ᠠᠷᠠᠳ ᠤᠨ ᠲᠠᠭᠤᠣ ︽ᠨᠣᠭᠤᠨᠵᠠᠶᠠᠭ᠎ᠠ︾ ᠶᠢᠨ ᠲᠣᠬᠠᠢ ᠪᠣᠣ ᠰᠢ ᠨᠠᠰᠣᠳᠠᠨ ᠢ ᠰᠣᠷᠪᠣᠯᠵᠢᠯᠠᠭᠰᠠᠨ ᠲᠡᠮᠳᠡᠭᠯᠡᠯ
ᠨᠡᠶᠢᠲᠡᠯᠡᠭᠰᠡᠨ ᠴᠠᠭ᠄
2019/12/11
      ᠴᠠᠭ᠄ 2011 ᠣᠨ ᠤ  2 ᠰᠠᠷ᠎ᠠ ᠶᠢᠨ 22 ᠤ ᠡᠳᠦᠷ     ᠭᠠᠵᠠᠷ᠄ ᠣᠯᠠᠭᠠᠨᠬᠠᠳᠠ ᠬᠤᠳᠠ ᠶᠢᠨ ᠰᠢᠨ᠎ᠠ ᠬᠤᠳᠠ ᠲᠣᠭᠤᠷᠢᠭ ᠤᠨ ᠸᠠᠩ ᠹᠦ᠋ ᠬᠤᠷᠢᠶᠠᠯᠠᠯ ᠤᠨ ᠲᠦᠷᠪᠡᠳᠦᠭᠡᠷ ᠠᠰᠠᠷ ᠤᠨ ᠭᠤᠷᠪᠠᠳᠣᠭᠠᠷ ᠲᠠᠪᠬᠤᠷᠯᠢᠭ ᠲᠤ  ᠪᠣᠣ ᠰᠢ ᠨᠠᠰᠣᠳᠠᠨ ᠤ ᠬᠡᠷ ᠲᠤᠪᠣᠣ ᠰᠢ᠄ 1929 ᠣᠨ ᠳᠤ ᠣᠳᠣ ᠶᠢᠨ ᠣᠩᠨᠢᠭᠤᠳ ᠬᠤᠰᠢᠭᠤᠨ ᠤ ᠭᠤᠣᠷᠰᠣ ᠤᠨ ᠠᠶᠢᠯ ᠳᠤ ᠲᠦᠷᠦᠪᠡ᠃ 82 ᠨᠠᠰᠣᠳᠠᠢ᠂ ᠪᠣᠷᠵᠢᠬᠢᠨ ᠠᠶᠢᠮᠠᠭ ᠤᠨ ᠬᠦᠮᠦᠨ᠃ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ᠂ ᠲᠢᠩᠬᠢᠮ  ᠤᠨ ᠲᠡᠰ ᠤᠨ ᠺᠠᠳ᠋ᠷ  ᠃        ᠰᠢ᠊᠂ ᠪᠠᠳᠣ᠄  ᠮᠡᠨᠳᠣ ᠤᠤ︖ ᠲᠡᠩᠬᠡᠬᠡ ᠭᠠᠶᠢᠭᠤᠢ ᠤᠤ︖ᠪᠣᠣ ᠰᠢ ᠨᠠᠰᠣᠳᠠᠨ᠄ ᠮᠡᠨᠳᠣ ᠡ︕ ᠣᠷᠴᠢᠮᠬᠠᠨ ᠭᠤᠷᠪᠠᠯᠠᠭᠰᠠᠨ ᠮᠡᠳᠡᠷᠡᠯ ᠤᠨ ᠮᠠᠰᠡ ᠵᠠᠰᠠᠯ ᠬᠢᠭᠰᠡᠨ ᠪᠣᠯᠬᠤᠷ ᠴᠢᠬᠢ ᠣᠯᠠᠮ ᠬᠠᠳᠠᠭᠤ ᠪᠣᠯᠴᠢᠬᠠᠵᠠᠢ᠂ ᠴᠢᠩᠭ᠎ᠠ ᠬᠡᠯᠡᠬᠦ ᠦᠬᠡᠢ ᠪᠣᠯ ᠰᠣᠨᠣᠰᠬᠤ ᠦᠬᠡᠢ ᠪᠠᠶᠢᠨ᠎ᠠ᠃ ᠴᠢ ᠣᠩᠨᠢᠭᠤᠳ ᠤᠨ ᠠᠯᠢ ᠰᠣᠮᠣᠨ ᠤ ᠬᠢ ᠪᠣᠢ︖ ᠶᠠᠮᠠᠷ ᠠᠶᠢᠮᠠᠭ ᠤᠨ ᠬᠢ ᠪᠣᠢ︖        ᠰᠢ᠊᠂ ᠪᠠᠳᠣ᠄  ᠪᠢ ᠣᠩᠨᠢᠭᠤᠳ ᠤᠨ ᠪᠠᠶᠠᠨᠳᠠᠯ᠎ᠠ ᠰᠣᠮᠣᠨ ᠤ ᠣᠯᠠᠭᠠᠨᠳᠣᠶᠠᠭ᠎ᠠ ᠭᠠᠴᠠᠭ᠎ᠠ ᠶᠢᠨ ᠭᠦᠮᠦᠨ᠂ ᠲᠠᠩᠭᠤᠳ ᠠᠶᠢᠮᠠᠭ᠃ ᠲᠠᠨ ᠠᠴᠠ ᠣᠩᠨᠢᠭᠤᠳ ᠠᠣᠬᠠᠨ ᠤ ᠲᠣᠬᠠᠢ ᠰᠠᠶᠢᠬᠠᠨ ᠦᠯᠢᠬᠡᠷ ᠲᠣᠮᠤᠭ ᠰᠣᠨᠣᠰᠬᠤ ᠪᠠᠷ ᠢᠷᠡᠯ᠎ᠡ᠃        ᠪᠣᠣ ᠰᠢ ᠨᠠᠰᠣᠳᠠᠨ᠄ ᠣᠯᠠᠭᠠᠨᠳᠣᠶᠠᠭ᠎ᠠ ᠮᠠᠯᠵᠢᠬᠤ ᠬᠤᠷᠰᠢᠶᠠᠵᠢᠯ ᠬᠡᠵᠣ ᠲᠠᠪᠢᠭᠠᠳ ᠣᠨ ᠤ ᠡᠬᠢ ᠪᠠᠷ ᠨᠠᠷ᠎ᠠ ᠮᠠᠨᠳᠣᠭᠰᠠᠨ ᠶᠣᠮ᠂ ᠪᠦᠬᠦ ᠣᠯᠣᠰ ᠤᠨ ᠠᠷᠪᠠᠨ ᠬᠤᠶᠠᠷ ᠮᠠᠯᠵᠢᠬᠤ ᠬᠤᠷᠰᠢᠶᠠᠵᠢᠯ ᠤᠨ ᠲᠣᠷᠰᠢᠯᠭ᠎ᠠ ᠶᠢ ᠮᠠᠭᠳᠠᠵᠣ ᠮᠠᠣ ᠵᠦᠰᠢ ︵ᠲᠡᠷᠢᠬᠦᠯᠡᠭᠴᠢ︶ ᠪᠢᠴᠢᠭᠡᠰᠣ ᠪᠢᠴᠢᠭᠰᠡᠨ ᠣᠳᠠᠭ᠎ᠠ ᠲᠠᠢ᠃ ᠣᠪᠣᠭ ᠠᠶᠢᠮᠠᠭ ᠤᠨ ᠲᠡᠮᠳᠡᠭᠯᠡᠯ  ᠢ ᠰᠣᠷᠪᠣᠯᠵᠢᠯᠠᠨ ᠪᠢᠴᠢᠵᠣ ᠪᠠᠶᠢᠬᠤ ᠳᠤ ᠣᠯᠠᠭᠠᠨᠳᠣᠶᠠᠭ᠎ᠠ ᠣᠷᠴᠢᠮ ᠲᠠᠩᠭᠤᠳ ᠠᠶᠢᠮᠠᠭ ᠤᠨ ᠬᠢᠨ ᠬᠡᠳᠦᠬᠡᠨ ᠬᠡᠷ ᠪᠠᠶᠢᠭᠰᠠᠨ ᠰᠢᠭ᠋ ᠰᠠᠨᠠᠭᠳᠠᠵᠣ ᠪᠠᠶᠢᠨ᠎ᠠ᠃ ᠪᠠᠶᠠᠨᠳᠠᠯ᠎ᠠ ᠶᠢ 1947 ᠣᠨ ᠤ 5 ᠰᠠᠷ᠎ᠠ ᠳᠤ ᠣᠩᠨᠢᠭᠤᠳ ᠬᠤᠰᠢᠭᠤᠨ  ᠤ ᠭᠤᠷᠪᠠᠳᠣᠭᠠᠷ ᠨᠣᠳᠤᠭ ᠬᠡᠵᠣ  ᠡᠬᠢᠯᠡᠨ ᠪᠠᠶᠢᠭᠤᠯᠣᠭᠰᠠᠨ ᠶᠣᠮ᠃ ᠲᠣᠬᠠᠢ ᠶᠢᠨ ᠦᠶ᠎ᠡ ᠳᠤ᠂ ᠣᠩᠨᠢᠭᠤᠳ ᠬᠤᠰᠢᠭᠤᠨ ᠳᠤ ᠨᠣᠳᠤᠭ ᠪᠠᠶᠢᠭᠤᠯᠵᠣ᠂ ᠪᠠᠶᠠᠨᠬᠠᠨ ︵ᠣᠳᠣ ᠶᠢᠨ ᠪᠠᠭᠠᠳᠠᠯ᠎ᠠ ᠠᠴᠠ ᠪᠦᠯᠢᠶᠡᠨ ᠤ ᠬᠦᠬᠡᠰᠡᠭᠦᠯ ᠬᠦᠷᠳᠡᠯᠡᠬᠢ  ᠣᠷᠴᠢᠮ ᠤᠨ ᠭᠠᠵᠠᠷ︶᠂ ᠬᠡᠷᠰᠡᠩ ︵ᠣᠳᠣ ᠶᠢᠨ ᠬᠡᠷᠰᠡᠩ ᠬᠠᠶᠢᠯᠠᠰᠣ ᠶᠢᠨ ᠬᠡᠪᠴᠢᠶ᠎ᠡ︶᠂ ᠪᠠᠶᠠᠨᠳᠠᠯ᠎ᠠ  ︵ᠣᠳᠣ ᠶᠢᠨ ᠰᠢᠨᠡᠰᠦ᠋ᠮ᠎ᠡ᠂ ᠬᠤᠸᠠ ᠲᠦᠰᠢ  ᠂ ᠳ᠋ᠠ ᠰᠢᠩ︶᠂ ᠪᠠᠶᠠᠨᠳᠣᠬᠤᠢ ︵ᠳ᠋ᠠ ᠰᠢᠩ ᠤᠨ ᠪᠠᠷᠠᠭᠤᠨ ᠠᠴᠠ ᠭᠤᠣᠯ ᠤᠨ ᠬᠦᠪᠡᠭᠡ ᠲᠠᠭᠠᠵᠣ ᠪᠣᠣ ᠴᠢᠣᠸᠠᠨ ᠠᠴᠠ ᠪᠠᠷᠠᠭᠤᠨᠰᠢ ᠲᠣᠯᠣᠭᠠᠨ ᠮᠣᠳᠣ ᠬᠦᠷᠳᠡᠯᠡᠬᠢ ᠭᠠᠵᠠᠷ ᠢ ᠪᠠᠭᠳᠠᠭᠠᠨ᠎ᠠ︶  ᠂ ᠯᠣᠣ ᠹᠦ᠋ ︵ᠬᠠᠭᠤᠴᠢᠨ  ᠸᠠᠩ ᠤᠨ ᠣᠷᠳᠣᠨ᠂ ᠣᠳᠣ ᠶᠢᠨ ᠣᠳᠠᠨᠳᠣᠬᠤᠢ ᠪᠠᠯᠭᠠᠰᠣ︶ ᠨᠣᠳᠤᠭ ︵ᠣᠳᠣ ᠶᠢᠨ ᠭᠤᠷᠣᠬᠠᠨ ᠠᠶᠢᠯ ᠤᠨ ᠲᠣᠯᠣᠭᠠᠨ ᠮᠣᠳᠣ ᠠᠴᠠ ᠬᠦᠷᠬᠢᠷ᠎ᠡ᠂ ᠬᠠᠷ᠎ᠠ ᠣᠰᠣ ᠬᠦᠷᠳᠡᠯᠡᠬᠢ ᠣᠳᠠᠨᠳᠣᠬᠤᠢ ᠣᠰᠣᠨ ᠴᠦᠬᠦᠷᠦᠮ ᠤᠨ ᠲᠣᠭᠤᠷᠢᠭ ᠢ ᠪᠠᠭᠳᠠᠭᠠᠭᠰᠠᠨ ᠭᠠᠵᠠᠷ︶ ᠵᠠᠷᠬᠡ ᠲᠠᠪᠣᠨ ᠨᠣᠳᠤᠭ ᠬᠤᠪᠢᠶᠠᠭᠰᠠᠨ ᠪᠠᠶᠢᠨ᠎ᠠ᠃         ᠮᠢᠨᠣ ᠲᠦᠷᠦᠭᠰᠡᠨ ᠨᠣᠳᠤᠭ ᠣᠩᠨᠢᠭᠤᠳ ᠬᠤᠰᠢᠭᠤᠨ ᠤ ᠭᠤᠣᠷᠰᠣ   ᠶᠢᠨ ᠠᠶᠢᠯ  ᠃  ᠭᠤᠣᠷᠰᠣ ᠨᠢ ᠲᠣᠬᠠᠢ ᠶᠢᠨ ᠴᠠᠭ ᠲᠤ ᠪᠠᠨ ᠠᠣᠬᠠᠨ ᠬᠤᠰᠢᠭᠤᠨ ᠳᠤ ᠬᠠᠷᠢᠶᠠᠯᠠᠭᠳᠠᠵᠣ  ᠪᠠᠶᠢᠭᠰᠠᠨ ᠶᠣᠮ᠃ 1947 ᠣᠨ ᠤ 5 ᠰᠠᠷ᠎ᠠ ᠳᠤ ᠠᠵᠢᠯᠯᠠᠬᠤ ᠠᠩᠬᠢ ᠶᠢᠨ ᠪᠣᠣ ᠴᠢᠣᠢ ᠵᠠᠩ ︵ᠨᠣᠳᠤᠭ ᠤᠨ ᠲᠠᠷᠤᠭ᠎ᠠ︶  ᠮᠠᠨ ᠤ ᠠᠶᠢᠯ   ᠳᠤ ᠢᠷᠡᠵᠣ᠂ ᠠᠵᠢᠯᠯᠠᠬᠤ ᠠᠩᠬᠢ ᠳᠤ ᠬᠡᠰᠢᠬᠦᠨ ᠡᠯᠰᠡᠵᠣ ᠨᠠᠮᠠᠢᠢ ᠣᠷᠣᠯᠴᠠᠭᠤᠯᠣᠭᠰᠠᠨ ᠶᠣᠮ᠃  ᠪᠢ ᠲᠦᠴᠢᠬᠡᠳ ᠣᠨ ᠤ ᠡᠬᠢᠨ  ᠳᠤ ᠠᠣᠬᠠᠨ ᠸᠠᠩ ᠤᠨ ᠬᠤᠷᠢᠶ᠎ᠠ ᠶᠢᠨ  ᠪᠠᠭ᠎ᠠ ᠰᠣᠷᠭᠠᠭᠤᠯᠢ ᠠᠴᠠ ᠲᠡᠭᠦᠰᠦᠭᠰᠡᠨ ᠪᠣᠯᠬᠤᠷ ᠠᠶᠢᠯ ᠳᠤ ᠪᠠᠨ ᠪᠢᠴᠢᠭ  ᠲᠠᠢ ᠬᠦᠮᠦᠨ ᠳᠤ  ᠲᠣᠭᠠᠴᠢᠭᠳᠠᠳᠠᠭ᠃ ᠠᠵᠢᠯᠯᠠᠬᠤ ᠲᠣᠭᠤᠶᠢᠯᠠᠩ ᠳᠤ ᠡᠯᠰᠡᠭᠳᠡᠭᠰᠡᠨ ᠤ ᠲᠠᠷᠠᠭ᠎ᠠ  ᠂ ᠠᠵᠢᠯ ᠤᠨ ᠠᠮᠵᠢᠯᠳᠠ ᠰᠠᠶᠢᠨ ᠬᠡᠵᠣ᠂  ᠨᠠᠮᠠᠢᠢ ᠲᠣᠭᠤᠶᠢᠯᠠᠩ  ︵ᠲᠣᠭᠤᠶᠢᠯᠠᠩ ᠪᠦᠷᠢ 4 ᠬᠦᠮᠦᠨ︶ ᠤᠨ ᠲᠠᠷᠤᠭ᠎ᠠ ᠪᠠᠷ ᠰᠣᠩᠭᠤᠵᠠᠢ᠃ ᠲᠣᠬᠠᠢ ᠶᠢᠨ ᠦᠶ᠎ᠡ ᠳᠤ ᠠᠵᠢᠯᠯᠠᠬᠤ ᠲᠣᠭᠤᠶᠢᠯᠠᠩ ᠤᠨ ᠭᠤᠣᠯ ᠡᠬᠦᠷᠬᠡ ᠨᠢ ᠪᠣᠯ ᠡᠷᠦᠬᠡ ᠲᠠᠷᠠᠭᠠᠯᠠᠨ ᠬᠦᠮᠦᠨ ᠠᠮᠠ ᠪᠠ ᠮᠠᠯ ᠲᠠᠷᠢᠶ᠎ᠠ ᠶᠢ ᠲᠠᠩᠰᠠᠯᠠᠨ ᠪᠦᠷᠢᠳᠬᠡᠬᠦ ᠠᠵᠢᠯ ᠪᠣᠯᠣᠨ᠎ᠠ᠃  ᠲᠡᠷᠡ ᠦᠶ᠎ᠡ ᠳᠤ᠂ ᠢᠳᠡᠭᠤᠨ ᠭᠤᠣ ᠶᠢᠨ ᠭᠠᠵᠠᠷ ᠤᠨ ᠡᠵᠡᠨ ᠤ ᠬᠦᠷᠢᠶ᠎ᠠ ᠶᠢ ᠣᠩᠨᠢᠭᠤᠳ ᠬᠤᠰᠢᠭᠤᠨ ᠤ ᠵᠡᠬᠦᠨ ᠬᠤᠷᠢᠶ᠎ᠠ  ᠪᠣᠯᠭᠠᠭᠰᠠᠨ ᠪᠠᠶᠢᠨ᠎ᠠ᠃  ᠪᠢ ᠲᠡᠷᠡ ᠦᠶ᠎ᠡ ᠠᠴᠠ  ᠡᠬᠢᠯᠡᠨ ᠯᠣᠣ ᠹᠦ᠋ ︵ᠣᠳᠠᠨᠳᠣᠬᠤᠢ︶ ᠨᠣᠳᠤᠭ ᠤᠨ ᠵᠢᠩᠬᠢᠨᠢ ᠺᠠᠳ᠋ᠷ  ᠪᠣᠯᠵᠣ᠂ 1948 ᠣᠨ ᠤ 1 ᠰᠠᠷ᠎ᠠ ᠠᠴᠠ ᠪᠠᠶᠠᠭᠬᠠᠨ ᠨᠣᠳᠤᠭ ᠤᠨ ᠲᠣᠳᠣᠭᠠᠳᠣ ᠶᠢ ᠬᠠᠮᠠᠭᠠᠯᠠᠬᠤ ᠲᠣᠰᠠᠯᠠᠭᠴᠢ ᠪᠣᠯᠵᠣ᠂ 1949 ᠣᠨ ᠤ 1 ᠰᠠᠷ᠎ᠠ ᠳᠤ ᠬᠤᠰᠢᠭᠤᠨ ᠳᠤ  ᠠᠵᠢᠯ ᠰᠢᠯᠵᠢᠪᠡ᠂ ᠲᠣᠬᠠᠢ ᠶᠢᠨ ᠦᠶ᠎ᠡ  ᠳᠤ ᠬᠠᠷ᠎ᠠ ᠲᠣᠬᠤᠢ ᠶᠢᠨ ᠨᠢᠬᠡ ᠬᠡᠰᠡᠭ ᠭᠠᠵᠠᠷ ᠢ ᠣᠯᠠᠭᠠᠨᠬᠠᠳᠠ ᠰᠢᠶᠠᠨ ᠠᠴᠠ ᠣᠩᠨᠢᠭᠤᠳ ᠬᠤᠰᠢᠭᠤᠨ ᠳᠤ ᠵᠢᠬᠡᠯᠡᠬᠦᠯᠵᠣ᠂  ᠨᠠᠮᠠᠢᠢ  ᠪᠠᠶᠢᠴᠠᠭᠠᠨ ᠰᠣᠳᠣᠯᠬᠤ ᠲᠣᠭᠤᠶᠢᠯᠠᠩ ᠤᠨ ᠲᠠᠷᠤᠭ᠎ᠠ ᠪᠠᠷ ᠲᠣᠮᠢᠯᠠᠪᠠ᠃ 1950 ᠣᠨ  ᠳᠤ ᠯᠣᠣ ᠹᠦ᠋ ︵ᠣᠳᠠᠨᠳᠣᠬᠤᠢ︶ ᠨᠣᠳᠤᠭ ᠤᠨ ᠨᠣᠳᠤᠭ ᠤᠨ ᠲᠠᠷᠤᠭ᠎ᠠ ᠪᠠᠷ ᠠᠵᠢᠯᠯᠠᠪᠠ᠃ ᠲᠣᠰ ᠵᠢᠯ 10  ᠰᠠᠷ᠎ᠠ  ᠠᠴᠠ ᠬᠠᠯᠠᠭᠤᠨ ᠭᠤᠣᠯ ᠮᠣᠵᠢ ᠶᠢᠨ ᠨᠠᠮ ᠤᠨ ᠰᠣᠷᠭᠠᠭᠤᠯᠢ ᠳᠤ ᠬᠠᠭᠠᠰ ᠵᠢᠯ ᠰᠣᠷᠣᠯᠴᠠᠪᠠ᠃ 1952 ᠣᠨ  ᠠᠴᠠ ᠣᠷᠢᠳ ᠬᠤᠵᠢᠳ ᠣᠩᠨᠢᠭᠤᠳ ᠬᠤᠰᠢᠭᠤᠨ ᠤ ᠣᠬᠠᠭᠤᠯᠬᠤ ᠬᠡᠯᠳᠡᠰ ᠤᠨ ᠲᠠᠷᠤᠭ᠎ᠠ᠂ ᠬᠤᠰᠢᠭᠤᠨ ᠲᠠᠷᠤᠭ᠎ᠠ ᠂ ᠵᠣᠣ ᠣᠳᠠ ᠠᠶᠢᠮᠠᠭ ᠤᠨ ᠠᠷᠠᠳ ᠤᠨ ᠶᠠᠪᠣᠳᠠᠯ ᠤᠨ ᠭᠠᠵᠠᠷ ᠤᠨ ᠲᠠᠷᠤᠭ᠎ᠠ᠂ ᠣᠯᠠᠭᠠᠨᠬᠠᠳᠠ ᠶᠢᠨ ᠨᠣᠣᠰᠣᠨ ᠨᠡᠬᠡᠮᠡᠯ ᠤᠨ ᠦᠢᠯᠡᠳᠪᠣᠷᠢ ᠶᠢᠨ ᠲᠠᠷᠤᠭ᠎ᠠ᠂ ᠣᠩᠨᠢᠭᠤᠳ ᠬᠤᠰᠢᠭᠤᠨ ᠤ ᠨᠡᠮ ᠤᠨ ᠬᠤᠷᠢᠶᠠᠨ ᠤ ᠱᠦᠵᠢ᠂ ᠣᠯᠠᠭᠠᠨᠬᠠᠳᠠ ᠬᠤᠳᠠ ᠶᠢᠨ ᠣᠢ ᠰᠢᠭᠤᠢ ᠶᠢᠨ ᠲᠣᠪᠴᠢᠶᠠᠨ ᠲᠠᠷᠤᠭ᠎ᠠ᠂ ᠬᠤᠳᠠ ᠶᠢᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠰᠠᠬᠢᠯᠭ᠎ᠠ ᠪᠠᠳᠣ ᠪᠠᠶᠢᠴᠠᠭᠠᠬᠤ ᠬᠤᠷᠢᠶ᠎ᠠ ᠶᠢᠨ ᠱᠦᠵᠢ ᠪᠣᠯᠵᠣ ᠦᠩᠬᠡᠷᠡᠪᠡ᠃        ᠰᠣᠶᠣᠯ ᠤᠨ ᠬᠤᠪᠢᠰᠬᠠᠯ ᠤᠨ ᠲᠣᠮᠳᠠ  ︽ᠦᠪᠦᠷ ᠠᠷᠠᠳ ᠤᠨ ᠨᠠᠮ︾ ᠤᠨ ᠭᠤᠣᠯ ᠬᠦᠴᠦᠨ ᠢᠶᠠᠷ ᠠᠪᠳᠠᠵᠣ᠂ ᠬᠠᠭᠠᠰ ᠵᠢᠯ ᠢᠯᠡᠬᠦᠦ ᠬᠤᠷᠢᠭᠳᠠᠵᠣ᠂ ᠬᠠᠯᠠ ᠲᠠᠮᠣ ᠶᠢ ᠬᠠᠰᠢᠷᠠᠳᠠᠯ᠎ᠠ  ᠠᠮᠰᠠᠯ᠎ᠠ  ᠃ ︽5.7︾ ᠶᠢᠨ ᠺᠠᠳ᠋ᠷ ᠤᠨ ᠰᠣᠷᠭᠠᠭᠤᠯᠢ ᠳᠤ ᠰᠣᠷᠣᠯᠴᠠᠭᠤᠯᠬᠤ  ᠬᠦᠳᠡᠯᠬᠡᠬᠡᠨ ᠡᠬᠢᠯᠡᠭᠰᠡᠨ ᠠᠴᠠ ᠰᠡᠭᠦᠯᠡᠷ  ᠨᠠᠮᠠᠢᠢ  ᠡᠦ ᠬᠦᠸᠧ ᠳ᠋ᠦᠩ ᠵᠡᠷᠭᠡ  6 ᠬᠦᠮᠦᠨ ᠲᠠᠢ ᠬᠠᠮᠳᠣ ᠰᠣᠯᠠᠯᠠᠭᠰᠠᠨ  ᠶᠣᠮ᠃ ᠺᠠᠳ᠋ᠷ ᠤᠨ ᠰᠣᠷᠭᠠᠭᠤᠯᠢ ᠳᠤ ᠰᠣᠷᠣᠯᠴᠠᠵᠣ ᠪᠠᠷᠠᠭᠰᠠᠨ ᠤ ᠲᠠᠷᠠᠭ᠎ᠠ᠂ ᠲᠣᠬᠠᠢ ᠶᠢᠨ ᠦᠶ᠎ᠡ ᠶᠢᠨ ᠠᠶᠢᠮᠠᠭ ᠤᠨ ᠵᠠᠬᠢᠷᠭ᠎ᠠ ︵ᠲᠣᠬᠠᠢ ᠶᠢᠨ ᠦᠶ᠎ᠡ ᠳᠤ ᠵᠣᠣ ᠣᠳᠠ ᠠᠶᠢᠮᠠᠭ ᠯᠢᠶᠣᠣᠨᠢᠩ ᠮᠣᠵᠢ ᠳᠤ ᠬᠠᠷᠢᠶᠠᠯᠠᠭᠳᠠᠵᠣ ᠪᠠᠶᠢᠪᠠ︶ ᠠᠴᠠ ᠨᠠᠮᠠᠢᠢ ᠣᠯᠠᠭᠠᠨᠬᠠᠳᠠ   ᠶᠢᠨ ᠨᠣᠣᠰᠣᠨ ᠨᠡᠬᠡᠮᠡᠯ  ᠤᠨ ᠦᠢᠯᠡᠳᠪᠣᠷᠢ ᠶᠢᠨ ᠲᠠᠷᠤᠭ᠎ᠠ ᠪᠠᠷ ᠲᠣᠮᠢᠯᠠᠭᠰᠠᠨ ᠶᠣᠮ᠃ ᠠᠶᠢᠮᠠᠭ ᠤᠨ ᠵᠠᠬᠢᠷᠭ᠎ᠠ ᠠᠴᠠ 700 ᠲᠦᠮᠡᠨ ᠲᠦᠭᠦᠷᠢᠭ ᠭᠠᠷᠭᠠᠵᠣ᠂ 4 ᠵᠢᠯ ᠤᠨ ᠬᠤᠭᠤᠴᠠᠭᠠᠨ ᠳᠤ ᠦᠢᠯᠡᠳᠪᠣᠷᠢ   ᠶᠢᠨ ᠪᠦᠳᠦᠭᠡᠨ ᠪᠠᠶᠢᠭᠤᠯᠣᠯᠳᠠ ᠶᠢ ᠲᠠᠭᠤᠰᠬᠠᠵᠣ᠂ 100 ᠺᠠᠳ᠋ᠷ 1000 ᠠᠵᠢᠯᠴᠢᠨ ᠢ ᠬᠦᠮᠦᠵᠢᠬᠦᠯᠬᠦ ᠲᠦᠯᠦᠪᠯᠡᠭᠡ ᠶᠢ ᠲᠣᠭᠳᠠᠭᠠᠵᠣ ᠦᠭᠬᠦᠬᠡᠳ ᠡᠨᠡᠬᠦ ᠬᠦᠨᠳᠣ ᠡᠭᠦᠷᠬᠡ ᠨᠠᠳᠠ ᠲᠣᠰᠢᠶᠠᠭᠰᠠᠨ ᠶᠣᠮ᠃  ᠪᠢ ᠨᠠᠮ ᠵᠠᠰᠠᠭ ᠠᠷᠠᠳ ᠲᠦᠮᠡᠨ ᠤ ᠨᠠᠶᠢᠳᠠᠯᠭ᠎ᠠ ᠶᠢ ᠬᠦᠰᠡᠷᠳᠡᠬᠦᠯᠦᠯ ᠦᠬᠡᠢ᠂ ᠲᠦᠪ ᠭᠤᠣᠯᠴᠢ ᠠᠵᠢᠯᠯᠠᠬᠤ ᠣᠪᠣᠷ ᠢᠶᠠᠷ ᠰᠢᠷᠭᠠᠭᠤ ᠬᠠᠳᠠᠭᠤᠵᠢᠯᠳᠠᠢ ᠠᠵᠢᠯᠯᠠᠵᠤ᠂ ᠺᠠᠳ᠋ᠷ ᠣᠯᠠᠨ ᠢᠶᠠᠨ ᠲᠠᠭᠠᠭᠤᠯᠣᠨ ᠬᠦᠨᠳᠣ ᠡᠭᠦᠷᠭᠡ ᠶᠢ  ᠬᠦᠯᠢᠶᠡᠨ ᠠᠪᠴᠦ᠂ ᠬᠤᠶᠠᠷ ᠵᠢᠯ ᠬᠠᠭᠠᠰ ᠤᠨ ᠬᠤᠭᠤᠴᠠᠭᠠᠨ ᠳᠤ  ᠂ 640 ᠲᠦᠮᠡᠨ ᠲᠦᠭᠦᠷᠢᠭ ᠤᠨ ᠪᠠᠯᠡ ᠣᠷᠣᠭᠤᠯᠵᠣ᠂ ᠦᠢᠯᠡᠳᠪᠣᠷᠢ ᠶᠢᠨ ᠪᠦᠳᠦᠭᠡᠨ ᠪᠠᠶᠢᠭᠤᠯᠣᠯᠳᠠ ᠶᠢᠨ ᠠᠵᠢᠯ ᠢ ᠪᠦᠬᠦᠨ ᠢ ᠲᠠᠭᠤᠰᠬᠠᠵᠣ᠂ ᠲᠦᠯᠦᠪᠯᠡᠭᠰᠡᠨ ᠵᠠᠷᠣᠳᠠᠯ ᠮᠦᠩᠬᠦ ᠠᠴᠠ 60 ᠲᠦᠮᠡᠨ ᠲᠦᠭᠦᠷᠢᠭ ᠠᠷᠪᠢᠯᠠᠵᠣ ᠭᠠᠷᠭᠠᠪᠠ᠃ ᠪᠦᠬᠦ ᠵᠠᠷᠣᠳᠠᠯ ᠢ ᠪᠦᠬᠦ ᠲᠤᠭ᠎ᠠ ᠪᠠᠷ ᠨᠢ ᠮᠡᠳᠡᠬᠦᠯᠵᠣ᠂ ᠦᠯᠡᠳᠡᠭᠰᠡᠨ ᠵᠣᠭᠤᠰ  ᠢ ᠦᠢᠯᠡᠳᠪᠣᠷᠢ ᠳᠤ ᠦᠯᠡᠳᠡᠬᠡᠬᠦ ᠪᠣᠶᠣ ᠪᠣᠰᠣᠳ ᠵᠠᠷᠣᠯᠭ᠎ᠠ ᠳᠤ ᠭᠠᠷᠭᠠᠬᠤ ᠰᠠᠨᠠᠭ᠎ᠠ ᠲᠠᠢ ᠬᠦᠮᠦᠰ ᠣᠯᠠᠨ ᠪᠠᠶᠢᠭᠰᠠᠨ ᠃ ᠨᠢᠬᠡ ᠮᠦᠩᠬᠦ ᠶᠢ ᠴᠣ᠋ ᠦᠢᠯᠡᠳᠪᠣᠷᠢ ᠳᠤ ᠦᠯᠡᠳᠡᠬᠡᠬᠦ ᠪᠣᠶᠣ ᠬᠤᠪᠢᠨ ᠳᠠᠭᠠᠨ ᠠᠪᠴᠣ  ᠪᠣᠯᠬᠤ ᠦᠬᠡᠢ᠂ ᠦᠨᠡᠨ ᠮᠦᠨ ᠢᠶᠠᠷ ᠨᠢ ᠲᠤᠭ᠎ᠠ ᠶᠣᠰᠣᠭᠠᠷ ᠨᠢ ᠲᠡᠭᠡᠭᠰᠢ ᠮᠡᠳᠡᠬᠦᠯᠵᠣ ᠦᠯᠡᠳᠡᠭᠰᠡᠨ ᠵᠣᠭᠤᠰ ᠢ ᠪᠦᠬᠦᠨ ᠢ ᠣᠯᠣᠰ ᠲᠤ  ᠪᠣᠴᠠᠭᠠᠬᠤ ᠬᠡᠷᠡᠭᠳᠡᠢ᠃ ᠦᠢᠯᠡᠳᠪᠣᠷᠢ ᠶᠢᠨ ᠣᠯᠠᠨ ᠤ ᠡᠮᠣᠨ᠎ᠡ ᠪᠢ ᠠᠵᠢᠯ ᠡᠬᠢᠯᠡᠮᠡᠭᠴᠠ ᠢᠩᠬᠢᠵᠣ ᠠᠮᠠᠯᠠᠯᠳᠠ ᠬᠢᠭᠰᠡᠨ ᠶᠣᠮ᠂ ᠠᠮᠠᠯᠠᠯᠳᠠ ᠶᠣᠰᠣᠭᠠᠷ ᠢᠶᠠᠨ ᠪᠡᠶᠡᠯᠡᠬᠦᠯᠦᠭᠰᠡᠨ ᠶᠣᠮ᠃ᠰᠢ᠊᠂ ᠪᠠᠳᠣ᠄  ᠲᠠ ᠠᠵᠢᠯ ᠦᠢᠯᠡᠰ ᠲᠤ ᠪᠠᠨ ᠭᠠᠨᠵᠤᠭ᠎ᠠ ᠲᠦᠬᠦᠷᠡᠩ ᠶᠠᠪᠣᠭᠰᠠᠨ ᠢᠶᠠᠷ ᠪᠠᠷᠠᠬᠤ ᠦᠬᠡᠢ᠂ ᠨᠣᠳᠤᠭ ᠣᠰᠣᠨ ᠤ ᠪᠠᠨ ᠲᠡᠣᠬᠡ ᠰᠣᠶᠣᠯ ᠤᠨ ᠲᠣᠬᠠᠢ ᠮᠠᠰᠢ ᠠᠷᠪᠢᠨ ᠪᠦᠳᠦᠭᠡᠯ ᠭᠠᠷᠭᠠᠯ᠎ᠠ᠂ ᠢᠯᠠᠩᠭᠤᠶ᠎ᠠ ᠠᠣᠬᠠᠨ ᠸᠠᠩ  ᠤᠨ ᠣᠭᠰᠠᠭ᠎ᠠ ᠲᠦᠷᠦᠯ ᠤᠨ ᠲᠣᠬᠠᠢ ᠲᠠᠨ ᠤ ᠰᠣᠷᠪᠣᠯᠵᠢᠯᠠᠯ ᠲᠡᠮᠳᠡᠭᠯᠠᠯ ᠳᠤ ᠨᠠᠷᠢᠯᠢᠭ ᠲᠣᠰᠬᠠᠭᠳᠠᠭᠰᠠᠨ ᠪᠠᠶᠢᠨ᠎ᠠ᠂ ᠲᠡᠭᠡᠪᠡᠯ ᠠᠷᠠᠳ ᠤᠨ ᠲᠠᠭᠤᠣ ︽ᠨᠣᠭᠤᠨᠵᠠᠶᠠᠭ᠎ᠠ︾ ᠳᠠᠬᠢ ᠨᠣᠭᠤᠨᠵᠠᠶᠠᠭ᠎ᠠ ᠶᠢ ᠠᠣᠬᠠᠨ ᠸᠠᠩ ᠤᠨ ᠬᠡᠣᠬᠡᠨ ᠬᠡᠳᠡᠭ  ᠨᠢ ᠲᠠᠭᠠᠷᠠᠨ᠎ᠠ ᠤᠤ︖        ᠪᠣᠣ ᠰᠢ ᠨᠠᠰᠣᠳᠠᠨ᠄ ᠨᠣᠭᠤᠨᠵᠠᠶᠠᠭ᠎ᠠ ᠶᠢᠨ ᠲᠣᠬᠠᠢ ᠨᠠᠷᠢᠯᠢᠭ ᠮᠡᠳᠡᠶ᠎ᠡ ᠭᠡᠪᠡᠯ ᠠᠣᠬᠠᠨ ᠬᠤᠰᠢᠭᠤᠨ ᠤ ᠰᠠᠬᠠᠯᠳᠣ ᠸᠠᠩ ᠠᠴᠠ ᠡᠬᠢᠯᠡᠵᠣ ᠶᠠᠷᠢᠬᠤ ᠴᠢᠬᠤᠯᠠᠳᠠᠢ ᠪᠠᠶᠢᠨ᠎ᠠ᠃        ᠰᠠᠬᠠᠯᠳᠤ ᠸᠠᠩ ᠭᠡᠵᠤ ᠠᠤᠬᠠᠨ ᠤ ᠠᠷᠪᠠᠨ ᠭᠤᠷᠪᠠᠳᠤᠭᠠᠷ ᠵᠠᠰᠠᠭ ᠸᠠᠩ ᠲᠠᠮᠷᠢᠨᠳᠠᠷᠳᠠᠭ ᠢ ᠬᠡᠯᠡᠵᠤ ᠪᠠᠶᠢᠨ᠎ᠠ ᠂ ᠶᠠᠭᠠᠬᠢᠭᠠᠳ ᠰᠠᠬᠠᠯᠳᠤ ᠸᠠᠩ ᠨᠠᠷ᠎ᠠ ᠣᠯᠪᠠ ᠬᠡᠪᠡᠯ  ᠭᠤᠴᠢ ᠬᠦᠷᠬᠦ ᠠᠴᠠ ᠪᠠᠨ ᠶᠡᠭᠡ ᠰᠠᠬᠠᠯ  ᠲᠡᠯᠪᠢᠵᠣ᠂ ᠭᠤᠴᠢᠨ ᠬᠤᠶᠠᠷ ᠬᠥᠷᠬᠦ ᠳᠤ ᠡᠪᠴᠢᠭᠦᠤ ᠲᠦᠬᠦᠷᠡᠩ ᠰᠠᠬᠠᠯ ᠲᠠᠢ ᠪᠣᠯᠣᠭᠰᠠᠨ  ᠪᠣᠯᠬᠤᠷ  ᠲᠡᠬᠦᠨ ᠢ ᠰᠠᠬᠠᠯᠳᠤ ᠸᠠᠩ ᠭᠡᠳᠡᠭ ᠪᠠᠶᠢᠨ᠎ᠠ᠃ ᠰᠠᠬᠠᠯᠳᠤ ᠸᠠᠩ  ᠲᠦᠷᠭᠡᠨ ᠵᠠᠩ ᠲᠠᠢ᠂ ᠠᠭᠤᠷ ᠣᠮᠤᠭ ᠶᠡᠭᠡ᠂ ᠴᠡᠷᠢᠭ ᠤᠨ ᠡᠷᠳᠡᠮ ᠳᠤ ᠴᠠᠭᠠᠷᠠᠭᠰᠠᠨ ᠬᠦᠮᠦᠨ᠃ ᠲᠡᠬᠦᠨ ᠤ ᠸᠠᠩ ᠤᠨ ᠰᠠᠭᠤᠷᠢᠨ ᠢ ᠵᠠᠯᠭᠠᠮᠵᠢᠯᠠᠭᠰᠠᠨ  ᠵᠢᠯ   ᠨᠢ 1879 ᠤᠨ ᠪᠣᠯᠣᠨ᠎ᠠ᠃ ᠲᠤᠬᠠᠢ ᠶᠢᠨ ᠥᠶ᠎ᠡ   ᠳᠤ ᠠᠣᠬᠠᠨ ᠤ ᠬᠤᠰᠢᠭᠤ ᠵᠠᠰᠠᠭ ᠶᠠᠭ ᠲᠣᠷᠣᠶᠢᠳᠠᠵᠣ ᠪᠠᠶᠢᠭᠰᠠᠨ ᠴᠠᠭ ᠬᠠᠷᠭᠤᠭᠰᠠᠨ ᠤ ᠲᠡᠭᠡᠷ᠎ᠡ 1891 ᠤᠨ ᠳᠤ ᠡᠬᠦᠰᠦᠭᠰᠡᠨ ︽ᠤᠯᠠᠭᠠᠨ ᠮᠠᠯᠠᠭᠠᠶᠢᠳᠣ ᠶᠢᠨ ᠣᠷᠪᠠᠯᠭᠠᠨ︾  ᠭᠠᠷᠴᠠᠢ᠃   ᠶᠢᠨ ᠳ᠋ᠠᠨ ᠳ᠋ᠤᠤ ᠶᠢᠨ ᠱᠠᠰᠢᠨᠳᠠᠳ ᠪᠦᠷ ᠤᠯᠠᠭᠠᠨ ᠠᠯᠴᠢᠭᠤᠷ ᠢᠶᠠᠷ ᠲᠣᠯᠣᠭᠠᠢ ᠪᠠᠨ ᠤᠷᠢᠶᠠᠳᠠᠭ ᠲᠤᠯᠠ ᠮᠣᠩᠭᠤᠯᠴᠣᠳ ᠲᠡᠳᠡᠨ ᠢ ᠣᠯᠠᠭᠠᠨ ᠮᠠᠯᠠᠭᠠᠶᠢᠳᠣ ᠭᠡᠳᠡᠭ᠃ 1891 ᠤᠨ ᠢ ᠣᠯᠠᠭᠠᠨ ᠮᠠᠯᠠᠭᠠᠶᠢᠳᠣ ᠶᠢᠨ ᠵᠢᠯ ᠬᠡᠳᠡᠭ᠃ ᠡᠨᠡ ᠬᠡᠷᠡᠭ   ᠢ ᠬᠤᠰᠢᠭᠤᠨ ᠡᠮᠣᠨ᠎ᠡ ᠪᠡᠶ᠎ᠡ ᠶᠢᠨ ᠬᠢᠳᠡᠳ ᠤᠳ ᠬᠤᠣᠪᠢᠯᠳᠣᠨ ᠡᠬᠦᠰᠬᠡᠵᠣ᠂ ᠮᠣᠩᠭᠤᠯᠴᠣᠳ ᠢ ᠶᠡᠬᠡᠪᠡᠷ ᠬᠢᠳᠣᠨ ᠠᠯᠠᠵᠣ᠂ ᠪᠦᠬᠦᠶᠢᠯᠡ ᠵᠣᠣ ᠣᠳᠠ ᠶᠢᠨ ᠴᠢᠭᠤᠯᠭᠠᠨ ᠢ ᠦᠢᠮᠡᠬᠦᠯᠪᠡ᠃ 11 ᠰᠠᠷ᠎ᠠ ᠳᠤ ᠨᠢ ᠤᠯᠠᠭᠠᠨ ᠮᠠᠯᠠᠭᠠᠶᠢᠳᠡᠨ ᠰᠠᠬᠠᠯᠳᠤ ᠸᠠᠩ ᠤᠨ ᠬᠤᠷᠢᠶ᠎ᠠ ᠶᠢ ᠲᠠᠭᠠᠷᠢᠪᠡ᠃ ᠰᠠᠬᠠᠯᠳᠤ ᠸᠠᠩ ᠣᠯᠠᠭᠠᠨ ᠮᠠᠯᠠᠭᠠᠶᠢᠳᠣ ᠢᠷᠡᠬᠦ ᠠᠴᠠ ᠡᠮᠣᠨ᠎ᠡ ᠵᠠᠪᠳᠣᠵᠣ᠂ ᠭᠡᠷ ᠪᠥᠯᠢ ᠪᠠᠨ  ᠪᠣᠶᠢᠳᠠ ᠪᠦᠭᠯᠡᠬᠦᠦ ᠮᠦᠷᠳᠡᠭᠡᠨ  ᠰᠢᠯᠵᠢᠬᠦᠯᠬᠦ ᠳᠤ ᠲᠦᠬᠦᠮ ᠵᠤᠤᠬᠠᠳᠤ ᠣᠷᠴᠢᠮ ᠨᠡᠬᠦᠯᠬᠡᠭᠰᠡᠨ ᠪᠠᠶᠢᠨ᠎ᠠ᠃ ᠣᠯᠠᠭᠠᠨ ᠮᠠᠯᠠᠭᠠᠶᠢᠳᠣ ᠸᠠᠩ ᠤᠨ ᠬᠤᠷᠢᠶ᠎ᠠ ᠶᠢ ᠲᠠᠭᠠᠷᠢᠵᠣ ᠭᠠᠯ ᠲᠠᠯᠪᠢᠨ ᠴᠦᠯᠪᠡᠨ ᠲᠠᠭᠡᠷᠡᠮᠳᠠᠵᠣ ᠬᠠᠷᠭᠤᠭᠰᠠᠨ ᠪᠣᠯᠭᠠᠨ ᠢ ᠲᠠᠷᠴᠢᠯᠭᠠᠨ ᠠᠯᠠᠵᠣ ᠪᠠᠶᠢᠯ᠎ᠠ᠃ ᠥᠢᠷ᠎ᠠ ᠬᠤᠪᠢ ᠶᠢᠨ ᠠᠶᠢᠯ ᠲᠤᠰᠬᠤᠨ ᠤ ᠮᠠᠯᠴᠢᠨ ᠲᠠᠷᠢᠶᠠᠴᠢᠨ ᠢ ᠬᠤᠭᠤᠰᠣᠷᠠᠳᠠᠯ᠎ᠠ ᠲᠡᠭᠡᠷᠡᠮᠳᠡᠪᠡ᠃ ᠬᠦᠮᠦᠨ ᠠᠯᠠᠭᠠᠳ ᠣᠯᠠᠶᠢᠰᠢᠭᠰᠠᠨ ᠤᠯᠠᠭᠠᠨ ᠮᠠᠯᠠᠭᠠᠶᠢᠳᠤ ᠶᠢᠨ ᠴᠡᠷᠢᠭ ᠪᠤᠴᠠᠨ ᠢᠷᠡᠵᠤ᠂ ᠬᠠᠷᠠᠰᠠᠯᠳᠣ ᠪᠠᠶᠢᠳᠠᠯ ᠳᠤ ᠵᠢᠷᠦᠬᠡ ᠡᠮᠵᠡᠭᠯᠡᠨ ᠦᠰᠢᠶᠡᠳᠡᠨ ᠲᠠᠶᠢᠰᠣᠨ ᠳᠤ ᠰᠢᠳᠣ ᠵᠠᠭᠤᠨ ᠬᠤᠷᠣᠰᠴᠣ ᠪᠠᠶᠢᠭᠰᠠᠨ ᠰᠠᠬᠠᠯᠳᠣ ᠸᠠᠩ ᠢ  ᠪᠥᠰᠡᠯᠡᠨ ᠠᠪᠤᠪᠠ᠃ ᠰᠠᠬᠠᠯᠳᠤ ᠸᠠᠩ  ᠫᠣᠣ ᠪᠠ ᠢᠯᠳᠣ ᠶᠢ ᠵᠡᠷᠭᠡᠪᠡᠷ ᠬᠡᠷᠡᠭᠯᠡᠵᠣ᠂ ᠠᠷᠪᠠᠨ ᠭᠤᠷᠪᠠᠨ ᠤᠯᠠᠭᠠᠨ ᠮᠠᠯᠠᠭᠠᠶᠢᠳᠤ ᠶᠢ ᠲᠣᠨᠢᠯᠭᠠᠵᠣ᠂ ᠪᠠᠯᠠᠮᠠᠳ ᠲᠡᠭᠡᠷᠠᠮ ᠢ ᠪᠠᠯᠠᠭ ᠠᠯᠳᠠᠳᠠᠯ᠎ᠠ ᠠᠶᠣᠯᠭᠠᠨ᠂ ᠭᠠᠭᠴᠠ ᠪᠠᠷ ᠢᠶᠠᠨ ᠲᠠᠪᠬᠤᠷ ᠲᠠᠪᠬᠤᠷ ᠪᠥᠰᠡᠯᠡᠯᠳᠡ ᠶᠢ ᠰᠢᠪᠳᠤᠯᠤᠨ ᠭᠠᠷᠴᠤ ᠢᠷᠡᠭᠰᠡᠨ ᠪᠠᠶᠢᠵᠠᠢ᠃ ᠵᠠᠯᠭᠠᠭᠠᠳ ᠰᠠᠬᠠᠯᠳᠣ ᠸᠠᠩ ᠣᠩᠨᠢᠭᠤᠳ᠂ ᠪᠠᠭᠠᠷᠢᠨ ᠬᠤᠰᠢᠭᠤ ᠲᠠᠢ ᠬᠤᠯᠪᠣᠭᠠᠯᠠᠨ᠂ ᠣᠯᠠᠭᠠᠨ ᠮᠠᠯᠠᠭᠠᠶᠢᠳᠣ ᠶᠢᠨ ᠲᠡᠭᠡᠷᠡᠮ ᠢ ᠬᠡᠳᠡᠷᠬᠦ ᠶᠢᠨ ᠴᠣᠬᠢᠬᠤ ᠶᠢᠨ ᠬᠠᠮᠳᠣ᠂ ᠴᠢᠩ ᠤᠯᠤᠰ ᠤᠨ ᠵᠠᠰᠠᠭ ᠤᠨ ᠭᠠᠵᠠᠷ ᠬᠡᠷᠡᠭ ᠮᠡᠳᠡᠬᠦᠯᠦᠨ᠂ ᠣᠯᠠᠭᠠᠨ ᠮᠠᠯᠠᠭᠠᠶᠢᠳᠣ ᠶᠢ ᠲᠠᠷᠣᠵᠣ ᠨᠣᠳᠤᠭ ᠣᠷᠣᠨ ᠢᠶᠠᠨ ᠬᠠᠮᠠᠭᠠᠯᠠᠬᠤ ᠳᠤ ᠶᠡᠬᠡᠬᠡᠨ ᠦᠢᠯᠡᠳᠦᠯ ᠦᠵᠡᠬᠦᠯᠦᠭᠰᠡᠨ ᠪᠠᠶᠢᠨ᠎ᠠ᠃ ᠤᠯᠠᠭᠠᠨ ᠮᠠᠯᠠᠭᠠᠶᠢᠳᠠᠨ ᠢ ᠲᠠᠷᠤᠬᠤ ᠳᠤ ᠶᠡᠭᠡ ᠭᠠᠪᠢᠶ᠎ᠠ ᠪᠠᠶᠢᠭᠤᠯᠣᠯ᠎ᠠ ᠭᠡᠵᠤ ᠴᠢᠩ ᠤᠯᠤᠰ ᠤᠨ ᠵᠠᠰᠠᠭ ᠤᠨ ᠭᠠᠵᠠᠷ 1895 ᠣᠨ ᠳᠤ ᠰᠠᠬᠠᠯᠳᠤ ᠸᠠᠩ ᠢ ᠵᠤᠤ ᠤᠳᠠ ᠶᠢᠨ ᠴᠢᠭᠤᠯᠭᠠᠨ ᠲᠠᠷᠤᠭ᠎ᠠ  ᠪᠣᠯᠭᠠᠨ ᠲᠡᠪᠰᠢᠬᠦᠯᠦᠭᠰᠡᠨ ᠪᠠᠶᠢᠨ᠎ᠠ᠃        ᠰᠠᠬᠠᠯᠳᠣ ᠸᠠᠩ ᠴᠢᠭᠤᠯᠭᠠᠨ ᠲᠠᠷᠤᠭ᠎ᠠ ᠰᠠᠭᠤᠭᠰᠠᠨ ᠤ ᠲᠠᠷᠠᠭ᠎ᠠ ᠬᠠᠷ᠎ᠠ ᠶᠢᠨ ᠠᠭᠤᠯᠠ   ᠶᠢᠨ ᠡᠩᠭᠡᠷ   ᠲᠤ  ᠸᠠᠩ ᠤᠨ ᠣᠷᠳᠣᠨ ᠢᠶᠠᠨ ᠪᠠᠶᠢᠭᠤᠯᠵᠣ ᠡᠬᠢᠯᠡᠭᠰᠡᠨ ᠪᠠᠶᠢᠨ᠎ᠠ᠃  ᠰᠠᠬᠠᠯᠳᠣ ᠸᠠᠩ ᠸᠠᠩ ᠤᠨ ᠣᠷᠳᠣᠨ ᠪᠠᠶᠢᠭᠤᠯᠬᠤ ᠵᠠᠷᠣᠳᠠᠯ ᠳᠤ ᠶᠡᠭᠡ ᠬᠡᠮᠵᠢᠶᠡᠨ ᠤ ᠵᠣᠭᠤᠰ ᠮᠦᠩᠬᠦ ᠵᠠᠷᠣᠴᠠᠭᠤᠯᠵᠣ᠂ ᠶᠡᠬᠡᠪᠡᠷ ᠱᠠᠯᠢᠨ ᠪᠦᠷᠢᠯᠭᠡᠳᠡᠭ ᠪᠣᠯᠬᠤᠷ ᠠᠷᠠᠳ  ᠤᠨ ᠡᠰᠡᠷᠭᠦᠴᠡᠯ ᠢ ᠣᠯᠵᠣ᠂ ᠡᠯ᠎ᠡ ᠬᠤᠰᠢᠭᠤᠨ ᠤ ᠬᠢᠨ ᠪᠡᠭᠡᠵᠢᠩ ᠳᠤ ᠤᠴᠢᠵᠤ ᠵᠠᠭᠠᠯᠳᠤᠭᠰᠠᠨ ᠪᠠᠶᠢᠨ᠎ᠠ᠃ 1898 ᠣᠨ ᠳᠤ᠂ ᠰᠠᠬᠠᠯᠳᠤ ᠸᠠᠩ ᠵᠤᠤᠬᠠᠳᠤ ᠠᠴᠠ ᠪᠠᠷᠢᠵᠤ ᠲᠠᠭᠤᠰᠤᠭᠠᠳᠤᠢ ᠪᠠᠶᠢᠭᠰᠠᠨ ᠰᠢᠨ᠎ᠡ ᠬᠤᠷᠢᠶᠠᠨ  ᠳᠠᠭᠠᠨ ᠨᠡᠬᠦᠭᠡᠳ ᠠᠷᠠᠢ ᠬᠤᠶᠠᠷ ᠵᠢᠯ ᠪᠤᠯᠤᠭᠠᠳᠤᠢ ᠪᠠᠷ ᠴᠢᠩ ᠤᠨ ᠵᠠᠰᠠᠭ ᠠᠴᠠ ᠲᠡᠬᠦᠨ ᠢ ᠴᠢᠭᠤᠯᠭᠠᠨ ᠲᠠᠷᠤᠭ᠎ᠠ  ᠠᠴᠠ ᠨᠢ ᠤᠭᠴᠠᠷᠠᠭᠤᠯᠤᠭᠰᠠᠨ ᠪᠠᠶᠢᠨ᠎ᠠ᠃ 1901ᠤᠨ ᠳᠤ ᠪᠡᠭᠡᠵᠢᠩ ᠳᠤ ᠡᠪᠡᠳᠴᠢᠨ ᠢᠶᠠᠷ ᠨᠠᠰᠤ ᠪᠠᠷᠠᠪᠠ᠃        ᠰᠠᠬᠠᠯᠳᠣ ᠸᠠᠩ ᠤᠨ ᠰᠠᠭᠤᠷᠢᠨ ᠢ ᠵᠠᠯᠭᠠᠮᠵᠢᠯᠠᠭᠰᠠᠨ ᠨᠢ ᠲᠡᠬᠦᠨ ᠤᠨ ᠬᠦᠦ ᠨᠢ ᠯᠾᠠᠵᠠᠯᠨᠣᠷᠵᠢᠨ ᠪᠣᠯᠣᠨ᠎ᠠ᠃ ᠯᠾᠠᠵᠠᠯᠨᠣᠷᠵᠢᠨ ᠢ ᠠᠣᠬᠠᠨ ᠤ ᠲᠡᠣᠬᠡᠨ ᠲᠡᠭᠡᠷ᠎ᠡ ︽ᠪᠣᠣᠳᠣ ᠸᠠᠩ︾ ᠭᠡᠳᠡᠭ᠃ ᠪᠣᠣᠳᠣ ᠸᠠᠩ ᠬᠡᠳᠡᠭ ᠨᠠᠷ᠎ᠠ ᠨᠢ ᠲᠡᠭᠦᠨ ᠤ ᠠᠯᠠᠭᠳᠠᠭᠰᠠᠨ ᠣᠴᠢᠷ ᠲᠠᠢ ᠬᠤᠯᠪᠣᠭ᠎ᠠ ᠲᠠᠢ᠃ ᠯᠾᠠᠵᠠᠯᠨᠣᠷᠵᠢᠨ ᠸᠠᠩ ᠤᠨ ᠰᠠᠭᠤᠷᠢᠨ ᠳᠤ ᠰᠠᠭᠤᠭᠰᠠᠨ  ᠤ ᠪᠠᠨ ᠲᠠᠷᠠᠭ᠎ᠠ ᠵᠠᠪᠬᠠᠢ ᠵᠠᠳᠠᠭᠠᠢ ᠶᠠᠪᠣᠵᠣ᠂ ᠵᠠᠷᠣᠳᠠᠰᠣ ᠡᠬᠡᠨᠡᠷ ᠲᠠᠢ ᠪᠠᠨ ᠬᠦᠯ ᠨᠡᠶᠢᠯᠡᠨ ᠠᠭᠠᠰᠢᠯᠠᠵᠣ ᠪᠠᠶᠢᠵᠠᠢ᠃ ᠨᠢᠬᠡ ᠣᠳᠠᠭ᠎ᠠ ᠸᠠᠩ ᠨᠣᠶᠠᠨ ᠵᠠᠷᠣᠳᠠᠰᠣ ᠡᠬᠡᠨᠡᠷ ᠢᠶᠠᠨ ᠲᠠᠭᠠᠭᠤᠯᠣᠨ ᠪᠡᠬᠡᠵᠢᠩ ᠳᠤ ᠶᠠᠪᠣᠬᠤ ᠳᠤ ᠪᠠᠨ ᠸᠠᠩ ᠤᠨ ᠰᠢᠳᠠᠷ ᠲᠣᠭᠤᠭᠠᠴᠢ ᠹᠦᠵᠦᠷᠠᠩᠭ᠎ᠠ ᠪᠠᠨ ᠲᠠᠭᠠᠭᠤᠯᠵᠣ ᠶᠠᠪᠣᠵᠠᠢ᠃ ᠹᠦᠵᠦᠷᠠᠩᠭ᠎ᠠ ᠪᠣᠯ ᠡᠨᠡ ᠵᠠᠷᠣᠳᠠᠰᠣ ᠡᠬᠡᠨᠡᠷ ᠤᠨ ᠬᠠᠳᠠᠮ ᠲᠡᠭᠦᠦ ᠨᠢ ᠪᠣᠯᠬᠤᠷ ᠠᠬ᠎ᠠ ᠳᠤ ᠪᠠᠨ ᠦᠰᠢᠶ᠎ᠡ ᠠᠪᠴᠦ ᠦᠭᠬᠦᠶ᠎ᠡ ᠬᠡᠵᠣ ᠡᠳᠦᠷᠵᠢᠨ ᠪᠣᠳᠣᠵᠣ  ᠪᠠᠶᠢᠵᠠᠢ᠃ ᠪᠡᠬᠡᠵᠢᠩ ᠳᠤ ᠬᠦᠷᠦᠭᠰᠡᠨ ᠤ ᠲᠠᠷᠠᠭ᠎ᠠ ᠹᠦᠵᠣᠷᠠᠩᠭ᠎ᠠ ᠪᠣᠣᠳᠣ ᠪᠠᠨ ᠬᠠᠩᠬᠢᠨᠠᠳᠠᠯ᠎ᠠ ᠬᠦᠢᠴᠡᠬᠡᠵᠣ ︵ᠪᠢᠯᠡᠭᠦᠳᠡᠵᠣ︶ ᠯᠾᠠᠵᠠᠯᠨᠣᠷᠵᠢᠨ ᠸᠠᠩ ᠤᠨ ᠪᠠᠭᠤᠳᠠᠯ ᠳᠤ ᠣᠷᠣᠵᠣ ᠬᠦᠵᠦᠬᠦᠦ ᠶᠢ ᠨᠢ ᠣᠭᠳᠣᠯᠣᠨ ᠠᠯᠠᠭᠰᠠᠨ ᠪᠠᠶᠢᠵᠠᠢ᠃ ᠸᠠᠩ  ᠨᠣᠶᠠᠨ ᠢᠶᠠᠨ ᠠᠯᠠᠴᠢᠬᠠᠭᠠᠳ ᠹᠦᠵᠦᠷᠠᠩᠭ᠎ᠠ᠄ ︽ᠵᠠ᠂ ᠪᠢ ᠡᠨᠡ ᠪᠣᠣᠳᠣ ᠶᠢ ᠭᠤᠷᠪᠠᠨ ᠡᠳᠦᠷ ᠬᠦᠢᠴᠡᠭᠡᠭᠰᠡᠨ ︵ᠪᠢᠯᠡᠬᠦᠳᠡᠭᠰᠡᠨ︶ ᠶᠣᠮ᠂ ᠪᠣᠣᠳᠣ ᠬᠤᠷᠴᠠ ᠤᠤ︖ ᠸᠠᠩ ᠤᠨ ᠬᠦᠵᠣᠬᠦᠦ ᠪᠦᠬᠡ ᠤᠤ︖ ᠦᠵᠡᠶ᠎ᠡ ᠬᠡᠰᠡᠨ ᠶᠣᠮ ︾ ᠬᠡᠵᠣ ᠬᠡᠯᠡᠯ᠎ᠡ ᠬᠡᠳᠡᠭ᠃ ᠶᠠᠭ ᠡᠨᠡ ᠣᠴᠢᠷ ᠠᠴᠠ ᠪᠣᠯᠵᠣ ᠯᠾᠠᠵᠠᠯᠨᠣᠷᠵᠢᠨ ᠸᠠᠩ   ᠢ ᠬᠤᠵᠢᠮ ᠤᠨ ᠬᠦᠮᠦᠰ ︽ᠪᠣᠣᠳᠣ ᠸᠠᠩ  ︾ ᠭᠡᠳᠡᠭ ᠪᠣᠯᠵᠠᠢ᠃        ᠪᠤᠤᠳᠤᠤ ᠸᠠᠩ ᠳᠤ ᠥᠷ᠎ᠡ ᠬᠡᠣᠬᠡᠳ ᠦᠭᠡᠢ ᠪᠣᠯᠬᠤᠷ ᠬᠡᠨ ᠢᠶᠠᠷ ᠰᠠᠭᠤᠷᠢᠨ ᠵᠠᠯᠭᠠᠮᠵᠢᠯᠠᠭᠤᠯᠬᠤ ᠶᠢ ᠲᠤᠭᠳᠠᠭᠠᠬᠤ ᠨᠢ  ᠪᠣᠣᠳᠣ ᠸᠠᠩ ᠠᠯᠠᠭᠳᠠᠭᠰᠠᠨ ᠤ ᠲᠠᠷᠠᠭᠠᠬᠢ ᠲᠣᠯᠭᠠᠮ᠎ᠠ ᠰᠢᠢᠳᠪᠣᠷᠢᠯᠡᠬᠦ ᠴᠢᠬᠤᠯᠠᠳᠠᠢ ᠶᠠᠪᠣᠳᠠᠯ ᠪᠣᠯᠵᠣ  ᠸᠠᠩ ᠤᠨ ᠣᠷᠳᠣᠨ ᠤ ᠬᠢᠨ ᠢ ᠰᠠᠨᠳᠣᠷᠭᠠᠵᠣ ᠪᠠᠶᠢᠯ᠎ᠠ᠃  ᠲᠣᠳᠣᠭᠠᠳᠣ ᠳᠤ ᠪᠠᠨ ᠵᠦᠪᠳᠡᠵᠣ᠂ ᠪᠠᠶᠢᠳᠠᠯ ᠢ ᠲᠡᠭᠡᠭᠰᠢ ᠮᠡᠳᠡᠬᠦᠯᠦᠨ ᠣᠯᠠᠨ ᠲᠠᠯ᠎ᠠ ᠶᠢᠨ ᠰᠠᠨᠠᠯ ᠢ ᠰᠣᠨᠣᠰᠣᠭᠰᠠᠨ ᠤ ᠳ᠋ᠦᠩ ᠳᠤ᠂  ᠰᠠᠬᠠᠯᠳᠤ ᠸᠠᠩ ᠤᠨ ᠬᠤᠶᠠᠳᠤᠭᠠᠷ ᠲᠠᠬᠦᠤ᠂ ᠭᠤᠤᠷᠰᠤ ᠶᠢᠨ ᠰᠥᠮ᠎ᠡ ᠳᠤ ᠳ᠋ᠠ ᠯᠠᠮᠠ ᠶᠢᠨ ᠰᠠᠭᠤᠳᠠᠯ ᠳᠤ ᠪᠠᠶᠢᠭᠰᠠᠨ ᠰᠢᠯᠣᠭᠤᠨ ᠰᠢᠳᠣᠷᠭᠤ ᠲᠦᠪ ᠭᠤᠣᠯᠴᠢ ᠭᠤᠮᠪᠤᠵᠠᠪ ᠢ ᠬᠠᠷ᠎ᠠ ᠪᠤᠯᠭᠠᠵᠤ᠂ ᠠᠤᠬᠠᠨ ᠬᠤᠰᠢᠭᠤᠨ ᠤ ᠠᠷᠪᠠᠨ ᠲᠠᠪᠤᠳᠤᠭᠠᠷ ᠵᠠᠰᠠᠭ ᠪᠣᠯᠭᠠᠭᠰᠠᠨ ᠢ ᠲᠡᠤᠬᠡᠨ ᠲᠡᠭᠡᠷ᠎ᠡ  ᠠᠣᠬᠠᠨ ᠬᠤᠰᠢᠭᠤᠨ ᠤ ᠯᠠᠮᠠ ᠸᠠᠩ ᠭᠡᠳᠡᠭ᠃ ᠯᠠᠮᠠ ᠸᠠᠩ 48 ᠨᠠᠰᠣᠳᠠᠢ ᠳᠤ  ᠪᠠᠨ ᠬᠤᠰᠢᠭᠤᠨ ᠸᠠᠩ ᠪᠣᠯᠵᠠᠢ᠃ ᠰᠠᠬᠠᠯᠳᠣ ᠸᠠᠩ ᠠᠬ᠎ᠠ ᠲᠡᠬᠦᠦ ᠭᠤᠷᠪᠠᠭᠤᠯᠠ᠂ ᠶᠡᠭᠡ ᠨᠢ ᠰᠠᠬᠠᠯᠳᠣ ᠸᠠᠩ᠂ ᠬᠤᠶᠠᠳᠣᠭᠠᠷ ᠨᠢ ᠰᠠᠭᠤᠷᠢᠨ ᠢ ᠵᠠᠯᠭᠠᠮᠵᠢᠯᠠᠭᠰᠠᠨ ᠯᠠᠮᠠ ᠸᠠᠩ᠂ ᠭᠤᠷᠪᠠᠳᠣᠭᠠᠷ ᠢ ᠨᠢ ᠪᠦᠬᠦᠳᠡᠭᠡᠷ ᠰᠠᠨ ᠶᠧ ᠬᠡᠵᠣ ᠲᠠᠭᠤᠳᠠᠳᠠᠭ᠃ ᠪᠤᠤᠳᠤᠤ ᠸᠠᠩ ᠥᠬᠦᠭᠰᠡᠨ ᠤ ᠲᠠᠷᠠᠭ᠎ᠠ ᠸᠠᠩ ᠤᠨ ᠰᠠᠭᠤᠷᠢᠨ ᠯᠠᠪᠳᠠᠢ ᠨᠠᠳᠠᠳᠣ ᠢᠷᠡᠨ᠎ᠡ ᠬᠡᠵᠣ ᠰᠠᠨ ᠶᠧ ᠪᠣᠳᠣᠵᠣ ᠪᠠᠶᠢᠭᠰᠠᠨ ᠪᠦᠬᠡᠳ ᠣᠯᠠᠨ ᠢ ᠦᠳᠦᠬᠡᠵᠣ᠂ ᠪᠡᠬᠡᠵᠢᠩ ᠳᠤ ᠬᠦᠷᠴᠦ ᠬᠠᠭᠠᠨ ᠤ ᠤᠷᠳᠤᠨ ᠤ ᠨᠤᠶᠠᠳ ᠲᠦᠰᠢᠮᠡᠳ ᠲᠤ ᠬᠡᠭᠡᠯᠢ ᠲᠦᠯᠬᠢᠵᠣ ᠦᠩᠬᠡᠷᠡᠪᠡ᠃ ᠭᠡᠪᠡᠴᠦ ᠯᠠᠮᠠ ᠸᠠᠩ ᠢ ᠲᠡᠮᠵᠢᠵᠣ ᠪᠠᠶᠢᠭᠰᠠᠨ ᠬᠦᠴᠦᠨ ᠨᠢ ᠲᠡᠶᠢᠯᠦᠩᠬᠢ ᠪᠠᠶᠢᠭᠰᠠᠨ ᠪᠦᠬᠡᠳ ᠿᠾᠧ ᠡᠾᠧ ᠮᠤᠵᠢ ᠶᠢᠨ ᠡᠯ᠎ᠡ ᠬᠤᠰᠢᠭᠤ   ᠶᠢᠨ ᠶᠠᠪᠣᠳᠠᠯ ᠢ ᠬᠠᠮᠢᠶᠠᠷᠳᠠᠭ ᠵᠠᠬᠢᠷᠤᠭᠴᠢ ᠰᠠᠶᠢᠳ ᠡᠷᠭᠦᠳᠡᠯ ᠡᠷᠭᠦᠵᠤ ᠠᠤᠬᠠᠨ ᠤ ᠡᠷᠬᠡ ᠮᠡᠳᠡᠯ ᠢ ᠵᠠᠪᠠᠯ ᠤᠯᠠᠨ ᠳᠠᠭᠠᠨ ᠢᠳᠡᠭᠡᠯ ᠲᠠᠢ ᠬᠥᠮᠤᠨ  ᠳᠤ ᠥᠭᠭᠦ ᠬᠡᠷᠡᠭᠳᠡᠢ ᠭᠡᠵᠤ ᠣᠯᠠᠨ ᠣᠳᠠᠭ᠎ᠠ ᠪᠡᠬᠡᠵᠢᠩ ᠳᠤ ᠮᠡᠳᠡᠬᠦᠯᠦᠭᠰᠡᠨ ᠢᠶᠠᠷ ᠯᠠᠮᠠ ᠸᠠᠩ ᠰᠣᠩᠭᠤᠭᠳᠠᠭᠰᠠᠨ ᠪᠠᠶᠢᠨ᠎ᠠ᠃        ᠯᠠᠮᠠ ᠸᠠᠩ ᠭᠤᠮᠪᠣᠵᠠᠪ ᠵᠠᠰᠠᠭ ᠤᠨ ᠡᠷᠬᠡ ᠶᠢ ᠠᠪᠣᠭᠰᠠᠨ ᠤ ᠲᠠᠷᠠᠭ᠎ᠠ  ᠪᠠᠭᠤᠯᠭᠠᠭᠰᠠᠨ ᠹᠥᠵᠢᠨ ᠬᠠᠳᠤᠨ ᠪᠣᠯ ᠪᠠᠷᠠᠭᠤᠨ ᠤᠩᠨᠢᠭᠤᠳ ᠬᠤᠰᠢᠭᠤᠨ ᠳᠤ ᠲᠦᠷᠬᠦᠮ ᠲᠠᠢ ᠮᠧᠩ ᠤᠪᠤᠭᠳᠠᠨ ᠪᠣᠯᠣᠨ᠎ᠠ᠂ ᠪᠦᠬᠦᠯᠢ ᠨᠡᠷ᠎ᠡ ᠨᠢ ᠴᠣᠬᠤᠮ ᠬᠡᠨ ᠬᠡᠳᠡᠭ ᠢ ᠨᠢ ᠮᠡᠳᠡᠬᠦ ᠦᠬᠡᠢ᠂ ᠡᠨᠡ ᠹᠦᠵᠢᠨ ᠠᠴᠠ ᠨᠢᠭᠡ ᠬᠥᠤ ᠨᠢᠬᠡ ᠬᠡᠤᠬᠡᠨ ᠲᠠᠢ᠃ ᠬᠦᠣ ᠨᠢ ᠠᠣᠬᠠᠨ ᠬᠤᠰᠢᠭᠤᠨ ᠤ ᠬᠠᠮᠤᠭ ᠰᠡᠬᠦᠯᠴᠢ ᠶᠢᠨ ᠵᠠᠰᠠᠭ ᠸᠠᠩ ᠯᠾᠵᠠᠯᠸᠠᠩᠴᠢᠨᠨᠣᠷᠪᠤ᠂ ᠬᠡᠣᠬᠡᠨ ᠨᠢ ᠪᠣᠯ ᠲᠠᠷᠣᠢ ᠠᠷᠠᠳ ᠤᠨ ᠲᠠᠭᠤᠣ ᠳᠤ ᠭᠠᠷᠳᠠᠭ ︽ᠨᠣᠮᠣᠬᠠᠨ ᠵᠠᠩ ᠲᠠᠢ ᠨᠣᠭᠤᠨᠵᠠᠶᠠᠭ᠎ᠠ︾ ᠪᠣᠯᠣᠨ᠎ᠠ᠃        ᠰᠢ᠊᠂ ᠪᠠᠳᠣ᠄ ︽ᠨᠣᠭᠤᠨᠵᠠᠶᠠᠭ᠎ᠠ︾ ᠭᠡᠳᠡᠭ ᠠᠷᠠᠳ ᠤᠨ ᠲᠠᠭᠤᠨ ᠳᠤ ︽ᠨᠣᠮᠣᠬᠠᠨ ᠵᠠᠩ ᠲᠠᠢ ᠨᠣᠭᠤᠨᠵᠠᠶᠠᠭ᠎ᠠ ᠨᠣᠳᠤᠭ ᠠᠴᠠ ᠪᠠᠨ ᠬᠤᠯᠠ ᠵᠠᠶᠠᠭᠠᠵᠠᠢ ᠁︾ ᠬᠡᠵᠣ ᠲᠠᠭᠤᠯᠠᠳᠠᠭ᠃ ᠨᠣᠳᠤᠭ ᠠᠴᠠ ᠪᠠᠨ ᠬᠤᠯᠠ ᠮᠣᠷᠳᠠᠵᠠᠢ ᠬᠡᠳᠡᠭ ᠨᠢ ᠨᠣᠭᠤᠨᠵᠠᠶᠠᠭ᠎ᠠ ᠶᠢᠨ ᠬᠠᠳᠠᠮ ᠤᠨ ᠭᠠᠵᠠᠷ ᠨᠢ ᠬᠠᠮᠢᠭᠠᠬᠢ ᠪᠣᠢ︖ ᠶᠠᠮᠠᠷ ᠬᠦᠮᠦᠨ  ᠳᠤ ᠮᠣᠷᠳᠠᠭᠰᠠᠨ ᠪᠣᠯ︖        ᠪᠣᠣ ᠰᠢ ᠨᠠᠰᠣᠳᠠᠨ᠄ ᠨᠣᠭᠤᠨᠵᠠᠶᠠᠭ᠎ᠠ ᠶᠢᠨ ᠮᠣᠷᠳᠠᠭᠰᠠᠨ ᠭᠠᠵᠠᠷ ᠪᠣᠯ ᠯᠢᠨᠳᠦᠩ ᠤᠨ ᠠᠷᠣ ᠶᠢᠨ ᠲᠡᠮᠡᠬᠡᠨ ᠬᠦᠵᠦᠬᠦᠦ ᠶᠢᠨ ᠡᠮᠣᠨ᠎ᠡ ᠪᠠᠶᠢᠭ᠎ᠠ ᠬᠤᠸᠠ ᠵᠢᠯᠭ᠎ᠠ ᠭᠡᠳᠡᠭ ᠭᠠᠵᠠᠷ᠂ ᠬᠦᠷᠬᠡᠨ ᠨᠢ ᠬᠠᠭᠤᠷᠮᠠᠭ ᠮᠠᠨᠵᠣ ᠶᠢᠨ ᠦᠶ᠎ᠡ  ᠶᠢᠨ ᠪᠠᠭᠠᠷᠢᠨ ᠤ  ᠲᠣᠯᠣᠳᠣᠭᠠᠷ ᠲᠣᠸᠠᠨ ᠤ ᠲᠣᠸᠠᠨᠵᠠᠩ ︵ᠬᠤᠷᠢᠶᠠᠨ ᠲᠠᠷᠤᠭ᠎ᠠ︶ ᠪᠠᠶᠢᠭᠰᠠᠨ ᠲᠠᠷᠢᠵᠠᠪ ᠪᠣᠯᠣᠨ᠎ᠠ᠃  ᠲᠠᠷᠠ ᠦᠶ᠎ᠡ ᠳᠤ ᠪᠠᠭᠠᠷᠢᠨ ᠳᠤ ᠬᠦᠷᠦᠨ᠎ᠡ ᠬᠡᠳᠡᠭ ᠣᠶᠢᠷᠠᠬᠠᠨ ᠭᠠᠵᠠᠷ ᠤᠤ᠂ ᠨᠡᠩ ᠴᠣ᠋ ᠲᠦᠷᠬᠦᠮ ᠢᠶᠠᠨ ᠰᠠᠨᠠᠭᠰᠠᠨ ᠬᠦᠮᠦᠨ ᠳᠤ ᠨᠣᠳᠤᠭ ᠡᠷᠢᠭᠳᠡᠵᠣ ᠬᠤᠯᠠ ᠰᠠᠨᠠᠭᠳᠠᠬᠤ ᠨᠢ ᠶᠠᠷᠢᠶᠠᠨ ᠦᠬᠡᠢ ᠣᠴᠢᠷ ᠳ᠋ᠠ᠃        ᠠᠷᠠᠳ ᠤᠨ ᠲᠠᠭᠤᠣ ︽ᠨᠣᠭᠤᠨᠵᠠᠶᠠᠭ᠎ᠠ︾ ᠶᠢᠨ ᠲᠣᠬᠠᠢ ᠮᠠᠰᠢ ᠠᠷᠪᠢᠨ ᠮᠠᠷᠭᠤᠭᠠᠨ ᠪᠣᠯᠢᠶᠠᠯᠳᠣᠭᠠᠨ ᠭᠠᠷᠴᠣ ᠪᠠᠶᠢᠭᠰᠠᠨ ᠢ ᠪᠢ ᠰᠣᠨᠢᠨ ᠰᠡᠳᠬᠦᠯ ᠠᠴᠠ ᠦᠵᠡᠵᠣ ᠶᠠᠷᠢᠶ᠎ᠠ ᠬᠡᠯᠡᠯᠴᠡᠬᠡᠨ ᠠᠴᠠ ᠰᠣᠨᠣᠰᠣᠭᠰᠠᠨ᠃ ︽ᠨᠣᠭᠤᠨᠵᠠᠶᠠᠭ᠎ᠠ︾  ᠪᠣᠯ ᠠᠣᠬᠠᠨ ᠠᠴᠠ ᠡᠬᠦᠰᠦᠭᠰᠡᠨ᠂ ᠦᠨᠡᠨ ᠬᠦᠮᠦᠨ ᠤ ᠪᠣᠳᠠᠳᠠᠢ ᠶᠠᠪᠣᠳᠠᠯ ᠢᠶᠠᠷ ᠰᠡᠳᠣᠪᠯᠡᠭᠰᠡᠨ ᠠᠷᠠᠳ ᠤᠨ ᠲᠠᠭᠤᠣ ᠭᠡᠳᠡᠭ ᠨᠢ ᠮᠠᠷᠭᠤᠰᠢ ᠦᠬᠡᠢ ᠪᠠᠳᠣᠳᠠᠢ ᠭᠡᠳᠡᠭ ᠢ ᠮᠢᠨᠣ ᠲᠡᠭᠡᠷ᠎ᠡ ᠶᠠᠷᠢᠭᠰᠠᠨ ᠠᠣᠬᠠᠨ ᠸᠠᠩ ᠤᠨ ᠦᠶ᠎ᠡ ᠵᠠᠯᠭᠠᠮᠵᠢ ᠶᠢᠨ ᠪᠣᠳᠠᠳᠣ ᠲᠡᠣᠬᠡᠨ ᠠᠴᠠ ᠴᠣ᠋ ᠮᠡᠳᠡᠵᠣ ᠪᠣᠯᠣᠨ᠎ᠠ᠃ ᠣᠳᠣ ᠪᠢ ᠨᠣᠭᠤᠨᠵᠠᠶᠠᠭ᠎ᠠ ᠶᠢᠨ ᠬᠤᠷᠢᠮ  ᠳᠤ ᠣᠷᠣᠯᠴᠠᠭᠰᠠᠨ ᠦᠪᠡᠷ ᠤᠨ ᠦᠩᠭᠡᠷᠡᠯᠳᠡ ᠪᠠᠨ ᠶᠠᠷᠢᠶ᠎ᠠ᠃        ᠲᠡᠷᠡ ᠵᠢᠯ ᠤᠨ  ᠪᠢᠯᠢᠭ ᠤᠨ ᠣᠯᠠᠷᠢᠯ ᠤᠨ ᠬᠤᠶᠠᠷ ᠰᠠᠷ᠎ᠠ ᠶᠢᠨ ᠡᠬᠢᠨ ᠤ ᠦᠶ᠎ᠡ ᠶᠢᠨ ᠣᠴᠢᠷ ᠳ᠋ᠠ᠃  ᠪᠢ ᠪᠠᠭ᠎ᠠ ᠰᠣᠷᠭᠠᠭᠤᠯᠢ ᠶᠢᠨ ᠲᠦᠷᠪᠡᠳᠦᠭᠡᠷ ᠣᠨ ᠳᠤ ᠪᠢᠴᠢᠭ ᠦᠵᠡᠵᠣ ᠪᠠᠶᠢᠭᠰᠠᠨ᠃ ᠮᠢᠨᠣ ᠪᠢᠴᠢᠭ ᠦᠵᠡᠵᠣ ᠪᠠᠶᠢᠭᠰᠠᠨ ᠰᠣᠷᠭᠠᠭᠤᠯᠢ ᠠᠣᠬᠠᠨ ᠸᠠᠩ ᠤᠨ ᠣᠷᠳᠣᠨ ᠤᠨ ᠬᠠᠵᠠᠭᠤ ᠳᠤ ᠪᠠᠶᠢᠪᠠ᠃ᠰᠢ᠊᠂ ᠪᠠᠳᠣ᠄ ᠠᠯᠢ ᠣᠨ ᠤ ᠣᠴᠢᠷ ᠢ  ᠲᠠ ᠲᠣᠳᠣ ᠴᠠᠬᠡᠵᠢᠯᠡᠵᠣ ᠪᠠᠶᠢᠨ᠎ᠠ ᠤᠤ︖        ᠪᠣᠣ ᠰᠢ ᠨᠠᠰᠣᠳᠠᠨ᠄ 1942 ᠣᠨ᠃ ᠴᠠᠭᠠᠨ ᠰᠠᠷ᠎ᠠ ᠦᠩᠬᠡᠷᠡᠵᠣ ᠰᠣᠷᠭᠠᠭᠤᠯᠢ ᠴᠣᠭᠯᠠᠭᠰᠠᠨ ᠦᠶ᠎ᠡ᠃ ᠪᠢᠳᠡ ᠬᠡᠳᠦᠬᠦᠯᠡ ᠰᠣᠷᠭᠠᠭᠤᠯᠢ ᠳᠤ ᠪᠠᠨ ᠬᠦᠷᠬᠦ ᠳᠤ ᠰᠣᠷᠭᠠᠭᠤᠯᠢ ᠶᠢᠨ ᠲᠣᠭᠤᠭᠠᠨ ᠬᠡᠷ ᠪᠣᠳᠠᠭ᠎ᠠ ᠬᠢᠵᠣ ᠲᠡᠶᠢᠯᠬᠦ ᠦᠬᠡᠢ ᠬᠡᠵᠣ ᠪᠠᠶᠢᠯ᠎ᠠ᠃ ᠠᠩᠬᠢ ᠶᠢᠨ ᠪᠠᠭᠰᠢ ᠶᠢᠨ ᠬᠡᠯᠡᠬᠦ ᠪᠠᠷ ᠰᠣᠷᠭᠠᠭᠤᠯᠢ ᠶᠢᠨ ᠲᠣᠭᠤᠭᠠᠴᠢ ᠭᠠᠳᠠᠭᠰᠢ ᠭᠠᠷᠣᠭᠠᠳ ᠢᠷᠡᠵᠣ ᠠᠮᠵᠢᠭᠰᠠᠨ ᠦᠬᠡᠢ᠂ ᠪᠠᠰᠠ ᠬᠡᠳᠣᠨ ᠡᠳᠦᠷ ᠪᠣᠯᠣᠨ᠎ᠠ ᠬᠡᠨ᠎ᠡ᠃ ᠬᠤᠭᠤᠯᠠᠨ ᠤ ᠠᠰᠠᠭᠤᠳᠠᠯ ᠲᠣᠮᠣ ᠠᠰᠠᠭᠤᠳᠠᠯ ᠪᠣᠯᠪᠠ᠃ ᠣᠳᠣ ᠶᠠᠭᠠᠬᠢᠳᠠᠭ ᠪᠣᠯ︖ ᠪᠠᠭᠰᠢ ᠰᠣᠷᠣᠭᠴᠢᠳ ᠪᠦᠬᠦᠳᠡᠭᠡᠷ ᠰᠠᠨᠠᠭ᠎ᠠ ᠪᠣᠯᠪᠠ᠃ ᠠᠩᠬᠢ ᠶᠢᠨ ᠪᠠᠭᠰᠢ  ᠪᠣᠳᠣᠭᠰᠠᠭᠠᠷ ᠪᠠᠶᠢᠵᠣ ᠰᠠᠶᠢᠨ ᠠᠷᠭ᠎ᠠ ᠣᠯᠵᠠᠢ᠂ ᠸᠠᠩ ᠤᠨ ᠣᠷᠳᠣᠨ ᠳᠤ ᠬᠤᠷᠢᠮ ᠲᠠᠢ ᠬᠡᠬᠦ ᠴᠢᠮᠡᠭᠡ ᠁  ᠪᠦᠬᠦᠳᠡᠭᠡᠷ ᠢᠶᠠᠨ ᠠᠯᠠᠰᠬᠢᠨ ᠪᠠᠶᠠᠷᠯᠠᠵᠣ ᠨᠢᠭᠤᠷ ᠲᠦᠬᠦᠷᠡᠩ  ᠢᠨᠢᠶᠠᠳᠣ ᠪᠢᠯᠬᠠᠪᠠ᠃ ᠰᠣᠷᠣᠭᠴᠢᠳ ᠢᠶᠠᠨ  ᠬᠤᠷᠢᠮ ᠲᠡᠭᠡᠷ᠎ᠡ ᠬᠡᠣᠬᠡᠳ ᠢ ᠵᠠᠷᠣᠭᠤᠯᠬᠤ ᠨᠠᠷ᠎ᠠ ᠪᠠᠷ ᠸᠠᠩ ᠤᠨ ᠣᠷᠳᠣᠨ ᠳᠤ  ᠠᠪᠠᠴᠢᠨ᠎ᠠ᠂ ᠰᠣᠷᠣᠭᠴᠢᠳ ᠤᠨ ᠢᠳᠡᠬᠦ ᠠᠰᠠᠭᠤᠳᠠᠯ ᠢ ᠰᠢᠢᠳᠪᠣᠷᠢᠯᠡᠬᠦ ᠬᠠᠮᠤᠭ ᠰᠠᠶᠢᠨ ᠠᠷᠭ᠎ᠠ᠃ ᠬᠡᠳᠦᠨ ᠡᠳᠦᠷ ᠤᠨ ᠬᠤᠭᠤᠯᠡ ᠪᠣᠳᠠᠭ᠎ᠠ ᠶᠢ ᠠᠷᠭᠠᠯᠠᠬᠤ ᠠᠷᠭ᠎ᠠ ᠪᠣᠳᠣᠭᠰᠠᠨ ᠪᠠᠶᠢᠨ᠎ᠠ᠃ ᠸᠠᠩ ᠤᠨ ᠣᠷᠳᠣᠨ ᠤ ᠪᠠᠭᠠᠷᠠᠩ ᠬᠡᠳᠡᠭ ᠬᠦᠮᠦᠨ ᠤ ᠲᠠᠭᠠᠭᠤᠯᠭ᠎ᠠ ᠪᠠᠷ ᠰᠣᠷᠣᠭᠴᠢᠳ ᠤᠨ ᠬᠡᠳᠦᠨ ᠡᠳᠦᠷ ᠤᠨ ᠬᠤᠭᠤᠯᠠᠨ ᠤ ᠠᠰᠠᠭᠤᠳᠠᠯ ᠰᠢᠢᠳᠪᠣᠷᠢᠯᠡᠭᠳᠡᠭᠰᠡᠨ ᠪᠠᠶᠢᠨ᠎ᠠ ᠃ ᠡᠨᠡ ᠬᠤᠷᠢᠮ ᠨᠢ ᠶᠠᠭ ᠰᠠᠶᠢᠬᠠᠨ ᠠᠣᠬᠠᠨ ᠸᠠᠩ ᠤᠨ ᠬᠡᠣᠬᠡᠨ ᠨᠣᠭᠤᠨᠵᠠᠶᠠᠭ᠎ᠠ ᠶᠢᠨ ᠬᠤᠷᠢᠮ ᠮᠦᠨ᠂  ᠪᠣᠭᠳᠣᠯᠠᠬᠤ ᠬᠤᠷᠢᠮ ᠢᠶᠠᠨ ᠴᠠᠭᠠᠨ ᠰᠠᠷ᠎ᠠ ᠶᠢᠨ ᠡᠬᠢ ᠪᠠᠷ ᠲᠠᠯᠪᠢᠵᠣ᠂ ᠶᠠᠭ ᠬᠡᠣᠬᠡᠨ ᠮᠣᠷᠳᠠᠭᠤᠯᠬᠤ ᠬᠤᠷᠢᠮ ᠢᠶᠠᠨ ᠬᠢᠵᠣ ᠪᠠᠶᠢᠭ᠎ᠠ ᠲᠠᠢ ᠨᠢ ᠬᠠᠷᠭᠤᠭᠰᠠᠨ ᠪᠠᠶᠢᠵᠠᠢ᠃  ᠶᠠᠭᠠᠬᠢᠭᠠᠳ ᠴᠠᠭᠠᠨ ᠰᠠᠷ᠎ᠠ ᠪᠣᠭᠳᠣᠯᠠᠬᠤ ᠬᠤᠷᠢᠮ ᠬᠢᠵᠣ ᠬᠤᠶᠠᠷ ᠰᠠᠷ᠎ᠠ ᠳᠤ ᠬᠡᠣᠬᠡᠨ ᠮᠣᠷᠳᠠᠭᠤᠯᠬᠤ ᠬᠤᠷᠢᠮ ᠢᠶᠠᠨ ᠬᠢᠵᠣ ᠪᠠᠶᠢᠨ᠎ᠠ ᠬᠡᠪᠡᠯ᠂ ᠮᠠᠨ ᠤ ᠨᠣᠳᠤᠭ ᠲᠤ ᠴᠠᠭᠠᠨ ᠰᠠᠷ᠎ᠠ ᠶᠡᠭᠡ  ᠬᠤᠷᠢᠮ ᠲᠠᠯᠪᠢᠬᠤ ᠶᠢ ᠴᠡᠭᠡᠷᠯᠡᠳᠡᠭ᠃ ᠬᠤᠷᠢᠮ ᠨᠢ 7 ᠡᠳᠦᠷ  ᠦᠷᠭᠦᠯᠵᠢᠯᠡᠵᠣ᠂ ᠬᠤᠷᠢᠮ ᠤᠨ ᠪᠡᠯᠡᠭ ᠣᠪᠣᠭ᠎ᠠ ᠲᠡᠷᠭᠡ ᠴᠣᠭᠯᠠᠵᠣ᠂  ᠦᠵᠡᠭᠰᠡᠨ ᠪᠣᠯᠭᠠᠨ ᠭᠠᠶᠢᠬᠠᠵᠣ ᠪᠠᠶᠢᠪᠠ᠃ ᠬᠠᠳᠠᠮ ᠤᠨ ᠲᠠᠯ᠎ᠠ ᠠᠴᠠ ᠨᠢ  ᠶᠢᠰᠦ ᠶᠢᠰᠦ ᠨᠠᠶᠠᠨ ᠨᠢᠬᠡ ᠶᠢᠨ ᠪᠡᠯᠡᠭ ︵ᠵᠡᠷᠢᠮ ᠨᠢ ᠶᠢᠰᠦ ᠲᠠᠪᠤ ᠶᠢᠨ ᠪᠡᠯᠡᠭ ᠲᠠᠢ ᠢᠷᠡᠯ᠎ᠡ ᠬᠡᠳᠡᠭ︶ ᠲᠠᠢ ᠢᠷᠡᠭᠰᠡᠨ ᠪᠠᠶᠢᠵᠠᠢ᠂ ᠬᠦᠷᠭᠡᠨ ᠨᠢ ᠪᠠᠭᠠᠷᠢᠨ ᠤ ᠮᠠᠨᠵᠣ ᠶᠢᠨ ᠴᠡᠷᠢᠭ ᠤᠨ ᠲᠣᠯᠣᠳᠣᠭᠠᠷ ᠲᠣᠸᠠᠨ ᠤ ᠲᠠᠷᠤᠭ᠎ᠠ ᠲᠠᠷᠢᠵᠠᠪ ᠬᠡᠰᠡᠨ ᠬᠦᠮᠦᠨ᠂ ᠲᠣᠬᠠᠢ ᠶᠢᠨ ᠦᠶ᠎ᠡ ᠳᠤ ᠲᠦᠴᠢ ᠭᠠᠷᠣᠭᠰᠠᠨ ᠬᠦᠮᠦᠨ᠂ ᠨᠣᠭᠤᠨᠵᠠᠶᠠᠭ᠎ᠠ 29 ᠨᠠᠰᠣᠳᠠᠢ  ᠃         ᠬᠤᠷᠢᠮ ᠤᠨ ᠬᠢᠨ ᠬᠡᠳᠦᠳᠦᠭᠡᠷ ᠡᠳᠦᠷ ᠢ ᠨᠢ ᠮᠠᠷᠳᠠᠵᠣ ᠪᠠᠶᠢᠨ᠎ᠠ᠂ ᠸᠠᠩ ᠤᠨ ᠬᠤᠷᠢᠶ᠎ᠠ ᠳᠤ ᠲᠡᠷᠢᠵᠡᠪ ᠪᠠ ᠨᠣᠭᠤᠨᠵᠠᠶᠠᠭ᠎ᠠ ᠪᠦᠷ ᠢᠯᠡ ᠪᠠᠷ ᠬᠠᠷ᠎ᠠ ᠲᠠᠮᠠᠬᠢ ᠲᠠᠳᠠᠵᠣ ᠪᠠᠶᠢᠭᠰᠠᠨ᠃ ᠬᠠᠷ᠎ᠠ ᠲᠠᠮᠠᠬᠢ ᠲᠠᠳᠠᠬᠤ ᠨᠢ ᠲᠡᠷᠡ ᠦᠶ᠎ᠡ ᠶᠢᠨ ᠲᠡᠭᠡᠳᠣ ᠲᠠᠪᠬᠤᠷᠭ᠎ᠠ ᠶᠢᠨ ᠬᠦᠮᠦᠰ ᠤᠨ ᠰᠣᠷᠳᠣᠭᠤ ᠭᠠᠷᠭᠠᠳᠠᠭ ᠨᠢᠬᠡ ᠵᠦᠢᠯ ᠤᠨ ᠲᠠᠳᠬᠠᠯ ᠪᠠᠶᠢᠭᠰᠠᠨ ᠪᠣᠯᠣᠯᠳᠠᠢ᠃ ᠲᠠᠷᠢᠵᠠᠪ᠂ ᠨᠣᠭᠤᠨᠵᠠᠶᠠᠭ᠎ᠠ ᠬᠤᠶᠠᠭᠤᠯᠠ ᠮᠡᠨ ᠤ ᠬᠡᠳᠦᠬᠦᠯᠡ ᠶᠢ ᠦᠵᠡᠬᠡᠳ ᠲᠣᠬᠠᠢ ᠶᠢᠨ ᠦᠶ᠎ᠡ ᠶᠢᠨ ᠴᠠᠭᠠᠰᠣᠨ ᠵᠣᠭᠤᠰ ︵ᠮᠠᠨᠵᠣ ᠶᠢᠨ ᠴᠠᠭᠠᠰᠣᠨ ᠵᠣᠭᠤᠰ︶ 5 ᠲᠦᠭᠦᠷᠢᠭ  ᠭᠠᠷᠭᠠᠨ᠂ ᠰᠣᠷᠣᠭᠴᠢ ᠨᠢᠬᠡᠪᠣᠷᠢ ᠳᠤ ᠲᠦᠬᠡᠬᠡᠨ ᠦᠭᠬᠦᠪᠡ᠃ ᠪᠢᠳᠡ ᠬᠡᠳᠦᠬᠦᠯᠡ ᠡᠶᠢᠮᠣᠷᠬᠦ ᠱᠠᠩ ᠣᠯᠣᠨ᠎ᠠ ᠰᠠᠨᠠᠭ᠎ᠠ ᠵᠡᠬᠦᠳᠦᠨ ᠳᠤ ᠪᠠᠶᠢᠭᠰᠠᠨ ᠦᠬᠡᠢ ᠪᠣᠯᠬᠤᠷ ᠦᠨᠡᠬᠡᠷ ᠶᠠᠭᠠᠬᠢᠬᠤ ᠪᠠᠨ ᠣᠯᠬᠤ ᠦᠬᠡᠢ ᠪᠣᠯᠳᠠᠯ᠎ᠠ ᠪᠠᠶᠠᠷᠯᠠᠵᠠᠭᠠᠭᠰᠠᠨ ᠶᠣᠮ᠃        ᠰᠢ᠊᠂ ᠪᠠᠳᠣ᠄ ᠲᠠ ᠨᠣᠭᠤᠨᠵᠠᠶᠠᠭ᠎ᠠ ᠶᠢᠨ ᠲᠦᠷᠢ ᠪᠠᠶᠢᠳᠠᠯ ᠢ ᠴᠡᠬᠡᠵᠢᠯᠡᠵᠣ ᠪᠠᠶᠢᠨ᠎ᠠ ᠤᠤ︖ ᠪᠣᠣ ᠰᠢ ᠨᠠᠰᠣᠳᠠᠨ᠄ ᠨᠣᠭᠤᠨᠵᠠᠶᠠᠭ᠎ᠠ ᠬᠡᠵᠣ ᠦᠨᠳᠦᠷᠬᠡᠨ ᠰᠢᠭ ᠪᠠᠶ᠎ᠠ ᠲᠠᠢ᠂ ᠴᠠᠭᠠᠨ ᠬᠡᠬᠡᠬᠡᠨ ᠵᠢᠰᠣᠳᠠᠢ᠂ ᠲᠠᠪᠬᠤᠷ ᠨᠢᠳᠣᠳᠠᠢ᠂ ᠦᠩᠬᠡ ᠵᠢᠰᠣ ᠪᠠᠶ᠎ᠠ ᠪᠠᠶᠢᠳᠠᠯ ᠲᠡᠭᠰᠢᠬᠡᠨ ᠰᠠᠶᠢᠬᠠᠨ ᠲᠦᠷᠦᠭᠰᠡᠨ ᠬᠦᠮᠦᠨ᠃ ᠮᠠᠨ ᠳᠤ ᠵᠣᠭᠤᠰ ᠦᠭᠬᠦᠬᠦ ᠳᠤ ᠪᠠᠨ ᠢᠨᠢᠶᠡᠮᠰᠣᠭ᠍ᠯᠡᠵᠣ ᠪᠠᠶᠢᠭᠠᠳ ᠦᠬᠡ ᠶᠠᠷᠢᠵᠣ ᠪᠠᠶᠢᠭᠰᠠᠨ ᠢ ᠨᠢ ᠴᠡᠬᠡᠵᠢᠯᠡᠵᠣ ᠪᠠᠶᠢᠨ᠎ᠠ᠃ ᠶᠠᠮᠠᠷ ᠬᠤᠪᠴᠠᠰᠣ ᠡᠮᠣᠰᠴᠣ ᠪᠠᠶᠢᠭᠰᠠᠨ ᠢ ᠨᠢ ᠪᠣᠳᠣᠵᠣ ᠣᠯᠬᠤ ᠦᠬᠡᠢ ᠪᠠᠶᠢᠨ᠎ᠠ᠃ᠲᠠᠷᠠ ᠬᠠᠪᠢ ᠶᠢᠨ ᠬᠢᠨ ᠨᠣᠭᠤᠨᠵᠠᠶᠠᠭ᠎ᠠ ᠶᠢ ᠪᠦᠷ ︽ ᠯᠢᠩᠽᠢ︾ ᠬᠡᠵᠣ ᠬᠢᠳᠡᠳ ᠨᠡᠷ᠎ᠡ ᠪᠠᠷ ᠨᠢ ᠲᠠᠭᠤᠳᠠᠵᠠᠭᠠᠳᠠᠭ᠃ ᠡᠨᠡ ᠨᠢ ᠲᠣᠬᠠᠢ ᠶᠢᠨ ᠦᠶ᠎ᠡ ᠳᠤ ᠠᠣᠬᠠᠨ ᠣᠷᠴᠢᠮ ᠬᠢᠳᠡᠳ ᠰᠣᠶᠣᠯ ᠤᠨ ᠨᠦᠯᠦᠬᠡ ᠶᠡᠭᠡ ᠪᠠᠶᠢᠭᠰᠠᠨ ᠪᠠ ᠨᠣᠭᠤᠨᠵᠠᠶᠠᠭ᠎ᠠ ᠶᠢᠨ ᠨᠠᠭᠠᠴᠣ ᠶᠢᠨ ᠬᠢᠨ ᠨᠦᠯᠦᠬᠡ ᠶᠢ ᠬᠦᠷᠳᠡᠭᠰᠡᠨ ᠲᠠᠢ ᠬᠤᠯᠪᠣᠭ᠎ᠠ ᠲᠠᠢ᠃ ᠨᠣᠭᠤᠨᠵᠠᠶ᠋ᠭ᠎ᠠ ᠶᠢ ᠬᠦᠮᠦᠰ ᠪᠦᠷ ᠦᠩᠬᠡ ᠵᠢᠰᠣ ᠡᠷᠳᠡᠮ ᠮᠡᠳᠡᠯᠬᠡ ᠬᠤᠣᠰᠯᠠᠭᠰᠠᠨ ᠬᠦᠮᠦᠨ ᠬᠡᠵᠣ ᠶᠠᠷᠢᠳᠠᠭ᠃ ᠨᠣᠭᠤᠨᠵᠠᠶᠠᠭ᠎ᠠ  ᠪᠠᠭ᠎ᠠ  ᠠᠴᠠ ᠪᠠᠨ ᠪᠢᠴᠢᠭ ᠨᠣᠮ ᠲᠠᠢ ᠣᠶᠢᠷᠠᠳᠣᠨ ᠮᠣᠩᠭᠤᠯ ᠪᠢᠴᠢᠭ ᠢ ᠰᠠᠶᠢᠨ  ᠰᠣᠷᠴᠠᠢ᠃ ᠡᠨᠡ ᠨᠢ ᠨᠣᠭᠤᠨᠵᠠᠶᠠᠭ᠎ᠠ  ᠶᠢᠨ ᠬᠡᠷ ᠪᠦᠯᠢ ᠶᠢᠨ ᠨᠦᠯᠦᠬᠡ ᠲᠠᠢ ᠰᠢᠭᠤᠳ ᠬᠤᠯᠪᠣᠭ᠎ᠠ ᠲᠠᠢ᠃ ᠨᠣᠭᠤᠨᠵᠠᠶᠠᠭ᠎ᠠ ᠶᠢᠨ ᠡᠬᠡ ᠨᠢ᠂ ᠲᠠᠷᠣᠢ ᠪᠠᠷᠠᠭᠤᠨ ᠣᠩᠨᠢᠭᠤᠳ ᠤᠨ ᠲᠦᠷᠬᠦᠮ ᠲᠠᠢ ᠮᠧᠩ ᠣᠪᠣᠭᠳᠣ ᠹᠦᠵᠢᠨ ᠪᠣᠯ ᠪᠢᠴᠢᠭ ᠨᠣᠮ ᠦᠵᠡᠵᠣ ᠵᠠᠰᠠᠭ ᠲᠦᠷᠦ  ᠶᠢᠨ ᠶᠠᠪᠣᠳᠠᠯ ᠳᠤ ᠣᠷᠣᠯᠴᠠᠵᠣ ᠪᠠᠶᠢᠭᠰᠠᠨ ᠬᠡᠴᠡᠬᠦᠦ ᠬᠦᠮᠦᠨ ᠪᠠᠶᠢᠵᠠᠢ᠃ ᠯᠠᠮ᠎ᠠ ᠸᠠᠩ ᠨᠠᠰᠣ ᠪᠠᠷᠠᠬᠤ ᠦᠶ᠎ᠡ ᠳᠤ ᠬᠦᠣ ᠨᠢ ᠰᠠᠶ᠋ᠢ ᠠᠷᠪᠠᠨ ᠭᠤᠷᠪᠠᠳᠠᠢ ᠪᠠᠶᠢᠭᠰᠠᠨ ᠪᠣᠯᠬᠤᠷ ᠮᠧᠩ ᠣᠪᠣᠭᠳᠣ ᠹᠦᠵᠢᠨ ᠬᠤᠰᠢᠭᠤ ᠵᠠᠰᠠᠭ ᠤᠨ ᠡᠷᠬᠡ ᠶᠢ ᠬᠡᠳᠣᠨ ᠵᠢᠯ ᠪᠠᠷᠢᠵᠠᠢ᠃ ᠯᠾᠠᠵᠠᠯᠸᠠᠩᠴᠢᠨᠨᠣᠷᠪᠤ ᠠᠣᠬᠠᠨ ᠬᠤᠰᠢᠭᠤᠨ ᠤ ᠵᠠᠰᠠᠭ ᠸᠠᠩ ᠪᠣᠯᠬᠤ ᠠᠴᠠ ᠡᠮᠣᠨᠡᠬᠡᠨ᠂ ᠯᠠᠮᠠ ᠸᠠᠩ ᠤᠨ ᠲᠡᠬᠦᠦ ᠰᠠᠨ ᠶᠧ ᠶᠢᠨ ᠬᠦᠦ ᠠ᠊ ᠪᠠᠶᠢᠰᠡ᠂ ᠸᠠᠩ ᠤᠨ ᠰᠠᠭᠤᠷᠢᠨ ᠳᠤ ᠰᠠᠭᠤᠨ᠎ᠠ ᠬᠡᠮᠡᠨ  ᠹᠦᠵᠢᠨ ᠬᠠᠳᠣᠨ ᠪᠡ ᠯᠾᠠᠵᠠᠯᠸᠠᠩᠴᠢᠨᠨᠣᠷᠪᠤ ᠶᠢ ᠬᠤᠰᠢᠭᠤ ᠵᠠᠰᠠᠭ ᠤᠨ ᠲᠠᠮᠠᠭ᠎ᠠ ᠪᠠᠨ ᠲᠣᠰᠢᠶᠠ ᠬᠡᠵᠣ ᠰᠢᠬᠠᠮᠳᠣᠭᠤᠯᠪᠠ᠃ ᠹᠦᠵᠢᠨ ᠬᠠᠳᠣᠨ ᠠᠷᠭ᠎ᠠ ᠭᠠᠷᠭᠠᠵᠣ ᠲᠠᠮᠠᠭ᠎ᠠ   ᠪᠠᠨ ᠲᠣᠰᠢᠶᠠᠬᠤ ᠶᠢ ᠨᠢᠭᠤᠷ ᠲᠡᠭᠡᠷ᠎ᠡ ᠪᠠᠨ ᠵᠦᠪᠰᠢᠶᠡᠷᠡᠵᠣ᠂ ᠲᠠᠮᠠᠭᠠᠨ ᠮᠡᠶᠢᠷᠡᠨ ᠳᠤ ᠪᠠᠨ ᠲᠠᠮᠠᠭ᠎ᠠ ᠪᠠᠨ ᠦᠭᠴᠦ ᠨᠢᠭᠤᠯᠭᠠᠨ᠂ ᠪᠠᠷᠠᠭᠤᠨ ᠣᠩᠨᠢᠭᠤᠳ ᠲᠤ ᠪᠠᠶᠢᠭᠰᠠᠨ ᠲᠦᠷᠬᠦᠮ  ᠤᠨ ᠢᠶᠠᠨ ᠬᠦᠮᠦᠰ ᠲᠠᠢ ᠬᠠᠷᠢᠯᠴᠠᠭᠤᠯᠣᠨ᠂ ᠠ᠊ ᠪᠠᠶᠢᠰᠡ ᠶᠢ ᠿᠾᠧ ᠾᠧ ᠮᠣᠵᠢ ᠶᠢᠨ ᠬᠤᠰᠢᠭᠤᠨ ᠤ ᠶᠠᠪᠣᠳᠠᠯ ᠢ ᠬᠠᠮᠢᠶᠠᠷᠳᠠᠭ ᠰᠠᠶᠢᠳ ᠲᠤ ᠵᠠᠭᠠᠯᠳᠣᠭᠤᠯᠪᠠ᠃ ᠬᠤᠰᠢᠭᠤ ᠵᠠᠬᠢᠷᠣᠭᠴᠢ ᠰᠠᠶᠢᠳ ᠤᠨ ᠲᠡᠮᠵᠢᠯᠬᠡ ᠪᠠᠷ ᠹᠦᠵᠢᠨ ᠬᠠᠳᠣᠨ ᠬᠦᠣ ᠯᠾᠠᠵᠠᠯᠸᠠᠩᠴᠢᠨᠨᠣᠷᠪᠤ ᠪᠠᠨ1929  ᠣᠨ ᠳᠤ ᠬᠤᠰᠢᠭᠤᠨ ᠵᠠᠰᠠᠭ ᠨᠣᠶᠠᠨ ᠤ ᠰᠠᠭᠤᠷᠢᠨ ᠳᠤ ᠰᠠᠭᠤᠯᠭᠠᠭᠰᠠᠨ ᠪᠠᠶᠢᠨ᠎ᠠ᠃ ᠡᠨᠡ ᠪᠣᠯ ᠠᠣᠬᠠᠨ ᠬᠤᠰᠢᠭᠤᠨ ᠤ ᠬᠠᠮᠤᠭ ᠰᠡᠬᠦᠯᠴᠢ ᠶᠢᠨ ᠵᠠᠰᠠᠭ ᠸᠠᠩ᠂ ᠬᠦᠮᠦᠰ ᠪᠠᠰᠠ ᠯᠾᠠ᠊ ᠸᠠᠩ ᠬᠡᠵᠣ ᠲᠠᠭᠤᠳᠠᠳᠠᠭ᠃         ᠨᠣᠭᠤᠨᠵᠠᠶᠠᠭ᠎ᠠ ᠶᠢᠨ ᠪᠢᠴᠢᠭ ᠨᠣᠮ ᠳᠤ ᠲᠣᠷᠠᠳᠠᠢ ᠶᠢᠨ ᠪᠠᠰᠠ ᠨᠢᠬᠡ ᠰᠢᠯᠳᠠᠭᠠᠨ ᠪᠣᠯ ᠠᠬ᠎ᠠ ᠯᠾᠠ᠊ ᠸᠠᠩ  ᠤᠨ ᠢᠶᠠᠨ ᠨᠦᠯᠦᠬᠡ ᠶᠢ ᠬᠦᠷᠳᠡᠭᠰᠡᠨ ᠲᠠᠢ ᠬᠤᠯᠪᠣᠭ᠎ᠠ ᠲᠠᠢ᠃ ᠯᠾᠠ᠊ ᠸᠠᠩ  ᠪᠠᠭ᠎ᠠ ᠠᠴᠠ ᠪᠠᠨ ᠪᠣᠷᠬᠠᠨ ᠱᠠᠰᠢᠨ ᠢ ᠰᠢᠳᠦᠳᠡᠭ ᠮᠦᠷᠳᠡᠭᠡᠨ ᠡᠷᠳᠡᠨ ᠤ ᠨᠣᠮ ᠪᠢᠴᠢᠭ ᠣᠩᠰᠢᠬᠤ ᠲᠣᠷᠠᠳᠠᠢ ᠪᠠᠶᠢᠵᠣ᠂ ᠡᠷᠳᠡᠮᠳᠡᠨ ᠮᠡᠷᠭᠡᠳ ᠢ ᠪᠢᠰᠢᠷᠡᠳᠡᠭ ᠃ ᠪᠣᠷᠬᠠᠨ ᠱᠠᠰᠢᠨ ᠳᠤ ᠰᠦᠰᠦᠭᠯᠡᠳᠡᠭ ᠨᠢ ᠠᠪᠤ ᠶᠢᠨ ᠬᠢᠨ ᠨᠦᠯᠦᠬᠡ ᠪᠠᠶᠢᠬᠤ ᠨᠢ ᠲᠠᠮᠵᠢᠭ ᠦᠬᠡᠢ  ᠂ ᠯᠠᠮᠠ ᠸᠠᠩ  ᠤᠨ ᠬᠦᠦ  ᠶᠣᠮ ᠴᠢᠨᠢ᠃ ᠯᠾᠠ᠊ ᠸᠠᠩ   ᠤᠨ ᠶᠠᠪᠣᠯᠴᠠᠳᠠᠭ ᠰᠠᠶᠢᠨ ᠠᠬ᠎ᠠ ᠲᠡᠬᠦᠦ ᠨᠠᠷ ᠤᠨ ᠲᠣᠳᠣᠷ᠎ᠠ ᠬᠠᠷᠠᠴᠢᠨ ᠪᠠᠷᠠᠭᠤᠨ ᠭᠠᠷᠣᠨ ᠬᠤᠰᠢᠭᠤᠨ ᠤ ᠴᠣᠶᠢᠵᠢ ︵ᠯᠢ ᠬᠤᠸᠠ ᠲᠢᠩ︶ ᠵᠡᠷᠭᠡ ᠡᠷᠳᠡ ᠰᠡᠭᠡᠭᠡᠷᠡᠭᠰᠡᠨ ᠬᠦᠮᠦᠰ ᠪᠠᠶᠢᠵᠠᠢ᠃ ᠨᠣᠭᠤᠨᠵᠠᠶᠠᠭ᠎ᠠ ᠴᠣ᠋ ᠡᠨᠡ ᠬᠠᠷᠢᠴᠠᠭ᠎ᠠ ᠪᠠᠷ ᠲᠠᠮᠵᠢᠨ ᠬᠠᠷᠠᠴᠢᠨ ᠪᠠᠷᠠᠭᠤᠨ ᠭᠠᠷᠣᠨ ᠬᠤᠰᠢᠭᠤᠨ ᠤ ᠪᠢᠴᠢᠭ ᠤᠨ ᠣᠯᠣᠰ ᠲᠠᠢ ᠶᠠᠪᠣᠯᠴᠠᠳᠠᠭ ᠪᠠᠶᠢᠵᠠᠢ᠃ ᠶᠠᠭ ᠡᠶᠢᠮᠣ ᠣᠷᠴᠢᠨ ᠲᠣᠭᠤᠷᠢᠨ ᠳᠤ ᠦᠰᠦᠭᠰᠡᠨ ᠪᠣᠯᠬᠤᠷ ᠪᠢᠴᠢᠭ ᠨᠣᠮ  ᠳᠤ ᠲᠣᠷᠠᠳᠠᠢ ᠪᠣᠯᠣᠭᠰᠠᠨ ᠪᠠᠶᠢᠵᠠᠢ᠃  ᠪᠠᠰᠠ ᠨᠢᠬᠡ ᠣᠴᠢᠷ ᠬᠡᠪᠡᠯ ᠨᠣᠭᠤᠨᠵᠠᠶᠠᠭ᠎ᠠ  ᠪᠠᠭᠠᠷᠢᠨ ᠳᠤ ᠮᠣᠷᠳᠠᠬᠤ ᠪᠠᠨ ᠴᠣ᠋ ᠦᠪᠡᠷ ᠤᠨ ᠦᠵᠡᠬᠦ ᠲᠣᠷᠠᠳᠠᠢ ᠮᠠᠰᠢ ᠠᠷᠪᠢᠨ ᠨᠣᠮ ᠪᠢᠴᠢᠭ ᠢᠶᠠᠨ ᠠᠪᠴᠣ ᠶᠠᠪᠣᠯ᠎ᠠ ᠬᠡᠳᠡᠭ᠃ ᠬᠤᠵᠢᠮ ᠨᠢ ᠲᠡᠷᠡ ᠬᠠᠪᠢ ᠶᠢᠨ ᠬᠦᠮᠦᠰ ᠠᠴᠠ ᠰᠣᠨᠣᠰᠣᠭᠰᠠᠨ ᠢᠶᠠᠷ ᠨᠣᠭᠤᠨᠵᠠᠶᠠᠭ᠎ᠠ ᠬᠦᠨ ᠣᠷᠳᠣᠨ ᠤ ᠬᠡᠬᠡ ᠶᠢᠨ ᠲᠡᠭᠡᠷᠡᠩᠭᠦᠢ ᠵᠠᠩ ᠦᠬᠡᠢ᠂  ᠲᠦᠯᠬᠡᠨ ᠲᠠᠷᠣᠣ ᠵᠠᠩ ᠠᠭᠠᠰᠢ ᠲᠠᠢ᠂ ᠵᠠᠷᠣᠴᠠ ᠲᠠᠭᠠᠯᠳᠠ ᠳᠤ ᠪᠠᠨ ᠡᠶᠡᠯᠰᠡᠭ ᠬᠠᠨᠳᠣᠳᠠᠭ ᠵᠠᠩ ᠰᠠᠶᠢᠳᠠᠢ ᠬᠦᠮᠦᠨ ᠪᠠᠶᠢᠵᠠᠢ᠃ ᠪᠠᠭᠠᠷᠢᠨ ᠳᠤ ᠮᠣᠷᠳᠠᠭᠰᠠᠨ ᠤ ᠲᠠᠷᠠᠭ᠎ᠠ ᠴᠣ᠋ ᠲᠡᠨᠳᠡᠬᠢ ᠵᠠᠷᠣᠭᠳᠠᠵᠣ ᠪᠠᠷᠢᠭᠳᠠᠵᠣ ᠪᠠᠶᠢᠭᠰᠠᠨ ᠬᠦᠮᠦᠰ ᠲᠤ ᠪᠠᠨ ᠲᠣᠩ ᠰᠠᠶᠢᠨ ᠪᠠᠶᠢᠵᠣ᠂ ᠨᠣᠳᠤᠭ ᠪᠠᠨ ᠰᠠᠨᠠᠨ ᠮᠦᠷᠦᠭᠡᠳᠴᠣ ᠪᠠᠶᠢᠭᠰᠠᠨ ᠰᠡᠳᠬᠢᠯᠬᠡ  ᠪᠠᠨ ᠬᠤᠪᠢᠶᠠᠯᠴᠠᠵᠣ ᠬᠠᠮᠢᠶ᠎ᠠ ᠦᠬᠡᠢ ᠶᠠᠷᠢᠳᠠᠭ ᠪᠠᠶᠢᠵᠠᠢ᠃  ᠨᠣᠭᠤᠨᠵᠠᠶᠠᠭ᠎ᠠ ᠶᠢᠨ 29 ᠨᠠᠰᠣᠯᠠᠳᠠᠯ᠎ᠠ ᠬᠠᠷᠢ ᠳᠤ ᠮᠣᠷᠳᠠᠭᠰᠠᠨ ᠦᠬᠡᠢ ᠶᠢᠨ ᠰᠢᠯᠳᠠᠭᠠᠨ ᠪᠣᠯ ᠨᠢᠬᠡ ᠨᠢ ᠡᠬᠦᠳᠡ ᠡᠷᠦᠬᠡ ᠲᠡᠩᠴᠡᠬᠦ ᠠᠶᠢᠯ ᠤᠨ ᠲᠣᠭᠤᠭᠳᠠᠮᠠᠷ ᠵᠠᠯᠠᠭᠤᠴᠣᠳ ᠬᠠᠷᠭᠤᠭᠰᠠᠨ ᠦᠬᠡᠢ᠂ ᠨᠦᠬᠦᠬᠡ ᠨᠢ ᠨᠣᠭᠤᠨᠵᠠᠶᠠᠭ᠎ᠠ ᠵᠠᠯᠠᠭᠤ ᠪᠠᠭ᠎ᠠ ᠠᠴᠠ ᠪᠠᠨ ᠠᠭᠤᠰᠬᠢᠨ ᠰᠦᠷᠢᠶ᠎ᠡ ᠡᠪᠡᠳᠴᠢᠨ ᠣᠯᠵᠣ᠂ ᠡᠪᠡᠳᠴᠢᠨ ᠤ ᠰᠢᠯᠳᠠᠭ ᠢᠶᠠᠷ ᠬᠠᠷᠢ ᠳᠤ ᠮᠣᠷᠳᠠᠭᠠᠳᠣᠢ ᠪᠠᠶᠢᠵᠠᠢ᠃         ᠰᠢ᠊᠂ ᠪᠠᠳᠣ᠄ ᠲᠠ ᠲᠠᠷᠢᠵᠠᠪ   ᠤᠨ ᠲᠣᠬᠠᠢ  ᠶᠠᠷᠢᠭᠠᠳ ᠦᠭᠬᠦᠨ᠎ᠡ ᠤᠤ︖         ᠪᠣᠣ ᠰᠢ ᠨᠠᠰᠣᠳᠠᠨ᠄ ᠲᠠᠷᠪᠠ ᠯᠠᠮ᠎ᠠ᠂ ᠲᠠᠷᠢᠵᠠᠪ ᠲᠣᠸᠠᠨᠵᠠᠩ ︵ᠬᠤᠷᠢᠶᠠᠨ ᠲᠠᠷᠤᠭ᠎ᠠ︶ ᠬᠡᠪᠡᠯ ᠵᠣᠣ ᠣᠳᠠ ᠶᠢᠨ ᠮᠣᠩᠭᠤᠯᠴᠣᠳ ᠪᠠᠷᠤᠭ ᠮᠡᠳᠡᠬᠦ ᠦᠬᠡᠢ ᠬᠦᠮᠦᠨ ᠪᠠᠶᠢᠬᠤ ᠦᠬᠡᠢ᠃ ᠲᠡᠷᠡ ᠦᠶ᠎ᠡ ᠶᠢᠨ ᠨᠡᠷᠡᠳᠡᠢ ᠮᠣᠩᠭᠤᠯ ᠪᠠᠶᠠᠴᠣᠳ᠃ ᠲᠠᠷᠢᠵᠠᠪ ᠤᠨ ᠣᠭ ᠨᠣᠳᠤᠭ ᠨᠢ ᠣᠳᠣ ᠶᠢᠨ ᠣᠩᠨᠢᠭᠤᠳ ᠬᠤᠰᠢᠭᠤᠨ ᠤ ᠠᠰᠢᠬᠠᠨ ᠰᠣᠮᠣᠨ ᠤ ᠳ᠋ᠠ ᠶᠢᠩᠽᠢ ᠠᠶᠢᠯ᠃ ᠠᠪᠤ ᠪᠠᠨ ᠲᠠᠭᠠᠭᠠᠳ ᠵᠡᠬᠦᠨ ᠪᠠᠭᠠᠷᠢᠨ ᠳᠤ ᠨᠡᠬᠦᠵᠣ ᠣᠴᠢᠭᠠᠳ ᠶᠡᠭᠡ ᠪᠠᠶᠠᠵᠢᠨ ᠬᠤᠵᠢᠮ ᠨᠢ ᠲᠡᠭᠡᠷᠡᠮ ᠤᠨ ᠲᠦᠷᠦᠬᠦᠦ  ᠪᠣᠯᠵᠠᠢ᠃ ᠨᠡᠬᠦᠵᠣ ᠣᠴᠢᠭᠰᠠᠨ ᠭᠠᠵᠠᠷ ᠨᠢ ᠯᠢᠨᠳᠣᠩ ᠤᠨ ᠬᠤᠶᠢᠨᠠᠬᠢ  ᠬᠤᠸᠠ ᠵᠢᠯᠠᠭ᠎ᠠ ᠶᠢᠨ  ᠣᠷᠴᠢᠮ ᠤᠨ ᠭᠠᠵᠠᠷ᠂ ᠰᠡᠬᠦᠯ ᠳᠤ ᠨᠢ ᠯᠢᠨᠳᠦᠩ ᠵᠡᠬᠡᠯᠢ ᠳᠤ ᠨᠡᠬᠦᠵᠣ ᠢᠷᠡᠭᠡᠳ ᠶᠡᠭᠡ ᠪᠠᠶᠠᠵᠢᠭᠰᠠᠨ ᠪᠠᠶᠢᠵᠠᠢ᠃ ᠬᠤᠸᠠ ᠵᠢᠯᠭ᠎ᠠ ᠬᠡᠵᠣ ᠯᠢᠨᠳᠦᠩ ᠠᠴᠠ ᠬᠤᠶᠢᠰᠢ ᠭᠤᠴᠢᠭᠠᠳ ᠭᠠᠵᠠᠷ ᠵᠠᠶᠢᠳᠠᠢ ᠪᠠᠶᠢᠳᠠᠭ  ᠂ ᠮᠠᠨ ᠤ ᠠᠳᠡᠬᠢ ᠣᠷᠢᠳᠣ ᠶᠢᠨ ᠲᠠᠪᠣᠰᠣᠨ ᠠᠶᠠᠨ ᠳᠤ ᠶᠠᠪᠣᠵᠣ ᠪᠠᠶᠢᠭᠰᠠᠨ ᠬᠦᠮᠦᠰ ᠪᠦᠷ  ᠮᠡᠳᠡᠨ᠎ᠡ᠃ ᠬᠠᠭᠤᠷᠮᠠᠭ ᠮᠠᠨᠵᠣ ᠶᠢᠨ ᠬᠢᠨ ᠮᠣᠩᠭᠤᠯ ᠨᠣᠳᠤᠭ ᠤᠨ ᠰᠠᠶᠢᠨ ᠡᠷᠡᠴᠣᠳ᠂ ᠲᠡᠭᠡᠷᠡᠮ ᠤᠨ ᠲᠦᠷᠦᠬᠦᠦ ᠶᠢ ᠴᠡᠷᠢᠭ ᠲᠤ ᠪᠠᠨ ᠣᠷᠣᠭᠤᠯᠵᠣ ᠠᠪᠬᠤ ᠦᠶ᠎ᠡ ᠳᠤ ᠲᠠᠷᠢᠵᠠᠪ ᠵᠡᠬᠦᠨ ᠪᠠᠭᠠᠷᠢᠨ ᠤ  ᠭᠤᠷᠪᠠᠳᠣᠭᠠᠡᠷ ᠲᠣᠸᠠᠨ ᠳᠤ ᠲᠣᠸᠠᠨᠵᠠᠩ ︵ᠬᠤᠷᠢᠶᠠᠨ ᠲᠠᠷᠤᠭ᠎ᠠ︶ ᠪᠣᠯᠵᠣ᠂  ᠲᠡᠮᠡᠢ ᠣᠳᠠᠭᠰᠠᠨ ᠦᠬᠡᠢ ᠯᠢᠨᠰᠢ ᠳᠤ ᠰᠢᠯᠵᠢᠵᠣ ᠲᠣᠯᠣᠳᠣᠭᠠᠷ ᠲᠣᠸᠠᠨ ᠤ ᠲᠣᠸᠠᠨᠵᠠᠩ ︵ᠬᠤᠷᠢᠶᠠᠨ ᠲᠠᠷᠤᠭ᠎ᠠ︶ ᠪᠣᠯᠵᠣ ᠦᠩᠬᠡᠷᠡᠭᠰᠡᠨ ᠪᠠᠶᠢᠨ᠎ᠠ᠃ ᠵᠠᠬᠦᠨ ᠪᠠᠭᠠᠷᠢᠨ ᠤ ᠴᠢᠩᠵᠣᠷᠢᠭᠳᠣ ︵ᠾᠧ ᠽᠢ ᠵᠠᠩ︶ ᠲᠠᠢ ᠵᠦᠷᠢᠴᠡᠯ ᠭᠠᠷᠴᠣ᠂ ᠺᠠᠶᠢᠯᠣ ᠳᠤ ᠲᠣᠳᠠᠭᠠᠨ ᠣᠴᠢᠵᠣ ᠯᠢ ᠱᠸᠣ ᠱᠧᠨ ᠤ ᠲᠣᠣᠷ᠎ᠠ ᠴᠡᠷᠢᠭ  ᠤᠨ ᠨᠣᠶᠠᠨ ᠪᠣᠯᠵᠣ ᠦᠩᠬᠡᠷᠡᠯ᠎ᠡ ᠬᠡᠳᠡᠭ᠃ ᠴᠢᠯᠦᠬᠡᠯᠡᠬᠦ ᠲᠡᠶᠢᠨ ᠤ ᠰᠡᠬᠦᠯᠴᠢ ᠶᠢᠨ ᠦᠶ᠎ᠡ ᠳᠤ ᠭᠤᠮᠢᠨᠳᠠᠩ ᠤᠨ  ᠢᠯᠠᠭᠳᠠᠬᠤ ᠶᠢ ᠲᠠᠭᠠᠯᠳᠣᠨ᠂ ᠨᠣᠳᠤᠭ ᠤᠨ ᠲᠡᠬᠡᠷᠡᠮ ᠤᠨ ᠬᠡᠳᠣᠨ ᠲᠦᠷᠦᠬᠦᠦ ᠲᠠᠢ ᠬᠠᠮᠳᠣ ᠠᠯᠠᠱᠠ ᠠᠶᠢᠮᠠᠭ ᠲᠤ ᠲᠣᠳᠠᠭᠠᠨ ᠬᠦᠷᠴᠦ ᠳ᠋ᠧ ᠸᠠᠩ ᠤᠨ ᠴᠡᠷᠢᠭ ᠲᠤ ᠣᠷᠣᠭᠰᠠᠨ ᠪᠠᠶᠢᠨ᠎ᠠ᠃ ᠳ᠋ᠧ ᠸᠠᠩ ︵ᠲᠡᠮᠴᠦᠭᠳᠣᠩᠷᠣᠪ︶ ᠠᠷᠣ ᠮᠣᠩᠭᠤᠯ ᠳᠤ ᠭᠠᠷᠣᠭᠰᠠᠨ ᠤ ᠲᠠᠷᠠᠭ᠎ᠠ᠂ ᠲᠠᠷᠢᠵᠠᠪ ᠴᠠᠭ ᠤᠨ ᠪᠠᠶᠢᠳᠠᠯ ᠢ ᠦᠵᠡᠨ ᠭᠠᠷᠴᠣ᠂ ᠲᠠᠷᠪᠠ ᠨᠠᠷ ᠲᠠᠢ  ᠵᠦᠪᠳᠡᠨ ᠠᠯᠢ ᠵᠠᠮ ᠢ ᠰᠣᠩᠭᠤᠵᠣ ᠬᠠᠮᠢᠭᠠᠰᠢ ᠶᠠᠪᠣᠬᠤ ᠪᠠᠨ ᠲᠣᠭᠳᠠᠭᠰᠠᠨ ᠪᠠᠶᠢᠨ᠎ᠠ᠃ 1950 ᠣᠨ ᠤᠨ ᠡᠬᠢ  ᠪᠠᠷ ᠨᠠᠢᠮᠠᠨ ᠵᠠᠮ ᠤᠨ ᠴᠡᠷᠢᠭ ᠲᠤ ᠪᠠᠭᠤᠨ ᠦᠭᠴᠦ᠂ ᠬᠤᠪᠢᠰᠬᠠᠯ ᠤᠨ ᠵᠠᠮ ᠢ ᠰᠣᠩᠭᠤᠭᠰᠠᠨ ᠪᠠᠶᠢᠨ᠎ᠠ᠃ ᠲᠠᠷᠢᠵᠠᠪ ᠨᠣᠭᠤᠨᠵᠠᠶᠠᠭ᠎ᠠ ᠲᠠᠢ ᠬᠤᠷᠢᠮᠯᠠᠬᠤ ᠠᠴᠠ ᠡᠮᠣᠨ᠎ᠡ ᠬᠤᠶᠠᠷ ᠣᠳᠠᠭ᠎ᠠ ᠬᠤᠷᠢᠮᠯᠠᠵᠣ ᠦᠩᠬᠡᠷᠡᠯ᠎ᠡ ᠬᠡᠳᠡᠭ᠃         ᠰᠢ᠊᠂ ᠪᠠᠳᠣ᠄  ︽ᠨᠣᠭᠤᠨᠵᠠᠶᠠᠭ᠎ᠠ  ︾ ᠶᠢᠨ ᠦᠬᠡ ᠠᠶ᠎ᠠ ᠶᠢ ᠨᠢ ᠠᠯᠢ ᠦᠶ᠎ᠠ ᠳᠤ ᠬᠡᠨ ᠵᠣᠬᠢᠶᠠᠭᠰᠠᠨ ᠪᠣᠯ︖         ᠪᠣᠣ ᠰᠢ ᠨᠠᠰᠣᠳᠠᠨ᠄ ᠪᠠᠭᠠᠷᠢᠨ ᠳᠤ ᠮᠣᠷᠳᠠᠭᠰᠠᠨ ᠤ ᠪᠠᠨ ᠲᠠᠷᠠᠭ᠎ᠠ ᠨᠣᠭᠤᠨᠵᠠᠶᠠᠭ᠎ᠠ ᠠᠭᠤᠰᠬᠢᠨ ᠰᠦᠷᠢᠶ᠎ᠡ ᠡᠪᠡᠳᠴᠢᠨ ᠨᠢ ᠠᠬᠠᠳᠠᠵᠣ  ᠂ ᠵᠢᠯ ᠰᠢᠬᠠᠮ ᠪᠣᠯᠣᠭᠠᠳ ᠡᠪᠡᠳᠴᠢᠨ ᠨᠢ ᠢᠯᠡᠷᠢ ᠪᠣᠯᠣᠭᠰᠠᠨ ᠦᠬᠡᠢ ᠦᠩᠭᠡᠷᠡᠭᠰᠡᠨ ᠪᠠᠶᠢᠨ᠎ᠠ᠃ ᠲᠣᠬᠠᠢ ᠶᠢᠨ ᠦᠶ᠎ᠡ ᠳᠤ ᠲᠠᠷᠢᠵᠠᠪ ᠤᠨ ᠬᠡᠷ ᠲᠤ ᠪᠢᠶᠠᠨᠳᠠ ᠪᠠ ᠬᠡᠵᠢᠭᠡᠳᠣ ᠬᠡᠳᠡᠭ ᠬᠤᠴᠢ ᠨᠡᠷ᠎ᠡ ᠲᠠᠢ ᠬᠤᠶᠠᠷ ᠠᠳᠣᠭᠤᠴᠢᠨ ᠪᠠᠶᠢᠵᠠᠢ᠃  ᠦᠨᠡᠨ ᠨᠡᠷ᠎ᠡ ᠶᠢ ᠨᠢ ᠮᠡᠳᠡᠬᠦ ᠦᠬᠡᠢ᠂ ᠪᠢᠶᠠᠨᠳᠠ ᠬᠡᠳᠡᠭ ᠨᠢ ᠬᠠᠪᠳᠠᠭᠠᠢ ᠲᠣᠯᠣᠭᠠᠢ ᠲᠠᠢ  ᠠᠳᠣᠭᠤᠴᠢᠨ ᠢᠶᠠᠨ ᠱᠣᠭᠯᠠᠨ ᠲᠠᠭᠤᠳᠠᠭᠰᠠᠨ ᠨᠡᠷ᠎ᠡ᠂ ᠬᠡᠵᠢᠬᠡᠳᠣ ᠬᠡᠳᠡᠭ ᠨᠢ ᠬᠠᠭᠤᠴᠢᠨ ᠶᠣᠰᠣᠭᠠᠷ ᠬᠡᠵᠢᠬᠡ ᠬᠦᠷᠦᠵᠣ ᠪᠠᠶᠢᠭᠰᠠᠨ ᠠᠳᠣᠭᠤᠴᠢᠨ ᠬᠦᠮᠦᠨ ᠪᠣᠯᠣᠯᠳᠠᠢ᠃ ᠡᠨᠡ ᠬᠤᠶᠠᠭᠤᠯᠡ ᠨᠣᠭᠤᠨᠵᠠᠶᠠᠭ᠎ᠠ ᠶᠢᠨ ᠲᠦᠷᠬᠦᠮ ᠢᠶᠠᠨ ᠰᠠᠨᠠᠨ ᠮᠦᠷᠦᠭᠡᠳᠦᠭᠰᠡᠨ ᠵᠣᠪᠠᠭᠤᠷᠢᠳᠣ ᠰᠡᠳᠬᠢᠯ ᠢ ᠲᠣᠩ ᠣᠶᠢᠯᠠᠭᠠᠳᠠᠭ ᠪᠣᠯᠬᠤᠷ  ︽ᠨᠣᠭᠤᠨᠵᠠᠶᠠᠭ᠎ᠠ︾ ᠬᠡᠰᠡᠨ ᠠᠷᠠᠳ ᠤᠨ ᠲᠠᠭᠤᠣ ᠶᠢ ᠵᠣᠬᠢᠶᠠᠯ᠎ᠠ ᠬᠡᠳᠡᠭ᠃ ᠲᠠᠭᠤᠨ ᠳᠠᠬᠢ ︽ᠯᠣᠤᠬ᠎ᠠ ᠶᠢᠨ ᠭᠤᠣᠯ  ᠤᠨ ᠬᠦᠪᠡᠭᠡ ᠪᠠᠷ ᠨᠣᠭᠳᠣ ᠪᠠᠨ ᠴᠢᠷᠦᠭᠰᠡᠨ ᠮᠣᠷᠢ ᠁︾ ᠭᠡᠳᠡᠭ ᠦᠭᠡ ᠨᠢ ᠦᠨᠡᠨ ᠶᠠᠪᠣᠳᠠᠯ ᠠᠴᠠ  ᠰᠡᠳᠣᠪ  ᠲᠠᠢ᠃ ᠲᠡᠭᠡᠷ᠎ᠡ ᠶᠠᠷᠢᠭᠰᠡᠨ ᠬᠠᠳᠠᠮ ᠤᠨ ᠲᠠᠯ᠎ᠠ ᠶᠢᠨ ᠶᠢᠰᠦ ᠶᠢᠰᠦ ᠶᠢᠨ ᠪᠡᠯᠡᠭ   ᠳᠤ ᠢᠷᠡᠭᠰᠡᠨ ᠮᠣᠷᠢᠳ ᠤᠨ ᠲᠣᠳᠣᠷ᠎ᠠ ᠠᠴᠠ ᠬᠠᠮᠤᠭ ᠰᠠᠶᠢᠨ ᠢ ᠨᠢ ᠰᠣᠩᠭᠤᠵᠣ᠂ ᠨᠣᠭᠤᠨᠵᠠᠶᠠᠭ᠎ᠠ ᠶᠢᠨ ᠲᠦᠷᠬᠦᠮ ᠤᠨ ᠬᠢᠨ ᠨᠢ ᠲᠡᠭᠦᠨ ᠤ ᠨᠠᠭᠠᠴᠣ ᠪᠣᠯᠬᠤ ᠮᠧᠩ ᠣᠪᠣᠭᠳᠣ ︵ᠹᠦᠵᠢᠨ ᠬᠠᠳᠣᠨ ᠤ ᠠᠬ᠎ᠠ ᠨᠢ ᠶᠣᠮ ᠤᠤ ᠲᠡᠭᠦᠦ ᠨᠢ ᠶᠣᠮ ᠤᠤ ᠰᠠᠶᠢᠨ ᠮᠡᠳᠡᠬᠦ ᠦᠬᠡᠢ︶ ᠳᠤ ᠪᠡᠯᠡᠭᠯᠡᠭᠰᠡᠨ ᠪᠠᠶᠢᠨ᠎ᠠ᠃ ᠵᠠᠷᠢᠮ ᠨᠢ ᠬᠡᠬᠡᠷ ᠮᠣᠷᠢ ᠬᠡᠬᠦ ᠶᠣᠮ᠂ ᠵᠠᠷᠢᠮ ᠨᠢ ᠬᠤᠯᠠ ᠮᠣᠷᠢ ᠬᠡᠳᠡᠭ ᠶᠣᠮ ᠃  ᠲᠠᠷᠠᠭ᠎ᠠ ᠵᠢᠯ ᠤᠨ ᠬᠢᠨ ᠬᠠᠪᠣᠷ ᠨᠣᠭᠤᠭ᠎ᠠ ᠭᠠᠷᠬᠤ ᠦᠶ᠎ᠡ ᠪᠠᠷ ᠡᠨᠡ ᠮᠣᠷᠢ ᠪᠡᠯᠴᠢᠭᠡᠷ ᠢᠶᠠᠨ ᠰᠠᠨᠠᠵᠣ ᠢᠵᠢᠯᠢ  ᠪᠠᠨ ᠡᠷᠢᠵᠣ᠂ ᠮᠧᠩ ᠣᠪᠣᠭᠳᠣ ᠶᠢᠨ ᠬᠦᠷᠢᠶᠡᠨ ᠠᠴᠠ ᠴᠣᠯᠪᠣᠭᠤᠷ ᠢᠶᠠᠨ ᠲᠠᠰᠣᠳᠠᠨ ᠬᠡᠳᠣᠨ ᠬᠤᠰᠢᠭᠤᠨ ᠤ ᠪᠡᠯᠴᠢᠬᠡᠷ ᠲᠠᠮᠵᠢᠨ᠂ ᠠᠭᠤᠯᠠ ᠲᠠᠯ᠎ᠠ ᠭᠤᠣᠯ ᠮᠦᠷᠡᠨ ᠢ ᠠᠵᠢᠭ ᠦᠬᠡᠢ ᠲᠣᠭᠤᠯᠵᠣ᠂ ᠨᠣᠳᠤᠭ ᠲᠤ ᠪᠠᠨ ᠬᠠᠷᠢᠵᠣ ᠢᠵᠢᠯᠢ ᠲᠤ ᠪᠠᠨ ᠠᠭᠤᠯᠵᠠᠨ᠎ᠠ ᠬᠡᠳᠡᠭ  ᠨᠢᠬᠡᠯᠡ ᠪᠣᠳᠣᠯ ᠢᠶᠠᠷ ᠲᠠᠰᠣᠷᠬᠠᠢ ᠴᠣᠯᠪᠣᠭᠤᠷ ᠢᠶᠠᠨ ᠴᠢᠷᠣᠭ᠍ᠰᠡᠭᠡᠷ ᠬᠤᠸᠠ ᠵᠢᠯᠭ᠎ᠠ ᠶᠢᠨ ᠪᠠᠯᠴᠢᠭᠡᠷ   ᠲᠤ ᠪᠠᠨ ᠬᠠᠷᠢᠭᠰᠠᠨ ᠪᠠᠶᠢᠨ᠎ᠠ᠃ ᠨᠣᠳᠤᠭ ᠲᠠᠭᠠᠨ ᠬᠠᠷᠢᠵᠣ ᠢᠷᠡᠭᠰᠡᠨ ᠮᠣᠷᠢ ᠪᠠᠨ ᠦᠵᠡᠭᠡᠳ ᠬᠤᠶᠠᠷ ᠠᠳᠣᠭᠤᠴᠢᠨ ᠲᠣᠶᠢᠯ ᠪᠠᠷ ᠰᠡᠳᠬᠢᠯ ᠬᠦᠳᠡᠯᠵᠣ ᠨᠢᠯᠪᠣᠰᠣ ᠣᠨᠠᠭᠠᠨ᠂ ᠪᠠᠯᠴᠢᠭᠡᠷ ᠲᠤ ᠪᠠᠨ ᠬᠠᠷᠢᠵᠣ ᠢᠷᠡᠭᠰᠡᠨ ᠭᠠᠵᠠᠷᠴᠢ ᠮᠣᠷᠢ ᠪᠠ ᠲᠦᠷᠬᠦᠮ ᠢᠶᠠᠨ ᠰᠠᠨᠠᠭᠰᠠᠨ ᠨᠣᠭᠤᠨᠵᠠᠶᠠᠭ᠎ᠠ ᠶᠢᠨ ᠰᠡᠳᠬᠢᠯᠬᠡ ᠶᠢ ᠠᠭᠤᠰᠬᠠᠨ ᠲᠣᠰ ᠲᠠᠭᠤᠨ ᠤ ᠠᠩᠬᠠᠨ ᠤ ᠦᠬᠡ ᠶᠢ ᠵᠣᠬᠢᠶᠠᠵᠣ᠂ ᠣᠳᠣ ᠶᠢᠨ ᠲᠠᠭᠤᠯᠠᠭᠳᠠᠵᠣ ᠪᠠᠶᠢᠭ᠎ᠠ ᠡᠨᠡ ᠠᠶ᠎ᠠ ᠲᠡᠭᠡᠷ᠎ᠡ ᠲᠠᠭᠤᠯᠠᠭᠰᠠᠨ ᠪᠠᠶᠢᠨ᠎ᠠ᠃         ᠲᠣᠰ ᠲᠠᠭᠤᠣ ᠶᠢᠨ ᠠᠶ᠎ᠠ ᠨᠢ ᠡᠷᠳᠡ ᠦᠶ᠎ᠡ ᠠᠷᠠᠳ ᠤᠨ ᠲᠣᠮᠳᠠ ᠣᠯᠠᠮᠵᠢᠯᠠᠭᠳᠠᠵᠣ ᠪᠠᠶᠢᠭᠰᠠᠨ ᠠᠶ᠎ᠠ ᠪᠣᠯᠣᠨ᠎ᠠ᠃ ᠠᠷᠠᠳ ᠤᠨ ᠲᠠᠭᠤᠨ ᠤ ᠠᠶ᠎ᠠ ᠬᠡᠳᠡᠭ ᠴᠢᠨᠢ ᠦᠶ᠎ᠡ ᠲᠠᠮᠵᠢᠨ ᠣᠯᠠᠮᠵᠢᠯᠠᠭᠳᠠᠵᠣ᠂ ᠠᠷᠠᠳ ᠤᠨ ᠲᠣᠮᠳᠠ ᠠᠶᠠᠨᠳᠠᠭᠠᠨ ᠪᠣᠯᠪᠠᠰᠣᠷᠠᠭᠳᠠᠵᠣ᠂ ᠬᠡᠪᠰᠢᠨ ᠵᠦᠭᠰᠢᠷᠡᠵᠣ ᠰᠢᠯᠢᠳᠡᠭ ᠠᠷᠠᠳ ᠤᠨ ᠲᠠᠭᠤᠣ ᠪᠣᠢ ᠪᠣᠯᠵᠣ ᠦᠶ᠎ᠡ ᠲᠠᠮᠵᠢᠨ ᠲᠠᠭᠤᠯᠠᠭᠳᠠᠳᠠᠭ᠃  ︽ᠨᠣᠭᠤᠨᠵᠠᠶᠠᠭ᠎ᠠ︾ ᠶᠢᠨ ᠠᠶ᠎ᠠ ᠴᠣ᠋ ᠡᠶᠢᠮᠣ ᠪᠠᠶᠢᠬᠤ ᠶᠣᠰᠣᠳᠠᠢ ᠬᠡᠵᠣ ᠪᠢ ᠪᠣᠳᠣᠳᠠᠭ᠃ ᠬᠠᠷᠢᠨ ᠦᠭᠡ ᠨᠢ ᠨᠣᠳᠤᠭ ᠨᠣᠳᠤᠭ ᠤᠨ ᠬᠤᠪᠢᠯᠪᠣᠷᠢ ᠲᠠᠢ ᠴᠣ᠋ ᠣᠳᠣ ᠶᠢᠨ ᠲᠠᠭᠤᠯᠠᠭᠳᠠᠵᠣ ᠪᠠᠶᠢᠭ᠎ᠠ ︽ᠨᠣᠭᠤᠨᠵᠠᠶᠠᠭ᠎ᠠ︾ ᠪᠣᠯ ᠠᠣᠬᠠᠨ ᠬᠤᠰᠢᠭᠤᠨ ᠤ ᠬᠠᠮᠤᠭ ᠰᠡᠬᠦᠯᠴᠢ ᠶᠢᠨ ᠸᠠᠩ ᠪᠣᠯᠬᠤ ᠯᠾᠠᠵᠠᠯᠸᠠᠩᠴᠢᠨᠨᠣᠷᠪᠤ ᠶᠢᠨ ᠬᠡᠣᠬᠡᠨ ᠲᠡᠭᠦᠦ ᠨᠣᠭᠤᠨᠵᠠᠶᠠᠭ᠎ᠠ   ᠶᠢᠨ ᠣᠷᠤᠭ ᠬᠤᠷᠢᠮ ᠤᠨ ᠣᠴᠢᠷ ᠢᠶᠠᠷ ᠰᠡᠳᠣᠪᠯᠡᠭᠰᠡᠨ ᠠᠷᠠᠳ ᠤᠨ ᠲᠠᠭᠤᠣ ᠪᠣᠯᠬᠤ ᠨᠢ ᠮᠠᠷᠭᠤᠰᠢ ᠦᠬᠡᠢ ᠦᠨᠡᠨ ᠣᠴᠢᠷ ᠶᠣᠮ᠃ ᠠᠣᠬᠠᠨ ᠪᠠᠭᠠᠷᠢᠨ ᠤ ᠬᠤᠭᠤᠷᠣᠨᠳᠣᠬᠢ ᠣᠷᠤᠭ ᠬᠤᠷᠢᠮ ᠤᠨ ᠣᠴᠢᠷ ᠢᠶᠠᠷ ᠰᠡᠳᠣᠪᠯᠭᠰᠡᠨ ᠪᠣᠯᠬᠤᠷ ᠵᠣᠣ ᠣᠳᠠ ᠶᠢᠨ ᠠᠷᠠᠳ ᠤᠨ ᠲᠠᠭᠤᠣ ᠯᠡ ᠬᠡᠵᠣ ᠪᠢ ᠪᠣᠳᠣᠳᠠᠭ᠃ ᠶᠠᠭ ᠦᠨᠡᠨᠳᠡᠬᠡᠨ ᠠᠷᠠᠳ ᠤᠨ ᠲᠠᠭᠤᠣ ᠶᠢ ᠴᠢᠨᠦᠬᠢ ᠮᠢᠨᠣᠬᠢ ᠬᠡᠵᠣ ᠦᠮᠴᠢᠷᠬᠡᠵᠣ ᠪᠣᠯᠢᠶᠠᠯᠳᠣᠭᠰᠠᠨ ᠤ ᠬᠡᠷᠡᠭ ᠦᠬᠡᠢ᠂ ᠬᠠᠮᠠᠭᠠᠯᠠᠵᠣ ᠬᠦᠭᠵᠢᠬᠦᠯᠵᠣ ᠶᠠᠪᠣᠵᠣ ᠯᠡ ᠴᠢᠳᠠᠪᠠᠯ ᠬᠠᠮᠤᠭ ᠰᠠᠶᠢᠨ ᠣᠴᠢᠷ ᠲᠡᠷᠡ᠃         ᠲᠠᠭᠤᠨ ᠤ ᠦᠬᠡ ᠨᠢ ᠣᠯᠠᠨ ᠬᠤᠪᠢᠯᠪᠣᠷᠢ ᠭᠡᠳᠡᠭ ᠨᠢ ᠵᠢᠱᠢᠶᠠᠯᠠᠪᠡᠯ᠄ ᠬᠤᠷᠴᠢᠨ ᠳᠤ ︽ᠨᠣᠨ ᠮᠦᠷᠡᠨ  ᠤ ᠬᠦᠪᠡᠬᠡᠨ ᠲᠡᠭᠡᠷ᠎ᠡ ᠨᠣᠭᠳᠣ ᠪᠠᠨ ᠴᠢᠷᠦᠭᠰᠡᠨ ᠮᠣᠷᠢ ᠡ᠂ ᠨᠣᠮᠣᠬᠠᠨ ᠵᠠᠩ ᠲᠠᠢ ᠨᠣᠭᠤᠨᠵᠠᠶᠠᠭ᠎ᠠ ᠨᠣᠳᠤᠭ ᠠᠴᠠ  ᠪᠠᠨ ᠬᠤᠯᠠ ᠮᠣᠷᠳᠠᠵᠠᠢ ᠁︾ ᠬᠡᠵᠣ ᠲᠠᠭᠤᠯᠠᠵᠣ ᠪᠠᠶᠢᠬᠤ ᠳᠤ ᠰᠢᠨᠵᠢᠶᠠᠩ ᠠᠯᠠᠱᠠ ᠪᠠᠷ ︽ᠬᠠᠷ᠎ᠠ ᠭᠤᠣᠯ ᠤᠨ ᠬᠦᠪᠡᠭᠡ ᠪᠠᠷ ᠬᠠᠵᠠᠭᠠᠷ ᠢᠶᠠᠨ ᠴᠢᠷᠦᠭᠰᠡᠨ ᠮᠣᠷᠢ ᠡ᠂ ᠬᠠᠶᠢᠷᠠᠬᠠᠨ ᠵᠠᠩ ᠲᠠᠢ ᠨᠣᠭᠤᠨᠵᠠᠶᠠᠭ᠎ᠠ ᠬᠢᠵᠠᠭᠠᠷ ᠤᠨ ᠬᠤᠯᠠ ᠵᠠᠶᠠᠭᠠᠪᠠ ᠁︾ ᠬᠡᠵᠣ ᠲᠠᠭᠤᠯᠠᠵᠣ ᠪᠠᠶᠢᠨ᠎ᠠ᠃ ᠲᠣᠰ ᠲᠠᠭᠤᠨ ᠤ ᠦᠬᠡᠨ ᠳᠤ ᠭᠠᠷᠳᠠᠭ ︽ᠬᠠᠶᠢᠴᠢ ᠶᠢᠨ ᠭᠤᠣᠯ ᠤᠨ ᠬᠦᠪᠡᠭᠡ ᠪᠠᠷ ᠁︾ ᠭᠡᠳᠡᠭ   ᠢ ᠵᠠᠷᠢᠮ ᠭᠠᠵᠠᠷ ᠲᠤ ᠪᠠᠰᠠ ︽ᠬᠠᠶᠢᠴᠢᠩ ᠭᠤᠣᠯ ᠤᠨ ᠬᠦᠪᠡᠭᠡ  ᠪᠠᠷ ᠁︾ ᠬᠡᠵᠣ ᠲᠠᠭᠤᠯᠠᠳᠠᠭ᠂ ᠡᠨᠡ ᠲᠣᠬᠠᠢ ᠪᠢ ᠠᠶᠢᠮᠠᠭ ᠤᠨ ᠣᠢ ᠰᠢᠭᠤᠢ ᠶᠢᠨ ᠲᠣᠪᠴᠢᠶᠠᠨ ᠲᠠᠷᠤᠭ᠎ᠠ  ᠪᠠᠷ ᠠᠵᠢᠯᠯᠠᠵᠣ ᠪᠠᠶᠢᠬᠤ ᠳᠤ ᠪᠠᠨ ᠪᠠᠭᠠᠷᠢᠨ ᠪᠠᠷᠠᠭᠤᠨ ᠬᠤᠰᠢᠭᠤᠨ ᠤ ᠰᠣᠪᠣᠷᠭ᠎ᠠ ᠰᠣᠮᠣᠨ ᠳᠤ ᠬᠦᠷᠴᠦ᠂ ᠦᠨᠡᠬᠡᠷ ᠬᠠᠶᠢᠴᠢᠩ ᠭᠤᠣᠯ ᠪᠠᠶᠢᠬᠤ ᠶᠢ ᠮᠡᠳᠡᠵᠣ᠂ ᠲᠡᠨᠳᠡᠬᠢ ᠶᠢᠨ ᠬᠦᠮᠦᠰ ᠠᠴᠠ ᠠᠰᠠᠭᠤᠨ ᠰᠣᠷᠪᠣᠯᠵᠢᠯᠠᠭᠠᠳ ᠬᠠᠶᠢᠴᠢᠩ ᠭᠤᠣᠯ ᠬᠡᠳᠡᠭ ᠨᠢ  ᠴᠣᠯᠪᠣᠭᠤᠷ ᠢᠶᠠᠨ ᠴᠢᠷᠴᠦ ᠨᠣᠳᠤᠭ ᠲᠤ ᠪᠠᠨ ᠲᠡᠮᠡᠣᠯᠡᠨ ᠬᠠᠷᠢᠭᠰᠠᠨ ᠬᠦᠬᠡᠷᠦᠬᠦᠢ ᠲᠡᠷᠡ ᠮᠣᠷᠢᠨ ᠤ ᠪᠡᠯᠴᠢᠬᠡᠷ ᠢ ᠣᠮᠳᠠᠯᠠᠨ ᠣᠷᠣᠰᠳᠠᠭ ᠭᠤᠣᠯ ᠬᠡᠵᠣ ᠰᠣᠨᠣᠰᠣᠯ᠎ᠠ᠃ ᠬᠠᠶᠢᠴᠢᠩ ᠭᠤᠣᠯ ᠤᠨ ᠬᠠᠶᠢᠴᠢᠩ ᠨᠢ ᠰᠢᠪᠠᠭᠤᠨ ᠤ ᠨᠡᠷ᠎ᠡ ᠠᠴᠠ ᠢᠷᠡᠯᠳᠡ ᠲᠠᠢ ᠬᠡᠵᠣ ᠬᠡᠯᠡᠵᠣ ᠪᠠᠶᠢᠭᠰᠠᠨ᠃        ︽ᠨᠣᠭᠤᠨᠵᠠᠶᠠᠭ᠎ᠠ︾ ᠶᠢ ᠪᠠᠰᠠ ᠬᠤᠶᠠᠷ ᠪᠠᠳᠠᠭ ᠢᠶᠠᠷ ᠲᠠᠭᠤᠯᠠᠬᠤ᠂ ᠲᠦᠷᠪᠡᠨ ᠪᠠᠳᠠᠭ ᠢᠶᠠᠷ ᠲᠠᠭᠤᠯᠠᠬᠤ᠂ ᠣᠯᠠᠨ ᠪᠠᠳᠠᠭ ᠢᠶᠠᠷ ᠲᠠᠭᠤᠯᠠᠬᠤ ᠬᠡᠵᠣ ᠭᠠᠵᠠᠷ ᠭᠠᠵᠠᠷ ᠤᠨ ᠬᠢ ᠠᠳᠠᠯᠢ ᠪᠣᠰᠣ ᠪᠠᠷ ᠲᠠᠭᠤᠯᠠᠵᠣ ᠪᠠᠶᠢᠨ᠎ᠠ᠃  ᠣᠩᠨᠢᠭᠤᠳ ᠤᠨ ᠡᠮᠣᠨ᠎ᠡ ᠪᠠᠶ᠎ᠠ᠂ ᠠᠣᠬᠠᠨ᠂ ᠨᠠᠢᠮᠠᠨ ᠬᠤᠰᠢᠭᠤ ᠪᠠᠷ ᠬᠤᠷᠢᠮ ᠬᠤᠷᠠᠯ ᠲᠡᠭᠡᠷ᠎ᠡ  ︽ᠯᠣᠤᠬ᠎ᠠ ᠶᠢᠨ ᠭᠤᠣᠯ ᠤᠨ ᠬᠦᠪᠡᠬᠡᠨ ᠲᠡᠭᠡᠷ᠎ᠡ ᠨᠣᠭᠳᠣ ᠪᠠᠨ ᠴᠢᠷᠦᠭᠰᠡᠨ ᠮᠣᠷᠢ ᠡ᠂ ᠨᠣᠮᠣᠬᠠᠨ ᠵᠠᠩ ᠲᠠᠢ ᠨᠣᠭᠤᠨᠵᠠᠶᠠᠭ᠎ᠠ  ᠨᠣᠳᠤᠭ ᠠᠴᠠ ᠪᠠᠨ ᠬᠤᠯᠠ ᠵᠠᠶᠠᠭᠠᠵᠠᠢ᠂ ᠬᠠᠶᠢᠴᠢ ᠶᠢᠨ ᠭᠤᠣᠯ ᠤᠨ ᠬᠦᠪᠡᠬᠡᠨ ᠲᠡᠭᠡᠷ᠎ᠡ ᠬᠠᠵᠠᠭᠠᠷ ᠢᠶᠠᠨ ᠴᠢᠷᠦᠭᠰᠡᠨ ᠮᠣᠷᠢ ᠡ᠂ ᠬᠠᠶᠢᠷᠬᠠᠨ ᠵᠠᠩ ᠲᠠᠢ ᠨᠣᠭᠤᠨᠵᠠᠶᠠᠭ᠎ᠠ᠂ ᠬᠢᠵᠠᠭᠠᠷ ᠤᠨ ᠬᠤᠯᠠ ᠵᠠᠶᠠᠭᠠᠵᠠᠢ  ᠂  ᠳ᠋ᠠ ᠭᠤᠸᠠ ᠨᠣᠭᠤᠭ᠎ᠠ ᠲᠠᠷᠢᠭᠠᠳ᠂ ᠲᠠᠯᠠᠩ ᠲᠠᠢ ᠲᠠᠷᠢᠶ᠎ᠠ ᠲᠠᠷᠢᠬᠤ ᠦᠬᠡᠢ᠂ ᠲᠠᠪᠰᠢᠨ ᠲᠠᠪᠰᠢᠨ ᠰᠢᠮᠡᠬᠦᠯᠡᠷ ᠮᠦᠮᠦ ᠶᠢᠨ ᠰᠦ ᠶᠢᠨ ᠠᠮᠳᠠ ᠠ ᠬᠦ᠋᠂ ᠰᠢ ᠭᠤᠸᠠ ᠨᠣᠭᠤᠭ᠎ᠠ ᠲᠠᠷᠢᠭᠠᠳ᠂ ᠰᠢᠰᠢ ᠶᠢᠨ ᠲᠠᠷᠢᠶ᠎ᠠ ᠲᠠᠷᠢᠬᠤ ᠦᠬᠡᠢ᠂  ᠰᠢᠮᠡᠨ ᠰᠢᠮᠡᠨ ᠮᠦᠮᠦᠬᠦᠯᠡᠷ ᠮᠦᠮᠦ ᠶᠢᠨ ᠰᠦ ᠶᠢᠨ ᠠᠮᠳᠠ ᠠ ᠬᠦ᠋︾ ᠬᠡᠳᠡᠭ ᠪᠠᠳᠠᠭ ᠤᠳ ᠨᠢ ᠲᠠᠭᠤᠯᠠᠭᠳᠠᠵᠣ ᠪᠠᠶᠢᠨ᠎ᠠ  ᠁         ᠠᠣᠬᠠᠨ ᠤ ᠲᠡᠣᠬᠡ ᠲᠠᠢ ᠬᠤᠯᠪᠣᠭᠳᠠᠭᠰᠠᠨ ᠦᠵᠡᠵᠣ ᠰᠣᠨᠣᠰᠣᠭᠰᠠᠨ ᠵᠦᠢᠯ ᠢᠶᠠᠨ ᠶᠠᠷᠢᠯ᠎ᠠ᠂ ᠠᠣᠬᠠᠨ ᠸᠠᠩ ᠤᠨ ᠣᠭᠰᠠᠭ᠎ᠠ ᠲᠦᠷᠦᠯ ᠤᠨ ᠲᠣᠬᠠᠢ ᠣᠨ ᠵᠢᠯ᠂ ᠬᠦᠮᠦᠨ ᠤ ᠨᠡᠷ᠎ᠡ ᠵᠡᠷᠭᠡ ᠶᠢ ᠮᠢᠨᠣ ᠪᠢᠴᠢᠵᠣ ᠦᠩᠬᠡᠷᠡᠭᠰᠡᠨ ᠰᠣᠷᠪᠣᠯᠵᠢᠯᠡᠯ ᠲᠡᠮᠳᠡᠭᠯᠡᠯ ᠲᠠᠢ ᠬᠠᠷᠭᠤᠭᠤᠯᠵᠣ ᠦᠵᠡ᠂ ᠡᠨᠡ ᠲᠣᠬᠠᠢ ᠪᠢ ᠨᠠᠶᠠᠭᠠᠳ ᠣᠨ ᠳᠤ ᠬᠤᠯᠪᠣᠭᠳᠠᠯ ᠪᠦᠬᠦᠢ ᠬᠦᠮᠦᠰ ᠢ ᠰᠣᠷᠪᠣᠯᠵᠢᠯᠠᠨ ᠲᠡᠮᠳᠡᠭᠯᠡᠭᠰᠡᠨ ᠶᠣᠮ᠂ ᠣᠳᠣ ᠪᠠᠷ ᠪᠠᠨ ᠡᠨᠡ ᠬᠡᠳᠦᠨ ᠲᠠᠪᠳᠡᠷ ᠨᠣᠮ ᠪᠠᠨ ᠴᠢᠮ᠎ᠡ  ᠳᠤ  ᠪᠡᠯᠡᠭᠯᠡᠶ᠎ᠡ᠃ ᠲᠡᠣᠬᠡ ᠰᠣᠶᠣᠯ ᠳᠤ ᠪᠠᠨ ᠬᠠᠷᠢᠭᠤᠴᠠᠬᠤ ᠡᠬᠦᠳᠡᠨ ᠠᠴᠠ ᠦᠨᠡᠨ ᠪᠣᠳᠠᠳᠠᠢ ᠲᠡᠮᠳᠡᠭᠯᠡᠨ ᠦᠯᠡᠳᠡᠭᠡᠬᠦ ᠨᠢ ᠬᠠᠮᠤᠭ ᠴᠢᠬᠤᠯᠠ᠃ ᠵᠠᠯᠠᠭᠤ ᠣᠯᠣᠰ ᠵᠠᠪ ᠴᠢᠯᠦᠬᠡ ᠯᠡ ᠭᠠᠷᠪᠠᠯ ᠦᠨᠳᠦᠰᠦᠳᠡᠨ᠂ ᠣᠷᠣᠨ ᠨᠣᠳᠤᠭ  ᠤᠨ ᠢᠶᠠᠨ ᠲᠡᠣᠬᠡ ᠰᠣᠶᠣᠯ ᠤᠨ ᠲᠣᠬᠠᠢ ᠠᠩᠬᠠᠷᠣᠨ᠂ ᠪᠢᠴᠢᠵᠣ ᠣᠷᠣᠯᠳᠣᠵᠣ ᠶᠠᠪᠤ︕         ᠰᠢ᠊᠂ ᠪᠠᠳᠣ᠄ ᠬᠦᠨᠳᠦᠳᠦ ᠨᠠᠰᠣᠳᠠᠨ ᠳᠤ ᠪᠠᠨ ᠲᠠᠯᠠᠷᠬᠠᠵᠣ ᠪᠠᠶᠢᠨ᠎ᠠ᠂ ︽ᠨᠣᠭᠤᠨᠵᠠᠶᠠᠭ᠎ᠠ︾ ᠶᠢᠨ ᠲᠣᠬᠠᠢ ᠣᠨᠢᠰᠤᠭ᠎ᠠ ᠶᠢ ᠲᠠ ᠲᠠᠶᠢᠯᠵᠣ ᠦᠭᠬᠦᠯ᠎ᠡ᠃ ᠰᠠᠶᠢᠨ ᠰᠠᠭᠤᠵᠣ ᠪᠠᠶᠢᠭᠠᠷᠠᠢ︕
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号