠳ ᠨᠠᠷᠠᠨᠪᠤᠯᠠᠭ | ᠳᠠᠰᠢ ᠨᠡᠬᠦᠳᠡᠯ ᠬᠦᠳᠡᠯᠦᠯ᠎ᠡ᠃ ᠰᠤᠷᠭᠠᠭᠤᠯᠢ ᠨᠢ ᠴᠤ ᠨᠠᠷᠠᠨᠪᠤᠯᠠᠭ ᠲᠤ ᠵᠤᠰᠠᠭᠠᠳ ᠨᠠᠮᠤᠷ ᠨᠢ ᠤᠳᠤ ᠶᠢᠨ ᠵᠠᠬᠢᠷᠭ᠎ᠠ | ᠪᠠᠷ ᠪᠠᠶᠠᠨᠴᠠᠭᠠᠨ ᠰᠤᠮᠤᠨ ᠤ ᠪᠠᠶ᠋ᠨ᠋ᠠ᠋ᠭᠤᠯᠠ ᠭᠠᠴᠠᠭᠠᠨ ᠤ ᠨᠢᠬᠡᠳᠦᠬᠡᠷ ᠳᠤᠭᠤᠶᠢᠯᠠᠩ ᠳᠤ ᠪᠤᠴᠠᠨ ᠢᠷᠡᠬᠦ ᠦᠶᠡᠰ | ᠨᠢᠬᠡᠨᠳᠡ ᠭᠤᠴᠢᠭᠠᠳ ᠰᠤᠷᠤᠭᠴᠢ ᠲᠠᠢ ᠪᠤᠯᠤᠭᠰᠠᠨ ᠪᠦᠬᠡᠳ ᠭᠠᠴᠠᠭᠠᠨ ᠳᠠᠷᠤᠭ᠎ᠠ ᠪᠠᠷ ᠪᠠᠭᠠᠳᠤᠷ᠂ ᠨᠠᠮ ᠤᠨ ᠡᠭᠦᠷ | ᠤᠨ ᠳᠠᠷᠤᠭ᠎ᠠ ᠪᠠᠷ ᠴᠠᠬᠠᠷ ᠨᠤᠳᠤᠭᠳᠠᠢ ᠵᠢᠪᠬᠤᠯᠠᠩ ᠠᠵᠢᠯᠯᠠᠵᠤ᠂ ᠰᠤᠷᠭᠠᠭᠤᠯᠢ ᠶᠢᠨ ᠬᠡᠪᠴᠢᠶ᠎ᠠ ᠨᠢ ᠤᠭ ᠤᠨ ᠬᠡᠷ | ᠤᠨ ᠰᠤᠷᠭᠠᠭᠤᠯᠢ ᠶᠢᠨ ᠬᠢᠵᠠᠭᠠᠷ ᠢ ᠳᠠᠪᠠᠨ ᠡᠳᠦᠷ ᠢᠷᠡᠭᠦᠶ᠎ᠡ ᠦᠷᠭᠡᠵᠢᠨ ᠪᠤᠵᠠᠭᠠᠶᠢᠷᠠᠵᠤ᠂ ᠤᠯᠠᠭᠠᠨ ᠡᠷᠬᠢ ᠨᠤᠳᠤᠭ | ᠲᠤ ᠠᠶᠢᠯ ᠤᠨ ᠰᠤᠷᠭᠠᠭᠤᠯᠢ ᠪᠠᠶᠢᠭᠤᠯᠤᠭᠳᠠᠬᠤ ᠠᠩᠬᠠᠨ ᠤ ᠨᠦᠬᠦᠴᠡᠯ ᠪᠦᠷᠢᠳᠴᠦ ᠪᠠᠶᠢᠯ᠎ᠠ᠃ | ᠶᠠ᠊᠂ ᠪᠤᠶᠠᠨᠳᠤᠭᠳᠠᠬᠤ ᠪᠠᠭᠰᠢ ᠮᠦᠨ ᠵᠢᠯ ᠤᠨ ᠬᠢᠨᠢ ᠵᠢᠷᠭᠤᠭᠠᠨ ᠰᠠᠷ᠎ᠠ ᠳᠤ ᠢᠷᠡᠬᠡᠳ ᠬᠢᠴᠢᠶᠡᠯ | ᠵᠢᠭᠠᠭᠰᠠᠨ ᠨᠢ ᠪᠠᠶᠠᠷ ᠳᠡᠬᠡᠷ᠎ᠡ ᠪᠠᠶᠠᠷ ᠨᠠᠮᠠᠨ ᠵᠤᠬᠢᠰᠳᠤ ᠦᠢᠯᠡᠰ ᠢ ᠡᠷᠬᠦᠬᠡᠳ ᠰᠤᠷᠭᠠᠭᠤᠯᠢ ᠪᠠᠨ ᠳᠡᠳᠡ | ᠭᠤᠷᠪᠠᠭᠤᠯᠠ ᠦᠬᠡᠳᠡ ᠨᠢ ᠳᠤᠳᠤᠮᠳᠠᠵᠦ ᠵᠢᠳᠬᠦᠵᠡᠬᠡᠵᠠᠢ᠃ ᠶᠠ᠊᠂ ᠪᠤᠶᠠᠨᠳᠤᠭᠳᠠᠬᠤ ᠪᠠᠭᠰᠢ ᠦᠪᠡᠷ ᠤᠨ ᠨᠠᠮᠳᠠᠷ | ᠲᠠᠭᠠᠨ ︽ᠮᠦᠨᠦ ᠵᠢᠯ ︵1948︶ ᠤᠨ ᠵᠢᠷᠭᠤᠭᠠᠨ ᠰᠠᠷ᠎ᠠ ᠶᠢᠨ ᠠᠷᠪᠠ ᠶᠢᠰᠦᠨ ᠤ ᠡᠳᠦᠷ ᠠᠴᠠ ᠡᠬᠢᠯᠡᠨ ᠁ | ᠳᠤᠰ ᠤᠯᠠᠭᠠᠨ ᠡᠷᠬᠢ ᠭᠠᠴᠠᠭ᠎ᠠ ᠶᠢᠨ ᠠᠷᠠᠳ ᠤᠨ ᠪᠠᠭ᠎ᠠ ᠰᠤᠷᠭᠠᠭᠤᠯᠢ ᠳᠤ ᠪᠢᠴᠢᠭ ᠵᠢᠭᠠᠵᠠᠢ︾ ᠬᠡᠵᠦ | ᠳᠡᠮᠳᠡᠭᠯᠡᠭᠰᠡᠨ ᠨᠢ ᠬᠠᠷᠠᠭᠳᠠᠨ᠎ᠠ᠃ ᠳᠤᠬᠠᠢ ᠶᠢᠨ ᠴᠠᠭ ᠤᠨ ᠪᠠᠭᠰᠢ ᠨᠠᠷ ᠬᠢᠬᠡᠳ ᠬᠤᠵᠢᠮ ᠤᠨ ᠰᠤᠷᠤᠭᠴᠢᠳ ᠨᠢ | ᠨᠠᠮᠳᠠᠷ ᠲᠠᠭᠠᠨ ︽ᠤᠯᠠᠭᠠᠨ ᠡᠷᠬᠢ ᠪᠠᠭ᠎ᠠ ᠰᠤᠷᠭᠠᠭᠤᠯᠢ︾ ︽ᠤᠯᠠᠭᠠᠨ ᠡᠷᠬᠢ ᠠᠶᠢᠯ ᠤᠨ ᠰᠤᠷᠭᠠᠭᠤᠯᠢ︾ ︽ | ᠤᠯᠠᠭᠠᠨ ᠡᠷᠬᠢ ᠶᠢᠨ ᠰᠤᠷᠭᠠᠭᠤᠯᠢ︾ ᠬᠡᠬᠦ ᠮᠡᠳᠦ ᠶᠢᠨ ᠬᠡᠳᠦ ᠬᠡᠳᠦᠨ ᠬᠤᠪᠢᠯᠪᠤᠷᠢ ᠪᠠᠷ ᠪᠢᠴᠢᠵᠦ ᠦᠯᠡᠳᠡᠬᠡᠭᠰᠡᠨ | ᠪᠠ ᠲᠡᠷᠡ ᠦᠶᠡᠰ ᠭᠠᠴᠠᠭ᠎ᠠ ᠶᠢ ᠪᠠᠰᠠ ᠠᠶᠢᠯ ᠬᠡᠵᠤ ᠳᠠᠭᠤᠳᠠᠵᠤ ᠪᠠᠶᠢᠭᠰᠠᠨ ᠲᠡᠦᠬᠡ ᠲᠠᠢ ᠪᠤᠯᠬᠤᠷ ᠡᠯ᠎ᠡ | ᠰᠤᠷᠪᠤᠯᠵᠢ ᠮᠠᠲ᠋ᠧᠷᠢᠶᠡᠯ ᠤᠳ ᠢ ᠬᠠᠷᠭᠤᠭᠤᠯᠤᠨ ᠳᠤᠯᠭᠠᠵᠤ᠂ ᠠᠷᠢᠭᠤᠳᠬᠠᠨ ᠰᠢᠬᠦᠵᠦ ᠨᠢᠬᠡᠳᠬᠡᠬᠡᠳ ︽ᠤᠯᠠᠭᠠᠨ | ᠡᠷᠬᠢ ᠠᠶᠢᠯ ᠤᠨ ᠪᠠᠭ᠎ᠠ ᠰᠤᠷᠭᠠᠭᠤᠯᠢ︾ ᠬᠡᠮᠡᠬᠦ ᠠᠯᠳᠠᠷ ᠢ ᠨᠢ ᠠᠪᠴᠤ ᠳᠤᠰ ᠨᠤᠮ ᠳᠠᠭᠠᠨ ᠮᠦᠩᠬᠡᠯᠡᠯᠡ᠃ | ᠢᠷᠭᠤᠢ ᠰᠢᠭ᠋ ᠦᠰᠬᠦ ᠦᠷ᠎ᠡ ᠬᠡᠦᠬᠡᠳ ᠢᠶᠠᠨ ᠪᠢᠴᠢᠭ ᠪᠢᠯᠢᠭ ᠲᠠᠢ ᠶᠠᠪᠤᠭᠤᠯᠬᠤ ᠬᠡᠰᠡᠨ ᠮᠠᠯᠴᠢᠨ ᠠᠷᠠᠳ ᠤᠨ | ᠰᠠᠨᠠᠭ᠎ᠠ ᠰᠡᠳᠬᠢᠯ ᠶᠠᠭᠠᠬᠢᠬᠤ ᠠᠷᠭ᠎ᠠ ᠦᠬᠡᠢ ᠤᠷᠮᠠᠰᠢᠨ ᠳᠤᠭᠳᠤᠯᠵᠤ᠂ ᠬᠤᠯᠠ ᠤᠶᠢᠷ᠎ᠠ ᠠᠴᠠ ᠳᠠᠰᠤᠷᠠᠯᠳᠠ ᠦᠬᠡᠢ | ᠬᠦᠷᠬᠡᠨ ᠢᠷᠡᠵᠡᠬᠡᠵᠦ ︽ᠨᠤᠮ ᠢ ᠨᠢ ᠰᠤᠷᠬᠤ ᠦᠬᠡᠢ ᠴᠤ ᠨᠤᠮᠤᠬᠠᠨ ᠢ ᠨᠢ ᠰᠤᠷ︾ ᠬᠡᠵᠤ ᠬᠢᠴᠢᠶᠡᠩᠬᠦᠶᠢᠯᠡᠨ | ᠵᠠᠬᠢᠭᠠᠳ ᠪᠠᠭᠰᠢ ᠲᠠᠢ ᠨᠢ ᠵᠤᠯᠭᠠᠭᠤᠯᠵᠤ ᠪᠠᠶᠢᠯ᠎ᠠ᠃ ᠰᠧᠯᠧᠵᠠᠪ᠂ ᠠᠳᠠᠯᠢᠪᠢᠰᠢ ᠶᠢᠨ ᠫᠧᠯᠵᠠᠢ᠂ ᠵᠢᠪᠬᠤᠯᠠᠩ ᠤᠨ | ᠫᠧᠯᠵᠠᠢ ᠨᠠᠷ ᠲᠡᠷᠡ ᠵᠢᠯ ᠠᠳᠡ ᠠᠩᠬ᠎ᠠ ᠪᠢᠴᠢᠭ ᠦᠵᠡᠵᠦ᠂ ᠬᠤᠯᠤᠰᠤᠨ ᠦᠵᠦᠭ ᠢᠶᠠᠷ ᠦᠨᠡᠰᠦᠨ ᠰᠠᠮᠪᠠᠷ᠎ᠠ | ᠳᠡᠬᠡᠷ᠎ᠡ ᠠᠷᠠᠪ ᠳᠤᠭ᠎ᠠ ᠪᠤᠯᠤᠨ ᠠ ᠡ ᠢ ᠶᠢ ᠨᠢᠳᠦᠯᠡᠵᠤ ᠡᠬᠢᠯᠡᠭᠰᠡᠨ ᠪᠠᠶᠢᠨ᠎ᠠ᠃ | ᠡᠨᠡ ᠤᠨ ︵1948︶ ᠤ ᠨᠠᠮᠤᠷ ᠤᠨ ᠰᠠᠶᠢᠨ ᠡᠳᠦᠷ ᠢ ᠰᠤᠩᠭᠤᠨ ᠡᠬᠡ ᠬᠡᠯᠡᠨ ᠤ ᠳᠤᠷᠭᠠᠨ ᠪᠠᠷᠢᠨᠳᠠᠭ | ᠵᠠᠳᠠᠯᠵᠤ᠂ ᠡᠷᠳᠡᠮ ᠨᠤᠮ ᠤᠨ ᠡᠬᠡᠰᠢᠭᠳᠦ ᠬᠠᠭᠤᠳᠠᠰᠤ ᠶᠢ ᠨᠡᠬᠡᠬᠡᠭᠰᠡᠨ ︽ᠤᠯᠠᠭᠠᠨ ᠡᠷᠬᠢ ᠠᠶᠢᠯ ᠤᠨ ᠪᠠᠭ᠎ᠠ | ᠰᠤᠷᠭᠠᠭᠤᠯᠢ︾ ᠪᠤᠯ ᠦᠨᠦ ᠶᠢᠨ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ ᠪᠠᠶᠠᠩᠭᠤᠤᠯ ᠪᠦᠷᠢᠨ ᠪᠠᠭ᠎ᠠ | ᠰᠤᠷᠭᠠᠭᠤᠯᠢ ᠶᠢ ᠳᠤᠯᠵᠤ ᠪᠤᠰᠬᠠᠭᠰᠠᠨ ᠤᠤᠭᠠᠨ ᠦᠨᠳᠦᠰᠦ᠂ ᠤᠭ ᠰᠤᠷᠪᠤᠯᠵᠢ ᠪᠤᠯᠬᠤ ᠶᠤᠮ᠃ ︽ᠮᠠᠨ ᠤ | ᠰᠤᠷᠭᠠᠭᠤᠯᠢ ᠢᠩᠬᠢᠵᠦ ᠪᠠᠶᠢᠭᠤᠯᠤᠭᠳᠠᠭᠰᠠᠨ ᠶᠤᠮ ᠬᠡᠵᠦ ᠲᠡᠷᠡ ᠦᠶ᠎ᠡ ᠶᠢᠨ ᠠᠬᠠᠰ ᠵᠠᠬᠠᠰ ᠨᠠᠷ ᠰᠠᠨᠠᠨ ᠰᠠᠨᠠᠨ | ᠶᠠᠷᠢᠵᠦ ᠯᠠ ᠪᠠᠶᠢᠭᠰᠠᠨ ᠡ︾ ᠭᠡᠵᠦ ᠬᠦᠷᠵᠡᠪ ᠪᠠᠭᠰᠢ ᠶᠢᠨ ᠬᠦᠪᠡᠬᠦᠨ ᠦᠯᠵᠡᠶᠢᠳᠤᠭᠳᠠᠬᠤ ᠵᠢᠴᠢ ᠭᠠᠯᠰᠠᠩ᠂ ᠸᠠᠸᠠ | ᠁ ᠵᠡᠷᠭᠡ ᠨᠤᠳᠤᠭ ᠤᠨ ᠳᠤᠮᠤᠭᠠᠳᠠᠳ ᠡᠨᠡ ᠳᠤᠬᠠᠢ 2013 ᠤᠨ ᠳᠤ ᠬᠠᠭᠤᠴᠢᠯᠠᠵᠤ ᠪᠠᠶᠢᠯ᠎ᠠ᠃ | | | | |