| | | | ᠲᠤᠮᠤᠭᠳᠦ ᠪᠦᠬᠡ ᠳ᠋ᠠᠸᠠ ᠪᠤᠯ ᠬᠡᠰᠢᠭᠳᠡᠨ ᠮᠤᠩᠭᠤᠯᠴᠤᠳ ᠤᠨ ᠲᠤᠮᠳᠠ ᠡᠷᠳᠡ ᠤᠵᠤᠭᠤᠷ ᠠᠴᠠ | ᠠᠪᠤᠭᠠᠳ ᠬᠠᠭᠤᠴᠢᠯᠠᠵᠦ ᠢᠷᠡᠭᠰᠡᠨ᠂ ᠦᠯᠢᠭᠡᠷ ᠲᠤᠮᠤᠭ ᠮᠡᠳᠦ ᠶᠠᠷᠢᠭᠳᠠᠳᠠᠭ ᠲᠤᠮᠤᠭᠳᠦ ᠪᠦᠬᠡᠴᠢᠨ ᠤ ᠨᠢᠭᠡ | ᠮᠥᠨ᠃ ᠡᠷᠳᠡ ᠤᠷᠢᠳᠦ ᠶᠢᠨ ᠦᠶ᠎ᠡ ᠳᠤ ᠳ᠋ᠠᠸᠠ ᠬᠡᠳᠡᠭ ᠬᠦᠮᠦᠨ ︵1700 ᠭᠠᠷᠤᠢ ᠤᠨ ᠤ ᠪᠠᠷᠤᠭ︶ | ᠰᠢᠷᠠᠮᠦ᠋ᠷᠡᠨ ᠤ ᠬᠦᠪᠡᠭᠡᠨ ᠳᠤ ᠨᠤᠳᠤᠭᠰᠢᠨ ᠰᠠᠭᠤᠵᠦ᠂ ᠪᠤᠭᠤᠷᠤᠯ ᠡᠵᠢ ᠲᠠᠢ ᠪᠠᠨ ᠬᠤᠶᠠᠭᠤᠯᠠ ᠭᠠᠩ ᠬᠡᠬᠦ ᠨᠤᠬᠠᠢ | ᠦᠭᠡᠢ᠂ ᠭᠠᠵᠠᠷ ᠬᠢᠰᠬᠢᠬᠦ ᠮᠠᠯ ᠦᠭᠡᠢ᠂ ᠲᠤᠩ ᠶᠠᠳᠠᠭᠤ ᠠᠮᠢᠳᠤᠷᠠᠯ ᠲᠠᠢ ᠪᠠᠶᠢᠵᠠᠢ᠃ ᠲᠡᠭᠡᠭᠡᠳ ᠲᠡᠷᠡ ᠠᠷᠦ | ᠭᠠᠵᠠᠷ ᠭᠠᠷᠴᠦ ᠠᠳᠤᠭᠤ ᠮᠠᠯ ᠤᠯᠵᠦ ᠬᠠᠷᠢᠭᠤᠯᠤᠨ ᠪᠤᠭᠤᠷᠤᠯ ᠡᠵᠢ ᠪᠠᠨ ᠠᠰᠠᠷᠠᠬᠤ ᠶᠢᠨ ᠲᠦᠯᠦᠭᠡ ᠮᠠᠶᠢᠵᠢᠬᠢ | ᠭᠡᠷ ᠢᠶᠠᠨ ᠪᠠᠭᠤᠯᠭᠠᠵᠦ᠂ ᠪᠤᠭᠤᠷᠤᠯ ᠡᠵᠢ ᠪᠠᠨ ᠵᠦᠷᠢᠭᠦᠯᠵᠦ ᠲᠠᠯᠪᠢᠭᠰᠠᠨ ᠲᠤᠭᠤᠨᠤ ᠲᠤᠳᠤᠷ᠎ᠠ ᠪᠠᠨ ᠰᠠᠭᠤᠯᠭᠠᠵᠦ᠂ | ᠬᠤᠶᠠᠷ ᠬᠠᠪᠴᠢᠭ ᠰᠠᠭᠤᠯᠠᠭ᠎ᠠ ᠤᠰᠦ ᠶᠢ ᠲᠤᠭᠤᠨᠤ ᠶᠢᠨ ᠬᠤᠶᠠᠷ ᠲᠠᠯ᠎ᠠ ᠠᠴᠠ ᠲᠡᠭᠦᠵᠢᠯᠡᠵᠦ ᠠᠷᠦ | ᠨᠢᠷᠤᠭᠤᠨ ᠳᠠᠭᠠᠨ ᠡᠭᠦᠷᠦᠨ ᠤᠰᠦ ᠪᠡᠯᠴᠢᠭᠡᠷ ᠰᠢᠮᠡᠯᠢᠭ ᠠᠭᠤᠳᠠᠮ ᠰᠠᠷᠠᠭᠤᠯ ᠬᠡᠰᠢᠭᠳᠡᠨ ᠨᠤᠳᠤᠭ ᠢ ᠵᠤᠷᠢᠵᠦ | ᠢᠷᠡᠵᠡᠢ᠃ ᠲᠡᠷᠡ ᠬᠡᠰᠢᠭᠳᠡᠨ ᠤ ᠲᠠᠯ᠎ᠠ ᠳᠤ ᠪᠤᠷᠤ ᠬᠡᠷ ᠢᠶᠠᠨ ᠪᠤᠰᠬᠠᠵᠦ᠂ ᠠᠳᠤᠭᠤ ᠮᠠᠯ ᠬᠠᠷᠢᠭᠤᠯᠤᠨ ᠡᠵᠢ ᠪᠠᠨ | ᠠᠰᠠᠷᠠᠵᠦ ᠰᠢᠯᠢ ᠶᠢᠨ ᠰᠠᠶᠢᠨ ᠡᠷ᠎ᠡ ᠶᠢᠨ ᠠᠮᠢᠳᠤᠷᠠᠯ ᠬᠢᠵᠦ ᠡᠬᠢᠯᠡᠭᠰᠡᠨ ᠬᠡᠨ᠎ᠡ᠃ ᠳ᠋ᠠᠸᠠ ᠮᠤᠨᠳᠠᠭ ᠲᠤᠮᠤ ᠪᠡᠶ᠎ᠡ | ᠪᠢᠯᠳᠠᠷ ᠲᠠᠢ᠂ ᠪᠡᠶ᠎ᠡ ᠶᠢᠨ ᠦᠨᠳᠦᠷ ᠨᠢ ᠪᠠᠷᠤᠭ ᠨᠢᠭᠡ ᠠᠯᠳᠠ ᠢᠯᠡᠭᠦᠦ᠂ ᠴᠡᠭᠡᠵᠢᠨ ᠪᠡᠶ᠎ᠡ ᠶᠢᠨ ᠦᠷᠭᠡᠨ ᠨᠢ ᠲᠠᠪᠤᠨ | ᠲᠦᠬᠡ ᠢᠯᠡᠭᠦᠦ᠂ ᠲᠤᠮᠤ ᠨᠢᠳᠦ ᠲᠠᠢ᠂ ᠬᠤᠶᠠᠷ ᠭᠠᠷ ᠤᠨ ᠲᠤᠬᠤᠢ ᠨᠢ ᠲᠤᠷᠠᠩᠬᠠᠢ ᠬᠦᠮᠦᠨ ᠤ ᠪᠦᠳᠦᠭᠦᠨ ᠭᠤᠶ᠎ᠠ | ᠠᠳᠠᠯᠢ᠂ ᠭᠠᠷ ᠤᠨ ᠡᠷᠡᠭᠡᠢ ᠬᠤᠷᠤᠭᠤ ᠨᠢ ᠬᠦᠷᠵᠡ ᠶᠢᠨ ᠡᠰᠢ ᠮᠡᠳᠦ ᠪᠦᠳᠦᠭᠦᠨ ᠠᠶᠢᠬᠤᠪᠳᠤᠷ ᠠᠪᠤᠷᠭᠤ ᠬᠦᠮᠦᠨ | ᠪᠠᠶᠢᠪᠠ ᠬᠡᠨ᠎ᠡ᠃ ᠳ᠋ᠠᠸᠠ ᠬᠠᠷᠠᠬᠠᠨ ᠪᠠᠭ᠎ᠠ ᠠᠴᠠ ᠪᠠᠨ ᠪᠠᠷᠢᠯᠳᠤᠨ ᠨᠤᠴᠤᠯᠳᠤᠵᠦ᠂ ᠨᠤᠳᠤᠭ ᠤᠰᠤᠨ ᠤ ᠪᠠᠨ | ᠬᠠᠶᠢᠷᠬᠠᠨ ᠤᠪᠤᠭᠠᠨ ᠲᠠᠬᠢᠯᠭ᠎ᠠ ᠶᠢᠨ ᠨᠠᠶᠢᠷ᠂ ᠬᠤᠰᠢᠭᠤ ᠵᠠᠰᠠᠭ ᠨᠤᠶᠠᠨ ᠤ ᠨᠠᠶᠢᠷ ᠤᠨ ᠪᠦᠬᠡ ᠪᠠᠷᠢᠯᠳᠤᠭᠠᠨ ᠳᠤ | ᠬᠤᠯᠠ ᠤᠶᠢᠷ᠎ᠠ ᠶᠢᠨ ᠨᠡᠷᠡᠳᠦ ᠪᠦᠬᠡᠴᠢᠨ ᠤ ᠲᠤᠳᠤᠷ᠎ᠠ ᠲᠡᠭᠦᠨ ᠤ ᠭᠠᠷ ᠲᠡᠩᠴᠡᠭᠰᠡᠨ ᠬᠦᠮᠦᠨ ᠪᠠᠷᠤᠭ ᠭᠠᠷᠤᠭᠰᠠᠨ | ᠦᠭᠡᠢ᠃ | ᠠᠷᠦ ᠲᠠᠪᠢᠨ ᠲᠤᠯᠤᠭ᠎ᠠ᠂ ᠦᠪᠦᠷ ᠲᠦᠴᠢ ᠶᠢᠰᠦᠨ ᠬᠤᠰᠢᠭᠤᠨ ᠤ ᠠᠷᠦ ᠪᠤᠭᠳᠠ ᠶᠢᠨ ᠠᠮᠤᠭᠤᠯᠠᠩ | ᠨᠠᠭᠠᠳᠤᠮ ᠦᠷᠭᠡᠨ ᠬᠡᠪᠴᠢᠶ᠎ᠡ ᠪᠠᠷ ᠬᠢᠬᠦ ᠪᠠᠶᠠᠷ ᠤᠨ ᠴᠢᠮᠡᠭᠡ ᠬᠡᠰᠢᠭᠳᠡᠨ ᠬᠤᠰᠢᠭᠤᠨ ᠳᠤ ᠤᠯᠠᠮᠵᠢᠯᠠᠭᠳᠠᠨ ᠢᠷᠡᠭᠦ ᠳᠤ | ᠪᠦᠬᠡᠴᠢᠨ ᠳ᠋ᠠᠸᠠ ᠠᠯᠠᠰᠬᠢᠨ ᠪᠠᠶᠠᠷᠯᠠᠵᠦ᠂ ᠪᠤᠭᠤᠷᠤᠯ ᠡᠵᠢ ᠠᠴᠠ ᠪᠠᠨ ᠴᠢᠯᠦᠬᠡ ᠤᠯᠵᠦ ᠶᠡᠭᠡ ᠨᠠᠶᠢᠷ ᠲᠤ | ᠶᠠᠪᠤᠬᠤ ᠪᠠᠷ ᠪᠤᠯᠪᠠ᠃ ᠲᠡᠭᠡᠭᠡᠳ ᠲᠡᠷᠡ ᠪᠤᠭᠤᠷᠤᠯ ᠡᠵᠢ ᠪᠠᠨ ᠰᠠᠨᠠᠭ᠎ᠠ ᠰᠠᠶᠢᠳᠠᠢ ᠰᠠᠭᠠᠬᠠᠯᠳᠠ ᠶᠢᠨ ᠬᠢᠨ ᠳᠠᠭᠠᠨ | ᠭᠤᠶᠤᠵᠦ᠂ ᠬᠠᠯᠠᠮᠵᠢᠯᠠᠨ ᠬᠠᠷᠠᠭᠠᠯᠵᠠᠬᠤ ᠶᠢ ᠵᠠᠬᠢᠭᠠᠳ ᠪᠦᠳᠦᠭᠦᠨ ᠦᠭᠡᠷ ᠤᠨ ᠠᠷᠠᠰᠦ ᠶᠢ ᠡᠯᠳᠡᠵᠦ | ᠪᠤᠯᠪᠠᠰᠤᠷᠠᠭᠤᠯᠤᠭᠰᠠᠨ 20 ᠭᠠᠷᠤᠢ ᠵᠢᠩ ᠤᠨ ᠬᠦᠨᠳᠦ ᠵᠤᠳᠤᠭ ᠢᠶᠠᠨ ᠴᠤᠯᠪᠤᠭᠤᠷ ᠢᠶᠠᠷ ᠪᠤᠭᠤᠵᠦ᠂ ᠳ᠋ᠠ ᠬᠦᠷᠢᠶ᠎ᠡ ︵ | ᠤᠯᠠᠭᠠᠨᠪᠠᠭᠠᠳᠤᠷ︶ ᠳᠤ ᠠᠶᠠᠨ ᠤ ᠲᠡᠷᠭᠡ ᠶᠢ ᠲᠠᠭᠠᠵᠦ ᠶᠠᠪᠤᠵᠠᠢ᠃ ᠲᠡᠷᠡ ᠠᠶᠠᠨ ᠤ ᠦᠭᠡᠷ ᠢ ᠬᠠᠷᠢᠭᠤᠯᠵᠦ᠂ | ᠬᠠᠶᠠ ᠬᠦᠯ ᠠᠮᠠᠷᠠᠵᠦ ᠬᠠᠩᠭᠠᠢ ᠲᠡᠷᠭᠡ ᠳᠤᠨᠢ ᠰᠠᠭᠤᠪᠠᠯ ᠲᠡᠭᠡᠭᠡᠰᠢ ᠨᠢ ᠬᠦᠨᠳᠦᠷᠡᠵᠦ ᠭᠠᠯ ᠤᠨ ᠠᠬ᠎ᠠ ᠨᠢ ᠲᠤᠷ᠎ᠠ | ᠦᠭᠡᠶᠢᠴᠡᠳᠡᠭ ᠬᠡᠨ᠎ᠡ᠃ ᠢᠩᠭᠢᠭᠡᠳ ᠲᠡᠷᠡ ᠠᠷᠭ᠎ᠠ ᠪᠤᠰᠦ ᠠᠶᠠᠨ ᠤ ᠲᠡᠷᠭᠡ ᠶᠢ ᠲᠠᠭᠠᠵᠦ ᠦᠭᠡᠷ ᠢ ᠨᠢ ᠬᠠᠷᠢᠭᠤᠯᠤᠨ | ᠬᠤᠳᠤᠭᠤᠳᠦ ᠪᠠᠨ ᠲᠦᠭᠦᠷᠭᠡᠵᠦ ᠶᠠᠪᠠᠭᠠᠨ ᠢᠶᠠᠷ ᠶᠠᠪᠤᠵᠦ ᠳ᠋ᠠ ᠬᠦᠷᠢᠶᠡᠨ ᠳᠤ ᠬᠦᠷᠦᠭᠰᠡᠨ ᠪᠠᠶᠢᠵᠠᠢ᠃ ᠳ᠋ᠠ | ᠬᠦᠷᠢᠶ᠎ᠡ ᠠᠴᠠ ᠤᠶᠢᠷᠠᠯᠴᠠᠭ᠎ᠠ ᠬᠢ ᠲᠡᠨᠢᠭᠡᠷ ᠠᠭᠤᠳᠠᠮ ᠲᠠᠯ᠎ᠠ ᠳᠤ ᠮᠤᠩᠭᠤᠯ ᠭᠡᠷ ᠬᠡᠳᠦᠨ ᠵᠠᠭᠤ ᠪᠠᠷ ᠵᠢᠭᠳᠡᠷᠡᠵᠦ᠂ | ᠲᠦᠷᠪᠡᠨ ᠲᠤᠯᠭᠠᠭᠤᠷᠢ ᠲᠠᠢ ᠬᠡ ᠤᠭᠠᠯᠵᠠ ᠤᠷᠢᠶᠠᠭᠰᠠᠨ ᠰᠧ ᠮᠠᠶᠢᠬᠠᠨ ᠳᠤ ᠴᠠᠭᠠᠨ ᠢᠰᠡᠭᠡᠢ᠂ ᠬᠡᠪᠢᠰ ᠲᠦᠭᠦᠷᠡᠩ | ᠲᠡᠪᠢᠰᠴᠦ᠂ ᠭᠤᠤᠯ ᠰᠠᠭᠤᠳᠠᠯ ᠳᠤᠨᠢ ᠠᠷᠦ ᠪᠤᠭᠳᠠ ᠬᠠᠭᠠᠨ ᠮᠤᠷᠢᠯᠠᠨ ᠰᠠᠭᠠᠳᠠᠵᠦ᠂ ᠲᠦᠰᠢᠮᠡᠯ ᠰᠠᠶᠢᠳ ᠬᠤᠶᠠᠷ | ᠭᠠᠷᠯᠠᠨ ᠰᠠᠭᠤᠵᠦ᠂ ᠬᠠᠷᠢ ᠬᠦᠨᠳᠡᠯᠡᠨ ᠤ ᠵᠤᠴᠢᠳ ᠲᠡᠭᠡᠳᠦ ᠰᠠᠭᠤᠳᠠᠯ ᠳᠤ ᠰᠠᠭᠠᠳᠠᠵᠦ᠂ ᠬᠤᠨᠢᠨ ᠰᠢᠭᠦᠰᠦ | ᠬᠤᠷᠠᠵᠠ ᠠᠷᠢᠬᠢ᠂ ᠠᠶᠢᠷᠠᠭ ᠴᠡᠭᠡ ᠰᠦᠩᠨᠡᠨ᠂ ᠨᠠᠶᠢᠷ ᠤᠨ ᠲᠠᠭᠤᠤ ᠠᠶᠠᠯᠤᠭᠤᠯᠵᠦ᠂ ᠨᠠᠶᠢᠷ ᠨᠠᠭᠠᠳᠤᠮ ᠦᠪᠡᠳᠡᠭᠰᠢ | ᠶᠡᠭᠡᠪᠠᠷ ᠡᠬᠢᠯᠡᠪᠡ᠃ ᠨᠠᠶᠢᠷ ᠤᠨ ᠲᠠᠭᠠᠭᠠᠮᠠᠯ ᠲᠦᠰᠢᠮᠡᠯ ᠨᠠᠶᠢᠷ ᠡᠬᠢᠯᠡᠬᠦ ᠶᠢ ᠵᠠᠷᠯᠠᠵᠦ᠂ ᠪᠦᠬᠡ ᠶᠢᠨ ᠤᠷᠢᠶ᠎ᠠ | ᠭᠤᠷᠪᠠᠨᠳᠠ ᠲᠠᠭᠤᠯᠠᠵᠦ᠂ ᠠᠪᠤᠷᠭᠤ ᠲᠤᠮᠤ ᠪᠦᠬᠡᠴᠢᠳ ᠬᠤᠶᠢᠨ᠎ᠠ ᠬᠤᠶᠢᠨ᠎ᠠ ᠠᠴᠠ ᠪᠠᠨ ᠭᠠᠷᠴᠦ ᠪᠦᠬᠡ ᠶᠢᠨ | ᠪᠠᠷᠢᠯᠳᠤᠭᠠᠨ ᠢᠳᠡ ᠬᠦᠴᠦ ᠲᠠᠢ ᠶᠠᠪᠤᠭᠳᠠᠵᠠᠢ᠃ | ᠠᠷᠦ ᠦᠪᠦᠷ ᠮᠤᠩᠭᠤᠯ ᠤᠨ ᠪᠦᠬᠡᠴᠢᠳ ᠪᠠ ᠬᠠᠷᠢ ᠬᠦᠷᠦᠨ ᠤ 1024 ᠪᠦᠬᠡ ᠭᠤᠷᠪᠠᠨ ᠡᠳᠦᠷ ᠤᠨ | ᠰᠢᠷᠦᠭᠦᠨ ᠪᠠᠷᠢᠯᠳᠤᠭᠠᠨ ᠶᠠᠪᠤᠭᠤᠯᠵᠦ᠂ ᠳ᠋ᠠᠸᠠ ᠨᠠᠢᠮᠠ ᠶᠢᠨ ᠲᠠᠪᠠᠭ᠎ᠠ ᠶᠢ ᠰᠠᠭᠠᠳ ᠦᠭᠡᠢ ᠲᠠᠪᠠᠵᠦ᠂ ᠠᠪᠤᠷᠭᠤ ᠪᠦᠬᠡ | ᠂ ᠠᠷᠰᠯᠠᠨ ᠪᠦᠬᠡ᠂ ᠵᠠᠭᠠᠨ ᠪᠦᠬᠡ ᠶᠢ ᠠᠷᠦ ᠠᠷᠦ ᠠᠴᠠ ᠨᠢ ᠬᠠᠶᠠᠵᠦ᠂ ᠤᠮᠤᠭ ᠵᠢᠪᠬᠤᠭ᠎ᠠ ᠲᠠᠢ ᠮᠠᠭᠰᠢᠵᠦ | ᠭᠠᠷᠴᠠᠢ ᠃ ᠳ᠋ᠠᠸᠠ ᠪᠦᠬᠦᠯᠢ ᠬᠤᠷᠠᠭ᠎ᠠ ᠶᠢᠨ ᠰᠢᠭᠦᠰᠦ ᠪᠠᠷ ᠨᠢᠭᠡ ᠴᠠᠭ ᠤᠨ ᠬᠤᠭᠤᠯᠠ ᠪᠤᠯᠭᠠᠵᠦ᠂ ᠴᠢᠳᠠᠯ | ᠮᠡᠷᠭᠡᠵᠢᠯ ᠢᠶᠠᠨ ᠰᠢᠯᠭᠠᠬᠤ ᠪᠠᠷ ᠬᠤᠨᠤᠭ ᠡᠳᠦᠷ ᠢ ᠬᠦᠯᠢᠶᠡᠵᠦ ᠪᠠᠶᠢᠪᠠ᠃ ᠲᠡᠷᠡ ᠬᠠᠯᠬ᠎ᠠ ᠶᠢᠨ ᠬᠡᠬᠡᠷ᠎ᠡ ᠲᠠᠯ᠎ᠠ ᠪᠠᠷ | ᠠᠯᠬᠤᠯᠠᠨ ᠶᠠᠪᠤᠬᠤ ᠳᠠᠭᠠᠨ ᠴᠦ ᠲᠦᠷᠦᠭᠰᠡᠨ ᠨᠤᠳᠤᠭ ᠤᠨ ᠢᠶᠠᠨ ᠬᠠᠶᠢᠷᠬᠠᠨ ᠤᠪᠤᠭᠠᠨ ᠳᠠᠭᠠᠨ ᠵᠠᠯᠪᠠᠷᠢᠨ | ᠰᠦᠰᠦᠭᠯᠡᠵᠦ ᠪᠠᠶᠢᠪᠠ ᠃ | ᠠᠷᠦ ᠪᠤᠭᠳᠠ ᠬᠠᠭᠠᠨ ᠤ ᠠᠷᠰᠯᠠᠨ ᠴᠤᠯᠠ ᠲᠠᠢ ᠪᠦᠬᠡᠴᠢᠨ ᠴᠦ ᠲᠡᠭᠦᠨ ᠠᠴᠠ ᠵᠢᠷᠦᠬᠡᠰᠢᠶᠡᠨ᠂ ᠬᠡᠨ ᠨᠢ | ᠴᠦ ᠬᠡᠳ ᠳ᠋ᠠᠸᠠ ᠲᠠᠢ ᠤᠨᠤᠭ᠎ᠠ ᠬᠠᠷᠭᠤᠬᠤ ᠠᠴᠠ ᠪᠠᠨ ᠲᠠᠳᠠᠭᠠᠯᠵᠠᠨᠠ᠃ ᠬᠡᠳᠡᠯ᠎ᠡ ᠲᠡᠷᠡ ᠶᠠᠭ ᠰᠠᠶ᠋ᠢᠬᠠᠨ | ᠪᠤᠭᠳᠠ ᠶᠢᠨ ᠠᠷᠰᠯᠠᠨ ᠪᠦᠬᠡ ᠲᠠᠢ ᠲᠡᠭᠡᠳᠦ ᠲᠦᠷᠪᠡ ᠶᠢᠨ ᠤᠨᠤᠭ᠎ᠠ ᠤᠴᠠᠷᠠᠵᠦ᠂ ᠬᠡᠷᠦᠵᠦ ᠵᠤᠭᠰᠤᠭᠠᠳ ᠪᠠᠷᠢᠴᠠ | ᠪᠤᠯᠢᠶᠠᠯᠳᠤᠬᠤ ᠨᠢ ᠶᠠᠭ ᠯᠡ ᠬᠤᠶᠠᠷ ᠠᠷᠰᠯᠠᠨ ᠬᠤᠭᠤᠷᠤᠨᠳᠦ ᠪᠠᠨ ᠨᠤᠴᠤᠯᠳᠤᠵᠦ ᠪᠠᠶᠢᠭ᠎ᠠ ᠰᠢᠭ᠋ ᠰᠦᠷᠯᠢᠭ | ᠬᠠᠷᠠᠭᠳᠠᠨ᠎ᠠ᠃ ᠳ᠋ᠠᠸᠠ᠂ ᠪᠤᠭᠳᠠ ᠶᠢᠨ ᠠᠷᠰᠯᠠᠨ ᠪᠦᠬᠡ ᠶᠢᠨ ᠵᠤᠳᠤᠭ ᠠᠴᠠ ᠨᠢ ᠦᠪᠡᠷ ᠤᠨ ᠪᠠᠷᠢᠴᠠ ᠪᠠᠷ ᠢᠶᠠᠨ | ᠠᠳᠬᠤᠨ ᠠᠪᠤᠮᠠᠭᠴᠠ ᠲᠠᠯᠪᠢᠭᠰᠠᠨ ᠦᠭᠡᠢ᠂ ᠨᠢᠭᠡ ᠠᠴᠠ ᠪᠠᠷᠢᠭᠰᠠᠨ ᠴᠡᠭ ᠢᠶᠠᠷ ᠢᠶᠠᠨ ᠬᠠᠭᠠᠰ ᠡᠳᠦᠷ ᠰᠢᠬᠠᠮ | ᠪᠠᠷᠢᠯᠳᠤᠵᠦ ᠪᠠᠶᠢᠭᠠᠳ ᠲᠡᠭᠦᠨ ᠤ ᠢᠳᠡ ᠬᠦᠴᠦ ᠶᠢ ᠪᠠᠷᠠᠭᠳᠠᠭᠤᠯᠤᠨ ᠲᠠᠳᠠᠵᠦ ᠠᠪᠤᠭᠠᠳ ᠰᠡᠬᠦᠵᠦ ᠲᠦᠯᠬᠢᠨ | ᠬᠢᠰᠬᠢᠬᠡ ᠮᠡᠭᠡ ᠬᠢᠵᠦ ᠬᠠᠶᠠᠪᠠ᠃ ᠲᠡᠷᠢᠭᠦᠨ ᠲᠡᠳ᠋ ᠲᠤ ᠪᠤᠭᠳᠠ ᠶᠢᠨ ᠪᠤᠰᠤᠭ᠎ᠠ ᠪᠦᠬᠡ ᠲᠠᠢ ᠤᠨᠤᠭ᠎ᠠ ᠳᠤ ᠲᠠᠭᠠᠷᠠᠪᠠ | ᠃ ᠪᠤᠭᠳᠠ ᠶᠢᠨ ᠠᠷᠰᠯᠠᠨ ᠪᠦᠬᠡ ᠬᠠᠭᠠᠰ ᠡᠳᠦᠷ ᠵᠢᠭᠤᠷᠠᠵᠦ ᠲᠡᠩᠭᠡᠭᠡ ᠴᠢᠳᠠᠯ ᠨᠢ ᠪᠠᠭ᠋ᠠᠨ ᠪᠠᠭᠤᠷᠠᠭᠰᠠᠨ ᠪᠠᠶᠢᠳᠠᠯ᠎ᠠ | ᠪᠤᠯᠪᠠᠰᠤᠷᠠᠯ ᠳᠤ ᠴᠠᠭᠠᠷᠠᠭᠰᠠᠨ ᠳ᠋ᠠᠸᠠ ᠶᠢᠨ ᠰᠦᠰᠦ ᠵᠤᠷᠢᠭ᠂ ᠴᠢᠳᠠᠯ ᠬᠦᠴᠦᠨ ᠲᠡᠷᠡ ᠬᠡᠪ ᠢᠶᠠᠷ ᠢᠶᠠᠨ ᠪᠠᠶᠢᠪᠠ᠃ | ᠪᠤᠰᠤᠭ᠎ᠠ ᠠᠷᠰᠯᠠᠨ ᠪᠦᠬᠡ ᠰᠢᠷᠦᠭᠦᠨ ᠱᠠᠯᠠᠮᠠᠭᠠᠢ ᠬᠦᠳᠡᠯᠦᠨ ᠪᠠᠷᠢᠴᠠ ᠤᠯᠵᠦ ᠬᠠᠶᠠᠬᠤ ᠰᠠᠨᠠᠭ᠎ᠠ ᠲᠠᠢ | ᠰᠢᠷᠦᠭᠦᠯᠡᠬᠦ ᠳᠤ ᠳ᠋ᠠᠸᠠ ᠠᠷᠰᠯᠠᠨ ᠪᠦᠬᠡ ᠶᠢ ᠪᠡᠶ᠎ᠡ ᠳᠡᠭᠡᠨ ᠤᠶᠢᠷᠠᠳᠤᠭᠤᠯᠬᠤ ᠦᠭᠡᠢ ᠪᠠᠶᠢᠵᠦ᠂ ᠲᠡᠭᠦᠨ ᠤ ᠶᠠᠮᠠᠷ | ᠨᠢᠭᠡᠨ ᠪᠠᠭᠤᠷᠠᠢ ᠲᠠᠯ᠎ᠠ ᠶᠢ ᠠᠵᠢᠭᠯᠠᠨ ᠪᠠᠷᠢᠴᠠ ᠪᠤᠯᠢᠶᠠᠯᠳᠤᠨ᠎ᠠ᠃ ᠨᠠᠶᠢᠷ ᠤᠨ ᠭᠤᠤᠯ ᠰᠧ ᠮᠠᠶᠢᠬᠠᠨ ᠤ ᠡᠮᠦᠨ᠎ᠡ | ᠬᠦᠷᠦᠮᠡᠭᠴᠡ ᠪᠤᠰᠤᠭ᠎ᠠ ᠠᠷᠰᠯᠠᠨ ᠤ ᠢᠳᠡ ᠬᠦᠴᠦᠨ ᠢ ᠨᠢ ᠠᠰᠢᠭᠯᠠᠨ᠂ ᠳ᠋ᠠᠸᠠ ᠬᠦᠯ ᠤᠨ ᠠᠯᠬᠤᠯᠳᠠ ᠪᠠᠨ | ᠲᠠᠭᠠᠷᠠᠭᠤᠯᠵᠦ᠂ ᠬᠠᠵᠠᠭᠤ ᠲᠡᠰᠢ ᠮᠤᠰᠬᠢᠨ ᠲᠠᠳᠠᠭ᠎ᠠ ᠮᠡᠭᠡ ᠬᠢᠵᠦ ᠪᠤᠰᠢᠭᠤ ᠱᠠᠯᠠᠮᠠᠭᠠᠢ ᠪᠡᠶ᠎ᠡ ᠪᠠᠨ ᠵᠠᠶᠢᠯᠠᠭᠤᠯᠤᠨ | ᠨᠢᠭᠡᠯᠡ ᠬᠦᠨᠳᠦᠷᠢᠵᠦ ᠬᠠᠶᠠᠪᠠ᠃ ᠨᠠᠶᠢᠷ ᠤᠨ ᠬᠡᠳᠦᠨ ᠮᠢᠩᠭᠠᠨ ᠨᠠᠭᠠᠳᠤᠮᠴᠢᠳ ᠠᠭᠤᠯᠠ ᠨᠤᠷᠠᠵᠦ᠂ ᠤᠰᠦ | ᠪᠠᠭᠤᠭᠰᠠᠨ ᠮᠡᠳᠦ ᠱᠤᠤᠬᠢᠯᠳᠤᠵᠦ ᠠᠯᠠᠭ᠎ᠠ ᠲᠠᠰᠢᠨ ᠪᠠᠶᠠᠷ ᠬᠦᠷᠭᠡᠵᠦ ︽ᠶᠤᠰᠤᠳᠠᠢ ᠲᠠᠶᠠᠩ ᠠᠪᠤᠷᠭᠤ ᠪᠠᠶᠢᠨ᠎ᠠ︾ | ᠭᠡᠵᠦ ᠠᠮᠠ ᠠᠮᠠᠨ ᠳᠠᠭᠠᠨ ᠰᠢᠪᠡᠨᠡᠯᠳᠤᠵᠠᠢ᠃ | ᠪᠦᠬᠡᠴᠢᠨ ᠳ᠋ᠠᠸᠠ ᠪᠤᠯ ᠰᠦᠰᠦ ᠵᠤᠷᠢᠭ ᠶᠡᠭᠡ᠂ ᠢᠯᠳᠠᠷ ᠬᠠᠶᠠᠬᠤ ᠶᠢ ᠮᠡᠳᠡᠳᠡᠭ ᠦᠭᠡᠢ ᠮᠤᠵᠢᠭᠤᠳᠠ | ᠵᠠᠩ ᠲᠠᠢ ᠂ ᠤᠬᠠᠭᠠᠨ ᠪᠢᠯᠢᠭ ᠬᠤᠷᠴᠠᠯᠢᠭ ᠰᠠᠶᠢᠨ ᠡᠷ᠎ᠡ ᠮᠦᠷᠳᠡᠭᠡᠨ ᠰᠦᠰᠦᠭ ᠪᠢᠰᠢᠷᠠᠯ ᠲᠠᠢ ᠬᠦᠮᠦᠨ ᠪᠢᠯᠡ᠃ | ᠲᠡᠷᠡ ᠳ᠋ᠠ ᠬᠦᠷᠢᠶ᠎ᠡ ᠳᠤ ᠶᠠᠪᠤᠬᠤ ᠠᠴᠠ ᠡᠮᠦᠨ᠎ᠡ ᠬᠡᠰᠢᠭᠳᠡᠨ ᠲᠠᠪᠤᠨ ᠬᠠᠶᠢᠷᠬᠠᠨ ᠳᠠᠭᠠᠨ ᠰᠦᠰᠦᠭᠯᠡᠨ ᠵᠠᠯᠪᠠᠷᠢᠵᠦ᠂ | ᠰᠠᠭᠠᠯᠢ ᠶᠢᠨ ᠲᠡᠭᠡᠵᠢ ᠪᠠᠨ ᠡᠷᠭᠦᠵᠦ᠂ ᠬᠤᠯᠠ ᠶᠠᠪᠤᠬᠤ ᠭᠡᠵᠦ ᠪᠠᠶᠢᠭ᠎ᠠ ᠨᠤᠳᠤᠭ ᠤᠨ ᠬᠦᠦ ᠪᠠᠨ ᠦᠷᠦᠰᠢᠶᠡᠭᠡᠴᠢ | ᠭᠡᠵᠦ ᠲᠠᠭᠠᠳᠬᠠᠭᠠᠳ ᠠᠯᠤᠰ ᠤᠨ ᠠᠶᠠᠨ ᠢᠶᠠᠨ ᠡᠯᠭᠦᠭᠰᠡᠨ ᠪᠠᠶᠢᠵᠠᠢ᠃ ᠡᠷ᠎ᠡ ᠴᠢᠳᠠᠯ ᠤᠨ ᠰᠠᠶᠢᠨ ᠶᠤᠮ ᠤᠤ︖ | ᠡᠬᠡ ᠨᠤᠳᠤᠭ ᠤᠨ ᠬᠢᠨᠢ ᠲᠠᠪᠤᠨ ᠬᠠᠶᠢᠷᠬᠠᠨ ᠢᠪᠡᠭᠡᠨ ᠲᠡᠳᠭᠦᠭᠰᠡᠨ ᠤ ᠠᠴᠢ ᠶᠤᠮ ᠤᠤ ᠪᠤᠤ ᠮᠡᠳᠡ᠂ ᠲᠡᠷᠡ ᠠᠷᠦ | ᠪᠤᠭᠳᠠ ᠶᠢᠨ ᠪᠦᠬᠡ ᠪᠠ ᠦᠪᠦᠷ ᠲᠦᠴᠢ ᠶᠢᠰᠦᠨ ᠬᠤᠰᠢᠭᠤᠨ ᠤ ᠠᠯᠳᠠᠷᠳᠦ ᠪᠦᠭᠡᠴᠢᠳ ᠢ ᠠᠷᠦ ᠠᠷᠦ ᠠᠴᠠ ᠨᠢ | ᠬᠠᠶᠠᠵᠦ᠂ ︽ᠲᠠᠶᠠᠩ ᠠᠪᠤᠷᠭᠤ︾ ᠭᠡᠰᠡᠨ ᠴᠤᠯᠠ ᠤᠯᠪᠠ᠃ ᠲᠡᠭᠡᠭᠡᠳ ᠪᠤᠭᠳᠠ ᠶᠢᠨ ᠪᠦᠬᠡ ᠱᠠᠩ ᠮᠦᠩᠭᠦᠨ | ᠡᠮᠡᠭᠡᠯ ᠬᠠᠵᠠᠭᠠᠷᠳᠦ ᠠᠭᠳᠠ ᠮᠤᠷᠢᠨ ᠳᠠᠭᠠᠨ ᠠᠷᠠᠰᠦᠨ ᠵᠤᠳᠤᠭ ᠢᠶᠠᠨ ᠭᠠᠨᠵᠤᠭᠠᠯᠠᠨ ᠨᠤᠳᠤᠭ ᠵᠦᠭ ᠢᠶᠠᠨ ᠮᠤᠷᠳᠠᠪᠠ᠃ | ᠬᠡᠳᠦᠨ ᠡᠳᠦᠷ ᠠᠶᠠᠯᠠᠵᠦ ᠬᠡᠰᠢᠭᠳᠡᠨ ᠨᠤᠳᠤᠭ ᠤᠨ ᠢᠶᠠᠨ ᠬᠢᠯᠢ ᠬᠢᠵᠠᠭᠠᠷ ᠲᠤ ᠤᠷᠤᠵᠦ ᠢᠷᠡᠭᠡᠳ ᠰᠠᠨᠠᠭ᠎ᠠ ᠠᠮᠠᠷ | ᠪᠤᠯᠵᠦ᠂ ᠨᠢᠭᠡᠨ ᠲᠤᠪᠤᠴᠠᠭ ᠲᠡᠭᠡᠷ᠎ᠡ ᠰᠠᠭᠤᠨ ᠪᠠᠭ᠋ᠠᠨ ᠠᠮᠤᠰᠬᠢᠵᠦ ᠠᠪᠤᠭᠠᠳ ᠮᠤᠷᠢᠨ ᠳᠠᠭᠠᠨ ᠮᠤᠷᠳᠠᠭᠰᠠᠨ ᠴᠢᠨᠢ | ᠲᠡᠮᠡᠢ ᠶᠠᠪᠤᠭᠰᠠᠨ ᠦᠭᠡᠢ ᠨᠢᠭᠡᠨ ᠬᠠᠳᠠᠭᠰᠠᠨ ᠬᠤᠪᠠᠭ᠋ᠠᠢ ᠮᠤᠳᠤ ᠲᠠᠭᠠᠷᠠᠯᠳᠤᠵᠠᠢ᠃ ᠡᠨᠡ ᠶᠠᠭᠤᠨ ᠤ ᠬᠤᠪᠠᠭ᠋ᠠᠢ | ᠮᠤᠳᠤ ᠪᠤᠯᠴᠢᠬᠠᠪᠠ ᠭᠡᠵᠦ ᠰᠢᠷᠦᠭᠦᠨ ᠱᠤᠭᠰᠢᠵᠦ ᠮᠤᠷᠢ ᠪᠠᠷ ᠢᠶᠠᠨ ᠲᠠᠭᠠᠷᠢᠭᠤᠯᠵᠦ᠂ ᠪᠠᠷᠠᠭᠤᠨ ᠭᠠᠷ ᠢᠶᠠᠷ ᠢᠶᠠᠨ | ᠮᠤᠳᠤᠨ ᠤ ᠦᠵᠦᠭᠦᠷ ᠠᠴᠠ ᠪᠠᠷᠢᠵᠦ ᠲᠠᠳᠠᠭᠰᠠᠨ ᠴᠢᠨᠢ ᠪᠠᠶᠢᠨ᠎ᠠ ᠤᠤ᠂ ᠲᠠᠳᠠᠭᠰᠠᠨ ᠬᠦᠴᠦ ᠨᠢ ᠬᠡᠳᠦᠷᠡᠭᠰᠡᠨ ᠠᠴᠠ | ᠪᠤᠯᠵᠦ ᠮᠤᠷᠢ ᠨᠢ ᠪᠦᠳᠦᠷᠢᠬᠦ ᠲᠠᠢ ᠵᠡᠷᠭᠡ ᠮᠤᠳᠤᠨ ᠤ ᠬᠤᠭᠤᠷᠠᠬᠠᠢ ᠱᠤᠤᠵᠢᠯ ᠰᠦᠪᠡᠭᠡ ᠪᠠᠷ ᠨᠢ ᠬᠠᠳᠬᠤᠨ | ᠮᠤᠷᠢᠨ ᠠᠴᠠ ᠪᠠᠨ ᠦᠩᠭᠦᠷᠢᠳᠦᠨ ᠤᠨᠠᠬᠤ ᠦᠶ᠎ᠡ ᠳᠤ ᠵᠢᠷᠦᠬᠡᠡ ᠳᠤᠨᠢ ᠬᠠᠳᠬᠤᠨ ᠤᠷᠤᠭᠠᠳ ᠲᠡᠷᠡ ᠲᠤᠤᠷ᠎ᠠ ᠪᠠᠨ | ᠨᠠᠰᠦ ᠨᠦᠭᠴᠢᠭᠰᠡᠨ ᠬᠡᠨ᠎ᠡ᠃ | ᠤᠤᠯ ᠨᠢ ᠠᠳᠠᠭ᠎ᠠ ᠵᠢᠳᠦᠬᠡ ᠶᠡᠭᠡ ᠬᠠᠷ᠎ᠠ ᠰᠠᠨᠠᠭ᠎ᠠ ᠲᠠᠢ ᠠᠷᠦ ᠪᠤᠭᠳᠠ ᠶᠢᠨ ᠲᠦᠰᠢᠮᠡᠳ | ᠬᠤᠶᠢᠨ᠎ᠠ ᠠᠴᠠ ᠨᠢ ᠬᠠᠷᠢᠶᠠᠯ ᠵᠦᠬᠡᠯ ᠬᠢᠯᠭᠡᠭᠰᠡᠨ ᠪᠠᠶᠢᠵᠠᠢ᠃ ᠬᠤᠶᠠᠷ ᠵᠢᠯ ᠤᠨ ᠲᠠᠷᠠᠭ᠎ᠠ ᠲᠡᠭᠦᠨ ᠤ ᠬᠡᠭᠦᠷ | ᠶᠠᠰᠦ ᠶᠢ ᠨᠢ ᠡᠷᠬᠢᠵᠦ ᠦᠵᠡᠭᠦᠯᠡᠷ ᠴᠡᠬᠡᠵᠢᠨ ᠶᠠᠰᠦᠨ ᠤ ᠬᠢᠨᠢ ᠬᠦᠨᠳᠡᠢ ᠳᠤ ᠴᠢᠨ᠋ᠸ᠎ᠠ ᠡᠬᠦᠷᠯᠡᠵᠦ ᠦᠷ᠎ᠡ | ᠵᠤᠯᠵᠠᠭ᠎ᠠ ᠨᠢ ᠦᠶᠦᠭ ᠲᠠᠪᠠᠳᠠᠢ ᠨᠢᠭᠤᠭᠳᠠᠬᠤ ᠦᠯᠦᠭᠡᠢ ᠪᠤᠯᠵᠦ ᠬᠡᠨ᠎ᠡ᠃ ᠨᠠᠷᠢᠨ ᠠᠵᠢᠭᠯᠠᠵᠦ ᠦᠵᠡᠭᠰᠡᠨ ᠴᠢᠨᠢ | ᠬᠠᠷᠢᠨ ᠲᠡᠭᠦᠨ ᠤ ᠬᠠᠪᠢᠷᠭ᠎ᠠ ᠶᠠᠰᠦ ᠨᠢ ᠪᠢᠳᠡᠭᠦᠦ ᠪᠠᠶᠢᠵᠦ ᠬᠡᠨ᠎ᠡ᠃ | | | ︽ᠬᠡᠰᠢᠭᠳᠡᠨ ᠤ ᠨᠠᠶᠢᠷ ᠨᠠᠭᠠᠳᠤᠮ︾ ᠬᠡᠬᠦ ᠨᠤᠮ ᠠᠴᠠ | | | | |