| | | | ᠴᠠᠭ᠄ 2011 ᠣᠨ ᠤ 2 ᠰᠠᠷ᠎ᠠ ᠶᠢᠨ 22 ᠤ ᠡᠳᠦᠷ | ᠭᠠᠵᠠᠷ᠄ ᠣᠯᠠᠭᠠᠨᠬᠠᠳᠠ ᠬᠤᠳᠠ ᠶᠢᠨ ᠰᠢᠨ᠎ᠠ ᠬᠤᠳᠠ ᠲᠣᠭᠤᠷᠢᠭ ᠤᠨ ᠸᠠᠩ ᠹᠦ᠋ ᠬᠤᠷᠢᠶᠠᠯᠠᠯ ᠤᠨ | ᠲᠦᠷᠪᠡᠳᠦᠭᠡᠷ ᠠᠰᠠᠷ ᠤᠨ ᠭᠤᠷᠪᠠᠳᠣᠭᠠᠷ ᠲᠠᠪᠬᠤᠷᠯᠢᠭ ᠲᠤ ᠪᠣᠣ ᠰᠢ ᠨᠠᠰᠣᠳᠠᠨ ᠤ ᠬᠡᠷ ᠲᠤ | | ᠪᠣᠣ ᠰᠢ᠄ 1929 ᠣᠨ ᠳᠤ ᠣᠳᠣ ᠶᠢᠨ ᠣᠩᠨᠢᠭᠤᠳ ᠬᠤᠰᠢᠭᠤᠨ ᠤ ᠭᠤᠣᠷᠰᠣ ᠤᠨ ᠠᠶᠢᠯ ᠳᠤ ᠲᠦᠷᠦᠪᠡ᠃ | 82 ᠨᠠᠰᠣᠳᠠᠢ᠂ ᠪᠣᠷᠵᠢᠬᠢᠨ ᠠᠶᠢᠮᠠᠭ ᠤᠨ ᠬᠦᠮᠦᠨ᠃ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ᠂ ᠲᠢᠩᠬᠢᠮ | ᠤᠨ ᠲᠡᠰ ᠤᠨ ᠺᠠᠳ᠋ᠷ ᠃ | | | ᠰᠢ᠊᠂ ᠪᠠᠳᠣ᠄ ᠮᠡᠨᠳᠣ ᠤᠤ︖ ᠲᠡᠩᠬᠡᠬᠡ ᠭᠠᠶᠢᠭᠤᠢ ᠤᠤ︖ | ᠪᠣᠣ ᠰᠢ ᠨᠠᠰᠣᠳᠠᠨ᠄ ᠮᠡᠨᠳᠣ ᠡ︕ ᠣᠷᠴᠢᠮᠬᠠᠨ ᠭᠤᠷᠪᠠᠯᠠᠭᠰᠠᠨ ᠮᠡᠳᠡᠷᠡᠯ ᠤᠨ ᠮᠠᠰᠡ ᠵᠠᠰᠠᠯ ᠬᠢᠭᠰᠡᠨ ᠪᠣᠯᠬᠤᠷ | ᠴᠢᠬᠢ ᠣᠯᠠᠮ ᠬᠠᠳᠠᠭᠤ ᠪᠣᠯᠴᠢᠬᠠᠵᠠᠢ᠂ ᠴᠢᠩᠭ᠎ᠠ ᠬᠡᠯᠡᠬᠦ ᠦᠬᠡᠢ ᠪᠣᠯ ᠰᠣᠨᠣᠰᠬᠤ ᠦᠬᠡᠢ ᠪᠠᠶᠢᠨ᠎ᠠ᠃ ᠴᠢ | ᠣᠩᠨᠢᠭᠤᠳ ᠤᠨ ᠠᠯᠢ ᠰᠣᠮᠣᠨ ᠤ ᠬᠢ ᠪᠣᠢ︖ ᠶᠠᠮᠠᠷ ᠠᠶᠢᠮᠠᠭ ᠤᠨ ᠬᠢ ᠪᠣᠢ︖ | ᠰᠢ᠊᠂ ᠪᠠᠳᠣ᠄ ᠪᠢ ᠣᠩᠨᠢᠭᠤᠳ ᠤᠨ ᠪᠠᠶᠠᠨᠳᠠᠯ᠎ᠠ ᠰᠣᠮᠣᠨ ᠤ ᠣᠯᠠᠭᠠᠨᠳᠣᠶᠠᠭ᠎ᠠ ᠭᠠᠴᠠᠭ᠎ᠠ ᠶᠢᠨ ᠭᠦᠮᠦᠨ᠂ | ᠲᠠᠩᠭᠤᠳ ᠠᠶᠢᠮᠠᠭ᠃ ᠲᠠᠨ ᠠᠴᠠ ᠣᠩᠨᠢᠭᠤᠳ ᠠᠣᠬᠠᠨ ᠤ ᠲᠣᠬᠠᠢ ᠰᠠᠶᠢᠬᠠᠨ ᠦᠯᠢᠬᠡᠷ ᠲᠣᠮᠤᠭ ᠰᠣᠨᠣᠰᠬᠤ ᠪᠠᠷ | ᠢᠷᠡᠯ᠎ᠡ᠃ | ᠪᠣᠣ ᠰᠢ ᠨᠠᠰᠣᠳᠠᠨ᠄ ᠣᠯᠠᠭᠠᠨᠳᠣᠶᠠᠭ᠎ᠠ ᠮᠠᠯᠵᠢᠬᠤ ᠬᠤᠷᠰᠢᠶᠠᠵᠢᠯ ᠬᠡᠵᠣ ᠲᠠᠪᠢᠭᠠᠳ ᠣᠨ ᠤ ᠡᠬᠢ ᠪᠠᠷ | ᠨᠠᠷᠠ ᠮᠠᠨᠳᠣᠭᠰᠠᠨ ᠶᠣᠮ᠂ ᠪᠦᠬᠦ ᠣᠯᠣᠰ ᠤᠨ ᠠᠷᠪᠠᠨ ᠬᠤᠶᠠᠷ ᠮᠠᠯᠵᠢᠬᠤ ᠬᠤᠷᠰᠢᠶᠠᠵᠢᠯ ᠤᠨ ᠲᠣᠷᠰᠢᠯᠭ᠎ᠠ ᠶᠢ | ᠮᠠᠭᠳᠠᠵᠣ ᠮᠠᠣ ᠵᠦᠰᠢ ︵ᠲᠡᠷᠢᠬᠦᠯᠡᠭᠴᠢ︶ ᠪᠢᠴᠢᠭᠡᠰᠣ ᠪᠢᠴᠢᠭᠰᠡᠨ ᠣᠳᠠᠭ᠎ᠠ ᠲᠠᠢ᠃ ᠣᠪᠣᠭ ᠠᠶᠢᠮᠠᠭ ᠤᠨ ᠲᠡᠮᠳᠡᠭᠯᠡᠯ | ᠢ ᠰᠣᠷᠪᠣᠯᠵᠢᠯᠠᠨ ᠪᠢᠴᠢᠵᠣ ᠪᠠᠶᠢᠬᠤ ᠳᠤ ᠣᠯᠠᠭᠠᠨᠳᠣᠶᠠᠭ᠎ᠠ ᠣᠷᠴᠢᠮ ᠲᠠᠩᠭᠤᠳ ᠠᠶᠢᠮᠠᠭ ᠤᠨ ᠬᠢᠨ ᠬᠡᠳᠦᠬᠡᠨ ᠬᠡᠷ | ᠪᠠᠶᠢᠭᠰᠠᠨ ᠰᠢᠭ᠋ ᠰᠠᠨᠠᠭᠳᠠᠵᠣ ᠪᠠᠶᠢᠨ᠎ᠠ᠃ ᠪᠠᠶᠠᠨᠳᠠᠯ᠎ᠠ ᠶᠢ 1947 ᠣᠨ ᠤ 5 ᠰᠠᠷ᠎ᠠ ᠳᠤ ᠣᠩᠨᠢᠭᠤᠳ ᠬᠤᠰᠢᠭᠤᠨ | ᠤ ᠭᠤᠷᠪᠠᠳᠣᠭᠠᠷ ᠨᠣᠳᠤᠭ ᠬᠡᠵᠣ ᠡᠬᠢᠯᠡᠨ ᠪᠠᠶᠢᠭᠤᠯᠣᠭᠰᠠᠨ ᠶᠣᠮ᠃ ᠲᠣᠬᠠᠢ ᠶᠢᠨ ᠦᠶ᠎ᠡ ᠳᠤ᠂ ᠣᠩᠨᠢᠭᠤᠳ | ᠬᠤᠰᠢᠭᠤᠨ ᠳᠤ ᠨᠣᠳᠤᠭ ᠪᠠᠶᠢᠭᠤᠯᠵᠣ᠂ ᠪᠠᠶᠠᠨᠬᠠᠨ ︵ᠣᠳᠣ ᠶᠢᠨ ᠪᠠᠭᠠᠳᠠᠯ᠎ᠠ ᠠᠴᠠ ᠪᠦᠯᠢᠶᠡᠨ ᠤ ᠬᠦᠬᠡᠰᠡᠭᠦᠯ | ᠬᠦᠷᠳᠡᠯᠡᠬᠢ ᠣᠷᠴᠢᠮ ᠤᠨ ᠭᠠᠵᠠᠷ︶᠂ ᠬᠡᠷᠰᠡᠩ ︵ᠣᠳᠣ ᠶᠢᠨ ᠬᠡᠷᠰᠡᠩ ᠬᠠᠶᠢᠯᠠᠰᠣ ᠶᠢᠨ ᠬᠡᠪᠴᠢᠶ᠎ᠡ︶᠂ | ᠪᠠᠶᠠᠨᠳᠠᠯ᠎ᠠ ︵ᠣᠳᠣ ᠶᠢᠨ ᠰᠢᠨᠡᠰᠦ᠋ᠮ᠎ᠡ᠂ ᠬᠤᠸᠠ ᠲᠦᠰᠢ ᠂ ᠳ᠋ᠠ ᠰᠢᠩ︶᠂ ᠪᠠᠶᠠᠨᠳᠣᠬᠤᠢ ︵ᠳ᠋ᠠ ᠰᠢᠩ ᠤᠨ | ᠪᠠᠷᠠᠭᠤᠨ ᠠᠴᠠ ᠭᠤᠣᠯ ᠤᠨ ᠬᠦᠪᠡᠭᠡ ᠲᠠᠭᠠᠵᠣ ᠪᠣᠣ ᠴᠢᠣᠸᠠᠨ ᠠᠴᠠ ᠪᠠᠷᠠᠭᠤᠨᠰᠢ ᠲᠣᠯᠣᠭᠠᠨ ᠮᠣᠳᠣ ᠬᠦᠷᠳᠡᠯᠡᠬᠢ | ᠭᠠᠵᠠᠷ ᠢ ᠪᠠᠭᠳᠠᠭᠠᠨ᠎ᠠ︶ ᠂ ᠯᠣᠣ ᠹᠦ᠋ ︵ᠬᠠᠭᠤᠴᠢᠨ ᠸᠠᠩ ᠤᠨ ᠣᠷᠳᠣᠨ᠂ ᠣᠳᠣ ᠶᠢᠨ ᠣᠳᠠᠨᠳᠣᠬᠤᠢ ᠪᠠᠯᠭᠠᠰᠣ︶ | ᠨᠣᠳᠤᠭ ︵ᠣᠳᠣ ᠶᠢᠨ ᠭᠤᠷᠣᠬᠠᠨ ᠠᠶᠢᠯ ᠤᠨ ᠲᠣᠯᠣᠭᠠᠨ ᠮᠣᠳᠣ ᠠᠴᠠ ᠬᠦᠷᠬᠢᠷ᠎ᠡ᠂ ᠬᠠᠷ᠎ᠠ ᠣᠰᠣ ᠬᠦᠷᠳᠡᠯᠡᠬᠢ | ᠣᠳᠠᠨᠳᠣᠬᠤᠢ ᠣᠰᠣᠨ ᠴᠦᠬᠦᠷᠦᠮ ᠤᠨ ᠲᠣᠭᠤᠷᠢᠭ ᠢ ᠪᠠᠭᠳᠠᠭᠠᠭᠰᠠᠨ ᠭᠠᠵᠠᠷ︶ ᠵᠠᠷᠬᠡ ᠲᠠᠪᠣᠨ ᠨᠣᠳᠤᠭ | ᠬᠤᠪᠢᠶᠠᠭᠰᠠᠨ ᠪᠠᠶᠢᠨ᠎ᠠ᠃ | ᠮᠢᠨᠣ ᠲᠦᠷᠦᠭᠰᠡᠨ ᠨᠣᠳᠤᠭ ᠣᠩᠨᠢᠭᠤᠳ ᠬᠤᠰᠢᠭᠤᠨ ᠤ ᠭᠤᠣᠷᠰᠣ ᠶᠢᠨ ᠠᠶᠢᠯ ᠃ ᠭᠤᠣᠷᠰᠣ ᠨᠢ | ᠲᠣᠬᠠᠢ ᠶᠢᠨ ᠴᠠᠭ ᠲᠤ ᠪᠠᠨ ᠠᠣᠬᠠᠨ ᠬᠤᠰᠢᠭᠤᠨ ᠳᠤ ᠬᠠᠷᠢᠶᠠᠯᠠᠭᠳᠠᠵᠣ ᠪᠠᠶᠢᠭᠰᠠᠨ ᠶᠣᠮ᠃ 1947 ᠣᠨ ᠤ 5 | ᠰᠠᠷ᠎ᠠ ᠳᠤ ᠠᠵᠢᠯᠯᠠᠬᠤ ᠠᠩᠬᠢ ᠶᠢᠨ ᠪᠣᠣ ᠴᠢᠣᠢ ᠵᠠᠩ ︵ᠨᠣᠳᠤᠭ ᠤᠨ ᠲᠠᠷᠤᠭ᠎ᠠ︶ ᠮᠠᠨ ᠤ ᠠᠶᠢᠯ ᠳᠤ ᠢᠷᠡᠵᠣ᠂ | ᠠᠵᠢᠯᠯᠠᠬᠤ ᠠᠩᠬᠢ ᠳᠤ ᠬᠡᠰᠢᠬᠦᠨ ᠡᠯᠰᠡᠵᠣ ᠨᠠᠮᠠᠢᠢ ᠣᠷᠣᠯᠴᠠᠭᠤᠯᠣᠭᠰᠠᠨ ᠶᠣᠮ᠃ ᠪᠢ ᠲᠦᠴᠢᠬᠡᠳ ᠣᠨ ᠤ ᠡᠬᠢᠨ | ᠳᠤ ᠠᠣᠬᠠᠨ ᠸᠠᠩ ᠤᠨ ᠬᠤᠷᠢᠶ᠎ᠠ ᠶᠢᠨ ᠪᠠᠭ᠎ᠠ ᠰᠣᠷᠭᠠᠭᠤᠯᠢ ᠠᠴᠠ ᠲᠡᠭᠦᠰᠦᠭᠰᠡᠨ ᠪᠣᠯᠬᠤᠷ ᠠᠶᠢᠯ ᠳᠤ ᠪᠠᠨ ᠪᠢᠴᠢᠭ | ᠲᠠᠢ ᠬᠦᠮᠦᠨ ᠳᠤ ᠲᠣᠭᠠᠴᠢᠭᠳᠠᠳᠠᠭ᠃ ᠠᠵᠢᠯᠯᠠᠬᠤ ᠲᠣᠭᠤᠶᠢᠯᠠᠩ ᠳᠤ ᠡᠯᠰᠡᠭᠳᠡᠭᠰᠡᠨ ᠤ ᠲᠠᠷᠠᠭ᠎ᠠ ᠂ ᠠᠵᠢᠯ ᠤᠨ | ᠠᠮᠵᠢᠯᠳᠠ ᠰᠠᠶᠢᠨ ᠬᠡᠵᠣ᠂ ᠨᠠᠮᠠᠢᠢ ᠲᠣᠭᠤᠶᠢᠯᠠᠩ ︵ᠲᠣᠭᠤᠶᠢᠯᠠᠩ ᠪᠦᠷᠢ 4 ᠬᠦᠮᠦᠨ︶ ᠤᠨ ᠲᠠᠷᠤᠭ᠎ᠠ ᠪᠠᠷ | ᠰᠣᠩᠭᠤᠵᠠᠢ᠃ ᠲᠣᠬᠠᠢ ᠶᠢᠨ ᠦᠶ᠎ᠡ ᠳᠤ ᠠᠵᠢᠯᠯᠠᠬᠤ ᠲᠣᠭᠤᠶᠢᠯᠠᠩ ᠤᠨ ᠭᠤᠣᠯ ᠡᠬᠦᠷᠬᠡ ᠨᠢ ᠪᠣᠯ ᠡᠷᠦᠬᠡ | ᠲᠠᠷᠠᠭᠠᠯᠠᠨ ᠬᠦᠮᠦᠨ ᠠᠮᠠ ᠪᠠ ᠮᠠᠯ ᠲᠠᠷᠢᠶ᠎ᠠ ᠶᠢ ᠲᠠᠩᠰᠠᠯᠠᠨ ᠪᠦᠷᠢᠳᠬᠡᠬᠦ ᠠᠵᠢᠯ ᠪᠣᠯᠣᠨ᠎ᠠ᠃ ᠲᠡᠷᠡ ᠦᠶ᠎ᠡ ᠳᠤ᠂ | ᠢᠳᠡᠭᠤᠨ ᠭᠤᠣ ᠶᠢᠨ ᠭᠠᠵᠠᠷ ᠤᠨ ᠡᠵᠡᠨ ᠤ ᠬᠦᠷᠢᠶ᠎ᠠ ᠶᠢ ᠣᠩᠨᠢᠭᠤᠳ ᠬᠤᠰᠢᠭᠤᠨ ᠤ ᠵᠡᠬᠦᠨ ᠬᠤᠷᠢᠶ᠎ᠠ | ᠪᠣᠯᠭᠠᠭᠰᠠᠨ ᠪᠠᠶᠢᠨ᠎ᠠ᠃ ᠪᠢ ᠲᠡᠷᠡ ᠦᠶ᠎ᠡ ᠠᠴᠠ ᠡᠬᠢᠯᠡᠨ ᠯᠣᠣ ᠹᠦ᠋ ︵ᠣᠳᠠᠨᠳᠣᠬᠤᠢ︶ ᠨᠣᠳᠤᠭ ᠤᠨ ᠵᠢᠩᠬᠢᠨᠢ | ᠺᠠᠳ᠋ᠷ ᠪᠣᠯᠵᠣ᠂ 1948 ᠣᠨ ᠤ 1 ᠰᠠᠷ᠎ᠠ ᠠᠴᠠ ᠪᠠᠶᠠᠭᠬᠠᠨ ᠨᠣᠳᠤᠭ ᠤᠨ ᠲᠣᠳᠣᠭᠠᠳᠣ ᠶᠢ ᠬᠠᠮᠠᠭᠠᠯᠠᠬᠤ | ᠲᠣᠰᠠᠯᠠᠭᠴᠢ ᠪᠣᠯᠵᠣ᠂ 1949 ᠣᠨ ᠤ 1 ᠰᠠᠷ᠎ᠠ ᠳᠤ ᠬᠤᠰᠢᠭᠤᠨ ᠳᠤ ᠠᠵᠢᠯ ᠰᠢᠯᠵᠢᠪᠡ᠂ ᠲᠣᠬᠠᠢ ᠶᠢᠨ ᠦᠶ᠎ᠡ | ᠳᠤ ᠬᠠᠷ᠎ᠠ ᠲᠣᠬᠤᠢ ᠶᠢᠨ ᠨᠢᠬᠡ ᠬᠡᠰᠡᠭ ᠭᠠᠵᠠᠷ ᠢ ᠣᠯᠠᠭᠠᠨᠬᠠᠳᠠ ᠰᠢᠶᠠᠨ ᠠᠴᠠ ᠣᠩᠨᠢᠭᠤᠳ ᠬᠤᠰᠢᠭᠤᠨ ᠳᠤ | ᠵᠢᠬᠡᠯᠡᠬᠦᠯᠵᠣ᠂ ᠨᠠᠮᠠᠢᠢ ᠪᠠᠶᠢᠴᠠᠭᠠᠨ ᠰᠣᠳᠣᠯᠬᠤ ᠲᠣᠭᠤᠶᠢᠯᠠᠩ ᠤᠨ ᠲᠠᠷᠤᠭ᠎ᠠ ᠪᠠᠷ ᠲᠣᠮᠢᠯᠠᠪᠠ᠃ 1950 ᠣᠨ | ᠳᠤ ᠯᠣᠣ ᠹᠦ᠋ ︵ᠣᠳᠠᠨᠳᠣᠬᠤᠢ︶ ᠨᠣᠳᠤᠭ ᠤᠨ ᠨᠣᠳᠤᠭ ᠤᠨ ᠲᠠᠷᠤᠭ᠎ᠠ ᠪᠠᠷ ᠠᠵᠢᠯᠯᠠᠪᠠ᠃ ᠲᠣᠰ ᠵᠢᠯ 10 ᠰᠠᠷ᠎ᠠ | ᠠᠴᠠ ᠬᠠᠯᠠᠭᠤᠨ ᠭᠤᠣᠯ ᠮᠣᠵᠢ ᠶᠢᠨ ᠨᠠᠮ ᠤᠨ ᠰᠣᠷᠭᠠᠭᠤᠯᠢ ᠳᠤ ᠬᠠᠭᠠᠰ ᠵᠢᠯ ᠰᠣᠷᠣᠯᠴᠠᠪᠠ᠃ 1952 ᠣᠨ | ᠠᠴᠠ ᠣᠷᠢᠳ ᠬᠤᠵᠢᠳ ᠣᠩᠨᠢᠭᠤᠳ ᠬᠤᠰᠢᠭᠤᠨ ᠤ ᠣᠬᠠᠭᠤᠯᠬᠤ ᠬᠡᠯᠳᠡᠰ ᠤᠨ ᠲᠠᠷᠤᠭ᠎ᠠ᠂ ᠬᠤᠰᠢᠭᠤᠨ ᠲᠠᠷᠤᠭ᠎ᠠ | ᠂ ᠵᠣᠣ ᠣᠳᠠ ᠠᠶᠢᠮᠠᠭ ᠤᠨ ᠠᠷᠠᠳ ᠤᠨ ᠶᠠᠪᠣᠳᠠᠯ ᠤᠨ ᠭᠠᠵᠠᠷ ᠤᠨ ᠲᠠᠷᠤᠭ᠎ᠠ᠂ ᠣᠯᠠᠭᠠᠨᠬᠠᠳᠠ ᠶᠢᠨ ᠨᠣᠣᠰᠣᠨ | ᠨᠡᠬᠡᠮᠡᠯ ᠤᠨ ᠦᠢᠯᠡᠳᠪᠣᠷᠢ ᠶᠢᠨ ᠲᠠᠷᠤᠭ᠎ᠠ᠂ ᠣᠩᠨᠢᠭᠤᠳ ᠬᠤᠰᠢᠭᠤᠨ ᠤ ᠨᠡᠮ ᠤᠨ ᠬᠤᠷᠢᠶᠠᠨ ᠤ ᠱᠦᠵᠢ᠂ | ᠣᠯᠠᠭᠠᠨᠬᠠᠳᠠ ᠬᠤᠳᠠ ᠶᠢᠨ ᠣᠢ ᠰᠢᠭᠤᠢ ᠶᠢᠨ ᠲᠣᠪᠴᠢᠶᠠᠨ ᠲᠠᠷᠤᠭ᠎ᠠ᠂ ᠬᠤᠳᠠ ᠶᠢᠨ ᠨᠠᠮ ᠤᠨ ᠬᠤᠷᠢᠶ᠎ᠠ ᠶᠢᠨ | ᠪᠠᠶᠢᠩᠭᠤ ᠶᠢᠨ ᠬᠡᠰᠢᠬᠦᠨ᠂ ᠰᠠᠬᠢᠯᠭ᠎ᠠ ᠪᠠᠳᠣ ᠪᠠᠶᠢᠴᠠᠭᠠᠬᠤ ᠬᠤᠷᠢᠶ᠎ᠠ ᠶᠢᠨ ᠱᠦᠵᠢ ᠪᠣᠯᠵᠣ ᠦᠩᠬᠡᠷᠡᠪᠡ᠃ | ᠰᠣᠶᠣᠯ ᠤᠨ ᠬᠤᠪᠢᠰᠬᠠᠯ ᠤᠨ ᠲᠣᠮᠳᠠ ︽ᠦᠪᠦᠷ ᠠᠷᠠᠳ ᠤᠨ ᠨᠠᠮ︾ ᠤᠨ ᠭᠤᠣᠯ ᠬᠦᠴᠦᠨ ᠢᠶᠠᠷ | ᠠᠪᠳᠠᠵᠣ᠂ ᠬᠠᠭᠠᠰ ᠵᠢᠯ ᠢᠯᠡᠬᠦᠦ ᠬᠤᠷᠢᠭᠳᠠᠵᠣ᠂ ᠬᠠᠯᠠ ᠲᠠᠮᠣ ᠶᠢ ᠬᠠᠰᠢᠷᠠᠳᠠᠯ᠎ᠠ ᠠᠮᠰᠠᠯ᠎ᠠ ᠃ ︽5.7︾ ᠶᠢᠨ | ᠺᠠᠳ᠋ᠷ ᠤᠨ ᠰᠣᠷᠭᠠᠭᠤᠯᠢ ᠳᠤ ᠰᠣᠷᠣᠯᠴᠠᠭᠤᠯᠬᠤ ᠬᠦᠳᠡᠯᠬᠡᠬᠡᠨ ᠡᠬᠢᠯᠡᠭᠰᠡᠨ ᠠᠴᠠ ᠰᠡᠭᠦᠯᠡᠷ ᠨᠠᠮᠠᠢᠢ ᠡᠦ ᠬᠦᠸᠧ | ᠳ᠋ᠦᠩ ᠵᠡᠷᠭᠡ 6 ᠬᠦᠮᠦᠨ ᠲᠠᠢ ᠬᠠᠮᠳᠣ ᠰᠣᠯᠠᠯᠠᠭᠰᠠᠨ ᠶᠣᠮ᠃ ᠺᠠᠳ᠋ᠷ ᠤᠨ ᠰᠣᠷᠭᠠᠭᠤᠯᠢ ᠳᠤ ᠰᠣᠷᠣᠯᠴᠠᠵᠣ | ᠪᠠᠷᠠᠭᠰᠠᠨ ᠤ ᠲᠠᠷᠠᠭ᠎ᠠ᠂ ᠲᠣᠬᠠᠢ ᠶᠢᠨ ᠦᠶ᠎ᠡ ᠶᠢᠨ ᠠᠶᠢᠮᠠᠭ ᠤᠨ ᠵᠠᠬᠢᠷᠭ᠎ᠠ ︵ᠲᠣᠬᠠᠢ ᠶᠢᠨ ᠦᠶ᠎ᠡ ᠳᠤ ᠵᠣᠣ ᠣᠳᠠ | ᠠᠶᠢᠮᠠᠭ ᠯᠢᠶᠣᠣᠨᠢᠩ ᠮᠣᠵᠢ ᠳᠤ ᠬᠠᠷᠢᠶᠠᠯᠠᠭᠳᠠᠵᠣ ᠪᠠᠶᠢᠪᠠ︶ ᠠᠴᠠ ᠨᠠᠮᠠᠢᠢ ᠣᠯᠠᠭᠠᠨᠬᠠᠳᠠ ᠶᠢᠨ ᠨᠣᠣᠰᠣᠨ ᠨᠡᠬᠡᠮᠡᠯ | ᠤᠨ ᠦᠢᠯᠡᠳᠪᠣᠷᠢ ᠶᠢᠨ ᠲᠠᠷᠤᠭ᠎ᠠ ᠪᠠᠷ ᠲᠣᠮᠢᠯᠠᠭᠰᠠᠨ ᠶᠣᠮ᠃ ᠠᠶᠢᠮᠠᠭ ᠤᠨ ᠵᠠᠬᠢᠷᠭ᠎ᠠ ᠠᠴᠠ 700 ᠲᠦᠮᠡᠨ | ᠲᠦᠭᠦᠷᠢᠭ ᠭᠠᠷᠭᠠᠵᠣ᠂ 4 ᠵᠢᠯ ᠤᠨ ᠬᠤᠭᠤᠴᠠᠭᠠᠨ ᠳᠤ ᠦᠢᠯᠡᠳᠪᠣᠷᠢ ᠶᠢᠨ ᠪᠦᠳᠦᠭᠡᠨ ᠪᠠᠶᠢᠭᠤᠯᠣᠯᠳᠠ ᠶᠢ | ᠲᠠᠭᠤᠰᠬᠠᠵᠣ᠂ 100 ᠺᠠᠳ᠋ᠷ 1000 ᠠᠵᠢᠯᠴᠢᠨ ᠢ ᠬᠦᠮᠦᠵᠢᠬᠦᠯᠬᠦ ᠲᠦᠯᠦᠪᠯᠡᠭᠡ ᠶᠢ ᠲᠣᠭᠳᠠᠭᠠᠵᠣ ᠦᠭᠬᠦᠬᠡᠳ | ᠡᠨᠡᠬᠦ ᠬᠦᠨᠳᠣ ᠡᠭᠦᠷᠬᠡ ᠨᠠᠳᠠ ᠲᠣᠰᠢᠶᠠᠭᠰᠠᠨ ᠶᠣᠮ᠃ ᠪᠢ ᠨᠠᠮ ᠵᠠᠰᠠᠭ ᠠᠷᠠᠳ ᠲᠦᠮᠡᠨ ᠤ ᠨᠠᠶᠢᠳᠠᠯᠭ᠎ᠠ ᠶᠢ | ᠬᠦᠰᠡᠷᠳᠡᠬᠦᠯᠦᠯ ᠦᠬᠡᠢ᠂ ᠲᠦᠪ ᠭᠤᠣᠯᠴᠢ ᠠᠵᠢᠯᠯᠠᠬᠤ ᠣᠪᠣᠷ ᠢᠶᠠᠷ ᠰᠢᠷᠭᠠᠭᠤ ᠬᠠᠳᠠᠭᠤᠵᠢᠯᠳᠠᠢ ᠠᠵᠢᠯᠯᠠᠵᠤ᠂ | ᠺᠠᠳ᠋ᠷ ᠣᠯᠠᠨ ᠢᠶᠠᠨ ᠲᠠᠭᠠᠭᠤᠯᠣᠨ ᠬᠦᠨᠳᠣ ᠡᠭᠦᠷᠭᠡ ᠶᠢ ᠬᠦᠯᠢᠶᠡᠨ ᠠᠪᠴᠦ᠂ ᠬᠤᠶᠠᠷ ᠵᠢᠯ ᠬᠠᠭᠠᠰ ᠤᠨ | ᠬᠤᠭᠤᠴᠠᠭᠠᠨ ᠳᠤ ᠂ 640 ᠲᠦᠮᠡᠨ ᠲᠦᠭᠦᠷᠢᠭ ᠤᠨ ᠪᠠᠯᠡ ᠣᠷᠣᠭᠤᠯᠵᠣ᠂ ᠦᠢᠯᠡᠳᠪᠣᠷᠢ ᠶᠢᠨ ᠪᠦᠳᠦᠭᠡᠨ | ᠪᠠᠶᠢᠭᠤᠯᠣᠯᠳᠠ ᠶᠢᠨ ᠠᠵᠢᠯ ᠢ ᠪᠦᠬᠦᠨ ᠢ ᠲᠠᠭᠤᠰᠬᠠᠵᠣ᠂ ᠲᠦᠯᠦᠪᠯᠡᠭᠰᠡᠨ ᠵᠠᠷᠣᠳᠠᠯ ᠮᠦᠩᠬᠦ ᠠᠴᠠ 60 ᠲᠦᠮᠡᠨ | ᠲᠦᠭᠦᠷᠢᠭ ᠠᠷᠪᠢᠯᠠᠵᠣ ᠭᠠᠷᠭᠠᠪᠠ᠃ ᠪᠦᠬᠦ ᠵᠠᠷᠣᠳᠠᠯ ᠢ ᠪᠦᠬᠦ ᠲᠤᠭ᠎ᠠ ᠪᠠᠷ ᠨᠢ ᠮᠡᠳᠡᠬᠦᠯᠵᠣ᠂ ᠦᠯᠡᠳᠡᠭᠰᠡᠨ ᠵᠣᠭᠤᠰ | ᠢ ᠦᠢᠯᠡᠳᠪᠣᠷᠢ ᠳᠤ ᠦᠯᠡᠳᠡᠬᠡᠬᠦ ᠪᠣᠶᠣ ᠪᠣᠰᠣᠳ ᠵᠠᠷᠣᠯᠭ᠎ᠠ ᠳᠤ ᠭᠠᠷᠭᠠᠬᠤ ᠰᠠᠨᠠᠭ᠎ᠠ ᠲᠠᠢ ᠬᠦᠮᠦᠰ ᠣᠯᠠᠨ ᠪᠠᠶᠢᠭᠰᠠᠨ | ᠃ ᠨᠢᠬᠡ ᠮᠦᠩᠬᠦ ᠶᠢ ᠴᠣ᠋ ᠦᠢᠯᠡᠳᠪᠣᠷᠢ ᠳᠤ ᠦᠯᠡᠳᠡᠬᠡᠬᠦ ᠪᠣᠶᠣ ᠬᠤᠪᠢᠨ ᠳᠠᠭᠠᠨ ᠠᠪᠴᠣ ᠪᠣᠯᠬᠤ ᠦᠬᠡᠢ᠂ ᠦᠨᠡᠨ | ᠮᠦᠨ ᠢᠶᠠᠷ ᠨᠢ ᠲᠤᠭ᠎ᠠ ᠶᠣᠰᠣᠭᠠᠷ ᠨᠢ ᠲᠡᠭᠡᠭᠰᠢ ᠮᠡᠳᠡᠬᠦᠯᠵᠣ ᠦᠯᠡᠳᠡᠭᠰᠡᠨ ᠵᠣᠭᠤᠰ ᠢ ᠪᠦᠬᠦᠨ ᠢ ᠣᠯᠣᠰ ᠲᠤ | ᠪᠣᠴᠠᠭᠠᠬᠤ ᠬᠡᠷᠡᠭᠳᠡᠢ᠃ ᠦᠢᠯᠡᠳᠪᠣᠷᠢ ᠶᠢᠨ ᠣᠯᠠᠨ ᠤ ᠡᠮᠣᠨ᠎ᠡ ᠪᠢ ᠠᠵᠢᠯ ᠡᠬᠢᠯᠡᠮᠡᠭᠴᠠ ᠢᠩᠬᠢᠵᠣ ᠠᠮᠠᠯᠠᠯᠳᠠ | ᠬᠢᠭᠰᠡᠨ ᠶᠣᠮ᠂ ᠠᠮᠠᠯᠠᠯᠳᠠ ᠶᠣᠰᠣᠭᠠᠷ ᠢᠶᠠᠨ ᠪᠡᠶᠡᠯᠡᠬᠦᠯᠦᠭᠰᠡᠨ ᠶᠣᠮ᠃ | ᠰᠢ᠊᠂ ᠪᠠᠳᠣ᠄ ᠲᠠ ᠠᠵᠢᠯ ᠦᠢᠯᠡᠰ ᠲᠤ ᠪᠠᠨ ᠭᠠᠨᠵᠤᠭ᠎ᠠ ᠲᠦᠬᠦᠷᠡᠩ ᠶᠠᠪᠣᠭᠰᠠᠨ ᠢᠶᠠᠷ ᠪᠠᠷᠠᠬᠤ ᠦᠬᠡᠢ᠂ ᠨᠣᠳᠤᠭ | ᠣᠰᠣᠨ ᠤ ᠪᠠᠨ ᠲᠡᠣᠬᠡ ᠰᠣᠶᠣᠯ ᠤᠨ ᠲᠣᠬᠠᠢ ᠮᠠᠰᠢ ᠠᠷᠪᠢᠨ ᠪᠦᠳᠦᠭᠡᠯ ᠭᠠᠷᠭᠠᠯ᠎ᠠ᠂ ᠢᠯᠠᠩᠭᠤᠶ᠎ᠠ ᠠᠣᠬᠠᠨ ᠸᠠᠩ | ᠤᠨ ᠣᠭᠰᠠᠭ᠎ᠠ ᠲᠦᠷᠦᠯ ᠤᠨ ᠲᠣᠬᠠᠢ ᠲᠠᠨ ᠤ ᠰᠣᠷᠪᠣᠯᠵᠢᠯᠠᠯ ᠲᠡᠮᠳᠡᠭᠯᠠᠯ ᠳᠤ ᠨᠠᠷᠢᠯᠢᠭ ᠲᠣᠰᠬᠠᠭᠳᠠᠭᠰᠠᠨ ᠪᠠᠶᠢᠨ᠎ᠠ᠂ | ᠲᠡᠭᠡᠪᠡᠯ ᠠᠷᠠᠳ ᠤᠨ ᠲᠠᠭᠤᠣ ︽ᠨᠣᠭᠤᠨᠵᠠᠶᠠᠭ᠎ᠠ︾ ᠳᠠᠬᠢ ᠨᠣᠭᠤᠨᠵᠠᠶᠠᠭ᠎ᠠ ᠶᠢ ᠠᠣᠬᠠᠨ ᠸᠠᠩ ᠤᠨ ᠬᠡᠣᠬᠡᠨ ᠬᠡᠳᠡᠭ | ᠨᠢ ᠲᠠᠭᠠᠷᠠᠨ᠎ᠠ ᠤᠤ︖ | ᠪᠣᠣ ᠰᠢ ᠨᠠᠰᠣᠳᠠᠨ᠄ ᠨᠣᠭᠤᠨᠵᠠᠶᠠᠭ᠎ᠠ ᠶᠢᠨ ᠲᠣᠬᠠᠢ ᠨᠠᠷᠢᠯᠢᠭ ᠮᠡᠳᠡᠶ᠎ᠡ ᠭᠡᠪᠡᠯ ᠠᠣᠬᠠᠨ ᠬᠤᠰᠢᠭᠤᠨ ᠤ | ᠰᠠᠬᠠᠯᠳᠣ ᠸᠠᠩ ᠠᠴᠠ ᠡᠬᠢᠯᠡᠵᠣ ᠶᠠᠷᠢᠬᠤ ᠴᠢᠬᠤᠯᠠᠳᠠᠢ ᠪᠠᠶᠢᠨ᠎ᠠ᠃ | ᠰᠠᠬᠠᠯᠳᠤ ᠸᠠᠩ ᠭᠡᠵᠤ ᠠᠤᠬᠠᠨ ᠤ ᠠᠷᠪᠠᠨ ᠭᠤᠷᠪᠠᠳᠤᠭᠠᠷ ᠵᠠᠰᠠᠭ ᠸᠠᠩ ᠲᠠᠮᠷᠢᠨᠳᠠᠷᠳᠠᠭ ᠢ ᠬᠡᠯᠡᠵᠤ ᠪᠠᠶᠢᠨ᠎ᠠ | ᠂ ᠶᠠᠭᠠᠬᠢᠭᠠᠳ ᠰᠠᠬᠠᠯᠳᠤ ᠸᠠᠩ ᠨᠠᠷᠠ ᠣᠯᠪᠠ ᠬᠡᠪᠡᠯ ᠭᠤᠴᠢ ᠬᠦᠷᠬᠦ ᠠᠴᠠ ᠪᠠᠨ ᠶᠡᠭᠡ ᠰᠠᠬᠠᠯ ᠲᠡᠯᠪᠢᠵᠣ᠂ | ᠭᠤᠴᠢᠨ ᠬᠤᠶᠠᠷ ᠬᠥᠷᠬᠦ ᠳᠤ ᠡᠪᠴᠢᠭᠦᠤ ᠲᠦᠬᠦᠷᠡᠩ ᠰᠠᠬᠠᠯ ᠲᠠᠢ ᠪᠣᠯᠣᠭᠰᠠᠨ ᠪᠣᠯᠬᠤᠷ ᠲᠡᠬᠦᠨ ᠢ ᠰᠠᠬᠠᠯᠳᠤ | ᠸᠠᠩ ᠭᠡᠳᠡᠭ ᠪᠠᠶᠢᠨ᠎ᠠ᠃ ᠰᠠᠬᠠᠯᠳᠤ ᠸᠠᠩ ᠲᠦᠷᠭᠡᠨ ᠵᠠᠩ ᠲᠠᠢ᠂ ᠠᠭᠤᠷ ᠣᠮᠤᠭ ᠶᠡᠭᠡ᠂ ᠴᠡᠷᠢᠭ ᠤᠨ ᠡᠷᠳᠡᠮ ᠳᠤ | ᠴᠠᠭᠠᠷᠠᠭᠰᠠᠨ ᠬᠦᠮᠦᠨ᠃ ᠲᠡᠬᠦᠨ ᠤ ᠸᠠᠩ ᠤᠨ ᠰᠠᠭᠤᠷᠢᠨ ᠢ ᠵᠠᠯᠭᠠᠮᠵᠢᠯᠠᠭᠰᠠᠨ ᠵᠢᠯ ᠨᠢ 1879 ᠤᠨ ᠪᠣᠯᠣᠨ᠎ᠠ᠃ | ᠲᠤᠬᠠᠢ ᠶᠢᠨ ᠥᠶ᠎ᠡ ᠳᠤ ᠠᠣᠬᠠᠨ ᠤ ᠬᠤᠰᠢᠭᠤ ᠵᠠᠰᠠᠭ ᠶᠠᠭ ᠲᠣᠷᠣᠶᠢᠳᠠᠵᠣ ᠪᠠᠶᠢᠭᠰᠠᠨ ᠴᠠᠭ ᠬᠠᠷᠭᠤᠭᠰᠠᠨ ᠤ | ᠲᠡᠭᠡᠷ᠎ᠡ 1891 ᠤᠨ ᠳᠤ ᠡᠬᠦᠰᠦᠭᠰᠡᠨ ︽ᠤᠯᠠᠭᠠᠨ ᠮᠠᠯᠠᠭᠠᠶᠢᠳᠣ ᠶᠢᠨ ᠣᠷᠪᠠᠯᠭᠠᠨ︾ ᠭᠠᠷᠴᠠᠢ᠃ ᠶᠢᠨ ᠳ᠋ᠠᠨ | ᠳ᠋ᠤᠤ ᠶᠢᠨ ᠱᠠᠰᠢᠨᠳᠠᠳ ᠪᠦᠷ ᠤᠯᠠᠭᠠᠨ ᠠᠯᠴᠢᠭᠤᠷ ᠢᠶᠠᠷ ᠲᠣᠯᠣᠭᠠᠢ ᠪᠠᠨ ᠤᠷᠢᠶᠠᠳᠠᠭ ᠲᠤᠯᠠ ᠮᠣᠩᠭᠤᠯᠴᠣᠳ | ᠲᠡᠳᠡᠨ ᠢ ᠣᠯᠠᠭᠠᠨ ᠮᠠᠯᠠᠭᠠᠶᠢᠳᠣ ᠭᠡᠳᠡᠭ᠃ 1891 ᠤᠨ ᠢ ᠣᠯᠠᠭᠠᠨ ᠮᠠᠯᠠᠭᠠᠶᠢᠳᠣ ᠶᠢᠨ ᠵᠢᠯ ᠬᠡᠳᠡᠭ᠃ ᠡᠨᠡ | ᠬᠡᠷᠡᠭ ᠢ ᠬᠤᠰᠢᠭᠤᠨ ᠡᠮᠣᠨ᠎ᠡ ᠪᠡᠶ᠎ᠡ ᠶᠢᠨ ᠬᠢᠳᠡᠳ ᠤᠳ ᠬᠤᠣᠪᠢᠯᠳᠣᠨ ᠡᠬᠦᠰᠬᠡᠵᠣ᠂ ᠮᠣᠩᠭᠤᠯᠴᠣᠳ ᠢ ᠶᠡᠬᠡᠪᠡᠷ | ᠬᠢᠳᠣᠨ ᠠᠯᠠᠵᠣ᠂ ᠪᠦᠬᠦᠶᠢᠯᠡ ᠵᠣᠣ ᠣᠳᠠ ᠶᠢᠨ ᠴᠢᠭᠤᠯᠭᠠᠨ ᠢ ᠦᠢᠮᠡᠬᠦᠯᠪᠡ᠃ 11 ᠰᠠᠷ᠎ᠠ ᠳᠤ ᠨᠢ ᠤᠯᠠᠭᠠᠨ | ᠮᠠᠯᠠᠭᠠᠶᠢᠳᠡᠨ ᠰᠠᠬᠠᠯᠳᠤ ᠸᠠᠩ ᠤᠨ ᠬᠤᠷᠢᠶ᠎ᠠ ᠶᠢ ᠲᠠᠭᠠᠷᠢᠪᠡ᠃ ᠰᠠᠬᠠᠯᠳᠤ ᠸᠠᠩ ᠣᠯᠠᠭᠠᠨ ᠮᠠᠯᠠᠭᠠᠶᠢᠳᠣ ᠢᠷᠡᠬᠦ ᠠᠴᠠ | ᠡᠮᠣᠨ᠎ᠡ ᠵᠠᠪᠳᠣᠵᠣ᠂ ᠭᠡᠷ ᠪᠥᠯᠢ ᠪᠠᠨ ᠪᠣᠶᠢᠳᠠ ᠪᠦᠭᠯᠡᠬᠦᠦ ᠮᠦᠷᠳᠡᠭᠡᠨ ᠰᠢᠯᠵᠢᠬᠦᠯᠬᠦ ᠳᠤ ᠲᠦᠬᠦᠮ ᠵᠤᠤᠬᠠᠳᠤ | ᠣᠷᠴᠢᠮ ᠨᠡᠬᠦᠯᠬᠡᠭᠰᠡᠨ ᠪᠠᠶᠢᠨ᠎ᠠ᠃ ᠣᠯᠠᠭᠠᠨ ᠮᠠᠯᠠᠭᠠᠶᠢᠳᠣ ᠸᠠᠩ ᠤᠨ ᠬᠤᠷᠢᠶ᠎ᠠ ᠶᠢ ᠲᠠᠭᠠᠷᠢᠵᠣ ᠭᠠᠯ ᠲᠠᠯᠪᠢᠨ | ᠴᠦᠯᠪᠡᠨ ᠲᠠᠭᠡᠷᠡᠮᠳᠠᠵᠣ ᠬᠠᠷᠭᠤᠭᠰᠠᠨ ᠪᠣᠯᠭᠠᠨ ᠢ ᠲᠠᠷᠴᠢᠯᠭᠠᠨ ᠠᠯᠠᠵᠣ ᠪᠠᠶᠢᠯ᠎ᠠ᠃ ᠥᠢᠷ᠎ᠠ ᠬᠤᠪᠢ ᠶᠢᠨ ᠠᠶᠢᠯ | ᠲᠤᠰᠬᠤᠨ ᠤ ᠮᠠᠯᠴᠢᠨ ᠲᠠᠷᠢᠶᠠᠴᠢᠨ ᠢ ᠬᠤᠭᠤᠰᠣᠷᠠᠳᠠᠯᠠ ᠲᠡᠭᠡᠷᠡᠮᠳᠡᠪᠡ᠃ ᠬᠦᠮᠦᠨ ᠠᠯᠠᠭᠠᠳ ᠣᠯᠠᠶᠢᠰᠢᠭᠰᠠᠨ | ᠤᠯᠠᠭᠠᠨ ᠮᠠᠯᠠᠭᠠᠶᠢᠳᠤ ᠶᠢᠨ ᠴᠡᠷᠢᠭ ᠪᠤᠴᠠᠨ ᠢᠷᠡᠵᠤ᠂ ᠬᠠᠷᠠᠰᠠᠯᠳᠣ ᠪᠠᠶᠢᠳᠠᠯ ᠳᠤ ᠵᠢᠷᠦᠬᠡ ᠡᠮᠵᠡᠭᠯᠡᠨ ᠦᠰᠢᠶᠡᠳᠡᠨ | ᠲᠠᠶᠢᠰᠣᠨ ᠳᠤ ᠰᠢᠳᠣ ᠵᠠᠭᠤᠨ ᠬᠤᠷᠣᠰᠴᠣ ᠪᠠᠶᠢᠭᠰᠠᠨ ᠰᠠᠬᠠᠯᠳᠣ ᠸᠠᠩ ᠢ ᠪᠥᠰᠡᠯᠡᠨ ᠠᠪᠤᠪᠠ᠃ ᠰᠠᠬᠠᠯᠳᠤ ᠸᠠᠩ | ᠫᠣᠣ ᠪᠠ ᠢᠯᠳᠣ ᠶᠢ ᠵᠡᠷᠭᠡᠪᠡᠷ ᠬᠡᠷᠡᠭᠯᠡᠵᠣ᠂ ᠠᠷᠪᠠᠨ ᠭᠤᠷᠪᠠᠨ ᠤᠯᠠᠭᠠᠨ ᠮᠠᠯᠠᠭᠠᠶᠢᠳᠤ ᠶᠢ ᠲᠣᠨᠢᠯᠭᠠᠵᠣ᠂ ᠪᠠᠯᠠᠮᠠᠳ | ᠲᠡᠭᠡᠷᠠᠮ ᠢ ᠪᠠᠯᠠᠭ ᠠᠯᠳᠠᠳᠠᠯ᠎ᠠ ᠠᠶᠣᠯᠭᠠᠨ᠂ ᠭᠠᠭᠴᠠ ᠪᠠᠷ ᠢᠶᠠᠨ ᠲᠠᠪᠬᠤᠷ ᠲᠠᠪᠬᠤᠷ ᠪᠥᠰᠡᠯᠡᠯᠳᠡ ᠶᠢ ᠰᠢᠪᠳᠤᠯᠤᠨ | ᠭᠠᠷᠴᠤ ᠢᠷᠡᠭᠰᠡᠨ ᠪᠠᠶᠢᠵᠠᠢ᠃ ᠵᠠᠯᠭᠠᠭᠠᠳ ᠰᠠᠬᠠᠯᠳᠣ ᠸᠠᠩ ᠣᠩᠨᠢᠭᠤᠳ᠂ ᠪᠠᠭᠠᠷᠢᠨ ᠬᠤᠰᠢᠭᠤ ᠲᠠᠢ ᠬᠤᠯᠪᠣᠭᠠᠯᠠᠨ᠂ | ᠣᠯᠠᠭᠠᠨ ᠮᠠᠯᠠᠭᠠᠶᠢᠳᠣ ᠶᠢᠨ ᠲᠡᠭᠡᠷᠡᠮ ᠢ ᠬᠡᠳᠡᠷᠬᠦ ᠶᠢᠨ ᠴᠣᠬᠢᠬᠤ ᠶᠢᠨ ᠬᠠᠮᠳᠣ᠂ ᠴᠢᠩ ᠤᠯᠤᠰ ᠤᠨ ᠵᠠᠰᠠᠭ ᠤᠨ | ᠭᠠᠵᠠᠷ ᠬᠡᠷᠡᠭ ᠮᠡᠳᠡᠬᠦᠯᠦᠨ᠂ ᠣᠯᠠᠭᠠᠨ ᠮᠠᠯᠠᠭᠠᠶᠢᠳᠣ ᠶᠢ ᠲᠠᠷᠣᠵᠣ ᠨᠣᠳᠤᠭ ᠣᠷᠣᠨ ᠢᠶᠠᠨ ᠬᠠᠮᠠᠭᠠᠯᠠᠬᠤ ᠳᠤ ᠶᠡᠬᠡᠬᠡᠨ | ᠦᠢᠯᠡᠳᠦᠯ ᠦᠵᠡᠬᠦᠯᠦᠭᠰᠡᠨ ᠪᠠᠶᠢᠨ᠎ᠠ᠃ ᠤᠯᠠᠭᠠᠨ ᠮᠠᠯᠠᠭᠠᠶᠢᠳᠠᠨ ᠢ ᠲᠠᠷᠤᠬᠤ ᠳᠤ ᠶᠡᠭᠡ ᠭᠠᠪᠢᠶ᠎ᠠ ᠪᠠᠶᠢᠭᠤᠯᠣᠯ᠎ᠠ ᠭᠡᠵᠤ | ᠴᠢᠩ ᠤᠯᠤᠰ ᠤᠨ ᠵᠠᠰᠠᠭ ᠤᠨ ᠭᠠᠵᠠᠷ 1895 ᠣᠨ ᠳᠤ ᠰᠠᠬᠠᠯᠳᠤ ᠸᠠᠩ ᠢ ᠵᠤᠤ ᠤᠳᠠ ᠶᠢᠨ ᠴᠢᠭᠤᠯᠭᠠᠨ | ᠲᠠᠷᠤᠭ᠎ᠠ ᠪᠣᠯᠭᠠᠨ ᠲᠡᠪᠰᠢᠬᠦᠯᠦᠭᠰᠡᠨ ᠪᠠᠶᠢᠨ᠎ᠠ᠃ | ᠰᠠᠬᠠᠯᠳᠣ ᠸᠠᠩ ᠴᠢᠭᠤᠯᠭᠠᠨ ᠲᠠᠷᠤᠭ᠎ᠠ ᠰᠠᠭᠤᠭᠰᠠᠨ ᠤ ᠲᠠᠷᠠᠭ᠎ᠠ ᠬᠠᠷ᠎ᠠ ᠶᠢᠨ ᠠᠭᠤᠯᠠ ᠶᠢᠨ ᠡᠩᠭᠡᠷ ᠲᠤ | ᠸᠠᠩ ᠤᠨ ᠣᠷᠳᠣᠨ ᠢᠶᠠᠨ ᠪᠠᠶᠢᠭᠤᠯᠵᠣ ᠡᠬᠢᠯᠡᠭᠰᠡᠨ ᠪᠠᠶᠢᠨ᠎ᠠ᠃ ᠰᠠᠬᠠᠯᠳᠣ ᠸᠠᠩ ᠸᠠᠩ ᠤᠨ ᠣᠷᠳᠣᠨ ᠪᠠᠶᠢᠭᠤᠯᠬᠤ | ᠵᠠᠷᠣᠳᠠᠯ ᠳᠤ ᠶᠡᠭᠡ ᠬᠡᠮᠵᠢᠶᠡᠨ ᠤ ᠵᠣᠭᠤᠰ ᠮᠦᠩᠬᠦ ᠵᠠᠷᠣᠴᠠᠭᠤᠯᠵᠣ᠂ ᠶᠡᠬᠡᠪᠡᠷ ᠱᠠᠯᠢᠨ ᠪᠦᠷᠢᠯᠭᠡᠳᠡᠭ ᠪᠣᠯᠬᠤᠷ ᠠᠷᠠᠳ | ᠤᠨ ᠡᠰᠡᠷᠭᠦᠴᠡᠯ ᠢ ᠣᠯᠵᠣ᠂ ᠡᠯ᠎ᠡ ᠬᠤᠰᠢᠭᠤᠨ ᠤ ᠬᠢᠨ ᠪᠡᠭᠡᠵᠢᠩ ᠳᠤ ᠤᠴᠢᠵᠤ ᠵᠠᠭᠠᠯᠳᠤᠭᠰᠠᠨ ᠪᠠᠶᠢᠨ᠎ᠠ᠃ | 1898 ᠣᠨ ᠳᠤ᠂ ᠰᠠᠬᠠᠯᠳᠤ ᠸᠠᠩ ᠵᠤᠤᠬᠠᠳᠤ ᠠᠴᠠ ᠪᠠᠷᠢᠵᠤ ᠲᠠᠭᠤᠰᠤᠭᠠᠳᠤᠢ ᠪᠠᠶᠢᠭᠰᠠᠨ ᠰᠢᠨ᠎ᠡ ᠬᠤᠷᠢᠶᠠᠨ | ᠳᠠᠭᠠᠨ ᠨᠡᠬᠦᠭᠡᠳ ᠠᠷᠠᠢ ᠬᠤᠶᠠᠷ ᠵᠢᠯ ᠪᠤᠯᠤᠭᠠᠳᠤᠢ ᠪᠠᠷ ᠴᠢᠩ ᠤᠨ ᠵᠠᠰᠠᠭ ᠠᠴᠠ ᠲᠡᠬᠦᠨ ᠢ ᠴᠢᠭᠤᠯᠭᠠᠨ ᠲᠠᠷᠤᠭ᠎ᠠ | ᠠᠴᠠ ᠨᠢ ᠤᠭᠴᠠᠷᠠᠭᠤᠯᠤᠭᠰᠠᠨ ᠪᠠᠶᠢᠨ᠎ᠠ᠃ 1901ᠤᠨ ᠳᠤ ᠪᠡᠭᠡᠵᠢᠩ ᠳᠤ ᠡᠪᠡᠳᠴᠢᠨ ᠢᠶᠠᠷ ᠨᠠᠰᠤ ᠪᠠᠷᠠᠪᠠ᠃ | ᠰᠠᠬᠠᠯᠳᠣ ᠸᠠᠩ ᠤᠨ ᠰᠠᠭᠤᠷᠢᠨ ᠢ ᠵᠠᠯᠭᠠᠮᠵᠢᠯᠠᠭᠰᠠᠨ ᠨᠢ ᠲᠡᠬᠦᠨ ᠤᠨ ᠬᠦᠦ ᠨᠢ ᠯᠾᠠᠵᠠᠯᠨᠣᠷᠵᠢᠨ ᠪᠣᠯᠣᠨ᠎ᠠ᠃ | ᠯᠾᠠᠵᠠᠯᠨᠣᠷᠵᠢᠨ ᠢ ᠠᠣᠬᠠᠨ ᠤ ᠲᠡᠣᠬᠡᠨ ᠲᠡᠭᠡᠷ᠎ᠡ ︽ᠪᠣᠣᠳᠣ ᠸᠠᠩ︾ ᠭᠡᠳᠡᠭ᠃ ᠪᠣᠣᠳᠣ ᠸᠠᠩ ᠬᠡᠳᠡᠭ ᠨᠠᠷᠠ ᠨᠢ | ᠲᠡᠭᠦᠨ ᠤ ᠠᠯᠠᠭᠳᠠᠭᠰᠠᠨ ᠣᠴᠢᠷ ᠲᠠᠢ ᠬᠤᠯᠪᠣᠭ᠎ᠠ ᠲᠠᠢ᠃ ᠯᠾᠠᠵᠠᠯᠨᠣᠷᠵᠢᠨ ᠸᠠᠩ ᠤᠨ ᠰᠠᠭᠤᠷᠢᠨ ᠳᠤ ᠰᠠᠭᠤᠭᠰᠠᠨ | ᠤ ᠪᠠᠨ ᠲᠠᠷᠠᠭ᠎ᠠ ᠵᠠᠪᠬᠠᠢ ᠵᠠᠳᠠᠭᠠᠢ ᠶᠠᠪᠣᠵᠣ᠂ ᠵᠠᠷᠣᠳᠠᠰᠣ ᠡᠬᠡᠨᠡᠷ ᠲᠠᠢ ᠪᠠᠨ ᠬᠦᠯ ᠨᠡᠶᠢᠯᠡᠨ ᠠᠭᠠᠰᠢᠯᠠᠵᠣ ᠪᠠᠶᠢᠵᠠᠢ᠃ | ᠨᠢᠬᠡ ᠣᠳᠠᠭ᠎ᠠ ᠸᠠᠩ ᠨᠣᠶᠠᠨ ᠵᠠᠷᠣᠳᠠᠰᠣ ᠡᠬᠡᠨᠡᠷ ᠢᠶᠠᠨ ᠲᠠᠭᠠᠭᠤᠯᠣᠨ ᠪᠡᠬᠡᠵᠢᠩ ᠳᠤ ᠶᠠᠪᠣᠬᠤ ᠳᠤ ᠪᠠᠨ ᠸᠠᠩ ᠤᠨ | ᠰᠢᠳᠠᠷ ᠲᠣᠭᠤᠭᠠᠴᠢ ᠹᠦᠵᠦᠷᠠᠩᠭ᠎ᠠ ᠪᠠᠨ ᠲᠠᠭᠠᠭᠤᠯᠵᠣ ᠶᠠᠪᠣᠵᠠᠢ᠃ ᠹᠦᠵᠦᠷᠠᠩᠭ᠎ᠠ ᠪᠣᠯ ᠡᠨᠡ ᠵᠠᠷᠣᠳᠠᠰᠣ ᠡᠬᠡᠨᠡᠷ ᠤᠨ | ᠬᠠᠳᠠᠮ ᠲᠡᠭᠦᠦ ᠨᠢ ᠪᠣᠯᠬᠤᠷ ᠠᠬ᠎ᠠ ᠳᠤ ᠪᠠᠨ ᠦᠰᠢᠶ᠎ᠡ ᠠᠪᠴᠦ ᠦᠭᠬᠦᠶ᠎ᠡ ᠬᠡᠵᠣ ᠡᠳᠦᠷᠵᠢᠨ ᠪᠣᠳᠣᠵᠣ ᠪᠠᠶᠢᠵᠠᠢ᠃ | ᠪᠡᠬᠡᠵᠢᠩ ᠳᠤ ᠬᠦᠷᠦᠭᠰᠡᠨ ᠤ ᠲᠠᠷᠠᠭ᠎ᠠ ᠹᠦᠵᠣᠷᠠᠩᠭᠠ ᠪᠣᠣᠳᠣ ᠪᠠᠨ ᠬᠠᠩᠬᠢᠨᠠᠳᠠᠯ᠎ᠠ ᠬᠦᠢᠴᠡᠬᠡᠵᠣ ︵ᠪᠢᠯᠡᠭᠦᠳᠡᠵᠣ︶ | ᠯᠾᠠᠵᠠᠯᠨᠣᠷᠵᠢᠨ ᠸᠠᠩ ᠤᠨ ᠪᠠᠭᠤᠳᠠᠯ ᠳᠤ ᠣᠷᠣᠵᠣ ᠬᠦᠵᠦᠬᠦᠦ ᠶᠢ ᠨᠢ ᠣᠭᠳᠣᠯᠣᠨ ᠠᠯᠠᠭᠰᠠᠨ ᠪᠠᠶᠢᠵᠠᠢ᠃ ᠸᠠᠩ | ᠨᠣᠶᠠᠨ ᠢᠶᠠᠨ ᠠᠯᠠᠴᠢᠬᠠᠭᠠᠳ ᠹᠦᠵᠦᠷᠠᠩᠭ᠎ᠠ᠄ ︽ᠵᠠ᠂ ᠪᠢ ᠡᠨᠡ ᠪᠣᠣᠳᠣ ᠶᠢ ᠭᠤᠷᠪᠠᠨ ᠡᠳᠦᠷ ᠬᠦᠢᠴᠡᠭᠡᠭᠰᠡᠨ ︵ | ᠪᠢᠯᠡᠬᠦᠳᠡᠭᠰᠡᠨ︶ ᠶᠣᠮ᠂ ᠪᠣᠣᠳᠣ ᠬᠤᠷᠴᠠ ᠤᠤ︖ ᠸᠠᠩ ᠤᠨ ᠬᠦᠵᠣᠬᠦᠦ ᠪᠦᠬᠡ ᠤᠤ︖ ᠦᠵᠡᠶ᠎ᠡ ᠬᠡᠰᠡᠨ ᠶᠣᠮ | ︾ ᠬᠡᠵᠣ ᠬᠡᠯᠡᠯ᠎ᠡ ᠬᠡᠳᠡᠭ᠃ ᠶᠠᠭ ᠡᠨᠡ ᠣᠴᠢᠷ ᠠᠴᠠ ᠪᠣᠯᠵᠣ ᠯᠾᠠᠵᠠᠯᠨᠣᠷᠵᠢᠨ ᠸᠠᠩ ᠢ ᠬᠤᠵᠢᠮ ᠤᠨ ᠬᠦᠮᠦᠰ ︽ | ᠪᠣᠣᠳᠣ ᠸᠠᠩ ︾ ᠭᠡᠳᠡᠭ ᠪᠣᠯᠵᠠᠢ᠃ | ᠪᠤᠤᠳᠤᠤ ᠸᠠᠩ ᠳᠤ ᠥᠷ᠎ᠡ ᠬᠡᠣᠬᠡᠳ ᠦᠭᠡᠢ ᠪᠣᠯᠬᠤᠷ ᠬᠡᠨ ᠢᠶᠠᠷ ᠰᠠᠭᠤᠷᠢᠨ ᠵᠠᠯᠭᠠᠮᠵᠢᠯᠠᠭᠤᠯᠬᠤ ᠶᠢ | ᠲᠤᠭᠳᠠᠭᠠᠬᠤ ᠨᠢ ᠪᠣᠣᠳᠣ ᠸᠠᠩ ᠠᠯᠠᠭᠳᠠᠭᠰᠠᠨ ᠤ ᠲᠠᠷᠠᠭᠠᠬᠢ ᠲᠣᠯᠭᠠᠮ᠎ᠠ ᠰᠢᠢᠳᠪᠣᠷᠢᠯᠡᠬᠦ ᠴᠢᠬᠤᠯᠠᠳᠠᠢ ᠶᠠᠪᠣᠳᠠᠯ | ᠪᠣᠯᠵᠣ ᠸᠠᠩ ᠤᠨ ᠣᠷᠳᠣᠨ ᠤ ᠬᠢᠨ ᠢ ᠰᠠᠨᠳᠣᠷᠭᠠᠵᠣ ᠪᠠᠶᠢᠯ᠎ᠠ᠃ ᠲᠣᠳᠣᠭᠠᠳᠣ ᠳᠤ ᠪᠠᠨ ᠵᠦᠪᠳᠡᠵᠣ᠂ ᠪᠠᠶᠢᠳᠠᠯ ᠢ | ᠲᠡᠭᠡᠭᠰᠢ ᠮᠡᠳᠡᠬᠦᠯᠦᠨ ᠣᠯᠠᠨ ᠲᠠᠯ᠎ᠠ ᠶᠢᠨ ᠰᠠᠨᠠᠯ ᠢ ᠰᠣᠨᠣᠰᠣᠭᠰᠠᠨ ᠤ ᠳ᠋ᠦᠩ ᠳᠤ᠂ ᠰᠠᠬᠠᠯᠳᠤ ᠸᠠᠩ ᠤᠨ | ᠬᠤᠶᠠᠳᠤᠭᠠᠷ ᠲᠠᠬᠦᠤ᠂ ᠭᠤᠤᠷᠰᠤ ᠶᠢᠨ ᠰᠥᠮ᠎ᠡ ᠳᠤ ᠳ᠋ᠠ ᠯᠠᠮᠠ ᠶᠢᠨ ᠰᠠᠭᠤᠳᠠᠯ ᠳᠤ ᠪᠠᠶᠢᠭᠰᠠᠨ ᠰᠢᠯᠣᠭᠤᠨ | ᠰᠢᠳᠣᠷᠭᠤ ᠲᠦᠪ ᠭᠤᠣᠯᠴᠢ ᠭᠤᠮᠪᠤᠵᠠᠪ ᠢ ᠬᠠᠷ᠎ᠠ ᠪᠤᠯᠭᠠᠵᠤ᠂ ᠠᠤᠬᠠᠨ ᠬᠤᠰᠢᠭᠤᠨ ᠤ ᠠᠷᠪᠠᠨ ᠲᠠᠪᠤᠳᠤᠭᠠᠷ ᠵᠠᠰᠠᠭ | ᠪᠣᠯᠭᠠᠭᠰᠠᠨ ᠢ ᠲᠡᠤᠬᠡᠨ ᠲᠡᠭᠡᠷ᠎ᠡ ᠠᠣᠬᠠᠨ ᠬᠤᠰᠢᠭᠤᠨ ᠤ ᠯᠠᠮᠠ ᠸᠠᠩ ᠭᠡᠳᠡᠭ᠃ ᠯᠠᠮᠠ ᠸᠠᠩ 48 ᠨᠠᠰᠣᠳᠠᠢ ᠳᠤ | ᠪᠠᠨ ᠬᠤᠰᠢᠭᠤᠨ ᠸᠠᠩ ᠪᠣᠯᠵᠠᠢ᠃ ᠰᠠᠬᠠᠯᠳᠣ ᠸᠠᠩ ᠠᠬ᠎ᠠ ᠲᠡᠬᠦᠦ ᠭᠤᠷᠪᠠᠭᠤᠯᠠ᠂ ᠶᠡᠭᠡ ᠨᠢ ᠰᠠᠬᠠᠯᠳᠣ ᠸᠠᠩ᠂ | ᠬᠤᠶᠠᠳᠣᠭᠠᠷ ᠨᠢ ᠰᠠᠭᠤᠷᠢᠨ ᠢ ᠵᠠᠯᠭᠠᠮᠵᠢᠯᠠᠭᠰᠠᠨ ᠯᠠᠮᠠ ᠸᠠᠩ᠂ ᠭᠤᠷᠪᠠᠳᠣᠭᠠᠷ ᠢ ᠨᠢ ᠪᠦᠬᠦᠳᠡᠭᠡᠷ ᠰᠠᠨ ᠶᠧ ᠬᠡᠵᠣ | ᠲᠠᠭᠤᠳᠠᠳᠠᠭ᠃ ᠪᠤᠤᠳᠤᠤ ᠸᠠᠩ ᠥᠬᠦᠭᠰᠡᠨ ᠤ ᠲᠠᠷᠠᠭ᠎ᠠ ᠸᠠᠩ ᠤᠨ ᠰᠠᠭᠤᠷᠢᠨ ᠯᠠᠪᠳᠠᠢ ᠨᠠᠳᠠᠳᠣ ᠢᠷᠡᠨ᠎ᠡ ᠬᠡᠵᠣ ᠰᠠᠨ | ᠶᠧ ᠪᠣᠳᠣᠵᠣ ᠪᠠᠶᠢᠭᠰᠠᠨ ᠪᠦᠬᠡᠳ ᠣᠯᠠᠨ ᠢ ᠦᠳᠦᠬᠡᠵᠣ᠂ ᠪᠡᠬᠡᠵᠢᠩ ᠳᠤ ᠬᠦᠷᠴᠦ ᠬᠠᠭᠠᠨ ᠤ ᠤᠷᠳᠤᠨ ᠤ ᠨᠤᠶᠠᠳ | ᠲᠦᠰᠢᠮᠡᠳ ᠲᠤ ᠬᠡᠭᠡᠯᠢ ᠲᠦᠯᠬᠢᠵᠣ ᠦᠩᠬᠡᠷᠡᠪᠡ᠃ ᠭᠡᠪᠡᠴᠦ ᠯᠠᠮᠠ ᠸᠠᠩ ᠢ ᠲᠡᠮᠵᠢᠵᠣ ᠪᠠᠶᠢᠭᠰᠠᠨ ᠬᠦᠴᠦᠨ ᠨᠢ | ᠲᠡᠶᠢᠯᠦᠩᠬᠢ ᠪᠠᠶᠢᠭᠰᠠᠨ ᠪᠦᠬᠡᠳ ᠿᠾᠧ ᠡᠾᠧ ᠮᠤᠵᠢ ᠶᠢᠨ ᠡᠯ᠎ᠡ ᠬᠤᠰᠢᠭᠤ ᠶᠢᠨ ᠶᠠᠪᠣᠳᠠᠯ ᠢ ᠬᠠᠮᠢᠶᠠᠷᠳᠠᠭ | ᠵᠠᠬᠢᠷᠤᠭᠴᠢ ᠰᠠᠶᠢᠳ ᠡᠷᠭᠦᠳᠡᠯ ᠡᠷᠭᠦᠵᠤ ᠠᠤᠬᠠᠨ ᠤ ᠡᠷᠬᠡ ᠮᠡᠳᠡᠯ ᠢ ᠵᠠᠪᠠᠯ ᠤᠯᠠᠨ ᠳᠠᠭᠠᠨ ᠢᠳᠡᠭᠡᠯ ᠲᠠᠢ ᠬᠥᠮᠤᠨ | ᠳᠤ ᠥᠭᠭᠦ ᠬᠡᠷᠡᠭᠳᠡᠢ ᠭᠡᠵᠤ ᠣᠯᠠᠨ ᠣᠳᠠᠭ᠎ᠠ ᠪᠡᠬᠡᠵᠢᠩ ᠳᠤ ᠮᠡᠳᠡᠬᠦᠯᠦᠭᠰᠡᠨ ᠢᠶᠠᠷ ᠯᠠᠮᠠ ᠸᠠᠩ ᠰᠣᠩᠭᠤᠭᠳᠠᠭᠰᠠᠨ | ᠪᠠᠶᠢᠨ᠎ᠠ᠃ | ᠯᠠᠮᠠ ᠸᠠᠩ ᠭᠤᠮᠪᠣᠵᠠᠪ ᠵᠠᠰᠠᠭ ᠤᠨ ᠡᠷᠬᠡ ᠶᠢ ᠠᠪᠣᠭᠰᠠᠨ ᠤ ᠲᠠᠷᠠᠭ᠎ᠠ ᠪᠠᠭᠤᠯᠭᠠᠭᠰᠠᠨ ᠹᠥᠵᠢᠨ ᠬᠠᠳᠤᠨ | ᠪᠣᠯ ᠪᠠᠷᠠᠭᠤᠨ ᠤᠩᠨᠢᠭᠤᠳ ᠬᠤᠰᠢᠭᠤᠨ ᠳᠤ ᠲᠦᠷᠬᠦᠮ ᠲᠠᠢ ᠮᠧᠩ ᠤᠪᠤᠭᠳᠠᠨ ᠪᠣᠯᠣᠨ᠎ᠠ᠂ ᠪᠦᠬᠦᠯᠢ ᠨᠡᠷ᠎ᠡ ᠨᠢ | ᠴᠣᠬᠤᠮ ᠬᠡᠨ ᠬᠡᠳᠡᠭ ᠢ ᠨᠢ ᠮᠡᠳᠡᠬᠦ ᠦᠬᠡᠢ᠂ ᠡᠨᠡ ᠹᠦᠵᠢᠨ ᠠᠴᠠ ᠨᠢᠭᠡ ᠬᠥᠤ ᠨᠢᠬᠡ ᠬᠡᠤᠬᠡᠨ ᠲᠠᠢ᠃ ᠬᠦᠣ ᠨᠢ | ᠠᠣᠬᠠᠨ ᠬᠤᠰᠢᠭᠤᠨ ᠤ ᠬᠠᠮᠤᠭ ᠰᠡᠬᠦᠯᠴᠢ ᠶᠢᠨ ᠵᠠᠰᠠᠭ ᠸᠠᠩ ᠯᠾᠵᠠᠯᠸᠠᠩᠴᠢᠨᠨᠣᠷᠪᠤ᠂ ᠬᠡᠣᠬᠡᠨ ᠨᠢ ᠪᠣᠯ ᠲᠠᠷᠣᠢ | ᠠᠷᠠᠳ ᠤᠨ ᠲᠠᠭᠤᠣ ᠳᠤ ᠭᠠᠷᠳᠠᠭ ︽ᠨᠣᠮᠣᠬᠠᠨ ᠵᠠᠩ ᠲᠠᠢ ᠨᠣᠭᠤᠨᠵᠠᠶᠠᠭ᠎ᠠ︾ ᠪᠣᠯᠣᠨ᠎ᠠ᠃ | ᠰᠢ᠊᠂ ᠪᠠᠳᠣ᠄ ︽ᠨᠣᠭᠤᠨᠵᠠᠶᠠᠭ᠎ᠠ︾ ᠭᠡᠳᠡᠭ ᠠᠷᠠᠳ ᠤᠨ ᠲᠠᠭᠤᠨ ᠳᠤ ︽ᠨᠣᠮᠣᠬᠠᠨ ᠵᠠᠩ ᠲᠠᠢ | ᠨᠣᠭᠤᠨᠵᠠᠶᠠᠭ᠎ᠠ ᠨᠣᠳᠤᠭ ᠠᠴᠠ ᠪᠠᠨ ᠬᠤᠯᠠ ᠵᠠᠶᠠᠭᠠᠵᠠᠢ ᠁︾ ᠬᠡᠵᠣ ᠲᠠᠭᠤᠯᠠᠳᠠᠭ᠃ ᠨᠣᠳᠤᠭ ᠠᠴᠠ ᠪᠠᠨ | ᠬᠤᠯᠠ ᠮᠣᠷᠳᠠᠵᠠᠢ ᠬᠡᠳᠡᠭ ᠨᠢ ᠨᠣᠭᠤᠨᠵᠠᠶᠠᠭ᠎ᠠ ᠶᠢᠨ ᠬᠠᠳᠠᠮ ᠤᠨ ᠭᠠᠵᠠᠷ ᠨᠢ ᠬᠠᠮᠢᠭᠠᠬᠢ ᠪᠣᠢ︖ ᠶᠠᠮᠠᠷ ᠬᠦᠮᠦᠨ | ᠳᠤ ᠮᠣᠷᠳᠠᠭᠰᠠᠨ ᠪᠣᠯ︖ | ᠪᠣᠣ ᠰᠢ ᠨᠠᠰᠣᠳᠠᠨ᠄ ᠨᠣᠭᠤᠨᠵᠠᠶᠠᠭ᠎ᠠ ᠶᠢᠨ ᠮᠣᠷᠳᠠᠭᠰᠠᠨ ᠭᠠᠵᠠᠷ ᠪᠣᠯ ᠯᠢᠨᠳᠦᠩ ᠤᠨ ᠠᠷᠣ ᠶᠢᠨ ᠲᠡᠮᠡᠬᠡᠨ | ᠬᠦᠵᠦᠬᠦᠦ ᠶᠢᠨ ᠡᠮᠣᠨ᠎ᠡ ᠪᠠᠶᠢᠭ᠎ᠠ ᠬᠤᠸᠠ ᠵᠢᠯᠭ᠎ᠠ ᠭᠡᠳᠡᠭ ᠭᠠᠵᠠᠷ᠂ ᠬᠦᠷᠬᠡᠨ ᠨᠢ ᠬᠠᠭᠤᠷᠮᠠᠭ ᠮᠠᠨᠵᠣ ᠶᠢᠨ ᠦᠶ᠎ᠡ | ᠶᠢᠨ ᠪᠠᠭᠠᠷᠢᠨ ᠤ ᠲᠣᠯᠣᠳᠣᠭᠠᠷ ᠲᠣᠸᠠᠨ ᠤ ᠲᠣᠸᠠᠨᠵᠠᠩ ︵ᠬᠤᠷᠢᠶᠠᠨ ᠲᠠᠷᠤᠭ᠎ᠠ︶ ᠪᠠᠶᠢᠭᠰᠠᠨ ᠲᠠᠷᠢᠵᠠᠪ ᠪᠣᠯᠣᠨ᠎ᠠ᠃ | ᠲᠠᠷᠠ ᠦᠶ᠎ᠡ ᠳᠤ ᠪᠠᠭᠠᠷᠢᠨ ᠳᠤ ᠬᠦᠷᠦᠨ᠎ᠡ ᠬᠡᠳᠡᠭ ᠣᠶᠢᠷᠠᠬᠠᠨ ᠭᠠᠵᠠᠷ ᠤᠤ᠂ ᠨᠡᠩ ᠴᠣ᠋ ᠲᠦᠷᠬᠦᠮ ᠢᠶᠠᠨ | ᠰᠠᠨᠠᠭᠰᠠᠨ ᠬᠦᠮᠦᠨ ᠳᠤ ᠨᠣᠳᠤᠭ ᠡᠷᠢᠭᠳᠡᠵᠣ ᠬᠤᠯᠠ ᠰᠠᠨᠠᠭᠳᠠᠬᠤ ᠨᠢ ᠶᠠᠷᠢᠶᠠᠨ ᠦᠬᠡᠢ ᠣᠴᠢᠷ ᠳ᠋ᠠ᠃ | ᠠᠷᠠᠳ ᠤᠨ ᠲᠠᠭᠤᠣ ︽ᠨᠣᠭᠤᠨᠵᠠᠶᠠᠭ᠎ᠠ︾ ᠶᠢᠨ ᠲᠣᠬᠠᠢ ᠮᠠᠰᠢ ᠠᠷᠪᠢᠨ ᠮᠠᠷᠭᠤᠭᠠᠨ ᠪᠣᠯᠢᠶᠠᠯᠳᠣᠭᠠᠨ | ᠭᠠᠷᠴᠣ ᠪᠠᠶᠢᠭᠰᠠᠨ ᠢ ᠪᠢ ᠰᠣᠨᠢᠨ ᠰᠡᠳᠬᠦᠯ ᠠᠴᠠ ᠦᠵᠡᠵᠣ ᠶᠠᠷᠢᠶ᠎ᠠ ᠬᠡᠯᠡᠯᠴᠡᠬᠡᠨ ᠠᠴᠠ ᠰᠣᠨᠣᠰᠣᠭᠰᠠᠨ᠃ ︽ | ᠨᠣᠭᠤᠨᠵᠠᠶᠠᠭ᠎ᠠ︾ ᠪᠣᠯ ᠠᠣᠬᠠᠨ ᠠᠴᠠ ᠡᠬᠦᠰᠦᠭᠰᠡᠨ᠂ ᠦᠨᠡᠨ ᠬᠦᠮᠦᠨ ᠤ ᠪᠣᠳᠠᠳᠠᠢ ᠶᠠᠪᠣᠳᠠᠯ ᠢᠶᠠᠷ ᠰᠡᠳᠣᠪᠯᠡᠭᠰᠡᠨ | ᠠᠷᠠᠳ ᠤᠨ ᠲᠠᠭᠤᠣ ᠭᠡᠳᠡᠭ ᠨᠢ ᠮᠠᠷᠭᠤᠰᠢ ᠦᠬᠡᠢ ᠪᠠᠳᠣᠳᠠᠢ ᠭᠡᠳᠡᠭ ᠢ ᠮᠢᠨᠣ ᠲᠡᠭᠡᠷ᠎ᠡ ᠶᠠᠷᠢᠭᠰᠠᠨ ᠠᠣᠬᠠᠨ ᠸᠠᠩ ᠤᠨ | ᠦᠶ᠎ᠡ ᠵᠠᠯᠭᠠᠮᠵᠢ ᠶᠢᠨ ᠪᠣᠳᠠᠳᠣ ᠲᠡᠣᠬᠡᠨ ᠠᠴᠠ ᠴᠣ᠋ ᠮᠡᠳᠡᠵᠣ ᠪᠣᠯᠣᠨ᠎ᠠ᠃ ᠣᠳᠣ ᠪᠢ ᠨᠣᠭᠤᠨᠵᠠᠶᠠᠭ᠎ᠠ ᠶᠢᠨ ᠬᠤᠷᠢᠮ | ᠳᠤ ᠣᠷᠣᠯᠴᠠᠭᠰᠠᠨ ᠦᠪᠡᠷ ᠤᠨ ᠦᠩᠭᠡᠷᠡᠯᠳᠡ ᠪᠠᠨ ᠶᠠᠷᠢᠶ᠎ᠠ᠃ | ᠲᠡᠷᠡ ᠵᠢᠯ ᠤᠨ ᠪᠢᠯᠢᠭ ᠤᠨ ᠣᠯᠠᠷᠢᠯ ᠤᠨ ᠬᠤᠶᠠᠷ ᠰᠠᠷ᠎ᠠ ᠶᠢᠨ ᠡᠬᠢᠨ ᠤ ᠦᠶ᠎ᠡ ᠶᠢᠨ ᠣᠴᠢᠷ ᠳ᠋ᠠ᠃ | ᠪᠢ ᠪᠠᠭ᠎ᠠ ᠰᠣᠷᠭᠠᠭᠤᠯᠢ ᠶᠢᠨ ᠲᠦᠷᠪᠡᠳᠦᠭᠡᠷ ᠣᠨ ᠳᠤ ᠪᠢᠴᠢᠭ ᠦᠵᠡᠵᠣ ᠪᠠᠶᠢᠭᠰᠠᠨ᠃ ᠮᠢᠨᠣ ᠪᠢᠴᠢᠭ ᠦᠵᠡᠵᠣ | ᠪᠠᠶᠢᠭᠰᠠᠨ ᠰᠣᠷᠭᠠᠭᠤᠯᠢ ᠠᠣᠬᠠᠨ ᠸᠠᠩ ᠤᠨ ᠣᠷᠳᠣᠨ ᠤᠨ ᠬᠠᠵᠠᠭᠤ ᠳᠤ ᠪᠠᠶᠢᠪᠠ᠃ | ᠰᠢ᠊᠂ ᠪᠠᠳᠣ᠄ ᠠᠯᠢ ᠣᠨ ᠤ ᠣᠴᠢᠷ ᠢ ᠲᠠ ᠲᠣᠳᠣ ᠴᠠᠬᠡᠵᠢᠯᠡᠵᠣ ᠪᠠᠶᠢᠨ᠎ᠠ ᠤᠤ︖ | ᠪᠣᠣ ᠰᠢ ᠨᠠᠰᠣᠳᠠᠨ᠄ 1942 ᠣᠨ᠃ ᠴᠠᠭᠠᠨ ᠰᠠᠷ᠎ᠠ ᠦᠩᠬᠡᠷᠡᠵᠣ ᠰᠣᠷᠭᠠᠭᠤᠯᠢ ᠴᠣᠭᠯᠠᠭᠰᠠᠨ ᠦᠶ᠎ᠡ᠃ | ᠪᠢᠳᠡ ᠬᠡᠳᠦᠬᠦᠯᠡ ᠰᠣᠷᠭᠠᠭᠤᠯᠢ ᠳᠤ ᠪᠠᠨ ᠬᠦᠷᠬᠦ ᠳᠤ ᠰᠣᠷᠭᠠᠭᠤᠯᠢ ᠶᠢᠨ ᠲᠣᠭᠤᠭᠠᠨ ᠬᠡᠷ ᠪᠣᠳᠠᠭ᠎ᠠ ᠬᠢᠵᠣ ᠲᠡᠶᠢᠯᠬᠦ | ᠦᠬᠡᠢ ᠬᠡᠵᠣ ᠪᠠᠶᠢᠯ᠎ᠠ᠃ ᠠᠩᠬᠢ ᠶᠢᠨ ᠪᠠᠭᠰᠢ ᠶᠢᠨ ᠬᠡᠯᠡᠬᠦ ᠪᠠᠷ ᠰᠣᠷᠭᠠᠭᠤᠯᠢ ᠶᠢᠨ ᠲᠣᠭᠤᠭᠠᠴᠢ ᠭᠠᠳᠠᠭᠰᠢ | ᠭᠠᠷᠣᠭᠠᠳ ᠢᠷᠡᠵᠣ ᠠᠮᠵᠢᠭᠰᠠᠨ ᠦᠬᠡᠢ᠂ ᠪᠠᠰᠠ ᠬᠡᠳᠣᠨ ᠡᠳᠦᠷ ᠪᠣᠯᠣᠨ᠎ᠠ ᠬᠡᠨ᠎ᠡ᠃ ᠬᠤᠭᠤᠯᠠᠨ ᠤ ᠠᠰᠠᠭᠤᠳᠠᠯ | ᠲᠣᠮᠣ ᠠᠰᠠᠭᠤᠳᠠᠯ ᠪᠣᠯᠪᠠ᠃ ᠣᠳᠣ ᠶᠠᠭᠠᠬᠢᠳᠠᠭ ᠪᠣᠯ︖ ᠪᠠᠭᠰᠢ ᠰᠣᠷᠣᠭᠴᠢᠳ ᠪᠦᠬᠦᠳᠡᠭᠡᠷ ᠰᠠᠨᠠᠭ᠎ᠠ ᠪᠣᠯᠪᠠ᠃ | ᠠᠩᠬᠢ ᠶᠢᠨ ᠪᠠᠭᠰᠢ ᠪᠣᠳᠣᠭᠰᠠᠭᠠᠷ ᠪᠠᠶᠢᠵᠣ ᠰᠠᠶᠢᠨ ᠠᠷᠭ᠎ᠠ ᠣᠯᠵᠠᠢ᠂ ᠸᠠᠩ ᠤᠨ ᠣᠷᠳᠣᠨ ᠳᠤ ᠬᠤᠷᠢᠮ ᠲᠠᠢ ᠬᠡᠬᠦ | ᠴᠢᠮᠡᠭᠡ ᠁ ᠪᠦᠬᠦᠳᠡᠭᠡᠷ ᠢᠶᠠᠨ ᠠᠯᠠᠰᠬᠢᠨ ᠪᠠᠶᠠᠷᠯᠠᠵᠣ ᠨᠢᠭᠤᠷ ᠲᠦᠬᠦᠷᠡᠩ ᠢᠨᠢᠶᠠᠳᠣ ᠪᠢᠯᠬᠠᠪᠠ᠃ | ᠰᠣᠷᠣᠭᠴᠢᠳ ᠢᠶᠠᠨ ᠬᠤᠷᠢᠮ ᠲᠡᠭᠡᠷ᠎ᠡ ᠬᠡᠣᠬᠡᠳ ᠢ ᠵᠠᠷᠣᠭᠤᠯᠬᠤ ᠨᠠᠷᠠ ᠪᠠᠷ ᠸᠠᠩ ᠤᠨ ᠣᠷᠳᠣᠨ ᠳᠤ ᠠᠪᠠᠴᠢᠨ᠎ᠠ᠂ | ᠰᠣᠷᠣᠭᠴᠢᠳ ᠤᠨ ᠢᠳᠡᠬᠦ ᠠᠰᠠᠭᠤᠳᠠᠯ ᠢ ᠰᠢᠢᠳᠪᠣᠷᠢᠯᠡᠬᠦ ᠬᠠᠮᠤᠭ ᠰᠠᠶᠢᠨ ᠠᠷᠭ᠎ᠠ᠃ ᠬᠡᠳᠦᠨ ᠡᠳᠦᠷ ᠤᠨ ᠬᠤᠭᠤᠯᠡ | ᠪᠣᠳᠠᠭ᠎ᠠ ᠶᠢ ᠠᠷᠭᠠᠯᠠᠬᠤ ᠠᠷᠭ᠎ᠠ ᠪᠣᠳᠣᠭᠰᠠᠨ ᠪᠠᠶᠢᠨ᠎ᠠ᠃ ᠸᠠᠩ ᠤᠨ ᠣᠷᠳᠣᠨ ᠤ ᠪᠠᠭᠠᠷᠠᠩ ᠬᠡᠳᠡᠭ ᠬᠦᠮᠦᠨ ᠤ | ᠲᠠᠭᠠᠭᠤᠯᠭ᠎ᠠ ᠪᠠᠷ ᠰᠣᠷᠣᠭᠴᠢᠳ ᠤᠨ ᠬᠡᠳᠦᠨ ᠡᠳᠦᠷ ᠤᠨ ᠬᠤᠭᠤᠯᠠᠨ ᠤ ᠠᠰᠠᠭᠤᠳᠠᠯ ᠰᠢᠢᠳᠪᠣᠷᠢᠯᠡᠭᠳᠡᠭᠰᠡᠨ ᠪᠠᠶᠢᠨ᠎ᠠ | ᠃ ᠡᠨᠡ ᠬᠤᠷᠢᠮ ᠨᠢ ᠶᠠᠭ ᠰᠠᠶᠢᠬᠠᠨ ᠠᠣᠬᠠᠨ ᠸᠠᠩ ᠤᠨ ᠬᠡᠣᠬᠡᠨ ᠨᠣᠭᠤᠨᠵᠠᠶᠠᠭ᠎ᠠ ᠶᠢᠨ ᠬᠤᠷᠢᠮ ᠮᠦᠨ᠂ | ᠪᠣᠭᠳᠣᠯᠠᠬᠤ ᠬᠤᠷᠢᠮ ᠢᠶᠠᠨ ᠴᠠᠭᠠᠨ ᠰᠠᠷ᠎ᠠ ᠶᠢᠨ ᠡᠬᠢ ᠪᠠᠷ ᠲᠠᠯᠪᠢᠵᠣ᠂ ᠶᠠᠭ ᠬᠡᠣᠬᠡᠨ ᠮᠣᠷᠳᠠᠭᠤᠯᠬᠤ ᠬᠤᠷᠢᠮ ᠢᠶᠠᠨ | ᠬᠢᠵᠣ ᠪᠠᠶᠢᠭ᠎ᠠ ᠲᠠᠢ ᠨᠢ ᠬᠠᠷᠭᠤᠭᠰᠠᠨ ᠪᠠᠶᠢᠵᠠᠢ᠃ ᠶᠠᠭᠠᠬᠢᠭᠠᠳ ᠴᠠᠭᠠᠨ ᠰᠠᠷ᠎ᠠ ᠪᠣᠭᠳᠣᠯᠠᠬᠤ ᠬᠤᠷᠢᠮ ᠬᠢᠵᠣ | ᠬᠤᠶᠠᠷ ᠰᠠᠷ᠎ᠠ ᠳᠤ ᠬᠡᠣᠬᠡᠨ ᠮᠣᠷᠳᠠᠭᠤᠯᠬᠤ ᠬᠤᠷᠢᠮ ᠢᠶᠠᠨ ᠬᠢᠵᠣ ᠪᠠᠶᠢᠨ᠎ᠠ ᠬᠡᠪᠡᠯ᠂ ᠮᠠᠨ ᠤ ᠨᠣᠳᠤᠭ ᠲᠤ ᠴᠠᠭᠠᠨ | ᠰᠠᠷ᠎ᠠ ᠶᠡᠭᠡ ᠬᠤᠷᠢᠮ ᠲᠠᠯᠪᠢᠬᠤ ᠶᠢ ᠴᠡᠭᠡᠷᠯᠡᠳᠡᠭ᠃ ᠬᠤᠷᠢᠮ ᠨᠢ 7 ᠡᠳᠦᠷ ᠦᠷᠭᠦᠯᠵᠢᠯᠡᠵᠣ᠂ ᠬᠤᠷᠢᠮ ᠤᠨ | ᠪᠡᠯᠡᠭ ᠣᠪᠣᠭ᠎ᠠ ᠲᠡᠷᠭᠡ ᠴᠣᠭᠯᠠᠵᠣ᠂ ᠦᠵᠡᠭᠰᠡᠨ ᠪᠣᠯᠭᠠᠨ ᠭᠠᠶᠢᠬᠠᠵᠣ ᠪᠠᠶᠢᠪᠠ᠃ ᠬᠠᠳᠠᠮ ᠤᠨ ᠲᠠᠯ᠎ᠠ ᠠᠴᠠ ᠨᠢ | ᠶᠢᠰᠦ ᠶᠢᠰᠦ ᠨᠠᠶᠠᠨ ᠨᠢᠬᠡ ᠶᠢᠨ ᠪᠡᠯᠡᠭ ︵ᠵᠡᠷᠢᠮ ᠨᠢ ᠶᠢᠰᠦ ᠲᠠᠪᠤ ᠶᠢᠨ ᠪᠡᠯᠡᠭ ᠲᠠᠢ ᠢᠷᠡᠯ᠎ᠡ ᠬᠡᠳᠡᠭ︶ ᠲᠠᠢ | ᠢᠷᠡᠭᠰᠡᠨ ᠪᠠᠶᠢᠵᠠᠢ᠂ ᠬᠦᠷᠭᠡᠨ ᠨᠢ ᠪᠠᠭᠠᠷᠢᠨ ᠤ ᠮᠠᠨᠵᠣ ᠶᠢᠨ ᠴᠡᠷᠢᠭ ᠤᠨ ᠲᠣᠯᠣᠳᠣᠭᠠᠷ ᠲᠣᠸᠠᠨ ᠤ ᠲᠠᠷᠤᠭ᠎ᠠ | ᠲᠠᠷᠢᠵᠠᠪ ᠬᠡᠰᠡᠨ ᠬᠦᠮᠦᠨ᠂ ᠲᠣᠬᠠᠢ ᠶᠢᠨ ᠦᠶ᠎ᠡ ᠳᠤ ᠲᠦᠴᠢ ᠭᠠᠷᠣᠭᠰᠠᠨ ᠬᠦᠮᠦᠨ᠂ ᠨᠣᠭᠤᠨᠵᠠᠶᠠᠭ᠎ᠠ 29 | ᠨᠠᠰᠣᠳᠠᠢ ᠃ | ᠬᠤᠷᠢᠮ ᠤᠨ ᠬᠢᠨ ᠬᠡᠳᠦᠳᠦᠭᠡᠷ ᠡᠳᠦᠷ ᠢ ᠨᠢ ᠮᠠᠷᠳᠠᠵᠣ ᠪᠠᠶᠢᠨ᠎ᠠ᠂ ᠸᠠᠩ ᠤᠨ ᠬᠤᠷᠢᠶ᠎ᠠ ᠳᠤ ᠲᠡᠷᠢᠵᠡᠪ | ᠪᠠ ᠨᠣᠭᠤᠨᠵᠠᠶᠠᠭ᠎ᠠ ᠪᠦᠷ ᠢᠯᠡ ᠪᠠᠷ ᠬᠠᠷ᠎ᠠ ᠲᠠᠮᠠᠬᠢ ᠲᠠᠳᠠᠵᠣ ᠪᠠᠶᠢᠭᠰᠠᠨ᠃ ᠬᠠᠷ᠎ᠠ ᠲᠠᠮᠠᠬᠢ ᠲᠠᠳᠠᠬᠤ ᠨᠢ ᠲᠡᠷᠡ | ᠦᠶ᠎ᠡ ᠶᠢᠨ ᠲᠡᠭᠡᠳᠣ ᠲᠠᠪᠬᠤᠷᠭ᠎ᠠ ᠶᠢᠨ ᠬᠦᠮᠦᠰ ᠤᠨ ᠰᠣᠷᠳᠣᠭᠤ ᠭᠠᠷᠭᠠᠳᠠᠭ ᠨᠢᠬᠡ ᠵᠦᠢᠯ ᠤᠨ ᠲᠠᠳᠬᠠᠯ ᠪᠠᠶᠢᠭᠰᠠᠨ | ᠪᠣᠯᠣᠯᠳᠠᠢ᠃ ᠲᠠᠷᠢᠵᠠᠪ᠂ ᠨᠣᠭᠤᠨᠵᠠᠶᠠᠭ᠎ᠠ ᠬᠤᠶᠠᠭᠤᠯᠠ ᠮᠡᠨ ᠤ ᠬᠡᠳᠦᠬᠦᠯᠡ ᠶᠢ ᠦᠵᠡᠬᠡᠳ ᠲᠣᠬᠠᠢ ᠶᠢᠨ ᠦᠶ᠎ᠡ ᠶᠢᠨ | ᠴᠠᠭᠠᠰᠣᠨ ᠵᠣᠭᠤᠰ ︵ᠮᠠᠨᠵᠣ ᠶᠢᠨ ᠴᠠᠭᠠᠰᠣᠨ ᠵᠣᠭᠤᠰ︶ 5 ᠲᠦᠭᠦᠷᠢᠭ ᠭᠠᠷᠭᠠᠨ᠂ ᠰᠣᠷᠣᠭᠴᠢ ᠨᠢᠬᠡᠪᠣᠷᠢ ᠳᠤ | ᠲᠦᠬᠡᠬᠡᠨ ᠦᠭᠬᠦᠪᠡ᠃ ᠪᠢᠳᠡ ᠬᠡᠳᠦᠬᠦᠯᠡ ᠡᠶᠢᠮᠣᠷᠬᠦ ᠱᠠᠩ ᠣᠯᠣᠨ᠎ᠠ ᠰᠠᠨᠠᠭ᠎ᠠ ᠵᠡᠬᠦᠳᠦᠨ ᠳᠤ ᠪᠠᠶᠢᠭᠰᠠᠨ ᠦᠬᠡᠢ | ᠪᠣᠯᠬᠤᠷ ᠦᠨᠡᠬᠡᠷ ᠶᠠᠭᠠᠬᠢᠬᠤ ᠪᠠᠨ ᠣᠯᠬᠤ ᠦᠬᠡᠢ ᠪᠣᠯᠳᠠᠯ᠎ᠠ ᠪᠠᠶᠠᠷᠯᠠᠵᠠᠭᠠᠭᠰᠠᠨ ᠶᠣᠮ᠃ | ᠰᠢ᠊᠂ ᠪᠠᠳᠣ᠄ ᠲᠠ ᠨᠣᠭᠤᠨᠵᠠᠶᠠᠭ᠎ᠠ ᠶᠢᠨ ᠲᠦᠷᠢ ᠪᠠᠶᠢᠳᠠᠯ ᠢ ᠴᠡᠬᠡᠵᠢᠯᠡᠵᠣ ᠪᠠᠶᠢᠨ᠎ᠠ ᠤᠤ︖ | ᠪᠣᠣ ᠰᠢ ᠨᠠᠰᠣᠳᠠᠨ᠄ ᠨᠣᠭᠤᠨᠵᠠᠶᠠᠭ᠎ᠠ ᠬᠡᠵᠣ ᠦᠨᠳᠦᠷᠬᠡᠨ ᠰᠢᠭ ᠪᠠᠶ᠎ᠠ ᠲᠠᠢ᠂ ᠴᠠᠭᠠᠨ ᠬᠡᠬᠡᠬᠡᠨ ᠵᠢᠰᠣᠳᠠᠢ᠂ ᠲᠠᠪᠬᠤᠷ | ᠨᠢᠳᠣᠳᠠᠢ᠂ ᠦᠩᠬᠡ ᠵᠢᠰᠣ ᠪᠠᠶ᠎ᠠ ᠪᠠᠶᠢᠳᠠᠯ ᠲᠡᠭᠰᠢᠬᠡᠨ ᠰᠠᠶᠢᠬᠠᠨ ᠲᠦᠷᠦᠭᠰᠡᠨ ᠬᠦᠮᠦᠨ᠃ ᠮᠠᠨ ᠳᠤ ᠵᠣᠭᠤᠰ | ᠦᠭᠬᠦᠬᠦ ᠳᠤ ᠪᠠᠨ ᠢᠨᠢᠶᠡᠮᠰᠣᠭ᠍ᠯᠡᠵᠣ ᠪᠠᠶᠢᠭᠠᠳ ᠦᠬᠡ ᠶᠠᠷᠢᠵᠣ ᠪᠠᠶᠢᠭᠰᠠᠨ ᠢ ᠨᠢ ᠴᠡᠬᠡᠵᠢᠯᠡᠵᠣ ᠪᠠᠶᠢᠨ᠎ᠠ᠃ ᠶᠠᠮᠠᠷ | ᠬᠤᠪᠴᠠᠰᠣ ᠡᠮᠣᠰᠴᠣ ᠪᠠᠶᠢᠭᠰᠠᠨ ᠢ ᠨᠢ ᠪᠣᠳᠣᠵᠣ ᠣᠯᠬᠤ ᠦᠬᠡᠢ ᠪᠠᠶᠢᠨ᠎ᠠ᠃ | ᠲᠠᠷᠠ ᠬᠠᠪᠢ ᠶᠢᠨ ᠬᠢᠨ ᠨᠣᠭᠤᠨᠵᠠᠶᠠᠭ᠎ᠠ ᠶᠢ ᠪᠦᠷ ︽ ᠯᠢᠩᠽᠢ︾ ᠬᠡᠵᠣ ᠬᠢᠳᠡᠳ ᠨᠡᠷ᠎ᠡ ᠪᠠᠷ ᠨᠢ ᠲᠠᠭᠤᠳᠠᠵᠠᠭᠠᠳᠠᠭ᠃ | ᠡᠨᠡ ᠨᠢ ᠲᠣᠬᠠᠢ ᠶᠢᠨ ᠦᠶ᠎ᠡ ᠳᠤ ᠠᠣᠬᠠᠨ ᠣᠷᠴᠢᠮ ᠬᠢᠳᠡᠳ ᠰᠣᠶᠣᠯ ᠤᠨ ᠨᠦᠯᠦᠬᠡ ᠶᠡᠭᠡ ᠪᠠᠶᠢᠭᠰᠠᠨ ᠪᠠ | ᠨᠣᠭᠤᠨᠵᠠᠶᠠᠭ᠎ᠠ ᠶᠢᠨ ᠨᠠᠭᠠᠴᠣ ᠶᠢᠨ ᠬᠢᠨ ᠨᠦᠯᠦᠬᠡ ᠶᠢ ᠬᠦᠷᠳᠡᠭᠰᠡᠨ ᠲᠠᠢ ᠬᠤᠯᠪᠣᠭ᠎ᠠ ᠲᠠᠢ᠃ ᠨᠣᠭᠤᠨᠵᠠᠶ᠋ᠭᠠ ᠶᠢ | ᠬᠦᠮᠦᠰ ᠪᠦᠷ ᠦᠩᠬᠡ ᠵᠢᠰᠣ ᠡᠷᠳᠡᠮ ᠮᠡᠳᠡᠯᠬᠡ ᠬᠤᠣᠰᠯᠠᠭᠰᠠᠨ ᠬᠦᠮᠦᠨ ᠬᠡᠵᠣ ᠶᠠᠷᠢᠳᠠᠭ᠃ ᠨᠣᠭᠤᠨᠵᠠᠶᠠᠭ᠎ᠠ ᠪᠠᠭ᠎ᠠ | ᠠᠴᠠ ᠪᠠᠨ ᠪᠢᠴᠢᠭ ᠨᠣᠮ ᠲᠠᠢ ᠣᠶᠢᠷᠠᠳᠣᠨ ᠮᠣᠩᠭᠤᠯ ᠪᠢᠴᠢᠭ ᠢ ᠰᠠᠶᠢᠨ ᠰᠣᠷᠴᠠᠢ᠃ ᠡᠨᠡ ᠨᠢ ᠨᠣᠭᠤᠨᠵᠠᠶᠠᠭ᠎ᠠ | ᠶᠢᠨ ᠬᠡᠷ ᠪᠦᠯᠢ ᠶᠢᠨ ᠨᠦᠯᠦᠬᠡ ᠲᠠᠢ ᠰᠢᠭᠤᠳ ᠬᠤᠯᠪᠣᠭ᠎ᠠ ᠲᠠᠢ᠃ ᠨᠣᠭᠤᠨᠵᠠᠶᠠᠭ᠎ᠠ ᠶᠢᠨ ᠡᠬᠡ ᠨᠢ᠂ ᠲᠠᠷᠣᠢ | ᠪᠠᠷᠠᠭᠤᠨ ᠣᠩᠨᠢᠭᠤᠳ ᠤᠨ ᠲᠦᠷᠬᠦᠮ ᠲᠠᠢ ᠮᠧᠩ ᠣᠪᠣᠭᠳᠣ ᠹᠦᠵᠢᠨ ᠪᠣᠯ ᠪᠢᠴᠢᠭ ᠨᠣᠮ ᠦᠵᠡᠵᠣ ᠵᠠᠰᠠᠭ ᠲᠦᠷᠦ | ᠶᠢᠨ ᠶᠠᠪᠣᠳᠠᠯ ᠳᠤ ᠣᠷᠣᠯᠴᠠᠵᠣ ᠪᠠᠶᠢᠭᠰᠠᠨ ᠬᠡᠴᠡᠬᠦᠦ ᠬᠦᠮᠦᠨ ᠪᠠᠶᠢᠵᠠᠢ᠃ ᠯᠠᠮᠠ ᠸᠠᠩ ᠨᠠᠰᠣ ᠪᠠᠷᠠᠬᠤ ᠦᠶ᠎ᠡ ᠳᠤ | ᠬᠦᠣ ᠨᠢ ᠰᠠᠶ᠋ᠢ ᠠᠷᠪᠠᠨ ᠭᠤᠷᠪᠠᠳᠠᠢ ᠪᠠᠶᠢᠭᠰᠠᠨ ᠪᠣᠯᠬᠤᠷ ᠮᠧᠩ ᠣᠪᠣᠭᠳᠣ ᠹᠦᠵᠢᠨ ᠬᠤᠰᠢᠭᠤ ᠵᠠᠰᠠᠭ ᠤᠨ ᠡᠷᠬᠡ ᠶᠢ | ᠬᠡᠳᠣᠨ ᠵᠢᠯ ᠪᠠᠷᠢᠵᠠᠢ᠃ ᠯᠾᠠᠵᠠᠯᠸᠠᠩᠴᠢᠨᠨᠣᠷᠪᠤ ᠠᠣᠬᠠᠨ ᠬᠤᠰᠢᠭᠤᠨ ᠤ ᠵᠠᠰᠠᠭ ᠸᠠᠩ ᠪᠣᠯᠬᠤ ᠠᠴᠠ ᠡᠮᠣᠨᠡᠬᠡᠨ᠂ | ᠯᠠᠮᠠ ᠸᠠᠩ ᠤᠨ ᠲᠡᠬᠦᠦ ᠰᠠᠨ ᠶᠧ ᠶᠢᠨ ᠬᠦᠦ ᠠ᠊ ᠪᠠᠶᠢᠰᠡ᠂ ᠸᠠᠩ ᠤᠨ ᠰᠠᠭᠤᠷᠢᠨ ᠳᠤ ᠰᠠᠭᠤᠨ᠎ᠠ ᠬᠡᠮᠡᠨ ᠹᠦᠵᠢᠨ | ᠬᠠᠳᠣᠨ ᠪᠡ ᠯᠾᠠᠵᠠᠯᠸᠠᠩᠴᠢᠨᠨᠣᠷᠪᠤ ᠶᠢ ᠬᠤᠰᠢᠭᠤ ᠵᠠᠰᠠᠭ ᠤᠨ ᠲᠠᠮᠠᠭ᠎ᠠ ᠪᠠᠨ ᠲᠣᠰᠢᠶ᠎ᠠ ᠬᠡᠵᠣ ᠰᠢᠬᠠᠮᠳᠣᠭᠤᠯᠪᠠ᠃ | ᠹᠦᠵᠢᠨ ᠬᠠᠳᠣᠨ ᠠᠷᠭ᠎ᠠ ᠭᠠᠷᠭᠠᠵᠣ ᠲᠠᠮᠠᠭ᠎ᠠ ᠪᠠᠨ ᠲᠣᠰᠢᠶᠠᠬᠤ ᠶᠢ ᠨᠢᠭᠤᠷ ᠲᠡᠭᠡᠷ᠎ᠡ ᠪᠠᠨ ᠵᠦᠪᠰᠢᠶᠡᠷᠡᠵᠣ᠂ | ᠲᠠᠮᠠᠭᠠᠨ ᠮᠡᠶᠢᠷᠡᠨ ᠳᠤ ᠪᠠᠨ ᠲᠠᠮᠠᠭ᠎ᠠ ᠪᠠᠨ ᠦᠭᠴᠦ ᠨᠢᠭᠤᠯᠭᠠᠨ᠂ ᠪᠠᠷᠠᠭᠤᠨ ᠣᠩᠨᠢᠭᠤᠳ ᠲᠤ ᠪᠠᠶᠢᠭᠰᠠᠨ ᠲᠦᠷᠬᠦᠮ | ᠤᠨ ᠢᠶᠠᠨ ᠬᠦᠮᠦᠰ ᠲᠠᠢ ᠬᠠᠷᠢᠯᠴᠠᠭᠤᠯᠣᠨ᠂ ᠠ᠊ ᠪᠠᠶᠢᠰᠡ ᠶᠢ ᠿᠾᠧ ᠾᠧ ᠮᠣᠵᠢ ᠶᠢᠨ ᠬᠤᠰᠢᠭᠤᠨ ᠤ ᠶᠠᠪᠣᠳᠠᠯ ᠢ | ᠬᠠᠮᠢᠶᠠᠷᠳᠠᠭ ᠰᠠᠶᠢᠳ ᠲᠤ ᠵᠠᠭᠠᠯᠳᠣᠭᠤᠯᠪᠠ᠃ ᠬᠤᠰᠢᠭᠤ ᠵᠠᠬᠢᠷᠣᠭᠴᠢ ᠰᠠᠶᠢᠳ ᠤᠨ ᠲᠡᠮᠵᠢᠯᠬᠡ ᠪᠠᠷ ᠹᠦᠵᠢᠨ | ᠬᠠᠳᠣᠨ ᠬᠦᠣ ᠯᠾᠠᠵᠠᠯᠸᠠᠩᠴᠢᠨᠨᠣᠷᠪᠤ ᠪᠠᠨ1929 ᠣᠨ ᠳᠤ ᠬᠤᠰᠢᠭᠤᠨ ᠵᠠᠰᠠᠭ ᠨᠣᠶᠠᠨ ᠤ ᠰᠠᠭᠤᠷᠢᠨ ᠳᠤ | ᠰᠠᠭᠤᠯᠭᠠᠭᠰᠠᠨ ᠪᠠᠶᠢᠨ᠎ᠠ᠃ ᠡᠨᠡ ᠪᠣᠯ ᠠᠣᠬᠠᠨ ᠬᠤᠰᠢᠭᠤᠨ ᠤ ᠬᠠᠮᠤᠭ ᠰᠡᠬᠦᠯᠴᠢ ᠶᠢᠨ ᠵᠠᠰᠠᠭ ᠸᠠᠩ᠂ ᠬᠦᠮᠦᠰ | ᠪᠠᠰᠠ ᠯᠾᠠ᠊ ᠸᠠᠩ ᠬᠡᠵᠣ ᠲᠠᠭᠤᠳᠠᠳᠠᠭ᠃ | ᠨᠣᠭᠤᠨᠵᠠᠶᠠᠭ᠎ᠠ ᠶᠢᠨ ᠪᠢᠴᠢᠭ ᠨᠣᠮ ᠳᠤ ᠲᠣᠷᠠᠳᠠᠢ ᠶᠢᠨ ᠪᠠᠰᠠ ᠨᠢᠬᠡ ᠰᠢᠯᠳᠠᠭᠠᠨ ᠪᠣᠯ ᠠᠬ᠎ᠠ ᠯᠾᠠ᠊ ᠸᠠᠩ | ᠤᠨ ᠢᠶᠠᠨ ᠨᠦᠯᠦᠬᠡ ᠶᠢ ᠬᠦᠷᠳᠡᠭᠰᠡᠨ ᠲᠠᠢ ᠬᠤᠯᠪᠣᠭ᠎ᠠ ᠲᠠᠢ᠃ ᠯᠾᠠ᠊ ᠸᠠᠩ ᠪᠠᠭ᠎ᠠ ᠠᠴᠠ ᠪᠠᠨ ᠪᠣᠷᠬᠠᠨ ᠱᠠᠰᠢᠨ ᠢ | ᠰᠢᠳᠦᠳᠡᠭ ᠮᠦᠷᠳᠡᠭᠡᠨ ᠡᠷᠳᠡᠨ ᠤ ᠨᠣᠮ ᠪᠢᠴᠢᠭ ᠣᠩᠰᠢᠬᠤ ᠲᠣᠷᠠᠳᠠᠢ ᠪᠠᠶᠢᠵᠣ᠂ ᠡᠷᠳᠡᠮᠳᠡᠨ ᠮᠡᠷᠭᠡᠳ ᠢ ᠪᠢᠰᠢᠷᠡᠳᠡᠭ | ᠃ ᠪᠣᠷᠬᠠᠨ ᠱᠠᠰᠢᠨ ᠳᠤ ᠰᠦᠰᠦᠭᠯᠡᠳᠡᠭ ᠨᠢ ᠠᠪᠤ ᠶᠢᠨ ᠬᠢᠨ ᠨᠦᠯᠦᠬᠡ ᠪᠠᠶᠢᠬᠤ ᠨᠢ ᠲᠠᠮᠵᠢᠭ ᠦᠬᠡᠢ ᠂ ᠯᠠᠮᠠ ᠸᠠᠩ | ᠤᠨ ᠬᠦᠦ ᠶᠣᠮ ᠴᠢᠨᠢ᠃ ᠯᠾᠠ᠊ ᠸᠠᠩ ᠤᠨ ᠶᠠᠪᠣᠯᠴᠠᠳᠠᠭ ᠰᠠᠶᠢᠨ ᠠᠬ᠎ᠠ ᠲᠡᠬᠦᠦ ᠨᠠᠷ ᠤᠨ ᠲᠣᠳᠣᠷ᠎ᠠ ᠬᠠᠷᠠᠴᠢᠨ | ᠪᠠᠷᠠᠭᠤᠨ ᠭᠠᠷᠣᠨ ᠬᠤᠰᠢᠭᠤᠨ ᠤ ᠴᠣᠶᠢᠵᠢ ︵ᠯᠢ ᠬᠤᠸᠠ ᠲᠢᠩ︶ ᠵᠡᠷᠭᠡ ᠡᠷᠳᠡ ᠰᠡᠭᠡᠭᠡᠷᠡᠭᠰᠡᠨ ᠬᠦᠮᠦᠰ ᠪᠠᠶᠢᠵᠠᠢ᠃ | ᠨᠣᠭᠤᠨᠵᠠᠶᠠᠭ᠎ᠠ ᠴᠣ᠋ ᠡᠨᠡ ᠬᠠᠷᠢᠴᠠᠭ᠎ᠠ ᠪᠠᠷ ᠲᠠᠮᠵᠢᠨ ᠬᠠᠷᠠᠴᠢᠨ ᠪᠠᠷᠠᠭᠤᠨ ᠭᠠᠷᠣᠨ ᠬᠤᠰᠢᠭᠤᠨ ᠤ ᠪᠢᠴᠢᠭ ᠤᠨ | ᠣᠯᠣᠰ ᠲᠠᠢ ᠶᠠᠪᠣᠯᠴᠠᠳᠠᠭ ᠪᠠᠶᠢᠵᠠᠢ᠃ ᠶᠠᠭ ᠡᠶᠢᠮᠣ ᠣᠷᠴᠢᠨ ᠲᠣᠭᠤᠷᠢᠨ ᠳᠤ ᠦᠰᠦᠭᠰᠡᠨ ᠪᠣᠯᠬᠤᠷ ᠪᠢᠴᠢᠭ ᠨᠣᠮ | ᠳᠤ ᠲᠣᠷᠠᠳᠠᠢ ᠪᠣᠯᠣᠭᠰᠠᠨ ᠪᠠᠶᠢᠵᠠᠢ᠃ ᠪᠠᠰᠠ ᠨᠢᠬᠡ ᠣᠴᠢᠷ ᠬᠡᠪᠡᠯ ᠨᠣᠭᠤᠨᠵᠠᠶᠠᠭ᠎ᠠ ᠪᠠᠭᠠᠷᠢᠨ ᠳᠤ ᠮᠣᠷᠳᠠᠬᠤ ᠪᠠᠨ | ᠴᠣ᠋ ᠦᠪᠡᠷ ᠤᠨ ᠦᠵᠡᠬᠦ ᠲᠣᠷᠠᠳᠠᠢ ᠮᠠᠰᠢ ᠠᠷᠪᠢᠨ ᠨᠣᠮ ᠪᠢᠴᠢᠭ ᠢᠶᠠᠨ ᠠᠪᠴᠣ ᠶᠠᠪᠣᠯ᠎ᠠ ᠬᠡᠳᠡᠭ᠃ ᠬᠤᠵᠢᠮ ᠨᠢ | ᠲᠡᠷᠡ ᠬᠠᠪᠢ ᠶᠢᠨ ᠬᠦᠮᠦᠰ ᠠᠴᠠ ᠰᠣᠨᠣᠰᠣᠭᠰᠠᠨ ᠢᠶᠠᠷ ᠨᠣᠭᠤᠨᠵᠠᠶᠠᠭ᠎ᠠ ᠬᠦᠨ ᠣᠷᠳᠣᠨ ᠤ ᠬᠡᠬᠡ ᠶᠢᠨ ᠲᠡᠭᠡᠷᠡᠩᠭᠦᠢ | ᠵᠠᠩ ᠦᠬᠡᠢ᠂ ᠲᠦᠯᠬᠡᠨ ᠲᠠᠷᠣᠣ ᠵᠠᠩ ᠠᠭᠠᠰᠢ ᠲᠠᠢ᠂ ᠵᠠᠷᠣᠴᠠ ᠲᠠᠭᠠᠯᠳᠠ ᠳᠤ ᠪᠠᠨ ᠡᠶᠡᠯᠰᠡᠭ ᠬᠠᠨᠳᠣᠳᠠᠭ ᠵᠠᠩ | ᠰᠠᠶᠢᠳᠠᠢ ᠬᠦᠮᠦᠨ ᠪᠠᠶᠢᠵᠠᠢ᠃ ᠪᠠᠭᠠᠷᠢᠨ ᠳᠤ ᠮᠣᠷᠳᠠᠭᠰᠠᠨ ᠤ ᠲᠠᠷᠠᠭ᠎ᠠ ᠴᠣ᠋ ᠲᠡᠨᠳᠡᠬᠢ ᠵᠠᠷᠣᠭᠳᠠᠵᠣ ᠪᠠᠷᠢᠭᠳᠠᠵᠣ | ᠪᠠᠶᠢᠭᠰᠠᠨ ᠬᠦᠮᠦᠰ ᠲᠤ ᠪᠠᠨ ᠲᠣᠩ ᠰᠠᠶᠢᠨ ᠪᠠᠶᠢᠵᠣ᠂ ᠨᠣᠳᠤᠭ ᠪᠠᠨ ᠰᠠᠨᠠᠨ ᠮᠦᠷᠦᠭᠡᠳᠴᠣ ᠪᠠᠶᠢᠭᠰᠠᠨ ᠰᠡᠳᠬᠢᠯᠬᠡ | ᠪᠠᠨ ᠬᠤᠪᠢᠶᠠᠯᠴᠠᠵᠣ ᠬᠠᠮᠢᠶ᠎ᠠ ᠦᠬᠡᠢ ᠶᠠᠷᠢᠳᠠᠭ ᠪᠠᠶᠢᠵᠠᠢ᠃ ᠨᠣᠭᠤᠨᠵᠠᠶᠠᠭ᠎ᠠ ᠶᠢᠨ 29 ᠨᠠᠰᠣᠯᠠᠳᠠᠯ᠎ᠠ ᠬᠠᠷᠢ ᠳᠤ | ᠮᠣᠷᠳᠠᠭᠰᠠᠨ ᠦᠬᠡᠢ ᠶᠢᠨ ᠰᠢᠯᠳᠠᠭᠠᠨ ᠪᠣᠯ ᠨᠢᠬᠡ ᠨᠢ ᠡᠬᠦᠳᠡ ᠡᠷᠦᠬᠡ ᠲᠡᠩᠴᠡᠬᠦ ᠠᠶᠢᠯ ᠤᠨ ᠲᠣᠭᠤᠭᠳᠠᠮᠠᠷ | ᠵᠠᠯᠠᠭᠤᠴᠣᠳ ᠬᠠᠷᠭᠤᠭᠰᠠᠨ ᠦᠬᠡᠢ᠂ ᠨᠦᠬᠦᠬᠡ ᠨᠢ ᠨᠣᠭᠤᠨᠵᠠᠶᠠᠭ᠎ᠠ ᠵᠠᠯᠠᠭᠤ ᠪᠠᠭ᠎ᠠ ᠠᠴᠠ ᠪᠠᠨ ᠠᠭᠤᠰᠬᠢᠨ ᠰᠦᠷᠢᠶ᠎ᠡ | ᠡᠪᠡᠳᠴᠢᠨ ᠣᠯᠵᠣ᠂ ᠡᠪᠡᠳᠴᠢᠨ ᠤ ᠰᠢᠯᠳᠠᠭ ᠢᠶᠠᠷ ᠬᠠᠷᠢ ᠳᠤ ᠮᠣᠷᠳᠠᠭᠠᠳᠣᠢ ᠪᠠᠶᠢᠵᠠᠢ᠃ | ᠰᠢ᠊᠂ ᠪᠠᠳᠣ᠄ ᠲᠠ ᠲᠠᠷᠢᠵᠠᠪ ᠤᠨ ᠲᠣᠬᠠᠢ ᠶᠠᠷᠢᠭᠠᠳ ᠦᠭᠬᠦᠨ᠎ᠡ ᠤᠤ︖ | ᠪᠣᠣ ᠰᠢ ᠨᠠᠰᠣᠳᠠᠨ᠄ ᠲᠠᠷᠪᠠ ᠯᠠᠮᠠ᠂ ᠲᠠᠷᠢᠵᠠᠪ ᠲᠣᠸᠠᠨᠵᠠᠩ ︵ᠬᠤᠷᠢᠶᠠᠨ ᠲᠠᠷᠤᠭ᠎ᠠ︶ ᠬᠡᠪᠡᠯ ᠵᠣᠣ | ᠣᠳᠠ ᠶᠢᠨ ᠮᠣᠩᠭᠤᠯᠴᠣᠳ ᠪᠠᠷᠤᠭ ᠮᠡᠳᠡᠬᠦ ᠦᠬᠡᠢ ᠬᠦᠮᠦᠨ ᠪᠠᠶᠢᠬᠤ ᠦᠬᠡᠢ᠃ ᠲᠡᠷᠡ ᠦᠶ᠎ᠡ ᠶᠢᠨ ᠨᠡᠷᠡᠳᠡᠢ | ᠮᠣᠩᠭᠤᠯ ᠪᠠᠶᠠᠴᠣᠳ᠃ ᠲᠠᠷᠢᠵᠠᠪ ᠤᠨ ᠣᠭ ᠨᠣᠳᠤᠭ ᠨᠢ ᠣᠳᠣ ᠶᠢᠨ ᠣᠩᠨᠢᠭᠤᠳ ᠬᠤᠰᠢᠭᠤᠨ ᠤ ᠠᠰᠢᠬᠠᠨ | ᠰᠣᠮᠣᠨ ᠤ ᠳ᠋ᠠ ᠶᠢᠩᠽᠢ ᠠᠶᠢᠯ᠃ ᠠᠪᠤ ᠪᠠᠨ ᠲᠠᠭᠠᠭᠠᠳ ᠵᠡᠬᠦᠨ ᠪᠠᠭᠠᠷᠢᠨ ᠳᠤ ᠨᠡᠬᠦᠵᠣ ᠣᠴᠢᠭᠠᠳ ᠶᠡᠭᠡ ᠪᠠᠶᠠᠵᠢᠨ | ᠬᠤᠵᠢᠮ ᠨᠢ ᠲᠡᠭᠡᠷᠡᠮ ᠤᠨ ᠲᠦᠷᠦᠬᠦᠦ ᠪᠣᠯᠵᠠᠢ᠃ ᠨᠡᠬᠦᠵᠣ ᠣᠴᠢᠭᠰᠠᠨ ᠭᠠᠵᠠᠷ ᠨᠢ ᠯᠢᠨᠳᠣᠩ ᠤᠨ ᠬᠤᠶᠢᠨᠠᠬᠢ | ᠬᠤᠸᠠ ᠵᠢᠯᠠᠭ᠎ᠠ ᠶᠢᠨ ᠣᠷᠴᠢᠮ ᠤᠨ ᠭᠠᠵᠠᠷ᠂ ᠰᠡᠬᠦᠯ ᠳᠤ ᠨᠢ ᠯᠢᠨᠳᠦᠩ ᠵᠡᠬᠡᠯᠢ ᠳᠤ ᠨᠡᠬᠦᠵᠣ ᠢᠷᠡᠭᠡᠳ ᠶᠡᠭᠡ | ᠪᠠᠶᠠᠵᠢᠭᠰᠠᠨ ᠪᠠᠶᠢᠵᠠᠢ᠃ ᠬᠤᠸᠠ ᠵᠢᠯᠭ᠎ᠠ ᠬᠡᠵᠣ ᠯᠢᠨᠳᠦᠩ ᠠᠴᠠ ᠬᠤᠶᠢᠰᠢ ᠭᠤᠴᠢᠭᠠᠳ ᠭᠠᠵᠠᠷ ᠵᠠᠶᠢᠳᠠᠢ ᠪᠠᠶᠢᠳᠠᠭ ᠂ | ᠮᠠᠨ ᠤ ᠠᠳᠡᠬᠢ ᠣᠷᠢᠳᠣ ᠶᠢᠨ ᠲᠠᠪᠣᠰᠣᠨ ᠠᠶᠠᠨ ᠳᠤ ᠶᠠᠪᠣᠵᠣ ᠪᠠᠶᠢᠭᠰᠠᠨ ᠬᠦᠮᠦᠰ ᠪᠦᠷ ᠮᠡᠳᠡᠨ᠎ᠡ᠃ ᠬᠠᠭᠤᠷᠮᠠᠭ | ᠮᠠᠨᠵᠣ ᠶᠢᠨ ᠬᠢᠨ ᠮᠣᠩᠭᠤᠯ ᠨᠣᠳᠤᠭ ᠤᠨ ᠰᠠᠶᠢᠨ ᠡᠷᠡᠴᠣᠳ᠂ ᠲᠡᠭᠡᠷᠡᠮ ᠤᠨ ᠲᠦᠷᠦᠬᠦᠦ ᠶᠢ ᠴᠡᠷᠢᠭ ᠲᠤ ᠪᠠᠨ | ᠣᠷᠣᠭᠤᠯᠵᠣ ᠠᠪᠬᠤ ᠦᠶ᠎ᠡ ᠳᠤ ᠲᠠᠷᠢᠵᠠᠪ ᠵᠡᠬᠦᠨ ᠪᠠᠭᠠᠷᠢᠨ ᠤ ᠭᠤᠷᠪᠠᠳᠣᠭᠠᠡᠷ ᠲᠣᠸᠠᠨ ᠳᠤ ᠲᠣᠸᠠᠨᠵᠠᠩ ︵ | ᠬᠤᠷᠢᠶᠠᠨ ᠲᠠᠷᠤᠭ᠎ᠠ︶ ᠪᠣᠯᠵᠣ᠂ ᠲᠡᠮᠡᠢ ᠣᠳᠠᠭᠰᠠᠨ ᠦᠬᠡᠢ ᠯᠢᠨᠰᠢ ᠳᠤ ᠰᠢᠯᠵᠢᠵᠣ ᠲᠣᠯᠣᠳᠣᠭᠠᠷ ᠲᠣᠸᠠᠨ ᠤ | ᠲᠣᠸᠠᠨᠵᠠᠩ ︵ᠬᠤᠷᠢᠶᠠᠨ ᠲᠠᠷᠤᠭ᠎ᠠ︶ ᠪᠣᠯᠵᠣ ᠦᠩᠬᠡᠷᠡᠭᠰᠡᠨ ᠪᠠᠶᠢᠨ᠎ᠠ᠃ ᠵᠠᠬᠦᠨ ᠪᠠᠭᠠᠷᠢᠨ ᠤ ᠴᠢᠩᠵᠣᠷᠢᠭᠳᠣ ︵ | ᠾᠧ ᠽᠢ ᠵᠠᠩ︶ ᠲᠠᠢ ᠵᠦᠷᠢᠴᠡᠯ ᠭᠠᠷᠴᠣ᠂ ᠺᠠᠶᠢᠯᠣ ᠳᠤ ᠲᠣᠳᠠᠭᠠᠨ ᠣᠴᠢᠵᠣ ᠯᠢ ᠱᠸᠣ ᠱᠧᠨ ᠤ ᠲᠣᠣᠷ᠎ᠠ ᠴᠡᠷᠢᠭ | ᠤᠨ ᠨᠣᠶᠠᠨ ᠪᠣᠯᠵᠣ ᠦᠩᠬᠡᠷᠡᠯ᠎ᠡ ᠬᠡᠳᠡᠭ᠃ ᠴᠢᠯᠦᠬᠡᠯᠡᠬᠦ ᠲᠡᠶᠢᠨ ᠤ ᠰᠡᠬᠦᠯᠴᠢ ᠶᠢᠨ ᠦᠶ᠎ᠡ ᠳᠤ ᠭᠤᠮᠢᠨᠳᠠᠩ ᠤᠨ | ᠢᠯᠠᠭᠳᠠᠬᠤ ᠶᠢ ᠲᠠᠭᠠᠯᠳᠣᠨ᠂ ᠨᠣᠳᠤᠭ ᠤᠨ ᠲᠡᠬᠡᠷᠡᠮ ᠤᠨ ᠬᠡᠳᠣᠨ ᠲᠦᠷᠦᠬᠦᠦ ᠲᠠᠢ ᠬᠠᠮᠳᠣ ᠠᠯᠠᠱᠠ ᠠᠶᠢᠮᠠᠭ ᠲᠤ | ᠲᠣᠳᠠᠭᠠᠨ ᠬᠦᠷᠴᠦ ᠳ᠋ᠧ ᠸᠠᠩ ᠤᠨ ᠴᠡᠷᠢᠭ ᠲᠤ ᠣᠷᠣᠭᠰᠠᠨ ᠪᠠᠶᠢᠨ᠎ᠠ᠃ ᠳ᠋ᠧ ᠸᠠᠩ ︵ᠲᠡᠮᠴᠦᠭᠳᠣᠩᠷᠣᠪ︶ ᠠᠷᠣ | ᠮᠣᠩᠭᠤᠯ ᠳᠤ ᠭᠠᠷᠣᠭᠰᠠᠨ ᠤ ᠲᠠᠷᠠᠭ᠎ᠠ᠂ ᠲᠠᠷᠢᠵᠠᠪ ᠴᠠᠭ ᠤᠨ ᠪᠠᠶᠢᠳᠠᠯ ᠢ ᠦᠵᠡᠨ ᠭᠠᠷᠴᠣ᠂ ᠲᠠᠷᠪᠠ ᠨᠠᠷ ᠲᠠᠢ | ᠵᠦᠪᠳᠡᠨ ᠠᠯᠢ ᠵᠠᠮ ᠢ ᠰᠣᠩᠭᠤᠵᠣ ᠬᠠᠮᠢᠭᠠᠰᠢ ᠶᠠᠪᠣᠬᠤ ᠪᠠᠨ ᠲᠣᠭᠳᠠᠭᠰᠠᠨ ᠪᠠᠶᠢᠨ᠎ᠠ᠃ 1950 ᠣᠨ ᠤᠨ ᠡᠬᠢ | ᠪᠠᠷ ᠨᠠᠢᠮᠠᠨ ᠵᠠᠮ ᠤᠨ ᠴᠡᠷᠢᠭ ᠲᠤ ᠪᠠᠭᠤᠨ ᠦᠭᠴᠦ᠂ ᠬᠤᠪᠢᠰᠬᠠᠯ ᠤᠨ ᠵᠠᠮ ᠢ ᠰᠣᠩᠭᠤᠭᠰᠠᠨ ᠪᠠᠶᠢᠨ᠎ᠠ᠃ ᠲᠠᠷᠢᠵᠠᠪ | ᠨᠣᠭᠤᠨᠵᠠᠶᠠᠭ᠎ᠠ ᠲᠠᠢ ᠬᠤᠷᠢᠮᠯᠠᠬᠤ ᠠᠴᠠ ᠡᠮᠣᠨ᠎ᠡ ᠬᠤᠶᠠᠷ ᠣᠳᠠᠭ᠎ᠠ ᠬᠤᠷᠢᠮᠯᠠᠵᠣ ᠦᠩᠬᠡᠷᠡᠯ᠎ᠡ ᠬᠡᠳᠡᠭ᠃ | ᠰᠢ᠊᠂ ᠪᠠᠳᠣ᠄ ︽ᠨᠣᠭᠤᠨᠵᠠᠶᠠᠭ᠎ᠠ ︾ ᠶᠢᠨ ᠦᠬᠡ ᠠᠶ᠎ᠠ ᠶᠢ ᠨᠢ ᠠᠯᠢ ᠦᠶ᠎ᠠ ᠳᠤ ᠬᠡᠨ ᠵᠣᠬᠢᠶᠠᠭᠰᠠᠨ | ᠪᠣᠯ︖ | ᠪᠣᠣ ᠰᠢ ᠨᠠᠰᠣᠳᠠᠨ᠄ ᠪᠠᠭᠠᠷᠢᠨ ᠳᠤ ᠮᠣᠷᠳᠠᠭᠰᠠᠨ ᠤ ᠪᠠᠨ ᠲᠠᠷᠠᠭ᠎ᠠ ᠨᠣᠭᠤᠨᠵᠠᠶᠠᠭ᠎ᠠ ᠠᠭᠤᠰᠬᠢᠨ ᠰᠦᠷᠢᠶ᠎ᠡ | ᠡᠪᠡᠳᠴᠢᠨ ᠨᠢ ᠠᠬᠠᠳᠠᠵᠣ ᠂ ᠵᠢᠯ ᠰᠢᠬᠠᠮ ᠪᠣᠯᠣᠭᠠᠳ ᠡᠪᠡᠳᠴᠢᠨ ᠨᠢ ᠢᠯᠡᠷᠢ ᠪᠣᠯᠣᠭᠰᠠᠨ ᠦᠬᠡᠢ ᠦᠩᠭᠡᠷᠡᠭᠰᠡᠨ | ᠪᠠᠶᠢᠨ᠎ᠠ᠃ ᠲᠣᠬᠠᠢ ᠶᠢᠨ ᠦᠶ᠎ᠡ ᠳᠤ ᠲᠠᠷᠢᠵᠠᠪ ᠤᠨ ᠬᠡᠷ ᠲᠤ ᠪᠢᠶᠠᠨᠳᠠ ᠪᠠ ᠬᠡᠵᠢᠭᠡᠳᠣ ᠬᠡᠳᠡᠭ ᠬᠤᠴᠢ ᠨᠡᠷ᠎ᠡ ᠲᠠᠢ | ᠬᠤᠶᠠᠷ ᠠᠳᠣᠭᠤᠴᠢᠨ ᠪᠠᠶᠢᠵᠠᠢ᠃ ᠦᠨᠡᠨ ᠨᠡᠷ᠎ᠡ ᠶᠢ ᠨᠢ ᠮᠡᠳᠡᠬᠦ ᠦᠬᠡᠢ᠂ ᠪᠢᠶᠠᠨᠳᠠ ᠬᠡᠳᠡᠭ ᠨᠢ ᠬᠠᠪᠳᠠᠭᠠᠢ | ᠲᠣᠯᠣᠭᠠᠢ ᠲᠠᠢ ᠠᠳᠣᠭᠤᠴᠢᠨ ᠢᠶᠠᠨ ᠱᠣᠭᠯᠠᠨ ᠲᠠᠭᠤᠳᠠᠭᠰᠠᠨ ᠨᠡᠷ᠎ᠡ᠂ ᠬᠡᠵᠢᠬᠡᠳᠣ ᠬᠡᠳᠡᠭ ᠨᠢ ᠬᠠᠭᠤᠴᠢᠨ ᠶᠣᠰᠣᠭᠠᠷ | ᠬᠡᠵᠢᠬᠡ ᠬᠦᠷᠦᠵᠣ ᠪᠠᠶᠢᠭᠰᠠᠨ ᠠᠳᠣᠭᠤᠴᠢᠨ ᠬᠦᠮᠦᠨ ᠪᠣᠯᠣᠯᠳᠠᠢ᠃ ᠡᠨᠡ ᠬᠤᠶᠠᠭᠤᠯᠡ ᠨᠣᠭᠤᠨᠵᠠᠶᠠᠭ᠎ᠠ ᠶᠢᠨ | ᠲᠦᠷᠬᠦᠮ ᠢᠶᠠᠨ ᠰᠠᠨᠠᠨ ᠮᠦᠷᠦᠭᠡᠳᠦᠭᠰᠡᠨ ᠵᠣᠪᠠᠭᠤᠷᠢᠳᠣ ᠰᠡᠳᠬᠢᠯ ᠢ ᠲᠣᠩ ᠣᠶᠢᠯᠠᠭᠠᠳᠠᠭ ᠪᠣᠯᠬᠤᠷ ︽ | ᠨᠣᠭᠤᠨᠵᠠᠶᠠᠭ᠎ᠠ︾ ᠬᠡᠰᠡᠨ ᠠᠷᠠᠳ ᠤᠨ ᠲᠠᠭᠤᠣ ᠶᠢ ᠵᠣᠬᠢᠶᠠᠯ᠎ᠠ ᠬᠡᠳᠡᠭ᠃ ᠲᠠᠭᠤᠨ ᠳᠠᠬᠢ ︽ᠯᠣᠤᠬ᠎ᠠ ᠶᠢᠨ ᠭᠤᠣᠯ | ᠤᠨ ᠬᠦᠪᠡᠭᠡ ᠪᠠᠷ ᠨᠣᠭᠳᠣ ᠪᠠᠨ ᠴᠢᠷᠦᠭᠰᠡᠨ ᠮᠣᠷᠢ ᠁︾ ᠭᠡᠳᠡᠭ ᠦᠭᠡ ᠨᠢ ᠦᠨᠡᠨ ᠶᠠᠪᠣᠳᠠᠯ ᠠᠴᠠ ᠰᠡᠳᠣᠪ | ᠲᠠᠢ᠃ ᠲᠡᠭᠡᠷ᠎ᠡ ᠶᠠᠷᠢᠭᠰᠡᠨ ᠬᠠᠳᠠᠮ ᠤᠨ ᠲᠠᠯ᠎ᠠ ᠶᠢᠨ ᠶᠢᠰᠦ ᠶᠢᠰᠦ ᠶᠢᠨ ᠪᠡᠯᠡᠭ ᠳᠤ ᠢᠷᠡᠭᠰᠡᠨ ᠮᠣᠷᠢᠳ ᠤᠨ | ᠲᠣᠳᠣᠷ᠎ᠠ ᠠᠴᠠ ᠬᠠᠮᠤᠭ ᠰᠠᠶᠢᠨ ᠢ ᠨᠢ ᠰᠣᠩᠭᠤᠵᠣ᠂ ᠨᠣᠭᠤᠨᠵᠠᠶᠠᠭ᠎ᠠ ᠶᠢᠨ ᠲᠦᠷᠬᠦᠮ ᠤᠨ ᠬᠢᠨ ᠨᠢ ᠲᠡᠭᠦᠨ ᠤ | ᠨᠠᠭᠠᠴᠣ ᠪᠣᠯᠬᠤ ᠮᠧᠩ ᠣᠪᠣᠭᠳᠣ ︵ᠹᠦᠵᠢᠨ ᠬᠠᠳᠣᠨ ᠤ ᠠᠬ᠎ᠠ ᠨᠢ ᠶᠣᠮ ᠤᠤ ᠲᠡᠭᠦᠦ ᠨᠢ ᠶᠣᠮ ᠤᠤ ᠰᠠᠶᠢᠨ ᠮᠡᠳᠡᠬᠦ | ᠦᠬᠡᠢ︶ ᠳᠤ ᠪᠡᠯᠡᠭᠯᠡᠭᠰᠡᠨ ᠪᠠᠶᠢᠨ᠎ᠠ᠃ ᠵᠠᠷᠢᠮ ᠨᠢ ᠬᠡᠬᠡᠷ ᠮᠣᠷᠢ ᠬᠡᠬᠦ ᠶᠣᠮ᠂ ᠵᠠᠷᠢᠮ ᠨᠢ ᠬᠤᠯᠠ ᠮᠣᠷᠢ ᠬᠡᠳᠡᠭ ᠶᠣᠮ | ᠃ ᠲᠠᠷᠠᠭ᠎ᠠ ᠵᠢᠯ ᠤᠨ ᠬᠢᠨ ᠬᠠᠪᠣᠷ ᠨᠣᠭᠤᠭ᠎ᠠ ᠭᠠᠷᠬᠤ ᠦᠶ᠎ᠡ ᠪᠠᠷ ᠡᠨᠡ ᠮᠣᠷᠢ ᠪᠡᠯᠴᠢᠭᠡᠷ ᠢᠶᠠᠨ ᠰᠠᠨᠠᠵᠣ ᠢᠵᠢᠯᠢ | ᠪᠠᠨ ᠡᠷᠢᠵᠣ᠂ ᠮᠧᠩ ᠣᠪᠣᠭᠳᠣ ᠶᠢᠨ ᠬᠦᠷᠢᠶᠡᠨ ᠠᠴᠠ ᠴᠣᠯᠪᠣᠭᠤᠷ ᠢᠶᠠᠨ ᠲᠠᠰᠣᠳᠠᠨ ᠬᠡᠳᠣᠨ ᠬᠤᠰᠢᠭᠤᠨ ᠤ | ᠪᠡᠯᠴᠢᠬᠡᠷ ᠲᠠᠮᠵᠢᠨ᠂ ᠠᠭᠤᠯᠠ ᠲᠠᠯ᠎ᠠ ᠭᠤᠣᠯ ᠮᠦᠷᠡᠨ ᠢ ᠠᠵᠢᠭ ᠦᠬᠡᠢ ᠲᠣᠭᠤᠯᠵᠣ᠂ ᠨᠣᠳᠤᠭ ᠲᠤ ᠪᠠᠨ ᠬᠠᠷᠢᠵᠣ | ᠢᠵᠢᠯᠢ ᠲᠤ ᠪᠠᠨ ᠠᠭᠤᠯᠵᠠᠨ᠎ᠠ ᠬᠡᠳᠡᠭ ᠨᠢᠬᠡᠯᠡ ᠪᠣᠳᠣᠯ ᠢᠶᠠᠷ ᠲᠠᠰᠣᠷᠬᠠᠢ ᠴᠣᠯᠪᠣᠭᠤᠷ ᠢᠶᠠᠨ ᠴᠢᠷᠣᠭ᠍ᠰᠡᠭᠡᠷ ᠬᠤᠸᠠ | ᠵᠢᠯᠭ᠎ᠠ ᠶᠢᠨ ᠪᠠᠯᠴᠢᠭᠡᠷ ᠲᠤ ᠪᠠᠨ ᠬᠠᠷᠢᠭᠰᠠᠨ ᠪᠠᠶᠢᠨ᠎ᠠ᠃ ᠨᠣᠳᠤᠭ ᠲᠠᠭᠠᠨ ᠬᠠᠷᠢᠵᠣ ᠢᠷᠡᠭᠰᠡᠨ ᠮᠣᠷᠢ ᠪᠠᠨ | ᠦᠵᠡᠭᠡᠳ ᠬᠤᠶᠠᠷ ᠠᠳᠣᠭᠤᠴᠢᠨ ᠲᠣᠶᠢᠯ ᠪᠠᠷ ᠰᠡᠳᠬᠢᠯ ᠬᠦᠳᠡᠯᠵᠣ ᠨᠢᠯᠪᠣᠰᠣ ᠣᠨᠠᠭᠠᠨ᠂ ᠪᠠᠯᠴᠢᠭᠡᠷ ᠲᠤ ᠪᠠᠨ | ᠬᠠᠷᠢᠵᠣ ᠢᠷᠡᠭᠰᠡᠨ ᠭᠠᠵᠠᠷᠴᠢ ᠮᠣᠷᠢ ᠪᠠ ᠲᠦᠷᠬᠦᠮ ᠢᠶᠠᠨ ᠰᠠᠨᠠᠭᠰᠠᠨ ᠨᠣᠭᠤᠨᠵᠠᠶᠠᠭ᠎ᠠ ᠶᠢᠨ ᠰᠡᠳᠬᠢᠯᠬᠡ ᠶᠢ | ᠠᠭᠤᠰᠬᠠᠨ ᠲᠣᠰ ᠲᠠᠭᠤᠨ ᠤ ᠠᠩᠬᠠᠨ ᠤ ᠦᠬᠡ ᠶᠢ ᠵᠣᠬᠢᠶᠠᠵᠣ᠂ ᠣᠳᠣ ᠶᠢᠨ ᠲᠠᠭᠤᠯᠠᠭᠳᠠᠵᠣ ᠪᠠᠶᠢᠭ᠎ᠠ ᠡᠨᠡ ᠠᠶ᠎ᠠ | ᠲᠡᠭᠡᠷ᠎ᠡ ᠲᠠᠭᠤᠯᠠᠭᠰᠠᠨ ᠪᠠᠶᠢᠨ᠎ᠠ᠃ | ᠲᠣᠰ ᠲᠠᠭᠤᠣ ᠶᠢᠨ ᠠᠶ᠎ᠠ ᠨᠢ ᠡᠷᠳᠡ ᠦᠶ᠎ᠡ ᠠᠷᠠᠳ ᠤᠨ ᠲᠣᠮᠳᠠ ᠣᠯᠠᠮᠵᠢᠯᠠᠭᠳᠠᠵᠣ ᠪᠠᠶᠢᠭᠰᠠᠨ ᠠᠶ᠎ᠠ | ᠪᠣᠯᠣᠨ᠎ᠠ᠃ ᠠᠷᠠᠳ ᠤᠨ ᠲᠠᠭᠤᠨ ᠤ ᠠᠶ᠎ᠠ ᠬᠡᠳᠡᠭ ᠴᠢᠨᠢ ᠦᠶ᠎ᠡ ᠲᠠᠮᠵᠢᠨ ᠣᠯᠠᠮᠵᠢᠯᠠᠭᠳᠠᠵᠣ᠂ ᠠᠷᠠᠳ ᠤᠨ ᠲᠣᠮᠳᠠ | ᠠᠶᠠᠨᠳᠠᠭᠠᠨ ᠪᠣᠯᠪᠠᠰᠣᠷᠠᠭᠳᠠᠵᠣ᠂ ᠬᠡᠪᠰᠢᠨ ᠵᠦᠭᠰᠢᠷᠡᠵᠣ ᠰᠢᠯᠢᠳᠡᠭ ᠠᠷᠠᠳ ᠤᠨ ᠲᠠᠭᠤᠣ ᠪᠣᠢ ᠪᠣᠯᠵᠣ ᠦᠶ᠎ᠡ ᠲᠠᠮᠵᠢᠨ | ᠲᠠᠭᠤᠯᠠᠭᠳᠠᠳᠠᠭ᠃ ︽ᠨᠣᠭᠤᠨᠵᠠᠶᠠᠭ᠎ᠠ︾ ᠶᠢᠨ ᠠᠶ᠎ᠠ ᠴᠣ᠋ ᠡᠶᠢᠮᠣ ᠪᠠᠶᠢᠬᠤ ᠶᠣᠰᠣᠳᠠᠢ ᠬᠡᠵᠣ ᠪᠢ ᠪᠣᠳᠣᠳᠠᠭ᠃ | ᠬᠠᠷᠢᠨ ᠦᠭᠡ ᠨᠢ ᠨᠣᠳᠤᠭ ᠨᠣᠳᠤᠭ ᠤᠨ ᠬᠤᠪᠢᠯᠪᠣᠷᠢ ᠲᠠᠢ ᠴᠣ᠋ ᠣᠳᠣ ᠶᠢᠨ ᠲᠠᠭᠤᠯᠠᠭᠳᠠᠵᠣ ᠪᠠᠶᠢᠭ᠎ᠠ ︽ | ᠨᠣᠭᠤᠨᠵᠠᠶᠠᠭ᠎ᠠ︾ ᠪᠣᠯ ᠠᠣᠬᠠᠨ ᠬᠤᠰᠢᠭᠤᠨ ᠤ ᠬᠠᠮᠤᠭ ᠰᠡᠬᠦᠯᠴᠢ ᠶᠢᠨ ᠸᠠᠩ ᠪᠣᠯᠬᠤ ᠯᠾᠠᠵᠠᠯᠸᠠᠩᠴᠢᠨᠨᠣᠷᠪᠤ ᠶᠢᠨ | ᠬᠡᠣᠬᠡᠨ ᠲᠡᠭᠦᠦ ᠨᠣᠭᠤᠨᠵᠠᠶᠠᠭ᠎ᠠ ᠶᠢᠨ ᠣᠷᠤᠭ ᠬᠤᠷᠢᠮ ᠤᠨ ᠣᠴᠢᠷ ᠢᠶᠠᠷ ᠰᠡᠳᠣᠪᠯᠡᠭᠰᠡᠨ ᠠᠷᠠᠳ ᠤᠨ ᠲᠠᠭᠤᠣ | ᠪᠣᠯᠬᠤ ᠨᠢ ᠮᠠᠷᠭᠤᠰᠢ ᠦᠬᠡᠢ ᠦᠨᠡᠨ ᠣᠴᠢᠷ ᠶᠣᠮ᠃ ᠠᠣᠬᠠᠨ ᠪᠠᠭᠠᠷᠢᠨ ᠤ ᠬᠤᠭᠤᠷᠣᠨᠳᠣᠬᠢ ᠣᠷᠤᠭ ᠬᠤᠷᠢᠮ ᠤᠨ | ᠣᠴᠢᠷ ᠢᠶᠠᠷ ᠰᠡᠳᠣᠪᠯᠭᠰᠡᠨ ᠪᠣᠯᠬᠤᠷ ᠵᠣᠣ ᠣᠳᠠ ᠶᠢᠨ ᠠᠷᠠᠳ ᠤᠨ ᠲᠠᠭᠤᠣ ᠯᠡ ᠬᠡᠵᠣ ᠪᠢ ᠪᠣᠳᠣᠳᠠᠭ᠃ ᠶᠠᠭ | ᠦᠨᠡᠨᠳᠡᠬᠡᠨ ᠠᠷᠠᠳ ᠤᠨ ᠲᠠᠭᠤᠣ ᠶᠢ ᠴᠢᠨᠦᠬᠢ ᠮᠢᠨᠣᠬᠢ ᠬᠡᠵᠣ ᠦᠮᠴᠢᠷᠬᠡᠵᠣ ᠪᠣᠯᠢᠶᠠᠯᠳᠣᠭᠰᠠᠨ ᠤ ᠬᠡᠷᠡᠭ ᠦᠬᠡᠢ᠂ | ᠬᠠᠮᠠᠭᠠᠯᠠᠵᠣ ᠬᠦᠭᠵᠢᠬᠦᠯᠵᠣ ᠶᠠᠪᠣᠵᠣ ᠯᠡ ᠴᠢᠳᠠᠪᠠᠯ ᠬᠠᠮᠤᠭ ᠰᠠᠶᠢᠨ ᠣᠴᠢᠷ ᠲᠡᠷᠡ᠃ | ᠲᠠᠭᠤᠨ ᠤ ᠦᠬᠡ ᠨᠢ ᠣᠯᠠᠨ ᠬᠤᠪᠢᠯᠪᠣᠷᠢ ᠭᠡᠳᠡᠭ ᠨᠢ ᠵᠢᠱᠢᠶᠠᠯᠠᠪᠡᠯ᠄ ᠬᠤᠷᠴᠢᠨ ᠳᠤ ︽ᠨᠣᠨ ᠮᠦᠷᠡᠨ | ᠤ ᠬᠦᠪᠡᠬᠡᠨ ᠲᠡᠭᠡᠷ᠎ᠡ ᠨᠣᠭᠳᠣ ᠪᠠᠨ ᠴᠢᠷᠦᠭᠰᠡᠨ ᠮᠣᠷᠢ ᠡ᠂ ᠨᠣᠮᠣᠬᠠᠨ ᠵᠠᠩ ᠲᠠᠢ ᠨᠣᠭᠤᠨᠵᠠᠶᠠᠭ᠎ᠠ ᠨᠣᠳᠤᠭ ᠠᠴᠠ | ᠪᠠᠨ ᠬᠤᠯᠠ ᠮᠣᠷᠳᠠᠵᠠᠢ ᠁︾ ᠬᠡᠵᠣ ᠲᠠᠭᠤᠯᠠᠵᠣ ᠪᠠᠶᠢᠬᠤ ᠳᠤ ᠰᠢᠨᠵᠢᠶᠠᠩ ᠠᠯᠠᠱᠠ ᠪᠠᠷ ︽ᠬᠠᠷ᠎ᠠ ᠭᠤᠣᠯ ᠤᠨ | ᠬᠦᠪᠡᠭᠡ ᠪᠠᠷ ᠬᠠᠵᠠᠭᠠᠷ ᠢᠶᠠᠨ ᠴᠢᠷᠦᠭᠰᠡᠨ ᠮᠣᠷᠢ ᠡ᠂ ᠬᠠᠶᠢᠷᠠᠬᠠᠨ ᠵᠠᠩ ᠲᠠᠢ ᠨᠣᠭᠤᠨᠵᠠᠶᠠᠭ᠎ᠠ ᠬᠢᠵᠠᠭᠠᠷ ᠤᠨ ᠬᠤᠯᠠ | ᠵᠠᠶᠠᠭᠠᠪᠠ ᠁︾ ᠬᠡᠵᠣ ᠲᠠᠭᠤᠯᠠᠵᠣ ᠪᠠᠶᠢᠨ᠎ᠠ᠃ ᠲᠣᠰ ᠲᠠᠭᠤᠨ ᠤ ᠦᠬᠡᠨ ᠳᠤ ᠭᠠᠷᠳᠠᠭ ︽ᠬᠠᠶᠢᠴᠢ ᠶᠢᠨ | ᠭᠤᠣᠯ ᠤᠨ ᠬᠦᠪᠡᠭᠡ ᠪᠠᠷ ᠁︾ ᠭᠡᠳᠡᠭ ᠢ ᠵᠠᠷᠢᠮ ᠭᠠᠵᠠᠷ ᠲᠤ ᠪᠠᠰᠠ ︽ᠬᠠᠶᠢᠴᠢᠩ ᠭᠤᠣᠯ ᠤᠨ ᠬᠦᠪᠡᠭᠡ | ᠪᠠᠷ ᠁︾ ᠬᠡᠵᠣ ᠲᠠᠭᠤᠯᠠᠳᠠᠭ᠂ ᠡᠨᠡ ᠲᠣᠬᠠᠢ ᠪᠢ ᠠᠶᠢᠮᠠᠭ ᠤᠨ ᠣᠢ ᠰᠢᠭᠤᠢ ᠶᠢᠨ ᠲᠣᠪᠴᠢᠶᠠᠨ ᠲᠠᠷᠤᠭ᠎ᠠ | ᠪᠠᠷ ᠠᠵᠢᠯᠯᠠᠵᠣ ᠪᠠᠶᠢᠬᠤ ᠳᠤ ᠪᠠᠨ ᠪᠠᠭᠠᠷᠢᠨ ᠪᠠᠷᠠᠭᠤᠨ ᠬᠤᠰᠢᠭᠤᠨ ᠤ ᠰᠣᠪᠣᠷᠭ᠎ᠠ ᠰᠣᠮᠣᠨ ᠳᠤ ᠬᠦᠷᠴᠦ᠂ ᠦᠨᠡᠬᠡᠷ | ᠬᠠᠶᠢᠴᠢᠩ ᠭᠤᠣᠯ ᠪᠠᠶᠢᠬᠤ ᠶᠢ ᠮᠡᠳᠡᠵᠣ᠂ ᠲᠡᠨᠳᠡᠬᠢ ᠶᠢᠨ ᠬᠦᠮᠦᠰ ᠠᠴᠠ ᠠᠰᠠᠭᠤᠨ ᠰᠣᠷᠪᠣᠯᠵᠢᠯᠠᠭᠠᠳ ᠬᠠᠶᠢᠴᠢᠩ | ᠭᠤᠣᠯ ᠬᠡᠳᠡᠭ ᠨᠢ ᠴᠣᠯᠪᠣᠭᠤᠷ ᠢᠶᠠᠨ ᠴᠢᠷᠴᠦ ᠨᠣᠳᠤᠭ ᠲᠤ ᠪᠠᠨ ᠲᠡᠮᠡᠣᠯᠡᠨ ᠬᠠᠷᠢᠭᠰᠠᠨ ᠬᠦᠬᠡᠷᠦᠬᠦᠢ ᠲᠡᠷᠡ | ᠮᠣᠷᠢᠨ ᠤ ᠪᠡᠯᠴᠢᠬᠡᠷ ᠢ ᠣᠮᠳᠠᠯᠠᠨ ᠣᠷᠣᠰᠳᠠᠭ ᠭᠤᠣᠯ ᠬᠡᠵᠣ ᠰᠣᠨᠣᠰᠣᠯ᠎ᠠ᠃ ᠬᠠᠶᠢᠴᠢᠩ ᠭᠤᠣᠯ ᠤᠨ ᠬᠠᠶᠢᠴᠢᠩ ᠨᠢ | ᠰᠢᠪᠠᠭᠤᠨ ᠤ ᠨᠡᠷ᠎ᠡ ᠠᠴᠠ ᠢᠷᠡᠯᠳᠡ ᠲᠠᠢ ᠬᠡᠵᠣ ᠬᠡᠯᠡᠵᠣ ᠪᠠᠶᠢᠭᠰᠠᠨ᠃ | ︽ᠨᠣᠭᠤᠨᠵᠠᠶᠠᠭ᠎ᠠ︾ ᠶᠢ ᠪᠠᠰᠠ ᠬᠤᠶᠠᠷ ᠪᠠᠳᠠᠭ ᠢᠶᠠᠷ ᠲᠠᠭᠤᠯᠠᠬᠤ᠂ ᠲᠦᠷᠪᠡᠨ ᠪᠠᠳᠠᠭ ᠢᠶᠠᠷ ᠲᠠᠭᠤᠯᠠᠬᠤ᠂ | ᠣᠯᠠᠨ ᠪᠠᠳᠠᠭ ᠢᠶᠠᠷ ᠲᠠᠭᠤᠯᠠᠬᠤ ᠬᠡᠵᠣ ᠭᠠᠵᠠᠷ ᠭᠠᠵᠠᠷ ᠤᠨ ᠬᠢ ᠠᠳᠠᠯᠢ ᠪᠣᠰᠣ ᠪᠠᠷ ᠲᠠᠭᠤᠯᠠᠵᠣ ᠪᠠᠶᠢᠨ᠎ᠠ᠃ | ᠣᠩᠨᠢᠭᠤᠳ ᠤᠨ ᠡᠮᠣᠨ᠎ᠡ ᠪᠠᠶ᠎ᠠ᠂ ᠠᠣᠬᠠᠨ᠂ ᠨᠠᠢᠮᠠᠨ ᠬᠤᠰᠢᠭᠤ ᠪᠠᠷ ᠬᠤᠷᠢᠮ ᠬᠤᠷᠠᠯ ᠲᠡᠭᠡᠷ᠎ᠡ ︽ᠯᠣᠤᠬ᠎ᠠ ᠶᠢᠨ | ᠭᠤᠣᠯ ᠤᠨ ᠬᠦᠪᠡᠬᠡᠨ ᠲᠡᠭᠡᠷ᠎ᠡ ᠨᠣᠭᠳᠣ ᠪᠠᠨ ᠴᠢᠷᠦᠭᠰᠡᠨ ᠮᠣᠷᠢ ᠡ᠂ ᠨᠣᠮᠣᠬᠠᠨ ᠵᠠᠩ ᠲᠠᠢ ᠨᠣᠭᠤᠨᠵᠠᠶᠠᠭ᠎ᠠ | ᠨᠣᠳᠤᠭ ᠠᠴᠠ ᠪᠠᠨ ᠬᠤᠯᠠ ᠵᠠᠶᠠᠭᠠᠵᠠᠢ᠂ ᠬᠠᠶᠢᠴᠢ ᠶᠢᠨ ᠭᠤᠣᠯ ᠤᠨ ᠬᠦᠪᠡᠬᠡᠨ ᠲᠡᠭᠡᠷ᠎ᠡ ᠬᠠᠵᠠᠭᠠᠷ ᠢᠶᠠᠨ ᠴᠢᠷᠦᠭᠰᠡᠨ | ᠮᠣᠷᠢ ᠡ᠂ ᠬᠠᠶᠢᠷᠬᠠᠨ ᠵᠠᠩ ᠲᠠᠢ ᠨᠣᠭᠤᠨᠵᠠᠶᠠᠭ᠎ᠠ᠂ ᠬᠢᠵᠠᠭᠠᠷ ᠤᠨ ᠬᠤᠯᠠ ᠵᠠᠶᠠᠭᠠᠵᠠᠢ ᠂ ᠳ᠋ᠠ ᠭᠤᠸ᠎ᠠ ᠨᠣᠭᠤᠭ᠎ᠠ | ᠲᠠᠷᠢᠭᠠᠳ᠂ ᠲᠠᠯᠠᠩ ᠲᠠᠢ ᠲᠠᠷᠢᠶ᠎ᠠ ᠲᠠᠷᠢᠬᠤ ᠦᠬᠡᠢ᠂ ᠲᠠᠪᠰᠢᠨ ᠲᠠᠪᠰᠢᠨ ᠰᠢᠮᠡᠬᠦᠯᠡᠷ ᠮᠦᠮᠦ ᠶᠢᠨ ᠰᠦ ᠶᠢᠨ ᠠᠮᠳᠠ | ᠠ ᠬᠦ᠋᠂ ᠰᠢ ᠭᠤᠸ᠎ᠠ ᠨᠣᠭᠤᠭ᠎ᠠ ᠲᠠᠷᠢᠭᠠᠳ᠂ ᠰᠢᠰᠢ ᠶᠢᠨ ᠲᠠᠷᠢᠶ᠎ᠠ ᠲᠠᠷᠢᠬᠤ ᠦᠬᠡᠢ᠂ ᠰᠢᠮᠡᠨ ᠰᠢᠮᠡᠨ ᠮᠦᠮᠦᠬᠦᠯᠡᠷ | ᠮᠦᠮᠦ ᠶᠢᠨ ᠰᠦ ᠶᠢᠨ ᠠᠮᠳᠠ ᠠ ᠬᠦ᠋︾ ᠬᠡᠳᠡᠭ ᠪᠠᠳᠠᠭ ᠤᠳ ᠨᠢ ᠲᠠᠭᠤᠯᠠᠭᠳᠠᠵᠣ ᠪᠠᠶᠢᠨ᠎ᠠ ᠁ | ᠠᠣᠬᠠᠨ ᠤ ᠲᠡᠣᠬᠡ ᠲᠠᠢ ᠬᠤᠯᠪᠣᠭᠳᠠᠭᠰᠠᠨ ᠦᠵᠡᠵᠣ ᠰᠣᠨᠣᠰᠣᠭᠰᠠᠨ ᠵᠦᠢᠯ ᠢᠶᠠᠨ ᠶᠠᠷᠢᠯ᠎ᠠ᠂ ᠠᠣᠬᠠᠨ | ᠸᠠᠩ ᠤᠨ ᠣᠭᠰᠠᠭ᠎ᠠ ᠲᠦᠷᠦᠯ ᠤᠨ ᠲᠣᠬᠠᠢ ᠣᠨ ᠵᠢᠯ᠂ ᠬᠦᠮᠦᠨ ᠤ ᠨᠡᠷ᠎ᠡ ᠵᠡᠷᠭᠡ ᠶᠢ ᠮᠢᠨᠣ ᠪᠢᠴᠢᠵᠣ ᠦᠩᠬᠡᠷᠡᠭᠰᠡᠨ | ᠰᠣᠷᠪᠣᠯᠵᠢᠯᠡᠯ ᠲᠡᠮᠳᠡᠭᠯᠡᠯ ᠲᠠᠢ ᠬᠠᠷᠭᠤᠭᠤᠯᠵᠣ ᠦᠵᠡ᠂ ᠡᠨᠡ ᠲᠣᠬᠠᠢ ᠪᠢ ᠨᠠᠶᠠᠭᠠᠳ ᠣᠨ ᠳᠤ ᠬᠤᠯᠪᠣᠭᠳᠠᠯ | ᠪᠦᠬᠦᠢ ᠬᠦᠮᠦᠰ ᠢ ᠰᠣᠷᠪᠣᠯᠵᠢᠯᠠᠨ ᠲᠡᠮᠳᠡᠭᠯᠡᠭᠰᠡᠨ ᠶᠣᠮ᠂ ᠣᠳᠣ ᠪᠠᠷ ᠪᠠᠨ ᠡᠨᠡ ᠬᠡᠳᠦᠨ ᠲᠠᠪᠳᠡᠷ ᠨᠣᠮ ᠪᠠᠨ ᠴᠢᠮ᠎ᠡ | ᠳᠤ ᠪᠡᠯᠡᠭᠯᠡᠶ᠎ᠡ᠃ ᠲᠡᠣᠬᠡ ᠰᠣᠶᠣᠯ ᠳᠤ ᠪᠠᠨ ᠬᠠᠷᠢᠭᠤᠴᠠᠬᠤ ᠡᠬᠦᠳᠡᠨ ᠠᠴᠠ ᠦᠨᠡᠨ ᠪᠣᠳᠠᠳᠠᠢ ᠲᠡᠮᠳᠡᠭᠯᠡᠨ | ᠦᠯᠡᠳᠡᠭᠡᠬᠦ ᠨᠢ ᠬᠠᠮᠤᠭ ᠴᠢᠬᠤᠯᠠ᠃ ᠵᠠᠯᠠᠭᠤ ᠣᠯᠣᠰ ᠵᠠᠪ ᠴᠢᠯᠦᠬᠡ ᠯᠡ ᠭᠠᠷᠪᠠᠯ ᠦᠨᠳᠦᠰᠦᠳᠡᠨ᠂ ᠣᠷᠣᠨ ᠨᠣᠳᠤᠭ | ᠤᠨ ᠢᠶᠠᠨ ᠲᠡᠣᠬᠡ ᠰᠣᠶᠣᠯ ᠤᠨ ᠲᠣᠬᠠᠢ ᠠᠩᠬᠠᠷᠣᠨ᠂ ᠪᠢᠴᠢᠵᠣ ᠣᠷᠣᠯᠳᠣᠵᠣ ᠶᠠᠪᠤ︕ | ᠰᠢ᠊᠂ ᠪᠠᠳᠣ᠄ ᠬᠦᠨᠳᠦᠳᠦ ᠨᠠᠰᠣᠳᠠᠨ ᠳᠤ ᠪᠠᠨ ᠲᠠᠯᠠᠷᠬᠠᠵᠣ ᠪᠠᠶᠢᠨ᠎ᠠ᠂ ︽ᠨᠣᠭᠤᠨᠵᠠᠶᠠᠭ᠎ᠠ︾ ᠶᠢᠨ | ᠲᠣᠬᠠᠢ ᠣᠨᠢᠰᠤᠭ᠎ᠠ ᠶᠢ ᠲᠠ ᠲᠠᠶᠢᠯᠵᠣ ᠦᠭᠬᠦᠯ᠎ᠡ᠃ ᠰᠠᠶᠢᠨ ᠰᠠᠭᠤᠵᠣ ᠪᠠᠶᠢᠭᠠᠷᠠᠢ︕ | | | | | | |