ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠲᠦᠷᠪᠡ
ᠨᠡᠶᠢᠲᠡᠯᠡᠭᠰᠡᠨ ᠴᠠᠭ᠄
2019/11/29
         ︵7︶  ᠬᠤᠩᠬᠢᠷᠠᠳ ᠤᠪᠣᠭᠲᠠᠨ 弘吉剌氏  —— ᠮᠤᠩᠭᠤᠯ ᠤᠨ ᠡᠷᠲᠡᠨ ᠤ ᠨᠢᠭᠡ ᠤᠭᠰᠠᠭ᠎ᠠ᠃ ᠡᠨᠡ ᠨᠡᠷ᠎ᠡ ᠬᠠᠮᠤᠭ ᠠᠩᠬ᠎ᠠ ︽ᠯᠠᠤᠬ᠎ᠠ ᠤᠯᠤᠰ ᠤᠨ ᠰᠤᠳᠤᠷ ︵辽史︶︾ ᠲᠤ ︽ᠤᠩᠭᠢᠷᠠᠳ王纪剌︾ ᠭᠡᠵᠦ ᠲᠡᠮᠳᠡᠭᠯᠡᠭᠳᠡᠪᠡ᠃ ︽ᠠᠯᠲᠠᠨ ᠤᠯᠤᠰ ᠤᠨ ᠰᠤᠳᠤᠷ ︵金史︶︾ ᠲᠤ ︽ᠭᠤᠩᠭᠢᠷᠠᠳ广吉剌︾ ᠭᠡᠵᠦ ᠲᠡᠮᠳᠡᠭᠯᠡᠭᠳᠡᠪᠡ᠃ ᠶᠤᠸᠠᠨ ᠤᠯᠤᠰ ᠤᠨ ᠦᠶ᠎ᠡ ᠳᠤ ᠬᠦᠷᠴᠦ ᠢᠷᠡᠭᠡᠳ ︽ᠦᠩᠭᠢᠷᠠᠳ翁吉剌᠂ ᠬᠤᠩᠭᠢᠷᠠᠳ弘吉剌᠂ ᠬᠤᠸᠠᠩᠭᠢᠷᠠᠳ晃吉剌᠂ ᠶᠦᠩᠭᠢᠷᠠᠳ雍吉剌 ……︾ ᠭᠡᠬᠦ ᠮᠡᠲᠦᠴᠢᠯᠡᠨ ᠠᠷᠪᠠᠭᠠᠳ ᠵᠦᠢᠯ ᠢᠶᠠᠷ ᠨᠢᠭᠡᠲᠦᠯ ᠦᠭᠡᠢ ᠲᠡᠮᠳᠡᠭᠯᠡᠪᠡ᠃ ᠷᠠᠰᠢᠳ᠋ — ᠠᠳ᠋ᠳᠢᠨ ︵拉施 特︶ ᠤ ︽ᠰᠤᠳᠤᠷ ᠤᠨ ᠴᠢᠭᠤᠯᠭᠠᠨ ︵史集︶︾ ᠳᠤ ᠲᠡᠮᠳᠡᠭᠯᠡᠭᠰᠡᠨ ᠢᠶᠠᠷ᠄ ᠬᠤᠩᠬᠢᠷᠠᠳ ᠠᠶᠢᠮᠠᠭ ᠪᠤᠯ ᠡᠷᠭᠦᠨ᠎ᠡ ᠬᠦᠨ ︵额儿古捏—昆︶ ᠳᠤ ᠤᠴᠢᠵᠦ ᠦᠷᠡᠵᠢᠨ ᠲᠦᠯᠵᠢᠭᠰᠡᠨ ᠲᠡᠷᠡ ᠬᠤᠶᠠᠷ ᠬᠦᠮᠦᠨ  ᠤ ᠬᠤᠶᠢᠴᠢᠰ ᠪᠤᠯᠬᠤ ᠪᠦᠭᠡᠳ ᠮᠤᠩᠭᠤᠯ ᠤᠨ ᠲᠡᠷᠡᠯᠡᠬᠢᠨ ︵迭儿列勤︶ ᠠᠶᠢᠮᠠᠭ ᠤᠨ ᠤᠭᠰᠠᠭ᠎ᠠ ᠪᠤᠯᠬᠤ ᠶᠤᠮ᠃ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ︾ ᠳᠤ ᠲᠡᠮᠳᠡᠭᠯᠡᠭᠰᠡᠨ ᠢᠶᠠᠷ᠄ ᠬᠤᠩᠬᠢᠷᠠᠳ ᠤᠨ ᠠᠯᠲᠠᠨ ᠰᠠᠪᠠ ︵ᠡᠬᠡ ᠶᠢᠨ ᠬᠡᠪᠡᠯᠢ︶ ᠠᠴᠠ ᠵᠦᠷᠯᠦᠭ — ᠮᠡᠷᠭᠡᠨ ︵主儿鲁黑——蔑儿干︶᠂ ᠬᠤᠪᠠ — ᠰᠢᠷ᠎ᠠ ︵忽拜—失列︶᠂ ᠲᠦᠰᠦᠪᠦ — ᠳ᠋ᠠᠤ ︵秃速不—答兀︶ ᠭᠡᠬᠦ ᠭᠤᠷᠪᠠᠨ ᠬᠦᠪᠡᠬᠦᠨ ᠮᠡᠨᠳᠦᠯᠡᠭᠰᠡᠨ ᠠᠴᠠ ᠡᠨᠡ ᠭᠤᠷᠪᠠᠨ ᠬᠦᠪᠡᠬᠦᠨ ᠨᠢ ᠬᠤᠩᠬᠢᠷᠠᠳ ᠤᠨ ᠲᠡᠭᠡᠳᠦᠰ ᠪᠤᠯᠪᠠ ᠭᠡᠰᠡᠨ ᠶᠤᠮ᠃ ᠬᠢᠲᠠᠳ ᠬᠡᠯᠡᠨ ᠤ ᠰᠤᠳᠤᠷ ᠪᠢᠴᠢᠭ ᠤᠨ ᠲᠡᠮᠳᠡᠭᠯᠡᠯ ᠢ ᠪᠠᠶᠢᠴᠠᠭᠠᠪᠠᠯ᠂ ᠬᠤᠩᠬᠢᠷᠠᠳ ᠠᠶᠢᠮᠠᠭ  ᠨᠢ ᠯᠠᠤᠬ᠎ᠠ ᠤᠯᠤᠰ ︵ᠯᠢᠶᠤᠤ辽︶ ᠤᠨ ᠦᠶ᠎ᠡ ᠳᠤ ᠨᠢᠭᠡᠨᠲᠡ ᠨᠠᠢᠮᠠᠨ ᠤᠪᠤᠭᠲᠠᠨ ᠪᠤᠯᠵᠦ ᠬᠦᠭᠵᠢᠨ ᠪᠤᠵᠠᠭᠠᠶᠢᠷᠠᠪᠠ᠃ ᠲᠡᠷᠡ ᠦᠶ᠎ᠡ ᠶᠢᠨ ᠡᠨᠡ ᠨᠠᠢᠮᠠᠨ ᠤᠪᠤᠭᠲᠠᠨ ᠤ ᠨᠡᠷᠡᠰ ᠢ ᠬᠢᠲᠠᠳ ᠬᠡᠯᠡᠨ ᠤ ︽ᠯᠠᠤᠬ᠎ᠠ ᠤᠯᠤᠰ  ᠤᠨ ᠰᠤᠳᠤᠷ︾ ᠪᠠ ︽ᠠᠯᠲᠠᠨ ᠤᠯᠤᠰ ᠤᠨ ᠰᠤᠳᠤᠷ︾ ᠵᠡᠷᠭᠡ ᠰᠤᠳᠤᠷ ᠪᠢᠴᠢᠭ ᠤᠨ ᠲᠡᠮᠳᠡᠭᠯᠡᠯ ᠠᠴᠠ ᠡᠰᠢᠯᠡᠨ ᠵᠢᠭᠰᠠᠭᠠᠪᠠᠯ᠄                1 )  ᠢᠭᠢᠷᠡᠰ ︵亦乞列思︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄ ︽ᠬᠤᠩᠭᠢᠷᠠᠳ ᠤᠨ ᠬᠤᠪᠠ — ᠰᠢᠷ᠎ᠠ ᠶᠢᠨ ᠶᠡᠭᠡ ᠬᠦᠦ ᠨᠢ ᠢᠭᠢᠷᠡᠰ ᠭᠡᠳᠡᠭ᠂ ᠡᠭᠦᠨ ᠤ ᠬᠤᠶᠢᠴᠢᠰ ᠨᠢ ᠢᠬᠢᠷᠡᠰ ᠤᠪᠤᠭᠲᠠᠨ ᠪᠤᠯᠪᠠ︾ ᠭᠡᠵᠡᠢ᠃                2 )  ᠬᠠᠷᠠᠨᠤᠳ ︵哈剌讷兀惕︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄ ︽ᠬᠤᠩᠬᠢᠷᠠᠳ ᠤᠨ ᠲᠦᠰᠤᠪᠤ — ᠳ᠋ᠠᠤ ᠶᠢᠨ ᠤᠤᠭᠠᠨ ᠬᠦᠦ ᠨᠢ ᠬᠠᠷ᠎ᠠ ᠨᠢᠳᠤ  ᠲᠠᠢ ᠲᠤᠯᠠ ᠬᠠᠷ᠎ᠠ ᠨᠢᠳᠤᠨ ᠭᠡᠳᠡᠭ᠂ ᠲᠡᠭᠦᠨ ᠤ ᠬᠤᠶᠢᠴᠢᠰ ᠨᠢ ᠬᠠᠷᠠᠨᠤᠳ ᠤᠪᠤᠭᠲᠠᠨ ᠪᠤᠯᠪᠠ︾ ᠭᠡᠵᠡᠢ᠃                3 )  ᠭᠤᠷᠯᠤᠰ ︵豁罗剌思︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄ ︽ᠬᠤᠩᠭᠢᠷᠠᠳ ᠤᠨ ᠲᠦᠰᠦᠪᠤ — ᠳ᠋ᠠᠤ ᠨᠤᠶᠠᠨᠲᠠᠨ ᠤ ᠭᠤᠷᠢᠯᠠᠵᠦ ︵ᠪᠠᠭ᠋ᠠᠷᠴᠦ᠂ ᠲᠤᠭᠤᠵᠦ᠂ ᠲᠤᠷᠠᠯᠠᠵᠦ︶ ᠠᠪᠤᠭᠰᠠᠨ ᠲᠠᠲᠠᠪᠤᠷᠢ ᠬᠠᠲᠤᠨ ᠠᠴᠠ ᠨᠢ ᠲᠦᠷᠦᠭᠰᠡᠨ ᠬᠦᠦ ᠪᠠᠨ ᠭᠤᠷᠯᠤᠰ ᠭᠡᠵᠦ ᠨᠡᠷᠡᠯᠡᠪᠡ᠂ ᠡᠭᠦᠨ  ᠤ ᠬᠤᠶᠢᠴᠢᠰ ᠨᠢ ᠭᠤᠷᠯᠤᠰ ᠤᠪᠤᠭᠲᠠᠨ ᠪᠤᠯᠪᠠ︾ ᠭᠡᠵᠡᠢ᠃                4 )  ᠡᠯᠵᠢᠭᠡᠨ ︵燕只斤︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄ ︽ᠬᠤᠩᠬᠢᠷᠠᠳ ᠤᠨ ᠲᠦᠰᠦᠪᠤ — ᠳ᠋ᠠᠤ ᠶᠢᠨ ᠬᠤᠶᠢᠴᠢᠰ ᠮᠢᠰᠢᠷ — ᠦᠯᠦᠭ ︵迷薛 儿 —玉鲁黑︶ ᠭᠡᠳᠡᠭ ᠨᠤᠶᠠᠨᠲᠠᠨ ᠤ ᠳ᠋ᠠᠪᠤᠬᠠᠢ — ᠶᠠᠪᠤᠳᠠᠭ ︵答兀海—牙不答黑 ᠳ᠋ᠠᠪᠤᠬᠠᠢ ᠭᠡᠳᠡᠭ ᠨᠢ ᠰᠠᠷᠠᠨᠠᠢ ᠴᠡᠴᠡᠭ ᠭᠡᠰᠡᠨ ᠦᠭᠡ︔ ᠶᠠᠪᠤᠳᠠᠭ ᠭᠡᠰᠡᠨ ᠨᠢ ᠡᠯᠵᠢᠭᠡ ᠤᠨᠤᠭᠰᠠᠨ ᠬᠦᠮᠦᠨ ᠭᠡᠰᠡᠨ ᠦᠭᠡ︶ ᠭᠡᠳᠡᠭ ᠨᠡᠷᠡᠲᠡᠢ ᠬᠠᠲᠤᠨ ᠨᠢ ᠮᠢᠰᠢᠷ ᠦᠯᠦᠭ ᠤᠨ ᠬᠠᠲᠤᠨ ᠪᠤᠯᠬᠤ ᠭᠡᠵᠦ ᠡᠷᠡᠰ ᠰᠢᠭᠤᠷᠬᠠᠢ ᠪᠠᠷ ᠬᠢᠲᠠᠨ ᠤᠯᠤᠰ ︵契丹︶ ᠤᠨ ᠭᠠᠵᠠᠷ ᠠᠴᠠ ᠡᠯᠵᠢᠭᠡ ᠤᠨᠤᠵᠦ ᠭᠠᠷᠴᠦ ᠢᠷᠡᠭᠰᠡᠨ ᠤᠴᠢᠷ ᠠᠴᠠ ᠡᠨᠡ ᠬᠠᠲᠤᠨ ᠠᠴᠠ ᠲᠦᠷᠦᠭᠰᠡᠨ ᠬᠦᠦ ᠪᠠᠨ ᠡᠯᠵᠢᠬᠡᠨ ᠭᠡᠪᠡ᠂ ᠲᠡᠭᠦᠨ ᠤ ᠬᠤᠶᠢᠴᠢᠰ ᠨᠢ ᠡᠯᠵᠢᠭᠡᠨ ᠤᠪᠤᠭᠲᠦ ᠪᠤᠯᠪᠠ︾ ᠭᠡᠵᠡᠢ᠃                5 )  ᠬᠤᠩᠯᠢᠭᠤᠳ ︵弘里兀惕︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄ ︽ᠬᠤᠩᠬᠢᠷᠠᠳ ᠤᠨ ᠲᠦᠰᠦᠪᠦ — ᠳ᠋ᠠᠤ ᠶᠢᠨ ᠬᠤᠶᠠᠳᠤᠭᠠᠷ ᠬᠦᠦ ᠨᠢ ᠬᠤᠩᠯᠢᠭᠤᠨ ᠭᠡᠳᠡᠭ ᠲᠤᠯᠠ ᠲᠡᠭᠦᠨ ᠤ ᠬᠤᠶᠢᠴᠢᠰ ᠨᠢ ᠬᠤᠩᠯᠢᠭᠤᠳ ᠤᠪᠤᠭᠲᠠᠨ ᠪᠤᠯᠪᠠ︾ ᠭᠡᠵᠡᠢ᠃                6 )  ᠤᠯᠬᠤᠨᠤᠳ ︵斡勒忽讷兀惕︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄ ︽ᠬᠤᠩᠬᠢᠷᠠᠳ ᠤᠨ ᠬᠤᠪᠠ — ᠰᠢᠷ᠎ᠠ ᠶᠢᠨ ᠬᠤᠶᠠᠳᠤᠭᠠᠷ ᠬᠦᠦ ᠨᠢ ᠤᠯᠬᠤᠨᠤᠳ ᠭᠡᠳᠡᠭ ᠲᠤᠯᠠ ᠲᠡᠭᠦᠨ ᠤ ᠬᠤᠶᠢᠴᠢᠰ ᠨᠢ ᠤᠯᠬᠤᠨᠤᠳ ᠤᠪᠤᠭᠲᠠᠨ ᠪᠤᠯᠪᠠ︾ ᠭᠡᠵᠡᠢ᠃                 7 )  ᠪᠤᠰᠬᠤᠷ ︵孛思忽儿︶᠂ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ史集︾ ᠳᠤ᠄  ᠲᠦ᠋ ᠵᠢᠢ屠寄 ᠶᠢᠨ ︽ᠮᠤᠩᠭᠤᠯ ᠤᠨ ᠲᠡᠤᠬᠡᠨ ᠲᠡᠮᠳᠡᠭᠯᠡᠯ蒙兀儿史记︾ ᠳᠤ᠄ ︽ᠰᠢᠪᠠᠷ ᠪᠠᠶᠢᠰᠢᠩ ᠢ ᠪᠤᠰᠬᠤᠷ ᠭᠡᠨ᠎ᠡ︾ ᠭᠡᠵᠦ ᠲᠠᠶᠢᠯᠪᠤᠷᠢᠯᠠᠪᠠ᠃         8 )  ᠨᠢᠷᠭᠢᠨ ︵溺儿斤︶᠂ ᠡᠨᠡ ︽ᠨᠢᠷᠭᠢᠨ︾ ᠭᠡᠳᠡᠭ ᠦᠭᠡ ᠶᠢᠨ ᠭᠠᠷᠤᠯ ᠢ ᠬᠠᠶᠢᠵᠦ ᠡᠰᠡ ᠤᠯᠪᠠ᠃ ᠵᠡᠭᠦᠨ ᠬᠤᠶᠢᠲᠦ ᠶᠢᠨ ᠭᠠᠵᠠᠷ ᠵᠦᠢ ᠶᠢᠨ ᠤᠶᠢᠯᠠᠯᠭ᠎ᠠ ᠪᠢᠴᠢᠭ ᠤᠳ ᠠᠴᠠ ᠪᠠᠶᠢᠴᠠᠭᠠᠬᠤᠯ᠎ᠠ᠄ ᠮᠠᠨᠵᠦ ᠴᠢᠩ ᠤᠯᠤᠰ  ᠤᠨ ᠦᠶ᠎ᠡ ᠳᠤ ᠬᠦᠷᠴᠦ ᠢᠷᠡᠭᠡᠳ ᠡᠨᠡ ︽ᠨᠢᠷᠭᠢᠨ︾ ᠭᠡᠳᠡᠭ ᠦᠭᠡ ᠶᠢ ᠬᠢᠲᠠᠳ ᠰᠤᠳᠤᠷ ᠲᠤ᠄ ︽ᠨᠢᠷᠭᠢ ︵尼尔基︶︾ ᠪᠤᠶᠤ ︽ᠨᠠᠵᠢ ︵那吉︶︾ ᠭᠡᠵᠦ ᠤᠨᠳᠤᠤᠰᠢᠭᠤᠯᠤᠨ ᠪᠢᠴᠢᠬᠦ ᠪᠤᠯᠪᠠ᠃ ᠦᠪᠦᠷ ᠮᠤᠩᠭᠤᠯ  ᠤᠨ ᠬᠦᠯᠦᠨ ᠪᠤᠶᠢᠷ ᠠᠶᠢᠮᠠᠭ ᠤᠨ ᠵᠠᠯᠠᠨ ᠠᠶᠢᠯ ᠬᠤᠲᠠ ︵ᠬᠠᠭᠤᠴᠢᠨ ᠪᠤᠳᠬ᠎ᠠ ᠬᠤᠰᠢᠭᠤ ︵布特哈旗︶᠂ ᠪᠤᠳᠬ᠎ᠠ ᠭᠡᠳᠡᠭ ᠪᠤᠯ ᠠᠩᠴᠢᠨ ᠭᠡᠰᠡᠨ ᠦᠭᠡ︶ ᠶᠢᠨ ᠵᠡᠭᠦᠨ ᠲᠠᠯ᠎ᠠ ᠳᠤ ᠪᠠᠶᠢᠭ᠎ᠠ ᠠᠷᠤ ᠶᠢᠨ ᠬᠤᠰᠢᠭᠤ ︵阿荣旗︶ ᠶᠢᠨ ᠲᠦᠪ ᠪᠠᠯᠭᠠᠰᠤ ᠶᠢᠨ ᠨᠡᠷ᠎ᠡ ᠶᠢ ︽ᠨᠠᠵᠢ ︵那吉︶︾ ᠭᠡᠳᠡᠭ᠂ ᠤᠳᠤᠬᠢ ᠬᠦᠯᠦᠨ ᠪᠤᠶᠢᠷ ᠠᠶᠢᠮᠠᠭ ᠤᠨ ᠮᠤᠷᠢᠨ ᠲᠠᠪᠠᠭ᠎ᠠ ᠲᠠᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤᠨ ᠤ ᠡᠮᠦᠨ᠎ᠡ ᠪᠡᠶ᠎ᠡ ᠳᠤ᠂ ᠨᠤᠨ ᠮᠦᠷᠡᠨ ︵嫩 江︶ ᠤ ᠪᠠᠷᠠᠭᠤᠨ ᠬᠦᠪᠡᠭᠡᠨ ᠳᠤ᠂ ᠨᠤᠮᠢᠨ ᠭᠤᠤᠯ ︵诺敏河︶ ᠤᠨ ᠵᠡᠭᠦᠨ ᠬᠦᠪᠡᠭᠡᠨ ᠳᠤ ︽ᠨᠢᠷᠭᠢ︾ ᠭᠡᠳᠡᠭ ᠪᠠᠯᠭᠠᠰᠤ ᠪᠠᠶᠢᠬᠤ ᠪᠦᠭᠡᠳ ᠮᠦᠨ ᠠᠳᠡ ᠤᠯᠤᠰ ᠲᠤ ᠨᠡᠷᠡᠲᠡᠢ ︽ᠨᠢᠷᠭᠢ ᠤᠰᠤᠨ ᠴᠦᠬᠦᠷᠦᠮ︾ ᠭᠡᠵᠦ ᠪᠤᠢ᠃ ᠡᠳᠡᠭᠡᠷ ︽ᠨᠢᠷᠭᠢ︾ ᠪᠤᠶᠤ ︽ᠨᠠᠵᠢ︾ ᠭᠡᠳᠡᠭ ᠨᠡᠷ᠎ᠡ ᠨᠢ ᠬᠠᠷᠢᠨᠴᠦ ᠡᠨᠡᠬᠦ ︽ᠨᠢᠷᠭᠢᠨ︾ ᠭᠡᠳᠡᠭ ᠦᠭᠡᠨ ᠠᠴᠠ ᠬᠤᠪᠢᠷᠠᠵᠦ ᠢᠷᠡᠭᠰᠡᠨ ᠪᠠᠶᠢᠵᠠᠢ᠃ ᠡᠨᠡ ᠬᠤᠰᠢᠭᠤᠨ ᠠᠴᠠ ᠪᠠᠷᠠᠭᠤᠨ ᠡᠮᠦᠨ᠎ᠡ ᠵᠠᠭᠤᠭᠠᠳ ᠺᠢᠯᠤᠮᠧᠲᠷ ᠤᠨ ᠵᠠᠢ ᠳᠤ ︽ᠴᠢᠩᠬᠢᠰ ᠬᠠᠭᠠᠨ ᠪᠠᠯᠭᠠᠰᠤ ︵成吉思汗镇︶︾ ᠪᠤᠢ᠃ ᠡᠨᠡ ᠪᠠᠯᠭᠠᠰᠤ ᠨᠢ ᠵᠠᠯᠠᠨ ᠠᠶᠢᠯ ᠬᠤᠲᠠ ᠳᠤ ᠬᠠᠷᠢᠶᠠᠯᠠᠭᠳᠠᠵᠦ᠂ ᠬᠤᠲᠠ ᠶᠢᠨ ᠲᠦᠪ ᠠᠴᠠ ᠡᠮᠦᠨ᠎ᠡ ᠬᠤᠷᠢᠨ ᠲᠠᠪᠤᠨ ᠺᠢᠯᠤᠮᠧᠲᠷ ᠲᠤ ᠪᠤᠢ᠃                  ᠲᠡᠭᠡᠷᠡᠬᠢ ᠪᠤᠯ ᠲᠠᠷᠤᠢ ᠯᠠᠤᠬ᠎ᠠ ᠤᠯᠤᠰ ᠤᠨ ᠦᠶ᠎ᠡ ᠳᠠᠬᠢ ᠬᠤᠩᠬᠢᠷᠠᠳ ᠠᠶᠢᠮᠠᠭ ᠤᠨ ᠨᠠᠢᠮᠠᠨ ᠶᠡᠭᠡ ᠤᠪᠤᠭᠲᠠᠨ ᠪᠤᠯᠤᠨ᠎ᠠ᠃                ᠳ᠋ᠢᠢ ᠰᠡᠴᠡᠨ ︵特薛禅︶ ᠪᠤᠯ ᠬᠤᠩᠬᠢᠷᠠᠳ ᠠᠶᠢᠮᠠᠭ ᠤᠨ ᠪᠤᠰᠬᠤᠷ ᠤᠪᠤᠭᠲᠠᠨ ᠤ ᠠᠬᠠᠯᠠᠭᠴᠢ ᠪᠤᠯᠬᠤ ᠶᠤᠮ᠃ ᠳ᠋ᠢᠢ ᠰᠡᠴᠡᠨ ᠬᠢᠭᠡᠳ ᠲᠡᠭᠦᠨ ᠤ ᠬᠡᠤᠬᠡᠳ ᠨᠢ ᠴᠢᠩᠬᠢᠰ ᠬᠠᠭᠠᠨ ᠳᠤ ᠰᠢᠳᠤᠷᠭᠠᠯᠠᠨ ᠵᠢᠳᠬᠦᠭᠰᠡᠨ ᠦᠯᠡᠮᠵᠢ ᠭᠠᠪᠢᠶᠠᠲᠠᠳ ᠪᠤᠯᠬᠤ ᠲᠤᠯᠠ ᠴᠢᠩᠬᠢᠰ ᠬᠠᠭᠠᠨ᠂ ᠨᠤᠬᠠᠢ ᠵᠢᠯ ︵1214 ᠤᠨ︶ ᠳᠤ ᠲᠠᠯᠤᠨᠠᠭᠤᠷ ︵ᠤᠳᠤᠬᠢ ᠬᠡᠰᠢᠭᠲᠡᠨ ᠬᠤᠰᠢᠭᠤ︶ ᠲᠤ ᠵᠤᠰᠠᠬᠤ ᠳᠠᠭᠠᠨ ᠡᠨᠡ ᠭᠠᠵᠠᠷ ᠢ ᠦᠵᠡᠵᠦ ᠲᠤᠭᠤᠭᠠᠳ ᠳ᠋ᠢᠢ ᠰᠡᠴᠡᠨ ᠤ ᠦᠷ᠎ᠡ ᠬᠡᠤᠬᠡᠳ ᠲᠤ ᠬᠤᠪᠢᠯᠠᠨ ᠰᠤᠶᠤᠷᠬᠠᠭᠰᠠᠨ ᠪᠠᠶᠢᠵᠠᠢ᠃ ︽ᠶᠤᠸᠠᠨ ᠤᠯᠤᠰ ᠤᠨ ᠰᠤᠳᠤᠷ︾ ᠲᠤ ᠲᠡᠮᠳᠡᠭᠯᠡᠭᠳᠡᠭᠰᠡᠨ ᠡᠨᠡ ᠦᠶ᠎ᠡ ᠳᠠᠬᠢ ᠰᠤᠶᠤᠷᠬᠠᠯ ᠤᠨ ᠨᠡᠷᠡᠰ ᠤᠨ ᠲᠤᠲᠤᠷ᠎ᠠ ᠳ᠋ᠢᠢ ᠰᠡᠴᠡᠨ ᠤ ᠨᠡᠷ᠎ᠡ ᠡᠰᠡ ᠬᠠᠷᠠᠭᠳᠠᠬᠤ ᠲᠤᠯᠠ ᠳ᠋ᠢᠢ ᠰᠡᠴᠡᠨ ᠡᠨᠡ ᠦᠶ᠎ᠡ ᠳᠤ ᠨᠢᠭᠡᠨᠲᠡ ᠲᠠᠭᠠᠯᠠᠯ ᠲᠡᠭᠦᠰᠦᠭᠰᠡᠨ ᠪᠠᠶᠢᠵᠦ ᠮᠡᠳᠡᠨ᠎ᠡ᠃                ︽ᠬᠤᠩᠬᠢᠷᠠᠳ︾ ᠭᠡᠳᠡᠭ ᠦᠭᠡ ᠶᠢ ᠴᠢᠩ ᠤᠯᠤᠰ ᠤᠨ ᠰᠡᠭᠦᠯᠴᠢ ᠪᠠ ᠢᠷᠭᠡᠨ ᠤᠯᠤᠰ ᠤᠨ ᠦᠶ᠎ᠡ ᠶᠢᠨ ᠮᠤᠩᠭᠤᠯ ᠲᠡᠤᠬᠡ ᠶᠢᠨ ᠡᠷᠳᠡᠮᠲᠡᠨ ᠡᠤ ᠶᠢᠨ ᠭᠠᠵᠠᠷ ᠤᠨ ᠲᠦ᠋ ᠵᠢᠢ ᠭᠡᠳᠡᠭ ᠡᠷᠳᠡᠮᠲᠡᠨ ᠠᠴᠠ ︽ᠮᠤᠩᠭᠤᠯ ᠤᠨ ᠲᠡᠤᠬᠡᠨ ᠲᠡᠮᠳᠡᠭᠯᠡᠯ︾ ᠭᠡᠳᠡᠭ ᠪᠢᠴᠢᠭ ᠲᠡᠭᠡᠨ᠄ ︽ᠬᠤᠩᠬᠢᠷᠠᠳ ᠭᠡᠳᠡᠭ ᠪᠤᠯ ᠬᠦᠩᠭᠡ ᠭᠠᠷᠤᠭᠠᠳ ᠭᠡᠰᠡᠨ ᠦᠭᠡ ᠮᠦᠨ᠂ ᠦᠬᠢᠳ ᠨᠢ ᠰᠠᠶᠢᠬᠠᠨ ᠵᠢᠰᠤᠲᠠᠢ ᠭᠡᠰᠡᠨ ᠤᠳᠬ᠎ᠠ ᠲᠠᠢ ᠶᠤᠮ︾ ᠭᠡᠵᠦ ᠲᠠᠶᠢᠯᠪᠤᠷᠢᠯᠠᠪᠠ᠃ ︽ᠬᠦᠩᠭᠡ ᠭᠠᠷᠤᠭᠠᠳ︾ ᠭᠡᠰᠡᠨ ᠦᠭᠡ ᠶᠢ ᠤᠳᠤ ᠦᠶ᠎ᠡ ᠶᠢᠨ ᠮᠤᠩᠭᠤᠯ ᠬᠡᠯᠡᠨ ᠳᠤ ︽ᠦᠩᠭᠡ ᠭᠠᠷᠤᠭᠠᠳ︾ ᠭᠡᠵᠦ ᠬᠡᠯᠡᠬᠦ ᠪᠤᠯᠵᠠᠢ᠃                ︵8︶  ᠠᠯᠴᠤ ᠨᠤᠶᠠᠨ 按陈那演  —— ᠬᠤᠩᠬᠢᠷᠠᠳ ︵弘吉剌 特︶ ᠠᠶᠢᠮᠠᠭ ᠤᠨ ᠪᠤᠰᠬᠤᠷ ︵孛思忽儿︶ ᠤᠪᠤᠭ ᠤᠨ ᠬᠦᠮᠦᠨ᠂ ᠳ᠋ᠢᠢ ᠰᠡᠴᠡᠨ ︵特薛禅︶ ᠤ ᠬᠦᠪᠡᠬᠦᠨ᠃ ᠶᠤᠸᠠᠨ ᠤᠯᠤᠰ ᠤᠨ ᠲᠤᠯᠭᠤᠷ ᠤᠷᠢᠳᠤᠰ ︵ᠲᠠᠶᠢᠽᠦ太祖︶ ᠴᠢᠩᠬᠢᠰ ᠬᠠᠭᠠᠨ ᠢ ᠲᠠᠭᠠᠵᠦ ᠭᠤᠴᠢᠨ ᠬᠤᠶᠠᠷ ᠤᠳᠠᠭ᠎ᠠ ᠶᠢᠨ ᠲᠠᠶᠢᠨ ᠪᠠᠶᠢᠯᠳᠤᠭᠠᠨ ᠳᠤ ᠤᠷᠤᠯᠴᠠᠵᠦ᠂ ᠲᠠᠩᠭᠤᠳ ᠤᠯᠤᠰ ︵西夏︶ ᠢ ᠲᠦᠪᠰᠢᠳᠭᠡᠨ᠂ ᠲᠦᠩᠭᠤᠸᠠᠨ ᠪᠤᠭᠤᠮᠲᠠ ︵潼关︶ ᠶᠢᠨ ᠵᠠᠮ ᠢ ᠲᠠᠰᠤᠯᠠᠨ᠂ ᠤᠶᠢᠭᠤᠷ ᠤᠨ ᠰᠠᠮᠠᠷᠭᠠᠨᠳ᠋ ︵寻思干︶ ᠬᠤᠲᠠ ᠶᠢ ᠡᠵᠡᠯᠡᠬᠦ ᠳᠤ ᠴᠦᠮ ᠦᠪᠡᠳᠡᠭᠰᠢ ᠭᠠᠪᠢᠶ᠎ᠠ ᠪᠠᠶᠢᠭᠤᠯᠪᠠ᠃ ᠴᠢᠩᠭᠢᠰ ᠬᠠᠭᠠᠨ ᠤ ᠬᠤᠷᠢᠨ ᠬᠤᠶᠠᠳᠤᠭᠠᠷ ᠤᠨ᠂ ᠤᠯᠠᠭᠴᠢᠨ ᠭᠠᠭ᠋ᠠᠢ ᠵᠢᠯ ︵1227 ᠤᠨ︶ ᠳᠤ ᠤᠯᠤᠰ ᠤᠨ ᠨᠠᠭᠠᠴᠤ ᠠᠯᠴᠤ ᠨᠤᠶᠠᠨ ︵国舅按陈那演︶ ᠭᠡᠬᠦ ᠴᠤᠯᠠ ᠪᠠᠷ ᠰᠤᠶᠤᠷᠬᠠᠭᠳᠠᠪᠠ᠃ ᠦᠭᠡᠳᠡᠢ ᠬᠠᠭᠠᠨ ᠤ ᠲᠦᠷᠪᠡᠳᠦᠭᠡᠷ ᠤᠨ᠂ ᠬᠠᠷ᠎ᠠ ᠯᠤᠤ ᠵᠢᠯ ︵1232 ᠤᠨ︶ ᠳᠤ᠂ ᠮᠦᠩᠭᠦᠨ ᠲᠠᠮᠠᠭ᠎ᠠ ᠰᠤᠶᠤᠷᠬᠠᠵᠦ᠂ ᠬᠠᠰᠢᠨ ᠸᠠᠩ ︵河西王— ᠤᠳᠤᠬᠢ ᠨᠢᠩᠰᠢᠶᠠ ᠶᠢᠨ ᠬᠤᠲᠤᠩ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠬᠢᠭᠡᠳ ᠭᠠᠨᠰᠤ ᠮᠤᠵᠢ  ᠶᠢᠨ ᠬᠠᠰᠢᠨ ᠬᠤᠩᠬᠢᠯ︶ ᠡᠷᠭᠦᠮᠵᠢᠯᠡᠨ ᠬᠤᠩᠬᠢᠷᠠᠳ ᠠᠶᠢᠮᠠᠭ ᠢ ᠵᠠᠬᠢᠷᠠᠭᠤᠯᠪᠠ᠃ ᠦᠭᠡᠲᠡᠢ ᠬᠠᠭᠠᠨ ᠤ ᠶᠢᠰᠦᠳᠦᠭᠡᠷ ᠤᠨ᠂ ᠤᠯᠠᠭᠴᠢᠨ ᠲᠠᠬᠢᠶ᠎ᠠ ᠵᠢᠯ ︵1237 ᠤᠨ︶ ᠳᠤ᠂ ᠬᠤᠷᠢᠨ ᠲᠦᠮᠡᠨ ᠰᠢᠭᠰᠢᠷᠡᠭᠡ ︵ᠮᠢᠨ缗᠂ ᠬᠡᠯᠬᠢᠶ᠎ᠡ︶ ᠵᠤᠭᠤᠰ ᠰᠤᠶᠤᠷᠬᠠᠨ ᠱᠠᠩᠨᠠᠬᠤ ᠶᠢᠨ ᠬᠠᠮᠲᠦ ᠬᠤᠩᠬᠢᠷᠠᠳ ᠠᠶᠢᠮᠠᠭ ᠤᠨ ᠬᠢᠨᠢ ᠦᠬᠢᠨ ᠲᠦᠷᠦᠪᠡᠰᠦ ᠬᠠᠲᠤᠨ ᠪᠤᠯᠭᠠᠵᠦ᠂ ᠬᠦᠪᠡᠬᠦᠨ ᠲᠦᠷᠦᠪᠡᠰᠦ ᠪᠠᠬᠢ ︵ᠭᠦᠩᠵᠦ︶ ᠯᠦᠭᠡ ᠭᠡᠷᠯᠡᠭᠦᠯᠵᠦ᠂ ᠤᠷᠤᠭ ᠤᠨ ᠤᠷᠤᠭ ᠲᠤᠷ ᠪᠢᠲᠡᠬᠢ ᠲᠠᠰᠤᠯᠳᠤᠭᠤᠯᠤᠭᠲᠤᠨ ᠬᠡᠮᠡᠨ ᠵᠠᠷᠯᠢᠭ ᠪᠤᠯᠤᠭᠰᠠᠨ ᠢᠶᠠᠷ ᠪᠠᠷᠠᠬᠤ ᠦᠭᠡᠢ ᠤᠯᠵᠠᠯᠠᠭᠰᠠᠨ ᠴᠡᠷᠢᠭ ᠢᠷᠭᠡᠳ ᠠᠴᠠ ᠨᠢ ᠲᠠᠪᠤᠨ ᠮᠢᠩᠭ᠎ᠠ ᠬᠤᠶᠠᠷ ᠵᠠᠭᠤ ᠶᠢ ᠰᠤᠶᠤᠷᠬᠠᠨ ᠦᠭᠴᠦ᠂ ᠲᠦᠮᠡᠲᠦ ᠶᠢᠨ ᠨᠤᠶᠠᠨ ︵万户︶ ᠪᠤᠯᠭᠠᠪᠠ᠃ ᠠᠯᠴᠤ ᠨᠦᠭᠴᠢᠭᠰᠡᠨ ᠤ ᠬᠤᠶᠢᠨ᠎ᠠ ᠭᠤᠷ ᠤᠨ ᠠᠭᠤᠯᠠ ︵官人山︶ ᠳᠤ ᠤᠷᠤᠰᠢᠭᠤᠯᠪᠠ᠃ ᠲᠡᠮᠦᠷ ᠬᠠᠭᠠᠨ  ᠤ ᠢᠵᠠᠭᠤᠷ ᠪᠠᠲᠤ ︵ᠶᠤᠸᠠᠨ ᠵᠧᠨ元贞︶ ᠶᠢᠨ ᠠᠩᠬᠠᠳᠤᠭᠠᠷ ᠤᠨ ︵1295 ᠤᠨ︶ ᠤ ᠬᠤᠶᠠᠳᠤᠭᠠᠷ ᠰᠠᠷ᠎ᠠ ᠳᠤ ᠵᠢᠨᠢᠩ ᠸᠠᠩ ︵济宁王︶ ᠭᠡᠵᠦ ᠨᠡᠬᠡᠨ ᠡᠷᠭᠦᠮᠵᠢᠯᠡᠵᠦ᠂ ᠨᠡᠬᠡᠨ ᠡᠷᠭᠦᠮᠵᠢᠯᠡᠭᠰᠡᠨ ᠴᠤᠯᠠ ᠶᠢ ᠨᠢ ᠰᠢᠳᠤᠷᠭᠤ ᠪᠠᠭᠠᠲᠤᠷ ︵ᠵᠦᠩ ᠡᠤ忠武︶ ᠬᠡᠮᠡᠭᠡᠳ ᠲᠡᠭᠦᠨ ᠤ ᠡᠬᠡᠨᠡᠷ ᠬᠠᠴᠢᠨ ︵哈 真︶ ᠬᠡᠮᠡᠭᠴᠢ ᠶᠢ ᠵᠢᠨᠢᠩ ᠸᠠᠩ ᠤᠨ ᠬᠠᠲᠤᠨ ︵济宁王妃︶ ᠬᠡᠮᠡᠨ ᠨᠡᠬᠡᠨ ᠡᠷᠭᠦᠮᠵᠢᠯᠡᠪᠡ᠃ ᠬᠦᠪᠡᠬᠦᠨ ᠨᠢ ᠦᠯᠴᠦ ︵斡陈︶᠂ ᠨᠠᠴᠢᠨ ︵纳陈︶᠂ ᠲᠡᠮᠦᠷ ︵帖木儿︶᠂ ᠰᠤᠷᠬᠤᠲᠦ ︵唆儿火都︶᠂ ᠪᠢᠯᠢᠭ ︵必格︶ ᠭᠡᠳᠡᠭ ᠪᠦᠭᠡᠳ ᠦᠬᠢᠨ ᠨᠢ ᠬᠤᠪᠢᠯᠠᠢ ᠰᠡᠴᠡᠨ ᠬᠠᠭᠠᠨ ᠤ ᠭᠦᠷᠦᠨ ᠬᠠᠲᠤᠨ ︵皇后︶ ᠴᠠᠮᠪᠢ ︵察必︶ ᠪᠤᠶᠤ᠃ ᠷᠠᠰᠢᠳ᠋ — ᠠᠳ᠋ᠳᠢᠨ ᠤ ︽ᠰᠤᠳᠤᠷ ᠤᠨ ᠴᠢᠭᠤᠯᠭᠠᠨ︾ ᠳᠤ ᠴᠠᠮᠪᠢ ᠬᠠᠲᠤᠨ ᠢ ︽ᠮᠠᠰᠢ ᠤᠬᠠᠭᠠᠨᠲᠠᠢ ᠪᠦᠭᠡᠳ ᠲᠤᠶᠢᠯ ᠤᠨ ᠭᠤᠶᠤ ᠦᠵᠡᠰᠭᠦᠯᠡᠩ︾ ᠭᠡᠵᠦ ᠱᠠᠭᠰᠢᠨ ᠪᠢᠴᠢᠭᠰᠡᠨ ᠪᠢᠯᠡ᠃                ︵9︶  ᠲᠤᠯᠭᠤᠷ ᠤᠷᠢᠳᠤᠰ太祖 ︵ᠲᠠᠶᠢᠽᠦ︶ —— ᠶᠡᠭᠡ ᠡᠵᠡᠨ ᠴᠢᠩᠬᠢᠰ ᠬᠠᠭᠠᠨ ᠤ ᠲᠡᠭᠷᠢ ᠳᠤ ᠬᠠᠯᠢᠭᠰᠠᠨ ᠤ ᠲᠠᠷᠠᠭᠠᠬᠢ ᠰᠦᠮ᠎ᠡ ᠶᠢᠨ ᠴᠤᠯᠠ ︵庙号︶ ᠪᠢᠯᠡ᠃ ᠰᠦᠮ᠎ᠡ ᠶᠢᠨ ᠴᠤᠯᠠ ᠭᠡᠳᠡᠭ ᠪᠤᠯ ᠡᠷᠲᠡᠨ ᠤ ᠬᠠᠭᠠᠨᠲᠦ ᠲᠦᠷᠦ ᠶᠢᠨ ᠶᠤᠰᠤᠨ ᠳᠤ ᠡᠵᠡᠨ ᠬᠠᠭᠠᠨ ᠲᠡᠭᠷᠢ ᠳᠤ ᠬᠠᠯᠢᠭᠰᠠᠨ ᠤ ᠲᠠᠷᠠᠭ᠎ᠠ ᠰᠠᠭᠤᠷᠢᠨ ᠵᠠᠯᠭᠠᠮᠵᠢᠯᠠᠭᠰᠠᠨ ᠬᠠᠭᠠᠨ ᠠᠴᠠ ᠵᠠᠷᠯᠢᠭ ᠪᠠᠭᠤᠯᠭᠠᠵᠦ᠂ ᠶᠤᠰᠤᠯᠠᠯ ᠤᠨ ᠶᠠᠮᠤᠨ ᠠᠴᠠ ᠦᠩᠭᠡᠷᠡᠭᠰᠡᠨ ᠲᠦᠷᠦ  ᠨᠦᠭᠦᠳ ᠤᠨ ᠡᠵᠡᠳ ᠬᠠᠭᠠᠳ ᠤᠨ ᠰᠦᠮ᠎ᠡ ᠶᠢᠨ ᠴᠤᠯᠠ ᠶᠢ ᠲᠤᠭᠲᠠᠭᠠᠬᠤ ᠲᠦᠷᠢᠮ ᠶᠤᠰᠤᠭᠠᠷ ᠨᠢᠭᠡᠨᠲᠡ ᠬᠠᠯᠢᠭᠰᠠᠨ ᠬᠠᠭᠠᠨ ᠤ ᠲᠠᠬᠢᠯ ᠤᠨ ᠬᠡᠷᠡᠭᠡ ︵ᠫᠠᠶᠢᠽᠢ牌子᠂ ᠮᠠᠨᠵᠦ ᠴᠢᠩ ᠤᠯᠤᠰ ᠤᠨ ᠬᠠᠷᠬᠢᠰ ᠮᠤᠩᠬᠠᠷᠠᠭᠤᠯᠤᠯ ᠤᠨ ᠦᠷ᠎ᠡ ᠳ᠋ᠦᠩ ᠳᠤ᠂ ᠤᠳᠤ ᠦᠶ᠎ᠡ ᠶᠢᠨ ᠮᠤᠩᠭᠤᠯᠴᠤᠳ ᠡᠨᠡ ᠬᠡᠷᠡᠭᠡ ᠭᠡᠳᠡᠭ ᠦᠭᠡ ᠶᠢ ᠬᠡᠷᠡᠭᠯᠡᠬᠦ ᠪᠠᠨ ᠪᠤᠯᠢᠭᠠᠳ ᠤᠷᠤᠨ ᠳᠤᠨᠢ ᠫᠠᠶᠢᠽᠢ ᠭᠡᠳᠡᠭ ᠬᠢᠲᠠᠳ ᠦᠭᠡ ᠶᠢ ᠬᠡᠷᠡᠭᠯᠡᠬᠦ ᠪᠤᠯᠵᠠᠢ︶ ᠶᠢ ᠡᠪᠦᠭᠡᠳ ᠤᠨ ᠰᠦᠮ᠎ᠡ ᠳᠤ ᠲᠡᠪᠰᠢᠭᠦᠯᠬᠦ ᠦᠶ᠎ᠡ ᠳᠤ ᠬᠦᠷᠦᠭᠯᠡᠨ ᠤᠯᠭᠤᠳᠠᠭ ᠲᠠᠬᠢᠯ ᠲᠠᠶᠢᠯᠠᠯᠭ᠎ᠠ ᠬᠢᠬᠦ ᠦᠶ᠎ᠡ ᠳᠤ ᠪᠤᠶᠤ ᠬᠤᠵᠢᠮ  ᠤᠨ ᠬᠦᠮᠦᠰ ᠤᠨ ᠬᠡᠷᠡᠭᠯᠡᠬᠦ ᠳᠤ ᠵᠤᠷᠢᠭᠤᠯᠤᠭᠰᠠᠨ ᠨᠡᠷ᠎ᠡ ᠲᠠᠭᠤᠳᠠᠯᠭ᠎ᠠ ᠪᠤᠯᠬᠤ ᠶᠤᠮ᠃ ᠡᠷᠲᠡᠨ ᠤ ᠬᠠᠭᠠᠨᠲᠦ ᠲᠦᠷᠦ  ᠶᠢᠨ ᠶᠤᠰᠤᠨ ᠳᠤ ᠡᠵᠡᠨ ᠬᠠᠭᠠᠨ ᠢ ᠨᠡᠷ᠎ᠡ ᠪᠠᠷ ᠨᠢ ᠲᠠᠭᠤᠳᠠᠬᠤ ᠶᠢ ᠲᠠᠰᠤ ᠴᠡᠭᠡᠷᠯᠡᠵᠦ᠂ ᠠᠮᠢᠳᠦ ᠰᠡᠷᠢᠭᠦᠨ ᠪᠠᠶᠢᠬᠤ ᠦᠶ᠎ᠡ ᠳᠤᠨᠢ ᠬᠢᠲᠠᠳ ᠭᠦᠷᠦᠨ ᠤ ᠬᠢᠨᠢ ᠪᠤᠯ ᠤᠨ ᠤ ᠴᠤᠯᠠ ᠪᠠᠷ ᠨᠢ ᠨᠡᠷᠡᠯᠡᠵᠦ᠂ ᠮᠤᠩᠭᠤᠯ ᠲᠦᠷᠦ ᠶᠢᠨ ᠬᠢᠨᠢ ᠪᠤᠯ ᠬᠠᠭᠠᠨ ᠴᠤᠯᠠ ᠪᠠᠷ ᠲᠠᠭᠤᠳᠠᠳᠠᠭ ᠶᠤᠰᠤᠨ ᠪᠠᠶᠢᠭᠰᠠᠨ ᠶᠤᠮ᠃ ᠵᠢᠰᠢᠶᠡᠯᠡᠪᠡᠯ᠄ ᠪᠠᠷᠠᠭᠤᠨ ᠬᠠᠨ ᠤᠯᠤᠰ ᠤᠨ ︽ᠴᠤᠭᠵᠢᠯᠲᠦ ᠢᠵᠠᠭᠤᠷ ︵ᠵᠢᠶᠠᠨ ᠶᠤᠸᠠᠨ建元︶︾ ᠭᠡᠳᠡᠭ ᠪᠤᠯ ᠬᠠᠨ ᠡᠤ ᠳ᠋ᠢ ᠬᠠᠭᠠᠨ ᠤ ᠨᠡᠷ᠎ᠡ ᠪᠢᠰᠢ᠂ ᠤᠨ ᠤ ᠴᠤᠯᠠ ᠨᠢ ᠪᠤᠯᠬᠤ ᠶᠤᠮ︔ ᠮᠤᠩᠭᠤᠯ ᠤᠨ ᠴᠢᠩᠬᠢᠰ ᠬᠠᠭᠠᠨ ᠤ ︽ᠴᠢᠩᠬᠢᠰ︾ ᠭᠡᠳᠡᠭ ᠪᠤᠯ ᠴᠢᠩᠬᠢᠰ ᠬᠠᠭᠠᠨ ᠤ ᠦᠪᠡᠷ ᠤᠨ ᠬᠢᠨᠢ ᠨᠡᠷ᠎ᠡ ᠪᠢᠰᠢ᠂ ᠬᠠᠷᠢᠨ ᠬᠠᠭᠠᠨ ᠴᠤᠯᠠ ᠨᠢ ᠪᠤᠯᠬᠤ ᠶᠤᠮ᠃ ᠦᠩᠭᠡᠷᠡᠭᠰᠡᠨ ᠲᠦᠷᠦ  ᠶᠢᠨ ᠶᠤᠰᠤᠨ ᠳᠤ ᠲᠤᠯᠭᠤᠷ ᠲᠦᠷᠦ ᠶᠢ ᠴᠤᠭᠴᠠᠯᠠᠭᠰᠠᠨ ᠬᠠᠭᠠᠨ ᠳᠤ ᠰᠦᠮ᠎ᠡ ᠶᠢᠨ ᠴᠤᠯᠠ ᠶᠢ ᠬᠦᠷᠦᠭᠯᠡᠬᠦ ᠳᠡᠭᠡᠨ ︽ᠲᠤᠯᠭᠤᠷ ᠤᠷᠢᠳᠤᠰ ︵ᠲᠠᠶᠢᠽᠦ太祖︶︾ ᠭᠡᠵᠦ᠂ ᠲᠦᠷᠦ ᠵᠠᠯᠭᠠᠮᠵᠢᠯᠠᠭᠰᠠᠨ ᠬᠤᠶᠠᠳᠠᠭᠴᠢ ᠬᠠᠭᠠᠨ ᠳᠤ ᠪᠤᠯ ︽ᠲᠤᠯᠭᠤᠷ ᠲᠡᠭᠡᠳᠦᠰ ︵ᠲᠠᠶᠢᠽᠦ᠋ᠩ太宗︶︾ ᠭᠡᠵᠦ᠂ ᠲᠦᠷᠦ ᠶᠢᠨ ᠴᠤᠯᠠ ᠶᠢ ᠤᠯᠠᠷᠢᠭᠤᠯᠤᠭᠰᠠᠨ ᠬᠠᠭᠠᠨ ᠳᠤ ︽ᠰᠤᠷᠪᠤᠯᠵᠢ ᠤᠷᠢᠳᠤᠰ ︵ᠱᠢᠽᠦ世祖︶︾ ᠭᠡᠬᠦ ᠰᠦᠮ᠎ᠡ ᠶᠢᠨ ᠴᠤᠯᠠ ᠪᠠᠷ ᠬᠦᠷᠦᠭᠯᠡᠬᠦ ᠲᠦᠷᠢᠮ ᠲᠠᠢ ᠪᠠᠶᠢᠵᠠᠢ᠃ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠤᠨᠤᠯᠲᠦ ᠲᠡᠷᠢᠭᠦᠨ ︵ᠵᠾᠢ ᠶᠤᠸᠠᠨ至元︶ ᠤ ᠬᠤᠶᠠᠳᠤᠭᠠᠷ ᠤᠨ ︵1265 ᠤᠨ︶ ᠳᠤ᠂ ᠴᠢᠩᠬᠢᠰ ᠬᠠᠭᠠᠨ ᠤ ᠰᠦᠮ᠎ᠡ ᠶᠢᠨ ᠴᠤᠯᠠ ᠶᠢ ︽ᠲᠤᠯᠭᠤᠷ ᠤᠷᠢᠳᠤᠰ ︵ᠲᠠᠶᠢᠽᠦ太祖︶︾ ᠭᠡᠵᠦ ᠬᠦᠷᠦᠭᠯᠡᠪᠡ᠃ ᠭᠤᠷᠪᠠᠳᠤᠭᠠᠷ ᠤᠨ ︵1266 ᠤᠨ︶  ᠳᠤ᠂ ᠨᠡᠬᠡᠨ ᠡᠷᠭᠦᠮᠵᠢᠯᠡᠭᠰᠡᠨ ᠴᠤᠯᠠ ᠶᠢ ᠨᠢ ︽ᠪᠤᠭᠳᠠ ᠪᠠᠭᠠᠲᠤᠷ ᠬᠠᠭᠠᠨ ︵ᠱᠧᠩ ᠡᠤ ᠬᠤᠸᠠᠩ ᠳ᠋ᠢ圣武皇帝︶︾ ᠭᠡᠪᠡ᠃ ᠶᠤᠸᠠᠨ ᠤᠯᠤᠰ ᠤᠨ ᠭᠤᠷᠪᠠᠳᠤᠭᠠᠷ ᠦᠶ᠎ᠡ ᠶᠢᠨ ᠬᠠᠭᠠᠨ᠂ ᠴᠤᠭᠲᠦ ᠲᠡᠭᠡᠳᠦᠰ ᠬᠠᠶᠢᠰᠠᠩ ︵武宗海山︶ ᠬᠠᠭᠠᠨ ᠤ ᠤᠨᠤᠯᠲᠦ ᠶᠡᠭᠡ ︵ᠵᠾᠢ ᠳ᠋ᠠ至 大︶ ᠶᠢᠨ ᠭᠤᠷᠪᠠᠳᠤᠭᠠᠷ ᠤᠨ ︵1309 ᠤᠨ︶ ᠳᠤ ᠨᠡᠬᠡᠨ ᠡᠷᠭᠦᠮᠵᠢᠯᠡᠭᠰᠡᠨ ᠴᠤᠯᠠ ᠶᠢ ᠨᠢ ᠨᠡᠮᠡᠵᠦ ︽ᠲᠡᠭᠷᠢ ᠶᠢᠨ ᠪᠤᠱᠤᠭ ᠢᠶᠠᠷ ᠤᠯᠠᠷᠢᠯ ᠢ ᠰᠡᠬᠦᠭᠰᠡᠨ ᠪᠤᠭᠲᠠ ᠪᠠᠭᠠᠲᠤᠷ ᠬᠠᠭᠠᠨ ︵法天启运圣武皇帝︶︾ ᠭᠡᠪᠡ᠃ ᠮᠤᠩᠭᠤᠯ ᠤᠨ ᠲᠦᠷᠦ ᠳᠤ ᠰᠦᠮ᠎ᠡ ᠶᠢᠨ ᠴᠤᠯᠠ ︵庙号︶ ᠪᠠ ᠤᠨ ᠤ ᠴᠤᠯᠠ ︵年号︶ ᠶᠢ ᠬᠤᠪᠢᠯᠠᠢ ᠰᠡᠴᠡᠨ ᠬᠠᠭᠠᠨ ᠤ ᠦᠶ᠎ᠡ  ᠠᠴᠠ ᠡᠬᠢᠯᠡᠵᠦ ᠬᠡᠷᠡᠭᠯᠡᠪᠡ᠃ ᠡᠭᠦᠨ ᠠᠴᠠ ᠲᠦᠷᠦᠭᠦᠦ ᠦᠶ᠎ᠡ ᠳᠤ ᠭᠡᠪᠡᠯ᠂ ᠤᠮᠠᠷᠠᠲᠦ ᠢᠷᠦᠭᠡᠯᠲᠦ ᠤᠯᠤᠰ ︵北魏︶ ᠤᠨ ᠦᠶ᠎ᠡ ᠳᠤ ᠮᠤᠩᠭᠤᠯᠴᠤᠳ ᠡᠳᠡᠭᠡᠷ ᠨᠡᠷ᠎ᠡ ᠴᠤᠯᠠ ᠶᠢ ᠨᠡᠶᠢᠳᠡᠮ ᠬᠡᠷᠡᠭᠯᠡᠵᠦ ᠪᠠᠶᠢᠵᠠᠢ᠃                ︵10︶  ᠪᠦᠲᠦᠭᠡᠭᠴᠢ ᠲᠡᠭᠡᠳᠦᠰ 成宗 ︵ᠴᠧᠩᠽᠦ᠋ᠩ︶  —— ︽ᠢᠩᠴᠠᠩ ᠬᠤᠷᠤᠭ᠎ᠠ  ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵9︶ ᠳᠤ ᠦᠵᠡ᠃                ︵11︶  ᠢᠵᠠᠭᠤᠷ ᠪᠠᠲᠦ  元贞 ︵ᠶᠤᠸᠠᠨ ᠵᠧᠨ︶  —— ᠶᠤᠸᠠᠨ ᠤᠯᠤᠰ ᠤᠨ ᠲᠡᠮᠦᠷ ᠬᠠᠭᠠᠨ ᠤ ᠤᠯᠠᠷᠢᠭᠤᠯᠤᠭᠰᠠᠨ ᠤᠨ ᠤ ᠴᠤᠯᠠ᠂ ᠲᠤᠰ ᠤᠨ ᠤ ᠴᠤᠯᠠ ᠶᠢ 1295 —1297 ᠤᠨ ᠬᠦᠷᠲᠡᠯ᠎ᠡ ᠬᠤᠶᠠᠷ ᠵᠢᠯ ᠬᠡᠷᠡᠭᠯᠡᠪᠡ᠃                ︵12︶  ᠵᠢᠨᠢᠩ ᠸᠠᠩ  济宁王  —— ᠶᠤᠸᠠᠨ ᠤᠯᠤᠰ ᠤᠨ ᠦᠶ᠎ᠡ ᠳᠤ ᠵᠢᠨᠢᠩ ᠭᠠᠵᠠᠷ ᠸᠠᠩ ᠡᠷᠭᠦᠮᠵᠢᠯᠡᠭᠳᠡᠭᠰᠡᠨ ᠬᠤᠩᠬᠢᠷᠠᠳ ᠠᠶᠢᠮᠠᠭ ᠤᠨ ᠢᠵᠠᠭᠤᠷᠲᠠᠨ ᠨᠤᠶᠠᠳ᠃ ᠲᠡᠮᠡᠭᠡ ᠶᠢᠨ ᠪᠠᠷᠢᠭᠤᠯᠲᠦ ᠠᠯᠲᠠᠨ ᠲᠠᠮᠠᠭᠠᠲᠦ ᠸᠠᠩ᠃ ᠲᠡᠤᠬᠡᠨ ᠲᠡᠮᠳᠡᠭᠯᠡᠯ ᠢ ᠦᠨᠳᠤᠰᠤᠯᠡᠪᠡᠯ᠄ ᠬᠤᠩᠬᠢᠷᠠᠳ ᠠᠶᠢᠮᠠᠭ ᠠᠴᠠ ᠵᠢᠨᠢᠩ ᠸᠠᠩ ᠡᠷᠭᠦᠮᠵᠢᠯᠡᠭᠳᠡᠭᠰᠡᠨ ᠬᠦᠮᠦᠨ ᠬᠤᠶᠠᠷ ᠪᠠᠶᠢᠨ᠎ᠠ᠃ ᠬᠠᠮᠤᠭ ᠠᠩᠬᠠᠨ ᠤ ᠵᠢᠨᠢᠩ ᠸᠠᠩ ᠪᠤᠯ ᠠᠯᠴᠤ ᠨᠤᠶᠠᠨ ᠮᠦᠨ᠂ ᠲᠡᠮᠦᠷ ᠬᠠᠭᠠᠨ ᠤ ᠢᠵᠠᠭᠤᠷ ᠪᠠᠲᠦ ᠶᠢᠨ ᠠᠩᠬᠠᠳᠤᠭᠠᠷ ᠤᠨ ︵1295 ᠤᠨ︶ ᠤ ᠴᠠᠭᠠᠨ ᠰᠠᠷ᠎ᠠ ᠶᠢᠨ ᠬᠦᠬᠡᠭᠴᠢᠨ ᠬᠤᠨᠢᠨ ᠡᠳᠤᠷ ︵ᠠᠷᠭ᠎ᠠ ᠶᠢᠨ ᠬᠤᠶᠠᠷ ᠰᠠᠷ᠎ᠠ ᠶᠢᠨ ᠠᠷᠪᠠᠨ ᠲᠠᠪᠤᠨ ᠤ ᠡᠳᠤᠷ︶᠂ ᠠᠯᠴᠤ ᠨᠤᠶᠠᠨ ᠢ ᠵᠢᠨᠢᠩ ᠸᠠᠩ ᠭᠡᠵᠦ ᠨᠡᠬᠡᠨ ᠡᠷᠭᠦᠮᠵᠢᠯᠡᠵᠦ᠂ ᠨᠡᠬᠡᠨ ᠡᠷᠭᠦᠮᠵᠢᠯᠡᠭᠰᠡᠨ ᠴᠤᠯᠠ ᠶᠢ ᠨᠢ ᠰᠢᠳᠤᠷᠭᠤ ᠪᠠᠭᠠᠲᠤᠷ ᠭᠡᠪᠡ᠃ ᠮᠦᠨ ᠤᠨ ᠳᠤ ᠮᠠᠨᠽᠡᠲᠡᠢ ᠬᠦᠷᠭᠡᠨ ᠢ ᠵᠢᠨᠢᠩ ᠸᠠᠩ ᠡᠷᠭᠦᠮᠵᠢᠯᠡᠪᠡ᠃ ᠰᠡᠭᠦᠯᠡᠷ ᠨᠢ ᠯᠤ᠋ ᠸᠠᠩ ᠪᠤᠯᠭᠠᠨ ᠲᠡᠪᠰᠢᠭᠦᠯᠦᠨ ᠡᠷᠭᠦᠮᠵᠢᠯᠡᠪᠡ᠃ ᠵᠢᠨᠢᠩ ᠭᠡᠳᠡᠭ ᠪᠤᠯ ᠤᠳᠤᠬᠢ ᠱᠠᠨᠳᠦ᠋ᠩ ᠮᠤᠵᠢ ᠶᠢᠨ ᠪᠠᠷᠠᠭᠤᠨ ᠡᠮᠦᠨ᠎ᠡ ᠤᠷᠤᠰᠢᠬᠤ ᠪᠦᠰᠡ ᠨᠤᠲᠤᠭ ᠪᠤᠯᠤᠨ᠎ᠠ᠃ ᠶᠤᠸᠠᠨ ᠤᠯᠤᠰ ᠤᠨ ᠦᠶ᠎ᠡ ᠳᠤ ᠮᠠᠯᠳᠠᠭᠰᠠᠨ ᠶᠡᠭᠡ ᠲᠠᠲᠠᠮᠠᠯ ᠭᠤᠤᠯ ᠡᠭᠦᠪᠡᠷ ᠦᠩᠭᠡᠷᠡᠵᠦ ᠪᠠᠶᠢᠳᠠᠭ᠃ ᠶᠤᠸᠠᠨ ᠤᠯᠤᠰ ᠤᠨ ᠤᠨᠤᠯᠲᠦ ᠲᠡᠷᠢᠭᠦᠨ ᠤ ᠠᠷᠪᠠᠨ ᠵᠢᠷᠭᠤᠳᠤᠭᠠᠷ ᠤᠨ ︵1279 ᠤᠨ︶ ᠳᠤ ᠤᠤᠯ ᠤᠨ ᠵᠢᠨᠢᠩ ᠬᠤᠷᠤᠭ᠎ᠠ ︵济宁府︶ ᠶᠢ ᠦᠭᠡᠷᠴᠢᠯᠡᠨ ᠪᠠᠶᠢᠭᠤᠯᠵᠦ᠂ ᠵᠢᠨᠢᠩ ᠴᠦᠯᠭᠡ ︵济宁路︶ ᠪᠤᠯᠭᠠᠪᠠ᠃ ᠵᠠᠬᠢᠷᠭ᠎ᠠ ᠤᠷᠳᠤᠨ ᠨᠢ ᠵᠢᠦᠢ ᠶᠧ ᠰᠢᠶᠠᠨ ︵巨野县᠂ ᠱᠠᠨᠳᠦᠩ ᠮᠤᠵᠢ ᠶᠢᠨ ᠾᠽᠧ ᠬᠤᠲᠠ菏泽市 ︿ᠯᠢᠩᠬᠤᠸᠠᠲᠦ ᠨᠠᠭᠤᠷ ᠬᠤᠲᠠ﹀ ᠶᠢᠨ ᠵᠡᠭᠦᠨ ᠳᠤ ᠪᠤᠢ︶ ᠪᠤᠯᠤᠨ᠎ᠠ᠃ ᠲᠤᠭᠤᠭᠠᠨᠲᠡᠮᠦᠷ ᠬᠠᠭᠠᠨ ᠤ ᠤᠨᠤᠯᠲᠦ ᠲᠦᠪ ︵ᠵᠾᠢ ᠵᠧᠩ至正︶ ᠤᠨ ᠤᠨ ᠨᠤᠭᠤᠳ ᠤᠨ ᠲᠤᠮᠳᠠᠴᠢ ᠦᠶ᠎ᠡ ︵1341 —1370 ᠤᠨ︶ ᠪᠠᠷ ᠵᠠᠬᠢᠷᠭ᠎ᠠ ᠤᠷᠳᠤᠨ ᠢ ᠨᠢ ᠷᠧᠨ ᠴᠧᠩ ᠰᠢᠶᠠᠨ ︵任城县᠂ ᠤᠳᠤᠬᠢ ᠵᠢᠨᠢᠩ ᠬᠤᠲᠠ︶ ᠳᠤ ᠨᠡᠭᠦᠯᠭᠡᠵᠡᠢ᠃ ᠮᠢᠩ ᠤᠯᠤᠰ ᠪᠠᠶᠢᠭᠤᠯᠤᠭᠳᠠᠭᠰᠠᠨ ᠲᠡᠷᠡ ᠵᠢᠯ᠂ ᠲᠤᠬᠠᠶᠢᠯᠠᠪᠠᠯ ᠠᠤᠭ᠎ᠠ ᠪᠠᠭᠠᠲᠤᠷ ︵ᠬᠤᠩ ᠡᠤ洪武︶ ᠤᠨ ᠠᠩᠬᠠᠳᠤᠭᠠᠷ ᠤᠨ ︵1368 ᠤᠨ︶ ᠳᠤ ᠵᠢᠨᠢᠩ ᠬᠤᠷᠤᠭ᠎ᠠ ᠪᠤᠯᠭᠠᠵᠦ ᠪᠠᠭᠤᠷᠠᠭᠤᠯᠪᠠ᠃                ︵13︶  ᠨᠠᠴᠢᠨ  纳陈 —— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵14︶ ᠳᠤ ᠦᠵᠡ᠃                ︵14︶  ᠰᠡᠴᠡᠭᠡᠨ ᠪᠠᠬᠢ ︵ᠭᠦᠩᠵᠦ︶ 薛赤干公主—— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵13︶ ᠳᠤ ᠦᠵᠡ᠃                  ︵15︶  ᠲᠡᠮᠦᠷ  帖木儿  —— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵15︶ ᠳᠤ ᠦᠵᠡ᠃                  ︵16︶  ᠨᠠᠩᠭᠠᠴᠢᠨ ᠪᠠᠬᠢ ︵ᠭᠦᠩᠵᠦ︶  囊加真公主—— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵16︶ ᠳᠤ ᠦᠵᠡ᠃                  ︵17︶  ᠳ᠋ᠢᠶᠠᠪᠠᠯᠠ 弴阿不剌—— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵18︶ ᠳᠤ ᠦᠵᠡ᠃                  ︵18︶  ᠶᠡᠭᠡ ᠡᠷᠳᠡᠮᠲᠦ  大德 ︵ᠳ᠋ᠠ ᠳ᠋ᠧ︶ —— ᠶᠤᠸᠠᠨ ᠤᠯᠤᠰ ᠤᠨ ᠲᠡᠮᠦᠷ ᠬᠠᠭᠠᠨ  ᠤ ᠬᠤᠶᠠᠳᠤᠭᠠᠷ ᠤᠳᠠᠭ᠎ᠠ ᠤᠯᠠᠷᠢᠭᠤᠯᠤᠭᠰᠠᠨ ᠤᠨ ᠤ ᠴᠤᠯᠠ᠂ ᠲᠤᠰ ᠤᠨ ᠤ ᠴᠤᠯᠠ ᠶᠢ 1297 ——1307 ᠤᠨ ᠬᠦᠷᠲᠡᠯ᠎ᠡ ᠠᠷᠪᠠᠨ ᠵᠢᠯ ᠬᠡᠷᠡᠭᠯᠡᠵᠠᠢ᠃                  ︵19︶  ᠡᠶᠡᠪᠡᠷ ᠬᠠᠭᠠᠨ  顺皇—— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵7︶ ᠳᠤ ᠦᠵᠡ᠃                  ︵20︶  ᠰᠠᠩᠭᠠᠷᠠᠭ ᠪᠠᠬᠢ  ︵ᠭᠦᠩᠵᠦ︶  相哥剌吉公主   —— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵4︶ ᠳᠤ ᠦᠵᠡ᠃                  ︵21︶  ᠠᠷᠭᠠᠰᠢᠷᠢ  阿礼加世立  —— ︽ᠢᠩᠴᠠᠩ ᠬᠤᠷᠤᠭ᠎ᠠ ᠶᠢᠨ ᠬᠡᠰᠢᠭ  ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠪᠢᠴᠢᠭ︾ ᠤᠨ ᠲᠠᠶᠢᠯᠪᠤᠷᠢ ︵5︶ ᠳᠤ ᠦᠵᠡ᠃                  ︵22︶  ᠤᠨᠤᠯᠲᠦ ᠲᠡᠷᠢᠭᠦᠨ 至元  ︵ᠵᠾᠢ ᠶᠤᠸᠠᠨ︶  —— ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠬᠤᠶᠠᠳᠤᠭᠠᠷ ᠤᠳᠠᠭ᠎ᠠ ᠤᠯᠠᠷᠢᠭᠤᠯᠤᠭᠰᠠᠨ ᠤᠨ ᠤ ᠴᠤᠯᠠ ᠶᠢ ᠤᠨᠤᠯᠲᠦ ᠲᠡᠷᠢᠭᠦᠨ ᠭᠡᠳᠡᠭ᠃ ᠲᠤᠰ ᠤᠨ ᠤ ᠴᠤᠯᠠ ᠶᠢ 1264 ——1294 ᠤᠨ ᠬᠦᠷᠲᠡᠯ᠎ᠡ ᠭᠤᠴᠢᠨ ᠨᠢᠭᠡᠨ ᠵᠢᠯ ᠬᠡᠷᠡᠭᠯᠡᠪᠡ ᠃                  ︵23︶  ᠴᠡᠭᠡᠯ ᠤᠨ ᠦᠨᠳᠦᠷ  天都 ︵ᠲᠢᠶᠠᠨ ᠳ᠋ᠦ᠋︶ —— ᠤᠭ ᠵᠤᠬᠢᠶᠠᠯ ᠳᠤ ᠢᠩᠴᠠᠩ ᠬᠤᠷᠤᠭ᠎ᠠ ᠶᠢᠨ ᠪᠠᠷᠠᠭᠤᠨ ᠡᠮᠦᠨ᠎ᠡ ᠪᠠᠶᠢᠳᠠᠭ ︽ᠴᠡᠭᠡᠯ ᠤᠨ ᠦᠨᠳᠦᠷ︾ ᠭᠡᠬᠦ ᠠᠭᠤᠯᠠ ᠶᠢᠨ ᠨᠡᠷ᠎ᠡ ᠶᠢ ︽ᠲᠢᠶᠠᠨ ᠳ᠋ᠦ᠋ ︵天都︶︾ ᠭᠡᠵᠦ ᠬᠢᠲᠠᠳᠴᠢᠯᠠᠨ ᠪᠢᠴᠢᠪᠡ᠃ ᠲᠡᠭᠡᠪᠡᠯ ᠡᠨᠡ ︽天都 ︵ᠲᠢᠶᠠᠨ ᠳ᠋ᠦ᠋︶︾ ᠭᠡᠳᠡᠭ ᠬᠤᠶᠠᠷ ᠬᠢᠲᠠᠳ ᠦᠰᠦᠭ ᠤᠨ ᠤᠤᠭᠠᠯ ᠤᠳᠬ᠎ᠠ ᠨᠢ ᠴᠤᠬᠤᠮ ᠶᠠᠭᠤ ᠪᠤᠯᠴᠢᠬᠠᠪᠠ︖ ᠪᠢᠳᠡ ᠬᠢᠲᠠᠳ ᠤᠨ ᠡᠷᠲᠡᠨ ᠤ ᠰᠤᠳᠤᠷ ᠪᠢᠴᠢᠭ ᠠᠴᠠ ᠰᠢᠭᠦᠨ ᠦᠵᠡᠬᠦᠯ᠎ᠡ᠂ ᠡᠨᠡ ᠨᠡᠷ᠎ᠡ ᠨᠢ ᠬᠠᠷᠢᠨ ︽ᠴᠡᠭᠡᠯ︾ ᠭᠡᠳᠡᠭ ᠮᠤᠩᠭᠤᠯ ᠦᠭᠡ ᠲᠠᠢ ᠢᠵᠢᠯᠬᠡᠨ ᠨᠢᠭᠡ ᠤᠳᠬ᠎ᠠ ᠲᠠᠢ ᠪᠠᠶᠢᠵᠠᠢ᠃ ᠪᠠᠷᠠᠭᠤᠨ ᠬᠠᠨ ᠤᠯᠤᠰ ᠤᠨ ᠬᠤᠶᠢᠬᠤ ᠭᠤᠤᠯ ᠤᠨ ᠡᠮᠦᠨᠡᠳᠡᠬᠢ ᠸᠠᠩ ᠪᠠᠶᠢᠭᠰᠠᠨ ᠯᠢᠦ ᠠᠨ ︵西汉淮南王刘安︶ ᠭᠡᠳᠡᠭ ᠬᠦᠮᠦᠨ ᠤ ᠵᠤᠬᠢᠶᠠᠭᠰᠠᠨ ︽ᠬᠤᠶᠢᠬᠤ ᠭᠤᠤᠯ ᠤᠨ ᠡᠮᠦᠨᠡᠲᠡᠬᠢ ᠡᠷᠲᠡᠮᠲᠡᠳ ᠤᠨ ᠴᠢᠭᠤᠯᠭᠠᠨ ︵淮南子︶︾ ᠭᠡᠬᠦ ᠪᠢᠴᠢᠭ ᠲᠠᠬᠢ ︽ᠢᠵᠠᠭᠤᠷ ᠬᠦᠢ ᠶᠢ ᠲᠠᠶᠢᠯᠪᠦᠷᠢᠯᠠᠬᠤᠢ ᠠᠨᠤ ︵泰族训︶︾ ᠭᠡᠬᠦ ᠵᠤᠬᠢᠶᠠᠯ ᠳᠤ᠄ ︽ᠤᠭᠳᠠᠷᠭᠤᠢ ᠶᠢᠨ ᠴᠡᠭᠡᠯ ᠢ ᠠᠵᠢᠭᠯᠠᠬᠤᠶ᠎ᠠ ᠬᠦᠮᠦᠷᠢᠭᠰᠡᠨ ᠲᠤᠭᠤᠭ᠎ᠠ ᠮᠡᠲᠦ᠂ ᠭᠤᠤᠯ ᠮᠦᠷᠡᠨ ᠢ ᠰᠢᠨᠵᠢᠬᠦᠶ᠎ᠡ ᠲᠡᠷᠯᠢᠭ ᠤᠨ ᠪᠦᠰᠡ ᠠᠳᠠᠯᠢ ︵视天都若盖᠂江河若带︶︾ ᠭᠡᠵᠠᠢ᠃ ᠠᠳᠡ ︽ᠲᠢᠶᠠᠨ ᠳ᠋ᠦ᠋ ︵天都︶︾ ᠭᠡᠳᠡᠭ ᠬᠤᠶᠠᠷ ᠦᠭᠡ ᠨᠢ ᠤᠭᠲᠠᠷᠭᠤᠢ ᠶᠢᠨ ᠴᠡᠭᠡᠯ ᠢ ᠨᠡᠷᠡᠯᠡᠭᠰᠡᠨ ᠪᠦᠭᠡᠳ ᠭᠤᠤᠯ ᠤᠰᠤ ᠲᠠᠢ ᠬᠦᠨᠳᠡᠢ ᠬᠤᠭᠤᠰᠤᠨ ᠤᠷᠤᠨ ᠵᠠᠢ ᠶᠢ ᠵᠢᠭᠠᠨ ᠨᠡᠷᠡᠯᠡᠭᠰᠡᠨ ᠶᠤᠮ᠃ ᠡᠨᠡ ︽ᠴᠡᠭᠡᠯ︾ ᠭᠡᠳᠡᠭ ᠮᠤᠩᠭᠤᠯ ᠦᠭᠡ ᠨᠢ᠂ ᠤᠳᠤ ᠦᠶ᠎ᠡ ᠶᠢᠨ ᠮᠤᠩᠭᠤᠯ ᠬᠡᠯᠡᠨ ᠳᠤ᠄ ᠲᠡᠨᠢᠭᠡᠷ ᠠᠭᠤᠳᠠᠮ᠂ ᠬᠦᠨ ᠪᠠᠭᠲᠠᠭᠠᠮᠵᠢᠲᠠᠢ ᠬᠦᠨᠳᠡᠢ ᠬᠤᠭᠤᠰᠤᠨ ᠤᠷᠤᠨ ᠵᠠᠢ  ᠶᠢ ᠵᠢᠭᠠᠭᠰᠠᠨ ᠤᠳᠬ᠎ᠠ ᠪᠠᠷ ᠭᠤᠤᠯᠴᠢᠯᠠᠨ ᠬᠡᠷᠡᠭᠯᠡᠭᠳᠡᠵᠦ ᠪᠤᠢ᠃ ᠵᠢᠰᠢᠶᠡᠯᠡᠪᠡᠯ᠄ ᠲᠡᠭᠷᠢ ᠶᠢᠨ ᠴᠡᠭᠡᠯ᠂ ᠪᠤᠲᠤᠩ ᠤᠨ ᠴᠡᠭᠡᠯ᠂ ᠬᠡᠪᠡᠯᠢ ᠶᠢᠨ ᠴᠡᠭᠡᠯ ᠭᠡᠬᠦ ᠮᠡᠲᠦ᠃ ᠲᠡᠭᠡᠪᠡᠯ ᠡᠨᠡ ᠴᠡᠭᠡᠯ ᠭᠡᠳᠡᠭ ᠮᠤᠩᠭᠤᠯ ᠦᠭᠡ ᠶᠢᠨ ᠡᠷᠲᠡ ᠦᠶ᠎ᠡ ᠶᠢᠨ ᠴᠤᠬᠤᠮ ᠤᠳᠬ᠎ᠠ ᠨᠢ ᠶᠠᠭᠤ ᠪᠤᠯᠴᠢᠬᠠᠪᠠ︖ ᠮᠤᠩᠭᠤᠯ ᠤᠯᠤᠰ ᠤᠨ ᠬᠡᠯᠡ ᠪᠢᠴᠢᠭ ᠤᠨ ᠶᠡᠭᠡ ᠡᠷᠳᠡᠮᠲᠡᠨ ᠱᠠᠭᠵᠠ  ᠶᠢᠨ 1926 ——1929 ᠤᠨ ᠤ ᠬᠤᠭᠤᠷᠤᠨᠳᠤ ᠲᠤᠭᠤᠷᠪᠢᠨ ᠪᠢᠴᠢᠭᠰᠡᠨ ︽ᠡᠷᠢᠬᠦᠶ᠎ᠡ ᠬᠢᠯᠪᠠᠷ ᠪᠤᠯᠭᠠᠨ ᠵᠤᠬᠢᠶᠠᠭᠰᠠᠨ ᠮᠤᠩᠭᠤᠯ ᠦᠭᠡᠨ ᠤ ᠲᠠᠶᠢᠯᠪᠤᠷᠢ ᠴᠢᠨᠳᠠᠮᠤᠨᠢ ᠶᠢᠨ ᠡᠷᠢᠬᠡ︾ ᠭᠡᠳᠡᠭ ᠲᠠᠶᠢᠯᠪᠤᠷᠢ ᠲᠤᠯᠢ ᠳᠤ᠄ ︽ᠴᠡᠭᠡᠯ — ᠭᠠᠵᠠᠷ ᠭᠠᠵᠠᠷ ᠠᠴᠠ ᠭᠠᠷᠴᠤ ᠭᠦᠶᠦᠬᠡᠨ ᠪᠤᠯᠪᠠᠴᠤ ᠦᠯᠦ ᠰᠢᠷᠭᠢᠬᠦ ᠤᠰᠤᠨ ᠢ᠃︾ ᠭᠡᠵᠦ ᠲᠠᠶᠢᠯᠪᠦᠷᠢᠯᠠᠪᠠ᠃ 1940 ——1943 ᠤᠨ ᠤ ᠬᠤᠭᠤᠷᠤᠨᠳᠤ ᠮᠤᠩᠭᠤᠯ ᠬᠢᠵᠠᠭᠠᠷ ᠤᠨ ᠦᠪᠡᠷᠲᠡᠭᠡᠨ ᠵᠠᠰᠠᠬᠤ ᠤᠷᠤᠨ ᠤ ᠲᠡᠷᠢᠭᠦᠨ ᠨᠤᠶᠠᠨ ᠲᠡᠮᠴᠤᠭᠳᠤᠩᠷᠤᠪ ᠸᠠᠩ ᠬᠤᠷᠢ ᠰᠢᠬᠠᠮ ᠡᠷᠳᠡᠮᠲᠡᠳ ᠢ ᠴᠢᠭᠤᠯᠠᠯᠲᠦ ᠬᠠᠭᠠᠯᠭ᠎ᠠ ︵ᠤᠳᠤᠬᠢ ᠵᠠᠩ ᠵᠢᠶᠠ ᠺᠸᠦ张家口᠂ ᠪᠠᠰᠠ ᠵᠠᠩᠴᠢᠬᠦᠦ ᠴᠤ ᠭᠡᠳᠡᠭ︶ ᠬᠤᠲᠠᠨ᠎ᠠ ᠤᠷᠢᠨ ᠴᠤᠭᠯᠠᠭᠤᠯᠵᠦ ᠵᠤᠬᠢᠶᠠᠯᠭᠠᠭᠰᠠᠨ ᠬᠤᠷᠢᠨ ᠨᠠᠢᠮᠠᠨ ᠪᠤᠳᠢ ᠪᠦᠬᠦᠢ ᠮᠤᠩᠭᠤᠯ ᠬᠡᠯᠡᠨ ᠤ ᠲᠤᠮᠤ ᠲᠠᠶᠢᠯᠪᠤᠷᠢ ᠲᠤᠯᠢ — ︽ᠬᠤᠷᠢᠨ ᠨᠠᠢᠮᠠᠲᠦ ᠲᠠᠶᠢᠯᠪᠤᠷᠢ ᠲᠤᠯᠢ︾ ᠳᠤ᠄ ︽ᠴᠡᠭᠡᠯ — ᠡᠪᠤᠯ ᠮᠦᠯᠰᠤ ᠲᠠᠢ ᠬᠦᠯᠳᠡᠭᠰᠡᠨ ᠴᠠᠭᠠᠨ ᠵᠢᠭᠠᠰᠤ ᠶᠢ ᠴᠡᠭᠡᠯ ᠬᠡᠮᠡᠮᠤᠢ᠃ ᠪᠠᠰᠠ ᠭᠠᠴᠢᠭᠳᠠᠭᠰᠠᠨ ᠬᠡᠮᠡᠮᠤᠢ᠃ ᠭᠦᠶᠦᠬᠡᠨ ᠪᠤᠯᠪᠠᠴᠤ ᠰᠢᠷᠭᠢᠬᠦ ᠦᠭᠡᠢ ᠤᠰᠤᠨ ᠢ ᠴᠡᠭᠡᠯ ᠬᠡᠮᠡᠮᠤᠢ᠃ ᠪᠠᠰᠠ ᠠᠯᠢᠪᠠ ᠰᠠᠪᠠ ᠶᠢᠨ ᠲᠤᠲᠤᠷ᠎ᠠ ᠠᠭᠤᠵᠢᠮ ᠠᠭᠤᠤ ᠶᠢ ᠮᠦᠨ ᠴᠡᠭᠡᠯ ᠬᠡᠮᠡᠮᠤᠢ︾ ᠭᠡᠵᠡᠢ᠃ ᠡᠶᠢᠨ ᠬᠦ ᠰᠡᠳᠬᠢᠬᠦᠯ᠎ᠡ᠂ ᠡᠨᠡ ᠠᠭᠤᠯᠠ ᠶᠢᠨ ᠵᠡᠭᠦᠨ ᠲᠠᠯ᠎ᠠ ᠳᠤᠨᠢ ᠲᠠᠯᠤᠨᠠᠭᠤᠷ᠂ ᠪᠠᠷᠠᠭᠤᠨ ᠲᠠᠯ᠎ᠠ ᠳᠤᠨᠢ ᠲᠦᠷᠦᠭᠡ ᠨᠠᠭᠤᠷ ᠭᠡᠬᠦ ᠰᠢᠷᠭᠢᠰᠢ ᠦᠭᠡᠢ ᠬᠤᠶᠠᠷ ᠨᠠᠭᠤᠷ ᠪᠤᠢ ᠪᠦᠭᠡᠳ ᠬᠤᠭᠤᠷᠤᠨᠳᠤ ᠨᠢ ᠲᠡᠨᠢᠭᠡᠷ ᠠᠭᠤᠳᠠᠮ ᠲᠡᠭᠰᠢ ᠲᠠᠯ᠎ᠠ ᠪᠠᠶᠢᠬᠤ ᠲᠤᠯᠠ ᠡᠨᠡ ᠠᠭᠤᠯᠠ ᠶᠢ ᠶᠤᠸᠠᠨ ᠤᠯᠤᠰ ᠤᠨ ᠦᠶ᠎ᠡ ᠳᠠᠬᠢ ᠬᠤᠩᠬᠢᠷᠠᠳ ᠤᠨ ᠢᠵᠠᠭᠤᠷᠲᠠᠳ ᠡᠬᠡ ᠮᠤᠩᠭᠤᠯ ᠬᠡᠯᠡ ᠪᠠᠷ ᠢᠶᠠᠨ ︽ᠴᠡᠭᠡᠯ ᠤᠨ ᠦᠨᠳᠤᠷ︾ ᠭᠡᠵᠦ ᠨᠡᠷᠡᠯᠡᠬᠦ ᠨᠢ ᠮᠠᠷᠭᠤᠰᠢ ᠦᠭᠡᠢ ᠦᠨᠡᠨ ᠪᠤᠯᠬᠤ ᠪᠦᠭᠡᠳ ᠬᠢᠲᠠᠳ ᠤᠨ ᠪᠢᠴᠢᠭ ᠤᠨ ᠰᠤᠷᠭᠠᠯ ᠤᠨ ᠶᠡᠭᠡ ᠡᠷᠳᠡᠮᠲᠡᠨ ᠯᠢᠦ ᠮᠢᠨ ᠵᠦᠩ ᠴᠤ ᠡᠨᠡ ︽ᠴᠡᠭᠡᠯ ᠤᠨ ᠦᠨᠳᠦᠷ︾ ᠭᠡᠳᠡᠭ ᠮᠤᠩᠭᠤᠯ ᠦᠭᠡ ᠶᠢᠨ ᠤᠤᠭᠠᠯ ᠤᠳᠬ᠎ᠠ ᠶᠢ ᠨᠢ ᠨᠡᠪᠲᠡᠷᠡᠬᠡᠢ ᠤᠶᠢᠯᠠᠭᠠᠵᠦ᠂ ᠬᠢᠲᠠᠳ ᠬᠡᠯᠡᠨ ᠲᠡᠭᠡᠷ᠎ᠡ ︽天都︾ ᠭᠡᠵᠦ ᠦ ᠰᠡᠪ ᠦᠭᠡᠢ ᠴᠢᠪ ᠭᠢᠲᠡᠯ᠎ᠡ ᠤᠨᠤᠭᠠᠨ ᠤᠷᠴᠢᠭᠤᠯᠤᠭᠰᠠᠨ ᠶᠡᠭᠡ ᠡᠷᠳᠡᠮ ᠢ ᠨᠢ ᠦᠨᠡᠨᠬᠦ ᠪᠢᠰᠢᠷᠡᠯᠲᠠᠢ ᠠᠵᠢ︕                ︵24︶  ᠡᠶᠡᠪᠡᠷᠬᠦ ᠵᠤᠪᠬᠢᠰ  坤维 ︵ ᠺᠦᠨ ᠸᠧᠢ︶  —— ᠵᠢᠷᠤᠬᠠᠢ ᠶᠢᠨ ᠶᠤᠰᠤᠨ ᠳᠤ ᠡᠶᠡᠪᠡᠷᠬᠦ ᠵᠤᠪᠬᠢᠰ ᠭᠡᠳᠡᠭ ᠨᠢ ᠪᠠᠷᠠᠭᠤᠨ ᠡᠮᠦᠨ᠎ᠡ ᠵᠤᠪᠬᠢᠰ ᠢ ᠵᠢᠭᠠᠳᠠᠭ᠃ ᠡᠶᠡᠪᠡᠷᠬᠦ ︵坤kūn︶ ᠭᠡᠳᠡᠭ ᠪᠤᠯ ᠵᠢᠷᠤᠬᠠᠶᠢᠲᠦ ᠨᠤᠮ ︵易经︶ ᠤᠨ ᠨᠠᠢᠮᠠᠨ ᠬᠦᠯᠢᠯ ︵八卦︶ ᠤᠨ ᠨᠢᠭᠡ ᠪᠤᠯᠬᠤ ᠶᠤᠮ᠃ ᠬᠦᠯᠢᠯ ᠤᠨ ᠵᠢᠷᠤᠭᠠᠰᠤ ︵卦爻︶ ᠨᠢ  ︽☷︾ ᠲᠡᠮᠳᠡᠭ ᠢᠶᠠᠷ ᠵᠤᠬᠢᠶᠠᠭᠳᠠᠵᠦ᠂ ᠵᠢᠷᠤᠬᠠᠢ ᠶᠢᠨ ᠶᠤᠰᠤᠨ ᠳᠤ ᠭᠠᠵᠠᠷ ᠢ ᠲᠦᠯᠦᠭᠡᠯᠡᠨ᠂ ᠠᠷᠭ᠎ᠠ ᠪᠢᠯᠢᠭ ᠤᠨ ᠤᠷᠴᠢᠯ ᠳᠤ ᠪᠢᠯᠢᠭ ᠢ ᠲᠦᠯᠦᠭᠡᠯᠡᠵᠦ᠂ ᠬᠦᠢᠰᠤ ᠢᠯᠠᠭᠠᠯ ᠳᠤ ᠪᠤᠯ ᠡᠮᠡᠭᠲᠡᠢ ᠬᠦᠮᠦᠨ ᠢ ᠲᠦᠯᠦᠭᠡᠯᠡᠳᠡᠭ᠃ ᠡᠷᠲᠡᠨ ᠤ ᠬᠦᠮᠦᠰ ᠨᠠᠢᠮᠠᠨ ᠬᠦᠯᠢᠯ ᠤᠨ ᠰᠠᠭᠤᠳᠠᠯ ᠢᠶᠠᠷ ᠲᠡᠭᠷᠢ ᠭᠠᠵᠠᠷ ᠤᠨ ᠬᠤᠭᠤᠷᠤᠨᠳᠤᠬᠢ ᠤᠷᠤᠨ ᠵᠠᠢ ᠶᠢ ᠬᠤᠪᠢᠶᠠᠵᠦ᠂ ᠵᠦᠭ ᠴᠢᠭᠯᠡᠯ ᠢ ᠲᠦᠷᠪᠡᠨ ᠵᠦᠭ ᠲᠦᠷᠪᠡᠨ ᠵᠤᠪᠬᠢᠰ ︵四面四隅︶ ᠭᠡᠵᠦ ᠨᠠᠢᠮᠠᠨ ᠬᠤᠪᠢᠶᠠᠷᠢ ᠪᠠᠷ ᠢᠯᠭᠠᠬᠤ ᠦᠶ᠎ᠡ ᠳᠤ ᠡᠶᠡᠪᠡᠷᠬᠦ ᠬᠦᠯᠢᠯ ᠢ ᠪᠠᠷᠠᠭᠤᠨ ᠡᠮᠦᠨ᠎ᠡ ᠵᠤᠪᠬᠢᠰ ᠤᠨ ᠡᠵᠡᠯᠡᠭᠴᠢ ᠭᠡᠵᠦ ᠲᠤᠭᠲᠠᠭᠠᠪᠠ᠃                                     ︵ᠦᠷᠬᠦᠯᠵᠢᠯᠡᠯ ᠪᠤᠢ︶
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号