| | | | —— ᠢ᠊᠂ ᠰᠤᠶᠤᠯᠳᠤ | | ᠮᠤᠩᠭᠤᠯᠴᠤᠳ ᠤᠨ ᠡᠷᠳᠡᠨ ᠤ ᠡᠬᠦᠳᠤᠯᠳᠡ ᠨᠡᠭᠡᠭᠡᠯᠳᠡ ᠪᠤᠯ ᠮᠤᠩᠭᠤᠯᠴᠤᠳ ᠤᠨ ᠪᠠᠶᠢᠭᠤᠯᠤᠭᠰᠠᠨ | ᠮᠡᠳᠡᠯᠭᠡ ᠶᠢᠨ ᠲᠤᠭᠳᠠᠯᠴᠠᠭ᠎ᠠ ᠮᠥᠨ᠃ ᠮᠡᠳᠡᠯᠭᠡ ᠶᠢᠨ ᠲᠤᠭᠳᠠᠯᠴᠠᠭ᠎ᠠ ᠶᠢᠨ ᠮᠥᠨ ᠴᠢᠨᠠᠷ ᠨᠢ ᠰᠢᠨᠵᠢᠯᠡᠬᠦ ᠤᠬᠠᠭᠠᠨ | ᠶᠤᠮ᠃ ᠲᠤᠭᠳᠠᠯᠴᠠᠭ᠎ᠠ ᠶᠢ ᠲᠤᠯᠭᠠᠭᠤᠷᠢᠯᠠᠭᠰᠠᠨ ᠵᠠᠷᠢᠮ ᠪᠡᠯᠭᠡ ᠲᠡᠮᠳᠡᠭ ᠤᠨ ᠰᠢᠨᠵᠢ ᠲᠠᠢ ᠮᠡᠳᠡᠯᠭᠡ ᠶᠢᠨ ᠴᠤᠭᠴᠨ | ᠨᠤᠭᠤᠳ ᠨᠢ ᠮᠤᠩᠭᠤᠯᠴᠤᠳ ᠤᠨ ᠦᠢᠯᠡᠳᠪᠤᠷᠢᠯᠡᠯ ᠠᠮᠢᠳᠤᠷᠠᠯ ᠤᠨ ᠬᠦᠭᠵᠢᠯᠳᠡ ᠶᠢᠨ ᠶᠠᠪᠤᠴᠨ ᠳᠤ ᠪᠠᠳᠤ | ᠤᠷᠤᠰᠢᠵᠤ ᠲᠤᠤᠱᠳᠠᠢ ᠠᠰᠢᠭᠯᠠᠭᠳᠠᠨ᠂ ᠦᠷᠬᠦᠯᠵᠢᠯᠡᠨ ᠬᠦᠭᠵᠢᠵᠤ ᠪᠤᠵᠠᠭᠠᠶᠢᠷᠠᠭᠰᠠᠨ ᠪᠠᠶᠢᠳᠠᠭ᠃ ᠦᠨᠡᠨ ᠳᠡᠭᠡᠨ | ᠡᠨᠡ ᠪᠤᠯ ᠨᠢᠭᠡᠨ ᠲᠤᠮᠤ ᠰᠢᠰᠲ᠋ᠧᠮ ᠮᠥᠨ᠃ | ᠮᠤᠩᠭᠤᠯᠴᠤᠳ ᠤᠨ ᠡᠷᠳᠡᠨ ᠤ ᠰᠢᠨᠵᠢᠯᠡᠬᠦ ᠤᠬᠠᠭᠠᠨ ᠪᠤᠯ ᠨᠢᠭᠡ ᠵᠦᠢᠯ ᠤᠨ ᠰᠤᠶᠤᠯ ᠤᠨ ᠦᠵᠡᠭᠳᠡᠯ | ᠪᠦᠭᠡᠳ ᠮᠥᠨ ᠬᠦ᠋ ᠨᠢᠭᠡ ᠵᠦᠢᠯ ᠤᠨ ᠬᠦᠨ ᠤᠬᠠᠭᠠᠨ ᠤ ᠦᠵᠡᠭᠳᠡᠯ ᠪᠤᠯᠤᠨ᠎ᠠ᠃ ᠦᠨᠳᠤᠰᠤᠳᠠᠨ ᠤ ᠰᠤᠶᠤᠯ ᠦᠭᠡᠢ | ᠪᠤᠯ ᠦᠨᠳᠤᠰᠤᠳᠠᠨ ᠤ ᠰᠢᠨᠵᠢᠯᠡᠬᠦ ᠤᠬᠠᠭᠠᠨ ᠨᠢ ᠴᠦ ᠪᠠᠶᠢᠬᠤ ᠶᠤᠰᠤ ᠦᠭᠡᠢ ᠶᠤᠮ᠃ ᠮᠤᠩᠭᠤᠯᠴᠤᠳ ᠤᠨ ᠡᠷᠳᠡᠨ | ᠤ ᠰᠢᠨᠵᠢᠯᠡᠬᠦ ᠤᠬᠠᠭᠠᠨ ᠨᠢ ᠴᠦᠮ ᠰᠤᠶᠤᠯ ᠢᠶᠠᠷ ᠢᠶᠠᠨ ᠲᠠᠮᠵᠢᠨ ᠤᠯᠠᠮᠵᠢᠯᠠᠭᠳᠠᠵᠠᠢ᠃ ᠡᠨᠡ ᠨᠢ ᠤᠷᠴᠢᠨ ᠦᠶ᠎ᠡ | ᠶᠢᠨ ᠠᠵᠤ ᠦᠢᠯᠡᠳᠪᠤᠷᠢᠯᠡᠯ ᠤᠨ ᠰᠢᠨᠵᠢᠯᠡᠬᠦ ᠤᠬᠠᠭᠠᠨ ᠲᠠᠢ ᠴᠦ ᠠᠳᠠᠯᠢ ᠦᠭᠡᠢ ᠤᠨᠴᠠᠯᠢᠭᠳᠠᠢ᠃ ᠨᠡᠬᠦᠳᠡᠯ ᠮᠠᠯᠵᠢᠯ | ᠤᠨ ᠠᠵᠤ ᠠᠬᠤᠢ ᠶᠢᠨ ᠡᠵᠡᠩᠨᠡᠯᠳᠤ ᠰᠤᠶᠤᠯ ᠤᠨ ᠬᠦᠷᠤᠰᠤᠨ ᠠᠴᠠ ᠨᠡᠬᠦᠳᠡᠯ ᠮᠠᠯᠵᠢᠯ ᠤᠨ ᠡᠵᠡᠩᠨᠡᠯ ᠮᠠᠶ᠋ᠢᠭ ᠤᠨ | ᠬᠦᠨ ᠤᠬᠠᠭᠠᠨ ᠪᠠ ᠰᠢᠨᠵᠢᠯᠡᠬᠦ ᠤᠬᠠᠭᠠᠨ ᠪᠤᠢ ᠪᠤᠯᠤᠭᠰᠠᠨ ᠶᠤᠮ᠃ ᠡᠶᠢᠮᠤ ᠠᠴᠠ ᠲᠤᠰ ᠴᠤᠭᠴᠨ ᠳᠤ ᠮᠡᠳᠡᠭᠡᠵᠢ | ᠨᠡᠬᠦᠳᠡᠯ ᠮᠠᠯᠵᠢᠯ ᠤᠨ ᠰᠤᠶᠤᠯ᠂ ᠬᠦᠨ ᠤᠬᠠᠭᠠᠨ᠂ ᠰᠢᠨᠵᠢᠯᠡᠬᠦ ᠤᠬᠠᠭᠠᠨ ᠨᠢ ᠪᠦᠳᠤᠴᠨ ᠪᠤᠯᠤᠨ ᠤᠷᠤᠰᠢᠭᠰᠠᠨ | ᠪᠠᠶᠢᠬᠤ ᠶᠤᠰᠤᠳᠠᠢ ᠪᠢᠯᠨ᠃ ᠶᠡᠷᠤ ᠨᠢ ᠪᠤᠳᠠᠳᠤ ᠪᠠᠶᠢᠳᠠᠯ ᠳᠤ ᠴᠦ ᠭᠡᠰᠡᠨ ᠦᠨᠳᠤᠰᠤᠳᠠᠨ ᠪᠤᠯᠭᠠᠨ ᠪᠠᠷᠤᠭ ᠡᠶᠢᠮᠤ | ᠪᠦᠳᠤᠴᠨ ᠲᠠᠢ ᠰᠢᠨᠵᠢᠯᠡᠬᠦ ᠤᠬᠠᠭᠠᠨ ᠰᠤᠶᠤᠯ ᠤᠨ ᠰᠢᠰᠲ᠋ᠧᠮ ᠢ ᠪᠦᠷᠢᠯᠳᠤᠬᠦᠯᠦᠭᠰᠠᠨ ᠪᠠᠶᠢᠳᠠᠭ᠃ ᠵᠦᠪᠭᠡᠨ ︽ | ᠮᠤᠩᠭᠤᠯ ᠠᠨᠠᠭᠠᠬᠤ ᠤᠬᠠᠭᠠᠨ︾᠂ ︽ᠬᠢᠳᠡᠳ ᠠᠨᠠᠭᠠᠬᠤ ᠤᠬᠠᠭᠠᠨ︾᠂ ︽ᠲᠦᠪᠡᠳ ᠠᠨᠠᠭᠬᠤ ᠤᠬᠠᠭᠠᠨ︾᠂ ︽ | ᠡᠸᠦ᠋ᠷᠤᠫᠠ ᠠᠨᠠᠭᠠᠬᠤ ᠤᠬᠠᠭᠠᠨ︾ ᠢᠶᠠᠷ ᠵᠢᠱᠢᠶᠡᠯᠡᠬᠦ ᠳᠤ ᠴᠦ ᠡᠬᠦᠨ ᠳᠤ ᠴᠦᠮ ᠲᠤᠳᠤᠷᠬᠠᠢ ᠦᠪᠡᠷ ᠦᠪᠡᠷ ᠤᠨ | ᠤᠨᠴᠠᠭᠠᠢ ᠪᠦᠳᠤᠴᠡ ᠶᠢᠨ ᠰᠢᠰᠲ᠋ᠧᠮ ᠲᠠᠢ ᠪᠠᠶᠢᠵᠠᠢ᠃ ᠡᠨᠡ ᠨᠢ ᠮᠡᠳᠡᠭᠡᠵᠢ ᠦᠨᠳᠤᠰᠤᠳᠠᠨ ᠨᠦᠭᠦᠳ ᠤᠨᠤᠷᠤᠨ | ᠪᠦᠰᠨ ᠶᠢᠨ ᠢᠯᠭᠠᠭ᠎ᠠ᠂ ᠠᠵᠤ ᠡᠵᠡᠩᠨᠡᠯ ᠤᠨ ᠵᠦᠷᠢᠶ᠎ᠡ ᠠᠴᠠ ᠰᠢᠯᠳᠠᠭᠠᠯᠠᠭᠳᠠᠵᠤ ᠡᠶᠢᠮᠤ ᠰᠤᠶᠤᠯ ᠤᠨ ᠭᠧᠨ ᠢ ᠪᠤᠢ | ᠪᠤᠯᠭᠠᠭᠰᠠᠨ ᠨᠢ ᠢᠯᠡᠷᠭᠡᠢ ᠪᠢᠯᠨ᠃ | ᠰᠡᠬᠦᠯ ᠤᠨ ᠵᠢᠯ ᠤᠳ ᠲᠤ ᠮᠠᠨ ᠤ ᠤᠷᠤᠨ ᠤ ᠰᠤᠳᠤᠯᠤᠭᠠᠴᠢᠳ ᠮᠤᠩᠭᠤᠯᠴᠤᠳ ᠤᠨ ᠡᠷᠳᠡᠨ ᠤ | ᠰᠢᠨᠵᠢᠯᠡᠬᠦ ᠤᠬᠠᠭᠠᠨ ᠤ ᠲᠡᠤᠭᠡ ᠶᠢ ᠠᠷᠾᠢᠯᠤᠬᠢ ᠶᠢᠨ ᠰᠤᠳᠤᠯᠤᠯ ᠪᠤᠯᠤᠨ ᠰᠤᠷᠪᠤᠯᠵᠢ ᠪᠢᠴᠢᠭ ᠲᠤ ᠦᠨᠳᠤᠰᠤᠯᠡᠨ | ᠰᠤᠳᠤᠯᠤᠭᠠᠳ ᠨᠡᠯᠢᠶᠡᠳ ᠬᠠᠩᠭᠠᠮᠵᠢᠳᠠᠢ ᠠᠮᠵᠢᠯᠳᠠ ᠳᠤ ᠬᠦᠷᠭᠡᠵᠠᠢ᠃ ᠮᠤᠩᠭᠤᠯᠴᠤᠳ ᠲᠤ ᠡᠷᠳᠡᠨ ᠤ ᠮᠡᠷᠭᠡᠵᠢᠯ | ᠤᠨ ᠡᠬᠦᠳᠤᠯᠳᠡ ᠪᠠ ᠰᠢᠨᠵᠢᠯᠡᠬᠦ ᠤᠬᠠᠭᠠᠨ ᠤ ᠢᠯᠡᠷᠡᠬᠦᠯᠦᠯᠳᠡ ᠶᠡᠷᠤ ᠨᠢ ᠪᠠᠶᠢᠭᠰᠠᠨ ᠭᠡᠳᠡᠭ ᠢ ᠲᠡᠳᠡ ᠲᠡᠤᠭᠡ ᠶᠢᠨ | ᠤᠨ ᠲᠠᠷᠠᠭᠠᠯᠠᠯ ᠢᠶᠠᠷ ᠨᠢ ᠪᠤᠶᠤ ᠪᠤᠳᠠᠳᠤ ᠵᠦᠢᠯ ᠤᠨ ᠵᠢᠭᠰᠠᠭᠠᠯᠳᠠ ᠪᠠᠷ ᠨᠡᠯᠢᠶᠡᠳ ᠰᠠᠶᠢᠬᠠᠨ ᠬᠠᠷᠠᠭᠤᠯᠪᠠ᠃ | ᠲᠠᠷᠠᠭᠠᠬᠢ ᠠᠵᠢᠯ ᠪᠤᠯ ᠰᠢᠰᠲ᠋ᠧᠮ ᠤᠨ ᠪᠠᠶᠢᠭᠤᠯᠤᠯᠳᠠ ᠶᠤᠮ᠃ ᠰᠢᠰᠲ᠋ᠧᠮ ᠤᠨ ᠬᠡᠯᠪᠡᠷᠢ ᠯᠠ ᠨᠠᠷᠢᠨ | ᠪᠤᠳᠤᠯᠢᠶᠠᠨᠳᠠᠢ ᠰᠢᠨᠵᠢᠯᠡᠬᠦ ᠤᠬᠠᠭᠠᠨ ᠤ ᠠᠭᠤᠯᠭ᠎ᠠ ᠶᠢ ᠲᠦᠷᠰᠦᠯᠢᠭ ᠢᠶᠠᠷ ᠬᠠᠷᠠᠭᠤᠯᠵᠤ ᠴᠢᠳᠠᠬᠤ ᠪᠤᠯᠤᠮᠵᠢᠳᠠᠢ᠃ | ᠤᠴᠢᠷ ᠨᠢ ︽ᠰᠢᠰᠲ᠋ᠧᠮ ᠬᠡᠮᠡᠭᠴᠢ ᠪᠦᠳᠤᠴᠨ ᠭᠡᠬᠦ ᠵᠠᠭᠤᠴᠢ ᠪᠠᠷ ᠲᠠᠮᠵᠢᠭᠰᠠᠨ ᠬᠠᠷᠢᠯᠴᠠᠨ ᠬᠤᠯᠪᠤᠭ᠎ᠠ ᠲᠠᠢ | ᠬᠠᠷᠢᠯᠴᠠᠨ ᠦᠢᠯᠡᠴᠢᠯᠡᠳᠡᠭ ᠡᠯᠮᠧᠨ᠋ᠲ ᠤᠳ ᠢᠶᠠᠷ ᠪᠦᠷᠢᠯᠳᠦᠭᠰᠠᠨ ᠤᠷᠭᠠᠨᠢᠭ ᠪᠦᠬᠦᠯᠢ ᠴᠤᠭᠴᠨ ᠶᠤᠮ⑴᠃︾ | ᠲᠤᠭ᠎ᠠ ᠲᠤᠮᠰᠢ ᠦᠭᠡᠢ ᠶᠡᠭᠡ ᠠᠭᠤᠯᠭ᠎ᠠ ᠪᠠᠨ ᠭᠡᠳᠤᠨ ᠪᠦᠳᠤᠴᠨ ᠪᠠᠷ ᠡᠮᠭᠢᠯᠡᠵᠤ ᠨᠢᠭᠡᠭᠡᠨ ᠵᠦᠢᠯ ᠤᠨ ᠲᠤᠮᠢᠶᠠᠯᠠᠯ | ᠤᠨ ᠭᠡᠯᠪᠡᠷᠢ ᠪᠠᠷ ᠢᠯᠡᠳᠬᠡᠬᠦ ᠪᠤᠯᠬᠤᠷ ᠲᠠᠨᠢᠭᠳᠠᠬᠤ ᠤᠶᠢᠯᠠᠭᠠᠭᠳᠠᠬᠤ᠂ ᠴᠡᠭᠡᠵᠢᠯᠡᠭᠳᠡᠬᠦ ᠳᠤ ᠲᠤᠶᠢᠯ ᠤᠨ ᠠᠮᠠᠷ | ᠪᠤᠯᠬᠤ ᠨᠢ ᠯᠠᠪᠳᠠᠢ᠃ ᠰᠢᠨᠵᠢᠯᠡᠬᠦ ᠤᠬᠠᠭᠠᠨᠳᠠᠳ ᠭᠡᠳᠤᠨ ᠠᠷᠪᠠᠨ ᠲᠦᠮᠡ ᠪᠤᠶᠤ ᠴᠢᠨᠠᠭᠰᠢᠯᠠᠪᠠᠯ ᠭᠡᠳᠤᠨ ᠵᠠᠭᠤᠨ | ᠲᠦᠮᠡᠨ ᠦᠰᠦᠭ ᠤᠨ ᠬᠦᠴᠢᠷ ᠪᠤᠳᠤᠯᠢᠶᠠᠨ ᠲᠠᠢ ᠰᠤᠳᠤᠯᠤᠯ ᠤᠨ ᠵᠤᠬᠢᠶᠠᠯ ᠪᠦᠳᠤᠭᠡᠯ ᠢᠶᠠᠨ ᠡᠴᠤᠰ ᠲᠡᠭᠡᠨ | ᠴᠦᠭᠡᠪᠤᠷᠢ ᠦᠰᠦᠭ ᠲᠠᠢ ᠨᠢᠭᠡ ᠬᠤᠶᠠᠷ ᠲᠤᠮᠢᠶᠠᠯᠠᠯ ᠢᠶᠠᠷ ᠢᠯᠡᠳᠭᠡᠨ ᠤᠩᠰᠢᠭᠤᠯᠳᠠᠭ ᠨᠢ ᠰᠢᠨᠵᠢᠯᠡᠬᠦ ᠤᠬᠠᠭᠠᠨ ᠤ | ᠰᠤᠳᠤᠯᠤᠯ ᠤᠨᠠᠷᠭ᠎ᠠ ᠶᠢ ᠭᠡᠷᠡᠭᠯᠡᠵᠤ᠂ ᠰᠤᠳᠤᠯᠤᠭᠳᠠᠭᠰᠠᠨ ᠪᠤᠳᠠᠰ ᠪᠤᠯᠤᠨ ᠲᠡᠬᠦᠨ ᠤ ᠤᠷᠤᠰᠢᠬᠤ ᠭᠡᠯᠪᠡᠷᠢ ᠶᠢᠨ | ᠬᠠᠷᠢᠴᠠᠭ᠎ᠠ ᠶᠢ ᠯᠤᠬᠢᠭ ᠰᠡᠳᠬᠢᠬᠦᠢ ᠪᠠᠷ ᠵᠦᠢᠴᠢᠯᠡᠵᠤ ᠲᠤᠮᠢᠶᠠᠴᠢᠯᠡᠨ ᠬᠠᠷᠠᠭᠤᠯᠤᠭᠰᠠᠨ ᠶᠠᠪᠤᠳᠠᠯ ᠶᠤᠮ᠃ ᠤᠴᠢᠷ | ᠨᠢ ᠲᠡᠳᠡ ᠡᠳᠡᠭᠡᠷ ᠭᠡᠷᠡᠭ ᠪᠤᠳᠠᠰ ᠢ ᠨᠢᠭᠡ ᠵᠦᠢᠯ ᠤᠨ ᠪᠦᠳᠤᠴᠨ ᠳᠤ ᠤᠷᠤᠰᠢᠬᠤ ︽ᠪᠤᠳᠠᠰ︾ ᠪᠤᠶᠤ ᠪᠦᠳᠤᠴᠨ | ᠶᠢ ᠪᠦᠳᠤᠭᠡᠭᠦ ︽ᠡᠯᠧᠮᠧᠨ᠋ᠲ︾ ᠭᠡᠵᠤ ᠲᠤᠪᠴᠢᠯᠠᠵᠤ ᠦᠵᠡᠭᠰᠠᠨ ᠠᠴᠠ ᠪᠤᠯᠵᠠᠢ᠃ ︽ᠡᠯᠧᠮᠧᠨ᠋ᠲ ᠭᠡᠮᠡᠭᠴᠢ | ᠰᠢᠰᠲ᠋ᠧᠮ ᠢ ᠪᠦᠳᠤᠭᠡᠬᠦ ᠪᠦᠷᠢᠯᠳᠤᠬᠦᠨ ᠭᠡᠰᠡᠭ ᠢ ᠵᠢᠭᠠᠳᠠᠭ᠃ ᠡᠯᠧᠮᠧᠨ᠋ᠲ ᠪᠤᠯ ᠰᠢᠰᠲ᠋ᠧᠮ ᠤᠨ ᠰᠠᠭᠤᠷᠢ ᠪᠦᠭᠡᠳ | ᠪᠤᠳᠠᠳᠤ ᠠᠴᠢᠶᠠᠯᠠᠭᠴᠢ ᠨᠢ ᠪᠤᠯᠤᠨ᠎ᠠ ⑵᠃︾ ᠬᠡᠷᠪᠡ ᠪᠢᠳᠠ ᠰᠤᠳᠤᠯᠤᠭᠳᠠᠵᠤ ᠪᠠᠶᠢᠭ᠎ᠠ ᠵᠦᠢᠯ ᠢᠶᠠᠨ | ᠮᠤᠩᠭᠤᠯᠴᠤᠳ ᠤᠨ ᠡᠷᠳᠡᠨ ᠤ ᠦᠢᠯᠡᠳᠪᠤᠷᠢᠯᠡᠯ ᠠᠮᠢᠳᠤᠷᠠᠯ᠂ ᠨᠡᠶᠢᠭᠡᠮ ᠳᠤ ᠤᠷᠤᠰᠢᠭᠰᠠᠨ ︽ᠪᠤᠳᠠᠰ︾ ᠭᠡᠵᠤ | ᠦᠵᠡᠪᠡᠯ᠂ ᠲᠡᠷᠨ ᠨᠢ ᠠᠶᠠᠨᠳᠠᠭᠠᠨ ᠲᠤᠰ ᠪᠦᠷᠢ ᠪᠦᠳᠤᠴᠨ ᠬᠡᠯᠪᠡᠷᠢ ᠲᠠᠢ᠂ ᠦᠢᠯᠡᠳᠤᠯ ᠴᠢᠳᠠᠪᠤᠷᠢ ᠲᠠᠢ | ᠲᠤᠭᠳᠠᠯᠴᠠᠭ᠎ᠠ ᠪᠤᠯᠵᠤ ᠪᠦᠷᠢᠯᠳᠤᠬᠦ ᠨᠢ ᠮᠡᠳᠡᠭᠡᠵᠢ ᠶᠤᠮ᠃ ᠰᠢᠰᠲ᠋ᠧᠮ ᠤᠨ ᠲᠤᠳᠤᠷᠠᠬᠢ ᠰᠢᠰᠲ᠋ᠧᠮ ᠨᠢ | ᠲᠤᠭᠳᠠᠯᠴᠠᠭ᠎ᠠ ᠶᠤᠮ᠃ ᠡᠶᠢᠮᠤ ᠲᠤᠭᠳᠠᠯᠴᠠᠭ᠎ᠠ ᠪᠦᠷᠢᠯᠳᠦᠭᠰᠠᠨ ᠪᠠᠶᠢᠳᠠᠯ ᠳᠤ ᠯᠠ ᠮᠤᠩᠭᠤᠯᠴᠤᠳ ᠤᠨ ᠡᠷᠳᠡᠨ ᠤ | ᠰᠢᠨᠵᠢᠯᠡᠬᠦ ᠤᠬᠠᠭᠠᠨ ᠢ ᠬᠡᠮᠵᠢᠨ ᠰᠢᠯᠭᠠᠬᠤ᠂ ᠪᠤᠳᠤᠯᠳᠠ ᠬᠢᠬᠦ ᠪᠠ ᠴᠢᠨᠠᠷ ᠢ ᠨᠢ ᠵᠠᠳᠠᠯᠵᠤ ᠦᠨᠡᠯᠡᠯᠳᠡ ᠬᠢᠬᠦ ᠳᠤ | ᠪᠦᠷᠢᠮᠤᠰᠤᠨ ᠪᠤᠯᠤᠮᠵᠢᠳᠠᠢ ᠪᠤᠯᠤᠨ᠎ᠠ᠃ ᠡᠨᠡ ᠶᠤᠰᠤ ᠨᠢ ᠶᠠᠭ ᠯᠠ ᠳ᠋ᠠᠷᠸᠧᠨ ᠤ ᠬᠡᠯᠡᠭᠰᠠᠨ ︽ᠰᠢᠨᠵᠢᠯᠡᠬᠦ ᠤᠬᠠᠭᠠᠨ | ᠭᠡᠳᠡᠭ ᠨᠢ ᠪᠤᠳᠠᠳᠤ ᠭᠡᠷᠡᠭ ᠢ ᠡᠮᠬᠢᠯᠡᠭᠡᠳ ᠲᠡᠬᠦᠨ ᠤ ᠲᠤᠳᠤᠷ᠎ᠠ ᠠᠴᠠ ᠵᠢᠮ᠎ᠠ ᠶᠤᠰᠤ ᠶᠢ ᠢᠯᠡᠷᠡᠬᠦᠯᠵᠤ ᠭᠠᠷᠭᠠᠬᠤ | ᠶᠠᠪᠤᠳᠠᠯ ᠮᠥᠨ︾ ᠭᠡᠳᠡᠭ ᠰᠤᠷᠭᠠᠯ ᠲᠠᠢ ᠪᠦᠷᠢᠮᠤᠰᠤᠨ ᠨᠡᠶᠢᠴᠡᠴᠤ ᠪᠠᠶᠢᠨ᠎ᠠ᠃ | ᠮᠤᠩᠭᠤᠯᠴᠤᠳ ᠤᠨᠰᠢᠨᠵᠢᠯᠡᠬᠦ ᠤᠬᠠᠭᠠᠨ ᠪᠤᠯ ᠮᠤᠩᠭᠤᠯᠴᠤᠳ ᠤᠨ ᠪᠤᠰᠤᠳᠴᠢ ᠶᠢᠷᠳᠢᠨᠴᠤ ᠶᠢ` | ᠲᠠᠨᠢᠭᠰᠠᠨ ᠪᠦᠬᠦ ᠤᠶᠤᠨ ᠮᠡᠳᠡᠯᠭᠡ ᠪᠠᠶᠢᠭ᠎ᠠ ᠪᠤᠯᠪᠠᠴᠤ ᠲᠠᠨᠢᠭᠳᠠᠭᠰᠠᠨ ᠪᠤᠰᠤᠳᠴᠢ ᠶᠢᠷᠳᠢᠨᠴᠤ ᠨᠢ ᠪᠦᠬᠦᠨ ᠢᠶᠠᠷ | ᠢᠶᠠᠨ ᠡᠨᠡ ᠬᠦ ᠪᠤᠳᠠᠰ ᠤᠨ ᠲᠤᠭᠳᠠᠯᠴᠠᠭ᠎ᠠ ᠳᠤ ᠰᠢᠨᠵᠢᠯᠡᠬᠦ ᠤᠬᠠᠭᠠᠨ ᠢᠶᠠᠷ ᠵᠠᠩᠬᠢᠯᠠᠭ᠎ᠠ ᠶᠢᠨ ᠵᠦᠢᠯ ᠪᠤᠯᠵᠤ | ᠵᠢᠭᠰᠠᠭᠠᠭᠳᠠᠬᠤ ᠪᠤᠯᠤᠯᠴᠠᠭ᠎ᠠ ᠪᠠᠶᠢᠬᠤ ᠦᠭᠡᠢ ᠶᠤᠮ᠃ ᠡᠨᠡ ᠨᠢ ᠲᠡᠭᠡᠷ᠎ᠡ ᠶᠠᠷᠢᠭᠰᠠᠨ ᠮᠡᠳᠤ ᠪᠠᠷ ᠵᠦᠪᠭᠡᠨ ᠪᠡᠯᠭᠡ | ᠲᠡᠮᠳᠡᠭ ᠤᠨ ᠰᠢᠨᠵᠢ ᠲᠠᠢ ᠲᠤᠯᠭᠤᠷ ᠪᠦᠳᠤᠭᠡᠯ ᠤᠳ ᠯᠠ ᠠᠶ᠋ᠨᠨᠳᠠᠭᠠᠨ ᠬᠤᠯᠪᠤᠭᠳᠠᠨ᠎ᠠ᠃ ᠤᠴᠢᠷ ᠨᠢ ᠨᠡᠬᠦᠳᠡᠯ | ᠮᠠᠯᠵᠢᠯ ᠤᠨ ᠠᠵᠤ ᠡᠵᠡᠩᠨᠡᠯ ᠤᠨ ᠭᠡᠯᠪᠡᠷᠢ ᠳᠤ ᠮᠤᠩᠭᠤᠯᠴᠤᠳ ᠤᠨ ᠰᠤᠩᠭᠤᠭᠰᠠᠨ ᠴᠢᠬᠤᠯᠨ ᠭᠡᠷᠡᠭ ᠪᠤᠳᠠᠰ ᠪᠤᠯ | ᠲᠤᠳᠤᠭᠠᠳᠤ ᠤᠷᠭᠠᠨᠢᠭ ᠬᠠᠷᠢᠴᠠᠭᠠᠨ ᠤ ᠤᠶᠠᠯᠳᠤᠯ ᠳᠤ ᠪᠤᠢ ᠪᠤᠯᠤᠭᠰᠠᠨ ᠤ ᠬᠠᠮᠳᠤ ᠲᠡᠳᠡᠭᠡᠷ ᠭᠡᠷᠡᠭ ᠪᠤᠳᠠᠰ ᠤᠳ | ᠤᠨ ᠬᠤᠭᠤᠷᠤᠨᠳᠤᠬᠢ ᠭᠠᠳᠠᠭᠠᠳᠤ ᠬᠠᠷᠢᠴᠠᠭ᠎ᠠ ᠨᠢ ᠴᠦ ᠴᠦᠮ ᠡᠮᠭᠢ ᠵᠢᠷᠤᠮ ᠲᠠᠢ᠂ ᠵᠤᠬᠢᠬᠤ ᠡᠯᠮᠧᠨ᠋ᠲ ᠲᠠᠢ ᠪᠠ | ᠲᠡᠰ ᠲᠠᠷᠠᠭᠠᠯᠠᠯ ᠲᠠᠢ ᠭᠡᠰᠡᠭ ᠭᠡᠰᠡᠭ ᠲᠤᠭᠳᠠᠯᠴᠠᠭ᠎ᠠ ᠪᠠᠶᠢᠭ᠎ᠠ ᠪᠢᠯᠨ᠃ ᠲᠡᠷᠡᠴᠢᠯᠡᠨ ᠡᠳᠡᠭᠡᠷ ᠡᠯᠮᠧᠨ᠋ᠲ ᠤᠨ | ᠰᠤᠩᠭᠤᠯᠳᠠ ᠨᠢ ᠤᠯᠠᠨ ᠵᠠᠭᠤᠨ ᠤᠨ ᠵᠢᠯ ᠤᠨ ᠰᠢᠯᠭᠠᠯᠳᠠ ᠶᠢ ᠦᠩᠭᠡᠷᠡᠭᠡᠭᠡᠳ ᠨᠡᠶᠢᠳᠡ ᠲᠠᠶᠠᠭᠠᠷ ᠲᠤ ᠬᠦᠯᠢᠶᠡᠵᠤ | ᠮᠡᠳᠡᠷᠡᠭᠳᠡᠭᠰᠠᠨ ᠶᠠᠪᠤᠴᠨ ᠲᠠᠢ ᠶᠤᠮ᠃ ᠡᠶᠢᠮᠤ ᠠᠴᠠ ᠪᠠᠶᠢᠩᠭᠤ ᠶᠠᠷᠢᠭᠳᠠᠳᠠᠭ ᠮᠤᠩᠭᠤᠯᠴᠤᠳ ᠤᠨ ᠡᠬᠦᠳᠦᠭᠰᠠᠨ | ᠬᠤᠪᠴᠠᠰᠤ᠂ ᠡᠮᠡᠭᠡᠯ᠂ ᠲᠦᠷᠤᠭᠡ᠂ ᠤᠨᠢᠰᠤ᠂ ᠭᠠᠯ ᠫᠤᠤ᠂ ᠲᠠᠭᠤᠳᠤ ᠰᠤᠮᠤ ᠮᠡᠳᠤ ᠶᠢᠨ ᠨᠡᠩ ᠤᠯᠠᠨ ᠡᠬᠦᠳᠤᠯᠳᠡ | ᠨᠡᠭᠡᠭᠡᠯᠳᠡ ᠶᠢᠨ ᠪᠦᠳᠤᠭᠡᠯ ᠨᠢ ᠲᠠᠪᠰᠢᠭᠰᠠᠨ ᠭᠡᠷᠡᠭᠯᠡᠭᠦᠷ ᠪᠤᠯᠵᠤ ᠪᠠᠶᠢᠬᠤ ᠠᠴᠠ ᠪᠢᠰᠢ᠂ ᠰᠢᠨᠵᠢᠯᠡᠬᠦ ᠤᠬᠠᠭᠠᠨ ᠤ | ᠲᠤᠯᠭᠠᠤᠷ ᠪᠦᠳᠤᠭᠡᠭᠳᠡᠬᠦᠨ ᠪᠤᠯᠵᠤ ᠴᠢᠳᠠᠰᠢ ᠦᠭᠡᠢ᠃ ᠰᠢᠨᠵᠢᠯᠡᠬᠦ ᠤᠬᠠᠭᠠᠨ ᠤ ᠰᠢᠰᠲ᠋ᠧᠮ ᠢ ᠲᠦᠯᠦᠭᠡᠯᠡᠵᠤ | ᠴᠢᠳᠠᠳᠠᠭ ᠨᠢ ᠲᠡᠳᠡᠭᠡᠷ ᠰᠤᠩᠭᠤᠳᠠᠭᠰᠠᠨ ᠲᠤᠯᠭᠤᠷ ᠡᠯᠧᠮᠧᠨ᠋ᠲ ᠨᠦᠭᠦᠳ ᠶᠤᠮ᠃ | ᠮᠤᠩᠭᠤᠯᠴᠤᠳ ᠤᠨ ᠡᠷᠳᠡᠨ ᠤ ᠰᠢᠨᠵᠢᠯᠡᠬᠦ ᠤᠬᠠᠭᠠᠨ ᠤ ᠪᠦᠳᠤᠴᠨ ᠶᠢᠨ ᠶᠠᠪᠤᠴᠨ ᠨᠢ ᠦᠨᠳᠤᠰᠤᠨ | ᠳᠡᠭᠡᠨ ᠭᠤᠷᠪᠠᠨ ᠠᠯᠬᠤᠮ᠂ ᠭᠤᠷᠪᠠᠨ ᠲᠠᠪᠬᠤᠷᠭ᠎ᠠ ᠪᠠᠷ ᠲᠠᠮᠵᠢᠨ ᠪᠤᠢ ᠪᠤᠯᠤᠭᠰᠠᠨ ᠲᠦᠯᠤᠪᠳᠠᠢ ᠶᠤᠮ᠃ | ᠶᠠᠭᠤᠨ ᠤ ᠡᠮᠤᠨ᠎ᠡ᠂ ᠮᠤᠩᠭᠤᠯᠴᠤᠳ ᠤᠨᠪᠠᠶᠢᠭᠠᠯᠢ ᠶᠢ ᠵᠦᠪ ᠲᠠᠨᠢᠵᠤ᠂ ᠪᠠᠶᠢᠭᠠᠯᠢ ᠲᠠᠢ ᠵᠦᠪ ᠬᠠᠷᠢᠴᠠᠬᠤ | ᠪᠠᠷ ᠲᠠᠮᠵᠢᠨ ᠪᠡᠯᠴᠢᠭᠡᠷ ᠢ ᠠᠰᠢᠭᠯᠠᠨ᠂ ᠲᠠᠪᠤᠨ ᠬᠤᠰᠢᠭᠤ ᠮᠠᠯ ᠢ ᠰᠤᠩᠭᠤᠨ ᠭᠠᠷᠰᠢᠭᠤᠯᠵᠤ᠂ ᠮᠠᠯ ᠬᠤᠭᠤᠷᠤᠨᠳᠤ | ᠶᠢᠨ ᠪᠠ ᠬᠦᠮᠤᠨ ᠮᠠᠯ ᠬᠠᠷᠢᠯᠴᠠᠨ ᠢᠳᠡᠭᠡᠰᠢᠭᠰᠡᠨ᠂ ᠡᠮᠬᠢ ᠵᠢᠷᠤᠮ ᠲᠠᠢ ᠨᠡᠬᠦᠳᠡᠯ ᠮᠠᠯᠵᠢᠯ ᠤᠨ ᠦᠢᠯᠡᠳᠪᠤᠷᠢᠯᠡᠯ ᠢ | ᠡᠷᠬᠢᠯᠡᠵᠤ᠂ ᠲᠠᠪᠤᠨ ᠬᠤᠰᠢᠭᠤ ᠮᠠᠯ ᠤᠨᠠᠰᠢᠭ ᠰᠢᠮ᠎ᠡ ᠶᠢ ᠬᠦᠢᠴᠡᠳ ᠠᠰᠢᠭᠯᠠᠭᠰᠠᠨ ᠨᠡᠬᠦᠳᠡᠯ ᠮᠠᠯᠵᠢᠯ ᠤᠨ ᠠᠵᠤ | ᠡᠵᠡᠩᠨᠡᠯ ᠤᠨ ᠠᠷᠭ᠎ᠠ ᠭᠡᠯᠪᠡᠷᠢ ᠶᠢ ᠴᠤᠭᠴᠠᠯᠠᠵᠤ᠂ ᠡᠬᠦᠨ ᠢᠶᠠᠷ ᠢᠶᠠᠨ ᠠᠩᠬᠠᠨ ᠤ ᠠᠵᠤ ᠦᠢᠯᠡᠳᠪᠤᠷᠢᠯᠡᠯ ᠤᠨ | ᠲᠤᠭᠳᠠᠯᠴᠠᠭ᠎ᠠ ᠪᠤᠯᠭᠠᠨ ᠪᠠᠶᠢᠭᠤᠯᠵᠤ᠂ ᠠᠩᠬᠠᠨ ᠤ ᠪᠤᠯᠪᠠᠰᠤᠨ ᠢ ᠡᠭᠦᠳᠪᠡ᠃ ᠮᠤᠩᠭᠤᠯᠴᠤᠳ ᠤᠨ ᠪᠤᠳᠠᠰ ᠤᠨ | ᠰᠤᠶᠤᠯ ᠡᠬᠦᠨ ᠢᠶᠠᠷ ᠦᠨᠳᠤᠰᠤᠯᠡᠪᠡ᠃ ᠰᠢᠯᠭᠠᠯᠳᠠ ᠪᠠᠷ ᠲᠠᠮᠵᠢᠭᠰᠠᠨ ᠰᠢᠯᠢᠯᠢᠳᠠ ᠰᠤᠩᠭᠤᠯᠳᠠ ᠪᠤᠯ ᠡᠨᠡ ᠦᠶ᠎ᠡ | ᠶᠢᠨ ᠭᠤᠤᠯ ᠮᠠᠷᠭᠡᠵᠢᠯ ᠤᠨ ᠠᠷᠭ᠎ᠠ ᠪᠤᠯᠤᠨ᠎ᠠ᠃ ᠲᠤᠭᠳᠠᠯᠴᠠᠭ᠎ᠠ ᠶᠢᠨ ᠪᠦᠳᠤᠴᠨ ᠪᠦᠷᠢ ᠶᠢᠨ ᠡᠯᠧᠮᠧᠨ᠋ᠲ ᠨᠢ | ᠡᠮᠤᠨᠡᠭᠢ ᠡᠯᠧᠮᠧᠨ᠋ᠲ ᠤᠨ ᠢᠶᠠᠨ ᠰᠠᠭᠤᠷᠢᠨ ᠲᠡᠭᠡᠷ᠎ᠡ ᠪᠤᠢ ᠪᠤᠯᠤᠭᠰᠠᠨ ᠠᠴᠠ ᠦᠵᠡᠪᠡᠯ ᠵᠤᠬᠢᠰᠳᠠᠢ ᠲᠡᠰ ᠲᠠᠷᠠᠭᠠᠯᠠᠯ | ᠲᠠᠢ ᠪᠠᠶᠢᠨ᠎ᠠ᠃ ᠠᠩᠬᠠᠨ ᠤ ᠲᠤᠭᠳᠠᠯᠴᠠᠭ᠎ᠠ ᠵᠢᠨᠢᠯᠡᠷᠭᠡᠶᠢᠯᠡᠯ ᠨᠢ᠄ | ᠨᠡᠬᠦᠳᠡᠯ ᠮᠠᠯᠵᠢᠯ ᠤᠨ ᠠᠵᠤ ᠡᠵᠡᠩᠨᠡᠯ ᠤᠨ ᠠᠷᠭ᠎ᠠ ᠭᠡᠯᠪᠡᠷᠢ = ︵ᠲᠠᠯ᠎ᠠ ᠨᠤᠳᠤᠭ→ ᠲᠠᠪᠤᠨ ᠬᠤᠰᠢᠭᠤ | ᠮᠠᠯ→ ᠮᠠᠯ ᠤᠨ ᠠᠰᠢᠭ ᠰᠢᠮ᠎ᠡ ᠶᠢᠨ ᠠᠰᠢᠭᠯᠠᠯᠳᠠ︶ ᠬᠡᠬᠦᠴᠢᠯᠡᠨ ᠬᠤᠷᠢᠶᠠᠩᠭᠤᠶᠢᠯᠠᠭᠳᠠᠵᠠᠢ᠃ | ᠲᠤᠰ ᠲᠤᠭᠳᠠᠯᠴᠠᠭ᠎ᠠ ᠳᠤ ᠤᠷᠤᠭᠰᠠᠨ ᠡᠨᠡ ᠬᠦ ᠭᠤᠷᠪᠠᠨ ᠶᠡᠭᠡ ᠡᠯᠧᠮᠧᠨ᠋ᠲ ᠨᠢ ᠬᠤᠪᠢ ᠬᠤᠪᠢᠨ ᠳᠠᠭᠠᠨ | ᠪᠠᠰᠨ ᠪᠤᠳᠠᠳᠠᠢ ᠭᠡᠷᠭᠰᠡᠬᠦ ᠮᠠᠲ᠋ᠧᠷᠢᠶᠠᠯ᠂ ᠬᠦᠮᠤᠨ ᠤ ᠲᠠᠯ᠎ᠠ ᠠᠴᠠ ᠭᠡᠷᠡᠭᠯᠡᠬᠦ ᠠᠷᠭ᠎ᠠ ᠪᠠᠷᠢᠯ ᠪᠠ ᠮᠠᠲ᠋ᠧᠷᠢᠶᠠᠯ ᠢ | ᠰᠤᠩᠭᠤᠭᠰᠠᠨ ᠤ ᠲᠠᠷᠠᠭᠠᠬᠢ ᠦᠢᠯᠡᠳᠤᠯ ᠴᠢᠳᠠᠪᠤᠷᠢ ᠭᠡᠰᠡᠨ ᠠᠭᠤᠯᠭ᠎ᠠ ᠶᠢ ᠪᠠᠭᠳᠠᠭᠠᠭᠰᠠᠨ ᠭᠤᠷᠪᠠᠨ ᠪᠠᠭ᠎ᠠ | ᠡᠯᠧᠮᠧᠨ᠋ᠲ ᠢ ᠲᠠᠭᠠᠭᠤᠯᠵᠤ ᠪᠠᠶᠢᠳᠠᠭ᠃ ᠵᠢᠱᠢᠶᠡᠯᠡᠪᠡᠯ᠂ ︽ᠲᠠᠯ᠎ᠠ ᠨᠤᠳᠤᠭ︾ ᠤᠨ ᠪᠦᠳᠤᠴᠨ ᠲᠤᠳᠤᠷᠠᠬᠢ ︽ | ᠮᠠᠲ᠋ᠧᠷᠢᠶᠠᠯ︾ ᠭᠡᠳᠡᠭ ᠲᠤᠨᠢ ᠪᠠᠶᠢᠭᠠᠯᠢ ᠤᠷᠭᠤᠮᠠᠯ ᠪᠠᠶᠢᠬᠤ᠂ ︽ᠲᠠᠪᠤᠨ ᠬᠤᠰᠢᠭᠤ︾ ᠶᠢᠨ ᠪᠦᠳᠤᠴᠨ ᠲᠤᠳᠤᠷᠠᠬᠢ | ︽ᠮᠠᠲ᠋ᠧᠷᠢᠶᠠᠯ︾ ᠭᠡᠳᠡᠭ ᠲᠤᠨᠢ ᠬᠦᠬᠦᠳᠡᠨ ᠠᠮᠢᠳᠠᠨ ᠨᠤᠭᠤᠳ ᠪᠠᠶᠢᠬᠤ ᠨᠢ ᠲᠤᠳᠤᠷᠬᠠᠢ ᠶᠤᠮ᠃ ᠲᠤᠬᠠᠶᠢᠯᠠᠪᠠᠯ᠂ | ᠲᠠᠯ᠎ᠠ ᠨᠤᠳᠤᠭ = ︵ᠮᠠᠲ᠋ᠧᠷᠢᠶᠠᠯ→ ᠰᠢᠯᠭᠠᠯᠳᠠ ᠰᠤᠩᠭᠤᠯᠳᠠ→ ᠲᠡᠵᠢᠭᠡᠯ︶ | ᠲᠠᠪᠤᠨ ᠬᠤᠰᠢᠭᠤ ᠮᠠᠯ = ︵ᠮᠠᠲ᠋ᠧᠷᠢᠶᠠᠯ→ ᠰᠢᠯᠭᠠᠯᠳᠠ ᠰᠤᠩᠭᠤᠯᠳᠠ→ ᠬᠠᠷᠢᠭᠤᠯᠭ᠎ᠠ︶ | ᠮᠠᠯ ᠤᠨ ᠠᠰᠢᠭ ᠰᠢᠮ᠎ᠡ ᠶᠢᠨ ᠠᠰᠢᠭᠯᠠᠯᠳᠠ = ︵ᠮᠠᠲ᠋ᠧᠷᠢᠶᠠᠯ→ ᠰᠢᠯᠭᠠᠯᠳᠠ ᠰᠤᠩᠭᠤᠯᠳᠠ→ | ᠭᠡᠷᠡᠭᠯᠡᠭᠡᠨ︶ ᠬᠡᠬᠦ ᠮᠡᠳᠤ᠃ | ᠲᠠᠷᠠᠭ᠎ᠠ ᠨᠢ᠂ ᠮᠤᠩᠭᠤᠯᠴᠤᠳᠨᠡᠬᠦᠳᠡᠯ ᠮᠠᠯᠵᠢᠯ ᠤᠨ ᠦᠢᠯᠡᠳᠪᠤᠷᠢᠯᠡᠯ ᠢᠶᠠᠨ ᠠᠰᠢᠭᠯᠠᠵᠤ ᠬᠦᠭᠵᠢᠬᠦᠯᠦᠨ᠂ | ᠮᠠᠯ ᠤᠨ ᠠᠰᠢᠭ ᠰᠢᠮ᠎ᠡ᠂ ᠪᠠᠶᠢᠭᠠᠯᠢ ᠶᠢᠨ ᠮᠠᠲ᠋ᠧᠷᠢᠶᠠᠯ ᠢ ᠭᠠᠷ ᠦᠢᠯᠡᠳᠭᠡᠯ ᠢᠶᠠᠷ ᠨᠡᠯᠢᠶᠡᠳ ᠨᠠᠷᠢᠨ | ᠪᠤᠯᠪᠠᠰᠤᠷᠠᠭᠤᠯᠤᠨ ᠠᠰᠢᠭᠯᠠᠵᠤ᠂ ᠱᠠᠷᠢᠭ ︵ᠪᠤᠯᠪᠠᠰᠤᠷᠠᠭᠤᠯᠤᠭᠰᠠᠨ ᠪᠤᠷᠴᠨ᠂ ᠵᠠᠷᠢᠮ ᠨᠤᠳᠤᠭ ᠲᠤ ᠠᠷᠬᠠᠭ ᠴᠦ | ᠭᠡᠳᠡᠭ︶᠂ ᠮᠤᠩᠭᠤᠯ ᠭᠡᠷ᠂ ᠮᠤᠩᠭᠤᠯ ᠲᠡᠷᠭᠡ ᠵᠡᠷᠭᠡ ᠮᠠᠷᠭᠡᠵᠢᠯ ᠤᠨ ᠠᠭᠤᠯᠤᠭᠳᠠᠴᠨ ᠲᠠᠢ ᠪᠦᠳᠤᠭᠡᠭᠳᠡᠬᠦᠨ ᠢ | ᠡᠭᠦᠳᠬᠦ ᠪᠠᠷ ᠲᠠᠮᠵᠢᠭᠤᠯᠤᠨ ᠨᠡᠬᠦᠳᠡᠯ ᠮᠠᠯᠵᠢᠯ ᠤᠨ ᠠᠮᠢᠳᠤᠷᠠᠯ ᠤᠨ ᠠᠷᠭ᠎ᠠ ᠭᠡᠯᠪᠡᠷᠢ ᠶᠢ ᠴᠤᠭᠴᠠᠯᠠᠨ᠂ ᠡᠬᠦᠨ ᠢᠶᠠᠷ | ᠢᠶᠠᠨ ᠬᠤᠶᠠᠳᠠᠭᠢ ᠲᠤᠭᠳᠠᠯᠴᠠᠭ᠎ᠠ ᠪᠤᠯᠭᠠᠨ ᠪᠠᠶᠢᠭᠤᠯᠵᠤ᠂ ᠬᠤᠶᠠᠳᠠᠬᠢ ᠪᠤᠯᠪᠠᠰᠤᠨ ᠢ ᠡᠬᠦᠳᠪᠡ᠃ ᠮᠤᠩᠭᠤᠯᠴᠤᠳ | ᠤᠨ ᠡᠳ᠋ ᠤᠨ ᠰᠤᠶᠤᠯ ᠡᠬᠦᠨ ᠢᠶᠠᠷ ᠦᠨᠳᠤᠰᠤᠯᠡᠪᠡ᠃ ᠲᠤᠰ ᠲᠠᠪᠬᠤᠷᠭᠠᠨ ᠳᠤ ᠲᠤᠰᠬᠠᠢ ᠭᠡᠷᠡᠭᠯᠡᠭᠡᠨ ᠤ ᠭᠠᠷ | ᠤᠷᠠᠯᠠᠯᠳᠤ ᠮᠡᠷᠭᠡᠵᠢᠯ ᠤᠨ ᠠᠭᠤᠯᠬᠤᠨ ᠲᠠᠢ ᠪᠦᠳᠤᠭᠡᠭᠳᠡᠬᠦᠨ ᠪᠤᠢ ᠪᠤᠯᠵᠠᠢ᠃ ᠬᠤᠶᠠᠳᠠᠭᠢ ᠲᠤᠭᠳᠠᠯᠴᠠᠭᠠᠨ ᠤ | ᠢᠯᠡᠷᠭᠡᠶᠢᠯᠡᠯ ᠨᠢ᠄ | ᠨᠡᠬᠦᠳᠡᠯ ᠮᠠᠯᠵᠢᠯ ᠤᠨ ᠠᠮᠢᠳᠤᠷᠠᠯ ᠤᠨ ᠠᠷᠭ᠎ᠠ ᠭᠡᠯᠪᠡᠷᠢ = ︵ᠱᠠᠷᠢᠭ ᠢᠳᠡᠭᠡᠨ→ ᠮᠤᠩᠭᠤᠯ ᠭᠡᠷ→ | ᠮᠤᠩᠭᠤᠯ ᠲᠡᠷᠭᠡ︶ ᠬᠡᠬᠦᠴᠢᠯᠡᠨ ᠬᠤᠷᠢᠶᠠᠩᠭᠤᠶᠢᠯᠠᠭᠳᠠᠵᠠᠢ᠃ | ᠲᠤᠰ ᠲᠤᠭᠳᠠᠯᠴᠠᠭ᠎ᠠ ᠳᠤ ᠤᠷᠤᠭᠰᠠᠨ ᠡᠨᠡ ᠬᠦ ᠭᠤᠷᠪᠠᠨ ᠶᠡᠭᠡ ᠡᠯᠧᠮᠧᠨ᠋ᠲ ᠨᠢ ᠮᠦᠨ ᠬᠦ ᠬᠤᠪᠢ ᠬᠤᠪᠢᠨ | ᠳᠠᠭᠠᠨ ᠪᠠᠰᠨ ᠪᠤᠳᠠᠳᠠᠢ ᠭᠡᠷᠭᠰᠡᠬᠦ ᠮᠠᠲ᠋ᠧᠷᠢᠶᠠᠯ᠂ ᠬᠦᠮᠤᠨ ᠤ ᠲᠠᠯ᠎ᠠ ᠠᠴᠠ ᠭᠡᠷᠡᠭᠯᠡᠬᠦ ᠠᠷᠭ᠎ᠠ ᠪᠠᠷᠢᠯ ᠪᠠ ᠮᠠᠲ᠋ᠧᠷᠢᠶᠠᠯ ᠢ | ᠰᠤᠩᠭᠤᠭᠰᠠᠨ ᠤ ᠲᠠᠷᠠᠭᠠᠬᠢ ᠦᠢᠯᠡᠳᠤᠯ ᠴᠢᠳᠠᠪᠤᠷᠢ ᠭᠡᠰᠡᠨ ᠠᠭᠤᠯᠭ᠎ᠠ ᠶᠢ ᠪᠠᠭᠳᠠᠭᠠᠭᠰᠠᠨ ᠭᠤᠷᠪᠠᠨ ᠪᠠᠭ᠎ᠠ | ᠡᠯᠧᠮᠧᠨ᠋ᠲ ᠢ ᠲᠠᠭᠠᠭᠤᠯᠵᠤ ᠪᠠᠶᠢᠳᠠᠭ᠃ ᠲᠤᠬᠠᠶᠢᠯᠠᠪᠠᠯ᠂ | ᠮᠤᠩᠭᠤᠯ ᠭᠡᠷ = ︵ᠮᠠᠲ᠋ᠧᠷᠢᠶᠠᠯ→ ᠮᠡᠷᠭᠡᠵᠢᠯ→ ᠰᠠᠭᠤᠴᠨ︶ | ᠱᠠᠷᠢᠭ ᠢᠳᠡᠭᠡᠨ = ︵ᠮᠠᠲ᠋ᠧᠷᠢᠶᠠᠯ → ᠮᠡᠷᠭᠡᠵᠢᠯ→ ᠬᠤᠭᠤᠯᠨ︶ | ᠮᠤᠩᠭᠤᠯ ᠲᠡᠷᠭᠡ = ︵ᠮᠠᠲ᠋ᠧᠷᠢᠶᠠᠯ→ ᠮᠡᠷᠭᠡᠵᠢᠯ→ ᠲᠡᠭᠡᠭᠡᠪᠤᠷᠢ︶ ᠬᠡᠬᠦ ᠮᠡᠳᠤ᠃ | ᠡᠴᠤᠰ ᠲᠤᠨᠢ᠂ ᠮᠤᠩᠭᠤᠯᠴᠤᠳ ᠤᠨ ᠲᠡᠷᠭᠡ ᠮᠤᠷᠢᠨ ᠤ ᠴᠢᠳᠠᠪᠬᠢ ᠳᠤ ᠲᠦᠰᠢᠭᠯᠡᠭᠰᠠᠨ ᠠᠯᠤᠰ ᠨᠡᠬᠦᠳᠡᠯ | ᠨᠢ ᠬᠠᠷᠢ ᠶᠢᠨ ᠰᠤᠶᠤᠯ ᠲᠠᠢ ᠶᠠᠭᠤᠨ ᠤ ᠡᠮᠤᠨ᠎ᠡ ᠲᠠᠨᠢᠯᠴᠠᠵᠤ ᠰᠡᠳᠬᠢᠴᠨ ᠶᠢ ᠦᠷᠭᠡᠵᠢᠬᠦᠯᠦᠨ ᠨᠡᠭᠡᠭᠡᠯᠳᠡ ᠶᠢ | ᠲᠦᠷᠭᠡᠳᠭᠡᠭᠰᠠᠨ ᠢᠶᠠᠷ᠂ ᠠᠯᠳᠠᠢ ᠢᠵᠠᠭᠤᠷ ᠭᠡᠯᠡᠨ ᠳᠡᠭᠡᠨ ᠰᠠᠭᠤᠷᠢᠯᠡᠵᠤ᠂ ᠬᠠᠷᠢ ᠤᠭᠰᠠᠭᠠᠳᠠᠨ ᠠᠴᠠ ᠴᠠᠭᠠᠨ | ᠲᠤᠯᠤᠭᠠᠢ ᠵᠢᠭᠡᠯᠡᠨ ᠪᠤᠰᠤᠭ᠎ᠠ ᠪᠡᠶ᠎ᠡ ᠲᠠᠢ᠂ ᠡᠭᠡᠰᠢᠭ ᠠᠮᠢ ᠪᠡᠶ᠎ᠡ ᠲᠠᠢ ᠲᠡᠭᠷᠢ ᠶᠢᠨ ᠮᠤᠩᠭᠤᠯ ᠦᠰᠦᠭ ᠢ ᠵᠤᠬᠢᠶᠠᠨ | ᠭᠡᠷᠡᠭᠯᠡᠵᠤ ᠦᠰᠦᠭ ᠪᠢᠴᠢᠭᠳᠦ ᠰᠤᠶᠤᠯ ᠤᠨ ᠲᠦᠪᠰᠢᠨ ᠳᠤ ᠤᠷᠤᠪᠠ᠃ ᠡᠬᠦᠨ ᠢᠶᠠᠷ ᠢᠶᠠᠨ ᠮᠤᠩᠭᠤᠯᠴᠤᠳ ᠵᠢᠩᠭᠢᠨᠢ | ᠮᠦᠩᠭᠡ ᠲᠡᠭᠷᠢ ᠶᠢᠨ ᠪᠤᠯᠪᠠᠰᠤᠨ ᠰᠢᠳᠤᠯᠭᠡᠳᠡᠨ ᠪᠤᠯᠪᠠ᠂ ᠲᠡᠳᠡ ᠲᠡᠭᠡᠷ᠎ᠡ ᠢᠯᠡᠷᠭᠡᠶᠢᠯᠡᠭᠳᠡᠭᠰᠠᠨ ᠰᠠᠭᠤᠷᠢ | ᠲᠤᠭᠳᠠᠯᠴᠠᠭ᠎ᠠ ᠪᠠ ᠬᠦᠭᠵᠢᠯ ᠤᠨ ᠲᠤᠭᠳᠠᠯᠴᠠᠭ᠎ᠠ ᠪᠠᠨ ᠪᠠᠶᠢᠭᠤᠯᠤᠭᠰᠠᠨ ᠤ ᠲᠠᠷᠠᠭ᠎ᠠ ᠲᠤᠷᠰᠢᠯᠭ᠎ᠠ ᠪᠠ ᠦᠢᠯᠡᠳᠤᠯᠭᠡ | ᠶᠢᠨ ᠲᠦᠪᠰᠢᠨ ᠠᠴᠠ ᠴᠢᠨᠠᠭᠰᠢ ᠲᠠᠪᠠᠭᠤᠯᠵᠤ᠂ ᠦᠰᠦᠭ ᠪᠢᠴᠢᠭ ᠢᠶᠠᠨ ᠠᠰᠢᠭᠯᠠᠵᠤ ᠵᠢᠷᠤᠬᠠᠢ ᠪᠤᠳᠤᠯᠭ᠎ᠠ ᠶᠢ | ᠡᠬᠢᠯᠡᠨ ᠰᠤᠷᠴᠤ ᠭᠡᠷᠡᠭᠯᠡᠨ ᠲᠡᠬᠦᠨ ᠢᠶᠠᠷ ᠢᠶᠠᠨ ᠨᠠᠷᠨ᠂ ᠰᠠᠷᠨ᠂ ᠤᠳᠤᠳ ᠤᠨ ᠡᠬᠦᠰᠤᠯ ᠭᠠᠷᠤᠯ᠂ ᠪᠦᠳᠤᠴᠨ᠂ | ᠬᠦᠳᠡᠯᠭᠡᠭᠡᠨ ᠤ ᠵᠢᠮ᠎ᠡ ᠶᠤᠰᠤ ᠪᠠ ᠴᠠᠭ ᠠᠭᠠᠷ ᠤᠨ ᠬᠠᠷᠢᠴᠠᠭ᠎ᠠ ᠶᠢ ᠨᠠᠷᠢᠪᠴᠢᠯᠠᠨ ᠰᠢᠨᠵᠢᠯᠡᠪᠡ᠃ ᠵᠢᠷᠤᠬᠠᠢ ᠪᠠᠷ | ᠴᠢᠨᠠᠭᠰᠢᠳᠠ ᠠᠷᠭ᠎ᠠ ᠪᠢᠯᠢᠭ᠂ ᠲᠠᠪᠤᠨ ᠮᠠᠬᠠᠪᠤᠳ ᠢ ᠠᠵᠢᠭᠯᠠᠵᠤ ᠰᠢᠨᠵᠢᠯᠡᠨ ᠤᠨᠤᠯ ᠪᠤᠯᠭᠠᠨ ᠡᠵᠡᠮᠰᠢᠵᠤ ᠬᠦᠮᠤᠨ ᠤ | ᠪᠡᠶ᠎ᠡ ᠶᠢᠨ ᠠᠵᠢᠯᠯᠭᠠᠨ ᠤ ᠰᠢᠰᠲ᠋ᠧᠮ ᠢ ᠲᠠᠨᠢᠵᠤ ᠡᠮ ᠡᠮᠨᠡᠯᠭᠡ ᠶᠢᠨ ᠤᠬᠠᠭᠠᠨ ᠢ ᠡᠬᠦᠳᠪᠡ᠃ ᠡᠶᠢᠨ ᠬᠦ ᠤᠶᠤᠨ | ᠤᠬᠠᠭᠠᠨ ᠤ ᠲᠠᠯ᠎ᠠ ᠠᠴᠠ ᠦᠨᠳᠤᠰᠤᠳᠠᠨ ᠤ ᠰᠤᠶᠤᠯ᠂ ᠪᠠᠶᠢᠭᠠᠯᠢ᠂ ᠬᠦᠮᠤᠨ ᠤ ᠰᠤᠳᠤᠯᠤᠯ ᠢ ᠦᠷᠨᠢᠬᠦᠯᠬᠦ ᠦᠨᠳᠤᠷ | ᠲᠦᠪᠰᠢᠨ ᠤ ᠨᠡᠬᠦᠳᠡᠯ ᠮᠠᠯᠵᠢᠯ ᠤᠨ ᠰᠤᠶᠤᠯ ᠤᠨ ᠰᠡᠳᠬᠢᠬᠦᠢ ᠶᠢᠨ ᠠᠷᠭ᠎ᠠ ᠭᠡᠯᠪᠡᠷᠢ ᠶᠢ ᠴᠤᠭᠴᠠᠯᠠᠵᠤ᠂ ᠡᠬᠦᠨ ᠢᠶᠠᠷ | ᠢᠶᠠᠨ ᠭᠤᠷᠪᠠᠳᠠᠬᠢ ᠲᠤᠭᠳᠠᠯᠴᠠᠭ᠎ᠠ ᠶᠢ ᠪᠠᠶᠢᠭᠤᠯᠵᠤ᠂ ᠭᠤᠷᠪᠠᠳᠠᠬᠢ ᠪᠤᠯᠪᠠᠰᠤᠨ ᠢ ᠡᠬᠦᠳᠴᠠᠢ᠃ ᠮᠤᠩᠭᠤᠯᠴᠤᠳ ᠤᠨ | ᠤᠶᠤᠨ ᠤ ᠪᠤᠯᠪᠠᠰᠤᠨ ᠡᠬᠦᠨ ᠢᠶᠠᠷ ᠰᠠᠭᠤᠷᠢᠯᠠᠪᠠ᠃ ᠬᠠᠶᠢᠯᠳᠠ ᠰᠦᠪᠡᠭᠴᠢᠯᠡᠯ᠂ ᠰᠢᠨᠵᠢᠯᠡᠯ ᠰᠤᠳᠤᠯᠤᠯ ᠪᠤᠯ ᠡᠨᠡ | ᠦᠶ᠎ᠡ ᠶᠢᠨ ᠰᠢᠨᠵᠢᠯᠡᠬᠦ ᠤᠬᠠᠭᠠᠨ ᠤ ᠭᠤᠤᠯ ᠠᠷᠭ᠎ᠠ ᠪᠠᠷᠢᠯ ᠪᠤᠯᠤᠨ᠎ᠠ᠃ | ᠭᠤᠷᠪᠠᠳᠠᠬᠢ ᠲᠤᠭᠳᠠᠯᠴᠠᠭᠠᠨ ᠤ ᠢᠯᠡᠷᠭᠡᠶᠢᠯᠡᠯ ᠨᠢ᠄ | ᠨᠡᠬᠦᠳᠡᠯ ᠮᠠᠯᠵᠢᠯ ᠤᠨ ᠰᠡᠳᠬᠢᠬᠦᠢ ᠶᠢᠨ ᠠᠷᠭ᠎ᠠ ᠭᠡᠯᠪᠡᠷᠢ = ︵ᠦᠰᠦᠭ ᠪᠢᠴᠢᠭ → ᠤᠳᠤᠨ ᠵᠢᠷᠤᠬᠠᠢ | → ᠡᠮ ᠡᠮᠨᠡᠯᠭᠡ︶ ᠬᠡᠬᠦᠴᠢᠯᠠᠨ ᠬᠤᠷᠢᠶᠠᠩᠭᠤᠶᠢᠯᠠᠭᠳᠠᠵᠠᠢ᠃ | ᠲᠤᠰ ᠲᠤᠭᠳᠠᠯᠴᠠᠭ᠎ᠠ ᠳᠤ ᠤᠷᠤᠭᠰᠠᠨ ᠡᠨᠡ ᠬᠦ ᠭᠤᠷᠪᠠᠨ ᠶᠡᠭᠡ ᠡᠯᠧᠮᠧᠨ᠋ᠲ ᠨᠢ ᠲᠡᠭᠡᠷᠡᠭᠢ ᠲᠠᠢ | ᠠᠳᠠᠯᠢᠬᠠᠨ ᠬᠤᠪᠢ ᠬᠤᠪᠢᠨ ᠳᠠᠭᠠᠨ ᠪᠠᠰᠨ ᠪᠤᠳᠠᠳᠠᠢ ᠭᠡᠷᠭᠰᠡᠬᠦ ᠮᠠᠲ᠋ᠧᠷᠢᠶᠠᠯ᠂ ᠬᠦᠮᠤᠨ ᠤ ᠲᠠᠯ᠎ᠠ ᠠᠴᠠ ᠭᠡᠷᠡᠭᠯᠡᠬᠦ | ᠠᠷᠭ᠎ᠠ ᠪᠠᠷᠢᠯ ᠪᠠ ᠮᠠᠲ᠋ᠧᠷᠢᠶᠠᠯ ᠢ ᠰᠤᠩᠭᠤᠭᠰᠠᠨ ᠤ ᠲᠠᠷᠠᠭᠠᠬᠢ ᠦᠢᠯᠡᠳᠤᠯ ᠴᠢᠳᠠᠪᠤᠷᠢ ᠭᠡᠰᠡᠨ ᠠᠭᠤᠯᠭ᠎ᠠ ᠶᠢ | ᠪᠠᠭᠳᠠᠭᠠᠭᠰᠠᠨ ᠭᠤᠷᠪᠠᠨ ᠪᠠᠭ᠎ᠠ ᠡᠯᠧᠮᠧᠨ᠋ᠲ ᠢ ᠲᠠᠭᠠᠭᠤᠯᠵᠤ ᠪᠠᠶᠢᠳᠠᠭ᠃ ᠲᠤᠬᠠᠶᠢᠯᠠᠪᠠᠯ᠂ | ᠦᠰᠦᠭ ᠪᠢᠴᠢᠭ = ︵ᠮᠠᠲ᠋ᠧᠷᠢᠶᠠᠯ→ ᠰᠤᠳᠤᠯᠤᠯ→ ᠲᠡᠮᠳᠡᠭᠯᠡᠬᠦᠢ︶ | ᠤᠳᠤᠨ ᠵᠢᠷᠤᠬᠠᠢ = ︵ᠮᠠᠲ᠋ᠧᠷᠢᠶᠠᠯ→ ᠰᠤᠳᠤᠯᠤᠯ→ ᠭᠡᠮᠵᠢᠯᠳᠡ ᠪᠤᠳᠤᠯᠳᠠ︶ | ᠡᠮ ᠡᠮᠨᠡᠯᠭᠡ = ︵ᠮᠠᠲ᠋ᠧᠷᠢᠶᠠᠯ → ᠰᠤᠳᠤᠯᠤᠯ→ ᠡᠷᠡᠬᠦᠯᠵᠢᠬᠦᠯᠬᠦᠢ︶ ᠬᠡᠬᠦ ᠮᠡᠳᠤ᠃ | ᠮᠤᠩᠭᠤᠯᠴᠤᠳ ᠤᠨ ᠡᠷᠳᠡᠨ ᠤ ᠰᠢᠨᠵᠢᠯᠡᠬᠦ ᠤᠬᠠᠭᠠᠨ ᠪᠤᠯ ᠴᠦᠮ ᠡᠶᠢᠮᠤᠷᠬᠦ ᠦᠪᠡᠷ ᠤᠨ ᠪᠦᠳᠤᠴᠨ᠂ | ᠪᠦᠷᠢᠯᠳᠤᠯ ᠲᠠᠢ᠂ ᠭᠡᠪ ᠵᠠᠭᠪᠤᠷ ᠲᠠᠢ᠂ ᠭᠡᠷᠡᠴᠢ ᠪᠠᠷᠢᠮᠳᠠ ᠲᠠᠢ᠂ ᠲᠡᠩᠴᠡᠪᠤᠷᠢ ᠲᠠᠢ᠂ ᠦᠢᠯᠡᠳᠤᠯ ᠴᠢᠳᠠᠪᠤᠷᠢ ᠲᠠᠢ | ᠪᠦᠭᠡᠳ ᠲᠡᠰ ᠲᠠᠪᠬᠤᠷᠭ᠎ᠠ ᠲᠠᠢ ᠪᠠᠶᠢᠨ᠎ᠠ᠃ ᠡᠳᠡᠭᠡᠷ ᠭᠤᠷᠪᠠᠨ ᠲᠤᠭᠳᠠᠯᠴᠠᠭ᠎ᠠ ᠨᠢ ᠬᠤᠭᠤᠷᠤᠨᠳᠤ ᠪᠠᠨ ᠴᠦᠮ | ᠲᠤᠳᠤᠭᠠᠳᠤ ᠤᠷᠭᠠᠨᠢᠭ ᠬᠠᠷᠢᠴᠠᠭᠠᠨ ᠤ ᠤᠶᠠᠯᠳᠤᠯ ᠲᠠᠢ ᠤᠴᠢᠷ ᠠᠴᠠ ᠠᠩᠬᠠᠨ ᠤ ᠲᠤᠭᠳᠠᠯᠴᠠᠭ᠎ᠠ ᠨᠢ ᠰᠠᠭᠤᠷᠢ | ᠲᠠᠪᠬᠤᠷᠭ᠎ᠠ ᠪᠠᠷ᠂ ᠬᠤᠶᠠᠳᠤᠭᠠᠷ ᠲᠤᠭᠳᠠᠯᠴᠠᠭ᠎ᠠ ᠨᠢ ᠲᠤᠮᠳᠠ ᠲᠠᠪᠬᠤᠷᠭ᠎ᠠ ᠪᠠᠷ᠂ ᠭᠤᠷᠪᠠᠳᠤᠭᠠᠷ ᠲᠤᠭᠳᠠᠯᠴᠠᠭ᠎ᠠ ᠨᠢ | ᠲᠡᠭᠡᠳᠤ ᠲᠠᠪᠬᠤᠷᠭ᠎ᠠ ᠪᠠᠷ ᠲᠤᠰ ᠪᠦᠷᠢ ᠵᠤᠬᠢᠬᠤ ᠤᠷᠤᠨ ᠵᠠᠢ ᠳᠤ ᠡᠬᠢᠯᠡᠯᠳᠡ᠂ ᠬᠦᠭᠵᠢᠯ᠂ ᠤᠷᠬᠢᠯ ᠤᠨ ᠭᠤᠷᠪᠠᠨ | ᠱᠠᠳᠤ ᠪᠠᠷ ᠪᠠᠶᠢᠷᠢᠯᠠᠵᠤ᠂ ᠨᠢᠭᠡᠨ ᠪᠦᠷᠢᠨ ᠲᠡᠬᠦᠯᠳᠡᠷ ᠪᠦᠬᠦᠢ ᠮᠤᠩᠭᠤᠯᠴᠤᠳ ᠤᠨ ᠡᠷᠳᠡᠨ ᠤ ᠰᠢᠨᠵᠢᠯᠡᠬᠦ ᠤᠬᠠᠭᠠᠨ | ᠤ ᠭᠤᠷᠪᠠᠯᠵᠢᠨ ᠪᠤᠰᠤᠭ᠎ᠠ ︵△︶ ᠭᠡᠯᠪᠡᠷᠢ ᠲᠠᠢ ᠫᠢᠷᠠᠮᠢᠳ᠋ ᠮᠠᠶ᠋ᠢᠭ ᠤᠨᠰᠢᠰᠲ᠋ᠧᠮ ᠢ ᠪᠦᠷᠢᠯᠳᠤᠬᠦᠯᠵᠠᠢ᠃ ᠡᠶᠢᠮᠤ | ᠠᠴᠠ ᠡᠨᠡ ᠪᠤᠯ ᠨᠢᠭᠡᠨ ᠰᠢᠰᠲ᠋ᠧᠮ ᠢ ᠪᠦᠷᠢᠯᠳᠤᠬᠦᠯᠦᠭᠰᠠᠨ ᠪᠦᠷᠢᠨ ᠲᠡᠬᠦᠯᠳᠡᠷ ᠰᠢᠨᠵᠢᠯᠡᠬᠦ ᠤᠬᠠᠭᠠᠨ ᠮᠥᠨ᠃ ︵ | ᠵᠢᠷᠤᠭ ᠮᠡᠳᠤ︶ | ᠰᠠᠭᠤᠷᠢ ᠲᠤᠭᠳᠠᠯᠴᠠᠭᠠᠨ ᠤ ᠭᠤᠤᠯ ᠤᠨᠴᠠᠯᠢᠭ ᠨᠢ ᠴᠤᠭᠯᠠᠭᠤᠯᠭ᠎ᠠ ᠪᠠ ᠡᠮᠭᠢᠯᠭᠡ ᠶᠢᠨ ᠶᠠᠪᠤᠴᠨ ᠶᠤᠮ᠃ | ᠬᠦᠮᠤᠰ ᠶᠠᠭᠤ ᠶᠢ ᠠᠰᠢᠬᠯᠠᠬᠤ᠂ ᠶᠠᠭᠠᠬᠢᠵᠤ ᠠᠰᠢᠬᠯᠠᠬᠤ ᠭᠡᠳᠡᠭ ᠢ ᠰᠡᠳᠭᠢᠵᠤ ᠤᠯᠤᠭᠠᠳ ᠡᠴᠤᠰ ᠲᠡᠭᠡᠨ ᠲᠠᠯ᠎ᠠ | ᠨᠤᠳᠤᠭ ᠲᠠᠭᠠᠨ ᠵᠤᠬᠢᠴᠠᠭᠤᠯᠤᠨ ᠨᠠᠷᠢᠨ ᠨᠢᠮᠪᠠᠢ ᠰᠢᠯᠭᠠᠯᠳᠠ ᠰᠤᠩᠭᠤᠯᠳᠠ ᠪᠠ ᠡᠬᠦᠯᠳᠡᠷ ᠰᠠᠶᠢᠵᠢᠷᠠᠭᠤᠯᠬᠤ ᠠᠷᠭ᠎ᠠ | ᠪᠠᠷ ᠲᠠᠪᠤᠨ ᠬᠤᠰᠢᠭᠤ ᠮᠠᠯ ᠢ ᠠᠮᠵᠢᠯᠳᠠᠳᠠᠢ ᠠᠰᠢᠬᠯᠠᠬᠤ ᠪᠤᠯᠤᠭᠰᠠᠨ ᠶᠠᠪᠤᠳᠠᠯ ᠨᠢ ᠨᠢᠭᠡᠨᠳᠡ ᠰᠢᠨᠵᠢᠯᠡᠬᠦ ᠤᠬᠠᠭᠠᠨ ᠤ | ᠢᠯᠡᠷᠡᠬᠦᠯᠦᠯᠳᠡ ᠶᠢᠨ ᠤᠬᠠᠭᠳᠠᠬᠤᠨ ᠪᠠ ᠵᠤᠬᠢᠬᠤ ᠮᠡᠷᠭᠡᠵᠢᠯ ᠤᠨ ᠠᠭᠤᠯᠤᠭᠳᠠᠴᠨ ᠲᠠᠢ ᠪᠤᠯᠤᠭᠰᠠᠨ ᠭᠡᠳᠡᠭ ᠢ | ᠬᠠᠷᠠᠭᠤᠯᠤᠭᠰᠠᠨ ᠪᠠᠶᠢᠨ᠎ᠠ᠃ ᠭᠡᠳᠤᠢ ᠪᠠᠷ ᠪᠦᠳᠦᠭᠡᠭᠳᠡᠬᠦᠨ ᠦᠢᠯᠡᠳᠪᠤᠷᠢᠯᠡᠬᠦ ᠭᠡᠮᠵᠢᠶᠡᠨ ᠳᠤ ᠬᠠᠷᠠᠬᠠᠨ ᠬᠦᠷᠴᠤ | ᠪᠤᠯᠤᠭᠠᠳᠤᠢ ᠪᠤᠯᠪᠠᠴᠤ ᠰᠦ ᠴᠠᠭ᠎ᠠ ᠶᠢ ᠲᠦᠬᠦᠮ ᠢᠶᠠᠷ ᠪᠤᠯᠪᠠᠰᠤᠷᠠᠭᠤᠯᠤᠨ ᠬᠤᠭᠤᠯᠠᠯᠠᠵᠤ᠂ ᠠᠷᠠᠰᠤ ᠶᠢ ᠡᠯᠳᠡᠵᠤ | ᠬᠤᠪᠴᠠᠰᠤ ᠬᠢᠵᠤ ᠴᠢᠳᠠᠭᠰᠠᠨ ᠨᠢ ᠨᠢᠭᠡᠨᠳᠡ ᠦᠨᠳᠤᠰᠤᠨ ᠦᠢᠯᠡᠳᠪᠤᠷᠢᠯᠡᠯ ᠤᠨ ᠲᠤᠭᠳᠠᠯᠴᠠᠭ᠎ᠠ ᠶᠢ | ᠪᠦᠷᠢᠯᠳᠤᠬᠦᠯᠵᠤ᠂ ᠦᠨᠳᠤᠰᠤᠨ ᠠᠮᠢᠳᠤᠷᠠᠯ ᠤᠨ ᠭᠡᠷᠡᠭᠴᠡᠭᠡ ᠪᠠᠨ ᠠᠮᠵᠢᠯᠳᠠ ᠲᠠᠢ ᠰᠢᠢᠳᠪᠤᠷᠢᠯᠠᠵᠤ ᠴᠢᠳᠠᠵᠠᠢ᠃ | ᠡᠨᠡ ᠦᠶ᠎ᠡ ᠳᠤ ᠨᠢᠭᠡᠨᠳᠡ ᠨᠢᠭᠡ ᠪᠦᠯᠦᠭ ᠮᠠᠯ ᠠᠵᠤ ᠠᠬᠤᠢ ᠶᠢᠨ ᠮᠡᠷᠭᠡᠵᠢᠯᠳᠡᠨ ᠪᠤᠢ ᠪᠤᠯᠵᠤ᠂ ᠬᠦᠩᠭᠡᠯᠡᠬᠦ | ᠮᠡᠷᠭᠡᠵᠢᠯ᠂ ᠠᠷᠠᠴᠢᠯᠠᠵᠤ ᠲᠡᠵᠢᠬᠡᠬᠦ ᠮᠡᠷᠭᠡᠵᠢᠯ ᠢ ᠪᠦᠷᠢᠨᠰᠢᠬᠦᠯᠪᠠ᠃ | ᠲᠤᠮᠳᠠ ᠲᠤᠭᠳᠠᠯᠴᠠᠭᠠᠨ ᠤ ᠭᠤᠤᠯ ᠤᠨᠴᠠᠯᠢᠭ ᠨᠢ ᠦᠢᠯᠡᠳᠪᠤᠷᠢᠯᠡᠯ ᠤᠨ ᠶᠠᠪᠤᠴᠨ ᠶᠤᠮ᠃ ᠬᠦᠮᠤᠰ | ᠨᠢᠭᠡᠨᠳᠡ ᠶᠠᠭᠤ ᠶᠢ ᠦᠢᠯᠡᠳᠪᠤᠷᠢᠯᠡᠬᠦ᠂ ᠶᠠᠭᠠᠭᠢᠵᠤ ᠦᠢᠯᠡᠳᠪᠤᠷᠢᠯᠡᠬᠦ ᠶᠢ ᠰᠡᠳᠬᠢᠬᠦ ᠪᠠᠷ ᠲᠠᠮᠵᠢᠭᠤᠯᠤᠨ ᠭᠠᠷ ᠤᠷᠠᠯᠠᠯ | ᠤᠨ ᠵᠤᠬᠢᠬᠤ ᠮᠡᠷᠭᠡᠵᠢᠯ ᠤᠨ ᠠᠭᠤᠯᠤᠭᠳᠠᠴᠨ ᠲᠠᠢ ᠦᠢᠯᠡᠳᠬᠦᠨ ᠢ ᠦᠢᠯᠡᠳᠪᠤᠷᠢᠯᠡᠵᠤ᠂ ᠰᠢᠮ᠎ᠡ ᠲᠡᠵᠢᠭᠡᠯ ᠲᠠᠢ᠂ | ᠠᠭᠠᠷᠬᠦᠶᠢᠳᠡᠬᠦᠯᠦᠭᠰᠨ ᠢᠶᠠᠷ ᠤᠳᠠᠭᠠᠨ ᠬᠠᠳᠠᠭᠠᠯᠠᠭᠳᠠᠬᠤ᠂ ᠨᠡᠬᠦᠳᠡᠯ ᠠᠶᠠᠨ ᠳᠤ ᠠᠪᠴᠤ ᠶᠠᠪᠤᠬᠤ ᠳᠤ ᠲᠦᠬᠦᠮ᠂ | ᠭᠠᠯ ᠲᠤᠭᠤᠭ᠎ᠠ ᠬᠦᠳᠡᠯᠭᠡᠵᠤ ᠴᠢᠨᠠᠵᠤ ᠪᠤᠯᠭᠤᠬᠤ ᠶᠠᠷᠰᠢᠭ ᠦᠭᠡᠢ ᠪᠠᠷ ᠬᠤᠭᠤᠯᠠᠯᠠᠬᠤ ᠤᠯᠠᠭᠠᠨ ᠢᠳᠡᠭᠡᠨ ᠤ ᠵᠦᠢᠯ᠂ | ᠲᠦᠷᠪᠡᠨ ᠤᠯᠠᠷᠢᠯ ᠬᠤᠨᠤᠵᠤ ᠰᠠᠭᠤᠬᠤ ᠳᠤ ᠲᠤᠬᠢᠳᠠᠢ᠂ ᠨᠡᠬᠦᠯᠭᠡᠬᠦ ᠳᠤ ᠲᠦᠬᠦᠮ᠂ ᠶᠠᠭᠡᠰᠭᠡᠵᠤ ᠪᠠᠭᠠᠰᠬᠠᠵᠤ | ᠪᠤᠯᠬᠤ ᠭᠡᠷ ᠪᠠᠷᠢᠯᠭ᠎ᠠ ᠶᠢᠨ ᠵᠦᠢᠯ ᠪᠤᠯᠤᠨ ᠭᠡᠷ ᠤᠷᠤᠨ᠂ ᠡᠳ᠋ ᠬᠤᠭᠰᠢᠯ᠂ ᠬᠦᠮᠤᠨ ᠵᠤᠨ ᠢ ᠠᠯᠤᠰ ᠬᠤᠯᠨ | ᠲᠡᠭᠡᠭᠡᠪᠤᠷᠢᠯᠡᠨ ᠨᠡᠬᠦᠯᠭᠡᠵᠤ ᠦᠭᠳᠡᠭ ᠲᠡᠷᠭᠡ ᠬᠦᠰᠭᠡ ᠵᠡᠷᠭᠡ ᠪᠦᠳᠤᠭᠡᠭᠳᠡᠬᠦᠨ ᠢ ᠲᠤᠰᠬᠠᠢ ᠦᠢᠯᠡᠳᠪᠤᠷᠢᠯᠡᠨ | ᠭᠡᠷᠡᠭᠯᠡᠪᠡ᠃ ᠡᠨᠡ ᠦᠶ᠎ᠡ ᠳᠤ ᠡᠬᠦᠨ ᠲᠠᠢ ᠵᠤᠬᠢᠴᠠᠯᠳᠤᠭᠰᠠᠨ ᠨᠡᠩ ᠤᠯᠠᠨ ᠭᠡᠷᠡᠭᠯᠡᠭᠡᠨ ᠤ ᠮᠡᠷᠭᠡᠵᠢᠯ ᠤᠨ | ᠪᠦᠳᠤᠭᠡᠭᠳᠡᠬᠦᠨ ᠪᠤᠢ ᠪᠤᠯᠤᠭᠰᠠᠨ ᠪᠦᠭᠡᠳ ᠡᠬᠦᠯᠳᠡᠷ ᠰᠠᠶᠢᠵᠢᠷᠠᠭᠤᠯᠬᠤ᠂ ᠬᠦᠷᠡᠯ᠂ ᠲᠡᠮᠤᠷ ᠢ ᠪᠤᠯᠪᠠᠰᠤᠷᠠᠭᠤᠯᠬᠤ | ᠵᠡᠷᠭᠡ ᠰᠢᠨᠵᠢᠯᠡᠬᠦ ᠤᠬᠠᠭᠠᠨ ᠤ ᠢᠯᠡᠷᠡᠬᠦᠯᠤᠯᠳᠡ ᠴᠦ ᠲᠠᠭᠠᠯᠳᠤᠨ ᠪᠤᠢ ᠪᠤᠯᠪᠠ᠃ ᠡᠨᠡ ᠴᠠᠭ ᠦᠶ᠎ᠡ ᠳᠤ ᠦᠰᠦᠭ | ᠪᠢᠴᠢᠭ ᠡᠬᠦᠰᠤᠭᠡᠳᠤᠢ ᠪᠠᠶᠢᠭᠰᠠᠨ ᠤᠴᠢᠷ ᠠᠴᠠ ᠪᠦᠳᠤᠭᠡᠭᠳᠡᠬᠦᠨ ᠢ ᠡᠬᠦᠳᠦᠭᠴᠢ ᠤᠪᠤᠭ ᠤᠭᠰᠠᠭᠠᠳᠠᠨ ᠨᠢ | ᠲᠤᠳᠤᠷᠬᠠᠢ ᠪᠤᠯᠪᠠᠴᠤ ᠪᠤᠳᠠᠳᠠᠢ ᠭᠡᠨ ᠪᠠᠶᠢᠬᠤ᠂ ᠰᠠᠶᠢᠵᠢᠷᠠᠭᠤᠯᠤᠯᠳᠠ ᠭᠢᠭᠰᠡᠨ ᠨᠢ ᠭᠡᠨ ᠪᠠᠶᠢᠬᠤ ᠭᠡᠳᠡᠭ ᠵᠢᠭᠠᠯᠳᠠ | ᠨᠢ ᠬᠤᠵᠢᠮ ᠤᠨ ᠬᠦᠮᠤᠨ ᠳᠤ ᠤᠯᠠᠮᠵᠢᠯᠠᠭᠳᠠᠭᠰᠠᠨ ᠦᠭᠡᠢ ᠶᠤᠮ᠃ ᠡᠶᠢᠮᠤ ᠠᠴᠠ ᠡᠬᠦᠨ ᠢ ᠶᠡᠷᠤᠩᠬᠡᠢ ᠳᠤᠨᠢ | ᠮᠤᠩᠭᠤᠯᠴᠤᠳ ᠤᠨ ᠲᠡᠭᠡᠳᠤᠰ ᠠᠴᠠ ᠤᠯᠠᠮᠵᠢᠯᠠᠭᠰᠠᠨ ᠪᠦᠳᠤᠭᠡᠯ ᠤᠳ ᠭᠡᠳᠡᠭ᠃ | ᠲᠡᠭᠡᠳᠤ ᠲᠤᠭᠳᠠᠯᠴᠠᠭᠠᠨ ᠤ ᠭᠤᠤᠯ ᠤᠨᠴᠠᠯᠢᠭ ᠨᠢ ᠰᠢᠨᠵᠢᠯᠡᠬᠦ ᠤᠬᠠᠭᠠᠨᠳᠠᠨ ᠢᠶᠠᠷ ᠭᠤᠤᠯ ᠴᠤᠭᠴᠨ | ᠪᠤᠯᠭᠠᠭᠰᠠᠨ ᠬᠠᠶᠢᠨ ᠰᠢᠨᠵᠢᠯᠡᠯᠳᠡ᠂ ᠰᠤᠳᠤᠯᠭᠠᠨ ᠤ ᠶᠠᠪᠤᠴᠨ ᠶᠤᠮ᠃ ᠬᠦᠮᠤᠰ ᠨᠢᠭᠡᠨᠳᠡ ᠲᠡᠯᠡᠭᠡᠢ ᠶᠢᠨ | ᠪᠦᠮᠪᠤᠷᠴᠡᠭ᠂ ᠰᠠᠨᠰᠠᠷ ᠤᠷᠴᠢᠯᠠᠩ ᠭᠡᠳᠡᠭ ᠨᠢ ᠶᠠᠮᠠᠷ ᠶᠠᠭᠤᠮ᠎ᠠ ᠪᠠᠶᠢᠬᠤ᠂ ᠶᠠᠭᠠᠬᠢᠭᠠᠳ ᠡᠯᠳᠡᠪ ᠦᠵᠡᠭᠳᠡᠯ ᠭᠠᠷᠴᠤ | ᠪᠠᠶᠢᠬᠤ᠂ ᠪᠠᠶᠢᠭᠠᠯᠢ ᠭᠡᠳᠡᠭ ᠨᠢ ᠶᠠᠭᠤ ᠪᠠᠶᠢᠬᠤ᠂ ᠬᠦᠮᠤᠨ ᠭᠡᠳᠡᠭ ᠨᠢ ᠶᠠᠭᠤ ᠪᠠᠶᠢᠬᠤ᠂ ᠶᠠᠭᠠᠭᠢᠭᠠᠳ ᠡᠪᠡᠳᠴᠢᠯᠡᠳᠡᠭ | ᠪᠠᠶᠢᠬᠤ ᠭᠡᠳᠡᠭ ᠢ ᠰᠡᠳᠬᠢᠨ ᠤᠶᠢᠯᠠᠭᠠᠵᠤ᠂ ᠭᠡᠷᠡᠭ ᠪᠤᠳᠠᠰ ᠤᠨ ᠤᠷᠤᠰᠢᠬᠤ ᠪᠠ ᠬᠤᠪᠢᠷᠠᠯᠳᠠ ᠶᠢᠨ ᠪᠠᠶᠢᠳᠠᠯ᠂ | ᠰᠢᠯᠳᠠᠭᠠᠨ ᠪᠤᠯᠤᠨ ᠵᠢᠮ᠎ᠡ ᠶᠤᠰᠤ ᠶᠢ ᠰᠦᠪᠡᠭᠴᠢᠯᠡᠵᠤ ᠲᠤᠰ ᠲᠤᠰ ᠲᠤᠨᠢ ᠰᠢᠨ᠎ᠡ ᠤᠨᠤᠯ ᠲᠤᠷᠠᠳᠤᠨ ᠭᠠᠷᠭᠠᠵᠠᠢ᠃ | ᠶᠡᠭᠡ ᠮᠤᠩᠭᠤᠯ ᠤᠯᠤᠰ ᠤᠨ ᠦᠶ᠎ᠡ ᠳᠤ ᠨᠠᠢᠮᠠᠨ ᠠᠶᠢᠮᠠᠭ ᠤᠨ ᠡᠷᠳᠡᠮᠳᠡᠨ ᠲᠠᠳᠠᠳᠠᠳᠤᠩᠭᠠ ᠪᠠᠷ ᠮᠤᠩᠭᠤᠯ ᠦᠰᠦᠭ | ᠪᠢᠴᠢᠭ ᠢ ᠬᠢᠨᠠᠨ ᠲᠦᠷᠢᠮᠵᠢᠬᠦᠯᠦᠭᠰᠠᠨ ᠠᠴᠠ ᠨᠠᠰᠢ᠂ ᠴᠢᠩᠭᠢᠰ ᠬᠠᠭᠠᠨ ᠤ ᠤᠭᠰᠠᠭᠠᠳᠠᠨ ᠪᠠ ᠲᠡᠭᠡᠳᠤ | ᠲᠠᠪᠬᠤᠷᠠᠭᠠᠳᠠᠨ ᠤ ᠲᠤᠳᠤᠷ᠎ᠠ ᠰᠤᠷᠭᠠᠭᠤᠯᠢ ᠬᠦᠮᠤᠵᠢᠯ ᠰᠤᠶᠤᠯ ᠪᠤᠢ ᠪᠤᠯᠵᠤ᠂ ᠮᠤᠩᠭᠤᠯᠴᠤᠳ ᠤᠨ ᠠᠩᠬᠠᠨ ᠤ | ᠰᠤᠷᠭᠠᠨ ᠬᠦᠮᠤᠵᠢᠯ ᠤᠨ ᠦᠢᠯᠡᠰ ᠠᠮᠢᠯᠠᠯ ᠢᠶᠠᠨ ᠤᠯᠵᠤ᠂ ᠬᠤᠵᠢᠮ ᠨᠢ ᠭᠡᠷ ᠤᠨ ᠰᠤᠷᠭᠠᠭᠤᠯᠢ ᠲᠠᠢ ᠪᠤᠯᠤᠭᠰᠠᠨ | ᠪᠠ ᠭᠤᠤᠯᠳᠠᠭᠤ ᠰᠦᠮ᠎ᠡ ᠭᠡᠶᠢᠳ ᠤᠨ ᠰᠠᠭᠤᠷᠢᠨ ᠢᠶᠠᠷ ᠲᠦᠪᠯᠡᠷᠡᠭᠰᠠᠨ ᠪᠠᠶᠢᠨ᠎ᠠ᠃ | ᠴᠢᠩᠭᠢᠰ ᠬᠠᠭᠠᠨ 1220 ᠤᠨ ᠳᠤ ᠪᠠᠷᠠᠭᠤᠨᠰᠢ ᠲᠠᠶᠢᠯᠠᠬᠤ ᠲᠤᠮᠳᠠ ᠶᠧᠯᠢᠤᠢ ᠴᠦᠽᠠᠢ ᠪᠠᠷ ︽ᠴᠠᠭᠠᠨ | ᠮᠤᠷᠢᠨ ᠵᠢᠯ ᠤᠨ ᠵᠢᠷᠤᠬᠠᠢ︾ ᠵᠤᠬᠢᠶᠠᠯᠭᠠᠵᠤ ᠮᠤᠩᠭᠤᠯ ᠤᠨ ᠲᠦᠷᠤ ᠳᠤ ᠭᠡᠷᠡᠭᠯᠡᠭᠦᠯᠦᠭᠰᠠᠨ ᠠᠴᠠ ᠡᠬᠢᠯᠡᠨ ᠦᠭᠡᠳᠠᠢ | ᠬᠠᠭᠠᠨ ᠬᠠᠷᠠᠬᠤᠷᠠᠮ ᠳᠤ ᠵᠢᠷᠤᠬᠠᠢ ᠵᠠᠰᠠᠭᠤᠯᠤᠭᠰᠠᠨ᠂ ᠮᠦᠩᠭᠡ ᠬᠠᠭᠠᠨᠠᠷᠠᠪ ᠤᠨ ᠨᠡᠷᠡᠳᠤ ᠤᠳᠤᠨ ᠤᠷᠤᠨᠴᠢᠳ ᠢ | ᠤᠷᠢᠨ ᠠᠪᠴᠢᠷᠠᠭᠰᠠᠨ᠂ ᠬᠤᠪᠢᠯᠠᠢ ᠬᠠᠭᠠᠨ ᠱᠠᠩᠳᠤ ᠶᠢᠨ ᠤᠳᠤᠨ ᠤᠷᠤᠨ ᠤ ᠤᠷᠬᠢᠯ ᠢ ᠪᠠᠶᠢᠭᠤᠯᠤᠭᠰᠠᠨ᠂ ᠦᠯᠡᠬᠦ | ᠬᠠᠭᠠᠨ ︽ᠢᠯ ᠬᠠᠭᠠᠨ ᠤ ᠤᠳᠤᠳ ᠤᠨ ᠬᠦᠰᠤᠨᠦᠭᠳᠤ︾ ᠶᠢ ᠵᠤᠬᠢᠶᠠᠯᠭᠠᠭᠰᠠᠨ᠂ ᠬᠠᠰᠠᠨ ᠬᠠᠭᠠᠨ ᠤᠳᠤᠨ ᠤᠷᠤᠨ | ᠤ ᠤᠷᠬᠢᠯ ᠢ ᠪᠠᠶᠢᠭᠤᠯᠤᠭᠰᠠᠨ᠂ ᠦᠯᠦᠭ ᠪᠠᠭᠢ ︽ᠤᠳᠤᠳ ᠤᠨ ᠬᠦᠰᠦᠨᠦᠭᠳᠤ︾ ᠶᠢ ᠵᠤᠬᠢᠶᠠᠯᠭᠠᠭᠰᠠᠨ ᠵᠡᠷᠭᠡ | ᠰᠤᠳᠤᠯᠭᠠᠨ ᠤ ᠦᠢᠯᠡᠰ ᠤᠨ ᠬᠦᠭᠵᠢᠯᠳᠡ ᠨᠢ ᠲᠤᠬᠠᠢ ᠶᠢᠨ ᠦᠶ᠎ᠡ ᠳᠤ ᠰᠢᠨᠵᠢᠯᠡᠬᠦ ᠤᠬᠠᠭᠠᠨ ᠤ ᠰᠤᠳᠤᠯᠤᠯ ᠢ ᠮᠠᠰᠢ | ᠦᠨᠳᠤᠷ ᠭᠡᠮᠵᠢᠶᠡᠨ ᠳᠤ ᠬᠦᠷᠭᠡᠭᠰᠠᠨ ᠪᠠᠶᠢᠵᠠᠢ᠃ ᠶᠤᠸᠠᠨ ᠤᠯᠤᠰ ᠠᠴᠠ ᠨᠠᠰᠢ ᠤᠳᠤᠨ ᠤᠷᠤᠨ ᠵᠢᠷᠤᠬᠠᠢ᠂ ᠭᠠᠵᠠᠷ | ᠵᠦᠢ᠂ ᠤᠰᠤᠨ ᠠᠰᠢᠭᠯᠠᠯᠳᠠ᠂ ᠡᠮ ᠡᠮᠨᠡᠯᠭᠡ ᠵᠡᠷᠭᠡ ᠬᠦᠷᠢᠶ᠎ᠡ ᠭᠡᠪᠴᠢᠶᠠᠨ ᠳᠤ ᠰᠤᠳᠤᠯᠭ᠎ᠠ ᠬᠢᠭᠡᠳ ᠠᠯᠳᠠᠷᠰᠢᠭᠰᠠᠨ | ᠡᠷᠳᠡᠮᠳᠡᠨ ᠳᠤ 13 ᠳ᠋ᠤᠭᠠᠷ ᠵᠠᠭᠤᠨ ᠤ ᠬᠢᠳᠠᠳ ᠡᠷᠳᠡᠮᠳᠡᠨ ᠬᠦᠸᠧ ᠱᠸᠤ ᠵᠢᠩ᠂ ᠸᠠᠩ ᠱᠢᠶᠦ᠋ᠨ᠂ ᠰᠠᠷᠳᠠᠭᠤᠯ | ᠭᠠᠷᠤᠯ ᠲᠠᠢ ᠡᠷᠳᠡᠮᠳᠡᠨ ᠵᠠᠨᠮᠠᠰ — ᠡᠳ᠋ — ᠳ᠋ᠢᠨ᠂ ᠺᠡᠮᠡᠯ — ᠡᠳ᠋ — ᠳ᠋ᠢᠨ᠂ ᠤᠶᠢᠭᠤᠷ ᠡᠷᠳᠡᠮᠳᠡᠨ | ᠠᠷᠢᠭᠤᠨᠰᠠᠷᠨ᠂ ᠫᠧᠷᠰ ᠤᠨ ᠤᠳᠤᠨ ᠤᠷᠤᠨᠴᠢ ᠠᠯ — ᠰᠠᠮᠠᠷᠺᠠᠨᠳ᠋᠂ ᠢᠯ ᠬᠠᠭᠠᠨᠳᠤ ᠤᠯᠤᠰ ᠤᠨ ᠡᠷᠳᠡᠮᠳᠡᠨ | ᠢᠰᠦ᠋ᠰ᠂ ᠶᠤᠸᠠᠨ ᠤᠯᠤᠰ ᠤᠨᠲ᠋ᠤᠭᠠᠨ ᠤ ᠤᠬᠠᠭᠠᠨᠳᠠᠨ ᠮᠦᠩᠭᠡ᠂13 ᠳ᠋ᠤᠭᠠᠷ ᠵᠠᠭᠤᠨ ᠤ ᠢᠯ ᠬᠠᠭᠠᠨᠳᠤ ᠤᠯᠤᠰ | ᠤᠨ ᠰᠢᠨᠵᠢᠯᠡᠬᠦ ᠤᠬᠭᠠᠨᠳᠠᠨ ᠬᠠᠰᠠᠨ᠂14 ᠳ᠋ᠤᠭᠡᠷ ᠵᠠᠭᠤᠨ ᠤ ᠦᠶ᠎ᠡ ᠶᠢᠨ ᠠᠨᠠᠭᠠᠬᠤ ᠤᠬᠠᠭᠠᠨ ᠪᠠ ᠰᠢᠮ᠎ᠡ ᠲᠡᠵᠢᠬᠡᠯ | ᠤᠨ ᠤᠬᠠᠭᠠᠨᠳᠠᠨ ᠬᠦᠰᠡᠬᠦᠢ᠂14 ᠳ᠋ᠤᠭᠡᠷ ᠵᠠᠭᠤᠨ ᠤ ᠦᠶ᠎ᠡ ᠶᠢᠨ ᠤᠰᠤᠨ ᠠᠰᠢᠭᠯᠠᠯᠳᠠ ᠶᠢᠨ ᠮᠡᠷᠭᠡᠵᠢᠯᠳᠡᠨ ᠶᠢ | ᠳ᠋ᠠᠩ ᠫᠦ᠋᠂ 17 ᠳ᠋ᠤᠭᠠᠷ ᠵᠠᠭᠤᠨ ᠤ ᠦᠶ᠎ᠡ ᠶᠢᠨ ᠠᠨᠠᠭᠠᠬᠤ ᠤᠬᠠᠭᠠᠨᠳᠠᠨ ᠮᠡᠷᠭᠡᠨ᠂ 18 ᠳ᠋ᠤᠭᠠᠷ ᠵᠠᠭᠤᠨ ᠤ ᠦᠶ᠎ᠡ | ᠶᠢᠨ ᠭᠠᠵᠠᠷ ᠵᠦᠢᠴᠢ ᠷᠠᠰᠢ᠂ 15 ᠳ᠋ᠤᠭᠠᠷ ᠵᠠᠭᠤᠨ ᠤ ᠲᠡᠮᠤᠷ ᠬᠠᠭᠠᠨᠳᠤ ᠤᠯᠤᠰ ᠤᠨ ᠤᠳᠤᠨ ᠤᠷᠤᠨᠴᠢ ᠦᠯᠦᠭ | ᠪᠠᠭᠢ᠂ 18 ᠳ᠋ᠤᠭᠠᠷ ᠵᠠᠭᠤᠨ ᠤ ᠦᠶ᠎ᠡ ᠶᠢᠨ ᠤᠳᠤᠨ ᠤᠷᠤᠨᠴᠢ ᠮᠢᠩᠭᠠᠳᠤ᠂ 18 ᠳ᠋ᠤᠭᠠᠷ ᠵᠠᠭᠤᠨ ᠤ ᠦᠶ᠎ᠡ ᠶᠢᠨ | ᠠᠨᠠᠭᠠᠬᠤ ᠤᠬᠠᠭᠠᠨᠳᠠᠨ ᠢᠰᠢᠪᠠᠯᠵᠤᠷ᠂ 19 ᠳ᠋ᠤᠭᠡᠷ ᠵᠠᠭᠤᠨ ᠤ ᠠᠨᠠᠭᠠᠬᠤ ᠤᠬᠠᠭᠠᠨᠳᠠᠨ ᠵᠠᠮᠪᠠᠯᠳᠤᠷᠵᠢ ᠨᠠᠷ | ᠲᠤᠷᠠᠳᠤᠭᠳᠠᠵᠤ ᠪᠤᠢ᠃ ︽︿ᠢᠯ ᠬᠠᠭᠠᠨ ᠤ ᠤᠳᠤᠳ ᠤᠨ ᠬᠦᠰᠤᠨᠦᠭᠳᠤ﹀᠂ ︿ᠶᠤᠸᠠᠨ ᠤᠯᠤᠰ ᠤᠨ ᠴᠠᠭ ᠤᠨ | ᠮᠡᠳᠡᠭᠡᠨ ᠵᠢᠷᠤᠬᠠᠢ﹀᠂ ︿ᠦᠯᠦᠭ ᠪᠠᠭᠢ ᠶᠢᠨ ᠤᠳᠤᠳ ᠤᠨ ᠬᠦᠰᠦᠨᠦᠭᠳᠤ﹀ ᠪᠤᠯ 15 ᠳ᠋ᠤᠭᠠᠷ ᠵᠠᠭᠤᠨ ᠤ ᠦᠶ᠎ᠡ | ᠶᠢᠨ ᠳ᠋ᠠᠨᠮᠠᠷᠺ ᠤᠨ ᠶᠡᠭᠡ ᠤᠳᠤᠨ ᠤᠷᠤᠨᠴᠢ ᠲᠢᠬᠤ᠋᠂ ᠪᠷᠡᠭᠧ ︵1546 — 1601︶ ᠶᠢᠨ ᠤᠳᠤᠨ ᠤᠷᠤᠨ | ᠰᠤᠳᠤᠯᠤᠯ ᠤᠨ ᠠᠮᠵᠢᠯᠳᠠ ᠪᠡᠶᠡᠯᠡᠭᠳᠡᠬᠦ ᠠᠴᠠ ᠡᠮᠤᠨᠡᠭᠢ ᠲᠡᠯᠡᠭᠡᠢ ᠶᠢᠨ ᠲᠡᠮᠳᠡᠭᠯᠡᠯ ᠮᠥᠨ᠃ ᠴᠢᠩ ᠤᠯᠤᠰ ᠤᠨ | ᠤᠳᠤᠨ ᠤᠷᠤᠨᠴᠢ ᠮᠢᠩᠭᠠᠳᠤ ᠶᠢᠨ ᠤᠳᠤᠳ ᠤᠨ ᠲᠤᠬᠠᠢ ᠬᠡᠮᠵᠢᠯᠳᠡ ᠨᠢ ᠲᠢᠬᠤ᠋᠂ ᠪᠷᠡᠭᠧ ᠶᠢᠨ ᠲᠤᠳᠠᠭᠳᠠᠯ ᠢ | ᠨᠦᠬᠦᠭᠰᠠᠨ ᠲᠤᠮᠤ ᠠᠮᠵᠢᠯᠳᠠ ᠶᠤᠮ᠃ ᠡᠨᠡ ᠪᠦᠬᠦᠨ ᠨᠢ ᠨᠠᠷᠨ ᠪᠠᠷ ᠲᠦᠪ ᠪᠤᠯᠭᠠᠭᠰᠠᠨ ᠺᠤᠪᠧᠷᠨᠢᠺ ᠤᠨ ᠤᠨᠤᠯ | ᠲᠡᠯᠭᠡᠷᠡᠬᠦ ᠠᠴᠠ ᠡᠮᠤᠨᠡᠬᠢ ᠮᠤᠩᠭᠤᠯᠴᠤᠳ ᠤᠨ ᠲᠡᠯᠡᠭᠡᠢ ᠶᠢᠨ ᠰᠢᠨᠵᠢᠯᠡᠬᠦ ᠤᠬᠠᠭᠠᠨᠳ ᠤᠷᠤᠭᠤᠯᠤᠭᠰᠠᠨ ᠦᠨᠳᠤᠷ | ᠠᠮᠵᠢᠯᠳᠠ ᠶᠤᠮ⑶᠃︾ ᠵᠢᠷᠤᠬᠠᠢ ᠪᠤᠳᠤᠯᠭ᠎ᠠ ᠶᠢᠨ ᠤᠬᠠᠭᠠᠨ ᠪᠤᠢ ᠪᠤᠯᠤᠭᠰᠠᠨ ᠢᠶᠠᠷ ᠮᠤᠩᠭᠤᠯᠴᠤᠳ ᠤᠨ ᠲᠤᠭ᠎ᠠ | ᠪᠤᠳᠤᠯᠭ᠎ᠠ᠂ ᠭᠡᠮᠵᠢᠯᠳᠡ᠂ ᠬᠡᠮᠵᠢᠬᠦᠷ ᠤᠨ ᠠᠷᠭ᠎ᠠ ᠪᠠᠷᠢᠯ ᠲᠦᠭᠡᠮᠡᠯᠵᠢᠵᠤ᠂ ᠠᠵᠤ ᠠᠬᠤᠢ ᠨᠡᠶᠢᠭᠡᠮ ᠤᠨ | ᠪᠠᠷᠢᠮᠵᠢᠶᠠᠵᠢᠭᠤᠯᠤᠯ ᠴᠦ ᠲᠦᠪ ᠶᠤᠰᠤ ᠪᠠᠷ ᠡᠬᠢᠯᠡᠨ ᠭᠡᠷᠡᠭᠵᠢᠬᠦᠯᠦᠭᠳᠡᠬᠦ ᠪᠤᠯᠪᠠ᠃ ᠡᠨᠡ ᠪᠤᠯ ᠰᠢᠨᠵᠢᠯᠡᠬᠦ ᠤᠬᠠᠭᠠᠨ | ᠤ ᠦᠷ᠎ᠡ ᠪᠦᠳᠤᠭᠡᠯ ᠨᠡᠶᠢᠭᠡᠮ ᠤᠨ ᠬᠦᠳᠡᠯᠭᠡᠭᠦᠷ ᠬᠦᠴᠤᠨ ᠪᠤᠯᠤᠭᠰᠠᠨ ᠲᠠᠢ ᠰᠢᠭᠤᠳ ᠬᠤᠯᠪᠤᠭᠳᠠᠯ ᠲᠠᠢ ᠶᠤᠮ᠃ | ᠮᠤᠩᠭᠤᠯᠴᠤᠳ ᠤᠨ ᠰᠢᠨᠵᠢᠯᠡᠬᠦ ᠤᠬᠠᠭᠠᠨ ᠮᠠᠷᠭᠡᠵᠢᠯ ᠤᠨ ᠬᠦᠭᠵᠢᠯᠳᠡ ᠶᠢᠨ ᠡᠬᠢᠨ ᠤ ᠪᠠ ᠲᠤᠮᠳᠠ ᠱᠠᠳᠤᠨ ᠳᠤ | ᠴᠦᠮ ᠲᠤᠳᠤᠭᠠᠳᠤ ᠰᠢᠯᠳᠠᠭᠠᠨ ᠠᠴᠠ ᠪᠠᠨ ᠰᠢᠯᠳᠠᠭᠠᠯᠠᠭᠳᠠᠨ ᠠᠷᠠᠳ ᠤᠯᠠᠨ ᠤ ᠦᠨᠳᠤᠰᠤᠨ ᠠᠮᠢᠳᠤᠷᠠᠯ ᠤᠨ | ᠭᠡᠷᠡᠭᠴᠡᠭᠡ ᠶᠢ ᠬᠠᠩᠭᠠᠬᠤ ᠱᠠᠭᠠᠷᠳᠠᠯᠭ᠎ᠠ ᠠᠴᠠ ᠡᠬᠦᠰᠴᠤ ᠬᠦᠭᠵᠢᠭᠰᠡᠨ ᠶᠤᠮ᠃ ᠡᠶᠢᠮᠤ ᠠᠴᠠ ᠦᠢᠯᠡᠳᠪᠤᠷᠢᠯᠡᠯ ᠤᠨ | ᠪᠠ ᠠᠮᠢᠳᠤᠷᠠᠯ ᠤᠨ ᠠᠷᠭ᠎ᠠ ᠭᠡᠯᠪᠡᠷᠢ ᠨᠢ ᠡᠮᠤᠨᠡᠰᠢᠯᠡᠬᠦ ᠲᠤᠳᠤᠮ ᠪᠠᠶᠢᠭᠠᠯᠢᠯᠢᠭ ᠪᠠᠶᠢᠳᠠᠯ ᠢ ᠬᠠᠳᠠᠭᠠᠯᠠᠵᠤ ᠪᠠᠶᠢᠳᠠᠭ᠃ | ᠬᠠᠷᠢᠨ ᠲᠡᠭᠡᠳᠤ ᠲᠠᠪᠬᠤᠷᠭ᠎ᠠ ᠶᠢᠨ ᠰᠢᠨᠵᠢᠯᠡᠬᠦ ᠤᠬᠠᠭᠠᠨ ᠤ ᠴᠠᠭ ᠦᠶ᠎ᠡ ᠪᠤᠯᠬᠤ ᠳᠤ ᠨᠡᠭᠡᠭᠡᠯᠳᠡ ᠭᠢᠵᠤ ᠲᠡᠯᠡᠭᠡᠢ ᠳᠤ | ᠬᠠᠨᠳᠤᠭᠰᠠᠨ ᠢᠶᠠᠷ ᠬᠠᠷᠢ ᠤᠯᠤᠰ ᠦᠨᠳᠤᠰᠤᠳᠠᠨ ᠲᠠᠢ ᠶᠠᠪᠤᠯᠴᠠᠵᠤ᠂ ᠬᠠᠷᠢᠯᠴᠠᠨ ᠰᠤᠷᠤᠯᠴᠠᠵᠤ ᠦᠪᠡᠷ ᠢ ᠪᠠᠨ | ᠨᠦᠬᠦᠪᠤᠷᠢᠯᠡᠵᠤ ᠬᠦᠭᠵᠢᠬᠦᠯᠦᠭᠰᠠᠨ ᠤᠨᠴᠠᠯᠢᠭ ᠲᠠᠢ ᠶᠤᠮ᠃ ᠮᠤᠩᠭᠤᠯᠴᠤᠳ ᠤᠨ ︽ᠰᠢᠨᠵᠢᠯᠡᠬᠦ ᠤᠬᠠᠭᠠᠨ ᠮᠡᠷᠭᠡᠵᠢᠯ | ᠨᠢ ᠬᠤᠷᠠᠮᠳᠤᠭᠤᠯᠤᠯ ᠰᠢᠨᠵᠢ ᠪᠠ ᠦᠷᠬᠦᠯᠵᠢᠯᠡᠯ ᠰᠢᠨᠵᠢ ᠲᠠᠢ ᠪᠦᠭᠡᠳ ᠪᠠᠰᠨ ᠲᠡᠭᠡᠭᠰᠢᠯᠡᠬᠦᠯᠦᠯᠳᠠ ᠪᠠ | ᠬᠦᠭᠵᠢᠬᠦᠯᠦᠯᠳᠠ ᠲᠠᠢ ᠪᠠᠶᠢᠳᠠᠭ᠃ ᠬᠤᠵᠢᠮ ᠤᠨ ᠬᠢᠨ ᠨᠢ ᠨᠡᠩ ᠬᠤᠷᠳᠤᠨ ᠬᠦᠭᠵᠢᠯ ᠲᠠᠢ ᠪᠤᠯᠵᠠᠢ ⑷᠃︾ | ᠮᠤᠩᠭᠤᠯᠴᠤᠳ ᠤᠨ ᠰᠢᠨᠵᠢᠯᠡᠬᠦ ᠤᠬᠠᠭᠠᠨ ᠤ ᠨᠢᠭᠡᠳᠤᠮᠡᠯ ᠴᠤᠭᠴᠨ ᠨᠢ ᠨᠡᠬᠦᠳᠡᠯ ᠮᠠᠯᠵᠢᠯ ᠤᠨ | ᠦᠢᠯᠡᠳᠪᠤᠷᠢᠯᠡᠯ ᠠᠮᠢᠳᠤᠷᠠᠯ ᠤᠨ ᠪᠠᠶᠢᠭᠠᠯᠢ ᠰᠤᠩᠭᠤᠯᠳᠠ ᠪᠤᠯᠬᠤ ᠪᠤᠯᠬᠤᠷ ᠪᠤᠳᠠᠰᠴᠢ ᠴᠢᠨᠠᠷ ᠨᠢ ᠴᠦ ᠲᠠᠷᠢᠶᠠᠯᠠᠩ | ᠤᠨ ᠰᠠᠭᠤᠷᠢᠰᠢᠯ ᠤᠨ ᠠᠵᠤ ᠠᠬᠤᠢ ᠲᠠᠢ ᠠᠳᠠᠯᠢ ᠦᠭᠡᠢ ᠠᠭᠤᠯᠭ᠎ᠠ ᠬᠡᠯᠪᠡᠷᠢ ᠲᠠᠢ ᠪᠤᠯᠤᠭᠰᠠᠨ ᠶᠤᠮ᠃ ᠡᠨᠡ ᠨᠢ | ᠠᠳᠠᠯᠢ ᠪᠤᠰᠤ ᠪᠤᠳᠠᠰᠴᠢ ᠴᠢᠨᠠᠷ ᠠᠴᠠ ᠨᠢᠭᠡᠳᠤᠮᠡᠯ ᠴᠤᠭᠴᠨ ᠡᠬᠦᠰᠴᠤ ᠴᠢᠳᠠᠬᠤ ᠦᠭᠡᠢ ᠭᠡᠰᠡᠨ ᠶᠤᠰᠤ ᠶᠢ | ᠬᠠᠷᠠᠭᠤᠯᠵᠤ ᠪᠠᠶᠢᠨ᠎ᠠ᠃ ᠰᠤᠶᠤᠯ ᠤᠨ ᠦᠷᠳᠡᠭ ᠤᠨ ᠬᠠᠨᠳᠤᠰᠢ ᠠᠴᠠ ᠠᠵᠢᠭᠯᠠᠪᠠᠯ᠂ ᠮᠤᠩᠭᠤᠯᠴᠤᠳ ᠤᠨ ᠡᠷᠳᠡᠨ | ᠤ ᠰᠢᠨᠵᠢᠯᠡᠬᠦ ᠤᠬᠠᠭᠠᠨ ᠨᠢ ᠴᠦᠮ ᠪᠤᠳᠠᠰ ᠲᠤ ᠰᠠᠭᠤᠷᠢᠯᠠᠵᠤ᠂ ᠪᠦᠳᠤᠭᠡᠭᠳᠡᠬᠦᠨ ᠢ ᠦᠢᠯᠡᠳᠤᠨ᠂ | ᠤᠨᠤᠯᠵᠢᠭᠤᠯᠤᠯᠳᠠ ᠳᠤ ᠬᠦᠷᠭᠡᠭᠰᠠᠨ ᠶᠠᠪᠤᠴᠨ ᠪᠤᠯᠤᠨ᠎ᠠ᠃ ᠵᠢᠱᠢᠶᠠᠯᠡᠪᠡᠯ᠂ ᠮᠠᠯ ᠤᠨ ᠠᠰᠢᠭ ᠰᠢᠮ᠎ᠡ ᠶᠢᠨ | ᠪᠦᠳᠦᠭᠡᠭᠳᠡᠬᠦᠨ ᠨᠢ ᠲᠠᠯ᠎ᠠ ᠨᠤᠳᠤᠭ ᠪᠠ ᠲᠠᠪᠤᠨ ᠬᠤᠰᠢᠭᠤ ᠮᠠᠯ ᠲᠡᠭᠡᠷ᠎ᠡ ᠰᠠᠭᠤᠷᠢᠯᠠᠵᠤ᠂ ᠮᠤᠩᠭᠤᠯ ᠲᠡᠷᠭᠡ ᠨᠢ | ᠮᠤᠩᠭᠤᠯ ᠭᠡᠷ ᠪᠠ ᠱᠠᠷᠢᠭ ᠢᠳᠡᠭᠡᠨ ᠲᠡᠭᠡᠷ᠎ᠡ ᠰᠠᠭᠤᠷᠢᠯᠠᠵᠤ᠂ ᠡᠮ ᠡᠮᠨᠡᠯᠭᠡ ᠨᠢ ᠦᠰᠦᠭ ᠪᠢᠴᠢᠭ ᠪᠠ ᠤᠳᠤᠨ | ᠵᠢᠷᠤᠬᠠᠢ ᠲᠡᠭᠡᠷ᠎ᠡ ᠰᠠᠭᠤᠷᠢᠯᠠᠵᠤ ᠪᠠᠶᠢᠨ᠎ᠠ᠃ ᠡᠨᠡ ᠲᠠᠯ᠎ᠠ ᠪᠠᠷ ᠢᠶᠠᠨ ᠵᠠᠩ ᠵᠠᠩᠰᠢᠯ᠂ ᠱᠠᠰᠢᠨ ᠰᠤᠷᠳᠠᠬᠤᠨ᠂ ᠤᠳᠬ᠎ᠠ | ᠵᠤᠬᠢᠶᠠᠯ᠂ ᠤᠷᠠᠯᠢᠭ ᠵᠡᠷᠭᠡ ᠬᠦᠮᠤᠨ ᠨᠡᠶᠢᠭᠡᠮ ᠤᠨ ᠰᠤᠶᠤᠯ ᠪᠠ ᠤᠯᠤᠰ ᠲᠦᠷᠤ᠂ ᠠᠵᠤ ᠠᠬᠤᠢ᠂ ᠬᠠᠤᠯᠢ ᠴᠠᠭᠠᠵᠠ | ᠵᠡᠷᠭᠡ ᠦᠵᠡᠯ ᠤᠬᠠᠮᠰᠠᠷ ᠤᠨ ᠰᠤᠶᠤᠯ ᠲᠠᠢ ᠠᠳᠠᠯᠢ ᠦᠭᠡᠢ᠃ ᠮᠤᠩᠭᠤᠯᠴᠤᠳ ᠤᠨ ᠰᠢᠨᠵᠢᠯᠡᠬᠦ ᠤᠬᠠᠭᠠᠨ ᠪᠤᠯ | ᠲᠠᠯ᠎ᠠ ᠨᠤᠳᠤᠭ ᠪᠠᠷ ᠰᠠᠭᠤᠷᠢ ᠪᠤᠯᠭᠠᠵᠤ ᠠᠵᠤ ᠠᠬᠤᠢ ᠶᠢᠨ ᠡᠵᠡᠩᠨᠡᠯ ᠤᠨ ᠭᠡᠯᠪᠡᠷᠢ᠂ ᠨᠡᠬᠦᠳᠡᠯ ᠠᠮᠢᠳᠤᠷᠠᠯ ᠤᠨ | ᠭᠡᠯᠪᠡᠷᠢ ᠪᠠ ᠰᠡᠳᠬᠢᠬᠦᠢ ᠶᠢᠨ ᠠᠷᠭ᠎ᠠ ᠬᠡᠯᠪᠡᠷᠢ ᠲᠡᠰᠢ ᠬᠦᠭᠵᠢᠭᠰᠡᠨ ᠵᠡᠷᠭᠡ ᠲᠡᠰ ᠤᠨ ᠴᠤᠪᠤᠷᠠᠯ ᠶᠤᠮ᠃ | ᠮᠤᠩᠭᠤᠯᠴᠤᠳ ᠨᠡᠩ ᠡᠷᠳᠡᠨ ᠤ ᠦᠶ᠎ᠡ ᠳᠤ ᠠᠮᠢᠳᠤᠷᠠᠯ ᠤᠨ ᠲᠤᠮᠳᠠᠬᠢ ᠴᠢᠬᠤᠯᠠ ᠭᠡᠷᠡᠭᠯᠡᠭᠡᠨ ᠤ | ᠦᠢᠯᠡᠳᠬᠦᠨ ᠤᠳ ᠢ ᠡᠬᠦᠳᠦᠨ ᠪᠦᠳᠦᠭᠡᠭᠡᠳ ᠳᠡᠬᠦᠨ ᠢᠶᠠᠷ ᠢᠶᠠᠨ ᠨᠡᠬᠦᠳᠡᠯ ᠮᠠᠯᠵᠢᠯ ᠤᠨ ᠠᠵᠤ ᠠᠬᠤᠢ ᠨᠡᠶᠢᠭᠡᠮ ᠤᠨ | ᠤᠷᠤᠰᠢᠨ ᠳᠤᠬᠳᠠᠨᠢᠬᠤ ᠪᠠ ᠬᠦᠭᠵᠢᠬᠦ ᠶᠢᠨ ᠵᠠᠶᠢᠯᠠᠰᠢ ᠦᠭᠡᠢ ᠤᠷᠢᠳᠴᠢ ᠨᠦᠬᠦᠴᠡᠯ ᠪᠤᠯᠭᠠᠵᠤ ᠪᠠᠶᠢᠵᠠᠢ᠃ | ᠮᠤᠩᠭᠤᠯᠴᠤᠳ ᠤᠨ ᠡᠷᠬᠢᠮᠯᠡᠨ ᠲᠡᠭᠡᠳᠤᠯᠡᠳᠡᠭ ᠦᠢᠯᠡᠳᠪᠦᠷᠢᠯᠡᠯ ᠤᠨ ᠭᠡᠷᠡᠭᠰᠠᠯ ᠪᠠ ᠠᠮᠢᠳᠤᠷᠠᠯ ᠤᠨ ᠭᠡᠷᠡᠭᠰᠡᠯ ᠨᠢ | ᠪᠠᠶᠢᠭᠠᠯᠢ ᠶᠢ ᠬᠠᠮᠠᠭᠠᠯᠠᠨ ᠲᠡᠭᠡᠳᠤᠯᠡᠬᠦ ᠪᠠᠷ ᠦᠨᠳᠤᠰᠤᠨ ᠰᠠᠭᠤᠷᠢ ᠪᠠ ᠡᠴᠤᠰ ᠤᠨ ᠵᠤᠷᠢᠯᠳᠠ ᠪᠤᠯᠭᠠᠭᠰᠠᠨ ᠤᠴᠢᠷ | ᠠᠴᠠ ᠲᠡᠬᠦᠨ ᠤ ᠵᠢᠩᠭᠢᠨᠢ ᠪᠠᠶᠢᠭᠠᠯᠢ ᠶᠢᠨ ᠵᠢᠮ᠎ᠡ ᠶᠤᠰᠤᠨ ᠪᠠ ᠬᠦᠮᠤᠨ ᠲᠦᠷᠦᠯᠭᠢᠳᠡᠨ ᠤ ᠨᠦᠭᠡᠴᠠᠳᠠᠢ ᠬᠦᠭᠵᠢᠯᠳᠡ | ᠳᠤ ᠨᠡᠶᠢᠴᠡᠭᠰᠠᠨ ᠦᠷ᠎ᠡ ᠳ᠋ᠦᠩ ᠨᠢ ᠬᠠᠷᠢ ᠦᠨᠳᠤᠰᠤᠳᠠᠨᠳᠥ ᠴᠢᠬᠠᠤᠯᠠᠴᠢᠯᠠᠭᠳᠠᠭᠰᠠᠨ ᠲᠡᠳᠡᠭᠡᠷ ᠤᠯᠠᠮᠵᠢᠯᠠᠯ | ᠮᠡᠷᠭᠡᠵᠢᠯ ᠤᠨ ᠡᠬᠦᠳᠤᠯᠳᠡ ᠲᠠᠢ ᠦᠨᠳᠤᠰᠤᠨ ᠢᠯᠭᠠᠭ᠎ᠠ ᠲᠠᠢ ᠪᠤᠯᠵᠤ᠂ ᠡᠴᠤᠰ ᠲᠡᠭᠡᠨ ᠮᠡᠷᠭᠡᠵᠢᠯ ᠤᠨ ᠡᠬᠦᠳᠤᠯᠳᠠ | ᠶᠢᠨ ᠤᠳᠬ᠎ᠠ ᠠᠭᠤᠯᠭ᠎ᠠ ᠠᠴᠠ ᠪᠠᠨ ᠴᠦ ᠲᠠᠪᠠᠭᠠᠳ ᠬᠠᠷᠢᠨ ᠬᠦᠮᠤᠨ ᠪᠤᠯᠬᠤ ᠶᠢᠨ ᠦᠨᠳᠤᠰᠤᠨ ᠭᠡᠷᠡᠭᠴᠡᠭᠡ ᠶᠢ | ᠪᠠᠶᠢᠩᠭᠤ ᠬᠠᠩᠭᠠᠬᠤ ᠪᠠ ᠨᠡᠯᠢᠶᠡᠳ ᠬᠠᠩᠭᠠᠮᠵᠢᠳᠠᠢ ᠪᠠᠳᠤᠯᠠᠬᠤ ᠶᠢ ᠵᠤᠷᠢᠭᠰᠠᠨ ᠤᠯᠠᠮᠵᠢᠯᠠᠯᠳᠤ ᠰᠢᠨᠵᠢᠯᠡᠬᠦ ᠤᠬᠠᠭᠠᠨ | ᠤ ᠢᠯᠡᠷᠡᠬᠦᠯᠦᠯᠳᠠ ᠶᠢᠨ ᠴᠢᠬᠤᠯᠨ ᠰᠢᠰᠲ᠋ᠧᠮ ᠪᠤᠯᠵᠠᠢ᠃ ᠮᠠᠯ ᠠᠳᠤᠭᠤᠰᠤ ᠶᠢ ᠲᠦᠪ ᠠᠽᠢᠶ᠎ᠠ ᠶᠢᠨ ᠲᠠᠯ᠎ᠠ ᠨᠤᠳᠤᠭ | ᠲᠤ ᠠᠯᠢ ᠡᠷᠳᠡ ᠭᠠᠷᠰᠢᠭᠤᠯᠤᠭᠰᠠᠨ ᠪᠤᠯᠪᠠᠴᠤ ᠲᠠᠪᠤᠨ ᠬᠤᠰᠢᠭᠤ ᠮᠠᠯ ᠤᠨ ᠵᠠᠩ ᠠᠷᠠᠨᠰᠢᠨ ᠢ ᠬᠦᠢᠴᠡᠳ | ᠤᠶᠢᠯᠠᠭᠠᠵᠤ ᠨᠢᠭᠡᠨ ᠬᠤᠳᠠᠨ ᠳᠤ ᠢᠵᠢᠯᠢᠰᠢᠬᠦᠯᠦᠭᠰᠠᠨ ᠤᠭᠰᠠᠭᠠᠳᠠᠨ ᠪᠤᠯ ᠮᠤᠩᠭᠤᠯᠴᠤᠳ ᠶᠤᠮ᠃ ᠭᠡᠬᠦ ᠳᠡᠭᠡᠨ | ᠪᠠᠯᠴᠢᠭᠡᠷ ᠨᠤᠳᠤᠭ ᠢ ᠤᠯᠠᠮ ᠦᠷ᠎ᠡ ᠦᠭᠭᠦᠭᠡᠵᠢ ᠲᠠᠢ ᠠᠰᠢᠭᠯᠠᠵᠤ ᠬᠠᠮᠠᠭᠠᠯᠠᠬᠤ ᠶᠢᠨ ᠲᠤᠰᠠᠳᠠ ᠮᠤᠩᠭᠤᠯᠴᠤᠳ | ᠨᠡᠬᠦᠳᠡᠯ ᠮᠠᠯᠵᠢᠯ ᠤᠨ ᠠᠵᠤ ᠡᠵᠡᠩᠨᠡᠯ ᠤᠨ ᠭᠡᠯᠪᠡᠷᠢ ᠶᠢ ᠰᠤᠩᠭᠤᠵᠤ᠂ ᠪᠠᠶᠢᠭᠠᠯᠢ ᠶᠢᠨ ᠤᠷᠴᠢᠨ ᠲᠤᠭᠤᠷᠢᠨ ᠢ | ᠨᠡᠶᠢᠭᠡᠮ ᠤᠨ ᠤᠷᠴᠢᠨ ᠲᠤᠭᠤᠷᠢᠨ ᠲᠠᠢ ᠵᠤᠬᠢᠴᠠᠭᠤᠯᠬᠤ ᠬᠠᠮᠤᠭ ᠤᠨ ᠠᠭᠤᠤ ᠶᠡᠭᠡ ᠪᠤᠯᠪᠠᠰᠤᠨ ᠰᠤᠶᠤᠯ ᠢ ᠡᠬᠦᠳᠤᠨ | ᠪᠠᠶᠢᠭᠤᠯᠪᠠ᠃ ᠲᠡᠮᠤᠷ ᠬᠠᠶᠢᠯᠭᠠᠨ ᠲᠠᠪᠳᠠᠵᠤ ᠬᠤᠳᠠ ᠰᠠᠭᠤᠷᠢᠨ ᠪᠠᠶᠢᠭᠤᠯᠤᠭᠰᠠᠨ ᠰᠠᠭᠤᠷᠢᠰᠢᠯ ᠤᠨ ᠪᠤᠯᠪᠠᠰᠤᠨ ᠤ | ᠲᠡᠤᠭᠡ ᠲᠠᠢ ᠪᠤᠯᠪᠠᠴᠤ᠂ ᠬᠠᠷᠢ ᠦᠨᠳᠤᠰᠤᠳᠠᠨ ᠤ ᠲᠦᠢᠪᠡᠭᠡᠯ ᠪᠠ ᠬᠤᠬᠢᠷᠠᠯ ᠢᠶᠠᠷ ᠲᠠᠮᠵᠢᠨ ᠬᠦᠮᠤᠨ ᠪᠠ ᠪᠠᠶᠢᠭᠠᠯᠢ | ᠪᠠᠨ ᠲᠠᠬᠢᠨᠰᠤᠶᠢᠳᠭᠡᠯ ᠳᠤ ᠤᠴᠠᠷᠠᠭᠤᠯᠬᠤ ᠠᠴᠠ ᠵᠠᠶᠢᠯᠠᠰᠬᠢᠬᠤ ᠶᠢᠨ ᠲᠤᠰᠠᠳᠠ ᠡᠴᠤᠰ ᠲᠡᠭᠡᠨ ᠴᠤᠯ ᠨᠡᠬᠦᠳᠡᠯ | ᠠᠵᠤ ᠠᠮᠢᠳᠤᠷᠠᠯ ᠤᠨ ᠪᠤᠯᠪᠠᠰᠤᠨ ᠢ ᠴᠤᠭᠴᠠᠯᠠᠬᠤ ᠬᠦᠰᠡᠯᠡᠩ ᠢ ᠵᠢᠷᠤᠭᠯᠠᠵᠤ ᠬᠦᠭᠡᠭᠡᠴᠡᠯᠳᠤᠵᠠᠢ᠃ ᠮᠤᠩᠭᠤᠯᠴᠤᠳ | ᠤᠨ ᠪᠠᠶᠢᠭᠠᠯᠢ ᠶᠢ ᠬᠠᠮᠠᠭᠠᠯᠠᠬᠤ ᠪᠤᠯᠪᠠᠰᠤᠨ ᠨᠢ ᠮᠤᠩᠭᠤᠯᠴᠤᠳ ᠤᠨ ᠠᠵᠤ ᠠᠬᠤᠢ ᠨᠡᠶᠢᠭᠡᠮ ᠤᠨ ᠪᠠᠶᠢᠭᠤᠯᠤᠯᠳᠠ | ᠵᠢᠨᠦᠨᠳᠤᠰᠤᠨ ᠬᠦᠴᠦᠨ ᠪᠤᠯᠤᠭᠰᠠᠨ ᠢᠶᠠᠷ ᠦᠯᠤ ᠪᠠᠷᠠᠮ᠂ ᠲᠡᠤᠭᠡ ᠶᠢᠨ ᠲᠤᠨᠤᠳᠠᠰᠤ ᠪᠠ ᠰᠤᠶᠤᠯ ᠤᠨ ᠨᠢᠭᠳᠠᠷᠠᠯ | ᠤᠨ ᠤᠶᠤᠨ ᠤ ᠲᠠᠯᠠᠰᠳᠤ ᠪᠤᠯᠤᠭᠰᠠᠨ ᠶᠤᠮ᠃ ᠡᠶᠢᠮᠤᠷᠬᠦ ᠠᠷᠭ᠎ᠠ ᠪᠠᠷᠢᠯ ᠪᠠ ᠠᠵᠢᠯᠯᠠᠭ᠎ᠠ᠂ ᠵᠤᠷᠢᠯᠳᠡ ᠨᠢ ᠡᠴᠤᠰ | ᠲᠡᠭᠡᠨ ᠮᠤᠩᠭᠤᠯᠴᠤᠳ ᠤᠨ ᠰᠢᠨᠵᠢᠯᠡᠬᠦ ᠤᠬᠠᠭᠠᠨ ᠤ ᠨᠢᠷᠤᠭᠤᠨ ᠰᠢᠰᠲ᠋ᠧᠮ ᠪᠤᠯᠵᠤ ᠬᠦᠭᠵᠢᠪᠠ᠃ ᠡᠨᠡ ᠬᠦᠭᠵᠢᠯ | ᠨᠢ ᠶᠠᠭ ᠤᠤᠯ ᠤᠨ ᠵᠦᠪᠯᠡᠯᠳᠤ ᠬᠤᠯᠪᠤᠭᠠᠳᠤ ᠤᠯᠤᠰ ᠤᠨ ᠰᠢᠨᠵᠢᠯᠡᠬᠦ ᠤᠬᠠᠭᠠᠨᠳᠠᠨ ᠷᠠᠴᠢᠶᠧᠺᠸᠧ ᠶᠢᠨ ᠭᠡᠯᠡᠭᠰᠠᠨ ︽ | ᠰᠢᠨᠵᠢᠯᠡᠬᠦ ᠤᠬᠠᠭᠠᠨ ᠪᠤᠯ ᠠᠬᠤᠶᠢᠴᠢ ᠮᠥᠨ ᠴᠢᠨᠠᠷ ᠤᠨ ᠬᠠᠷᠢᠴᠠᠭ᠎ᠠ ᠬᠤᠯᠪᠤᠭᠠᠨ ᠤ ᠲᠤᠬᠠᠢ ᠦᠨᠡᠨ ᠮᠡᠳᠡᠯᠭᠡ ᠶᠢᠨ | ᠠᠵᠢᠯᠯᠠᠭᠠᠨ ᠤ ᠲᠤᠭᠳᠠᠯᠴᠠᠭ᠎ᠠ ᠮᠥᠨ᠃ ᠡᠳᠡᠭᠡᠷ ᠪᠤᠰᠤᠳᠴᠢ ᠦᠨᠡᠨ ᠮᠡᠳᠡᠯᠭᠡ ᠨᠢ ᠨᠡᠶᠢᠭᠡᠮ ᠤᠨ ᠤᠨᠴᠠᠭᠠᠢ | ᠠᠵᠢᠯᠯᠠᠭ᠎ᠠ ᠠᠴᠠ ᠰᠢᠯᠳᠠᠭᠠᠯᠠᠭᠳᠠᠵᠤ ᠬᠦᠭᠵᠢᠯ ᠢᠶᠠᠨ ᠤᠯᠤᠭᠰᠠᠨ ᠪᠠᠶᠢᠳᠠᠭ︾ ᠭᠡᠳᠡᠭ ᠰᠤᠷᠭᠠᠯ ᠲᠠᠢ ᠠᠶᠠᠨᠳᠠᠭᠠᠨ | ᠨᠡᠶᠢᠴᠡᠵᠤ ᠪᠠᠶᠢᠨ᠎ᠠ᠃ | ᠮᠤᠩᠭᠤᠯᠴᠤᠳ ᠤᠨ ᠲᠡᠭᠡᠳᠤᠰ ᠤᠨ ᠡᠷᠳᠡᠨ ᠤ ᠦᠶ᠎ᠡ ᠶᠢᠨ ᠰᠠᠭᠤᠷᠢ ᠰᠢᠨᠵᠢᠯᠡᠬᠦ ᠤᠬᠠᠭᠠᠨ ᠢ ᠦᠨᠳᠤᠰᠤᠨ | ᠳᠡᠭᠡᠨ ᠤᠮᠠᠷᠠᠳᠤ ᠶᠢᠨ ᠨᠡᠬᠦᠳᠡᠯ ᠮᠠᠯᠵᠢᠯ ᠤᠨ ᠰᠤᠶᠤᠯ ᠲᠠᠢ ᠠᠷᠠᠳ ᠲᠦᠮᠡᠨ ᠬᠠᠮᠳᠤ ᠪᠠᠷ ᠡᠬᠦᠳᠤᠨ ᠪᠦᠳᠦᠭᠡᠭᠰᠠᠨ | ᠶᠤᠮ᠃ ᠭᠡᠪᠡᠴᠤ ᠡᠨᠡ ᠨᠢ ᠮᠤᠩᠭᠤᠯᠴᠤᠳ ᠤᠨ ᠰᠢᠨᠵᠢᠯᠡᠬᠦ ᠤᠬᠠᠭᠠᠨ ᠤ ᠰᠢᠰᠲ᠋ᠧᠮ ᠳᠤ ᠭᠠᠳᠠᠭᠤᠷᠴᠢᠯᠠᠭᠳᠠᠬᠤ | ᠨᠦᠬᠦᠴᠡᠯ ᠪᠤᠯᠤᠭᠰᠠᠨ ᠪᠢᠰᠢ᠂ ᠬᠠᠷᠢᠨ ᠰᠢᠰᠲ᠋ᠧᠮ ᠤᠨ ᠰᠠᠭᠤᠷᠢ ᠨᠢ ᠪᠤᠯᠤᠭᠰᠠᠨ ᠪᠤᠶᠤ᠃ ᠲᠡᠤᠭᠡ ᠶᠢᠨ ᠭᠡᠷᠡᠭ | ᠪᠤᠳᠠᠰ ᠲᠠᠰᠤᠷᠠᠯᠳᠠ ᠦᠭᠡᠢ ᠬᠤᠪᠢᠷᠠᠵᠤ ᠬᠦᠭᠵᠢᠵᠤ ᠪᠠᠶᠢᠳᠠᠭ ᠪᠤᠯᠬᠤᠷ ᠶᠠᠪᠤᠴᠨ ᠶᠢᠨ ᠲᠤᠮᠳᠠ ᠵᠠᠷᠢᠮ ᠰᠤᠶᠤᠯ ᠤᠨ | ᠪᠦᠳᠤᠭᠡᠭᠳᠡᠬᠦᠨ ᠵᠠᠮᠬᠠᠷᠠᠭᠰᠠᠨ ᠪᠤᠶᠤ ᠦᠭᠡᠷ᠎ᠡ ᠦᠨᠳᠤᠰᠤᠳᠠᠨ ᠳᠤ ᠦᠪᠯᠡᠭᠳᠡᠭᠰᠠᠨ ᠶᠠᠪᠤᠳᠠᠯ ᠢ ᠴᠦ ᠦᠭᠡᠶᠢᠰᠭᠡᠵᠤ | ᠦᠯᠤ ᠪᠤᠯᠤᠨ᠎ᠠ᠃ ᠡᠶᠢᠮᠤ ᠪᠠᠶᠢᠳᠠᠯ ᠳᠤ ᠦᠰᠦᠭ ᠪᠢᠴᠢᠭ ᠲᠠᠢ ᠨᠢ ᠵᠠᠯᠭᠠᠮᠵᠢᠯᠠᠵᠤ ᠬᠦᠭᠵᠢᠬᠦᠯᠬᠦ ᠳᠤ ᠦᠨᠳᠤᠰᠤᠨ | ᠨᠦᠬᠦᠴᠡᠯ ᠲᠠᠢ ᠪᠤᠯᠵᠤ ᠦᠰᠦᠭ ᠪᠢᠴᠢᠭ ᠦᠭᠡᠢ ᠨᠢ ᠦᠪ ᠬᠦᠷᠤᠩᠭᠡ ᠪᠠᠨ ᠤᠷᠬᠢᠬᠤ ᠶᠠᠪᠤᠳᠠᠯ ᠴᠦ ᠭᠠᠷᠴᠤ ᠮᠡᠳᠡᠬᠦ | ᠶᠤᠮ᠃ ᠡᠶᠢᠮᠤ ᠠᠴᠠ ᠦᠰᠦᠭ ᠪᠢᠴᠢᠭ ᠪᠤᠯ ᠲᠡᠤᠭᠡ᠂ ᠰᠤᠶᠤᠯ᠂ ᠰᠢᠨᠵᠢᠯᠡᠬᠦ ᠤᠬᠠᠭᠠᠨ ᠤ ᠬᠦᠭᠵᠢᠯᠳᠡ ᠳᠤ | ᠲᠦᠯᠬᠢᠭᠦᠷ ᠪᠤᠯᠳᠠᠭ ᠰᠢᠨᠵᠢᠯᠡᠬᠦ ᠤᠬᠠᠭᠠᠨ ᠭᠡᠵᠤ ᠬᠦᠨᠳᠤᠳᠬᠡᠭᠳᠡᠬᠦ ᠶᠤᠰᠤᠳᠠᠢ᠃ ᠮᠠᠨ ᠳᠤ ᠠᠵᠨ ᠲᠠᠢ ᠨᠢ ᠭᠡᠪᠡᠯ | ᠲᠤᠰ ᠪᠦᠳᠤᠴᠨ ᠳᠤ ᠢᠯᠡᠷᠭᠡᠶᠢᠯᠡᠭᠳᠡᠭᠰᠠᠨ ᠮᠤᠩᠭᠤᠯᠴᠤᠳ ᠤᠨ ᠡᠷᠳᠡᠨ ᠤ ᠰᠢᠨᠵᠢᠯᠡᠬᠦ ᠤᠬᠠᠭᠠᠨ ᠤ ᠡᠬᠦᠳᠤᠯᠳᠡ | ᠨᠦᠭᠦᠳ ᠨᠢ ᠪᠠᠷᠤᠭᠴᠠᠭᠠᠯᠠᠨ ᠤᠳᠤ ᠶᠢᠨ ᠮᠤᠩᠭᠤᠯᠴᠤᠳ ᠲᠤ ᠡᠳᠤᠷ ᠲᠤᠳᠤᠮ ᠨᠡᠶᠢᠳᠡᠮ ᠭᠡᠷᠡᠭᠯᠡᠭᠳᠡᠵᠤ ᠪᠤᠢ ᠵᠦᠢᠯ | ᠪᠤᠯᠬᠤᠷ ᠵᠠᠪᠠᠯ ᠠᠷᠾᠢᠯᠤᠬᠢ ᠶᠢᠨ ᠤᠯᠳᠠᠪᠤᠷᠢ ᠪᠤᠶᠤ ᠰᠤᠷᠪᠤᠯᠵᠢ ᠪᠢᠴᠢᠭ ᠲᠤ ᠲᠦᠰᠢᠭᠯᠡᠬᠦ ᠶᠢ ᠲᠡᠳᠤᠢ ᠴᠦ | ᠱᠠᠭᠠᠷᠳᠠᠬᠤ ᠦᠭᠡᠢ ᠶᠤᠮ ᠪᠠᠶᠢᠨ᠎ᠠ᠃ ᠡᠶᠢᠮᠤ ᠠᠴᠠ ᠪᠤᠰᠤᠳ ᠦᠨᠳᠤᠰᠤᠳᠠᠨ ᠲᠠᠢ ᠮᠠᠷᠭᠤᠭᠠᠨ ᠦᠭᠡᠢ | ᠪᠠᠳᠤᠯᠠᠭᠳᠠᠵᠤ ᠪᠤᠯᠬᠤ ᠶᠠᠪᠤᠳᠠᠯ ᠭᠡᠵᠤ ᠦᠵᠡᠨ᠎ᠡ᠃ ᠮᠤᠩᠭᠤᠯᠴᠤᠳ ᠤᠨ ᠰᠢᠨᠵᠢᠯᠡᠬᠦ ᠤᠬᠠᠭᠠᠨ ᠪᠤᠯ ᠪᠤᠳᠠᠳᠠᠢ | ᠤᠷᠤᠰᠢᠵᠤ ᠪᠠᠶᠢᠭ᠎ᠠ ᠪᠦᠭᠡᠳ ᠦᠪᠯᠡᠭᠴᠢ ᠪᠠ ᠭᠡᠷᠡᠭᠯᠡᠭᠴᠢ ᠨᠢ ᠴᠦ ᠲᠤᠬᠠᠢ ᠶᠢᠨ ᠦᠨᠳᠤᠰᠤᠳᠠᠨ ᠨᠢ ᠪᠠᠶᠢᠭ᠎ᠠ ᠶᠤᠮ᠃ | ᠮᠤᠩᠭᠤᠯᠴᠤᠳ ᠤᠨ ᠡᠳᠡᠭᠡᠷ ᠡᠬᠦᠳᠤᠯᠳᠡ ᠨᠡᠭᠡᠭᠡᠯᠳᠡ ᠨᠢ ᠪᠤᠰᠤᠳ ᠠᠴᠠ ᠨᠡᠬᠦᠯᠭᠡᠵᠤ ᠠᠪᠴᠢᠷᠠᠭᠰᠠᠨ ᠪᠢᠰᠢ ᠬᠠᠷᠢᠨ | ᠦᠢᠯᠡᠳᠤᠯᠭᠡ ᠳᠡᠭᠡᠨ ᠲᠤᠰᠬᠠᠢ ᠬᠢᠨᠠᠨ ᠰᠢᠯᠭᠠᠷᠠᠭᠤᠯᠤᠯᠳᠠ ᠪᠠ ᠪᠠᠷᠢᠮᠵᠢᠶ᠎ᠡ ᠪᠠᠷ ᠲᠠᠮᠵᠢᠭᠰᠠᠨ ᠭᠡᠳᠡᠭ ᠲᠤᠳᠤᠷᠬᠠᠢ | ᠪᠠᠶᠢᠳᠠᠭ᠃ | ᠮᠤᠩᠭᠤᠯᠴᠤᠳ ᠤᠨ ᠡᠷᠳᠡᠨ ᠤ ᠰᠢᠨᠵᠢᠯᠡᠬᠦ ᠤᠬᠠᠭᠠᠨ ᠪᠤᠯ ᠮᠤᠩᠭᠤᠯᠴᠤᠳ ᠤᠨ ᠲᠡᠤᠭᠡᠨ ᠬᠦᠭᠵᠢᠯᠳᠡ | ᠶᠢᠨ ᠶᠠᠷᠤᠩᠭᠡᠢ ᠶᠠᠪᠤᠴᠨ ᠶᠢᠨ ᠦᠷ᠎ᠡ ᠪᠦᠳᠤᠭᠡᠯ ᠮᠦᠷᠳᠡᠭᠡᠨ ᠮᠤᠩᠭᠤᠯᠴᠤᠳ ᠤᠨ ᠲᠡᠤᠭᠡ ᠶᠢᠨ ᠲᠠᠪᠰᠢᠯᠳᠠ ᠶᠢᠨ | ᠬᠦᠴᠤᠷᠭᠡᠭ ᠶᠡᠭᠡ ᠲᠦᠯᠬᠢᠴᠨ ᠬᠦᠴᠤᠨ ᠮᠥᠨ᠃ ᠲᠡᠬᠦᠨ ᠤ ᠡᠬᠦᠰᠴᠤ ᠬᠦᠭᠵᠢᠭᠰᠡᠨ ᠶᠠᠪᠤᠴᠨ ᠨᠢ ᠬᠦᠳᠡᠯᠤᠩᠭᠦᠢ | ᠪᠤᠯᠪᠠᠴᠤ ᠡᠬᠦᠳᠦᠭᠳᠡᠭᠰᠠᠨ ᠪᠦᠳᠦᠭᠡᠭᠳᠡᠬᠦᠨ ᠨᠢ ᠦᠨᠳᠤᠰᠤᠨ ᠳᠡᠭᠡᠨ ᠲᠤᠬᠳᠠᠮᠠᠯ ᠪᠠᠶᠢᠨ᠎ᠠ︔ ᠮᠤᠩᠭᠤᠯᠴᠤᠳ ᠤᠨ | ᠪᠦᠳᠦᠭᠡᠭᠰᠠᠨ ᠰᠢᠨᠵᠢᠯᠡᠬᠦ ᠤᠬᠠᠭᠠᠨ ᠤ ᠲᠤᠭᠳᠠᠯᠴᠠᠭ᠎ᠠ ᠨᠢ ᠦᠢᠯᠡᠳᠤᠯᠭᠡ ᠳᠡᠭᠡᠨ ᠪᠠᠶᠢᠭᠠᠯᠢ ᠶᠢᠨ ᠦᠷᠳᠡᠭ ︵ᠡᠭᠡ | ᠪᠠᠶᠢᠭᠠᠯᠢ ᠵᠢᠨᠠᠮᠢ ᠠᠬᠤᠢ ᠶᠢᠨ ᠴᠤᠭᠴᠨ︶ ᠢ ᠲᠡᠭᠡᠳᠤᠯᠡᠵᠤ᠂ ᠬᠦᠳᠡᠯᠮᠤᠷᠢ ᠶᠢᠨ ᠦᠷᠳᠡᠭ ︵ᠮᠠᠯᠴᠢᠳ ᠤᠨ | ᠪᠡᠶᠡᠴᠢ ᠴᠤᠭᠴᠨ︶ ᠢ ᠦᠨᠡᠴᠢᠯᠡᠵᠤ᠂ ᠨᠡᠶᠢᠭᠡᠮ ᠤᠨ ᠦᠷᠳᠡᠭ ︵ᠦᠰᠦᠭ ᠪᠢᠴᠢᠭ᠂ ᠰᠤᠶᠤᠯ ᠤᠷᠠᠯᠢᠭ᠂ ᠦᠵᠡᠯ | ᠰᠠᠨᠠᠭ᠎ᠠ᠂ ᠤᠨᠤᠯ ᠵᠡᠷᠭᠡ ᠨᠡᠶᠢᠭᠡᠮ ᠤᠨ ᠴᠤᠭᠴᠨ︶ ᠶᠢ ᠴᠢᠬᠤᠯᠠᠴᠢᠯᠠᠭᠰᠠᠨ ᠪᠦᠬᠦᠯᠢ ᠴᠤᠭᠴᠠᠳᠤ ᠡᠶᠡᠷᠬᠦ ᠦᠷᠳᠡᠭ | ᠶᠤᠮ᠃ ᠮᠤᠩᠭᠤᠯᠴᠤᠳ ᠤᠨ ᠰᠢᠨᠵᠢᠯᠡᠬᠦ ᠤᠬᠭᠠᠨ ᠤ ᠰᠢᠰᠲ᠋ᠧᠮ ᠠᠴᠠ ᠮᠤᠩᠭᠤᠯᠴᠤᠳ ᠤᠨ ᠰᠢᠨᠵᠢᠯᠡᠬᠦ ᠤᠬᠠᠭᠠᠨ ᠤ | ᠲᠦᠯᠦᠪ ᠪᠠᠶᠢᠳᠠᠯ ᠪᠠ ᠡᠬᠦᠰᠤᠯ ᠬᠦᠭᠵᠢᠯᠳᠠ ᠶᠢ ᠲᠤᠳᠤᠷᠬᠠᠢ ᠤᠯᠵᠤ ᠲᠠᠨᠢᠬᠤ ᠪᠤᠯᠤᠨ᠎ᠠ᠃ | | | ᠵᠡᠬᠦᠯᠳᠡ᠄ | ⑴᠂ ⑵ ︵ᠡᠤ ᠵᠢᠶᠧ᠄ ︽ᠰᠢᠰᠲ᠋ᠧᠮ ᠤᠨ ᠹᠢᠯᠤᠰᠤᠹᠢ︾᠂ ᠦᠨᠳᠤᠰᠤᠳᠠᠨ ᠤ ᠭᠡᠪᠯᠡᠯ ᠤᠨ ᠬᠤᠷᠢᠶ᠎ᠠ᠂ | 2010 ᠤᠨ︶ | ⑶ ︵ᠪᠤᠷᠵᠢᠭᠢᠨ ᠸᠠᠩᠴᠤᠭ᠄ ︽ᠮᠤᠩᠭᠤᠯᠴᠤᠳ ᠤᠨ ᠤᠳᠤᠨ ᠵᠢᠷᠤᠬᠠᠢ ᠶᠢᠨ ᠤᠬᠠᠭᠠᠨ ᠤ ᠲᠡᠤᠭᠡ︾᠂ | ᠯᠢᠶᠤᠤᠨᠢᠩ ᠤᠨ ᠦᠨᠳᠤᠰᠤᠳᠠᠨ ᠤ ᠭᠡᠪᠯᠡᠯ ᠤᠨ ᠬᠤᠷᠢᠶ᠎ᠠ᠂2008 ᠤᠨ︶ | ⑷ ︵ᠯᠢ ᠳ᠋ᠢ᠄ ︽ᠮᠤᠩᠭᠤᠯᠴᠤᠳ ᠤᠨ ᠰᠢᠨᠵᠢᠯᠡᠬᠦ ᠤᠬᠭᠠᠨ ᠮᠡᠷᠭᠡᠵᠢᠯ ᠤᠨ ᠲᠤᠪᠴᠢ ᠲᠡᠤᠭᠡ︾᠂ | ᠯᠢᠶᠤᠤᠨᠢᠩ ᠤᠨ ᠦᠨᠳᠤᠰᠤᠳᠠᠨ ᠤ ᠭᠡᠪᠯᠡᠯ ᠤᠨ ᠬᠤᠷᠢᠶ᠎ᠠ︶ ︵︽ᠨᠡᠶᠢᠭᠡᠮ︾ ᠰᠡᠳᠬᠦᠯ ᠳᠤ ᠡᠯᠰᠡᠭᠰᠡᠨ | ᠲᠤᠰᠬᠠᠢ ᠰᠡᠳᠤᠪᠳᠤ ᠵᠤᠬᠢᠶᠠᠯ ᠤᠨ ᠡᠬᠢᠨ ᠤ ᠭᠡᠰᠡᠭ ᠢ ᠰᠢᠯᠵᠢᠬᠦᠯᠪᠠ | | |