ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠲᠠᠪᠤ︶
ᠨᠡᠶᠢᠲᠡᠯᠡᠭᠰᠡᠨ ᠴᠠᠭ᠄
2019/11/29
       ︵25︶  ᠦᠯᠢ ᠶᠢᠨ ᠲᠠᠪᠠᠭ᠎ᠠ  金山  —— ᠡᠨᠡ ᠪᠤᠯ ᠢᠩᠴᠠᠩ ᠬᠤᠷᠤᠭ᠎ᠠ ᠶᠢᠨ ᠵᠡᠭᠦᠨ ᠬᠤᠶᠢᠭᠤᠷ ᠦᠷᠬᠦᠯᠵᠢᠯᠡᠭᠰᠡᠨ ᠦᠯᠢ ᠶᠢᠨ ᠲᠠᠪᠠᠭ᠎ᠠ ᠪᠤᠯᠬᠤ ᠶᠤᠮ᠂ ᠲᠤᠰ ᠭᠡᠷᠡᠯᠲᠦ ᠬᠦᠰᠢᠶᠡᠨ ᠤ ᠪᠢᠴᠢᠭ ᠲᠤ ︽ ᠶᠢᠨ ᠱᠠᠨ金山᠂ ᠠᠯᠲᠠᠨ ᠠᠭᠤᠯᠠ︾ ᠭᠡᠵᠦ ᠲᠡᠮᠳᠡᠭᠯᠡᠵᠡᠢ᠃ ᠡᠨᠡ ᠲᠠᠪᠠᠭ᠎ᠠ ᠶᠢ ᠲᠠᠷᠬᠠᠨ ᠠᠭᠤᠯᠠ ᠶᠢᠨ ᠤᠷᠤᠢ ᠠᠴᠠ ᠪᠠᠷᠠᠭᠤᠨ ᠬᠤᠶᠢᠰᠢ ᠠᠵᠢᠭᠯᠠᠬᠤ ᠳᠤ ᠵᠠᠯᠪᠠᠷᠢᠭᠰᠠᠨ ᠮᠠᠶ᠋ᠢᠭᠲᠠᠢ ᠬᠡᠷᠡᠶᠢᠨ ᠬᠠᠷᠠᠭᠳᠠᠬᠤ ᠲᠤᠯᠠ ᠯᠢᠦ ᠮᠢᠨ ᠵᠦᠩ ᠤᠨ ᠨᠢᠳᠤ ᠪᠠᠷ ᠦᠵᠡᠬᠦ ᠳᠤ ᠬᠦᠷᠪᠡᠯ ᠲᠡᠷᠡ ᠨᠢ ᠦᠨᠡᠭᠡᠷ ᠬᠢᠲᠠᠳ ᠤᠨ ︽金︾ ᠭᠡᠰᠡᠨ ᠦᠰᠦᠭ  ᠲᠤ ᠲᠦᠰᠲᠠᠢ ᠲᠤᠯᠠ ᠡᠭᠦᠨ ᠢ ︽ᠠᠯᠲᠠᠨ ᠠᠭᠤᠯᠠ ︵金山 ᠶᠢᠨ ᠱᠠᠨ︶︾ ᠭᠡᠵᠦ ᠨᠡᠷᠡᠯᠡᠨ ᠲᠡᠮᠳᠡᠭᠯᠡᠭᠰᠡᠨ ᠪᠤᠯᠤᠮᠵᠢ ᠲᠠᠢ ᠶᠤᠮ᠃ ᠬᠡᠰᠢᠭᠲᠡᠨ ᠠᠷᠠᠳ ᠤᠨ ︽ᠦᠯᠢ ᠶᠢᠨ ᠲᠠᠪᠠᠭ᠎ᠠ︾ ᠭᠡᠰᠡᠨ ᠠᠷᠠᠳ ᠤᠨ ᠲᠠᠭᠤᠤ ᠨᠢ ᠴᠤ ᠴᠢᠪ ᠬᠡᠮᠡᠨ ᠠᠳᠡ ᠠᠴᠠ ᠡᠭᠦᠰᠦᠭᠰᠡᠨ ᠪᠠᠶᠢᠵᠠᠢ᠃                  ︵26︶  ᠵᠤᠭᠰᠤᠯᠲᠠ ᠵᠦᠭ  艮方 ︵ᠭᠧᠨ ᠹᠠᠩ︶  —— ᠵᠢᠷᠤᠬᠠᠢ ᠶᠢᠨ ᠶᠤᠰᠤᠨ ᠳᠤ ︽ᠵᠤᠭᠰᠤᠯᠲᠠ ᠵᠦᠭ︾ ᠭᠡᠳᠡᠭ ᠨᠢ ᠵᠡᠭᠦᠨ ᠬᠤᠶᠢᠲᠦ ᠵᠤᠪᠬᠢᠰ ᠢ ᠵᠢᠭᠠᠵᠦ ᠪᠠᠶᠢᠳᠠᠭ᠃ ︽ᠵᠤᠭᠰᠤᠯᠲᠠ ︵艮gèn ︶︾ ᠭᠡᠳᠡᠭ ᠪᠤᠯ ᠵᠢᠷᠤᠬᠠᠶᠢᠲᠦ ᠨᠤᠮ ᠤᠨ ᠨᠠᠢᠮᠠᠨ ᠬᠦᠯᠢᠯ ᠤᠨ ᠨᠢᠭᠡ ᠪᠤᠯᠤᠨ᠎ᠠ᠂ ᠬᠦᠯᠢᠯ ᠤᠨ ᠵᠢᠷᠤᠭᠠᠰᠤ ᠨᠢ ︽☶︾ ᠲᠡᠮᠳᠡᠭ ᠢᠶᠠᠷ ᠵᠤᠬᠢᠶᠠᠭᠳᠠᠵᠦ᠂ ᠠᠭᠤᠯᠠ ᠶᠢ ᠲᠦᠯᠦᠭᠡᠯᠡᠳᠡᠭ᠃ ᠡᠶᠢᠮᠦ ᠠᠴᠠ ᠲᠡᠷᠡ ᠨᠢ ᠡᠷᠲᠡᠨ ᠤ ᠬᠢᠲᠠᠳ ᠬᠡᠯᠡᠨ ᠳᠤ ᠪᠠᠬᠢ ᠬᠠᠲᠠᠭᠤ ᠭᠡᠬᠦ ᠤᠳᠬ᠎ᠠ ᠪᠠᠷ ᠬᠡᠷᠡᠭᠯᠡᠭᠳᠡᠳᠡᠭ᠃ ᠡᠭᠦᠨ ᠠᠴᠠ ᠭᠠᠳᠠᠨ᠎ᠠ ᠡᠨᠡ ᠵᠤᠭᠰᠤᠯᠲᠠ ᠭᠡᠳᠡᠭ ᠦᠰᠦᠭ ᠨᠢ ᠴᠠᠭ ᠬᠤᠭᠤᠴᠠᠭ᠎ᠠ ᠶᠢ ᠵᠢᠭᠠᠭᠰᠠᠨ ᠤᠳᠬ᠎ᠠ ᠪᠠᠷ ᠬᠡᠷᠡᠭᠯᠡᠭᠳᠡᠬᠦ ᠦᠶ᠎ᠡ ᠳᠤ ᠦᠨᠦᠭᠡᠨ ᠬᠠᠷᠠᠩᠭᠤᠢ ᠶᠢᠨ ᠴᠠᠭ —— ᠲᠠᠷᠤᠢ ᠡᠷᠲᠡ ᠶᠢᠨ 2— 4 ᠴᠠᠭ ᠬᠦᠷᠲᠡᠯᠡᠬᠢ ᠬᠤᠭᠤᠴᠠᠭ᠎ᠠ ᠶᠢ ᠵᠢᠭᠠᠳᠠᠭ ᠶᠤᠮ᠃                  ᠵᠢᠷᠤᠬᠠᠶᠢᠲᠦ ᠨᠤᠮ ︵易经︶ ᠤᠨ ᠨᠠᠢᠮᠠᠨ ᠬᠦᠯᠢᠯ ︵八卦︶ ᠳᠤ ᠲᠡᠭᠡᠷ᠎ᠡ ᠲᠤᠷᠠᠳᠤᠭᠰᠠᠨ ᠬᠤᠶᠠᠷ ᠬᠦᠯᠢᠯ ᠠᠴᠠ ᠭᠠᠳᠠᠨ᠎ᠠ ᠪᠠᠰᠠ ︽ᠮᠦᠩᠬᠡ乾qián☰︾᠂ ︽ᠰᠠᠪᠠᠷᠳᠠᠯ坎kǎn ☵︾᠂ ︽ᠬᠦᠳᠡᠯᠦᠯ震zhèn☳︾᠂ ︽ᠤᠷᠤᠯᠲᠠ巽xùn ☴︾᠂ ︽ᠬᠡᠷᠡᠯᠦᠯ离lí☲︾᠂ ︽ᠪᠠᠶᠠᠰᠤᠯ兑 duì☱  ︾ ᠭᠡᠳᠡᠭ ᠵᠢᠭᠤᠭᠠᠨ ᠵᠦᠢᠯ ᠤᠨ ᠬᠦᠯᠢᠯ ᠪᠠᠶᠢᠳᠠᠭ᠂ ᠡᠭᠦᠨ ᠢ ᠰᠤᠨᠢᠷᠬᠠᠯ ᠪᠤᠯᠭᠠᠨ ᠲᠦᠭᠦᠮ ᠲᠠᠨᠢᠯᠴᠠᠭᠤᠯᠪᠠᠯ᠄                ︽ᠮᠦᠩᠬᠡ乾qián︾ ᠪᠤᠯ ᠲᠡᠭᠷᠢ ᠶᠢ ᠲᠦᠯᠦᠭᠡᠯᠡᠵᠦ ᠠᠷᠭ᠎ᠠ ᠶᠢ ᠪᠡᠯᠭᠡᠳᠡᠨ ᠮᠦᠩᠬᠡ ᠵᠤᠪᠬᠢᠰ ︵ᠪᠠᠷᠠᠭᠤᠨ ᠬᠤᠶᠢᠨ᠎ᠠ ᠵᠤᠪᠬᠢᠰ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄  ☰                  ︽ᠰᠠᠪᠠᠷᠳᠠᠯ坎kǎn︾ ᠪᠤᠯ ᠤᠰᠤᠨ ᠢ ᠲᠦᠯᠦᠭᠡᠯᠡᠵᠦ ᠰᠠᠪᠠᠷᠳᠠᠯ ᠵᠦᠭ ︵ᠬᠤᠶᠢᠲᠦ ᠵᠦᠭ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄  ☵                  ︽ᠬᠦᠳᠡᠯᠦᠯ震zhèn︾ ᠪᠤᠯ ᠠᠶᠤᠩᠭ᠎ᠠ ᠶᠢ ᠲᠦᠯᠦᠭᠡᠯᠡᠵᠦ ᠬᠦᠳᠡᠯᠦᠯ ᠵᠦᠭ ︵ᠲᠤᠷᠤᠨ᠎ᠠ ︿ᠵᠡᠭᠦᠨ﹀ ᠵᠦᠭ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄  ☳                  ︽ᠤᠷᠤᠯᠲᠠ巽xùn︾ ᠪᠤᠯ ᠰᠠᠯᠬᠢᠨ ᠢ ᠲᠦᠯᠦᠭᠡᠯᠡᠵᠦ ᠤᠷᠤᠯᠲᠠ ᠵᠤᠪᠬᠢᠰ ︵ᠵᠡᠭᠦᠨ ᠡᠮᠦᠨ᠎ᠡ ᠵᠤᠪᠬᠢᠰ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄  ☴                ︽ᠬᠡᠷᠡᠯᠦᠯ离lí︾ ᠪᠤᠯ ᠭᠠᠯ ᠢ ᠲᠦᠯᠦᠭᠡᠯᠡᠵᠦ ᠭᠡᠷᠡᠯᠦᠯ ᠵᠦᠭ ︵ᠡᠮᠦᠨ᠎ᠡ ᠵᠦᠭ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄  ☲  ☆ ᠭᠡᠷᠡᠯᠦᠯ — gerlul  ᠭᠡᠵᠦ ᠤᠩᠰᠢᠨ᠎ᠠ᠃                ︽ᠪᠠᠶᠠᠰᠤᠯ兑duì︾ ᠪᠤᠯ ᠨᠠᠭᠤᠷ ᠢ ᠲᠦᠯᠦᠭᠡᠯᠡᠵᠦ ᠪᠠᠶᠠᠰᠤᠯ ᠵᠦᠭ ︵ᠦᠷᠦᠨ᠎ᠡ ︿ᠪᠠᠷᠠᠭᠤᠨ﹀ ᠵᠦᠭ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄   ☱                  ᠵᠢᠷᠤᠬᠠᠢ ᠶᠢᠨ ᠶᠤᠰᠤᠨ ᠳᠤ ᠲᠡᠭᠡᠷ᠎ᠡ ᠦᠵᠡᠭᠦᠯᠦᠭᠰᠡ  ☰  ☱  ☲  ☳   ☴   ☵   ☶  ☷   ᠭᠡᠬᠦ ᠡᠳᠡᠭᠡᠷ ᠨᠠᠢᠮᠠᠨ ᠪᠦᠯᠦᠭ ᠤᠨ ᠲᠡᠮᠳᠡᠭ ᠢ ︽ᠵᠢᠷᠤᠭᠠᠰᠤ ︵爻yáo︶︾ ᠭᠡᠳᠡᠭ᠃ ᠵᠢᠷᠤᠬᠠᠢ ᠭᠡᠳᠡᠭ ᠦᠭᠡ ᠨᠢ ᠶᠠᠭ ᠡᠨᠡᠬᠦ ᠵᠢᠷᠤᠵᠦ ᠪᠦᠲᠦᠭᠡᠭᠰᠡᠨ ︽ᠵᠢᠷᠤᠭᠠᠰᠤ︾ ᠭᠡᠳᠡᠭ ᠦᠭᠡ ᠶᠢᠨ ᠢᠵᠠᠭᠤᠷ ᠪᠤᠯᠬᠤ ︽ᠵᠢᠷᠤ︾ ᠭᠡᠳᠡᠭ ᠠᠴᠠ ᠡᠭᠦᠰᠦᠯᠲᠠᠢ ᠠᠵᠢ᠃ ᠲᠠᠷᠤᠢ᠄ { ᠵᠢᠷᠤ+ ‍ᠬᠠᠢ= ᠵᠢᠷᠤᠬᠠᠢ } ᠪᠤᠯᠬᠤ ᠶᠤᠮ᠃ ᠨᠡᠩ ᠪᠤᠳᠠᠲᠠᠢ ᠰᠢᠭ ᠬᠡᠯᠡᠪᠡᠯ ᠲᠡᠭᠡᠷᠡᠬᠢ ᠨᠠᠢᠮᠠᠨ ᠪᠦᠯᠦᠭ ᠤᠨ ᠵᠢᠷᠤᠭᠠᠰᠤ ᠶᠢ ᠵᠢᠷᠤᠬᠠᠢ ᠭᠡᠳᠡᠭ ᠪᠤᠶᠤ᠃                ︵27︶  ᠬᠤᠶᠠᠷ ᠤᠰᠤᠨ  二泽  —— ᠲᠠᠷᠤᠢ ᠢᠩᠴᠠᠩ ᠬᠤᠷᠤᠭ᠎ᠠ ᠶᠢᠨ ᠵᠡᠭᠦᠨ ᠲᠠᠯ᠎ᠠ  ᠳᠤ ᠪᠠᠶᠢᠭ᠎ᠠ ᠲᠠᠯᠤᠨᠠᠭᠤᠷ ︵达里诺尔︶ ᠬᠢᠭᠡᠳ ᠪᠠᠷᠠᠭᠤᠨ ᠲᠠᠯ᠎ᠠ ᠳᠤ ᠪᠠᠶᠢᠭ᠎ᠠ ᠲᠦᠷᠦᠭᠡᠨᠠᠭᠤᠷ ︵杜热诺尔︶ ᠭᠡᠬᠦ ᠬᠤᠶᠠᠷ ᠨᠠᠭᠤᠷ ᠢ ᠵᠢᠭᠠᠵᠦ ᠪᠠᠶᠢᠨ᠎ᠠ᠂ ᠲᠠᠯᠦᠨᠠᠭᠤᠷ ᠪᠤᠯ ᠱᠤᠷᠪᠤᠭ ᠨᠠᠭᠤᠷ ᠪᠠᠶᠢᠵᠦ᠂ ᠲᠦᠷᠦᠭᠡᠨᠠᠭᠤᠷ ᠪᠤᠯ ᠴᠡᠩᠬᠡᠭ ᠨᠠᠭᠤᠷ ᠪᠤᠯᠬᠤ ᠶᠤᠮ᠃ ᠬᠡᠰᠢᠭᠲᠡᠨ ᠮᠤᠩᠭᠤᠯᠴᠤᠳ ᠤᠨ ᠨᠤᠲᠤᠭ ᠤᠨ ᠠᠶᠠᠯᠠᠭᠤᠨ  ᠳᠤ ᠠᠭᠠᠷᠤ ᠮᠤᠳᠤᠨ ᠤ ᠲᠠᠭᠠᠷᠢᠳᠠᠰᠤ ᠪᠠᠷ ᠤᠬᠤᠵᠦ ᠬᠢᠭᠰᠡᠨ ᠰᠠᠭᠠᠯᠢ ᠶᠢᠨ ᠰᠠᠭᠤᠯᠭ᠎ᠠ ᠶᠢ ᠲᠦᠷᠦᠭᠡ ᠭᠡᠳᠡᠭ᠂ ᠡᠨᠡ ᠨᠠᠭᠤᠷ ᠤᠨ ᠬᠡᠯᠪᠡᠷᠢ ᠨᠢ ᠦᠨᠡᠨᠬᠦ ᠰᠠᠭᠠᠯᠢ ᠶᠢᠨ ᠲᠦᠷᠦᠭᠡ ᠰᠢᠭ ᠬᠡᠯᠪᠡᠷᠢᠲᠡᠢ ᠠᠵᠢ᠃ ᠡᠨᠡ ᠨᠠᠭᠤᠷ ᠲᠤ ᠮᠦᠷᠬᠦ ᠵᠢᠭᠠᠰᠤ ᠡᠯᠪᠡᠭ ᠪᠠᠶᠢᠳᠠᠭ᠂  ᠭᠡᠰᠡᠨ ᠴᠤ ᠲᠠᠯᠤᠨᠠᠭᠤᠷ ᠵᠢᠭᠠᠰᠤᠨ ᠲᠠᠯᠠᠪᠠᠢ ᠶᠢᠨ ᠳ᠋ᠦ᠋ ᠤᠪᠤᠭᠲᠤ ᠬᠢᠲᠠᠳ ᠬᠦᠮᠦᠨ ᠲᠠᠷᠤᠭ᠎ᠠ ᠨᠠᠷ ᠤᠨ ᠢᠶᠠᠨ ᠲᠤᠮᠢᠯᠠᠯᠲᠠ ᠪᠠᠷ ᠡᠨᠡ ᠨᠠᠭᠤᠷ ᠢ ᠬᠠᠷᠠᠭᠰᠠᠨ ᠠᠷᠪᠠᠨ ᠬᠡᠳᠦᠨ ᠵᠢᠯ ︵1996 —— 2012 ᠤᠨ ᠬᠦᠷᠲᠡᠯ᠎ᠡ︶ ᠤᠨ ᠲᠤᠷᠰᠢ ᠲᠤᠰ ᠨᠠᠭᠤᠷ ᠤᠨ ᠵᠢᠭᠠᠰᠤᠨ ᠳᠤ ᠰᠦᠨᠦᠭᠡᠯᠲᠡ ᠶᠢᠨ ᠴᠢᠨᠠᠷᠲᠠᠢ ᠱᠦᠭᠦᠯᠲᠡ ᠬᠢᠭᠰᠡᠨ ᠢᠶᠠᠷ ᠪᠠᠷᠠᠬᠤ ᠦᠭᠡᠢ ᠬᠤᠭᠤᠯᠠᠢ ᠶᠢᠨ ᠭᠤᠤᠯ ᠤᠨ ᠬᠤᠭᠤᠯᠠᠢ ᠶᠢ ᠴᠤ ᠬᠡᠳᠤᠨ ᠠᠷᠪᠠ ᠤᠳᠠᠭ᠎ᠠ ᠲᠠᠰᠤᠯᠠᠵᠦ ᠦᠩᠭᠡᠷᠡᠭᠰᠡᠨ ᠶᠤᠮ᠃ ᠲᠡᠯᠡᠬᠡᠢ ᠲᠡᠭᠡᠷᠡᠬᠢ ᠬᠠᠮᠤᠭ ᠨᠠᠷᠢᠬᠠᠨ ᠭᠤᠤᠯ ᠬᠡᠮᠡᠭᠳᠡᠭᠰᠡᠨ ᠬᠤᠭᠤᠯᠠᠢ ᠶᠢᠨ ᠭᠤᠤᠯ ︵浩来河︶ ᠡᠨᠡ ᠨᠠᠭᠤᠷ ᠠᠴᠠ ᠤᠨᠳᠤᠷᠤᠨ ᠭᠠᠷᠴᠤ ᠡᠬᠡ ᠶᠢᠨ ᠬᠡᠪᠡᠯᠢ ᠠᠴᠠ ᠪᠠᠨ ᠰᠠᠶ᠋ᠢᠬᠠᠨ ᠦᠵᠡᠭᠳᠡᠭᠰᠡᠨ ᠨᠢᠯᠬᠠᠰ ᠤᠨ ᠬᠦᠢᠰᠤ ᠬᠡᠮᠡᠷ ᠰᠤᠨᠤᠯᠵᠢᠨ ᠮᠤᠷᠤᠯᠵᠠᠭᠰᠠᠭᠠᠷ ᠲᠠᠯᠤᠨᠠᠭᠤᠷ ᠲᠠᠭᠠᠨ ᠤᠷᠤᠰᠤᠨ ᠤᠷᠤᠳᠠᠭ᠃ ᠲᠠᠯᠤᠨᠠᠭᠤᠷ ᠲᠤ ᠬᠤᠰᠢᠶᠠᠯ ︵华子鱼︶ ᠬᠢᠭᠡᠳ ᠬᠡᠯᠲᠡᠭᠡ ︵鲫鱼︶ ᠭᠡᠬᠦ ᠬᠤᠶᠠᠷᠬᠠᠨ ᠲᠦᠷᠰᠦ ︵ᠠᠮᠢᠳᠤ ᠪᠤᠳᠠᠰ ᠤᠨ ᠲᠦᠷᠦᠯ ᠵᠦᠢᠯ物种︶ ᠶᠢᠨ ᠵᠢᠭᠠᠰᠤ ᠠᠮᠢᠳᠤᠷᠠᠵᠦ ᠲᠡᠶᠢᠯᠳᠡᠭ ᠪᠦᠭᠡᠳ ᠵᠢᠭᠠᠰᠤᠨ ᠭᠠᠷᠤᠯᠲᠠ ᠨᠢ ᠬᠦᠮᠦᠨ ᠢ ᠰᠤᠴᠢᠭᠠᠮ᠎ᠠ ᠡᠯᠪᠡᠭ ᠠᠵᠢ᠃ ᠡᠨᠡ ᠨᠠᠭᠤᠷ ᠲᠤ᠄ ᠵᠡᠭᠦᠨ ᠬᠤᠶᠢᠨ᠎ᠡ ᠵᠠᠭᠤᠭᠠᠳ ᠭᠠᠵᠠᠷ ᠤᠨ ᠵᠠᠢ ᠳᠠᠬᠢ ᠴᠠᠮᠬᠠᠭ ᠤᠨ ᠠᠭᠤᠯᠠ ︵查木罕山︶ ᠠᠴᠠ ᠡᠬᠢ ᠠᠪᠤᠭᠰᠠᠨ ᠭᠦᠩᠭᠡᠷ ᠤᠨ ᠭᠤᠤᠯ ︵贡格尔河︶ ᠵᠡᠭᠦᠨ ᠬᠤᠶᠢᠨ᠎ᠠ ᠠᠴᠠ ᠨᠢ ᠴᠢᠳᠬᠤᠨ ᠤᠷᠤᠵᠦ᠂ ᠵᠡᠭᠦᠨ ᠡᠮᠦᠨᠡᠬᠢ ᠭᠠᠩᠭᠠᠨ ᠨᠠᠭᠤᠷ ᠠᠴᠠ ᠡᠬᠢ ᠠᠪᠤᠭᠰᠠᠨ ᠰᠢᠷ᠎ᠠ ᠶᠢᠨ ᠭᠤᠤᠯ ︵沙里河︶ ᠵᠡᠭᠦᠨ ᠡᠮᠦᠨ᠎ᠡ ᠠᠴᠠ ᠨᠢ ᠬᠠᠯᠬᠢᠯᠠᠨ ᠤᠷᠤᠵᠦ᠂ ᠪᠠᠷᠠᠭᠤᠨ ᠡᠮᠦᠨᠡᠬᠢ ᠪᠦᠷᠢᠳᠤᠨ ᠤᠪᠤᠭᠠᠨ ᠳᠠᠬᠢ ᠰᠢᠷᠭᠤᠭ᠎ᠠ ᠶᠢᠨ ᠲᠠᠯ᠎ᠠ ᠠᠴᠠ ᠡᠬᠢ ᠠᠪᠤᠭᠰᠠᠨ ᠰᠢᠷᠭᠤᠭ᠎ᠠ ᠶᠢᠨ ᠭᠤᠤᠯ ︵舒尔哈河︶ ᠨᠢ ᠨᠠᠷᠠᠰᠤᠨ ᠤ ᠬᠦᠭᠦᠷᠭᠡ ᠠᠴᠠ ᠡᠬᠢ ᠠᠪᠤᠭᠰᠠᠨ ᠬᠦᠭᠦᠷᠭᠡ  ᠶᠢᠨ ᠭᠤᠤᠯ ︵活日庚河︶ ᠲᠠᠢ ᠪᠠᠨ ᠨᠡᠶᠢᠯᠡᠭᠡᠳ ᠪᠠᠷᠠᠭᠤᠨ ᠡᠮᠦᠨ᠎ᠡ ᠲᠠᠯ᠎ᠠ ᠠᠴᠠ ᠨᠢ ᠤᠷᠤᠰᠤᠨ ᠤᠷᠤᠵᠦ᠂ ᠪᠠᠷᠠᠭᠤᠨ ᠬᠤᠶᠢᠨ᠎ᠠ ᠠᠴᠠ ᠨᠢ ᠲᠦᠷᠦᠭᠡ ᠨᠠᠭᠤᠷ ᠠᠴᠠ ᠡᠬᠢ ᠠᠪᠤᠭᠰᠠᠨ ᠬᠤᠭᠤᠯᠠᠢ ᠶᠢᠨ ᠭᠤᠤᠯ ᠪᠠᠷᠠᠭᠤᠨ ᠬᠤᠶᠢᠨ᠎ᠠ ᠠᠴᠠ ᠨᠢ ᠮᠢᠷᠠᠯᠵᠢᠨ ᠤᠷᠤᠵᠦ ᠪᠠᠶᠢᠳᠠᠭ ᠮᠦᠷᠲᠡᠭᠡᠨ ᠠᠰ ᠡᠮᠦᠨ᠎ᠡ ᠳᠠᠬᠢ ᠲᠠᠷᠬᠠᠨ ᠠᠭᠤᠯᠠ  ᠶᠢᠨ ᠪᠠᠷᠠᠭᠤᠨ ᠬᠤᠶᠢᠨ᠎ᠠ ᠪᠡᠯ ︵bel︶ ᠠᠴᠠ ᠡᠬᠢ ᠠᠪᠤᠭᠰᠠᠨ ᠲᠠᠪᠠᠭᠠᠲᠦ ᠶᠢᠨ ᠪᠤᠯᠠᠭ ︵达八图泉︶ ᠤᠷᠭᠢᠯᠤᠨ ᠴᠢᠳᠬᠤᠯᠠᠵᠦ ᠪᠠᠶᠢᠳᠠᠭ᠃ ᠲᠠᠯᠤᠨᠠᠭᠤᠷ ᠨᠢ ᠱᠤᠷᠪᠤᠭ ᠨᠠᠭᠤᠷ ᠪᠤᠯᠬᠤ ᠲᠤᠯᠠ ᠡᠨᠡ ᠨᠠᠭᠤᠷ ᠲᠤ ᠵᠠᠷᠢᠮ ᠲᠦᠷᠰᠤ ᠶᠢᠨ ᠵᠢᠭᠠᠰᠤ ᠠᠮᠢᠳᠤᠷᠠᠵᠦ ᠲᠡᠶᠢᠯᠳᠡᠭ ᠪᠤᠯᠪᠠᠴᠤ ᠪᠦᠬᠦ ᠲᠦᠷᠢᠰᠤ ᠶᠢᠨ ᠵᠢᠭᠠᠰᠤ ᠦᠷᠡᠵᠢᠵᠦ ᠲᠡᠶᠢᠯᠬᠦ ᠦᠭᠡᠢ ᠶᠤᠮ᠃ ᠡᠶᠢᠮᠦ ᠠᠴᠠ ᠲᠤᠰ ᠨᠠᠭᠤᠷ ᠤᠨ ᠵᠢᠭᠠᠰᠤ ᠨᠢ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠪᠤᠯᠤᠭᠰᠠᠭᠠᠷ ᠰᠢᠷ᠎ᠠ ᠶᠢᠨ ᠭᠤᠤᠯ ᠢᠶᠠᠷ ᠲᠠᠮᠵᠢᠨ ᠭᠠᠩᠭᠠᠨ ᠨᠠᠭᠤᠷ ᠲᠤ ᠤᠴᠢᠵᠦ ᠠᠳᠤ ᠵᠢᠭᠠᠰᠤ ︵ᠡᠮ᠎ᠡ ᠵᠢᠭᠠᠰᠤ︶ ᠨᠢ ᠲᠦᠷᠢᠰᠤ ︵ᠵᠢᠭᠠᠰᠤᠨ ᠦᠨᠳᠡᠭᠡ︶ ᠪᠠᠨ ᠬᠠᠶᠠᠬᠤ ᠳᠤ ᠠᠳᠤᠬ᠎ᠠ ᠵᠢᠭᠠᠰᠤ ︵ᠡᠷ᠎ᠡ ᠵᠢᠭᠠᠰᠤ︶ ᠨᠢ ᠦᠷ᠎ᠡ ᠪᠠᠨ ᠰᠠᠴᠤᠵᠦ ᠪᠠᠷᠠᠩᠭᠤᠳᠠ ᠡᠷᠬᠢᠵᠦ ᠲᠠᠯᠤᠨᠠᠭᠤᠷ ᠲᠠᠭᠠᠨ ᠪᠤᠴᠠᠳᠠᠭ᠃ ᠡᠭᠦᠨ ᠢ ᠬᠤᠢ ᠵᠢᠭᠠᠰᠤ ︵ᠪᠤᠴᠠᠬᠤ ᠵᠢᠭᠠᠰᠤ回头鱼︶ ᠭᠡᠨ᠎ᠡ᠂ ᠲᠦᠷᠢᠰᠤ ᠨᠢ ᠵᠢᠭᠠᠷᠬᠠᠢ ᠪᠦᠲᠦᠭᠰᠡᠨ ᠤ ᠲᠠᠷᠠᠭ᠎ᠠ ᠦᠪᠡᠷᠲᠡᠭᠡᠨ ᠰᠢᠷ᠎ᠠ ᠶᠢᠨ ᠭᠤᠤᠯ ᠢᠶᠠᠷ ᠲᠠᠮᠵᠢᠵᠦ ᠲᠠᠯᠤᠨᠠᠭᠤᠷ ᠲᠠᠭᠠᠨ ᠤᠴᠢᠳᠠᠭ᠃ ᠲᠠᠯᠤᠨᠠᠭᠤᠷ ᠠᠴᠠ ᠵᠡᠭᠦᠨ ᠡᠮᠦᠨ᠎ᠡ ᠭᠤᠴᠢ ᠭᠠᠷᠤᠢ ᠭᠠᠵᠠᠷ ᠲᠤ ᠭᠠᠩᠭᠠᠨ ᠨᠠᠭᠤᠷ ︵刚更诺尔︶ ᠪᠠᠶᠢᠵᠦ᠂ ᠭᠠᠩᠭᠠᠨ ᠨᠠᠭᠤᠷ ᠠᠴᠠ ᠪᠠᠷᠠᠭᠤᠨ ᠡᠮᠦᠨ᠎ᠡ ᠠᠷᠪᠠ ᠭᠠᠷᠤᠢ ᠭᠠᠵᠠᠷ ᠲᠤ ᠲᠠᠭ᠎ᠠ ᠶᠢᠨ ᠨᠠᠭᠤᠷ ︵达更诺尔︶ ᠪᠠᠶᠢᠳᠠᠭ᠃ ᠲᠠᠯᠤᠨᠠᠭᠤᠷ ᠤᠨ ᠡᠮᠦᠨ᠎ᠡ  ᠨᠢ ᠲᠠᠷᠬᠠᠨ ᠠᠭᠤᠯᠠ ︵达尔罕山︶ ᠰᠦᠨᠳᠦᠷᠯᠡᠵᠦ᠂ ᠬᠤᠶᠢᠨ᠎ᠡ ᠨᠢ ᠲᠦᠰᠢ ᠶᠢᠨ ᠬᠠᠶᠢᠷᠠᠬᠠᠨ ᠰᠡᠬᠦᠶᠢᠵᠦ ᠪᠠᠶᠢᠳᠠᠭ᠃ ᠲᠠᠯᠤᠨᠠᠭᠤᠷ ᠠᠴᠠ ᠪᠠᠷᠠᠭᠤᠨ ᠬᠤᠶᠢᠨ᠎ᠠ ᠵᠢᠷᠠᠨ ᠭᠠᠵᠠᠷ ᠲᠤ ᠠᠴᠠ ᠠᠭᠤᠯᠠ ᠰᠦᠮᠪᠦᠷᠯᠡᠨ᠂ ᠠᠴᠠ ᠠᠭᠤᠯᠠ ᠠᠴᠠ ᠪᠠᠷᠠᠭᠤᠨ ᠬᠤᠶᠢᠨ᠎ᠠ ᠭᠤᠴᠢᠨ ᠭᠠᠵᠠᠷ ᠲᠤ ᠰᠢᠯᠢ ᠶᠢᠨ ᠬᠤᠲᠠ ᠳᠤ ᠬᠠᠷᠢᠶᠠᠯᠠᠭᠳᠠᠬᠤ ᠪᠠᠶᠠᠨ ᠬᠦᠷᠢᠶ᠎ᠡ ᠨᠠᠭᠤᠷ ᠮᠡᠯᠮᠡᠯᠵᠢᠵᠦ ᠪᠠᠶᠢᠳᠠᠭ ᠶᠤᠮ᠃                ︵28︶  ᠬᠠᠭᠠᠨ ᠤ ᠵᠠᠷᠯᠢᠭ  纶命  —— ᠡᠷᠲᠡᠨ ᠤ ᠬᠢᠲᠠᠳ ᠬᠡᠯᠡᠨ ᠳᠤ ᠬᠠᠭᠠᠨ ᠤ ᠵᠠᠷᠯᠢᠭ ᠢ ︽纶命︾ ᠭᠡᠳᠡᠭ᠃                ︵29︶  ᠭᠠᠷᠪᠠ  庑 —— ᠰᠦᠮ᠎ᠡ ᠬᠡᠶᠢᠳ ᠤᠨ ᠭᠠᠵᠠᠷ ᠲᠤ ᠯᠠᠮ᠎ᠠ ᠪᠤᠷᠰᠠᠩ ᠬᠤᠸᠠᠷᠠᠭ ᠲᠤᠶᠢᠳ ︵ᠯᠠᠮᠠ ᠪᠤᠯᠤᠭᠰᠠᠨ ᠲᠠᠶᠢᠵᠢ ᠢᠵᠠᠭᠤᠷᠲᠠᠨ ᠢ ᠲᠤᠶᠢᠨ ᠭᠡᠨ᠎ᠡ︶ ᠢ ᠪᠠᠶᠢᠩᠭᠤ ᠰᠠᠭᠤᠯᠭᠠᠬᠤ ᠪᠠᠷ ᠪᠡᠯᠡᠳᠭᠡᠭᠰᠡᠨ ᠲᠦᠷᠪᠡᠯᠵᠢᠨ ᠬᠦᠷᠢᠶ᠎ᠡ ᠬᠡᠯᠪᠡᠷᠢᠲᠠᠢ ᠡᠰᠡᠷᠭᠦᠯᠡᠵᠦ ᠪᠠᠷᠢᠭᠰᠠᠨ ᠤᠯᠠᠨ ᠲᠠᠰᠣᠯᠭᠠᠳᠣ ᠪᠠᠶᠢᠰᠢᠩ ᠭᠡᠷ ᠢ ᠭᠠᠷᠪᠠ ᠭᠡᠳᠡᠭ᠃ ᠨᠢᠭᠡ ᠭᠠᠷᠪᠠ ᠨᠢ ᠬᠡᠳᠦᠨ ᠠᠷᠪᠠ ᠪᠣᠶᠣ ᠴᠢᠨᠠᠭᠰᠢᠯᠠᠭᠠᠳ ᠨᠠᠶᠠ ᠭᠠᠷᠣᠢ ᠲᠠᠰᠣᠯᠭ᠎ᠠ ᠭᠡᠷ ᠪᠠᠶᠢᠰᠢᠩ ᠠᠴᠠ ᠪᠦᠷᠢᠯᠳᠣᠳᠡᠭ ᠲᠣᠯᠠ ᠲᠣᠰᠬᠠᠶᠢᠯᠠᠨ ᠭᠠᠷᠪᠠ ᠶᠢ ᠬᠠᠮᠢᠶᠠᠷᠳᠠᠭ ᠯᠠᠮ᠎ᠠ ᠲᠣᠬᠢᠷᠠᠭᠤᠯᠳᠠᠭ᠂ ᠡᠶᠢᠮᠦ ᠯᠠᠮ᠎ᠠ ᠶᠢ ᠨᠢ ᠭᠠᠷᠪᠠ ᠯᠠᠮ᠎ᠠ ᠭᠡᠨ᠎ᠡ᠃ ᠬᠦᠬᠡᠨᠠᠭᠤᠷ ᠮᠣᠵᠢ ᠶᠢᠨ ᠭᠤᠮᠪᠣᠨ ᠬᠡᠶᠢᠳ ᠲᠤ ᠬᠠᠮᠤᠭ ᠬᠦᠭᠵᠢᠯᠳᠡᠢ ᠦᠶᠡᠰ ᠲᠡᠭᠡᠨ ᠨᠠᠶᠠᠭᠠᠳ ᠭᠠᠷᠪᠠ ᠪᠠᠶᠢᠭᠰᠠᠨ ᠬᠡᠬᠦ ᠪᠦᠭᠡᠳ ᠣᠳᠣ ᠴᠣ᠋ ᠭᠡᠰᠡᠨ ᠬᠠᠯᠬ᠎ᠠ ᠭᠠᠷᠪᠠ᠂ ᠦᠵᠦᠮᠣᠴᠢᠨ ᠭᠠᠷᠪᠠ  ᠂ ᠠᠵᠢᠶ᠎ᠠ ᠭᠠᠷᠪᠠ᠂ ᠶᠠᠩᠵᠢᠶ᠎ᠠ ᠭᠠᠷᠪᠠ…… ᠭᠡᠬᠦ ᠵᠡᠷᠭᠡ ᠬᠡᠳᠣᠨ ᠠᠷᠪᠠᠨ ᠭᠠᠷᠪᠠ ᠪᠣᠢ᠃ ᠰᠦᠮ᠎ᠡ ᠬᠡᠶᠢᠳ ᠤᠨ ᠭᠠᠷᠪᠠ ᠨᠢ ᠪᠠᠷᠢᠯᠭ᠎ᠠ ᠶᠢᠨ ᠬᠡᠪ ᠨᠠᠮᠪᠠ ᠪᠠ ᠠᠰᠢᠭᠯᠠᠮᠵᠢ ᠪᠠᠷ ᠢᠶᠠᠷ ᠢᠶᠠᠨ ᠮᠠᠰᠢ ᠰᠠᠶᠢᠨ ᠪᠦᠭᠡᠳ ᠭᠠᠵᠠᠷ ᠰᠢᠷᠣᠢ ᠳᠤ ᠴᠣ᠋ ᠠᠷᠪᠢᠳᠠᠢ ᠲᠣᠯᠠ ᠮᠣᠩᠭᠤᠯ ᠤᠨ ᠨᠤᠶᠠᠳ ᠢᠵᠠᠭᠤᠷᠳᠠᠳ ᠬᠢᠭᠡᠳ ᠸᠠᠩ ᠭᠦᠩ ᠪᠠᠶᠢᠯᠠ ᠪᠠᠶᠢᠰᠠ ᠨᠠᠷ ᠤᠨ ᠪᠠᠭ᠋ᠠᠷᠬᠠᠯ ᠢ ᠶᠡᠬᠡᠳᠡ ᠲᠠᠳᠠᠭᠰᠠᠨ ᠶᠣᠮ᠃ ᠡᠶᠢᠮᠦ ᠠᠴᠠ ᠴᠢᠩ ᠣᠯᠣᠰ ᠤᠨ ᠦᠶ᠎ᠡ ᠳᠤ ᠬᠠᠭᠠᠨ ᠤ ᠲᠡᠷᠭᠡᠳᠡ ᠰᠢᠳᠠᠷ ᠶᠠᠪᠣᠳᠠᠭ ᠮᠣᠩᠭᠤᠯ ᠬᠤᠰᠢᠭᠤᠳ ᠤᠨ ᠸᠠᠩ ᠨᠣᠶᠠᠳ ᠪᠡᠭᠡᠵᠢᠩ ᠬᠤᠳᠠᠨ ᠳᠤ ᠡᠶᠢᠮᠣᠷᠬᠦ ᠭᠠᠷᠪᠠ ᠮᠠᠶ᠋ᠢᠭ ᠤᠨ ᠬᠦᠷᠢᠶᠡᠯᠡᠩ ᠢ ᠶᠡᠭᠡ ᠪᠠᠷ ᠪᠠᠶᠢᠭᠤᠯᠣᠭᠰᠠᠨ ᠠᠴᠠ ᠡᠨᠡᠬᠦ ᠭᠠᠷᠪᠠ ᠮᠠᠶ᠋ᠢᠭ ‍ᠣᠨ‌ᠣᠷᠣᠨ ᠰᠠᠭᠤᠴᠠ ᠶᠢᠨ ᠪᠠᠷᠢᠯᠭ᠎ᠠ ᠨᠢ ᠪᠡᠭᠡᠵᠢᠩ ᠬᠤᠳᠠ ᠶᠢᠨ ᠨᠢᠭᠡᠨ ᠦᠶ᠎ᠡ ᠶᠢᠨ ᠣᠨᠴᠠᠯᠢᠭ ᠪᠣᠯᠣᠭᠰᠠᠨ ᠪᠠᠶᠢᠵᠦ ᠪᠢᠯᠠ᠃ ᠲᠡᠶᠢᠮᠦ ᠠᠴᠠ ᠬᠢᠳᠠᠳ ᠬᠦᠮᠣᠰ ᠡᠶᠢᠮᠣᠷᠬᠦ ᠣᠷᠳᠣᠨ ᠬᠦᠷᠢᠶᠡᠯᠡᠩ ᠢ ︽ᠰᠧ ᠡᠾᠧ ᠶᠣᠸᠠᠨ四合院︾ ᠭᠡᠵᠦ ᠨᠡᠷᠡᠯᠡᠭᠰᠡᠨ ᠶᠣᠮ  ᠃              ︵30︶  ᠭᠤᠷᠢᠶ᠎ᠠ  垣 —— ᠰᠦᠮ᠎ᠡ ᠶᠢᠨ ᠭᠠᠳᠠᠭᠤᠷ ᠲᠣᠭᠤᠷᠢᠭᠤᠯᠵᠦ  ᠪᠠᠷᠢᠭᠰᠠᠨ  ᠬᠡᠷᠡᠮ  ᠢ ᠭᠤᠷᠢᠶ᠎ᠠ ᠭᠡᠨ᠎ᠡ᠂ ᠯᠠᠮ᠎ᠠ ᠨᠠᠷ ᠰᠣᠳᠣᠷ ᠨᠣᠮ ᠤᠨ ᠢᠶᠠᠨ ᠲᠣᠭᠤᠰᠦ ᠭᠬᠢᠷ ᠢ ᠭᠦᠪᠢᠵᠦ᠂ ᠰᠦᠮ᠎ᠡ ᠶᠢᠨ ᠬᠦᠷᠢᠶ᠎ᠡ ᠬᠡᠷᠡᠮ ᠤᠨ ᠢᠶᠠᠨ ᠡᠪᠳᠡᠷᠵᠦ ᠰᠦᠢᠳᠦᠭᠰᠡᠨ ᠡᠰᠡᠬᠦ ᠶᠢ ᠨᠢ ᠪᠠᠶᠢᠴᠠᠭᠠᠬᠤ ᠵᠣᠷᠢᠯᠭ᠎ᠠ ᠪᠠᠷ  ᠰᠣᠳᠣᠷ ᠪᠢᠴᠢᠭ ᠢᠶᠠᠨ  ᠡᠭᠦᠷᠴᠦ  ᠰᠦᠮ᠎ᠡ ᠶᠢᠨ ᠬᠡᠷᠡᠮ ᠤᠨ ᠢᠶᠠᠨ ᠭᠠᠳᠠᠭᠤᠷ ᠲᠣᠭᠤᠷᠢᠨ ᠴᠠᠭᠳᠠᠵᠦ ᠶᠠᠪᠣᠬᠤ ᠶᠢ ᠭᠤᠷᠢᠶ᠎ᠠ ᠡᠷᠬᠢᠬᠦ ᠭᠡᠳᠡᠭ᠃              ︵31︶  ᠪᠣᠷᠬᠠᠨ ᠰᠣᠪᠣᠷᠭ᠎ᠠ  浮图 —— ᠡᠷᠳᠡᠨ ᠤ ᠬᠢᠳᠠᠳ ᠬᠡᠯᠡᠨ ᠳᠤ ᠪᠣᠷᠬᠠᠨ ᠰᠣᠪᠣᠷᠭ᠎ᠠ ᠶᠢ ︽浮图︾ ᠬᠡᠬᠦ ᠪᠣᠶᠦ ︽浮屠︾ ᠬᠡᠵᠦ ᠪᠢᠴᠢᠳᠡᠭ᠂ ᠡᠭᠦᠨ ᠢ ︽ᠭᠦᠳᠣᠭᠦᠷ ᠰᠡᠶᠢᠯᠣᠮᠡᠯ 浮雕︾ ᠭᠡᠬᠦ ᠦᠭᠡ ᠲᠠᠢ ᠠᠳᠡᠭᠦᠷᠡᠵᠦ ᠡᠰᠡ ᠪᠣᠯᠣᠨ᠎ᠠ᠃ ᠣᠮᠠᠷᠠᠲᠣ ᠢᠷᠣᠭᠡᠯᠳᠦ ᠣᠯᠣᠰ ︵北魏︶ ᠤᠨ ᠶᠠᠩ ᠰᠢᠣᠸᠠᠨ ᠵᠾᠢ ︵杨炫之︶ ᠬᠡᠮᠡᠭᠴᠢ ᠶᠢᠨ ᠵᠣᠬᠢᠶᠠᠭᠰᠠ ᠲᠠᠪᠣᠨ ᠪᠣᠳᠢᠳᠦ ︽ᠯᠦᠸᠧ ᠶᠠᠩ ᠭᠠᠵᠠᠷ ᠤᠨ ᠰᠠᠩᠭᠠᠷᠮ᠎ᠠ ᠶᠢᠨ ᠲᠡᠮᠳᠡᠭᠯᠡᠯ ︵洛阳伽蓝记︶︾ ᠬᠡᠬᠦ ᠨᠣᠮ ᠤᠨ ᠨᠢᠭᠡᠳᠣᠭᠡᠷ ᠪᠣᠳᠢ ᠳᠤ᠄ ︽ᠲᠤᠲᠤᠷ᠎ᠠ ᠠᠨᠤ ᠭᠤᠷᠪᠠᠨ ᠦᠶᠡᠲᠦ ᠪᠤᠷᠬᠠᠨ ᠰᠤᠪᠤᠷᠭ᠎ᠠ ᠪᠠᠶᠢᠵᠦ᠂ ᠠᠯᠲᠠᠨ ᠲᠡᠪᠰᠢᠲᠦ ᠰᠦᠷᠯᠢᠭ ᠭᠠᠨᠵᠢᠷ᠎ᠡ ᠠᠨᠤ ᠬᠤᠲᠠ ᠬᠦᠷᠢᠶ᠎ᠡ ᠨᠦᠭᠦᠳ ᠢ ᠭᠢᠯᠠᠰᠬᠠᠮᠤᠢ中有三层浮图,金盘灵刹,曜诸城内︾ ᠭᠡᠵᠠᠢ᠃ ᠬᠢᠲᠠᠳ ᠬᠡᠯᠡᠨ ᠤ ︽ᠱᠠᠰᠢᠨ ᠤ ᠲᠤᠯᠢ︾ ᠶᠢᠨ ᠲᠠᠶᠢᠯᠪᠤᠷᠢ ᠶᠢᠨ ︽伽蓝︾ ᠭᠡᠬᠦ ᠵᠤᠷᠪᠤᠰ  ᠲᠤ᠄ ︽ᠰᠠᠨᠰᠭᠢᠷᠢᠳ᠋ ᠬᠡᠯᠡᠨ ᠤ sangharama ᠭᠡᠬᠦ ᠦᠭᠡ ᠶᠢᠨ ᠠᠪᠢᠶᠠᠴᠢᠯᠠᠭᠰᠠᠨ ᠤᠷᠴᠢᠭᠤᠯᠭ᠎ᠠ᠂ ᠪᠠᠰᠠ ︿僧迦蓝摩﹀ ᠭᠡᠵᠦ ᠪᠢᠴᠢᠳᠡᠭ᠂ ᠤᠳᠬᠠᠴᠢᠯᠠᠨ ᠤᠷᠴᠢᠭᠤᠯᠪᠠᠯ ︿ᠤᠯᠠᠨ ᠬᠦᠷᠢᠶ᠎ᠡ﹀ ᠭᠡᠨ᠎ᠡ᠂ ᠲᠠᠷᠤᠢ ᠪᠤᠷᠰᠠᠩ ᠬᠤᠸᠠᠷᠠᠭᠴᠤᠳ ᠤᠨ ᠰᠠᠭᠤᠳᠠᠭ ᠤᠷᠳᠤᠨ ᠬᠦᠷᠢᠶ᠎ᠡ ᠶᠢ ᠬᠡᠯᠡᠳᠡᠭ᠂ ᠪᠠᠰᠠ ᠰᠦᠮ᠎ᠡ ᠢ ᠴᠤ ᠡᠶᠢᠨᠬᠦ ᠨᠡᠷᠡᠯᠡᠳᠡᠭ︾ ᠭᠡᠵᠠᠢ᠃ ᠠᠯᠠᠱᠠ ᠵᠡᠭᠦᠨ ᠬᠤᠰᠢᠭᠤᠨ ᠤ ᠮᠤᠩᠭᠤᠯ ᠬᠡᠯᠡ ᠪᠢᠴᠢᠭ ᠤᠨ ᠠᠯᠪᠠᠨ ᠭᠡᠷ ᠠᠴᠠ ᠡᠷᠬᠢᠯᠡᠨ ᠨᠠᠶᠢᠷᠠᠭᠤᠯᠤᠭᠰᠠᠨ ︽ᠪᠠᠶᠠᠨ ᠰᠦᠮᠪᠦᠷ︾ ᠰᠡᠳᠭᠦᠯ ᠳᠤ᠂ ᠲᠦᠪᠡᠳ ᠬᠡᠯᠡᠨ ᠤ ᠡᠷᠳᠡᠮᠲᠡᠨ ᠡᠾᠧ ᠴᠤᠶᠢᠮᠫᠤᠯ ᠭᠤᠸᠠᠢ ᠠᠴᠠ ᠠᠮᠢᠳᠤ ᠰᠡᠷᠢᠭᠦᠨ ᠪᠠᠶᠢᠬᠤ ᠳᠠᠭᠠᠨ ᠨᠡᠶᠢᠲᠡᠯᠡᠭᠰᠡᠨ ᠨᠢᠭᠡ ᠵᠤᠬᠢᠶᠠᠯ ᠳᠠᠭᠠᠨ᠄ ︽ᠡᠨᠡᠳᠬᠡᠭ ᠤᠨ ᠬᠡᠯᠡᠨ  ᠳᠤ ︿ᠰᠠᠩᠭᠠᠷᠮ᠎ᠠ﹀ ᠭᠡᠵᠦ᠂ ᠲᠦᠪᠡᠳ ᠬᠡᠯᠡᠨ ᠳᠤ ︿ᠭᠠᠯᠤᠨ﹀ ᠭᠡᠳᠡᠭ᠂ ᠯᠠᠮ᠎ᠠ ᠨᠠᠷ ᠤᠨ ᠤᠷᠤᠨ ᠰᠠᠭᠤᠴᠠ ᠪᠤᠯᠬᠤ ︿ᠭᠠᠷᠪᠠ﹀ ᠪᠤᠶᠤ᠃ ᠮᠠᠨ ᠤ ᠠᠯᠠᠱᠠ ᠶᠢᠨ ᠰᠦᠮ᠎ᠡ ᠬᠡᠶᠢᠳ ᠲᠤ ᠴᠤ ᠡᠨᠡ ᠦᠭᠡ ᠶᠢ ᠶᠡᠭᠡ ᠬᠡᠷᠡᠭᠯᠡᠳᠡᠭ ᠪᠠᠶᠢᠭᠰᠠᠨ ᠪᠦᠭᠡᠳ ︿ᠰᠠᠩᠭᠠᠷᠮ᠎ᠠ ᠳ᠋ᠠ﹀ ᠭᠡᠬᠦ ᠪᠤᠶᠤ ︿ᠭᠠᠯᠤᠨ ᠳ᠋ᠠ﹀ ᠭᠡᠰᠡᠨ ᠲᠠᠷᠤᠭ᠎ᠠ ᠲᠤᠰᠢᠶᠠᠯ ᠲᠠᠢ ᠬᠦᠮᠦᠨ ᠴᠤ ᠪᠠᠶᠢᠵᠦ ᠦᠩᠭᠡᠷᠡᠵᠡᠢ᠂ ᠲᠡᠷᠡᠴᠢᠯᠡᠨ ᠲᠦᠪᠡᠳ ᠭᠠᠵᠠᠷ ᠲᠤ ᠪᠤᠯ ᠡᠨᠡ ᠨᠢ ᠬᠠᠷᠢᠨ ᠴᠤ ᠬᠦᠭᠵᠢᠭᠡᠳ ᠨᠢᠭᠡᠨ ᠦᠶ᠎ᠡ ᠵᠠᠰᠠᠭ ᠯᠠᠮ᠎ᠠ ᠳᠤ ᠬᠠᠷᠢᠶᠠᠯᠠᠭᠳᠠᠬᠤ ᠨᠢᠭᠡ ᠱᠠᠳᠤᠨ ᠤ ᠵᠠᠰᠠᠭ ᠵᠠᠬᠢᠷᠭ᠎ᠠ ᠪᠤᠯᠵᠦ ᠴᠤ ᠦᠩᠭᠡᠷᠡᠭᠰᠡᠨ ᠶᠤᠮ︾ ᠭᠡᠵᠦ ᠪᠢᠴᠢᠭᠰᠡᠨ ᠪᠢᠯᠡ᠃ ᠯᠢᠦ ᠮᠢᠨ ᠵᠦᠩ ᠤᠨ ᠡᠨᠡ ᠭᠡᠷᠡᠯᠲᠦ ᠬᠦᠰᠢᠶᠡᠨ ᠤ ᠪᠢᠴᠢᠭ ᠲᠤ ᠡᠨᠡ ᠪᠤᠷᠬᠠᠨ ᠰᠤᠪᠤᠷᠭ᠎ᠠ ᠲᠤᠲᠤᠷᠬᠠᠢ ᠲᠡᠮᠳᠡᠭᠯᠡᠭᠳᠡᠭᠰᠡᠨ ᠪᠠᠶᠢᠪᠠ᠃ ᠡᠭᠦᠨ ᠳᠤ᠂ ᠡᠨᠡ ᠪᠤᠷᠬᠠᠨ ᠰᠤᠪᠤᠷᠭ᠎ᠠ ᠶᠢᠨ ᠲᠤᠬᠠᠢ ᠲᠤᠤᠷᠠᠬᠢ ᠬᠡᠳᠤᠨ ᠵᠦᠢᠯ ᠤᠨ ᠪᠠᠳᠤᠳᠠᠢ ᠬᠡᠷᠡᠴᠢ ᠶᠢ ᠤᠯᠵᠦ ᠪᠤᠯᠤᠨ᠎ᠠ᠃ a ; ᠡᠨᠡ ᠰᠤᠪᠤᠷᠭ᠎ᠠ ᠶᠢᠨ ᠤᠤᠯ ᠨᠡᠷ᠎ᠡ  ᠨᠢ ︽ᠪᠤᠷᠬᠠᠨ ᠰᠤᠪᠤᠷᠭ᠎ᠠ︾ ᠪᠤᠯᠤᠨ᠎ᠠ᠂ ᠬᠠᠷᠢᠨ ᠬᠤᠵᠢᠮ ᠤᠨ ᠬᠦᠮᠦᠰ ᠤᠨ ᠲᠠᠭᠠᠮᠠᠭᠯᠠᠭᠰᠠᠨ ᠰᠢᠭ᠋ ︽ᠪᠠᠷᠠᠭᠤᠨ ᠠᠭᠤᠯᠠᠨ ᠤ ᠡᠷᠳᠡᠨᠢ ᠶᠢᠨ ᠰᠤᠪᠤᠷᠭ᠎ᠠ ︵西山宝塔︶︾ ᠪᠤᠶᠤ ︽ᠪᠠᠷᠠᠭᠤᠨ ᠠᠭᠤᠯᠠᠨ ᠤ ᠰᠤᠳᠤᠷ ᠤᠨ ᠰᠤᠪᠤᠷᠭ᠎ᠠ ︵西山 经塔︶︾ ᠪᠢᠰᠢ︕ b ;  ᠡᠨᠡ ᠰᠤᠪᠤᠷᠭ᠎ᠠ ᠶᠤᠸᠠᠨ ᠤᠯᠤᠰ ᠤᠨ ᠲᠦᠷᠪᠡᠳᠦᠭᠡᠷ ᠦᠶ᠎ᠡ ᠶᠢᠨ ᠬᠠᠭᠠᠨ᠂ ᠦᠷᠰᠢᠶᠡᠯᠲᠦ ᠲᠡᠭᠡᠳᠦᠰ ᠠᠶᠤᠷᠪᠠᠷᠸᠠᠳᠠ ᠶᠢᠨ ᠬᠠᠭᠠᠨ ᠰᠠᠭᠤᠬᠤ ᠠᠴᠠ ᠡᠮᠦᠨ᠎ᠡ᠂ ᠲᠠᠷᠤᠢ 1312 ᠤᠨ ᠠᠴᠠ ᠡᠮᠦᠨ᠎ᠡ ᠪᠦᠲᠦᠭᠡᠭᠳᠡᠵᠡᠢ᠃ ᠦᠭᠡᠷ᠎ᠡ ᠪᠠᠷ ᠬᠡᠯᠡᠪᠡᠯ ᠲᠡᠮᠦᠷ ᠬᠠᠭᠠᠨ ᠪᠤᠶᠤ ᠬᠠᠶᠢᠰᠠᠩ ᠬᠠᠭᠠᠨ  ᠤ ᠦᠶ᠎ᠡ ᠳᠤ ᠪᠦᠲᠦᠭᠡᠭᠳᠡᠵᠡᠢ᠃ ᠬᠠᠷᠢᠨ ᠬᠤᠵᠢᠮ ᠤᠨ ᠬᠦᠮᠦᠰ ᠤᠨ ᠲᠠᠭᠠᠮᠠᠭᠯᠠᠭᠰᠠᠨ ᠰᠢᠭ᠋ ᠲᠤᠭᠤᠭᠠᠨᠲᠡᠮᠦᠷ ᠬᠠᠭᠠᠨ ᠤ ᠦᠶ᠎ᠡ ᠳᠤ ᠪᠦᠲᠦᠭᠡᠭᠳᠡᠭᠰᠡᠨ ᠪᠢᠰᠢ︕ c ; ᠡᠨᠡ ᠰᠤᠪᠤᠷᠭ᠎ᠠ ᠨᠢ ᠶᠡᠭᠡ ᠶᠤᠸᠠᠨ ᠤᠯᠤᠰ ᠤᠨ ᠦᠶ᠎ᠡ  ᠳᠠᠬᠢ ᠯᠠᠤᠬ᠎ᠠ ᠶᠢᠨ ᠭᠤᠤᠯ ︵老哈河︶ ᠪᠠ ᠰᠢᠷ᠎ᠠ ᠮᠦᠷᠡᠨ ︵西拉木伦︶ ᠤ ᠤᠷᠤᠰᠬᠠᠯ ᠲᠠᠭᠠᠤ ᠤᠷᠤᠨ ᠳᠤ ᠪᠠᠶᠢᠭᠤᠯᠤᠭᠳᠠᠭᠰᠠᠨ ᠬᠠᠮᠤᠭ ᠠᠩᠬᠠᠨ ᠤ ᠲᠦᠷᠦ ᠵᠠᠰᠠᠭ ᠠᠴᠠ ᠪᠦᠲᠦᠭᠡᠭᠰᠡᠨ ᠪᠤᠷᠬᠠᠨ ᠰᠤᠪᠤᠷᠭ᠎ᠠ ᠪᠤᠯᠬᠤ ᠶᠤᠮ᠃                ︵32︶  ᠪᠢᠷᠮᠠᠨ ᠬᠤᠸᠠᠷᠠᠭ  梵僧  —— ᠪᠤᠷᠬᠠᠨ ᠱᠠᠰᠢᠨ ᠤ ᠨᠡᠷ᠎ᠡ ᠲᠤᠮᠢᠶ᠎ᠠ᠃ ᠡᠷᠲᠡᠨ  ᠤ ᠦᠶ᠎ᠡ ᠳᠤ ᠡᠨᠡᠳᠬᠡᠭ ᠲᠦᠪᠡᠳ ᠠᠴᠠ ᠢᠷᠡᠭᠰᠡᠨ ᠪᠢᠷᠮᠠᠨ ᠰᠠᠯᠠᠪᠤᠷᠢ ᠶᠢᠨ ᠬᠤᠸᠠᠷᠠᠭᠴᠤᠳ ᠢ ᠡᠶᠢᠨᠬᠦ ᠨᠡᠷᠡᠯᠡᠳᠡᠭ᠃ ᠲᠠᠩ ᠤᠯᠤᠰ ᠤᠨ ᠭᠤᠷᠪᠠᠳᠤᠭᠠᠷ ᠦᠶ᠎ᠡ ᠶᠢᠨ ᠬᠠᠭᠠᠨ ᠯᠢ ᠵᠾᠢ ︵李治︶ ᠬᠡᠮᠡᠭᠴᠢ ᠶᠢᠨ ᠭᠡᠭᠡᠨ ᠦᠯᠡᠮᠵᠢ ︵总章︶ ᠬᠡᠮᠡᠬᠦᠢ ᠶᠢᠨ ᠠᠩᠬᠠᠳᠤᠭᠠᠷ ᠤᠨ ︵668 ᠤᠨ︶ ᠳᠤ᠂ ᠳ᠋ᠤᠤ ᠱᠢ ︵道世︶ ᠭᠡᠳᠡᠭ ᠬᠤᠸᠠᠷᠠᠭ  ᠤᠨ ᠵᠤᠬᠢᠶᠠᠭᠰᠠᠨ ᠵᠠᠭᠤᠨ ᠪᠦᠯᠦᠭᠲᠦ ︽ᠪᠤᠷᠬᠠᠨ ᠨᠤᠮ ᠤᠨ ᠰᠦᠮ᠎ᠡ ᠬᠡᠶᠢᠳ ︵法苑珠林︶︾ ᠭᠡᠬᠦ ᠨᠤᠮ ᠳᠤ ᠡᠨᠡᠬᠦ ︽ᠪᠢᠷᠮᠠᠨ︾ ᠭᠡᠳᠡᠭ ᠦᠭᠡ ᠶᠢ ︽梵僧 ︵ᠪᠢᠷᠮᠠᠨ ᠬᠤᠸᠠᠷᠠᠭ︶︾ ᠭᠡᠵᠦ ᠪᠢᠴᠢᠭᠡᠳ᠂ ᠲᠡᠭᠦᠨ ᠤ ᠲᠠᠶᠢᠯᠪᠤᠷᠢ ᠳᠠᠭᠠᠨ᠄ ︽波罗贺摩 ︵ᠪᠢᠷᠾᠮᠠᠨ︶︾ ᠭᠡᠵᠦ ᠭᠠᠯᠢᠭᠯᠠᠨ ᠪᠢᠴᠢᠭᠰᠡᠨ ᠪᠦᠭᠡᠳ ᠮᠦᠨ ᠵᠠᠯᠭᠠᠭᠠᠳ ︽ᠬᠠᠷᠢ ᠤᠷᠤᠨ ᠠᠴᠠ ᠬᠢᠲᠠᠳ ᠲᠤᠷ ᠢᠷᠡᠭᠰᠡᠨ ᠬᠤᠸᠠᠷᠠᠭᠴᠤᠳ ᠢ ᠬᠡᠯᠡᠮᠤᠢ︾ ᠭᠡᠵᠠᠢ᠃ ︽ᠬᠤᠷᠢᠨ ᠨᠠᠢᠮᠠᠲᠤ ᠲᠠᠶᠢᠯᠪᠤᠷᠢ ᠲᠤᠯᠢ︾ ᠳᠤ᠄ ︽ᠪᠢᠷᠮᠠᠨ︾ ᠭᠡᠳᠡᠭ ᠦᠭᠡ ᠶᠢ ︽ᠨᠢᠭᠡᠨ ᠵᠦᠢᠯ ᠤᠪᠤᠭ ᠢᠵᠠᠭᠤᠷ  ᠤᠨ ᠨᠡᠷ᠎ᠡ ᠪᠤᠶᠤ᠂ ᠡᠷᠲᠡᠨ ᠤ ᠡᠨᠡᠳᠬᠡᠭ ᠤᠨ ᠭᠠᠵᠠᠷ ᠲᠤᠷ ᠲᠦᠷᠪᠡᠨ ᠢᠵᠠᠭᠤᠷ ᠪᠤᠢ᠂ ᠲᠡᠭᠦᠨ ᠤ ᠨᠢᠭᠡᠨ ᠢᠨᠦ ᠪᠢᠷᠮᠠᠨ ︵ᠪᠢᠷᠠᠮᠠᠨ︶ ᠪᠤᠶᠤ︾ ᠭᠡᠵᠡᠢ᠃ ᠡᠶᠢᠮᠦ ᠠᠴᠠ ᠪᠢᠷᠮᠠᠨ ᠭᠡᠳᠡᠭ ᠨᠢ ᠡᠨᠡᠳᠬᠡᠭ ᠲᠦᠪᠡᠳ ᠠᠴᠠ ᠢᠷᠡᠭᠰᠡᠨ ᠪᠢᠷᠮᠠᠨ ᠰᠠᠯᠠᠪᠤᠷᠢ ᠶᠢᠨ ᠱᠠᠰᠢᠨᠲᠠᠳ ᠢ ᠵᠢᠭᠠᠭᠰᠠᠨ ᠠᠵᠢ᠃ ︽ᠪᠢᠷᠮᠠᠨ︾ ᠢ ᠪᠠᠰᠠ ︽ᠪᠢᠷᠾᠮᠠᠨ︾ ᠭᠡᠵᠦ ᠪᠢᠴᠢᠬᠦ ᠴᠤ ᠪᠤᠢ᠃ ︽ᠪᠢᠷᠮᠠᠨ︾ ᠭᠡᠳᠡᠭ ᠨᠢ᠄ ᠲᠤᠩᠭᠠᠯᠠᠭ ᠴᠡᠪᠡᠷ᠂ ᠨᠠᠮ ᠰᠡᠯᠡᠭᠦᠨ᠂ ᠬᠦᠰᠡᠯ ᠠᠴᠠ ᠵᠠᠶᠢᠯᠠᠭᠰᠠᠨ ᠭᠡᠬᠦ ᠤᠳᠬ᠎ᠠ ᠲᠠᠢ ᠦᠭᠡ ᠶᠤᠮ᠃ ᠪᠤᠷᠬᠠᠨ ᠱᠠᠰᠢᠨ ᠤ ᠶᠤᠰᠤᠨ ᠳᠤ ᠬᠤᠸᠠᠷᠠᠭᠴᠤᠳ ᠢ ᠪᠢᠷᠮᠠᠨ ᠬᠤᠸᠠᠷᠠᠭ ︵梵僧 ︶᠂ ᠪᠤᠷᠰᠠᠩ ᠬᠤᠸᠠᠷᠠᠭ ︵凡僧︶᠂ ᠬᠤᠲᠤᠭᠲᠦ ᠬᠤᠸᠠᠷᠠᠭ ︵圣 僧︶ ᠭᠡᠵᠦ ᠭᠤᠷᠪᠠᠨ ᠲᠡᠰ ᠲᠤ ᠠᠩᠬᠢᠯᠠᠳᠠᠭ᠃                  ︽ᠪᠢᠷᠮᠠᠨ ᠬᠤᠸᠠᠷᠠᠭ梵僧︾ —— ᠡᠭᠦᠨ ᠤ ᠤᠴᠢᠷ ᠢ ᠲᠡᠭᠡᠷ᠎ᠡ ᠨᠢᠭᠡᠨᠲᠡ ᠶᠠᠷᠢᠪᠠ᠃                  ︽ᠪᠤᠷᠰᠠᠩ ᠬᠤᠸᠠᠷᠠᠭ凡僧︾ —— ᠬᠡᠳᠦᠶᠢᠪᠡᠷ ᠪᠤᠷᠬᠠᠨ ᠤ ᠶᠤᠰᠤᠨ ᠳᠤ ᠤᠷᠤᠭᠰᠠᠨ ᠪᠤᠯᠪᠠᠴᠤ ᠪᠢᠰᠢᠯᠭᠠᠯ ᠢᠶᠠᠷ ᠭᠡᠭᠡᠷᠡᠭᠡᠳᠦᠢ ᠬᠤᠸᠠᠷᠠᠭ ᠢ ᠬᠡᠯᠡᠨ᠎ᠡ᠃                  ︽ᠬᠤᠲᠤᠭᠲᠦ ᠬᠤᠸᠠᠷᠠᠭ圣僧︾ —— ᠪᠤᠷᠬᠠᠨ ᠤ ᠶᠤᠰᠤᠨ ᠳᠤ ᠨᠢᠭᠡᠨᠲᠡ ᠤᠷᠤᠭᠰᠠᠨ ᠪᠦᠭᠡᠳ ᠪᠢᠰᠢᠯᠭᠠᠯ ᠢᠶᠠᠷ ᠬᠡᠳᠦᠶᠢᠨ ᠭᠡᠭᠡᠷᠡᠭᠰᠡᠨ ᠬᠤᠸᠠᠷᠠᠭ ᠢ ᠬᠡᠯᠡᠳᠡᠭ ᠶᠤᠮ᠃                ︵33︶  ᠤᠩᠰᠢᠯᠭ᠎ᠠ᠂ ᠱᠠᠭᠵᠠᠯᠠᠯ ᠠᠳᠢᠰᠯᠠᠭ᠎ᠠ  诵持  —— ᠨᠤᠮ ᠪᠢᠴᠢᠭ ᠢ ᠲᠠᠭᠤ ᠲᠠᠢ ᠤᠩᠰᠢᠬᠤ ᠶᠢ ᠤᠩᠰᠢᠯᠭ᠎ᠠ ᠭᠡᠳᠡᠭ᠃ ᠰᠦᠮ᠎ᠡ ᠬᠡᠶᠢᠳ ᠲᠠᠬᠢ ᠨᠤᠮ ᠤᠩᠰᠢᠯᠭ᠎ᠠ ᠨᠢ ᠡᠩ ᠤᠨ ᠤᠩᠰᠢᠯᠭ᠎ᠠ ᠠᠴᠠ ᠢᠯᠭᠠᠭ᠎ᠠ ᠲᠠᠢ᠃ ᠲᠡᠷᠡ ᠨᠢ ᠰᠦᠮ᠎ᠡ ᠶᠢᠨ ᠲᠤᠭᠠᠩ ᠤᠨ ᠲᠡᠩᠭᠡᠯᠢᠭ ᠱᠤᠭᠤᠮ ᠢᠶᠠᠷ ᠲᠦᠪ ᠪᠤᠯᠭᠠᠵᠦ᠂ ᠯᠠᠮ᠎ᠠ ᠨᠠᠷ ᠲᠤᠭᠲᠠᠭᠰᠠᠨ ᠴᠠᠭ ᠲᠠᠭᠠᠨ ᠲᠤᠭᠲᠠᠭᠰᠠᠨ ᠲᠠᠷᠠᠭᠠᠯᠠᠯ ᠢᠶᠠᠷ ᠬᠤᠶᠠᠷ ᠪᠤᠶᠤ ᠲᠦᠷᠪᠡᠨ ᠮᠦᠷ ᠢᠶᠠᠷ ᠡᠰᠡᠷᠭᠦᠯᠡᠨ ᠰᠠᠭᠤᠵᠦ᠂ ᠤᠩᠰᠢᠬᠤ ᠨᠤᠮ ᠤᠨ ᠢᠶᠠᠨ ᠠᠭᠤᠯᠭ᠎ᠠ ᠳᠤ ᠲᠤᠯᠢᠳᠤᠨ ᠰᠤᠭᠴᠢᠨ ᠤᠮᠰᠠᠳ ︵ᠶᠡᠷᠤᠩᠬᠢ ᠨᠤᠮ ᠤᠨ ᠪᠠᠭᠰᠢ︶ ᠤᠨ ᠲᠠᠭᠠᠭᠤᠯᠭ᠎ᠠ ᠪᠠᠷ᠂ ᠬᠡᠩᠭᠡᠷᠭᠡ ᠴᠠᠩ ᠤᠨ ᠲᠡᠯᠡᠳᠦᠯᠭᠡ ᠴᠤᠬᠢᠯᠭ᠎ᠠ᠂ ᠪᠦᠷᠢᠶ᠎ᠡ ᠳ᠋ᠤᠩ ︵ᠲᠠᠯᠠᠢ ᠶᠢᠨ ᠨᠢᠯᠴᠠᠭᠠᠢ ᠪᠡᠶᠡᠲᠡᠨ ᠤ ᠵᠦᠪ ᠪᠤᠶᠤ ᠪᠤᠷᠤᠭᠤ ᠪᠠᠷ ᠡᠷᠭᠢᠭᠰᠡᠨ ᠤᠷᠲᠤᠯᠵᠢᠨ ᠪᠦᠭᠡᠷᠡᠩᠬᠢ ᠬᠡᠯᠪᠡᠷᠢᠲᠡᠢ ᠨᠢᠭᠡ ᠦᠵᠦᠭᠦᠷ ᠨᠢ ᠱᠤᠪᠤᠭᠤᠷ᠂ ᠨᠦᠭᠦᠭᠡ ᠦᠵᠦᠭᠦᠷ ᠨᠢ ᠰᠠᠷᠪᠠᠭᠠᠷ ᠡᠷᠭᠢᠯᠭᠦᠭᠡᠨ ᠬᠡᠯᠪᠡᠷᠢᠲᠡᠢ ᠦᠯᠢᠶᠡᠪᠡᠯ ᠲᠠᠭᠤᠨ ᠭᠠᠷᠳᠠᠭ ᠶᠠᠰᠤᠲᠦ ᠬᠤᠶᠠᠭ᠂ ᠡᠭᠦᠨ ᠢ ᠰᠦᠮ᠎ᠡ ᠬᠡᠶᠢᠳ ᠤᠨ ᠭᠠᠵᠠᠷ ᠦᠯᠢᠶᠡᠪᠤᠷᠢ ᠬᠦᠭᠵᠢᠮ ᠪᠤᠯᠭᠠᠵᠦ ᠬᠡᠷᠡᠭᠯᠡᠳᠡᠭ︶ ᠤᠨ ᠠᠶᠠᠰ ᠠᠶᠢᠵᠠᠮ ᠳᠤ ᠵᠤᠬᠢᠴᠠᠭᠤᠯᠤᠨ ᠦᠨᠳᠦᠷ ᠲᠠᠭᠤᠨ ᠢᠶᠠᠷ ᠬᠠᠮ ᠬᠤᠭᠤᠯᠠᠢ ᠪᠠᠷ ᠲᠠᠭᠤᠨ ᠨᠡᠶᠢᠯᠡᠭᠦᠯᠦᠨ ᠨᠤᠮ ᠤᠨ ᠠᠶᠠᠰ ᠢᠶᠠᠷ ᠨᠢᠭᠡᠲᠦᠯᠲᠡᠢ ᠤᠩᠰᠢᠳᠠᠭ᠃ ᠭᠡᠬᠦ ᠳᠡᠭᠡᠨ ᠲᠤᠬᠠᠢ ᠶᠢᠨ ᠲᠠᠯᠠᠪᠤᠷᠢ ᠲᠠᠬᠢ ᠬᠤᠪᠢᠯᠭᠠᠨ᠂ ᠱᠠᠪᠷᠤᠩ᠂ ᠭᠡᠭᠡᠨ᠂ ᠬᠤᠲᠤᠭᠲᠦ᠂ ᠪᠤᠭᠲᠠ ᠪᠤᠶᠤ ᠰᠢᠷᠡᠭᠡᠨ ᠯᠠᠮ᠎ᠠ ᠶᠢᠨ ᠲᠤᠲᠤᠷᠠᠬᠢ ᠬᠠᠮᠤᠭ ᠦᠨᠳᠦᠷ ᠵᠡᠷᠭᠡᠲᠡᠨ  ᠨᠢ ᠤᠯᠪᠤᠭ ᠲᠡᠪᠢᠰᠦᠭᠰᠡᠨ ᠦᠨᠳᠦᠷ ᠬᠡᠭᠡᠨᠴᠡᠷ ᠭᠤᠤᠯ ᠰᠢᠷᠡᠭᠡᠨ ᠳᠤ ᠰᠠᠭᠠᠳᠠᠬᠤ ᠠᠴᠠ ᠪᠤᠰᠤᠳ ᠨᠢ ᠴᠦᠮ ᠪᠤᠭᠤᠨᠢ ᠰᠠᠭᠤᠳᠠᠯ ᠳᠤ ᠲᠡᠰ ᠵᠡᠷᠭᠡ ᠪᠠᠷ ᠢᠶᠠᠨ ᠲᠠᠷᠠᠭᠠᠯᠠᠨ ᠰᠠᠭᠤᠵᠦ ᠨᠤᠮ ᠤᠩᠰᠢᠳᠠᠭ᠃ ᠡᠩ ᠤᠨ ᠯᠠᠮ᠎ᠠ ᠨᠠᠷ ᠦᠨᠳᠦᠷ ᠬᠡᠭᠡᠨᠴᠡᠷ ᠰᠠᠭᠤᠳᠠᠯ ᠳᠤ ᠰᠠᠭᠤᠵᠦ ᠦᠯᠦ ᠪᠤᠯᠬᠤ ᠰᠠᠬᠢᠶ᠎ᠠ ᠰᠠᠨᠸᠠᠷ ᠲᠠᠢ ᠪᠢᠯᠠ᠃          ︵ᠦᠷᠬᠦᠯᠵᠢᠯᠡᠯ ᠪᠤᠢ︶      
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号