ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠨᠢᠭᠡ︶
ᠨᠡᠶᠢᠲᠡᠯᠡᠭᠰᠡᠨ ᠴᠠᠭ᠄
2019/11/29
                                                    ☆ ﹇ᠶᠤᠸᠠᠨ ᠤᠯᠤᠰ﹈     ᠯᠢᠦ ᠮᠢᠨ ᠵᠦᠩ   ᠵᠤᠬᠢᠶᠠᠪᠠ                                      ☆  ᠪᠤᠷᠵᠢᠭᠢᠨ ᠰᠤᠭᠳᠤᠷᠵᠠᠪ ᠤᠷᠴᠢᠭᠤᠯᠵᠦ ᠲᠠᠶᠢᠯᠪᠤᠷᠢᠯᠠᠪᠠ                                                      ᠬᠠᠮᠤᠭ ᠪᠠᠶᠠᠰᠬᠤᠯᠠᠩᠲᠦ ︵2︶ ᠬᠡᠮᠡᠨ ᠤᠨ ᠤ ᠴᠤᠯᠠ ︵3︶ ᠶᠢ ᠤᠯᠠᠷᠢᠭᠤᠯᠤᠭᠰᠠᠨ ᠤ ᠡᠪᠤᠯ ᠤᠨ ᠠᠷᠪᠠᠨ ᠨᠢᠭᠡᠳᠦᠭᠡᠷ ᠰᠠᠷ᠎ᠠ ᠳᠤᠷ᠂ ﹇ᠬᠠᠭᠠᠨ ᠪᠠᠷ﹈ ᠪᠢᠴᠢᠭ ᠤᠨ ᠮᠡᠷᠭᠡᠳ ᠤᠨ ᠬᠦᠷᠢᠶᠡᠯᠡᠩ ︵ 4︶ ᠳᠤᠷ ᠵᠠᠷᠯᠢᠭ ᠪᠤᠯᠤᠭᠰᠠᠨ ᠠᠨᠤ᠄ ᠢᠩᠴᠠᠩ ᠬᠤᠷᠤᠭ᠎ᠠ ︵5︶ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ ᠲᠡᠮᠳᠡᠭᠯᠡᠯ ᠢᠨᠦ ᠬᠠᠷᠠᠬᠠᠨ ᠪᠤᠰᠬᠠᠭᠳᠠᠭ᠎ᠠ ᠦᠭᠡᠢ ᠲᠤᠯᠠ ᠲᠡᠷᠡᠬᠦ ᠰᠦᠮ᠎ᠡ ᠪᠠᠶᠢᠭᠤᠯᠤᠭᠳᠠᠭᠰᠠᠨ ᠡᠬᠢ ᠠᠳᠠᠭ ᠢ ᠠᠨᠤ ᠲᠤᠭᠤᠷᠪᠢᠨ ᠪᠢᠴᠢᠭᠦᠯᠦᠭᠡᠳ᠂ ᠬᠦᠰᠢᠶ᠎ᠡ ᠴᠢᠯᠠᠭᠤᠨ᠎ᠠ ᠰᠡᠶᠢᠯᠡᠭᠦᠯᠰᠦᠭᠡᠢ ᠬᠡᠮᠡᠭᠰᠡᠨ ᠬᠠᠭᠠᠨ ᠤ ᠡᠭᠡᠴᠢ ᠶᠡᠭᠡ ᠡᠭᠡᠴᠢᠮᠡᠳ ᠪᠠᠬᠢ ︵ᠭᠦᠩᠵᠦ︶ ᠶᠢᠨ ᠭᠤᠶᠤᠴᠢᠯᠠᠯ ᠢ ᠠᠶᠢᠯᠠᠳᠬᠠᠭᠰᠠᠨ ᠢᠶᠠᠷ ᠠᠨᠤ ᠪᠤᠯᠭᠠᠭᠳᠤᠨ ᠬᠡᠮᠡᠵᠦᠬᠦᠢ᠃ ᠲᠡᠶᠢᠨᠬᠦ ᠲᠦᠰᠢᠮᠡᠯ ᠯᠢᠦ ᠮᠢᠨ ᠵᠦᠩ ︵6︶ ᠪᠠᠷ ᠵᠠᠷᠯᠢᠭ ᠢ ᠬᠦᠯᠢᠶᠡᠨ ᠲᠠᠭᠠᠭᠠᠴᠢᠯᠠᠨ ᠠᠪᠴᠤ ᠰᠡᠯᠪᠢᠨ ᠪᠢᠴᠢᠯᠦᠭᠡ ᠃ ᠪᠠᠶᠢᠴᠠᠭᠠᠬᠤᠯ᠎ᠠ᠄ ᠪᠤᠭᠳᠠ ᠬᠠᠭᠠᠨᠲᠦ ᠶᠤᠸᠠᠨ ᠤᠯᠤᠰ ᠤᠨ ᠲᠤᠯᠭᠤᠷ ᠲᠦᠷᠦ ᠴᠤᠭᠴᠠᠯᠠᠭᠳᠠᠭᠰᠠᠨ ᠠᠴᠠ ᠢᠨᠠᠭᠰᠢ ᠂ ᠢᠯᠠᠭᠤᠭᠰᠠᠨ ᠭᠠᠪᠢᠶᠠᠲᠤ ᠭᠡᠷ ᠤᠭᠰᠠᠭᠠᠳᠠᠨ ᠨᠤᠭᠤᠳ ᠤᠨ ᠲᠤᠲᠤᠷ᠎ᠠ ᠠᠴᠠ᠂ ᠦᠬᠢᠨ ᠲᠦᠷᠦᠪᠡᠰᠤ ᠬᠠᠲᠤᠨ ᠪᠤᠯᠵᠦ᠂ ᠬᠦᠪᠡᠬᠦᠨ ᠲᠦᠷᠦᠪᠡᠰᠦ ᠪᠠᠬᠢ ︵ᠭᠦᠩᠵᠦ︶ ᠯᠦᠭᠡ ᠭᠡᠷᠯᠡᠨ᠂ ᠦᠶ᠎ᠡ ᠤᠯᠠᠷᠢᠨ ﹇ᠬᠠᠭᠠᠨ ᠯᠤᠭ᠎ᠠ﹈ ᠤᠷᠤᠭ ᠲᠦᠷᠦᠯ ᠪᠤᠯᠤᠨ ᠬᠦᠨᠳᠦᠯᠡᠭᠳᠡᠭᠡᠳ᠂ ﹇ᠡᠵᠡᠨ ᠬᠠᠭᠠᠨ ᠤ﹈ ᠡᠩᠬᠦᠷᠢ ᠬᠠᠶᠢᠷ᠎ᠠ ᠶᠢ ᠲᠠᠰᠤᠷᠬᠠᠢ ᠦᠮᠴᠢᠷᠬᠡᠨ ᠬᠦᠷᠲᠡᠭᠴᠢ ᠬᠡᠮᠡᠪᠡᠰᠦ ᠭᠠᠭᠴᠠ ᠬᠦ ᠬᠤᠩᠬᠢᠷᠠᠳ ᠤᠪᠤᠭᠲᠠᠨ ︵7︶ ᠲᠡᠳᠦᠢ ᠪᠠᠭ᠋ᠠᠨ᠎ᠠ᠃                    ᠲᠡᠭᠦᠨᠴᠢᠯᠡᠨ ︵ᠲᠡᠳᠡᠨ ᠤ︶ ᠢᠵᠠᠭᠤᠷ ᠰᠤᠷᠪᠤᠯᠵᠢ ᠶᠢ ᠠᠨᠤ ᠨᠢᠭᠲᠠᠯᠠᠬᠤᠯ᠎ᠠ᠂ ᠠᠯᠴᠤ ᠨᠤᠶᠠᠨ ︵8︶  ᠪᠠᠷ ᠵᠠᠷᠯᠢᠭ ᠢ ᠲᠠᠭᠠᠵᠦ᠂ ᠭᠠᠪᠢᠶ᠎ᠠ ᠪᠠᠷ ᠢᠯᠡᠷᠬᠡᠶᠢᠯᠡᠨ ᠡᠷᠭᠦᠮᠵᠢᠯᠡᠭᠳᠡᠭᠰᠡᠨ ᠢᠨᠦ ᠲᠤᠯᠭᠤᠷ ᠤᠷᠢᠳᠤᠰ ︵9︶ ︵ᠲᠠᠶᠢᠽᠦ ᠴᠢᠩᠬᠢᠰ ᠬᠠᠭᠠᠨ︶ ᠤᠨ ᠦᠶ᠎ᠡ ︵1227 ᠤᠨ︶ ᠳᠤᠷ ᠪᠤᠶᠤ᠃ ᠪᠦᠲᠦᠭᠡᠭᠴᠢ ᠲᠡᠭᠡᠳᠦᠰ ︵10︶ ︵ᠴᠧᠩᠽᠦ᠋ᠩ ᠲᠡᠮᠦᠷ ᠬᠠᠭᠠᠨ︶ ᠤᠨ ᠢᠵᠠᠭᠤᠷ ᠪᠠᠲᠦ ︵11︶  ︵ᠶᠤᠸᠠᠨ ᠵᠧᠨ︶ ᠬᠡᠮᠡᠬᠦᠢ ᠶᠢᠨ ᠠᠩᠬᠠᠳᠤᠭᠠᠷ ᠤᠨ ︵1295 ᠤᠨ︶ ᠳᠤᠷ᠂ ﹇ᠠᠯᠴᠤ ᠨᠤᠶᠠᠨ ᠢ﹈ ᠵᠢᠨᠢᠩ ᠸᠠᠩ ︵12︶ ᠬᠡᠮᠡᠨ ᠨᠡᠬᠡᠨ ᠡᠷᠭᠦᠮᠵᠢᠯᠡᠵᠦ᠂ ᠨᠡᠬᠡᠨ ᠡᠷᠭᠦᠮᠵᠢᠯᠡᠭᠰᠡᠨ ᠴᠤᠯᠠ ᠶᠢ ᠠᠨᠤ ᠰᠢᠳᠤᠷᠭᠤ ᠪᠠᠭᠠᠲᠦᠷ ᠬᠡᠮᠡᠯᠦᠭᠡ᠃                   ﹇ᠠᠯᠴᠤ ᠨᠤᠶᠠᠨ ᠤ﹈ ᠬᠦᠪᠡᠬᠦᠨ ᠢᠨᠦ ᠨᠠᠴᠢᠨ ︵13︶ ᠬᠡᠮᠡᠭᠴᠢ ᠬᠦᠷᠭᠡᠨ ᠪᠤᠶᠤ᠃ ᠲᠤᠯᠭᠤᠷ ᠤᠷᠢᠳᠤᠰ ︵ᠲᠠᠶᠢᠽᠦ ᠴᠢᠩᠬᠢᠰ ᠬᠠᠭᠠᠨ︶ ᠤᠨ ᠤᠮᠪᠤᠯᠤ ᠦᠬᠢᠨ ᠰᠡᠴᠡᠭᠡᠨ ᠪᠠᠬᠢ ︵14︶ ︵ᠭᠦᠩᠵᠦ︶ ᠯᠦᠭᠡ ᠭᠡᠷᠯᠡᠪᠡᠢ᠃ ﹇ᠰᠡᠴᠡᠭᠡᠨ ᠪᠠᠬᠢ ᠬᠢᠭᠡᠳ ᠨᠠᠴᠢᠨ ᠠᠴᠠ﹈ ᠮᠡᠨᠳᠦᠯᠡᠭᠰᠡᠨ ᠬᠦᠪᠡᠬᠦᠨ ᠲᠡᠮᠦᠷ ︵15︶ ᠬᠡᠮᠡᠭᠴᠢ ᠬᠦᠷᠭᠡᠨ ᠪᠦᠯᠦᠭᠡ᠃ ﹇ᠲᠡᠮᠦᠷ ᠬᠡᠮᠡᠭᠴᠢ ᠬᠤᠪᠢᠯᠠᠢ ᠰᠡᠴᠡᠨ ᠬᠠᠭᠠᠨ ᠤ ᠦᠶ᠎ᠡ ᠳᠤᠷ﹈ ᠤᠮᠠᠷᠠᠰᠢ ᠲᠠᠶᠢᠯᠠᠬᠤᠢ ᠳᠤᠷ ᠦᠯᠡᠮᠵᠢ ᠭᠠᠪᠢᠶ᠎ᠠ ᠪᠠᠶᠢᠭᠤᠯᠤᠭᠰᠠᠨ ᠲᠤᠯᠠ ᠠᠯᠳᠠᠷᠲᠦ ᠨᠤᠶᠠᠨ ᠬᠡᠮᠡᠭᠳᠡᠭᠰᠡᠨ ᠴᠤᠯᠠ ᠪᠠᠷ ᠰᠤᠶᠤᠷᠬᠠᠭᠳᠠᠵᠦ᠂ ᠰᠤᠷᠪᠤᠯᠵᠢ ᠤᠷᠢᠳᠤᠰ ᠬᠠᠭᠠᠨ ︵ᠱᠢᠽᠦ᠂ ᠬᠤᠪᠢᠯᠠᠢ ᠰᠡᠴᠡᠨ ᠬᠠᠭᠠᠨ︶ ᠤ ᠭᠤᠷᠪᠠᠳᠤᠭᠠᠷ ᠦᠬᠢᠨ ᠨᠠᠩᠭᠠᠴᠢᠨ ᠪᠠᠬᠢ ︵16︶ ︵ᠭᠦᠩᠵᠦ︶ ᠯᠦᠭᠡ ᠭᠡᠷᠯᠡᠪᠡᠢ᠃ ᠨᠠᠩᠭᠠᠴᠢᠨ ᠪᠠᠬᠢ ︵ᠭᠦᠩᠵᠦ︶ ᠪᠠᠷ᠄ ᠬᠠᠭᠠᠨ ᠤ ᠠᠪᠠᠭ᠎ᠠ ᠡᠭᠡᠴᠢ᠂ ᠯᠤ᠋ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠭᠦᠮᠵᠢᠯᠡᠭᠳᠡᠪᠡᠢ᠃ ᠯᠤ᠋ ᠭᠠᠵᠠᠷ ﹇ ᠤᠨ ᠶᠡᠭᠡ ᠡᠭᠡᠴᠢᠮᠡᠳ ᠪᠠᠬᠢ ︵ᠭᠦᠩᠵᠦ︶ ᠨᠠᠩᠭᠠᠴᠢᠨ﹈ ᠠᠴᠠ ᠭᠤᠷᠪᠠᠨ ᠬᠦᠪᠡᠬᠦᠨ ᠮᠡᠨᠳᠦᠯᠡᠵᠦᠬᠦᠢ᠃ ᠠᠬᠠᠮᠠᠳ ᠬᠦᠪᠡᠬᠦᠨ ᠢᠨᠦ ᠳ᠋ᠢᠶᠠᠪᠠᠯᠠ ︵17︶ ᠬᠡᠮᠡᠭᠴᠢ ᠬᠦᠷᠭᠡᠨ ᠪᠤᠶᠤ᠃ ᠶᠡᠭᠡ ᠡᠷᠳᠡᠮᠲᠦ  ︵18︶ ᠬᠡᠮᠡᠬᠦᠢ ᠶᠢᠨ ᠠᠷᠪᠠᠨ ᠨᠢᠭᠡᠳᠦᠭᠡᠷ ᠤᠨ ︵1307︶ ᠳᠤᠷ ᠯᠤ᠋ ᠸᠠᠩ ᠬᠡᠮᠡᠨ ᠡᠷᠭᠦᠮᠵᠢᠯᠡᠭᠳᠡᠭᠡᠳ ᠡᠶᠡᠪᠡᠷ ᠬᠠᠭᠠᠨ ︵19︶ ︵ᠰᠢᠶᠦ᠋ᠨᠽᠦ᠋ᠩ᠂ ᠲᠠᠷᠮᠠᠪᠠᠯᠠ︶ ᠤ ᠦᠬᠢᠨ ᠰᠠᠩᠭᠠᠷᠠᠭ ᠪᠠᠬᠢ ︵20︶ ᠯᠦᠭᠡ ᠭᠡᠷᠯᠡᠪᠡᠢ᠃ ᠬᠠᠭᠠᠨ ﹇ᠴᠤᠭᠲᠦ ᠲᠡᠭᠡᠳᠦᠰ ᠬᠠᠶᠢᠰᠠᠩ ᠬᠠᠭᠠᠨ﹈ ᠪᠠᠷ ᠠᠩᠬ᠎ᠠ ﹇ᠤᠨᠤᠯᠲᠦ ᠶᠡᠭᠡ ᠶᠢᠨ ᠠᠩᠬᠠᠳᠤᠭᠠᠷ ᠤᠨ ︵ᠵᠾᠢ ᠳ᠋ᠠ 1308 ᠤᠨ  ︶﹈ ᠰᠠᠭᠤᠷᠢᠨ᠎ᠠ ᠰᠠᠭᠠᠲᠠᠮᠠᠭᠴᠠ᠂ ᠰᠠᠩᠭᠠᠷᠠᠭ ᠪᠠᠬᠢ ︵ᠭᠦᠩᠵᠦ︶ ᠶᠢ ᠬᠠᠭᠠᠨ ᠤ ᠡᠭᠡᠴᠢ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠷᠭᠦᠮᠵᠢᠯᠡᠪᠡᠢ᠃ ﹇ᠰᠠᠩᠭᠠᠷᠠᠭ ᠪᠠᠬᠢ ︵ᠭᠦᠩᠵᠦ︶ ᠶᠢᠨ﹈ ᠬᠦᠪᠡᠬᠦᠨ ᠠᠷᠭᠠᠰᠢᠷᠢ ︵21︶  ᠬᠡᠮᠡᠭᠴᠢ ᠪᠠᠷ ᠦᠶ᠎ᠡ ᠤᠯᠠᠷᠢᠨ ᠬᠡᠷᠬᠢᠮ ᠢ ᠵᠠᠯᠭᠠᠮᠵᠢᠯᠠᠵᠦ᠂ ᠯᠤ᠋ ᠸᠠᠩ ᠪᠤᠯᠪᠠᠢ᠃                  ᠠᠩᠬ᠎ᠠ ᠤᠨᠤᠯᠲᠦ ᠲᠡᠷᠢᠭᠦᠨ ︵22︶ ᠬᠡᠮᠡᠬᠦᠢ ᠶᠢᠨ ᠴᠠᠭᠠᠭᠴᠢᠨ ᠬᠤᠨᠢᠨ ᠵᠢᠯ ︵1271 ᠤᠨ︶ ᠳᠤᠷ ᠂ ᠯᠤ᠋ ᠭᠠᠵᠠᠷ ﹇ ᠤᠨ ᠠᠯᠳᠠᠷᠲᠦ ᠨᠤᠶᠠᠨ ᠲᠡᠮᠦᠷ﹈ ᠲᠤᠷ᠂ ﹇ᠬᠤᠪᠢᠯᠠᠢ ᠰᠡᠴᠡᠨ ᠬᠠᠭᠠᠨ ᠪᠠᠷ﹈ ᠦᠪᠡᠷ ᠤᠨ ᠲᠤᠲᠤᠭᠠᠳᠤ ᠤᠷᠳᠤᠨ ᠤ ᠡᠯᠢᠭᠡᠨ ᠬᠠᠶᠢᠷᠠᠲᠦ ᠡᠩᠬᠦᠷᠢ ᠦᠬᠢᠨ ﹇ᠨᠠᠩᠭᠠᠴᠢᠨ ᠪᠠᠬᠢ ︵ᠭᠦᠩᠵᠦ︶﹈ ᠢᠶᠠᠨ ᠪᠤᠭᠲᠤᠯᠠᠵᠦ᠂ ᠠᠯᠤᠰ ᠬᠤᠯᠠ ᠶᠢᠨ ᠬᠠᠷᠢ ᠳᠤᠷ ᠮᠤᠷᠳᠠᠭᠤᠯᠤᠭᠰᠠᠨ ᠠᠨᠤ ﹇ᠡᠵᠡᠨ ᠬᠠᠭᠠᠨᠲᠠᠨ ᠤ﹈ ᠡᠷᠡᠰ ᠰᠢᠭᠤᠷᠬᠠᠢ ᠪᠠᠷ ᠦᠨᠢᠳᠡ ᠶᠢ ᠰᠡᠳᠬᠢᠵᠦ᠂ ᠲᠠᠬᠢᠮᠳᠠᠭᠤ ᠡᠯᠪᠡᠷᠢᠯ ᠳᠤᠷ ᠬᠦᠷᠭᠡᠰᠦᠭᠡᠢ ᠬᠡᠮᠡᠨ ᠲᠡᠭᠦᠨᠴᠢᠯᠡᠨ ᠰᠡᠳᠬᠢᠭᠰᠡᠨ ᠢᠨᠦ ᠪᠤᠢ ᠢ ᠎ᠠ᠃                  ᠲᠡᠳᠦᠢ ᠰᠢᠳᠤᠷᠭᠤ ᠪᠠᠭᠠᠲᠤᠷ ﹇ᠠᠯᠴᠤ ᠨᠤᠶᠠᠨ﹈ ᠤᠨ ᠨᠡᠭᠦᠳᠡᠯ ᠮᠠᠯᠵᠢᠯ ᠤᠨ ᠠᠭᠤᠷᠤᠭ ᠨᠤᠲᠤᠭ ᠬᠡᠮᠡᠪᠡᠰᠦ᠄ ᠴᠡᠭᠡᠯ ᠤᠨ ᠦᠨᠳᠦᠷ ︵23︶ ᠬᠡᠮᠡᠬᠦ ᠠᠭᠤᠯᠠ ᠠᠨᠤ ᠡᠨᠡ ᠨᠤᠲᠤᠭ ᠤᠨ ᠡᠶᠡᠪᠡᠷᠬᠦ ᠵᠤᠪᠬᠢᠰ ︵24︶  ᠲᠤᠷ ᠪᠠᠶᠢᠷᠢᠰᠢᠵᠦ᠂ ᠦᠯᠢ ᠶᠢᠨ ᠲᠠᠪᠠᠭ᠎ᠠ ︵25︶ ᠬᠡᠮᠡᠬᠦ ᠠᠭᠤᠯᠠ ᠲᠡᠭᠦᠨ ᠤ ᠵᠤᠭᠰᠤᠯᠲᠠ ᠵᠦᠭ ︵26︶ ᠢᠶᠠᠷ ᠤᠷᠢᠶᠠᠭᠠᠳ ᠨᠡᠯᠦᠶᠢᠨ ᠴᠡᠯᠦᠶᠢᠭᠰᠡᠨ ᠭᠦᠨ ᠨᠡᠯᠦᠭᠡᠷ ᠬᠤᠶᠠᠷ ᠤᠰᠤᠨ ︵27︶ ᠠᠨᠤ ᠵᠡᠭᠦᠨ ᠪᠠᠷᠠᠭᠤᠨ ᠲᠠᠯ᠎ᠠ ᠳᠤᠷ ᠠᠯᠤᠰᠯᠠᠨ ᠲᠤᠭᠲᠠᠭᠰᠠᠨ ᠤ ᠲᠤᠯᠠ᠂ ᠲᠡᠭᠦᠨ ᠢ ᠵᠡᠭᠦᠨ ᠪᠡᠷᠠᠭᠤᠨ ᠬᠤᠶᠠᠷ ᠨᠠᠭᠤᠷ ᠬᠡᠮᠡᠨ ᠨᠡᠷᠡᠯᠡᠵᠦᠬᠦᠢ᠃ ᠬᠤᠶᠠᠷ ᠨᠠᠭᠤᠷ ᠤᠨ ᠬᠤᠭᠤᠷᠤᠨᠲᠤᠬᠢ ᠲᠡᠨᠢᠭᠡᠷ ᠠᠭᠤᠳᠠᠮ ᠭᠠᠵᠠᠷ ᠠᠨᠤ ᠪᠠᠶᠠᠨ ᠲᠠᠩᠰᠤᠭ ᠦᠩ ᠰᠢᠮᠡᠯᠢᠭ ᠪᠦᠭᠡᠳ ᠰᠡᠷᠢᠭᠦᠨ ᠲᠤᠩᠭᠠᠯᠠᠭ ᠠᠵᠤᠭᠤ᠃ ᠲᠡᠶᠢᠨᠬᠦ᠂ ᠬᠠᠭᠠᠨ ᠤ ᠵᠠᠷᠯᠢᠭ ︵28︶ ᠢ ᠭᠤᠶᠤᠴᠢᠯᠠᠭᠠᠳ᠂ ᠡᠨᠡ ᠭᠠᠵᠠᠷ ᠲᠤᠷ ᠬᠤᠲᠠ ᠬᠠᠶᠢᠰᠠᠩ ︵ᠬᠤᠲᠠ ᠶᠢᠨ ᠬᠡᠷᠡᠮ︶ ᠴᠤᠭᠴᠠᠯᠠᠵᠦ᠂ ᠤᠷᠳᠤᠨ ᠦᠷᠦᠭᠡ ᠪᠠᠷᠢᠭᠤᠯᠤᠨ᠂ ᠬᠤᠷᠤᠭ᠎ᠠ ︵ᠤᠷᠳᠤᠨ︶ ᠵᠠᠬᠢᠷᠭ᠎ᠠ ᠪᠠᠶᠢᠭᠤᠯᠤᠭᠠᠳ᠂ ᠪᠤᠷᠬᠠᠨ ᠰᠦᠮ᠎ᠡ ᠶᠢ ᠪᠦᠲᠦᠭᠡᠭᠰᠡᠨ ᠢᠨᠦ ᠪᠦᠯᠦᠭᠡ᠃ ᠡᠵᠡᠨ ᠬᠠᠭᠠᠨ ᠠᠴᠠ ᠢᠩᠴᠠᠩ ︵ᠬᠠᠷᠢᠭᠤᠯᠤᠯ ᠢᠶᠠᠷ ᠮᠠᠨᠳᠤᠬᠤ︶ ᠬᠡᠮᠡᠬᠦ ᠨᠡᠷ᠎ᠡ ᠰᠤᠶᠤᠷᠬᠠᠵᠦ᠂ ᠰᠦᠮ᠎ᠡ ᠶᠢ ᠢᠨᠦ ᠬᠢᠵᠠᠭᠠᠯᠠᠰᠢ ᠦᠭᠡᠢ ᠰᠦᠮ᠎ᠡ ᠬᠡᠮᠡᠨ ᠨᠡᠷᠡᠶᠢᠳᠦᠯᠦᠭᠡ᠃                  ᠰᠦᠮ᠎ᠡ ᠬᠡᠮᠡᠪᠡᠰᠦ ᠭᠤᠤᠯ ᠬᠠᠷᠰᠢ᠂ ᠬᠠᠷᠰᠢ ᠶᠢ ᠲᠤᠭᠤᠷᠢᠭᠤᠯᠤᠭᠠᠳ ᠭᠠᠷᠪᠠ ︵29︶ ᠬᠤᠩᠬᠢᠯ᠂ ᠭᠠᠷᠪᠠ ᠬᠤᠩᠬᠢᠯ ᠤᠨ ᠲᠦᠷᠪᠡᠨ ᠵᠤᠪᠬᠢᠰ ᠲᠤᠷ ᠲᠠᠭᠲᠦ ᠵᠤᠬᠢᠶᠠᠭᠠᠳ ᠭᠡᠷᠡᠯᠲᠦ ᠬᠦᠰᠢᠶ᠎ᠡ ᠶᠢ ᠪᠤᠰᠬᠠᠵᠤᠬᠤᠢ᠃ ᠲᠠᠭᠲᠦ ᠶᠢᠨ ᠭᠠᠳᠠᠭᠤᠷ ᠭᠤᠷᠢᠶ᠎ᠡ ︵30︶ ᠪᠠᠷᠢᠵᠦ᠂ ᠡᠭᠦᠳᠡ ᠬᠠᠭᠠᠯᠭ᠎ᠠ ᠲᠤᠬᠢᠶᠠᠭᠠᠳ᠂ ᠤᠪᠤᠬᠠᠢ ᠪᠦᠷᠭᠡ᠂ ᠭᠠᠯ ᠲᠤᠭᠤᠭᠠᠨ ᠭᠡᠷ᠂ ᠰᠠᠩ ᠬᠦᠮᠦᠷᠭᠡ ᠲᠡᠷᠢᠭᠦᠲᠡᠨ ᠢ ᠡᠩᠨᠡᠭᠦᠯᠦᠨ ᠪᠠᠶᠢᠭᠤᠯᠤᠭᠰᠠᠨ ᠠᠨᠤ ᠲᠡᠭᠲᠡᠷᠯᠡᠨ ᠢᠨᠳᠡᠷᠯᠡᠵᠦ ᠰᠢᠵᠢᠷᠯᠡᠨ ᠤᠭ᠍ᠶᠤᠷᠠᠭᠠᠳ ᠭᠢᠯᠠᠰᠤᠨ ᠭᠢᠯᠪᠠᠵᠦ ᠭᠢᠯᠠᠯᠵᠢᠨ ᠰᠤᠯᠤᠩᠭᠠᠷᠠᠮᠤᠢ᠃ ᠪᠤᠷᠬᠠᠳ ᠤᠨ ᠬᠦᠷᠦᠭ ᠢ ᠲᠦᠰᠦᠪᠯᠡᠨ ᠱᠤᠭᠤᠵᠦ᠂ ᠲᠦᠯᠦᠪᠯᠡᠨ ᠪᠠᠶᠢᠷᠢᠰᠢᠭᠤᠯᠤᠭᠰᠠᠨ ᠤ ᠰᠠᠴᠠ ᠯᠠᠪᠷᠢ ᠴᠢᠮᠡᠭ ᠲᠠᠭᠠᠷᠠᠭᠤᠯᠤᠭᠰᠠᠨ ᠠᠨᠤ ᠤᠷᠠᠨ ᠭᠤᠶᠢᠳᠠ ᠰᠦᠷ ᠵᠢᠪᠬᠤᠯᠠᠩᠲᠠᠢ ᠪᠦᠯᠦᠭᠡ᠃ ᠮᠦᠨ ᠪᠠᠰᠠ ᠬᠤᠷᠤᠭ᠎ᠠ ᠬᠤᠲᠠ ᠶᠢᠨ ᠪᠠᠷᠠᠭᠤᠨ ᠳᠤᠷ ᠪᠤᠷᠬᠠᠨ ᠰᠤᠪᠤᠷᠭ᠎ᠠ ︵31︶ ᠶᠢ ᠪᠦᠲᠦᠭᠡᠭᠡᠳ᠂ ᠪᠤᠶᠠᠨᠰᠠᠭ ᠦᠢᠯᠡ ᠶᠢ ᠰᠢᠲᠦᠭᠴᠢ ᠪᠢᠷᠮᠠᠨ ᠬᠤᠸᠠᠷᠠᠭᠴᠤᠳ ᠢ ᠤᠷᠢᠨ ᠵᠠᠯᠠᠵᠦ᠂ ᠤᠩᠰᠢᠯᠭ᠎ᠠ ᠱᠠᠭᠵᠠᠯᠠᠯ ᠠᠳᠢᠰᠯᠠᠭ᠎ᠠ ︵33︶ ᠬᠢᠯᠭᠡᠵᠦ᠂ ᠬᠡᠰᠢᠭ ᠪᠤᠶᠠᠨ ᠢ ᠲᠠᠭᠠᠳᠬᠠᠨ ᠤᠨ ᠤ ᠲᠠᠬᠢᠯᠭ᠎ᠠ ᠶᠢ ᠦᠢᠯᠡᠳᠦᠭᠦᠯᠪᠡᠢ᠃ ᠡᠨᠡ ᠬᠤᠭᠤᠷᠤᠨᠳᠤ ᠭᠡᠷᠡᠯᠲᠦ ᠬᠦᠰᠢᠶ᠎ᠡ ᠶᠢᠨ ᠦᠰᠦᠭ ᠢ ᠰᠡᠶᠢᠯᠡᠭᠦᠯᠰᠦᠭᠡᠢ ᠬᠡᠮᠡᠨ ᠬᠡᠴᠤᠨᠡᠨ ᠠᠮᠲᠠᠷᠬᠠᠨ ᠬᠦᠰᠡᠭᠰᠡᠨ ᠠᠪᠠᠴᠤ᠂ ᠶᠡᠷᠤ ᠨᠢ ᠡᠰᠡ ᠴᠢᠳᠠᠭᠠᠳ ᠡᠳᠦᠭᠡ ᠪᠤᠯᠬᠤᠶ᠎ᠡ ﹇ᠨᠢᠭᠡᠨᠲᠡ﹈ ᠲᠦᠴᠢᠨ ᠤᠨ ᠪᠤᠯᠤᠭᠰᠠᠨ ᠠᠵᠢ᠃ ᠡᠶᠢᠮᠦ ᠶᠢᠨ ᠲᠤᠯᠠᠳᠠ ᠬᠠᠭᠠᠨ ᠤ ᠡᠭᠡᠴᠢ ᠪᠠᠷ ᠲᠡᠭᠦᠨᠴᠢᠯᠡᠨ ﹇ᠲᠦᠰᠢᠮᠡᠯ ᠨᠠᠳᠠ ᠶᠢ﹈ ᠰᠦᠰᠦᠭᠯᠡᠨ ᠤᠷᠢᠯᠤᠭ᠎ᠠ᠃                ᠲᠦᠰᠢᠮᠡᠯ ᠪᠢ ᠪᠠᠷ ᠬᠢᠴᠢᠶᠡᠩᠭᠦᠶᠢᠯᠡᠨ ᠰᠡᠳᠬᠢᠬᠦᠯ᠎ᠡ᠂ ᠪᠤᠷᠬᠠᠨ ᠤ ᠶᠤᠰᠤᠨ ᠳᠤᠷ ᠲᠦᠷᠪᠡᠨ ᠠᠴᠢᠯᠠᠯ ᠪᠤᠢ ᠬᠡᠮᠡᠬᠦ ᠬᠡᠯᠡᠯᠭᠡ ᠪᠠᠶᠢᠬᠤ ᠪᠦᠭᠡᠳ ᠡᠴᠢᠭᠡ ᠡᠬᠡ ᠬᠡᠮᠡᠭᠴᠢ ᠡᠨᠡ ᠲᠦᠷᠪᠡ ᠶᠢᠨ ᠲᠡᠷᠢᠭᠦᠨ ᠳᠤᠷ ᠤᠷᠤᠮᠤᠢ᠃ ﹇ᠡᠨᠡᠬᠦ﹈ ᠤᠳᠬ᠎ᠠ ᠠᠨᠤ ︽ᠰᠢᠯᠦᠭᠯᠡᠯᠲᠦ ᠨᠤᠮ︾ ᠤᠨ ᠲᠡᠯᠭᠡᠷᠡᠭᠦᠯᠦᠯ ᠳᠠᠬᠢ ︽ᠰᠠᠬᠤᠯᠠᠭ ᠪᠤᠷᠤ ᠰᠤᠶᠢᠬ᠎ᠠ︾ ︵34︶ ᠬᠡᠮᠡᠬᠦ ᠰᠢᠯᠦᠭ ᠯᠦᠭᠡ ᠨᠡᠶᠢᠯᠡᠬᠦ ᠪᠤᠶᠤ᠃ ᠰᠢᠯᠦᠭ ᠲᠤᠷ ᠦᠭᠦᠯᠡᠷᠦᠨ᠄                    ︽ᠡᠯᠪᠡᠷᠢᠯᠲᠦ ᠡᠴᠢᠭᠡ ᠮᠢᠨᠢ᠂ ᠠ ᠬᠦᠢ᠂ ᠨᠠᠳᠠ ᠶᠢ ᠲᠦᠷᠦᠭᠦᠯᠬᠦᠶ᠎ᠡ᠂                    ᠡᠨᠡᠷᠡᠯᠲᠦ ᠡᠬᠡ ᠮᠢᠨᠢ᠂ ᠠ ᠬᠦᠢ᠂ ᠨᠠᠳᠠ ᠶᠢ ᠪᠤᠶᠢᠵᠢᠭᠤᠯᠵᠤᠬᠤᠢ᠃                    ᠡᠭᠦᠨ ᠤ ᠠᠴᠢ ᠶᠢ ᠡᠭᠡᠨᠡᠭᠲᠡ ᠬᠠᠷᠢᠭᠤᠯᠰᠤᠭᠠᠢ ᠬᠡᠮᠡᠬᠦᠯ᠎ᠡ᠂                    ᠡᠰᠡᠷᠸ᠎ᠠ ᠲᠡᠭᠷᠢ ᠮᠡᠲᠦ ᠤᠭᠤᠳᠠ ᠬᠢᠵᠠᠭᠠᠯᠠᠰᠢ ᠦᠭᠡᠢ︾ ᠬᠡᠮᠡᠵᠦᠬᠦᠢ᠃ ᠰᠦᠮ᠎ᠡ ᠶᠢᠨ ᠨᠡᠷ᠎ᠡ ᠢᠨᠦ ᠡᠭᠦᠨ  ᠠᠴᠠ ᠭᠠᠷᠤᠭᠰᠠᠨ ᠠᠵᠤᠭᠤ᠃                ᠡᠭᠦᠨᠴᠢᠯᠡᠨ ᠮᠡᠳᠡᠬᠦᠢ ᠢᠨᠦ᠄ ᠬᠦᠮᠦᠨ ᠢᠨᠦ ᠡᠶᠢᠨᠬᠦ ᠬᠦᠮᠦᠨ ᠬᠡᠮᠡᠭᠳᠡᠵᠦ᠂ ᠲᠦᠷᠦ ᠢᠨᠦ ᠲᠡᠶᠢᠨᠬᠦ ᠲᠦᠷᠦ ᠬᠡᠮᠡᠭᠳᠡᠭᠡᠳ᠂ ᠪᠤᠮᠠᠨ ᠶᠠᠪᠤᠳᠠᠯ ᠤᠨ ᠡᠬᠢᠯᠡᠯᠲᠡ᠂ ᠲᠦᠮᠡᠨ ᠬᠤᠪᠢᠷᠠᠯᠲᠠ ᠶᠢᠨ ᠡᠭᠦᠰᠦᠯ ᠦᠴᠦᠬᠡᠨ ᠦᠯᠡᠮᠵᠢ ᠶᠢᠨ ᠡᠭᠦᠰᠭᠡᠯ ᠲᠡᠭᠦᠰᠭᠡᠯ ᠳᠤᠷ ᠡᠷᠬᠡᠨ᠋ᠦᠭᠡᠢ ᠦᠨᠳᠦᠰᠦᠨ ᠢ ᠢᠨᠦ ᠲᠠᠬᠢᠮᠳᠠᠭᠤ ᠪᠠᠷ ᠪᠤᠯᠭᠠᠪᠠᠰᠤ ᠬᠤᠵᠢᠮ ᠠᠨᠤ ᠲᠡᠭᠦᠰ ᠪᠤᠯᠤᠮᠤᠢ᠃ ᠲᠡᠶᠢᠨᠬᠦ ﹇ᠪᠤᠭᠳᠠ ᠡᠷᠳᠡᠮᠲᠡᠨ ᠤ﹈ ᠦᠭᠦᠯᠡᠭᠰᠡᠨ ᠢᠨᠦ᠄ ᠡᠵᠡᠨ ᠬᠠᠭᠠᠨ ᠬᠡᠮᠡᠭᠴᠢ ᠲᠠᠬᠢᠮᠳᠠᠭᠤ ᠶᠢᠨ ᠦᠨᠳᠦᠰᠦᠨ ᠢ ᠡᠷᠢᠯᠬᠢᠯᠡᠮᠤᠢ᠂ ᠲᠠᠬᠢᠮᠳᠠᠭᠤ ᠶᠢᠨ ᠦᠨᠳᠦᠰᠦᠨ ᠲᠡᠯᠭᠡᠷᠡᠬᠦᠯ᠎ᠡ ᠦᠨᠡᠨ ᠮᠦᠷ ᠲᠦᠷᠦᠭᠳᠡᠨᠡᠮ᠂ ᠲᠠᠬᠢᠮᠳᠠᠭᠤ ᠶᠢᠨ ᠦᠢᠯᠡᠳᠤᠯ ᠬᠡᠮᠡᠭᠴᠢ ᠠᠭᠤᠤ ᠠᠵᠢ︕ ᠬᠡᠮᠡᠵᠦᠬᠦᠢ᠃ ᠤᠤᠬᠠᠢ ᠬᠠᠯᠠᠭ︕ ᠰᠤᠷᠪᠤᠯᠵᠢ ᠬᠠᠭᠠᠨ ︵ᠬᠤᠪᠢᠯᠠᠢ ᠰᠡᠴᠡᠨ ᠬᠠᠭᠠᠨ︶ ᠪᠠᠷ ᠲᠠᠬᠢᠮᠳᠠᠭᠤ ᠪᠠᠷ ᠲᠡᠯᠡᠬᠡᠢ ᠳ᠋ᠠᠬᠢᠨ ᠢ ᠵᠠᠰᠠᠭᠰᠠᠨ ᠠᠴᠠ᠂ ᠶᠢᠰᠤᠨ ᠤᠭᠰᠠᠭ᠎ᠠ ᠲᠦᠭᠡᠮᠡᠯ ᠢᠨᠠᠭᠰᠢᠵᠦ᠂ ᠲᠦᠷᠪᠡᠨ ᠲᠠᠯᠠᠢ ᠨᠡᠶᠢᠭᠡᠨ᠎ᠡ ᠲᠠᠶᠢᠪᠤᠰᠢᠷᠠᠭᠠᠳ᠂ ᠲᠦᠷᠦ ᠨᠠᠶᠢᠷᠰᠠᠭ ᠲᠦᠮᠡᠨ ᠠᠮᠤᠭᠤᠯᠠᠩᠲᠠᠨ ᠪᠤᠯᠤᠭᠠᠳ ᠨᠠᠶᠢᠷᠠᠮᠳᠠᠭᠤ ᠡᠯᠢᠭᠡᠰᠡᠭ ᠡᠷᠡᠨ ᠴᠠᠭ ᠴᠢᠪ ᠬᠡᠮᠡᠨ ᠲᠡᠷᠡ ᠦᠶ᠎ᠡ ᠳᠤᠷ ᠲᠤᠬᠢᠶᠠᠭᠳᠠᠵᠤᠬᠤᠢ᠃                  ᠯᠤ᠋ ᠭᠠᠵᠠᠷ ︵35︶ ﹇ ᠤᠨ ᠶᠡᠭᠡ ᠡᠭᠡᠴᠢᠮᠡᠳ ᠪᠠᠬᠢ ︵ᠭᠦᠩᠵᠦ︶﹈ ᠦᠨᠡᠨ ᠰᠦᠵᠦᠭ ᠢᠶᠠᠷ ᠪᠢᠷᠮᠠᠨ ᠤ ᠱᠠᠰᠢᠨ ᠢ ᠰᠦᠰᠦᠭᠯᠡᠨ ᠰᠢᠲᠦᠵᠦ᠂ ᠠᠰᠠᠷᠠᠯ ᠪᠤᠶᠠᠨ ᠢ ᠠᠷᠪᠢᠳᠬᠠᠨ ᠲᠡᠯᠭᠡᠷᠡᠭᠦᠯᠵᠦ᠂ ᠬᠠᠷᠠᠭᠠᠯᠵᠠᠨ ᠬᠠᠮᠠᠭᠠᠯᠠᠭᠰᠠᠨ ︵36︶ ᠤ ᠬᠠᠷᠢᠭᠤᠯᠤᠯ ᠢᠶᠠᠨ ᠲᠤᠳᠤᠷᠠᠭᠤᠯᠬᠤ ᠮᠦᠷᠲᠡᠭᠡᠨ ᠲᠠᠬᠢᠮᠳᠠᠭᠤ ᠶᠢ ᠲᠤᠲᠤᠨᠤᠴᠢᠯᠠᠨ ᠤᠷᠢᠳᠤᠬᠢ ᠠᠴᠠ ᠡᠷᠬᠢᠮ ᠪᠤᠯᠭᠠᠰᠤᠭᠠᠢ ᠬᠡᠮᠡᠭᠰᠡᠨ ᠢᠨᠦ ᠪᠤᠶᠤ᠃ ᠪᠤᠭᠳᠠ ᠡᠵᠡᠨᠲᠡᠨ ᠮᠠᠨᠢ ᠰᠠᠭᠤᠷᠢᠨ ᠢ ᠵᠠᠯᠭᠠᠮᠵᠢᠯᠠᠭᠠᠳ ᠵᠢᠷᠦᠮᠯᠡᠨ ᠲᠤᠩᠭᠠᠵᠦ ᠵᠠᠰᠠᠭ ᠬᠠᠤᠯᠢ ᠪᠤᠯᠭᠠᠨ ᠲᠤᠭᠲᠠᠭᠠᠵᠤᠬᠤᠢ᠃ ᠡᠶᠢᠮᠦ ᠶᠢᠨ ᠲᠤᠯᠠᠳᠠ ᠰᠠᠶᠢᠬᠠᠨ ᠬᠡᠰᠭᠡᠯ ᠢ ᠠᠳᠠᠪᠰᠢ ᠲᠡᠯᠭᠡᠷᠡᠭᠦᠯᠦᠨ ᠰᠠᠶᠢᠨ ᠰᠤᠷᠲᠠᠯ ᠢ ᠡᠭᠡᠨᠡᠭᠲᠡ ᠮᠠᠨᠳᠤᠭᠤᠯᠪᠠᠰᠤ ᠲᠠᠬᠢᠮᠳᠠᠭᠤ ᠪᠠᠷ ᠵᠠᠰᠠᠬᠤ ᠶᠢᠨ ᠶᠤᠰᠤᠨ ᠠᠨᠤ ᠡᠳᠦᠭᠡ ᠡᠷᠡᠨ ᠳᠤᠷ ᠰᠡᠷᠭᠦᠬᠦ ᠪᠤᠢ ᠢ ᠎ᠠ᠃                  ᠬᠠᠭᠠᠨ ᠤ ᠡᠭᠡᠴᠢ ᠪᠠᠷ ᠦᠨᠡᠨᠲᠠᠶᠢᠶ᠎ᠠ ﹇ᠡᠬᠡ ᠬᠠᠲᠤᠨ ᠳ᠋ᠠᠵᠢ ᠶᠢᠨ﹈ ᠵᠤᠷᠢᠯᠲᠠ ᠶᠢ ᠵᠠᠯᠭᠠᠮᠵᠢᠯᠠᠬᠤ ᠬᠡᠮᠡᠭᠰᠡᠨ ᠤᠴᠢᠷ ᠢᠶᠠᠨ ᠲᠤᠭᠠᠴᠢᠨ᠂ ᠨᠠᠮᠠᠨᠴᠢᠯᠠᠯ ᠲᠠᠭᠠᠳᠬᠠᠯ ᠢᠶᠠᠨ ᠨᠡᠶᠢᠭᠡᠨ᠎ᠡ ᠲᠦᠭᠡᠭᠡᠨ ᠤᠷᠢᠳᠤᠬᠢ ᠬᠦᠮᠦᠰ ᠤᠨ ᠪᠤᠶᠠᠨᠲᠦ ᠦᠢᠯᠡ ᠶᠢ ᠵᠠᠯᠭᠠᠮᠵᠢᠯᠠᠨ ᠲᠠᠬᠢᠮᠳᠠᠭᠤ ᠶᠢ ᠰᠡᠷᠭᠦᠭᠡᠨ ᠬᠤᠶᠢᠰᠢᠳᠠ ᠳᠤᠷ ᠠᠯᠳᠠᠷᠰᠢᠭᠤᠯᠰᠤᠭᠠᠢ ᠬᠡᠮᠡᠨᠡᠮ᠃ ᠲᠡᠭᠦᠨ ᠤ ᠰᠡᠳᠦᠭᠰᠡᠨ ᠡᠨᠡᠬᠦ ᠭᠠᠪᠢᠶᠠᠲᠦ ᠪᠤᠶᠠᠨᠲᠦ ᠦᠢᠯᠡ ᠶᠢ ᠬᠡᠮᠵᠢᠶᠡᠯᠡᠵᠦ ᠬᠡᠷᠬᠢᠨ ᠪᠤᠯᠬᠤ ᠠᠵᠢ︕ ᠲᠡᠭᠡᠬᠦᠯᠡᠷ᠂ ᠰᠢᠳᠤᠷᠭᠤ ᠪᠠᠭᠠᠲᠤᠷ ᠤᠨ ᠭᠠᠪᠢᠶ᠎ᠠ ᠵᠢᠳᠬᠦᠯᠲᠦ ᠭᠡᠷ ᠤᠭᠰᠠᠭ᠎ᠠ ᠠᠨᠤ ᠴᠤᠭ ᠪᠠᠳᠠᠷᠠᠩᠭᠤᠢ ᠡᠰᠡᠷᠡᠭ ᠦᠨᠢᠷ ᠪᠤᠯᠪᠠᠰᠤ ᠤᠯᠤᠰ ᠭᠦᠷᠦᠨ ᠤ ᠪᠠᠨ ᠨᠠᠷᠠᠮᠠᠢ ᠬᠡᠰᠢᠭᠲᠦ ᠦᠯᠵᠢ ᠶᠢᠨ ᠦᠯᠡᠮᠢ ᠶᠢᠨ ᠪᠠᠲᠦ ᠴᠡᠩᠬᠡᠯ ᠢ ᠠᠰᠢᠲᠠ ᠵᠢᠷᠡᠳᠯᠡᠬᠦ ︵ᠬᠠᠮᠠᠭᠠᠯᠠᠬᠤ︶ ᠪᠤᠢ ᠢ ᠎ᠠ᠃ ᠡᠨᠡ ᠢᠨᠦ ᠡᠭᠡᠨᠡᠭᠲᠡ ᠡᠨᠡ ᠰᠦᠮ᠎ᠡ ᠠᠴᠠ ᠡᠬᠢᠯᠡᠭᠰᠡᠨ ᠢᠨᠦ ᠪᠤᠶᠤ᠃ ᠤᠤᠬᠠᠢ ᠬᠠᠯᠠᠭ︕ ᠠᠴᠢᠯᠠᠯ ᠲᠠᠬᠢᠮᠳᠠᠭᠤ ᠶᠢᠨ ᠦᠷ᠎ᠡ ᠨᠦᠯᠦᠭᠡ ᠬᠡᠮᠡᠭᠴᠢ ᠠᠰᠤᠷᠤ ᠠᠤᠭ᠎ᠠ ᠠᠵᠢ︕ ᠬᠢᠵᠠᠭᠠᠯᠠᠰᠢ ᠦᠭᠡᠢ ᠬᠡᠮᠡᠬᠦᠢ ᠶᠢᠨ ᠤᠳᠬ᠎ᠠ ᠠᠨᠤ ᠡᠶᠢᠨᠬᠦ ᠬᠠᠷᠠᠭᠳᠠᠨᠠᠮ ᠪᠦᠯᠦᠭᠡ᠃                    ᠰᠡᠶᠢᠯᠦᠮᠡᠯ ᠤᠨ ᠪᠢᠴᠢᠭ ︵37︶ ᠲᠤᠷ ᠦᠭᠦᠯᠡᠷᠦᠨ᠄            ᠪᠤᠷᠬᠠᠨ ᠤ ᠱᠠᠰᠢᠨ ᠬᠤᠭᠤᠰᠤᠨ ᠢ ᠰᠤᠷᠲᠠᠯᠴᠢᠯᠠᠵᠦ᠂            ᠪᠢᠴᠢᠭ ᠤᠨ ᠰᠤᠷᠭᠠᠯ ᠠᠬᠤᠢ ᠪᠠᠷ ᠬᠡᠰᠭᠡᠮᠤᠢ︔            ᠬᠤᠭᠤᠰᠤᠨ ᠪᠠ ᠠᠬᠤᠢ ᠠᠳᠠᠯᠢ ᠪᠤᠰᠤ ᠬᠡᠮᠡᠪᠡᠴᠦ᠂            ᠠᠳᠠᠯᠢ ᠠᠨᠤ ᠭᠠᠭᠴᠠ ᠬᠦ ᠠᠴᠢᠯᠠᠯ ᠲᠠᠬᠢᠮᠳᠠᠭᠤ ᠪᠤᠶᠤ᠃            ᠠᠴᠢᠯᠠᠯ ᠲᠠᠬᠢᠮᠳᠠᠭᠤ ᠶᠢᠨ ᠡᠷᠭᠦᠯ ᠰᠠᠴᠤᠯᠢ ᠬᠡᠮᠡᠭᠴᠢ᠂            ᠠᠰᠠᠷᠠᠯᠲᠦ ᠪᠤᠶᠠᠨ ᠤ ᠢᠵᠠᠭᠤᠷ ᠦᠨᠳᠦᠰᠤᠨ ᠪᠦᠯᠦᠭᠡ︔            ᠠᠭᠤᠷᠤᠭ ᠦᠨᠳᠦᠰᠤᠨ ᠢ ᠤᠭᠤᠷᠤᠨ ᠲᠠᠶᠠᠭᠳᠠᠪᠠᠰᠤ᠂            ᠠᠰᠢᠲᠠ ᠶᠢᠨ ᠪᠤᠶᠠᠨ ᠶᠠᠭᠠᠬᠢᠨ ᠦᠪᠯᠡᠭᠳᠡᠬᠦ ᠠᠵᠢ᠃            ᠲᠠᠬᠢᠮᠳᠠᠭᠤ ᠡᠯᠪᠡᠷᠢᠯ ᠳᠤᠷ ᠠᠷᠭ᠎ᠠ ᠬᠡᠮᠡᠨ ᠠᠯᠠᠭ᠎ᠠ᠂            ᠲᠡᠩᠰᠡᠯ ᠦᠭᠡᠢ ᠰᠦᠰᠦᠭ ᠢᠶᠠᠨ ᠦᠨᠡᠨᠬᠦ ᠲᠡᠭᠡᠳᠦᠯᠡᠬᠦ︔            ᠦᠨᠡᠮᠯᠡᠬᠦᠢ ᠰᠦᠵᠦᠭ ᠢᠶᠠᠨ ᠤᠭᠤᠳᠠ ᠭᠦᠢᠴᠢᠳᠭᠡᠪᠡᠰᠦ᠂            ᠦᠲᠡᠭᠦᠰ ᠤᠨ ᠲᠠᠬᠢᠮᠳᠠᠭᠤ ᠳᠤᠷ ᠡᠭᠦᠷᠢᠳᠡ ᠦᠯᠦ ᠮᠡᠬᠦᠰᠳᠡᠬᠦ᠃            ᠯᠤ᠋ ᠭᠠᠵᠠᠷ ᠤᠨ ᠲᠠᠬᠢᠮᠳᠠᠭᠤ ᠠᠴᠢᠯᠠᠯ ᠬᠡᠮᠡᠭᠴᠢ᠂            ᠯᠤᠲᠦ ᠮᠦᠷᠦᠭᠡᠳᠤᠯ ᠤᠨ ᠬᠢᠨᠢ ᠠᠴᠢ ᠬᠠᠷᠢᠭᠤᠯᠲᠠ ᠪᠤᠶᠤ︔            ᠡᠪᠤᠭᠡᠳ ᠤᠨ ᠰᠦᠮ᠎ᠡ ᠳᠤᠷ ᠢᠶᠠᠨ ᠬᠠᠷᠢᠭᠤᠯᠤᠯ ᠢ ᠦᠢᠯᠡᠳᠬᠦᠶ᠎ᠡ᠂            ᠦᠪᠡᠳᠡᠭᠰᠢ ᠬᠡᠰᠢᠭ ᠢᠨᠦ ᠡᠯᠢᠭᠡᠰᠡᠭ ᠲᠤᠷ ᠵᠤᠬᠢᠴᠠᠮᠤᠢ᠃           ᠰᠤᠷᠪᠤᠯᠵᠢ ᠬᠠᠭᠠᠨ ᠪᠠᠷ ᠨᠡᠷ᠎ᠡ ᠶᠢ ᠢᠨᠦ ᠪᠠᠭ᠋ᠠᠷᠬᠠᠭᠰᠠᠨ ᠠᠴᠠ᠂           ᠰᠦᠮ᠎ᠡ ᠶᠢᠨ ᠨᠡᠷ᠎ᠡ ᠶᠢ ᠲᠡᠶᠢᠨᠬᠦ ᠲᠤᠭᠲᠠᠭᠠᠨ ᠬᠡᠷᠡᠭᠯᠡᠪᠡᠢ︔           ᠬᠠᠭᠠᠨ ᠤ ᠡᠭᠡᠴᠢ ᠠᠴᠠ ᠵᠤᠷᠢᠯᠲᠠ ᠪᠠᠨ ᠲᠤᠲᠤᠷᠠᠭᠤᠯᠤᠮᠠᠭᠴᠠ᠂           ᠬᠠᠯᠠᠮᠵᠢᠯᠠᠯᠲᠦ ᠵᠠᠷᠯᠢᠭ ᠢᠶᠠᠷ ᠵᠤᠬᠢᠶᠠᠯ ᠢ ᠲᠤᠭᠤᠷᠪᠢᠯᠤᠭ᠎ᠠ᠃           ᠬᠠᠭᠠᠨ ᠤ ᠵᠠᠷᠯᠢᠭ ᠠᠴᠠ ᠴᠤᠭ ᠰᠦᠯᠳᠡ ᠪᠠᠳᠠᠷᠠᠬᠤᠶ᠎ᠠ᠂           ᠬᠠᠰ ᠤᠨ ᠰᠡᠶᠢᠯᠤᠮᠡᠯ ᠠᠴᠠ ᠭᠡᠷᠡᠯ ᠭᠢᠯᠪᠠᠭ᠎ᠠ ᠰᠠᠴᠤᠷᠠᠮᠤᠢ︔           ᠯᠤ᠋ ᠭᠠᠵᠠᠷ ᠡᠭᠡᠨᠡᠭᠲᠡ ᠦᠭᠡᠳᠡᠯᠡᠨ ᠮᠠᠨᠳᠤᠬᠤᠶ᠎ᠡ᠂           ᠰᠢᠳᠤᠷᠭᠤ ᠪᠠᠭᠠᠲᠤᠷ ᠤᠨ ᠭᠠᠪᠢᠶ᠎ᠠ ᠨᠡᠩᠳᠡ ᠢᠯᠡᠳᠲᠡ᠃           ᠰᠢᠳᠤᠷᠭᠤ ᠪᠠᠭᠠᠲᠦᠷ ᠤᠨ ᠦᠷ᠎ᠡ ᠬᠤᠶᠢᠴᠢᠰ ᠬᠡᠮᠡᠭᠴᠢ᠂           ᠡᠵᠡᠳ ᠬᠠᠭᠠᠳ ᠯᠤᠭ᠎ᠠ ᠤᠷᠤᠭ ᠤᠨ ᠪᠠᠷᠢᠯᠳᠤᠯᠭ᠎ᠠ ᠲᠦᠷᠦᠯᠬᠢ︔           ᠦᠨᠡᠨ ᠤ ᠬᠠᠭᠠᠯᠭ᠎ᠠ ᠶᠢ ᠰᠦᠰᠦᠭᠯᠡᠨ ᠰᠢᠲᠦᠭᠰᠡᠨ ᠤ ᠤᠴᠢᠷ᠎ᠠ᠂           ᠦᠶ᠎ᠡ ᠤᠯᠠᠷᠢᠨ ᠠᠴᠢᠯᠠᠯ ᠲᠠᠬᠢᠮᠳᠠᠭᠤ ᠶᠢ ᠠᠯᠳᠠᠷᠰᠢᠭᠤᠯᠤᠨᠠᠮ᠃           ᠤᠯᠤᠰ ᠤᠨ ᠡᠨᠡᠷᠡᠯ ᠢ ᠦᠨᠢᠳᠡ ᠬᠠᠷᠢᠭᠤᠯᠬᠤ ᠪᠤᠯᠲᠤᠭᠠᠢ︕                 ︵ᠦᠷᠬᠦᠯᠵᠢᠯᠡᠯ ᠪᠤᠢ︶
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号