ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠵᠢᠷᠭᠤᠭ᠎ᠠ︶
ᠨᠡᠶᠢᠲᠡᠯᠡᠭᠰᠡᠨ ᠴᠠᠭ᠄
2019/11/29
       ᠲᠤᠰ ᠭᠡᠷᠡᠯᠲᠦ ᠬᠦᠰᠢᠶᠡᠨ ᠤ ᠪᠢᠴᠢᠭ ᠲᠤ ᠤᠩᠰᠢᠯᠭ᠎ᠠ ᠭᠡᠳᠡᠭ ᠤᠳᠬ᠎ᠠ ᠶᠢ ᠢᠯᠡᠳᠭᠡᠬᠦ ᠳᠡᠭᠡᠨ ︽诵 持︾ ᠭᠡᠬᠦ ᠬᠤᠶᠠᠷ ᠦᠰᠦᠭ ᠢ ᠬᠡᠷᠡᠭᠯᠡᠪᠡ᠃ ᠨᠢᠭᠲᠠᠯᠠᠬᠤᠯ᠎ᠠ᠂ ︽诵︾ ᠭᠡᠬᠦ ᠦᠰᠦᠭ ᠨᠢ ᠤᠩᠰᠢᠯᠭ᠎ᠠ ᠶᠢ ᠵᠢᠭᠠᠭᠰᠠᠨ ᠪᠤᠯᠪᠠᠴᠤ ︽持︾ ᠭᠡᠬᠦ ᠦᠰᠦᠭ ᠨᠢ ᠨᠤᠮ ᠤᠩᠰᠢᠯᠭ᠎ᠠ ᠲᠠᠢ ᠬᠤᠯᠪᠤᠭᠲᠠᠭᠰᠠᠨ ᠦᠭᠡᠷ᠎ᠡ ᠨᠢᠭᠡ ᠤᠴᠢᠷ ᠢ ᠢᠯᠡᠳᠬᠡᠵᠦ ᠪᠠᠶᠢᠭ᠎ᠠ ᠶᠤᠮ᠃ ᠲᠡᠭᠡᠪᠡᠯ᠂ ᠡᠨᠡ ᠨᠢ ᠴᠤᠬᠤᠮ ᠶᠠᠭᠤ ᠶᠢ ᠵᠢᠭᠠᠴᠢᠬᠠᠪᠠ︖ ᠪᠠᠶᠢᠴᠠᠭᠠᠬᠤᠯ᠎ᠠ᠄ ᠯᠢᠶᠤᠤᠨᠢᠩ ᠮᠤᠵᠢ ᠶᠢᠨ ᠮᠤᠩᠭᠤᠯᠵᠢᠨ ᠬᠤᠰᠢᠭᠤᠨ ︵辽宁阜新︶ ᠳᠠᠬᠢ ᠮᠤᠩᠭᠤᠯᠵᠢᠨ ᠭᠡᠭᠡᠨ ᠰᠦᠮ᠎ᠡ ᠶᠢᠨ ᠯᠠᠮ᠎ᠠ ᠨᠠᠷ ᠠᠴᠠ ᠨᠠᠶᠢᠷᠠᠭᠤᠯᠤᠨ ᠪᠢᠴᠢᠭᠰᠡᠨ ︽ᠪᠤᠷᠬᠠᠨ ᠱᠠᠰᠢᠨ ᠤ ᠰᠤᠶᠤᠯ ᠮᠡᠳᠡᠯᠭᠡ︾ ᠭᠡᠬᠦ ᠰᠢᠷ᠎ᠠ ᠲᠡᠪᠲᠡᠷ ᠤᠨ ᠭᠤᠷᠪᠠᠳᠤᠭᠠᠷ ᠬᠡᠰᠡᠭ ᠤᠨ ᠨᠡᠷ᠎ᠡ ᠲᠤᠮᠢᠶ᠎ᠡ ᠶᠢᠨ ᠮᠤᠩᠭᠤᠯ ᠬᠢᠲᠠᠳ ᠬᠠᠷᠢᠴᠠᠭᠤᠯᠭ᠎ᠠ ᠳᠤ᠂ ︽ᠠᠳᠢᠰᠯᠠᠬᠤ ︵ᠪᠤᠶᠠᠨ ᠴᠢᠳᠠᠯ ᠬᠠᠶᠢᠷᠠᠯᠠᠵᠦ ᠬᠦᠷᠲᠡᠭᠡᠬᠦ︶︾ ᠭᠡᠵᠦ ᠪᠢᠴᠢᠭᠡᠳ ᠲᠤᠤᠷᠠᠬᠢ ᠬᠢᠲᠠᠳ ᠦᠰᠦᠭ ᠤᠨ ᠬᠠᠳᠠᠮᠠᠯ ᠳᠤᠨᠢ ︽加持︾ ᠭᠡᠵᠦ ᠪᠢᠴᠢᠪᠡ᠃ ᠡᠭᠦᠨ ᠠᠴᠠ ᠦᠵᠡᠬᠦᠯ᠎ᠡ ᠠᠳᠡ ᠬᠡᠷᠡᠭᠯᠡᠭᠰᠡᠨ ︽持︾ ᠭᠡᠳᠡᠭ ᠦᠰᠦᠭ ᠨᠢ ︽ᠠᠳᠢᠰᠯᠠᠬᠤ︾ ᠭᠡᠰᠡᠨ ᠦᠭᠡ ᠪᠠᠶᠢᠵᠠᠢ᠃ ᠠᠳᠢᠰᠯᠠᠬᠤ ᠭᠡᠳᠡᠭ ᠦᠭᠡ ᠶᠢᠨ ᠢᠵᠠᠭᠤᠷ ᠨᠢ ︽ᠠᠳᠢᠰ ︾ ᠪᠤᠯᠬᠤ ᠶᠤᠮ᠃ ᠳ᠋ᠠ᠊᠂ ᠪᠠᠶᠠᠷ ᠤᠨ ᠵᠤᠬᠢᠶᠠᠭᠰᠠᠨ ︽ᠢᠵᠢ ᠦᠭᠡ ᠶᠢᠨ ᠲᠤᠯᠢ︾ ᠭᠡᠬᠦ ᠨᠤᠮ ᠳᠤ ︽ᠠᠳᠢᠰ︾ ᠭᠡᠬᠦ ᠦᠭᠡ ᠶᠢ ᠲᠠᠶᠢᠯᠪᠤᠷᠢᠯᠠᠬᠤ ᠳᠠᠭᠠᠨ᠄ a , ᠲᠤᠮᠤᠭ ᠶᠠᠷᠢᠶᠠᠨ ᠳᠠᠬᠢ ᠠᠯᠢᠪᠠ ᠡᠪᠡᠳᠴᠢᠨ ᠲᠠᠬᠤᠯ ᠢ ᠪᠦᠷ ᠵᠠᠰᠠᠳᠠᠭ ᠬᠦᠮᠦᠨ ᠢ ᠤᠷᠲᠤ ᠨᠠᠰᠤᠯᠠᠭᠤᠯᠬᠤ ᠡᠮ ︵61 ᠳ᠋ᠤᠭᠡᠷ ᠨᠢᠭᠤᠷ︶᠃ b, ᠪᠤᠭᠳᠠ ᠭᠡᠭᠡᠨ ᠠᠴᠠ ᠮᠦᠷᠭᠦᠯ ᠬᠢᠭᠰᠡᠳ ᠲᠤ ᠦᠭᠬᠦ ᠢᠷᠦᠭᠡᠯ ︵178 ᠳ᠋ᠤᠭᠠᠷ ᠨᠢᠭᠤᠷ︶᠃ c, ᠱᠠᠰᠢᠨ ᠤ ᠦᠷᠰᠢᠶᠡᠯ ᠠᠪᠤᠷᠠᠯ ᠪᠦᠬᠦᠢ ᠲᠤᠰᠠ ︵478  ᠳ᠋ᠤᠭᠠᠷ ᠨᠢᠭᠤᠷ︶ ᠭᠡᠵᠦ ᠭᠤᠷᠪᠠᠨ ᠵᠦᠢᠯ ᠤᠨ ᠢᠵᠢ ᠤᠳᠬ᠎ᠠ ᠳᠤ ᠠᠩᠬᠢᠯᠠᠨ ᠲᠠᠶᠢᠯᠪᠤᠷᠢᠯᠠᠵᠠᠢ᠃ ᠠᠳᠡ ᠬᠦᠷᠬᠦ ᠳᠤ ᠡᠨᠡ ︽持︾ ᠦᠰᠦᠭ ᠤᠨ ᠤᠳᠬ᠎ᠠ ᠶᠢᠨ ᠲᠠᠶᠢᠯᠪᠤᠷᠢ ᠪᠠᠰᠠ ᠬᠤᠮᠰᠠᠳᠠᠵᠦ ᠪᠠᠶᠢᠬᠤ ᠲᠤᠯᠠ ᠲᠠᠬᠢᠨ ᠪᠠᠶᠢᠴᠠᠭᠠᠪᠠ᠃ ᠡᠷᠳᠡᠮᠲᠡᠨ ᠰᠤᠳᠤᠪᠢᠯᠢᠭ᠌ ᠤᠨ ᠨᠠᠶᠢᠷᠠᠭᠤᠯᠤᠨ ᠵᠤᠬᠢᠶᠠᠭᠰᠠᠨ ︽ᠱᠠᠰᠢᠨ ᠤ ᠲᠤᠯᠢ︾ ᠳᠤ ︽持︾ ᠪᠠᠷ ᠡᠬᠢᠯᠡᠭᠰᠡᠨ ᠲᠤᠯᠤᠭᠠᠢ ᠦᠰᠦᠭ ᠤᠨ ᠲᠠᠶᠢᠯᠪᠤᠷᠢ ᠠᠯᠠᠭ᠎ᠠ᠃ ᠭᠡᠲᠡᠯ᠎ᠡ ᠲᠤᠰ ᠲᠤᠬᠢᠶᠠᠨ ᠤ ᠪᠢᠴᠢᠭ ᠤᠨ ︽ᠲᠠᠷᠨᠢ ᠶᠢᠨ ᠮᠤᠲᠤᠷ︾ ᠭᠡᠬᠦ ᠲᠤᠯᠤᠭᠠᠢ ᠦᠭᠡᠰ ᠤᠨ ᠲᠠᠶᠢᠯᠪᠤᠷᠢ ᠳᠤ᠄ ︽ᠲᠠᠷᠨᠢ ᠤᠷᠢᠬᠤ ᠦᠶ᠎ᠡ ᠳᠤ ᠴᠠᠭᠵᠠ ᠬᠢᠵᠦ ︵ᠠᠷᠪᠠᠨ ᠬᠤᠷᠤᠭᠤᠨ ᠤ ᠮᠤᠷᠤᠶᠢᠬᠤ ᠰᠤᠩᠭᠠᠬᠤ ᠶᠢ ᠠᠰᠢᠭᠯᠠᠨ ᠡᠯᠳᠡᠪ ᠬᠡ ᠤᠭᠠᠯᠵᠠ ᠶᠢᠨ ᠲᠦᠯᠦᠪ ᠭᠠᠷᠭᠠᠬᠤ ᠶᠢ ᠴᠠᠭᠵᠠ ᠬᠢᠨ᠎ᠡ ︿317 ᠳ᠋ᠤᠭᠠᠷ ᠨᠢᠭᠤᠷ﹀ ᠭᠡᠳᠡᠭ︶︾ ᠭᠡᠵᠦ ᠲᠠᠶᠢᠯᠪᠤᠷᠢᠯᠠᠪᠠ᠃ ︽ᠴᠠᠭᠵᠠ︾ ᠶᠢ ᠪᠠᠰᠠ ︽ᠱᠠᠭᠵᠠ︾ ᠭᠡᠨ᠎ᠡ᠃ ᠲᠠᠷᠤᠢ ᠮᠤᠲᠤᠷ ︵ᠭᠠᠷ︶ ᠢ ᠬᠡᠯᠡᠨ᠎ᠡ᠂ ᠱᠠᠭᠵᠠ ᠪᠤᠶᠤ ᠴᠠᠭᠵᠠ ᠬᠢᠨ᠎ᠡ ᠭᠡᠳᠡᠭ ᠨᠢ ᠲᠠᠷᠤᠢ ᠭᠠᠷ ᠤᠨ ᠬᠦᠳᠡᠯᠭᠡᠨ ᠬᠢᠨ᠎ᠡ ᠭᠡᠰᠡᠨ ᠦᠭᠡ᠃ ᠮᠤᠩᠭᠤᠯ ᠤᠨ ᠪᠦᠭᠡ ᠮᠦᠷᠭᠦᠯ ᠤᠨ ᠱᠠᠰᠢᠨ ᠤ ᠶᠤᠰᠤᠨ ᠳᠤ ᠰᠢᠲᠤᠭᠡᠨ ᠢᠶᠠᠨ ᠤᠷᠢᠵᠦ ᠵᠠᠯᠠᠬᠤ ᠦᠶ᠎ᠡ ᠳᠤ ᠮᠦᠨ ᠱᠠᠭᠵᠠᠯᠠᠬᠤ ᠶᠤᠰᠤᠨ ᠪᠠᠶᠢᠳᠠᠭ᠃ ᠡᠶᠢᠮᠦ ᠠᠴᠠ ᠱᠠᠰᠢᠨ ᠤ ᠦᠢᠯᠡ ᠳᠤ᠂ ᠲᠠᠷᠨᠢ ᠤᠷᠢᠬᠤ ᠪᠤᠶᠤ ᠨᠤᠮ ᠤᠩᠰᠢᠬᠤ ᠦᠶ᠎ᠡ ᠳᠡᠭᠡᠨ ᠲᠤᠭᠳᠠᠭᠰᠠᠨ ᠵᠢᠷᠤᠮ ᠲᠠᠢ ᠪᠠᠷ ᠭᠠᠷ ᠤᠨ ᠬᠦᠳᠡᠯᠭᠡᠨ ᠬᠢᠬᠦ ᠶᠢ ︽ᠱᠠᠭᠵᠠᠯᠠᠬᠤ︾ ᠪᠤᠶᠤ ︽ᠴᠠᠭᠵᠠᠯᠠᠬᠤ︾ ᠭᠡᠳᠡᠭ ᠪᠠᠶᠢᠵᠠᠢ᠃ ᠬᠢᠲᠠᠳ ᠤᠨ ᠪᠤᠷᠬᠠᠨ ᠱᠠᠰᠢᠨ  ᠤ ᠰᠤᠳᠤᠷ ᠲᠤ ᠱᠠᠭᠵᠠᠯᠠᠬᠤ ᠶᠢ ︽持咒︾ ᠪᠤᠶᠤ ︽咒印︾ ᠭᠡᠵᠦ ᠪᠢᠴᠢᠳᠡᠭ ᠶᠤᠮ᠃ ᠡᠶᠢᠮᠦ ᠠᠴᠠ ᠡᠨᠡᠬᠦ ᠭᠡᠷᠡᠯᠲᠦ ᠬᠦᠰᠢᠶᠡᠨ ᠤ ᠪᠢᠴᠢᠭ ᠲᠤ ᠢᠯᠡᠷᠡᠭᠰᠡᠨ ︽持︾ ᠭᠡᠬᠦ ᠦᠰᠦᠭ ᠨᠢ ᠠᠳᠢᠰᠯᠠᠬᠤ ᠪᠤᠶᠤ ᠱᠠᠭᠵᠠᠯᠠᠬᠤ ᠭᠡᠬᠦ ᠬᠤᠶᠠᠷ ᠤᠳᠬ᠎ᠠ ᠶᠢ ᠪᠠᠭᠲᠠᠭᠠᠭᠰᠠᠨ ᠲᠤᠯᠠ ᠲᠤᠰ ᠦᠰᠦᠭ ᠤᠨ ᠬᠡᠷᠡᠭᠯᠡᠭᠳᠡᠭᠰᠡᠨ ᠤᠤᠯ ᠤᠳᠬ᠎ᠠ  ᠶᠢ ᠪᠦᠷᠢᠨ ᠢᠯᠡᠳᠭᠡᠬᠦ ᠶᠢᠨ ᠲᠦᠯᠦᠭᠡ ︽ᠱᠠᠭᠵᠠᠯᠠᠯ ᠠᠳᠢᠰᠯᠠᠭ᠎ᠠ︾ ᠭᠡᠬᠦ ᠬᠤᠯᠪᠤᠭ᠎ᠠ ᠦᠭᠡ ᠪᠠᠷ ᠤᠷᠴᠢᠭᠤᠯᠪᠠ᠃                ︵34︶  ︽ᠰᠢᠯᠦᠭᠯᠡᠯᠲᠦ ᠨᠤᠮ︾ ᠤᠨ ᠲᠡᠯᠭᠡᠷᠡᠭᠦᠯᠦᠯ ᠳᠠᠬᠢ ︽ᠰᠠᠬᠤᠯᠠᠭ ᠪᠤᠷᠤ ᠰᠤᠶᠢᠬ᠎ᠠ︾  兴蓼莪诗  —— ︽ᠰᠢᠯᠦᠭᠯᠡᠯᠲᠦ ᠨᠤᠮ︾ ᠪᠤᠯ ᠬᠢᠲᠠᠳ ᠤᠨ ᠤᠳᠬ᠎ᠠ ᠵᠤᠬᠢᠶᠠᠯ ᠤᠨ ᠲᠡᠤᠬᠡᠨ ᠲᠡᠭᠡᠷᠡᠬᠢ ᠬᠠᠮᠤᠭ ᠠᠩᠬᠠᠨ ᠤ ᠰᠢᠯᠦᠭ ᠲᠠᠭᠤᠤ ᠶᠢᠨ ᠲᠡᠭᠦᠪᠦᠷᠢ ᠮᠦᠨ᠃ ︽ᠰᠢᠯᠦᠭᠯᠡᠯᠲᠦ ᠨᠤᠮ︾ ᠳᠤ ᠪᠠᠭᠲᠠᠭᠰᠠᠨ ᠰᠢᠯᠦᠭ ᠲᠠᠭᠤᠤ ᠨᠤᠭᠤᠳ ᠨᠢ ᠪᠠᠷᠠᠭᠤᠨ ᠵᠸᠤ ᠤᠯᠤᠰ ᠤᠨ ᠡᠬᠢᠨ ᠤ ᠦᠶ᠎ᠡ ︵ᠤᠨ ᠲᠤᠭᠠᠯᠠᠯ ᠠᠴᠠ ᠡᠮᠦᠨᠡᠬᠢ ᠠᠷᠪᠠᠨ ᠨᠢᠭᠡᠳᠦᠭᠡᠷ ᠵᠠᠭᠤᠨ᠂ ᠲᠠᠷᠤᠢ ᠤᠳᠤ ᠠᠴᠠ ᠭᠤᠷᠪᠠᠨ ᠮᠢᠩᠭ᠎ᠠ ᠨᠢᠭᠡ ᠵᠠᠭᠤ ᠭᠠᠷᠤᠢ ᠵᠢᠯ ᠤᠨ ᠡᠮᠦᠨ᠎ᠡ︶ ᠠᠴᠠ ᠬᠠᠪᠤᠷ ᠨᠠᠮᠤᠷ ︵ᠴᠦᠨ ᠴᠢᠦ︶ ᠤᠨ ᠴᠠᠭ ᠦᠶ᠎ᠡ ᠳᠠᠬᠢ ᠲᠤᠮᠳᠠᠴᠢ ᠦᠶ᠎ᠡ ︵ᠤᠨ ᠲᠤᠭᠠᠯᠠᠯ ᠠᠴᠠ ᠡᠮᠦᠨᠡᠬᠢ ᠵᠢᠷᠭᠤᠭᠠᠳᠤᠭᠠᠷ ᠵᠠᠭᠤᠨ᠂ ᠲᠠᠷᠤᠢ ᠤᠳᠤ ᠠᠴᠠ ᠬᠤᠶᠠᠷ ᠮᠢᠩᠭ᠎ᠠ ᠵᠢᠷᠭᠤᠭᠠᠨ ᠵᠠᠭᠤ ᠭᠠᠷᠤᠢ ᠵᠢᠯ ᠤᠨ ᠡᠮᠦᠨ᠎ᠡ︶ ᠬᠦᠷᠲᠡᠯᠡᠬᠢ ᠲᠠᠪᠤᠨ ᠵᠠᠭᠤ ᠭᠠᠷᠤᠢ ᠵᠢᠯ ᠤᠨ ᠲᠤᠷᠰᠢᠬᠢ ᠰᠢᠯᠦᠭ ᠲᠠᠭᠤᠤ ᠶᠢ ᠪᠠᠭᠲᠠᠭᠠᠵᠠᠢ᠃ ︽ᠰᠢᠯᠦᠭᠯᠡᠯᠲᠦ ᠨᠤᠮ ︾ ᠨᠢ ᠠᠩᠬ᠎ᠠ ᠡᠬᠢᠨ ᠳᠡᠭᠡᠨ ᠬᠦᠭᠵᠢᠮ ᠬᠠᠪᠰᠤᠷᠭᠠᠨ ᠲᠠᠭᠤᠯᠠᠭᠳᠠᠵᠦ ᠪᠠᠶᠢᠭᠰᠠᠨ ᠲᠤᠯᠠ ᠬᠦᠭᠵᠢᠮ ᠤᠨ ᠤᠨᠴᠠᠯᠢᠭ  ᠢ ᠦᠨᠳᠦᠰᠦᠯᠡᠵᠦ᠄ ︽ᠰᠤᠷᠲᠠᠯ风︾᠂ ︽ᠢᠷᠠᠭᠤ雅︾᠂ ︽ᠮᠠᠭᠲᠠᠭᠤ颂︾ ᠭᠡᠬᠦ ᠭᠤᠷᠪᠠᠨ ᠵᠦᠢᠯ ᠳᠤ ᠠᠩᠬᠢᠯᠠᠭᠳᠠᠵᠦ ᠪᠠᠶᠢᠪᠠ᠃                  ︽ᠰᠤᠷᠲᠠᠯ风︾ ᠳᠤ᠄ ︽ᠵᠸᠤ ᠤᠯᠤᠰ ᠤᠨ ᠠᠶᠠᠯᠠᠭᠤ周南︾᠂ ︽ᠱᠤᠤ ᠤᠯᠤᠰ ᠤᠨ ᠠᠶᠠᠯᠠᠭᠤ召南︾᠂ ︽ᠪᠸᠢ ᠤᠯᠤᠰ ᠤᠨ ᠰᠤᠷᠲᠠᠯ邶风︾᠂ ︽ᠶᠦᠩ ᠤᠯᠤᠰ ᠤᠨ ᠰᠤᠷᠲᠠᠯ庸风 ︾᠂ ︽ᠸᠧᠢ ᠤᠯᠤᠰ ᠤᠨ ᠰᠤᠷᠲᠠᠯ卫风︾᠂ ︽ᠵᠧᠩ ᠤᠯᠤᠰ ᠤᠨ ᠰᠤᠷᠲᠠᠯ郑风︾…… ᠵᠡᠷᠭᠡ ᠠᠷᠪᠠᠨ ᠲᠠᠪᠤᠨ ᠤᠯᠤᠰ ᠤᠨ ᠰᠤᠷᠲᠠᠯ ᠤᠨ 160 ᠠᠩᠬᠢ ᠰᠢᠯᠦᠭ ᠢ ᠪᠠᠭᠲᠠᠭᠠᠵᠠᠢ᠃ ︽ᠰᠤᠷᠲᠠᠯ︾ ᠭᠡᠳᠡᠭ ᠪᠤᠯ ᠵᠸᠦ ᠤᠯᠤᠰ ᠤᠨ ᠵᠠᠬᠢᠷᠤᠯ ᠳᠠᠬᠢ ᠡᠯ᠎ᠡ ᠬᠦᠢ ᠤᠯᠤᠰ ︵诸侯国︶ ᠤᠨ ᠠᠷᠠᠳ ᠢᠷᠭᠡᠳ ᠤᠨ ᠠᠮᠢᠳᠤᠷᠠᠯ ᠦᠢᠯᠡᠳᠪᠦᠷᠢᠯᠡᠯ᠂ ᠵᠠᠩ ᠰᠤᠷᠲᠠᠯ᠂ ᠶᠤᠰᠤᠯᠠᠯ ᠬᠦᠭᠵᠢᠮ᠂ ᠪᠢᠴᠢᠭ ᠤᠩᠰᠢᠭᠤ ᠵᠡᠷᠭᠡ ᠶᠢ ᠪᠢᠴᠢᠭᠰᠡᠨ ᠶᠤᠮ᠃ ︽ᠰᠤᠷᠲᠠᠯ︾ ᠳᠤ ᠬᠠᠮᠤᠷᠤᠭᠳᠠᠭᠰᠠᠨ ᠰᠢᠯᠦᠭ ᠤᠳ ᠨᠢ ᠬᠡᠪᠴᠢᠶ᠎ᠡ ᠪᠠᠷ ᠦᠷᠭᠡᠨ᠂ ᠠᠭᠤᠯᠭ᠎ᠠ ᠪᠠᠷ ᠪᠠᠶᠠᠯᠢᠭ᠂ ᠲᠤᠭ᠎ᠠ  ᠪᠠᠷ ᠤᠯᠠᠨ ᠮᠦᠷᠲᠡᠭᠡᠨ ᠲᠢᠭ ᠬᠡᠯᠪᠡᠷᠢ ᠨᠢ ᠤᠯᠠᠨ ᠶᠠᠩᠵᠦ ᠶᠢᠨ ᠪᠠᠶᠢᠳᠠᠭ᠃ ᠡᠶᠢᠮᠦ ᠠᠴᠠ ︽ᠰᠤᠷᠲᠠᠯ︾ ᠨᠢ ᠵᠸᠦ ᠤᠯᠤᠰ ᠤᠨ ᠦᠶ᠎ᠡ ᠳᠠᠬᠢ ᠠᠷᠪᠠᠨ ᠲᠠᠪᠤᠨ ᠤᠯᠤᠰ ᠤᠨ ᠵᠠᠩ ᠠᠭᠠᠯᠢ ᠬᠢᠭᠡᠳ ᠰᠤᠶᠤᠯ ᠢᠷᠭᠡᠨᠰᠢᠯ ᠢ ᠤᠶᠢᠯᠠᠭᠠᠬᠤ  ᠳᠤ ᠮᠠᠰᠢ ᠨᠠᠶᠢᠳᠠᠪᠦᠷᠢᠲᠠᠢ ᠪᠠᠷᠢᠮᠲᠠ ᠪᠢᠴᠢᠭ ᠪᠤᠯᠬᠤ ᠶᠤᠮ᠃                ︽ᠢᠷᠠᠭᠤ雅︾ ᠨᠢ ︽ᠪᠠᠭ᠎ᠠ ᠢᠷᠠᠭᠤ小雅︾ ᠪᠠ ︽ᠶᠡᠭᠡ ᠢᠷᠠᠭᠤ大雅︾ ᠭᠡᠬᠦ ᠬᠤᠶᠠᠷ ᠶᠡᠭᠡ ᠬᠡᠰᠡᠭ ᠠᠴᠠ ᠪᠦᠷᠢᠯᠳᠦᠭᠰᠡᠨ ᠪᠦᠭᠡᠳ ︽ᠪᠠᠭ᠎ᠠ ᠢᠷᠠᠭᠤ︾ ᠶᠢᠨ ᠲᠤᠲᠤᠷᠠᠬᠢ ᠭᠠᠷᠴᠠᠭ ᠪᠠᠶᠢᠭᠠᠳ ᠰᠢᠯᠦᠭ ᠦᠭᠡᠢ ᠵᠢᠷᠭᠤᠭᠠᠨ ᠠᠩᠬᠢ ᠶᠢ ᠬᠠᠰᠤᠪᠠᠯ 74 ᠠᠩᠬᠢ ᠰᠢᠯᠦᠭ ᠪᠠᠶᠢᠵᠦ᠂ ︽ᠶᠡᠭᠡ ᠢᠷᠠᠭᠤ︾ ᠶᠢᠨ ᠲᠤᠲᠤᠷᠠᠬᠢ 31 ᠠᠩᠬᠢ ᠰᠢᠯᠦᠭ ᠲᠠᠢ ᠪᠠᠨ ᠨᠡᠶᠢᠯᠡᠭᠡᠳ 105 ᠠᠩᠬᠢ ᠰᠢᠯᠦᠭ ᠢᠶᠠᠷ ᠪᠦᠷᠢᠯᠳᠤᠪᠡ᠃ ︽ᠢᠷᠠᠭᠤ︾ ᠭᠡᠳᠡᠭ ᠪᠤᠯ ᠵᠸᠦ ᠤᠯᠤᠰ ᠤᠨ ᠸᠠᠩ ᠤᠨ ᠤᠷᠳᠤᠨ ᠬᠢᠭᠡᠳ ᠨᠡᠶᠢᠰᠯᠡᠯ ᠤᠨ ᠲᠡᠭᠦᠷᠭᠡ ᠳᠠᠬᠢ ᠢᠵᠠᠭᠤᠷᠲᠠᠨ ᠨᠤᠶᠠᠳ ᠤᠨ ᠶᠤᠰᠤᠯᠠᠯ ᠨᠠᠶᠢᠷ ᠤᠨ ᠲᠠᠭᠤᠤ ᠬᠦᠭᠵᠢᠮ ᠪᠠᠶᠢᠭᠰᠠᠨ ᠲᠤᠯᠠ ᠲᠡᠷᠡ ᠦᠶ᠎ᠡ ᠳᠡᠭᠡᠨ ᠲᠦᠪ ᠠᠶᠠᠯᠠᠭᠤ ᠭᠡᠵᠦ ᠨᠡᠷᠡᠶᠢᠳᠦᠭᠳᠡᠵᠦ ᠪᠠᠶᠢᠪᠠ᠃ ᠡᠳᠡᠭᠡᠷ ᠰᠢᠯᠦᠭ ᠤᠨ ᠤᠯᠠᠩᠬᠢ ᠶᠢ ᠨᠢ ᠢᠵᠠᠭᠤᠷᠲᠠᠨ ᠨᠠᠷ ᠵᠤᠬᠢᠶᠠᠭᠰᠠᠨ ᠶᠤᠮ᠃ ᠡᠭᠦᠨ  ᠳᠤ᠄ ︽ᠶᠡᠭᠡ ᠢᠷᠠᠭᠤ︾ ᠶᠢ ᠲᠦᠷᠦ ᠶᠢᠨ ᠶᠡᠭᠡ ᠶᠤᠰᠤᠯᠠᠯ ᠲᠡᠭᠡᠷ᠎ᠡ ᠲᠠᠭᠤᠯᠠᠵᠦ᠂ ︽ᠪᠠᠭ᠎ᠠ ᠢᠷᠠᠭᠤ︾ ᠶᠢ ᠨᠢ ᠪᠤᠯ ᠲᠦᠷᠦ ᠶᠤᠰᠤᠨ ᠤ ᠡᠩ ᠤᠨ ᠬᠤᠷᠢᠮ ᠲᠠᠶᠢᠯᠠᠯᠭ᠎ᠠ ᠲᠡᠭᠡᠷ᠎ᠡ ᠲᠠᠭᠤᠯᠠᠳᠠᠭ ᠪᠠᠶᠢᠪᠠ᠃ ︽ᠶᠡᠭᠡ ᠢᠷᠠᠭᠤ︾ ᠬᠢᠭᠡᠳ ︽ᠪᠠᠭ᠎ᠠ ᠢᠷᠠᠭᠤ︾ ᠭᠡᠳᠡᠭ ᠤᠨ ᠦᠨᠳᠦᠰᠤᠨ ᠢᠯᠭᠠᠭ᠎ᠠ ᠨᠢ ᠡᠭᠦᠨ ᠳᠤ ᠤᠷᠤᠰᠢᠨ᠎ᠠ᠃ ᠡᠶᠢᠮᠦ ᠠᠴᠠ ᠡᠨᠡ  ᠨᠢ ᠵᠸᠦ ᠤᠯᠤᠰ ᠤᠨ ᠦᠶ᠎ᠡ ᠶᠢᠨ ᠲᠡᠭᠡᠳᠦ ᠲᠠᠪᠬᠤᠷᠭᠠᠲᠠᠳ ᠤᠨ ᠠᠮᠢᠳᠤᠷᠠᠯ ᠦᠵᠡᠯ ᠰᠠᠨᠠᠭ᠎ᠠ ᠵᠠᠩ ᠰᠤᠷᠲᠠᠯ ᠢ ᠰᠤᠳᠤᠯᠤᠨ ᠤᠶᠢᠯᠠᠭᠠᠬᠤ ᠳᠤ ᠲᠤᠩ ᠠᠴᠢ ᠲᠤᠰᠠ ᠲᠠᠢ ᠶᠤᠮ᠃                ︽ᠮᠠᠭᠲᠠᠭᠤ颂︾ ᠳᠤ ︽ᠵᠸᠦ ᠤᠯᠤᠰ ᠤᠨ ᠮᠠᠭᠲᠠᠭᠤ︾᠂ ︽ᠱᠠᠩ ᠤᠯᠤᠰ ᠤᠨ ᠮᠠᠭᠲᠠᠭᠤ︾᠂ ︽ᠯᠤ᠋ ᠤᠯᠤᠰ ᠤᠨ ᠮᠠᠭᠲᠠᠭᠤ︾ ᠵᠡᠷᠭᠡ ᠭᠤᠷᠪᠠᠨ ᠤᠯᠤᠰ ᠤᠨ ᠲᠦᠴᠢᠨ ᠠᠩᠬᠢ ᠰᠢᠯᠦᠭ ᠢ ᠪᠠᠭᠲᠠᠭᠠᠪᠠ᠃ ︽ᠮᠠᠭᠲᠠᠭᠤ︾ ᠪᠤᠯ ᠭᠤᠤᠯ ᠨᠢ ᠵᠸᠦ ᠤᠯᠤᠰ ᠤᠨ ᠸᠠᠩ ᠤᠨ ᠲᠡᠭᠡᠳᠦᠰ ᠤᠨ ᠰᠦᠮ᠎ᠡ ᠶᠢᠨ ᠬᠢᠨᠢ ᠲᠠᠬᠢᠯᠭ᠎ᠠ ᠲᠠᠶᠢᠯᠠᠭ᠎ᠠ  ᠶᠢᠨ ᠲᠠᠭᠤᠤ ᠬᠦᠭᠵᠢᠮ ᠪᠤᠯᠬᠤ ᠶᠤᠮ᠂ ᠮᠠᠭᠲᠠᠭᠤ ᠭᠡᠳᠡᠭ ᠨᠢ ᠬᠡᠷᠡᠭ ᠲᠡᠭᠡᠷ᠎ᠡ ᠪᠠᠨ ᠲᠡᠭᠡᠳᠦᠰ ᠤᠨ ᠲᠠᠬᠢᠯᠭ᠎ᠠ ᠶᠢᠨ ᠦᠴᠢᠯ ︵ᠮᠠᠭᠲᠠᠭᠠᠯ ᠰᠢᠯᠦᠭ︶ ᠪᠤᠯᠬᠤ ᠲᠤᠯᠠ ᠤᠩᠰᠢᠯᠭ᠎ᠠ ᠨᠢ ᠡᠷᠬᠡᠪᠰᠢ ᠬᠦᠭᠵᠢᠮ ᠬᠢᠭᠡᠳ ᠪᠦᠵᠢᠭ ᠲᠠᠢ ᠬᠠᠪᠰᠤᠷᠭᠠᠨ ᠶᠠᠪᠤᠭᠳᠠᠳᠠᠭ ᠪᠠᠶᠢᠭᠰᠠᠨ ᠶᠤᠮ᠃        ᠡᠶᠢᠨᠬᠦ ᠪᠦᠬᠦᠶᠢᠯᠡ ︽ᠰᠢᠯᠦᠭᠯᠡᠯᠲᠦ ᠨᠤᠮ︾ ᠨᠢ 305 ᠠᠩᠬᠢ ᠰᠢᠯᠦᠭ ᠠᠴᠠ ᠪᠦᠷᠢᠯᠳᠦᠭᠰᠡᠨ ᠲᠤᠯᠠ ᠤᠷᠢᠳᠤ  ᠶᠢᠨ ᠬᠦᠮᠦᠰ ᠡᠭᠦᠨ ᠢ ︽ᠭᠤᠷᠪᠠᠨ ᠵᠠᠭᠤᠨ ᠪᠠᠳᠠᠭ ᠰᠢᠯᠦᠭ︾ ᠭᠡᠳᠡᠭ ᠪᠠᠶᠢᠭᠰᠠᠨ ᠪᠦᠭᠡᠳ ᠡᠷᠲᠡᠨ ᠤ ᠹᠸᠤᠳᠠᠯ ᠪᠢᠴᠢᠭᠲᠡᠳ ᠤᠨ ᠡᠷᠬᠡᠪᠰᠢ ᠪᠦᠬᠦᠨ ᠢ ᠬᠠᠳᠠᠨ ᠴᠢᠭᠡᠵᠢᠯᠡᠵᠦ ᠤᠶᠢᠯᠠᠭᠠᠨ ᠡᠵᠡᠮᠰᠢᠬᠦ ᠴᠢᠬᠤᠯᠲᠠᠢ ᠬᠠᠨᠲᠠᠨ ᠨᠤᠮ ︵ᠦᠰᠦᠭ ᠠᠯᠳᠠᠯ ᠦᠭᠡᠢ ᠴᠢᠭᠡᠵᠢᠯᠡᠵᠦ᠂ ᠡᠳᠦᠷ ᠪᠦᠷ ᠤᠩᠰᠢᠳᠠᠭ ᠨᠤᠮ︶ ᠪᠠᠶᠢᠵᠠᠢ᠃                ︽ᠰᠢᠯᠦᠭᠯᠡᠯᠲᠦ ᠨᠤᠮ︾ ᠤᠨ ᠰᠢᠯᠦᠭᠯᠡᠭᠰᠡᠨ ᠦᠨᠳᠦᠰᠦᠨ ᠠᠷᠭ᠎ᠠ ᠨᠢ ᠪᠤᠯ ︽ᠦᠯᠢᠳᠭᠡᠯ比︾᠂ ︽ᠲᠡᠯᠭᠡᠷᠡᠭᠦᠯᠦᠯ兴︾᠂ ︽ᠮᠠᠭᠲᠠᠭᠤ赋︾ ᠭᠡᠬᠦ ᠭᠤᠷᠪᠠᠨ ᠵᠦᠢᠯ ᠤᠨ ᠠᠷᠭ᠎ᠠ ᠪᠤᠯᠤᠨ᠎ᠠ᠃ ᠠᠳᠡ ᠢᠯᠡᠷᠡᠭᠰᠡᠨ ︽ᠲᠡᠯᠭᠡᠷᠡᠭᠦᠯᠦᠯ ︵兴︶︾ ᠭᠡᠳᠡᠭ ᠪᠤᠯ ᠡᠨᠡ ᠤᠴᠢᠷ ᠢ ᠬᠡᠯᠡᠬᠦ ᠶᠢᠨ ᠲᠦᠯᠦᠭᠡ ᠤᠨᠳᠤᠤ ᠨᠢᠭᠡ ᠤᠴᠢᠷ ᠢᠶᠠᠷ ᠡᠰᠢᠯᠡᠯ ᠪᠤᠯᠭᠠᠵᠦ ᠪᠡᠭᠡᠯᠡᠵᠦ ᠬᠡᠯᠡᠬᠦ ᠠᠷᠭ᠎ᠠ ᠶᠢ ᠬᠡᠯᠡᠨ᠎ᠡ᠃ ᠲᠤᠰ ᠭᠡᠷᠡᠯᠲᠦ ᠬᠦᠰᠢᠶᠡᠨ ᠤ ᠪᠢᠴᠢᠭ ᠲᠤ ︽兴︾ ᠭᠡᠬᠦ ᠦᠰᠦᠭ ᠤᠨ ᠡᠮᠦᠨ᠎ᠡ ᠨᠢ ︽义︾ ᠦᠰᠦᠭ ᠢ ᠲᠠᠯᠪᠢᠵᠠᠢ᠃ ᠡᠷᠲᠡᠨ ᠤ ᠬᠢᠲᠠᠳ ᠬᠡᠯᠡᠨ ᠳᠤ ︽义︾ ᠦᠰᠦᠭ ᠨᠢ ︽仪︾ ᠭᠡᠬᠦ ᠦᠰᠦᠭ ᠤᠨ ᠤᠷᠤᠯᠠᠭᠤᠯᠤᠯ ᠦᠰᠦᠭ ︵通假字︶ ᠢᠶᠠᠷ ᠬᠡᠷᠡᠭᠯᠡᠭᠳᠡᠬᠦ ᠲᠦᠷᠢᠮ ᠪᠠᠶᠢᠳᠠᠭ ᠪᠤᠯᠪᠠᠴᠤ ᠡᠨᠡ ᠬᠦᠰᠢᠶᠡᠨ ᠤ ᠪᠢᠴᠢᠭ ᠲᠤ ᠢᠩᠬᠢᠵᠦ ᠬᠡᠷᠡᠭᠯᠡᠭᠰᠡᠨ ᠦᠭᠡᠢ᠂ ᠬᠠᠷᠢᠨ ᠡᠮᠦᠨᠡᠬᠢ ᠦᠭᠦᠯᠡᠪᠦᠷᠢ ᠶᠢᠨ ᠢᠶᠠᠨ ᠤᠳᠬ᠎ᠠ ᠶᠢ ᠲᠤᠪᠤᠶᠢᠯᠭᠠᠬᠤ ᠶᠢᠨ ᠲᠦᠯᠦᠭᠡ ᠰᠢᠭᠤᠳ ︽意思᠂ ᠤᠳᠬ᠎ᠠ ᠰᠠᠨᠠᠭ᠎ᠠ︾ ᠭᠡᠳᠡᠭ ᠪᠡᠶ᠎ᠡ ᠪᠠᠨ ᠲᠠᠭᠠᠭᠠᠭᠰᠠᠨ ᠤᠳᠬ᠎ᠠ ᠬᠡᠷᠡᠭᠯᠡᠭᠰᠡᠨ ᠶᠤᠮ᠃ ︽ᠦᠯᠢᠳᠭᠡᠯ︾ ᠭᠡᠵᠦ ᠠᠳᠠᠯᠢᠳᠬᠠᠯ ᠵᠦᠢᠷᠯᠡᠯ  ᠢ ᠬᠡᠯᠡᠨ᠎ᠡ᠃ ︽ᠮᠠᠭᠲᠠᠭᠤ︾ ᠭᠡᠵᠦ ᠦᠢᠯᠡ ᠶᠠᠪᠤᠳᠠᠯ ᠢᠶᠠᠨ ᠰᠢᠭᠤᠳ ᠲᠤᠭᠠᠴᠢᠬᠤ ᠶᠢᠨ ᠲᠠᠭᠠᠤ ︽ᠦᠴᠢᠯ︾  ᠤᠨ ᠮᠠᠶ᠋ᠢᠭ ᠢᠶᠠᠷ ᠠᠶᠠᠯᠠᠭᠤᠯᠤᠨ ᠢᠷᠦᠭᠡᠬᠦ ᠶᠢ ᠬᠡᠯᠡᠨ᠎ᠡ᠃ ︽ᠦᠴᠢᠯ︾ ᠭᠡᠳᠡᠭ ᠪᠤᠯ ᠲᠡᠭᠷᠢ ᠭᠠᠵᠠᠷ ᠪᠤᠶᠤ ᠡᠪᠦᠭᠡ ᠲᠡᠭᠡᠳᠦᠰ ᠢᠶᠠᠨ ᠲᠠᠬᠢᠬᠤ ᠳᠤ ᠤᠩᠰᠢᠬᠤ ᠲᠤᠭᠲᠠᠭᠰᠠᠨ ᠠᠶᠠᠰ ᠠᠶᠢᠵᠢᠮ ᠲᠠᠢ ᠮᠠᠭᠲᠠᠭᠠᠯ ᠰᠢᠯᠦᠭ ᠢ ᠬᠡᠯᠡᠨ᠎ᠡ᠃ ︽ᠰᠢᠯᠦᠭᠯᠡᠯᠲᠦ ᠨᠤᠮ︾ ᠳᠠᠬᠢ ᠠᠯᠢ ᠨᠢᠭᠡ ᠰᠢᠯᠦᠭ ᠨᠢ ᠬᠡᠷᠪᠡ ᠡᠨᠡ ᠭᠤᠷᠪᠠᠨ ᠢᠯᠡᠳᠭᠡᠬᠦ ᠠᠷᠭ᠎ᠠ ᠶᠢᠨ ᠠᠯᠢᠨ ᠢ ᠨᠢ ᠭᠤᠤᠯᠳᠠᠭᠤᠯᠵᠦ ᠬᠡᠷᠡᠭᠯᠡᠭᠰᠡᠨ ᠪᠤᠯ ᠲᠤᠰ ᠰᠢᠯᠦᠭ ᠢ ᠲᠡᠷᠡ ᠠᠷᠭ᠎ᠠ ᠪᠠᠷ ᠨᠢ ᠲᠤᠲᠤᠳᠬᠠᠨ ᠨᠡᠷᠡᠯᠡᠳᠡᠭ ᠵᠠᠩ ᠵᠢᠷᠤᠮ  ᠲᠠᠢ ᠪᠠᠶᠢᠭᠰᠠᠨ ᠶᠤᠮ᠃                ︽ᠰᠠᠬᠤᠯᠠᠭ ᠪᠤᠷᠤ ᠰᠤᠶᠢᠬ᠎ᠠ︾ ᠭᠡᠳᠡᠭ ᠰᠢᠯᠦᠭ ᠪᠤᠯ ︽ᠰᠢᠯᠦᠭᠯᠡᠯᠲᠦ ᠨᠤᠮ︾ ᠤᠨ ︽ᠪᠠᠭ᠎ᠠ ᠢᠷᠠᠭᠤ︾ ᠶᠢᠨ ᠲᠤᠲᠤᠷᠠᠬᠢ ᠰᠢᠯᠦᠭ ᠶᠤᠮ᠃ ᠡᠨᠡ ᠰᠢᠯᠦᠭ ᠲᠤ ᠭᠤᠤᠯᠳᠠᠭᠤ ᠲᠡᠯᠭᠡᠷᠡᠭᠦᠯᠦᠯ ᠤᠨ ᠠᠷᠭ᠎ᠠ ᠶᠢ ᠬᠡᠷᠡᠭᠯᠡᠵᠦ᠂ ᠦᠷ᠎ᠡ ᠬᠡᠤᠬᠡᠳ ᠪᠤᠯᠤᠭᠰᠠᠳ ᠨᠢ ᠨᠢᠭᠡᠨᠲᠡ ᠨᠦᠭᠴᠢᠭᠰᠡᠨ ᠡᠴᠢᠭᠡ ᠡᠬᠡ ᠪᠠᠨ ᠮᠦᠷᠦᠭᠡᠳᠦᠨ ᠰᠠᠨᠠᠵᠦ᠂ ᠦᠷ᠎ᠡ ᠬᠡᠤᠬᠡᠳ ᠪᠤᠯᠤᠭᠰᠠᠳ ᠨᠢ ᠡᠴᠢᠭᠡ ᠡᠬᠡ ᠶᠢᠨ ᠢᠶᠠᠨ ᠦᠰᠭᠡᠵᠦ ᠬᠦᠮᠦᠵᠢᠭᠦᠯᠦᠭᠰᠡᠨ ᠲᠡᠭᠷᠢ ᠭᠠᠵᠠᠷ ᠮᠡᠲᠦ ᠬᠢᠵᠠᠭᠠᠯᠠᠰᠢ ᠦᠭᠡᠢ ᠶᠡᠭᠡ ᠡᠨᠡᠷᠡᠯ ᠢ ᠡᠷᠬᠡᠪᠰᠢ ᠬᠠᠷᠢᠭᠤᠯᠬᠤ ᠬᠡᠷᠡᠭᠲᠡᠢ ᠭᠡᠳᠡᠭ ᠠᠴᠢᠯᠠᠯ ᠲᠠᠬᠢᠮᠳᠠᠭᠤ ᠶᠢᠨ ᠶᠤᠰᠤᠨ ᠢ ᠰᠤᠷᠲᠠᠯᠴᠢᠯᠠᠨ ᠪᠢᠴᠢᠭᠰᠡᠨ ᠶᠤᠮ᠃ ᠪᠦᠬᠦ ᠰᠢᠯᠦᠭ ᠨᠢ 32 ᠱᠠᠳ ︵ᠰᠢᠯᠦᠭ ᠤᠨ ᠶᠤᠰᠤᠨ ᠳᠤ᠄ ᠰᠢᠯᠦᠭ ᠤᠨ ᠨᠢᠭᠡ ᠮᠦᠷ ᠢ ᠨᠢᠭᠡ ᠱᠠᠳ ᠭᠡᠳᠡᠭ︶᠂ ᠱᠠᠳ ᠨᠢᠭᠡᠪᠦᠷᠢ ᠨᠢ ᠲᠦᠷᠪᠡᠨ ᠦᠰᠦᠭ ᠲᠠᠢ ᠪᠠᠶᠢᠵᠦ᠂ ᠲᠦᠷᠪᠡᠨ ᠱᠠᠳ ᠨᠡᠶᠢᠯᠡᠭᠡᠳ ᠨᠢᠭᠡ ᠪᠠᠳᠠᠭ ᠪᠤᠯᠤᠭᠰᠠᠨ ᠪᠠᠶᠢᠳᠠᠭ ᠶᠤᠮ᠃ ᠡᠨᠡ ᠰᠢᠯᠦᠭ ᠨᠢ ᠨᠡᠶᠢᠲᠡ ᠨᠠᠢᠮᠠᠨ ᠪᠠᠳᠠᠭ ᠢᠶᠠᠷ ᠪᠦᠷᠢᠯᠳᠦᠪᠡ᠃ ᠡᠨᠡ ᠰᠢᠯᠦᠭ ᠤᠨ ᠤᠳᠬ᠎ᠠ ᠰᠠᠨᠠᠭ᠎ᠠ ᠨᠢ ᠰᠠᠩᠭᠠᠷᠠᠭ ᠪᠠᠬᠢ ︵ᠭᠦᠩᠵᠦ︶ ᠶᠢᠨ ᠡᠴᠢᠭᠡ ᠡᠬᠡ ᠶᠢᠨ  ᠢᠶᠠᠨ ᠠᠴᠢ ᠶᠢ ᠬᠠᠷᠢᠭᠤᠯᠬᠤ ᠭᠡᠵᠦ ︽ᠬᠢᠵᠠᠭᠠᠯᠠᠰᠢ ᠦᠭᠡᠢ ᠰᠦᠮ᠎ᠡ︾ ᠶᠢ ᠪᠠᠶᠢᠭᠤᠯᠤᠭᠰᠠᠨ ᠰᠠᠨᠠᠭ᠎ᠠ ᠵᠤᠷᠢᠯᠲᠠ  ᠲᠠᠢ ᠴᠢᠪ ᠬᠡᠮᠡᠨ ᠨᠡᠶᠢᠴᠡᠭᠰᠡᠨ ᠲᠤᠯᠠ ᠶᠡᠭᠡ ᠲᠦᠰᠢᠮᠡᠯ ᠯᠢᠦ ᠮᠢᠨ ᠵᠦᠩ ᠲᠦᠷᠦ ᠶᠢᠨ ᠵᠠᠷᠯᠢᠭ ᠢᠶᠠᠷ ᠡᠨᠡᠬᠦ ᠭᠡᠷᠡᠯᠲᠦ ᠬᠦᠰᠢᠶᠡᠨ ᠤ ᠪᠢᠴᠢᠭ ᠢ ᠪᠢᠴᠢᠬᠦ ᠳᠡᠭᠡᠨ ᠲᠤᠰ ᠰᠢᠯᠦᠭ ᠢᠶᠠᠷ ᠡᠰᠢᠯᠡᠯ ᠪᠤᠯᠭᠠᠵᠦ ᠲᠡᠯᠭᠡᠷᠡᠭᠦᠯᠦᠯ ᠬᠢᠭᠰᠡᠨ ᠨᠢ ᠡᠨᠡ ᠪᠠᠶᠢᠵᠠᠢ᠃                ︵35︶  ᠯᠤ᠋ ᠭᠠᠵᠠᠷ  鲁国—— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ︾ ᠤᠨ ᠲᠠᠶᠢᠯᠪᠤᠷᠢ ︵11︶ ᠳᠤ ᠦᠵᠡ᠃                ︵36︶  ᠬᠠᠷᠠᠭᠠᠯᠵᠠᠨ ᠬᠠᠮᠠᠭᠠᠯᠠᠭᠰᠠᠨ  顾复  —— ᠡᠨᠡ ︽顾︾ ᠪᠠ ︽复︾ ᠭᠡᠬᠦ ᠬᠤᠶᠠᠷ ᠦᠰᠦᠭ ᠢ ᠨᠡᠶᠢᠯᠡᠭᠦᠯᠬᠦ ᠭᠡᠪᠡᠯ ᠦᠨᠡᠭᠡᠷ ᠴᠤ ᠦᠭᠡ ᠪᠢᠰᠢ ᠦᠭᠡ ᠪᠠᠶᠢᠵᠦ᠂ ᠶᠤᠰᠤᠲᠠᠢ ᠤᠴᠢᠷ ᠤᠬᠠᠭᠠᠨ  ᠨᠢ ᠤᠯᠳᠠᠭᠳᠠᠬᠤ ᠦᠭᠡᠢ ᠪᠡᠷᠬᠡᠲᠡᠭᠦᠯᠬᠦ ᠶᠤᠮ᠃ ᠪᠠᠶᠢᠴᠠᠭᠠᠬᠤᠯ᠎ᠠ᠂ ᠡᠨᠡ ᠦᠭᠡ ᠨᠢ ᠡᠰᠢᠯᠡᠯ ᠦᠭᠡ ᠠᠴᠠ ᠢᠷᠡᠭᠰᠡᠨ ᠠᠵᠢ︕ ᠡᠰᠢᠯᠡᠯ ᠦᠭᠡ ᠭᠡᠳᠡᠭ ᠨᠢ ᠪᠤᠰᠤᠳ ᠤᠨ ᠵᠤᠬᠢᠶᠠᠯ ᠦᠭᠦᠯᠡᠯ ᠠᠴᠠ ᠡᠰᠢ ᠲᠠᠲᠠᠵᠦ ᠬᠡᠷᠡᠭᠯᠡᠭᠰᠡᠨ ᠪᠤᠶᠤ ᠪᠦᠲᠦᠭᠡᠨ ᠲᠡᠯᠭᠡᠷᠡᠭᠦᠯᠦᠭᠰᠡᠨ ᠦᠭᠡ ᠶᠢ ᠬᠡᠯᠡᠨ᠎ᠡ᠃ ᠤᠤᠯ ᠦᠭᠡ ᠨᠢ ︽ᠰᠢᠯᠦᠭᠯᠡᠯᠲᠦ ᠨᠤᠮ诗经᠂  ᠪᠠᠭ᠎ᠠ ᠢᠷᠠᠭᠤ小雅  ᠂ ᠰᠠᠬᠤᠯᠠᠭ ᠪᠤᠷᠤ ᠰᠤᠶᠢᠬ᠎ᠠ蓼莪︾ ᠭᠡᠳᠡᠭ ᠰᠢᠯᠦᠭ ᠤᠨ ᠦᠭᠡ ᠶᠢ ᠡᠰᠢ ᠲᠠᠲᠠᠨ ᠬᠡᠷᠡᠭᠯᠡᠵᠦ ᠤᠯᠠᠷᠢᠭᠤᠯᠤᠭᠰᠠᠨ ᠠᠴᠠ ᠢᠷᠡᠵᠡᠢ᠃ ᠤᠤᠯ ᠦᠭᠡ ᠨᠢ ︽ᠨᠠᠳᠠ ᠶᠢ ᠦᠰᠭᠡᠵᠦ ᠨᠠᠳᠠ ᠶᠢ ᠪᠤᠶᠢᠵᠢᠭᠤᠯᠤᠭᠰᠠᠨ᠂ ᠨᠠᠮ᠎ᠠ ᠶᠢ ᠬᠠᠷᠠᠭᠠᠯᠵᠠᠵᠦ ᠨᠠᠮ᠎ᠠ ᠶᠢ ᠬᠠᠮᠠᠭᠠᠯᠠᠭᠰᠠᠨ ︵长我育我᠂顾我复我︶︾ ᠭᠡᠳᠡᠭ ᠦᠭᠡ ᠠᠴᠠ ᠢᠷᠡᠵᠡᠢ᠃ ᠡᠶᠢᠮᠦ ᠠᠴᠠ ᠠᠳᠡ ᠢᠯᠡᠷᠡᠭᠰᠡᠨ ︽顾︾ ᠭᠡᠳᠡᠭ ᠨᠢ ︽关心照顾 ︵ᠠᠩᠬᠠᠷᠤᠨ ᠬᠠᠷᠠᠭᠠᠯᠵᠠᠬᠤ︶︾ ᠭᠡᠰᠡᠨ ᠤᠳᠬ᠎ᠠ ᠪᠠᠷ ᠬᠡᠷᠡᠭᠯᠡᠭᠳᠡᠵᠦ᠂ ︽复︾ ᠭᠡᠳᠡᠭ ᠨᠢ ︽庇护 ︵ᠦᠮᠦᠭᠡᠷᠡᠨ ᠬᠠᠮᠠᠭᠠᠯᠠᠬᠤ︶︾ ᠭᠡᠰᠡᠨ ᠤᠳᠬ᠎ᠠ ᠪᠠᠷ ᠬᠡᠷᠡᠭᠯᠡᠭᠳᠡᠭᠰᠡᠨ ᠲᠤᠯᠠ ᠬᠤᠶᠠᠭᠤᠯᠠ ᠪᠠᠨ ᠬᠤᠷᠰᠢᠭᠠᠳ ︽ᠬᠠᠷᠠᠭᠠᠯᠵᠠᠨ ᠬᠠᠮᠠᠭᠠᠯᠠᠭᠰᠠᠨ︾ ᠭᠡᠰᠡᠨ ᠤᠨᠤᠭᠠᠭᠰᠠᠨ ᠤᠳᠬ᠎ᠠ ᠪᠠᠷ ᠬᠡᠷᠡᠭᠯᠡᠭᠳᠡᠭᠰᠡᠨ ᠠᠵᠢ᠃                ︵37︶  ᠰᠡᠶᠢᠯᠦᠮᠡᠯ ᠪᠢᠴᠢᠭ  铭文  —— ᠡᠨᠡ ᠪᠤᠯ ᠦᠨᠡᠨᠳᠡᠭᠡᠨ ᠬᠦᠷᠡᠯ ᠪᠠᠭᠠᠵᠢ ᠶᠢᠨ ᠰᠤᠳᠤᠯᠤᠯ ︵青铜研究︶ ᠳᠠᠬᠢ ᠨᠡᠷ᠎ᠡ ᠲᠤᠮᠢᠶ᠎ᠠ ᠶᠤᠮ᠂ ᠤᠤᠯ ᠤᠳᠬ᠎ᠠ ᠨᠢ ᠡᠷᠲᠡᠨ ᠤ ᠬᠦᠮᠦᠰ ᠤᠨ ᠶᠤᠰᠤᠯᠠᠯ ᠬᠦᠭᠵᠢᠮ ᠤᠨ ᠬᠡᠷᠡᠭᠴᠡᠭᠡ ᠳᠤ ᠵᠤᠬᠢᠴᠠᠭᠤᠯᠤᠨ ᠴᠢᠳᠬᠤᠨ ᠪᠦᠲᠦᠭᠡᠭᠰᠡᠨ ᠬᠦᠷᠡᠯ ᠪᠠᠭᠠᠵᠢ ᠶᠢᠨ ᠲᠡᠭᠡᠷᠡᠬᠢ ᠦᠰᠦᠭ ᠪᠢᠴᠢᠭ ᠤᠨ ᠰᠤᠳᠤᠯᠤᠯ ᠢ ᠵᠢᠭᠠᠵᠦ ᠪᠠᠶᠢᠵᠠᠢ᠃ ᠡᠷᠲᠡᠨ ᠤ ᠦᠶ᠎ᠡ ᠶᠢᠨ ᠬᠦᠷᠡᠯ ᠪᠠᠭᠠᠵᠢ ᠶᠢᠨ ᠪᠢᠴᠢᠭ ᠨᠢ ᠭᠤᠤᠯᠳᠠᠭᠤ᠄ ᠲᠤᠰ ᠬᠦᠷᠡᠯ ᠪᠠᠭᠠᠵᠢ ᠶᠢ ᠪᠦᠲᠦᠭᠡᠭᠰᠡᠨ ᠤᠴᠢᠷ ᠰᠢᠯᠲᠠᠭᠠᠨ᠂ ᠦᠢᠯᠡᠳᠤᠯ ᠬᠡᠷᠡᠭᠴᠡᠭᠡ᠂ ᠪᠦᠲᠦᠭᠡᠯᠭᠡᠭᠰᠡᠨ ᠬᠦᠮᠦᠨ ᠵᠡᠷᠭᠡ ᠶᠢ ᠲᠤᠰᠢᠶᠠᠬᠤ ᠠᠴᠠ ᠭᠠᠳᠠᠨ᠎ᠠ ᠴᠢᠳᠬᠤᠨ ᠪᠦᠲᠦᠭᠡᠭᠰᠡᠨ ᠴᠠᠭ ᠬᠤᠭᠤᠴᠠᠭ᠎ᠠ᠂ ᠭᠠᠵᠠᠷ ᠤᠷᠤᠨ᠂ ᠤᠷᠠᠨ ᠲᠠᠷᠬᠠᠳ ᠤᠨ ᠨᠡᠷ᠎ᠡ᠂ ᠦᠢᠯᠡᠳᠤᠨ ᠪᠦᠲᠦᠭᠡᠭᠰᠡᠨ ᠦᠢᠯᠡᠳᠭᠡᠯ ᠤᠨ ᠭᠠᠵᠠᠷ ᠵᠡᠷᠭᠡ ᠪᠠᠨ ᠲᠡᠮᠳᠡᠭᠯᠡᠭᠰᠡᠨ ᠪᠠᠶᠢᠳᠠᠭ᠃ ᠬᠠᠭᠤᠴᠢ ᠰᠤᠳᠤᠯᠤᠯ ᠤᠨ ᠪᠠᠷᠢᠮᠲᠠ ᠶᠢ ᠦᠨᠳᠦᠰᠦᠯᠡᠪᠡᠯ᠄ ᠴᠢᠨ ᠤᠯᠤᠰ ︵秦︶  ᠠᠴᠠ ᠡᠮᠦᠨᠡᠬᠢ ᠦᠶ᠎ᠡ ᠳᠠᠬᠢ ᠦᠰᠦᠭ ᠪᠢᠴᠢᠭ ᠨᠢ ᠬᠦᠷᠡᠯ ᠴᠢᠳᠬᠤᠮᠠᠯ ᠢᠶᠠᠷ ᠭᠤᠤᠯᠳᠠᠵᠦ ᠪᠠᠶᠢᠭᠰᠠᠨ ᠪᠠᠨ ᠴᠢᠨ ᠤᠯᠤᠰ ᠤᠨ ᠦᠶ᠎ᠡ ᠳᠤ ᠬᠦᠷᠴᠦ ᠢᠷᠡᠭᠡᠳ ᠴᠢᠯᠠᠭᠤᠨ ᠲᠡᠭᠡᠷ᠎ᠡ ᠰᠡᠶᠢᠯᠦᠭᠳᠡᠬᠦ ᠪᠤᠯᠤᠭᠰᠠᠨ ᠪᠠᠶᠢᠵᠠᠢ᠃ ᠬᠦᠷᠡᠯ ᠤᠨ ᠴᠢᠳᠬᠤᠮᠠᠯ ᠦᠰᠦᠭ ᠴᠤ ᠲᠡᠷᠡ᠂ ᠴᠢᠯᠠᠭᠤᠨ ᠰᠡᠶᠢᠯᠤᠮᠡᠯ ᠦᠰᠦᠭ ᠴᠤ ᠲᠡᠷᠡ᠂ ᠦᠰᠦᠭ ᠪᠢᠴᠢᠭ ᠤᠨ ᠲᠡᠤᠬᠡᠨ ᠰᠤᠳᠤᠯᠤᠯ ᠤᠨ ᠤᠬᠠᠭᠠᠨ ᠳᠤ ᠡᠳᠡᠭᠡᠷ ᠢ ᠴᠦᠮ ᠰᠡᠶᠢᠯᠦᠮᠡᠯ ᠪᠢᠴᠢᠭ ᠤᠨ ᠲᠦᠷᠦᠯ ᠵᠦᠢᠯ ᠳᠤ ᠤᠷᠤᠭᠤᠯᠤᠨ ᠰᠤᠳᠤᠯᠳᠠᠭ ᠵᠠᠩ ᠵᠢᠷᠦᠮ ᠲᠠᠢ ᠪᠠᠶᠢᠳᠠᠭ᠃ ᠰᠡᠶᠢᠯᠦᠮᠡᠯ ᠪᠢᠴᠢᠭ ᠨᠢ ᠶᠠᠰᠤᠨ ᠪᠢᠴᠢᠭ ︵甲骨文︶ ᠲᠠᠢ ᠠᠳᠠᠯᠢ ᠪᠠᠷ ᠮᠠᠰᠢ ᠡᠷᠲᠡ ᠦᠶ᠎ᠡ ᠶᠢᠨ ᠦᠰᠦᠭ ᠪᠢᠴᠢᠭ ᠪᠤᠯᠬᠤ ᠶᠤᠮ᠃ ᠰᠡᠶᠢᠯᠦᠮᠡᠯ ᠪᠢᠴᠢᠭ ᠢ ᠬᠦᠷᠡᠯ ᠤᠨ ᠪᠢᠴᠢᠭ ︵青铜文︶᠂ ᠬᠤᠩᠬ᠎ᠠ ᠶᠢᠨ ᠪᠢᠴᠢᠭ ︵钟文︶᠂ ᠬᠦᠯᠢᠰ ᠤᠨ ᠪᠢᠴᠢᠭ ︵鼎文︶᠂ ᠴᠢᠳᠬᠤᠮᠠᠯ ᠦᠰᠦᠭ ︵铸文︶᠂ ᠬᠦᠰᠢᠶ᠎ᠡ ᠶᠢᠨ ᠪᠢᠴᠢᠭ ︵碑文︶ ᠭᠡᠬᠦ ᠵᠡᠷᠭᠡ ᠪᠠᠷ ᠲᠤᠬᠠᠢ ᠶᠢᠨ ᠦᠶ᠎ᠡ ᠶᠢᠨ ᠡᠳ᠋ ᠪᠦᠲᠦᠭᠳᠡᠭᠦᠨ ᠤ ᠬᠢᠨᠢ ᠪᠠᠶᠢᠳᠠᠯ ᠳᠤᠨᠢ ᠵᠤᠬᠢᠴᠠᠭᠤᠯᠤᠨ ᠠᠳᠠᠯᠢ ᠪᠤᠰᠤ ᠪᠠᠷ ᠨᠡᠷᠡᠯᠡᠳᠡᠭ ᠴᠤ ᠤᠳᠬ᠎ᠠ ᠴᠢᠨᠠᠷ ᠨᠢ ᠴᠦᠮ ᠠᠳᠠᠯᠢ ᠶᠤᠮ᠃                ᠲᠠᠩ ᠤᠯᠤᠰ ᠤᠨ ᠦᠶ᠎ᠡ ᠳᠤ ᠬᠦᠷᠴᠤ ᠢᠷᠡᠭᠡᠳ ᠬᠦᠰᠢᠶ᠎ᠡ ᠴᠢᠯᠠᠭᠤᠨ ᠤ ᠪᠢᠴᠢᠭ ᠨᠢ ᠲᠤᠩ ᠬᠦᠭᠵᠢᠯᠲᠡ  ᠲᠠᠢ ᠪᠤᠯᠪᠠ᠃ ᠪᠠᠶᠢᠴᠠᠭᠠᠬᠤᠯ᠎ᠠ᠂ ᠲᠠᠩ ᠤᠯᠤᠰ ︵唐︶ ᠤᠨ ᠡᠵᠡᠳ ᠬᠠᠭᠠᠳ ᠨᠢ ᠴᠦᠮ ᠮᠤᠩᠭᠤᠯ ᠤᠨ ᠦᠨᠳᠦᠷᠯᠢᠭ ᠲᠠᠬᠢ ᠲᠠᠪᠭᠠᠴᠠ ᠰᠡᠷᠪᠢᠴᠤᠳ ︵拓跋鲜卑︶ ᠠᠴᠠ ᠭᠠᠷᠤᠯᠲᠠᠢ ᠲᠤᠯᠠ ᠡᠨᠡ ᠦᠶ᠎ᠡ ᠳᠠᠬᠢ ᠲᠡᠮᠳᠡᠭᠯᠡᠯ ᠲᠤᠷᠠᠰᠬᠠᠯ ᠤᠨ ᠴᠢᠨᠠᠷᠲᠠᠢ ᠦᠰᠦᠭ ᠪᠢᠴᠢᠭ ᠨᠢ ᠮᠤᠩᠭᠤᠯᠴᠤᠳ ᠤᠨ ᠮᠠᠰᠢ ᠡᠷᠲᠡᠨ ᠤ ᠬᠠᠳᠠᠨ ᠵᠢᠷᠤᠭ  ᠤᠨ ᠤᠯᠠᠮᠵᠢᠯᠠᠯ ᠬᠦᠰᠢᠶᠡᠨ ᠤ ᠪᠢᠴᠢᠭ ᠪᠤᠯᠭᠠᠵᠦ ᠤᠯᠠᠷᠢᠭᠤᠯᠵᠦ ᠬᠦᠭᠵᠢᠭᠦᠯᠦᠭᠰᠡᠨ ᠨᠢ ᠶᠠᠮᠠᠷ ᠴᠤ ᠮᠠᠷᠭᠤᠰᠢ ᠦᠭᠡᠢ ᠬᠡᠷᠡᠭ ᠪᠤᠯᠬᠤ ᠶᠤᠮ᠃ ᠬᠦᠰᠢᠶᠡᠨ ᠤ ᠪᠢᠴᠢᠭ ᠢ ᠲᠤᠲᠤᠷ᠎ᠠ ᠨᠢ ︽ᠭᠡᠷᠡᠯᠲᠦ ᠬᠦᠰᠢᠶᠡᠨ ᠤ ᠪᠢᠴᠢᠭ ︵碑文︶︾᠂ ︽ᠲᠡᠮᠳᠡᠭᠲᠦ ᠬᠦᠰᠢᠶᠡᠨ ᠤ ᠪᠢᠴᠢᠭ ︵碣文︶︾᠂ ︽ᠪᠤᠳᠢ ᠮᠦᠷ ᠤᠨ ᠬᠦᠰᠢᠶᠡᠨ ᠤ ᠪᠢᠴᠢᠭ ︵神道碑文︶︾ ᠪᠠ ︽ᠤᠩᠭᠤᠨ ᠤ ᠤᠶᠢᠯᠠᠯᠭ᠎ᠠ ᠶᠢᠨ ᠰᠡᠶᠢᠯᠦᠮᠡᠯ ︵墓志铭︶︾ ᠭᠡᠬᠦ ᠵᠡᠷᠭᠡ ᠪᠠᠷ ᠬᠡᠳᠦᠨ ᠲᠦᠷᠦᠯ ᠳᠤ ᠠᠩᠬᠢᠯᠠᠨ ᠢᠯᠭᠠᠳᠠᠭ᠃                ᠲᠡᠮᠳᠡᠭᠯᠡᠯ ᠲᠤᠷᠠᠰᠬᠠᠯ ᠤᠨ ᠴᠢᠨᠠᠷᠲᠠᠢ ᠰᠡᠶᠢᠯᠦᠭᠰᠡᠨ ᠬᠦᠰᠢᠶ᠎ᠡ ᠴᠢᠯᠠᠭᠤᠨ ᠤ ᠪᠢᠴᠢᠭ ᠢ ᠭᠡᠷᠡᠯᠲᠦ ᠬᠦᠰᠢᠶᠡᠨ ᠤ ᠪᠢᠴᠢᠭ ︵碑文︶ ᠭᠡᠨ᠎ᠡ᠃ ᠵᠢᠰᠢᠶᠡᠯᠡᠪᠡᠯ᠄ ᠰᠦᠮ᠎ᠡ ᠬᠡᠶᠢᠳ ᠤᠨ ᠭᠡᠷᠡᠯᠲᠦ ᠬᠦᠰᠢᠶᠡᠨ ᠤ ᠪᠢᠴᠢᠭ ︵庙 碑︶᠂ ᠤᠩᠭᠤᠨ ᠪᠤᠩᠬᠤᠨ ᠤ ᠭᠡᠷᠡᠯᠲᠦ ᠬᠦᠰᠢᠶᠡᠨ ᠤ ᠪᠢᠴᠢᠭ ︵墓碑︶᠂ ᠴᠡᠷᠢᠭ ᠤᠨ ᠲᠠᠩᠭᠠᠷᠢᠭ ᠤᠨ ᠭᠡᠷᠡᠯᠲᠦ ᠬᠦᠰᠢᠶᠡᠨ ᠤ ᠪᠢᠴᠢᠭ ︵誓师碑︶᠂ ᠭᠠᠪᠢᠶ᠎ᠠ ᠪᠠᠷ ᠢᠯᠡᠷᠬᠡᠶᠢᠯᠡᠭᠰᠡᠨ ᠭᠡᠷᠡᠯᠲᠦ ᠬᠦᠰᠢᠶᠡᠨ ᠤ ᠪᠢᠴᠢᠭ ︵彰显碑︶᠂ ᠴᠢᠭᠤᠯᠭᠠᠨ ᠬᠤᠷᠠᠭᠰᠠᠨ ᠭᠡᠷᠡᠯᠲᠦ ᠬᠦᠰᠢᠶᠡᠨ ᠤ ᠪᠢᠴᠢᠭ ︵会盟碑︶ ᠭᠡᠬᠦ ᠮᠡᠲᠦ᠃                ᠵᠠᠬ᠎ᠠ ᠬᠢᠵᠠᠭᠠᠷ ᠤᠨ ᠲᠡᠮᠳᠡᠭ ᠪᠤᠯᠭᠠᠵᠦ ᠪᠤᠰᠬᠠᠭᠰᠠᠨ ᠬᠦᠰᠢᠶ᠎ᠡ ᠴᠢᠯᠠᠭᠤᠨ ᠤ ᠪᠢᠴᠢᠭ ᠢ ᠲᠡᠮᠳᠡᠭᠲᠦ ᠬᠦᠰᠢᠶᠡᠨ ᠤ ᠪᠢᠴᠢᠭ ᠪᠢᠴᠢᠭ ︵碣文︶ ᠭᠡᠨ᠎ᠡ᠃ ᠵᠢᠰᠢᠶᠡᠯᠡᠪᠡᠯ ᠤᠯᠤᠰ ᠪᠤᠶᠤ ᠤᠷᠤᠨ ᠤ ᠬᠢᠯᠢ ᠶᠢᠨ ᠵᠠᠭᠠᠭ  ᠤᠨ ᠲᠡᠮᠳᠡᠭ ᠪᠤᠯᠭᠠᠵᠦ ᠪᠤᠰᠬᠠᠭᠰᠠᠨ ᠠᠳᠠᠯᠢ ᠪᠤᠰᠤ ᠴᠠᠭ ᠦᠶ᠎ᠡ ᠳᠠᠬᠢ ᠡᠯ᠎ᠡ ᠲᠦᠷᠦ ᠶᠢᠨ ᠵᠠᠬ᠎ᠠ ᠬᠢᠯᠢ ᠶᠢᠨ ᠬᠦᠰᠢᠶᠡᠨ ᠤ ᠪᠢᠴᠢᠭ ᠤᠳ᠃ ᠲᠡᠮᠳᠡᠭᠲᠦ ᠬᠦᠰᠢᠶ᠎ᠡ ᠶᠢ ᠡᠷᠲᠡᠨ ᠤ ᠬᠢᠲᠠᠳ ᠪᠢᠴᠢᠭ ᠲᠤ ᠪᠠᠰᠠ ︽ᠬᠦᠰᠢᠶᠡᠨ ᠴᠢᠯᠠᠭᠤ ︵碣 石︶︾ ᠭᠡᠵᠦ ᠪᠢᠴᠢᠳᠡᠭ ᠴᠤ ᠪᠤᠢ᠂ ᠲᠡᠮᠳᠡᠭᠲᠦ ᠬᠦᠰᠢᠶ᠎ᠡ ᠶᠢᠨ ᠬᠦᠰᠢᠶᠡᠨ ᠲᠤᠯᠤᠭᠠᠢ ᠨᠢ ᠡᠷᠬᠡᠪᠰᠢ ᠪᠦᠮᠪᠦᠭᠡᠷ ᠬᠡᠯᠪᠡᠷᠢᠲᠡᠢ ᠪᠠᠶᠢᠬᠤ ᠬᠡᠷᠡᠭᠲᠡᠢ ᠭᠡᠰᠡᠨ ᠡᠷᠲᠡᠨ ᠤ ᠵᠠᠩ ᠵᠢᠷᠦᠮ ᠪᠤᠢ᠃                ᠡᠵᠡᠳ ᠬᠠᠭᠠᠳ ᠶᠡᠬᠡᠰ ᠨᠤᠶᠠᠳ ᠪᠤᠶᠤ ᠭᠠᠪᠢᠶᠠᠲᠦ ᠲᠦᠰᠢᠮᠡᠳ ᠤᠨ ᠤᠩᠭᠤᠨ ᠮᠤᠭᠤᠨ ᠤ ᠲᠠᠬᠢᠯ ᠤᠨ ᠬᠠᠷᠰᠢ ᠳᠤ ᠬᠦᠷᠭᠡᠬᠦ ᠪᠠᠷ ᠵᠠᠰᠠᠭᠰᠠᠨ ᠤᠩᠭᠤᠨ ᠤ ᠵᠠᠮ ᠤᠨ ᠬᠠᠵᠠᠭᠤ ᠳᠤ ᠪᠤᠰᠬᠠᠭᠰᠠᠨ ᠬᠦᠰᠢᠶ᠎ᠡ ᠴᠢᠯᠠᠭᠤᠨ ᠤ ᠪᠢᠴᠢᠭ ᠢ ᠪᠤᠳᠢ ᠮᠦᠷ ᠤᠨ ᠬᠦᠰᠢᠶᠡᠨ ᠤ ᠪᠢᠴᠢᠭ ︵神道碑︶ ᠭᠡᠳᠡᠭ᠃ ᠵᠢᠰᠢᠶᠡᠯᠡᠪᠡᠯ᠄ ᠴᠢᠩ ᠤᠯᠤᠰ  ᠤᠨ ᠬᠤᠶᠢᠲᠦ ᠤᠩᠭᠤᠨ ︵北陵᠂ ᠮᠦᠭᠳᠡᠨ ᠬᠤᠲᠠᠨ ᠳᠤ ᠪᠤᠢ︶᠂ ᠵᠡᠭᠦᠨ ᠤᠩᠭᠤᠨ ︵东陵᠂ ᠪᠡᠭᠡᠵᠢᠩ  ᠤᠨ ᠵᠡᠭᠦᠨ ᠪᠤᠢ︶᠂ ᠪᠠᠷᠠᠭᠤᠨ ᠤᠩᠭᠤᠨ ︵西陵᠂ ᠪᠡᠭᠡᠵᠢᠩ ᠤᠨ ᠪᠠᠷᠠᠭᠤᠨ ᠡᠮᠦᠨ᠎ᠡ ᠪᠤᠢ︶ ᠳᠠᠬᠢ ᠪᠤᠳᠢ ᠮᠦᠷ ᠤᠨ ᠬᠦᠰᠢᠶᠡᠨ ᠪᠢᠴᠢᠭ ᠤᠳ᠂ ᠡᠭᠦᠨ ᠢ ᠵᠠᠷᠢᠮ ᠬᠦᠮᠦᠰ ︽ᠰᠠᠬᠢᠭᠤᠯᠰᠤᠨ ᠤ ᠬᠦᠰᠢᠶ᠎ᠡ︾ ᠭᠡᠵᠦ ᠤᠷᠴᠢᠭᠤᠯᠤᠭᠰᠠᠨ ᠴᠤ ᠪᠤᠢ᠃                ᠤᠩᠭᠤᠨ ᠮᠤᠭᠤᠨ ᠤ ᠲᠤᠲᠤᠷᠠᠬᠢ ᠶᠡᠬᠡᠰ ᠬᠦᠮᠦᠰ ᠤᠨ ᠬᠡᠭᠦᠷ ᠪᠡᠶ᠎ᠡ ᠶᠢ ᠠᠬᠤᠭᠤᠯᠤᠭᠰᠠᠨ ᠠᠪᠰᠠᠨ ᠤ ᠡᠮᠦᠨ᠎ᠡ ᠲᠠᠯᠪᠢᠭᠰᠠᠨ ᠴᠢᠯᠠᠭᠤᠨ ᠰᠡᠶᠢᠯᠦᠮᠡᠯ ᠪᠢᠴᠢᠭ ᠢ ᠤᠩᠭᠤᠨ ᠤ ᠤᠶᠢᠯᠠᠯᠭ᠎ᠠ ᠶᠢᠨ ᠰᠡᠶᠢᠯᠦᠮᠡᠯ ︵墓志铭︶ ᠭᠡᠳᠡᠭ᠃ ᠵᠢᠰᠢᠶᠡᠯᠡᠪᠡᠯ᠄ ᠵᠢᠷᠢᠮ ᠠᠶᠢᠮᠠᠭ ᠤᠨ ᠨᠠᠢᠮᠠᠨ ᠬᠤᠰᠢᠭᠤᠨ ︵哲里木盟奈曼旗︶ ᠤ ᠡᠮᠦᠨ᠎ᠡ ᠪᠡᠶ᠎ᠡ ᠳᠠᠬᠢ ᠦᠷᠡᠯᠲᠦ ᠶᠢᠨ ᠠᠭᠤᠯᠠ ︵青龙山︶ ᠠᠴᠠ ᠢᠯᠡᠷᠡᠭᠦᠯᠦᠭᠰᠡᠨ ᠯᠠᠤᠬ᠎ᠠ ᠤᠯᠤᠰ ︵ᠯᠢᠶᠤᠤ᠂辽︶ ᠤᠨ ᠢᠯᠠ ᠡᠪᠦᠭᠡ ︵耶律阿保机︶ ᠬᠠᠭᠠᠨ ᠤ ᠦᠬᠢᠨ᠂ ᠴᠧᠨ ᠭᠠᠵᠠᠷ ᠤᠨ ᠪᠠᠬᠢ ︵陈国公主︶ ᠶᠢᠨ ᠤᠩᠭᠤᠨ ᠳᠠᠬᠢ ᠤᠩᠭᠤᠨ ᠤ ᠤᠶᠢᠯᠠᠯᠭ᠎ᠠ ᠶᠢᠨ ᠰᠡᠶᠢᠯᠦᠮᠡᠯ ᠵᠡᠷᠭᠡ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号