| | | | | | ᠲᠤᠰ ᠭᠡᠷᠡᠯᠲᠦ ᠬᠦᠰᠢᠶᠡᠨ ᠤ ᠪᠢᠴᠢᠭ ᠲᠤ ᠤᠩᠰᠢᠯᠭ᠎ᠠ ᠭᠡᠳᠡᠭ ᠤᠳᠬ᠎ᠠ ᠶᠢ ᠢᠯᠡᠳᠭᠡᠬᠦ ᠳᠡᠭᠡᠨ ︽诵 持 | ︾ ᠭᠡᠬᠦ ᠬᠤᠶᠠᠷ ᠦᠰᠦᠭ ᠢ ᠬᠡᠷᠡᠭᠯᠡᠪᠡ᠃ ᠨᠢᠭᠲᠠᠯᠠᠬᠤᠯᠠ᠂ ︽诵︾ ᠭᠡᠬᠦ ᠦᠰᠦᠭ ᠨᠢ ᠤᠩᠰᠢᠯᠭ᠎ᠠ ᠶᠢ | ᠵᠢᠭᠠᠭᠰᠠᠨ ᠪᠤᠯᠪᠠᠴᠤ ︽持︾ ᠭᠡᠬᠦ ᠦᠰᠦᠭ ᠨᠢ ᠨᠤᠮ ᠤᠩᠰᠢᠯᠭ᠎ᠠ ᠲᠠᠢ ᠬᠤᠯᠪᠤᠭᠲᠠᠭᠰᠠᠨ ᠦᠭᠡᠷ᠎ᠡ ᠨᠢᠭᠡ | ᠤᠴᠢᠷ ᠢ ᠢᠯᠡᠳᠬᠡᠵᠦ ᠪᠠᠶᠢᠭ᠎ᠠ ᠶᠤᠮ᠃ ᠲᠡᠭᠡᠪᠡᠯ᠂ ᠡᠨᠡ ᠨᠢ ᠴᠤᠬᠤᠮ ᠶᠠᠭᠤ ᠶᠢ ᠵᠢᠭᠠᠴᠢᠬᠠᠪᠠ︖ | ᠪᠠᠶᠢᠴᠠᠭᠠᠬᠤᠯ᠎ᠠ᠄ ᠯᠢᠶᠤᠤᠨᠢᠩ ᠮᠤᠵᠢ ᠶᠢᠨ ᠮᠤᠩᠭᠤᠯᠵᠢᠨ ᠬᠤᠰᠢᠭᠤᠨ ︵辽宁阜新︶ ᠳᠠᠬᠢ ᠮᠤᠩᠭᠤᠯᠵᠢᠨ | ᠭᠡᠭᠡᠨ ᠰᠦᠮ᠎ᠡ ᠶᠢᠨ ᠯᠠᠮᠠ ᠨᠠᠷ ᠠᠴᠠ ᠨᠠᠶᠢᠷᠠᠭᠤᠯᠤᠨ ᠪᠢᠴᠢᠭᠰᠡᠨ ︽ᠪᠤᠷᠬᠠᠨ ᠱᠠᠰᠢᠨ ᠤ ᠰᠤᠶᠤᠯ ᠮᠡᠳᠡᠯᠭᠡ︾ ᠭᠡᠬᠦ | ᠰᠢᠷ᠎ᠠ ᠲᠡᠪᠲᠡᠷ ᠤᠨ ᠭᠤᠷᠪᠠᠳᠤᠭᠠᠷ ᠬᠡᠰᠡᠭ ᠤᠨ ᠨᠡᠷ᠎ᠡ ᠲᠤᠮᠢᠶ᠎ᠡ ᠶᠢᠨ ᠮᠤᠩᠭᠤᠯ ᠬᠢᠲᠠᠳ ᠬᠠᠷᠢᠴᠠᠭᠤᠯᠭ᠎ᠠ ᠳᠤ᠂ ︽ | ᠠᠳᠢᠰᠯᠠᠬᠤ ︵ᠪᠤᠶᠠᠨ ᠴᠢᠳᠠᠯ ᠬᠠᠶᠢᠷᠠᠯᠠᠵᠦ ᠬᠦᠷᠲᠡᠭᠡᠬᠦ︶︾ ᠭᠡᠵᠦ ᠪᠢᠴᠢᠭᠡᠳ ᠲᠤᠤᠷᠠᠬᠢ ᠬᠢᠲᠠᠳ ᠦᠰᠦᠭ ᠤᠨ | ᠬᠠᠳᠠᠮᠠᠯ ᠳᠤᠨᠢ ︽加持︾ ᠭᠡᠵᠦ ᠪᠢᠴᠢᠪᠡ᠃ ᠡᠭᠦᠨ ᠠᠴᠠ ᠦᠵᠡᠬᠦᠯ᠎ᠡ ᠠᠳᠡ ᠬᠡᠷᠡᠭᠯᠡᠭᠰᠡᠨ ︽持︾ ᠭᠡᠳᠡᠭ | ᠦᠰᠦᠭ ᠨᠢ ︽ᠠᠳᠢᠰᠯᠠᠬᠤ︾ ᠭᠡᠰᠡᠨ ᠦᠭᠡ ᠪᠠᠶᠢᠵᠠᠢ᠃ ᠠᠳᠢᠰᠯᠠᠬᠤ ᠭᠡᠳᠡᠭ ᠦᠭᠡ ᠶᠢᠨ ᠢᠵᠠᠭᠤᠷ ᠨᠢ ︽ᠠᠳᠢᠰ | ︾ ᠪᠤᠯᠬᠤ ᠶᠤᠮ᠃ ᠳ᠋ᠠ᠊᠂ ᠪᠠᠶᠠᠷ ᠤᠨ ᠵᠤᠬᠢᠶᠠᠭᠰᠠᠨ ︽ᠢᠵᠢ ᠦᠭᠡ ᠶᠢᠨ ᠲᠤᠯᠢ︾ ᠭᠡᠬᠦ ᠨᠤᠮ ᠳᠤ ︽ᠠᠳᠢᠰ︾ | ᠭᠡᠬᠦ ᠦᠭᠡ ᠶᠢ ᠲᠠᠶᠢᠯᠪᠤᠷᠢᠯᠠᠬᠤ ᠳᠠᠭᠠᠨ᠄ a , ᠲᠤᠮᠤᠭ ᠶᠠᠷᠢᠶᠠᠨ ᠳᠠᠬᠢ ᠠᠯᠢᠪᠠ ᠡᠪᠡᠳᠴᠢᠨ ᠲᠠᠬᠤᠯ ᠢ ᠪᠦᠷ | ᠵᠠᠰᠠᠳᠠᠭ ᠬᠦᠮᠦᠨ ᠢ ᠤᠷᠲᠤ ᠨᠠᠰᠤᠯᠠᠭᠤᠯᠬᠤ ᠡᠮ ︵61 ᠳ᠋ᠤᠭᠡᠷ ᠨᠢᠭᠤᠷ︶᠃ b, ᠪᠤᠭᠳᠠ ᠭᠡᠭᠡᠨ ᠠᠴᠠ ᠮᠦᠷᠭᠦᠯ | ᠬᠢᠭᠰᠡᠳ ᠲᠤ ᠦᠭᠬᠦ ᠢᠷᠦᠭᠡᠯ ︵178 ᠳ᠋ᠤᠭᠠᠷ ᠨᠢᠭᠤᠷ︶᠃ c, ᠱᠠᠰᠢᠨ ᠤ ᠦᠷᠰᠢᠶᠡᠯ ᠠᠪᠤᠷᠠᠯ ᠪᠦᠬᠦᠢ ᠲᠤᠰᠠ | ︵478 ᠳ᠋ᠤᠭᠠᠷ ᠨᠢᠭᠤᠷ︶ ᠭᠡᠵᠦ ᠭᠤᠷᠪᠠᠨ ᠵᠦᠢᠯ ᠤᠨ ᠢᠵᠢ ᠤᠳᠬ᠎ᠠ ᠳᠤ ᠠᠩᠬᠢᠯᠠᠨ ᠲᠠᠶᠢᠯᠪᠤᠷᠢᠯᠠᠵᠠᠢ᠃ | ᠠᠳᠡ ᠬᠦᠷᠬᠦ ᠳᠤ ᠡᠨᠡ ︽持︾ ᠦᠰᠦᠭ ᠤᠨ ᠤᠳᠬ᠎ᠠ ᠶᠢᠨ ᠲᠠᠶᠢᠯᠪᠤᠷᠢ ᠪᠠᠰᠠ ᠬᠤᠮᠰᠠᠳᠠᠵᠦ ᠪᠠᠶᠢᠬᠤ ᠲᠤᠯᠠ | ᠲᠠᠬᠢᠨ ᠪᠠᠶᠢᠴᠠᠭᠠᠪᠠ᠃ ᠡᠷᠳᠡᠮᠲᠡᠨ ᠰᠤᠳᠤᠪᠢᠯᠢᠭ᠌ ᠤᠨ ᠨᠠᠶᠢᠷᠠᠭᠤᠯᠤᠨ ᠵᠤᠬᠢᠶᠠᠭᠰᠠᠨ ︽ᠱᠠᠰᠢᠨ ᠤ ᠲᠤᠯᠢ︾ ᠳᠤ ︽持 | ︾ ᠪᠠᠷ ᠡᠬᠢᠯᠡᠭᠰᠡᠨ ᠲᠤᠯᠤᠭᠠᠢ ᠦᠰᠦᠭ ᠤᠨ ᠲᠠᠶᠢᠯᠪᠤᠷᠢ ᠠᠯᠠᠭ᠎ᠠ᠃ ᠭᠡᠲᠡᠯ᠎ᠡ ᠲᠤᠰ ᠲᠤᠬᠢᠶᠠᠨ ᠤ ᠪᠢᠴᠢᠭ ᠤᠨ ︽ | ᠲᠠᠷᠨᠢ ᠶᠢᠨ ᠮᠤᠲᠤᠷ︾ ᠭᠡᠬᠦ ᠲᠤᠯᠤᠭᠠᠢ ᠦᠭᠡᠰ ᠤᠨ ᠲᠠᠶᠢᠯᠪᠤᠷᠢ ᠳᠤ᠄ ︽ᠲᠠᠷᠨᠢ ᠤᠷᠢᠬᠤ ᠦᠶ᠎ᠡ ᠳᠤ ᠴᠠᠭᠵᠠ | ᠬᠢᠵᠦ ︵ᠠᠷᠪᠠᠨ ᠬᠤᠷᠤᠭᠤᠨ ᠤ ᠮᠤᠷᠤᠶᠢᠬᠤ ᠰᠤᠩᠭᠠᠬᠤ ᠶᠢ ᠠᠰᠢᠭᠯᠠᠨ ᠡᠯᠳᠡᠪ ᠬᠡ ᠤᠭᠠᠯᠵᠠ ᠶᠢᠨ ᠲᠦᠯᠦᠪ | ᠭᠠᠷᠭᠠᠬᠤ ᠶᠢ ᠴᠠᠭᠵᠠ ᠬᠢᠨ᠎ᠡ ︿317 ᠳ᠋ᠤᠭᠠᠷ ᠨᠢᠭᠤᠷ﹀ ᠭᠡᠳᠡᠭ︶︾ ᠭᠡᠵᠦ ᠲᠠᠶᠢᠯᠪᠤᠷᠢᠯᠠᠪᠠ᠃ ︽ᠴᠠᠭᠵᠠ︾ ᠶᠢ | ᠪᠠᠰᠠ ︽ᠱᠠᠭᠵᠠ︾ ᠭᠡᠨ᠎ᠡ᠃ ᠲᠠᠷᠤᠢ ᠮᠤᠲᠤᠷ ︵ᠭᠠᠷ︶ ᠢ ᠬᠡᠯᠡᠨ᠎ᠡ᠂ ᠱᠠᠭᠵᠠ ᠪᠤᠶᠤ ᠴᠠᠭᠵᠠ ᠬᠢᠨ᠎ᠡ ᠭᠡᠳᠡᠭ ᠨᠢ | ᠲᠠᠷᠤᠢ ᠭᠠᠷ ᠤᠨ ᠬᠦᠳᠡᠯᠭᠡᠨ ᠬᠢᠨ᠎ᠡ ᠭᠡᠰᠡᠨ ᠦᠭᠡ᠃ ᠮᠤᠩᠭᠤᠯ ᠤᠨ ᠪᠦᠭᠡ ᠮᠦᠷᠭᠦᠯ ᠤᠨ ᠱᠠᠰᠢᠨ ᠤ ᠶᠤᠰᠤᠨ ᠳᠤ | ᠰᠢᠲᠤᠭᠡᠨ ᠢᠶᠠᠨ ᠤᠷᠢᠵᠦ ᠵᠠᠯᠠᠬᠤ ᠦᠶ᠎ᠡ ᠳᠤ ᠮᠦᠨ ᠱᠠᠭᠵᠠᠯᠠᠬᠤ ᠶᠤᠰᠤᠨ ᠪᠠᠶᠢᠳᠠᠭ᠃ ᠡᠶᠢᠮᠦ ᠠᠴᠠ ᠱᠠᠰᠢᠨ ᠤ | ᠦᠢᠯᠡ ᠳᠤ᠂ ᠲᠠᠷᠨᠢ ᠤᠷᠢᠬᠤ ᠪᠤᠶᠤ ᠨᠤᠮ ᠤᠩᠰᠢᠬᠤ ᠦᠶ᠎ᠡ ᠳᠡᠭᠡᠨ ᠲᠤᠭᠳᠠᠭᠰᠠᠨ ᠵᠢᠷᠤᠮ ᠲᠠᠢ ᠪᠠᠷ ᠭᠠᠷ ᠤᠨ | ᠬᠦᠳᠡᠯᠭᠡᠨ ᠬᠢᠬᠦ ᠶᠢ ︽ᠱᠠᠭᠵᠠᠯᠠᠬᠤ︾ ᠪᠤᠶᠤ ︽ᠴᠠᠭᠵᠠᠯᠠᠬᠤ︾ ᠭᠡᠳᠡᠭ ᠪᠠᠶᠢᠵᠠᠢ᠃ ᠬᠢᠲᠠᠳ ᠤᠨ ᠪᠤᠷᠬᠠᠨ ᠱᠠᠰᠢᠨ | ᠤ ᠰᠤᠳᠤᠷ ᠲᠤ ᠱᠠᠭᠵᠠᠯᠠᠬᠤ ᠶᠢ ︽持咒︾ ᠪᠤᠶᠤ ︽咒印︾ ᠭᠡᠵᠦ ᠪᠢᠴᠢᠳᠡᠭ ᠶᠤᠮ᠃ ᠡᠶᠢᠮᠦ ᠠᠴᠠ | ᠡᠨᠡᠬᠦ ᠭᠡᠷᠡᠯᠲᠦ ᠬᠦᠰᠢᠶᠡᠨ ᠤ ᠪᠢᠴᠢᠭ ᠲᠤ ᠢᠯᠡᠷᠡᠭᠰᠡᠨ ︽持︾ ᠭᠡᠬᠦ ᠦᠰᠦᠭ ᠨᠢ ᠠᠳᠢᠰᠯᠠᠬᠤ ᠪᠤᠶᠤ | ᠱᠠᠭᠵᠠᠯᠠᠬᠤ ᠭᠡᠬᠦ ᠬᠤᠶᠠᠷ ᠤᠳᠬ᠎ᠠ ᠶᠢ ᠪᠠᠭᠲᠠᠭᠠᠭᠰᠠᠨ ᠲᠤᠯᠠ ᠲᠤᠰ ᠦᠰᠦᠭ ᠤᠨ ᠬᠡᠷᠡᠭᠯᠡᠭᠳᠡᠭᠰᠡᠨ ᠤᠤᠯ ᠤᠳᠬ᠎ᠠ | ᠶᠢ ᠪᠦᠷᠢᠨ ᠢᠯᠡᠳᠭᠡᠬᠦ ᠶᠢᠨ ᠲᠦᠯᠦᠭᠡ ︽ᠱᠠᠭᠵᠠᠯᠠᠯ ᠠᠳᠢᠰᠯᠠᠭᠠ︾ ᠭᠡᠬᠦ ᠬᠤᠯᠪᠤᠭ᠎ᠠ ᠦᠭᠡ ᠪᠠᠷ ᠤᠷᠴᠢᠭᠤᠯᠪᠠ᠃ | | ︵34︶ ︽ᠰᠢᠯᠦᠭᠯᠡᠯᠲᠦ ᠨᠤᠮ︾ ᠤᠨ ᠲᠡᠯᠭᠡᠷᠡᠭᠦᠯᠦᠯ ᠳᠠᠬᠢ ︽ᠰᠠᠬᠤᠯᠠᠭ ᠪᠤᠷᠤ ᠰᠤᠶᠢᠬ᠎ᠠ︾ 兴蓼 | 莪诗 —— ︽ᠰᠢᠯᠦᠭᠯᠡᠯᠲᠦ ᠨᠤᠮ︾ ᠪᠤᠯ ᠬᠢᠲᠠᠳ ᠤᠨ ᠤᠳᠬ᠎ᠠ ᠵᠤᠬᠢᠶᠠᠯ ᠤᠨ ᠲᠡᠤᠬᠡᠨ ᠲᠡᠭᠡᠷᠡᠬᠢ | ᠬᠠᠮᠤᠭ ᠠᠩᠬᠠᠨ ᠤ ᠰᠢᠯᠦᠭ ᠲᠠᠭᠤᠤ ᠶᠢᠨ ᠲᠡᠭᠦᠪᠦᠷᠢ ᠮᠦᠨ᠃ ︽ᠰᠢᠯᠦᠭᠯᠡᠯᠲᠦ ᠨᠤᠮ︾ ᠳᠤ ᠪᠠᠭᠲᠠᠭᠰᠠᠨ ᠰᠢᠯᠦᠭ | ᠲᠠᠭᠤᠤ ᠨᠤᠭᠤᠳ ᠨᠢ ᠪᠠᠷᠠᠭᠤᠨ ᠵᠸᠤ ᠤᠯᠤᠰ ᠤᠨ ᠡᠬᠢᠨ ᠤ ᠦᠶ᠎ᠡ ︵ᠤᠨ ᠲᠤᠭᠠᠯᠠᠯ ᠠᠴᠠ ᠡᠮᠦᠨᠡᠬᠢ ᠠᠷᠪᠠᠨ | ᠨᠢᠭᠡᠳᠦᠭᠡᠷ ᠵᠠᠭᠤᠨ᠂ ᠲᠠᠷᠤᠢ ᠤᠳᠤ ᠠᠴᠠ ᠭᠤᠷᠪᠠᠨ ᠮᠢᠩᠭ᠎ᠠ ᠨᠢᠭᠡ ᠵᠠᠭᠤ ᠭᠠᠷᠤᠢ ᠵᠢᠯ ᠤᠨ ᠡᠮᠦᠨ᠎ᠡ︶ ᠠᠴᠠ | ᠬᠠᠪᠤᠷ ᠨᠠᠮᠤᠷ ︵ᠴᠦᠨ ᠴᠢᠦ︶ ᠤᠨ ᠴᠠᠭ ᠦᠶ᠎ᠡ ᠳᠠᠬᠢ ᠲᠤᠮᠳᠠᠴᠢ ᠦᠶ᠎ᠡ ︵ᠤᠨ ᠲᠤᠭᠠᠯᠠᠯ ᠠᠴᠠ ᠡᠮᠦᠨᠡᠬᠢ | ᠵᠢᠷᠭᠤᠭᠠᠳᠤᠭᠠᠷ ᠵᠠᠭᠤᠨ᠂ ᠲᠠᠷᠤᠢ ᠤᠳᠤ ᠠᠴᠠ ᠬᠤᠶᠠᠷ ᠮᠢᠩᠭ᠎ᠠ ᠵᠢᠷᠭᠤᠭᠠᠨ ᠵᠠᠭᠤ ᠭᠠᠷᠤᠢ ᠵᠢᠯ ᠤᠨ ᠡᠮᠦᠨ᠎ᠡ︶ | ᠬᠦᠷᠲᠡᠯᠡᠬᠢ ᠲᠠᠪᠤᠨ ᠵᠠᠭᠤ ᠭᠠᠷᠤᠢ ᠵᠢᠯ ᠤᠨ ᠲᠤᠷᠰᠢᠬᠢ ᠰᠢᠯᠦᠭ ᠲᠠᠭᠤᠤ ᠶᠢ ᠪᠠᠭᠲᠠᠭᠠᠵᠠᠢ᠃ ︽ᠰᠢᠯᠦᠭᠯᠡᠯᠲᠦ ᠨᠤᠮ | ︾ ᠨᠢ ᠠᠩᠬ᠎ᠠ ᠡᠬᠢᠨ ᠳᠡᠭᠡᠨ ᠬᠦᠭᠵᠢᠮ ᠬᠠᠪᠰᠤᠷᠭᠠᠨ ᠲᠠᠭᠤᠯᠠᠭᠳᠠᠵᠦ ᠪᠠᠶᠢᠭᠰᠠᠨ ᠲᠤᠯᠠ ᠬᠦᠭᠵᠢᠮ ᠤᠨ ᠤᠨᠴᠠᠯᠢᠭ | ᠢ ᠦᠨᠳᠦᠰᠦᠯᠡᠵᠦ᠄ ︽ᠰᠤᠷᠲᠠᠯ风︾᠂ ︽ᠢᠷᠠᠭᠤ雅︾᠂ ︽ᠮᠠᠭᠲᠠᠭᠤ颂︾ ᠭᠡᠬᠦ ᠭᠤᠷᠪᠠᠨ ᠵᠦᠢᠯ ᠳᠤ | ᠠᠩᠬᠢᠯᠠᠭᠳᠠᠵᠦ ᠪᠠᠶᠢᠪᠠ᠃ | ︽ᠰᠤᠷᠲᠠᠯ风︾ ᠳᠤ᠄ ︽ᠵᠸᠤ ᠤᠯᠤᠰ ᠤᠨ ᠠᠶᠠᠯᠠᠭᠤ周南︾᠂ ︽ᠱᠤᠤ ᠤᠯᠤᠰ ᠤᠨ | ᠠᠶᠠᠯᠠᠭᠤ召南︾᠂ ︽ᠪᠸᠢ ᠤᠯᠤᠰ ᠤᠨ ᠰᠤᠷᠲᠠᠯ邶风︾᠂ ︽ᠶᠦᠩ ᠤᠯᠤᠰ ᠤᠨ ᠰᠤᠷᠲᠠᠯ庸风 | ︾᠂ ︽ᠸᠧᠢ ᠤᠯᠤᠰ ᠤᠨ ᠰᠤᠷᠲᠠᠯ卫风︾᠂ ︽ᠵᠧᠩ ᠤᠯᠤᠰ ᠤᠨ ᠰᠤᠷᠲᠠᠯ郑风︾…… ᠵᠡᠷᠭᠡ | ᠠᠷᠪᠠᠨ ᠲᠠᠪᠤᠨ ᠤᠯᠤᠰ ᠤᠨ ᠰᠤᠷᠲᠠᠯ ᠤᠨ 160 ᠠᠩᠬᠢ ᠰᠢᠯᠦᠭ ᠢ ᠪᠠᠭᠲᠠᠭᠠᠵᠠᠢ᠃ ︽ᠰᠤᠷᠲᠠᠯ︾ ᠭᠡᠳᠡᠭ ᠪᠤᠯ | ᠵᠸᠦ ᠤᠯᠤᠰ ᠤᠨ ᠵᠠᠬᠢᠷᠤᠯ ᠳᠠᠬᠢ ᠡᠯ᠎ᠡ ᠬᠦᠢ ᠤᠯᠤᠰ ︵诸侯国︶ ᠤᠨ ᠠᠷᠠᠳ ᠢᠷᠭᠡᠳ ᠤᠨ ᠠᠮᠢᠳᠤᠷᠠᠯ | ᠦᠢᠯᠡᠳᠪᠦᠷᠢᠯᠡᠯ᠂ ᠵᠠᠩ ᠰᠤᠷᠲᠠᠯ᠂ ᠶᠤᠰᠤᠯᠠᠯ ᠬᠦᠭᠵᠢᠮ᠂ ᠪᠢᠴᠢᠭ ᠤᠩᠰᠢᠭᠤ ᠵᠡᠷᠭᠡ ᠶᠢ ᠪᠢᠴᠢᠭᠰᠡᠨ ᠶᠤᠮ᠃ ︽ | ᠰᠤᠷᠲᠠᠯ︾ ᠳᠤ ᠬᠠᠮᠤᠷᠤᠭᠳᠠᠭᠰᠠᠨ ᠰᠢᠯᠦᠭ ᠤᠳ ᠨᠢ ᠬᠡᠪᠴᠢᠶ᠎ᠡ ᠪᠠᠷ ᠦᠷᠭᠡᠨ᠂ ᠠᠭᠤᠯᠭ᠎ᠠ ᠪᠠᠷ ᠪᠠᠶᠠᠯᠢᠭ᠂ ᠲᠤᠭ᠎ᠠ | ᠪᠠᠷ ᠤᠯᠠᠨ ᠮᠦᠷᠲᠡᠭᠡᠨ ᠲᠢᠭ ᠬᠡᠯᠪᠡᠷᠢ ᠨᠢ ᠤᠯᠠᠨ ᠶᠠᠩᠵᠦ ᠶᠢᠨ ᠪᠠᠶᠢᠳᠠᠭ᠃ ᠡᠶᠢᠮᠦ ᠠᠴᠠ ︽ᠰᠤᠷᠲᠠᠯ︾ ᠨᠢ ᠵᠸᠦ | ᠤᠯᠤᠰ ᠤᠨ ᠦᠶ᠎ᠡ ᠳᠠᠬᠢ ᠠᠷᠪᠠᠨ ᠲᠠᠪᠤᠨ ᠤᠯᠤᠰ ᠤᠨ ᠵᠠᠩ ᠠᠭᠠᠯᠢ ᠬᠢᠭᠡᠳ ᠰᠤᠶᠤᠯ ᠢᠷᠭᠡᠨᠰᠢᠯ ᠢ ᠤᠶᠢᠯᠠᠭᠠᠬᠤ | ᠳᠤ ᠮᠠᠰᠢ ᠨᠠᠶᠢᠳᠠᠪᠦᠷᠢᠲᠠᠢ ᠪᠠᠷᠢᠮᠲᠠ ᠪᠢᠴᠢᠭ ᠪᠤᠯᠬᠤ ᠶᠤᠮ᠃ | ︽ᠢᠷᠠᠭᠤ雅︾ ᠨᠢ ︽ᠪᠠᠭ᠎ᠠ ᠢᠷᠠᠭᠤ小雅︾ ᠪᠠ ︽ᠶᠡᠭᠡ ᠢᠷᠠᠭᠤ大雅︾ ᠭᠡᠬᠦ ᠬᠤᠶᠠᠷ | ᠶᠡᠭᠡ ᠬᠡᠰᠡᠭ ᠠᠴᠠ ᠪᠦᠷᠢᠯᠳᠦᠭᠰᠡᠨ ᠪᠦᠭᠡᠳ ︽ᠪᠠᠭ᠎ᠠ ᠢᠷᠠᠭᠤ︾ ᠶᠢᠨ ᠲᠤᠲᠤᠷᠠᠬᠢ ᠭᠠᠷᠴᠠᠭ ᠪᠠᠶᠢᠭᠠᠳ ᠰᠢᠯᠦᠭ | ᠦᠭᠡᠢ ᠵᠢᠷᠭᠤᠭᠠᠨ ᠠᠩᠬᠢ ᠶᠢ ᠬᠠᠰᠤᠪᠠᠯ 74 ᠠᠩᠬᠢ ᠰᠢᠯᠦᠭ ᠪᠠᠶᠢᠵᠦ᠂ ︽ᠶᠡᠭᠡ ᠢᠷᠠᠭᠤ︾ ᠶᠢᠨ ᠲᠤᠲᠤᠷᠠᠬᠢ | 31 ᠠᠩᠬᠢ ᠰᠢᠯᠦᠭ ᠲᠠᠢ ᠪᠠᠨ ᠨᠡᠶᠢᠯᠡᠭᠡᠳ 105 ᠠᠩᠬᠢ ᠰᠢᠯᠦᠭ ᠢᠶᠠᠷ ᠪᠦᠷᠢᠯᠳᠤᠪᠡ᠃ ︽ᠢᠷᠠᠭᠤ︾ ᠭᠡᠳᠡᠭ | ᠪᠤᠯ ᠵᠸᠦ ᠤᠯᠤᠰ ᠤᠨ ᠸᠠᠩ ᠤᠨ ᠤᠷᠳᠤᠨ ᠬᠢᠭᠡᠳ ᠨᠡᠶᠢᠰᠯᠡᠯ ᠤᠨ ᠲᠡᠭᠦᠷᠭᠡ ᠳᠠᠬᠢ ᠢᠵᠠᠭᠤᠷᠲᠠᠨ ᠨᠤᠶᠠᠳ ᠤᠨ | ᠶᠤᠰᠤᠯᠠᠯ ᠨᠠᠶᠢᠷ ᠤᠨ ᠲᠠᠭᠤᠤ ᠬᠦᠭᠵᠢᠮ ᠪᠠᠶᠢᠭᠰᠠᠨ ᠲᠤᠯᠠ ᠲᠡᠷᠡ ᠦᠶ᠎ᠡ ᠳᠡᠭᠡᠨ ᠲᠦᠪ ᠠᠶᠠᠯᠠᠭᠤ ᠭᠡᠵᠦ | ᠨᠡᠷᠡᠶᠢᠳᠦᠭᠳᠡᠵᠦ ᠪᠠᠶᠢᠪᠠ᠃ ᠡᠳᠡᠭᠡᠷ ᠰᠢᠯᠦᠭ ᠤᠨ ᠤᠯᠠᠩᠬᠢ ᠶᠢ ᠨᠢ ᠢᠵᠠᠭᠤᠷᠲᠠᠨ ᠨᠠᠷ ᠵᠤᠬᠢᠶᠠᠭᠰᠠᠨ ᠶᠤᠮ᠃ ᠡᠭᠦᠨ | ᠳᠤ᠄ ︽ᠶᠡᠭᠡ ᠢᠷᠠᠭᠤ︾ ᠶᠢ ᠲᠦᠷᠦ ᠶᠢᠨ ᠶᠡᠭᠡ ᠶᠤᠰᠤᠯᠠᠯ ᠲᠡᠭᠡᠷ᠎ᠡ ᠲᠠᠭᠤᠯᠠᠵᠦ᠂ ︽ᠪᠠᠭ᠎ᠠ ᠢᠷᠠᠭᠤ︾ ᠶᠢ ᠨᠢ | ᠪᠤᠯ ᠲᠦᠷᠦ ᠶᠤᠰᠤᠨ ᠤ ᠡᠩ ᠤᠨ ᠬᠤᠷᠢᠮ ᠲᠠᠶᠢᠯᠠᠯᠭ᠎ᠠ ᠲᠡᠭᠡᠷ᠎ᠡ ᠲᠠᠭᠤᠯᠠᠳᠠᠭ ᠪᠠᠶᠢᠪᠠ᠃ ︽ᠶᠡᠭᠡ ᠢᠷᠠᠭᠤ︾ | ᠬᠢᠭᠡᠳ ︽ᠪᠠᠭ᠎ᠠ ᠢᠷᠠᠭᠤ︾ ᠭᠡᠳᠡᠭ ᠤᠨ ᠦᠨᠳᠦᠰᠤᠨ ᠢᠯᠭᠠᠭ᠎ᠠ ᠨᠢ ᠡᠭᠦᠨ ᠳᠤ ᠤᠷᠤᠰᠢᠨ᠎ᠠ᠃ ᠡᠶᠢᠮᠦ ᠠᠴᠠ ᠡᠨᠡ | ᠨᠢ ᠵᠸᠦ ᠤᠯᠤᠰ ᠤᠨ ᠦᠶ᠎ᠡ ᠶᠢᠨ ᠲᠡᠭᠡᠳᠦ ᠲᠠᠪᠬᠤᠷᠭᠠᠲᠠᠳ ᠤᠨ ᠠᠮᠢᠳᠤᠷᠠᠯ ᠦᠵᠡᠯ ᠰᠠᠨᠠᠭ᠎ᠠ ᠵᠠᠩ ᠰᠤᠷᠲᠠᠯ ᠢ | ᠰᠤᠳᠤᠯᠤᠨ ᠤᠶᠢᠯᠠᠭᠠᠬᠤ ᠳᠤ ᠲᠤᠩ ᠠᠴᠢ ᠲᠤᠰᠠ ᠲᠠᠢ ᠶᠤᠮ᠃ | ︽ᠮᠠᠭᠲᠠᠭᠤ颂︾ ᠳᠤ ︽ᠵᠸᠦ ᠤᠯᠤᠰ ᠤᠨ ᠮᠠᠭᠲᠠᠭᠤ︾᠂ ︽ᠱᠠᠩ ᠤᠯᠤᠰ ᠤᠨ ᠮᠠᠭᠲᠠᠭᠤ︾᠂ ︽ | ᠯᠤ᠋ ᠤᠯᠤᠰ ᠤᠨ ᠮᠠᠭᠲᠠᠭᠤ︾ ᠵᠡᠷᠭᠡ ᠭᠤᠷᠪᠠᠨ ᠤᠯᠤᠰ ᠤᠨ ᠲᠦᠴᠢᠨ ᠠᠩᠬᠢ ᠰᠢᠯᠦᠭ ᠢ ᠪᠠᠭᠲᠠᠭᠠᠪᠠ᠃ ︽ | ᠮᠠᠭᠲᠠᠭᠤ︾ ᠪᠤᠯ ᠭᠤᠤᠯ ᠨᠢ ᠵᠸᠦ ᠤᠯᠤᠰ ᠤᠨ ᠸᠠᠩ ᠤᠨ ᠲᠡᠭᠡᠳᠦᠰ ᠤᠨ ᠰᠦᠮ᠎ᠡ ᠶᠢᠨ ᠬᠢᠨᠢ ᠲᠠᠬᠢᠯᠭ᠎ᠠ ᠲᠠᠶᠢᠯᠠᠭ᠎ᠠ | ᠶᠢᠨ ᠲᠠᠭᠤᠤ ᠬᠦᠭᠵᠢᠮ ᠪᠤᠯᠬᠤ ᠶᠤᠮ᠂ ᠮᠠᠭᠲᠠᠭᠤ ᠭᠡᠳᠡᠭ ᠨᠢ ᠬᠡᠷᠡᠭ ᠲᠡᠭᠡᠷ᠎ᠡ ᠪᠠᠨ ᠲᠡᠭᠡᠳᠦᠰ ᠤᠨ ᠲᠠᠬᠢᠯᠭ᠎ᠠ ᠶᠢᠨ | ᠦᠴᠢᠯ ︵ᠮᠠᠭᠲᠠᠭᠠᠯ ᠰᠢᠯᠦᠭ︶ ᠪᠤᠯᠬᠤ ᠲᠤᠯᠠ ᠤᠩᠰᠢᠯᠭ᠎ᠠ ᠨᠢ ᠡᠷᠬᠡᠪᠰᠢ ᠬᠦᠭᠵᠢᠮ ᠬᠢᠭᠡᠳ ᠪᠦᠵᠢᠭ ᠲᠠᠢ | ᠬᠠᠪᠰᠤᠷᠭᠠᠨ ᠶᠠᠪᠤᠭᠳᠠᠳᠠᠭ ᠪᠠᠶᠢᠭᠰᠠᠨ ᠶᠤᠮ᠃ | ᠡᠶᠢᠨᠬᠦ ᠪᠦᠬᠦᠶᠢᠯᠡ ︽ᠰᠢᠯᠦᠭᠯᠡᠯᠲᠦ ᠨᠤᠮ︾ ᠨᠢ 305 ᠠᠩᠬᠢ ᠰᠢᠯᠦᠭ ᠠᠴᠠ ᠪᠦᠷᠢᠯᠳᠦᠭᠰᠡᠨ ᠲᠤᠯᠠ ᠤᠷᠢᠳᠤ | ᠶᠢᠨ ᠬᠦᠮᠦᠰ ᠡᠭᠦᠨ ᠢ ︽ᠭᠤᠷᠪᠠᠨ ᠵᠠᠭᠤᠨ ᠪᠠᠳᠠᠭ ᠰᠢᠯᠦᠭ︾ ᠭᠡᠳᠡᠭ ᠪᠠᠶᠢᠭᠰᠠᠨ ᠪᠦᠭᠡᠳ ᠡᠷᠲᠡᠨ ᠤ ᠹᠸᠤᠳᠠᠯ | ᠪᠢᠴᠢᠭᠲᠡᠳ ᠤᠨ ᠡᠷᠬᠡᠪᠰᠢ ᠪᠦᠬᠦᠨ ᠢ ᠬᠠᠳᠠᠨ ᠴᠢᠭᠡᠵᠢᠯᠡᠵᠦ ᠤᠶᠢᠯᠠᠭᠠᠨ ᠡᠵᠡᠮᠰᠢᠬᠦ ᠴᠢᠬᠤᠯᠲᠠᠢ ᠬᠠᠨᠲᠠᠨ ᠨᠤᠮ ︵ | ᠦᠰᠦᠭ ᠠᠯᠳᠠᠯ ᠦᠭᠡᠢ ᠴᠢᠭᠡᠵᠢᠯᠡᠵᠦ᠂ ᠡᠳᠦᠷ ᠪᠦᠷ ᠤᠩᠰᠢᠳᠠᠭ ᠨᠤᠮ︶ ᠪᠠᠶᠢᠵᠠᠢ᠃ | ︽ᠰᠢᠯᠦᠭᠯᠡᠯᠲᠦ ᠨᠤᠮ︾ ᠤᠨ ᠰᠢᠯᠦᠭᠯᠡᠭᠰᠡᠨ ᠦᠨᠳᠦᠰᠦᠨ ᠠᠷᠭ᠎ᠠ ᠨᠢ ᠪᠤᠯ ︽ᠦᠯᠢᠳᠭᠡᠯ比︾᠂ ︽ | ᠲᠡᠯᠭᠡᠷᠡᠭᠦᠯᠦᠯ兴︾᠂ ︽ᠮᠠᠭᠲᠠᠭᠤ赋︾ ᠭᠡᠬᠦ ᠭᠤᠷᠪᠠᠨ ᠵᠦᠢᠯ ᠤᠨ ᠠᠷᠭ᠎ᠠ ᠪᠤᠯᠤᠨ᠎ᠠ᠃ ᠠᠳᠡ ᠢᠯᠡᠷᠡᠭᠰᠡᠨ | ︽ᠲᠡᠯᠭᠡᠷᠡᠭᠦᠯᠦᠯ ︵兴︶︾ ᠭᠡᠳᠡᠭ ᠪᠤᠯ ᠡᠨᠡ ᠤᠴᠢᠷ ᠢ ᠬᠡᠯᠡᠬᠦ ᠶᠢᠨ ᠲᠦᠯᠦᠭᠡ ᠤᠨᠳᠤᠤ ᠨᠢᠭᠡ ᠤᠴᠢᠷ ᠢᠶᠠᠷ | ᠡᠰᠢᠯᠡᠯ ᠪᠤᠯᠭᠠᠵᠦ ᠪᠡᠭᠡᠯᠡᠵᠦ ᠬᠡᠯᠡᠬᠦ ᠠᠷᠭ᠎ᠠ ᠶᠢ ᠬᠡᠯᠡᠨ᠎ᠡ᠃ ᠲᠤᠰ ᠭᠡᠷᠡᠯᠲᠦ ᠬᠦᠰᠢᠶᠡᠨ ᠤ ᠪᠢᠴᠢᠭ ᠲᠤ ︽兴︾ | ᠭᠡᠬᠦ ᠦᠰᠦᠭ ᠤᠨ ᠡᠮᠦᠨ᠎ᠡ ᠨᠢ ︽义︾ ᠦᠰᠦᠭ ᠢ ᠲᠠᠯᠪᠢᠵᠠᠢ᠃ ᠡᠷᠲᠡᠨ ᠤ ᠬᠢᠲᠠᠳ ᠬᠡᠯᠡᠨ ᠳᠤ ︽义︾ | ᠦᠰᠦᠭ ᠨᠢ ︽仪︾ ᠭᠡᠬᠦ ᠦᠰᠦᠭ ᠤᠨ ᠤᠷᠤᠯᠠᠭᠤᠯᠤᠯ ᠦᠰᠦᠭ ︵通假字︶ ᠢᠶᠠᠷ ᠬᠡᠷᠡᠭᠯᠡᠭᠳᠡᠬᠦ | ᠲᠦᠷᠢᠮ ᠪᠠᠶᠢᠳᠠᠭ ᠪᠤᠯᠪᠠᠴᠤ ᠡᠨᠡ ᠬᠦᠰᠢᠶᠡᠨ ᠤ ᠪᠢᠴᠢᠭ ᠲᠤ ᠢᠩᠬᠢᠵᠦ ᠬᠡᠷᠡᠭᠯᠡᠭᠰᠡᠨ ᠦᠭᠡᠢ᠂ ᠬᠠᠷᠢᠨ ᠡᠮᠦᠨᠡᠬᠢ | ᠦᠭᠦᠯᠡᠪᠦᠷᠢ ᠶᠢᠨ ᠢᠶᠠᠨ ᠤᠳᠬ᠎ᠠ ᠶᠢ ᠲᠤᠪᠤᠶᠢᠯᠭᠠᠬᠤ ᠶᠢᠨ ᠲᠦᠯᠦᠭᠡ ᠰᠢᠭᠤᠳ ︽意思᠂ ᠤᠳᠬ᠎ᠠ ᠰᠠᠨᠠᠭ᠎ᠠ︾ | ᠭᠡᠳᠡᠭ ᠪᠡᠶ᠎ᠡ ᠪᠠᠨ ᠲᠠᠭᠠᠭᠠᠭᠰᠠᠨ ᠤᠳᠬ᠎ᠠ ᠬᠡᠷᠡᠭᠯᠡᠭᠰᠡᠨ ᠶᠤᠮ᠃ ︽ᠦᠯᠢᠳᠭᠡᠯ︾ ᠭᠡᠵᠦ ᠠᠳᠠᠯᠢᠳᠬᠠᠯ ᠵᠦᠢᠷᠯᠡᠯ | ᠢ ᠬᠡᠯᠡᠨ᠎ᠡ᠃ ︽ᠮᠠᠭᠲᠠᠭᠤ︾ ᠭᠡᠵᠦ ᠦᠢᠯᠡ ᠶᠠᠪᠤᠳᠠᠯ ᠢᠶᠠᠨ ᠰᠢᠭᠤᠳ ᠲᠤᠭᠠᠴᠢᠬᠤ ᠶᠢᠨ ᠲᠠᠭᠠᠤ ︽ᠦᠴᠢᠯ︾ | ᠤᠨ ᠮᠠᠶ᠋ᠢᠭ ᠢᠶᠠᠷ ᠠᠶᠠᠯᠠᠭᠤᠯᠤᠨ ᠢᠷᠦᠭᠡᠬᠦ ᠶᠢ ᠬᠡᠯᠡᠨ᠎ᠡ᠃ ︽ᠦᠴᠢᠯ︾ ᠭᠡᠳᠡᠭ ᠪᠤᠯ ᠲᠡᠭᠷᠢ ᠭᠠᠵᠠᠷ ᠪᠤᠶᠤ ᠡᠪᠦᠭᠡ | ᠲᠡᠭᠡᠳᠦᠰ ᠢᠶᠠᠨ ᠲᠠᠬᠢᠬᠤ ᠳᠤ ᠤᠩᠰᠢᠬᠤ ᠲᠤᠭᠲᠠᠭᠰᠠᠨ ᠠᠶᠠᠰ ᠠᠶᠢᠵᠢᠮ ᠲᠠᠢ ᠮᠠᠭᠲᠠᠭᠠᠯ ᠰᠢᠯᠦᠭ ᠢ ᠬᠡᠯᠡᠨ᠎ᠡ᠃ ︽ | ᠰᠢᠯᠦᠭᠯᠡᠯᠲᠦ ᠨᠤᠮ︾ ᠳᠠᠬᠢ ᠠᠯᠢ ᠨᠢᠭᠡ ᠰᠢᠯᠦᠭ ᠨᠢ ᠬᠡᠷᠪᠡ ᠡᠨᠡ ᠭᠤᠷᠪᠠᠨ ᠢᠯᠡᠳᠭᠡᠬᠦ ᠠᠷᠭ᠎ᠠ ᠶᠢᠨ ᠠᠯᠢᠨ ᠢ ᠨᠢ | ᠭᠤᠤᠯᠳᠠᠭᠤᠯᠵᠦ ᠬᠡᠷᠡᠭᠯᠡᠭᠰᠡᠨ ᠪᠤᠯ ᠲᠤᠰ ᠰᠢᠯᠦᠭ ᠢ ᠲᠡᠷᠡ ᠠᠷᠭ᠎ᠠ ᠪᠠᠷ ᠨᠢ ᠲᠤᠲᠤᠳᠬᠠᠨ ᠨᠡᠷᠡᠯᠡᠳᠡᠭ ᠵᠠᠩ ᠵᠢᠷᠤᠮ | ᠲᠠᠢ ᠪᠠᠶᠢᠭᠰᠠᠨ ᠶᠤᠮ᠃ | ︽ᠰᠠᠬᠤᠯᠠᠭ ᠪᠤᠷᠤ ᠰᠤᠶᠢᠬ᠎ᠠ︾ ᠭᠡᠳᠡᠭ ᠰᠢᠯᠦᠭ ᠪᠤᠯ ︽ᠰᠢᠯᠦᠭᠯᠡᠯᠲᠦ ᠨᠤᠮ︾ ᠤᠨ ︽ᠪᠠᠭ᠎ᠠ ᠢᠷᠠᠭᠤ︾ | ᠶᠢᠨ ᠲᠤᠲᠤᠷᠠᠬᠢ ᠰᠢᠯᠦᠭ ᠶᠤᠮ᠃ ᠡᠨᠡ ᠰᠢᠯᠦᠭ ᠲᠤ ᠭᠤᠤᠯᠳᠠᠭᠤ ᠲᠡᠯᠭᠡᠷᠡᠭᠦᠯᠦᠯ ᠤᠨ ᠠᠷᠭ᠎ᠠ ᠶᠢ ᠬᠡᠷᠡᠭᠯᠡᠵᠦ᠂ | ᠦᠷ᠎ᠡ ᠬᠡᠤᠬᠡᠳ ᠪᠤᠯᠤᠭᠰᠠᠳ ᠨᠢ ᠨᠢᠭᠡᠨᠲᠡ ᠨᠦᠭᠴᠢᠭᠰᠡᠨ ᠡᠴᠢᠭᠡ ᠡᠬᠡ ᠪᠠᠨ ᠮᠦᠷᠦᠭᠡᠳᠦᠨ ᠰᠠᠨᠠᠵᠦ᠂ ᠦᠷ᠎ᠡ | ᠬᠡᠤᠬᠡᠳ ᠪᠤᠯᠤᠭᠰᠠᠳ ᠨᠢ ᠡᠴᠢᠭᠡ ᠡᠬᠡ ᠶᠢᠨ ᠢᠶᠠᠨ ᠦᠰᠭᠡᠵᠦ ᠬᠦᠮᠦᠵᠢᠭᠦᠯᠦᠭᠰᠡᠨ ᠲᠡᠭᠷᠢ ᠭᠠᠵᠠᠷ ᠮᠡᠲᠦ ᠬᠢᠵᠠᠭᠠᠯᠠᠰᠢ | ᠦᠭᠡᠢ ᠶᠡᠭᠡ ᠡᠨᠡᠷᠡᠯ ᠢ ᠡᠷᠬᠡᠪᠰᠢ ᠬᠠᠷᠢᠭᠤᠯᠬᠤ ᠬᠡᠷᠡᠭᠲᠡᠢ ᠭᠡᠳᠡᠭ ᠠᠴᠢᠯᠠᠯ ᠲᠠᠬᠢᠮᠳᠠᠭᠤ ᠶᠢᠨ ᠶᠤᠰᠤᠨ ᠢ | ᠰᠤᠷᠲᠠᠯᠴᠢᠯᠠᠨ ᠪᠢᠴᠢᠭᠰᠡᠨ ᠶᠤᠮ᠃ ᠪᠦᠬᠦ ᠰᠢᠯᠦᠭ ᠨᠢ 32 ᠱᠠᠳ ︵ᠰᠢᠯᠦᠭ ᠤᠨ ᠶᠤᠰᠤᠨ ᠳᠤ᠄ ᠰᠢᠯᠦᠭ ᠤᠨ | ᠨᠢᠭᠡ ᠮᠦᠷ ᠢ ᠨᠢᠭᠡ ᠱᠠᠳ ᠭᠡᠳᠡᠭ︶᠂ ᠱᠠᠳ ᠨᠢᠭᠡᠪᠦᠷᠢ ᠨᠢ ᠲᠦᠷᠪᠡᠨ ᠦᠰᠦᠭ ᠲᠠᠢ ᠪᠠᠶᠢᠵᠦ᠂ ᠲᠦᠷᠪᠡᠨ ᠱᠠᠳ | ᠨᠡᠶᠢᠯᠡᠭᠡᠳ ᠨᠢᠭᠡ ᠪᠠᠳᠠᠭ ᠪᠤᠯᠤᠭᠰᠠᠨ ᠪᠠᠶᠢᠳᠠᠭ ᠶᠤᠮ᠃ ᠡᠨᠡ ᠰᠢᠯᠦᠭ ᠨᠢ ᠨᠡᠶᠢᠲᠡ ᠨᠠᠢᠮᠠᠨ ᠪᠠᠳᠠᠭ ᠢᠶᠠᠷ | ᠪᠦᠷᠢᠯᠳᠦᠪᠡ᠃ ᠡᠨᠡ ᠰᠢᠯᠦᠭ ᠤᠨ ᠤᠳᠬ᠎ᠠ ᠰᠠᠨᠠᠭ᠎ᠠ ᠨᠢ ᠰᠠᠩᠭᠠᠷᠠᠭ ᠪᠠᠬᠢ ︵ᠭᠦᠩᠵᠦ︶ ᠶᠢᠨ ᠡᠴᠢᠭᠡ ᠡᠬᠡ ᠶᠢᠨ | ᠢᠶᠠᠨ ᠠᠴᠢ ᠶᠢ ᠬᠠᠷᠢᠭᠤᠯᠬᠤ ᠭᠡᠵᠦ ︽ᠬᠢᠵᠠᠭᠠᠯᠠᠰᠢ ᠦᠭᠡᠢ ᠰᠦᠮ᠎ᠡ︾ ᠶᠢ ᠪᠠᠶᠢᠭᠤᠯᠤᠭᠰᠠᠨ ᠰᠠᠨᠠᠭ᠎ᠠ ᠵᠤᠷᠢᠯᠲᠠ | ᠲᠠᠢ ᠴᠢᠪ ᠬᠡᠮᠡᠨ ᠨᠡᠶᠢᠴᠡᠭᠰᠡᠨ ᠲᠤᠯᠠ ᠶᠡᠭᠡ ᠲᠦᠰᠢᠮᠡᠯ ᠯᠢᠦ ᠮᠢᠨ ᠵᠦᠩ ᠲᠦᠷᠦ ᠶᠢᠨ ᠵᠠᠷᠯᠢᠭ ᠢᠶᠠᠷ ᠡᠨᠡᠬᠦ ᠭᠡᠷᠡᠯᠲᠦ | ᠬᠦᠰᠢᠶᠡᠨ ᠤ ᠪᠢᠴᠢᠭ ᠢ ᠪᠢᠴᠢᠬᠦ ᠳᠡᠭᠡᠨ ᠲᠤᠰ ᠰᠢᠯᠦᠭ ᠢᠶᠠᠷ ᠡᠰᠢᠯᠡᠯ ᠪᠤᠯᠭᠠᠵᠦ ᠲᠡᠯᠭᠡᠷᠡᠭᠦᠯᠦᠯ ᠬᠢᠭᠰᠡᠨ ᠨᠢ ᠡᠨᠡ | ᠪᠠᠶᠢᠵᠠᠢ᠃ | ︵35︶ ᠯᠤ᠋ ᠭᠠᠵᠠᠷ 鲁国—— ︽ᠢᠩᠴᠠᠩ ᠬᠤᠷᠤᠭ᠎ᠠ ᠶᠢᠨ ᠬᠡᠰᠢᠭ ᠲᠤᠷ | ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ︾ ᠤᠨ ᠲᠠᠶᠢᠯᠪᠤᠷᠢ ︵11︶ ᠳᠤ ᠦᠵᠡ᠃ | | ︵36︶ ᠬᠠᠷᠠᠭᠠᠯᠵᠠᠨ ᠬᠠᠮᠠᠭᠠᠯᠠᠭᠰᠠᠨ 顾复 —— ᠡᠨᠡ ︽顾︾ ᠪᠠ ︽复︾ ᠭᠡᠬᠦ | ᠬᠤᠶᠠᠷ ᠦᠰᠦᠭ ᠢ ᠨᠡᠶᠢᠯᠡᠭᠦᠯᠬᠦ ᠭᠡᠪᠡᠯ ᠦᠨᠡᠭᠡᠷ ᠴᠤ ᠦᠭᠡ ᠪᠢᠰᠢ ᠦᠭᠡ ᠪᠠᠶᠢᠵᠦ᠂ ᠶᠤᠰᠤᠲᠠᠢ ᠤᠴᠢᠷ ᠤᠬᠠᠭᠠᠨ | ᠨᠢ ᠤᠯᠳᠠᠭᠳᠠᠬᠤ ᠦᠭᠡᠢ ᠪᠡᠷᠬᠡᠲᠡᠭᠦᠯᠬᠦ ᠶᠤᠮ᠃ ᠪᠠᠶᠢᠴᠠᠭᠠᠬᠤᠯ᠎ᠠ᠂ ᠡᠨᠡ ᠦᠭᠡ ᠨᠢ ᠡᠰᠢᠯᠡᠯ ᠦᠭᠡ ᠠᠴᠠ ᠢᠷᠡᠭᠰᠡᠨ | ᠠᠵᠢ︕ ᠡᠰᠢᠯᠡᠯ ᠦᠭᠡ ᠭᠡᠳᠡᠭ ᠨᠢ ᠪᠤᠰᠤᠳ ᠤᠨ ᠵᠤᠬᠢᠶᠠᠯ ᠦᠭᠦᠯᠡᠯ ᠠᠴᠠ ᠡᠰᠢ ᠲᠠᠲᠠᠵᠦ ᠬᠡᠷᠡᠭᠯᠡᠭᠰᠡᠨ ᠪᠤᠶᠤ | ᠪᠦᠲᠦᠭᠡᠨ ᠲᠡᠯᠭᠡᠷᠡᠭᠦᠯᠦᠭᠰᠡᠨ ᠦᠭᠡ ᠶᠢ ᠬᠡᠯᠡᠨ᠎ᠡ᠃ ᠤᠤᠯ ᠦᠭᠡ ᠨᠢ ︽ᠰᠢᠯᠦᠭᠯᠡᠯᠲᠦ ᠨᠤᠮ诗经᠂ ᠪᠠᠭ᠎ᠠ | ᠢᠷᠠᠭᠤ小雅 ᠂ ᠰᠠᠬᠤᠯᠠᠭ ᠪᠤᠷᠤ ᠰᠤᠶᠢᠬ᠎ᠠ蓼莪︾ ᠭᠡᠳᠡᠭ ᠰᠢᠯᠦᠭ ᠤᠨ ᠦᠭᠡ ᠶᠢ ᠡᠰᠢ ᠲᠠᠲᠠᠨ | ᠬᠡᠷᠡᠭᠯᠡᠵᠦ ᠤᠯᠠᠷᠢᠭᠤᠯᠤᠭᠰᠠᠨ ᠠᠴᠠ ᠢᠷᠡᠵᠡᠢ᠃ ᠤᠤᠯ ᠦᠭᠡ ᠨᠢ ︽ᠨᠠᠳᠠ ᠶᠢ ᠦᠰᠭᠡᠵᠦ ᠨᠠᠳᠠ ᠶᠢ | ᠪᠤᠶᠢᠵᠢᠭᠤᠯᠤᠭᠰᠠᠨ᠂ ᠨᠠᠮ᠎ᠠ ᠶᠢ ᠬᠠᠷᠠᠭᠠᠯᠵᠠᠵᠦ ᠨᠠᠮ᠎ᠠ ᠶᠢ ᠬᠠᠮᠠᠭᠠᠯᠠᠭᠰᠠᠨ ︵长我育我᠂顾我复我 | ︶︾ ᠭᠡᠳᠡᠭ ᠦᠭᠡ ᠠᠴᠠ ᠢᠷᠡᠵᠡᠢ᠃ ᠡᠶᠢᠮᠦ ᠠᠴᠠ ᠠᠳᠡ ᠢᠯᠡᠷᠡᠭᠰᠡᠨ ︽顾︾ ᠭᠡᠳᠡᠭ ᠨᠢ ︽关心照顾 | ︵ᠠᠩᠬᠠᠷᠤᠨ ᠬᠠᠷᠠᠭᠠᠯᠵᠠᠬᠤ︶︾ ᠭᠡᠰᠡᠨ ᠤᠳᠬ᠎ᠠ ᠪᠠᠷ ᠬᠡᠷᠡᠭᠯᠡᠭᠳᠡᠵᠦ᠂ ︽复︾ ᠭᠡᠳᠡᠭ ᠨᠢ ︽庇护 ︵ | ᠦᠮᠦᠭᠡᠷᠡᠨ ᠬᠠᠮᠠᠭᠠᠯᠠᠬᠤ︶︾ ᠭᠡᠰᠡᠨ ᠤᠳᠬ᠎ᠠ ᠪᠠᠷ ᠬᠡᠷᠡᠭᠯᠡᠭᠳᠡᠭᠰᠡᠨ ᠲᠤᠯᠠ ᠬᠤᠶᠠᠭᠤᠯᠠ ᠪᠠᠨ ᠬᠤᠷᠰᠢᠭᠠᠳ ︽ | ᠬᠠᠷᠠᠭᠠᠯᠵᠠᠨ ᠬᠠᠮᠠᠭᠠᠯᠠᠭᠰᠠᠨ︾ ᠭᠡᠰᠡᠨ ᠤᠨᠤᠭᠠᠭᠰᠠᠨ ᠤᠳᠬ᠎ᠠ ᠪᠠᠷ ᠬᠡᠷᠡᠭᠯᠡᠭᠳᠡᠭᠰᠡᠨ ᠠᠵᠢ᠃ | ︵37︶ ᠰᠡᠶᠢᠯᠦᠮᠡᠯ ᠪᠢᠴᠢᠭ 铭文 —— ᠡᠨᠡ ᠪᠤᠯ ᠦᠨᠡᠨᠳᠡᠭᠡᠨ ᠬᠦᠷᠡᠯ ᠪᠠᠭᠠᠵᠢ ᠶᠢᠨ | ᠰᠤᠳᠤᠯᠤᠯ ︵青铜研究︶ ᠳᠠᠬᠢ ᠨᠡᠷ᠎ᠡ ᠲᠤᠮᠢᠶ᠎ᠠ ᠶᠤᠮ᠂ ᠤᠤᠯ ᠤᠳᠬ᠎ᠠ ᠨᠢ ᠡᠷᠲᠡᠨ ᠤ ᠬᠦᠮᠦᠰ ᠤᠨ | ᠶᠤᠰᠤᠯᠠᠯ ᠬᠦᠭᠵᠢᠮ ᠤᠨ ᠬᠡᠷᠡᠭᠴᠡᠭᠡ ᠳᠤ ᠵᠤᠬᠢᠴᠠᠭᠤᠯᠤᠨ ᠴᠢᠳᠬᠤᠨ ᠪᠦᠲᠦᠭᠡᠭᠰᠡᠨ ᠬᠦᠷᠡᠯ ᠪᠠᠭᠠᠵᠢ ᠶᠢᠨ ᠲᠡᠭᠡᠷᠡᠬᠢ | ᠦᠰᠦᠭ ᠪᠢᠴᠢᠭ ᠤᠨ ᠰᠤᠳᠤᠯᠤᠯ ᠢ ᠵᠢᠭᠠᠵᠦ ᠪᠠᠶᠢᠵᠠᠢ᠃ ᠡᠷᠲᠡᠨ ᠤ ᠦᠶ᠎ᠡ ᠶᠢᠨ ᠬᠦᠷᠡᠯ ᠪᠠᠭᠠᠵᠢ ᠶᠢᠨ ᠪᠢᠴᠢᠭ ᠨᠢ | ᠭᠤᠤᠯᠳᠠᠭᠤ᠄ ᠲᠤᠰ ᠬᠦᠷᠡᠯ ᠪᠠᠭᠠᠵᠢ ᠶᠢ ᠪᠦᠲᠦᠭᠡᠭᠰᠡᠨ ᠤᠴᠢᠷ ᠰᠢᠯᠲᠠᠭᠠᠨ᠂ ᠦᠢᠯᠡᠳᠤᠯ ᠬᠡᠷᠡᠭᠴᠡᠭᠡ᠂ | ᠪᠦᠲᠦᠭᠡᠯᠭᠡᠭᠰᠡᠨ ᠬᠦᠮᠦᠨ ᠵᠡᠷᠭᠡ ᠶᠢ ᠲᠤᠰᠢᠶᠠᠬᠤ ᠠᠴᠠ ᠭᠠᠳᠠᠨ᠎ᠠ ᠴᠢᠳᠬᠤᠨ ᠪᠦᠲᠦᠭᠡᠭᠰᠡᠨ ᠴᠠᠭ ᠬᠤᠭᠤᠴᠠᠭ᠎ᠠ᠂ | ᠭᠠᠵᠠᠷ ᠤᠷᠤᠨ᠂ ᠤᠷᠠᠨ ᠲᠠᠷᠬᠠᠳ ᠤᠨ ᠨᠡᠷ᠎ᠡ᠂ ᠦᠢᠯᠡᠳᠤᠨ ᠪᠦᠲᠦᠭᠡᠭᠰᠡᠨ ᠦᠢᠯᠡᠳᠭᠡᠯ ᠤᠨ ᠭᠠᠵᠠᠷ ᠵᠡᠷᠭᠡ ᠪᠠᠨ | ᠲᠡᠮᠳᠡᠭᠯᠡᠭᠰᠡᠨ ᠪᠠᠶᠢᠳᠠᠭ᠃ ᠬᠠᠭᠤᠴᠢ ᠰᠤᠳᠤᠯᠤᠯ ᠤᠨ ᠪᠠᠷᠢᠮᠲᠠ ᠶᠢ ᠦᠨᠳᠦᠰᠦᠯᠡᠪᠡᠯ᠄ ᠴᠢᠨ ᠤᠯᠤᠰ ︵秦︶ | ᠠᠴᠠ ᠡᠮᠦᠨᠡᠬᠢ ᠦᠶ᠎ᠡ ᠳᠠᠬᠢ ᠦᠰᠦᠭ ᠪᠢᠴᠢᠭ ᠨᠢ ᠬᠦᠷᠡᠯ ᠴᠢᠳᠬᠤᠮᠠᠯ ᠢᠶᠠᠷ ᠭᠤᠤᠯᠳᠠᠵᠦ ᠪᠠᠶᠢᠭᠰᠠᠨ ᠪᠠᠨ ᠴᠢᠨ | ᠤᠯᠤᠰ ᠤᠨ ᠦᠶ᠎ᠡ ᠳᠤ ᠬᠦᠷᠴᠦ ᠢᠷᠡᠭᠡᠳ ᠴᠢᠯᠠᠭᠤᠨ ᠲᠡᠭᠡᠷ᠎ᠡ ᠰᠡᠶᠢᠯᠦᠭᠳᠡᠬᠦ ᠪᠤᠯᠤᠭᠰᠠᠨ ᠪᠠᠶᠢᠵᠠᠢ᠃ ᠬᠦᠷᠡᠯ ᠤᠨ | ᠴᠢᠳᠬᠤᠮᠠᠯ ᠦᠰᠦᠭ ᠴᠤ ᠲᠡᠷᠡ᠂ ᠴᠢᠯᠠᠭᠤᠨ ᠰᠡᠶᠢᠯᠤᠮᠡᠯ ᠦᠰᠦᠭ ᠴᠤ ᠲᠡᠷᠡ᠂ ᠦᠰᠦᠭ ᠪᠢᠴᠢᠭ ᠤᠨ ᠲᠡᠤᠬᠡᠨ | ᠰᠤᠳᠤᠯᠤᠯ ᠤᠨ ᠤᠬᠠᠭᠠᠨ ᠳᠤ ᠡᠳᠡᠭᠡᠷ ᠢ ᠴᠦᠮ ᠰᠡᠶᠢᠯᠦᠮᠡᠯ ᠪᠢᠴᠢᠭ ᠤᠨ ᠲᠦᠷᠦᠯ ᠵᠦᠢᠯ ᠳᠤ ᠤᠷᠤᠭᠤᠯᠤᠨ | ᠰᠤᠳᠤᠯᠳᠠᠭ ᠵᠠᠩ ᠵᠢᠷᠦᠮ ᠲᠠᠢ ᠪᠠᠶᠢᠳᠠᠭ᠃ ᠰᠡᠶᠢᠯᠦᠮᠡᠯ ᠪᠢᠴᠢᠭ ᠨᠢ ᠶᠠᠰᠤᠨ ᠪᠢᠴᠢᠭ ︵甲骨文︶ ᠲᠠᠢ | ᠠᠳᠠᠯᠢ ᠪᠠᠷ ᠮᠠᠰᠢ ᠡᠷᠲᠡ ᠦᠶ᠎ᠡ ᠶᠢᠨ ᠦᠰᠦᠭ ᠪᠢᠴᠢᠭ ᠪᠤᠯᠬᠤ ᠶᠤᠮ᠃ ᠰᠡᠶᠢᠯᠦᠮᠡᠯ ᠪᠢᠴᠢᠭ ᠢ ᠬᠦᠷᠡᠯ ᠤᠨ ᠪᠢᠴᠢᠭ | ︵青铜文︶᠂ ᠬᠤᠩᠬ᠎ᠠ ᠶᠢᠨ ᠪᠢᠴᠢᠭ ︵钟文︶᠂ ᠬᠦᠯᠢᠰ ᠤᠨ ᠪᠢᠴᠢᠭ ︵鼎文︶᠂ ᠴᠢᠳᠬᠤᠮᠠᠯ | ᠦᠰᠦᠭ ︵铸文︶᠂ ᠬᠦᠰᠢᠶ᠎ᠡ ᠶᠢᠨ ᠪᠢᠴᠢᠭ ︵碑文︶ ᠭᠡᠬᠦ ᠵᠡᠷᠭᠡ ᠪᠠᠷ ᠲᠤᠬᠠᠢ ᠶᠢᠨ ᠦᠶ᠎ᠡ ᠶᠢᠨ ᠡᠳ᠋ | ᠪᠦᠲᠦᠭᠳᠡᠭᠦᠨ ᠤ ᠬᠢᠨᠢ ᠪᠠᠶᠢᠳᠠᠯ ᠳᠤᠨᠢ ᠵᠤᠬᠢᠴᠠᠭᠤᠯᠤᠨ ᠠᠳᠠᠯᠢ ᠪᠤᠰᠤ ᠪᠠᠷ ᠨᠡᠷᠡᠯᠡᠳᠡᠭ ᠴᠤ ᠤᠳᠬ᠎ᠠ ᠴᠢᠨᠠᠷ ᠨᠢ | ᠴᠦᠮ ᠠᠳᠠᠯᠢ ᠶᠤᠮ᠃ | ᠲᠠᠩ ᠤᠯᠤᠰ ᠤᠨ ᠦᠶ᠎ᠡ ᠳᠤ ᠬᠦᠷᠴᠤ ᠢᠷᠡᠭᠡᠳ ᠬᠦᠰᠢᠶ᠎ᠡ ᠴᠢᠯᠠᠭᠤᠨ ᠤ ᠪᠢᠴᠢᠭ ᠨᠢ ᠲᠤᠩ ᠬᠦᠭᠵᠢᠯᠲᠡ | ᠲᠠᠢ ᠪᠤᠯᠪᠠ᠃ ᠪᠠᠶᠢᠴᠠᠭᠠᠬᠤᠯ᠎ᠠ᠂ ᠲᠠᠩ ᠤᠯᠤᠰ ︵唐︶ ᠤᠨ ᠡᠵᠡᠳ ᠬᠠᠭᠠᠳ ᠨᠢ ᠴᠦᠮ ᠮᠤᠩᠭᠤᠯ ᠤᠨ | ᠦᠨᠳᠦᠷᠯᠢᠭ ᠲᠠᠬᠢ ᠲᠠᠪᠭᠠᠴᠠ ᠰᠡᠷᠪᠢᠴᠤᠳ ︵拓跋鲜卑︶ ᠠᠴᠠ ᠭᠠᠷᠤᠯᠲᠠᠢ ᠲᠤᠯᠠ ᠡᠨᠡ ᠦᠶ᠎ᠡ ᠳᠠᠬᠢ | ᠲᠡᠮᠳᠡᠭᠯᠡᠯ ᠲᠤᠷᠠᠰᠬᠠᠯ ᠤᠨ ᠴᠢᠨᠠᠷᠲᠠᠢ ᠦᠰᠦᠭ ᠪᠢᠴᠢᠭ ᠨᠢ ᠮᠤᠩᠭᠤᠯᠴᠤᠳ ᠤᠨ ᠮᠠᠰᠢ ᠡᠷᠲᠡᠨ ᠤ ᠬᠠᠳᠠᠨ ᠵᠢᠷᠤᠭ | ᠤᠨ ᠤᠯᠠᠮᠵᠢᠯᠠᠯ ᠬᠦᠰᠢᠶᠡᠨ ᠤ ᠪᠢᠴᠢᠭ ᠪᠤᠯᠭᠠᠵᠦ ᠤᠯᠠᠷᠢᠭᠤᠯᠵᠦ ᠬᠦᠭᠵᠢᠭᠦᠯᠦᠭᠰᠡᠨ ᠨᠢ ᠶᠠᠮᠠᠷ ᠴᠤ ᠮᠠᠷᠭᠤᠰᠢ ᠦᠭᠡᠢ | ᠬᠡᠷᠡᠭ ᠪᠤᠯᠬᠤ ᠶᠤᠮ᠃ ᠬᠦᠰᠢᠶᠡᠨ ᠤ ᠪᠢᠴᠢᠭ ᠢ ᠲᠤᠲᠤᠷ᠎ᠠ ᠨᠢ ︽ᠭᠡᠷᠡᠯᠲᠦ ᠬᠦᠰᠢᠶᠡᠨ ᠤ ᠪᠢᠴᠢᠭ ︵碑文︶︾ | ᠂ ︽ᠲᠡᠮᠳᠡᠭᠲᠦ ᠬᠦᠰᠢᠶᠡᠨ ᠤ ᠪᠢᠴᠢᠭ ︵碣文︶︾᠂ ︽ᠪᠤᠳᠢ ᠮᠦᠷ ᠤᠨ ᠬᠦᠰᠢᠶᠡᠨ ᠤ ᠪᠢᠴᠢᠭ ︵神道 | 碑文︶︾ ᠪᠠ ︽ᠤᠩᠭᠤᠨ ᠤ ᠤᠶᠢᠯᠠᠯᠭ᠎ᠠ ᠶᠢᠨ ᠰᠡᠶᠢᠯᠦᠮᠡᠯ ︵墓志铭︶︾ ᠭᠡᠬᠦ ᠵᠡᠷᠭᠡ ᠪᠠᠷ ᠬᠡᠳᠦᠨ | ᠲᠦᠷᠦᠯ ᠳᠤ ᠠᠩᠬᠢᠯᠠᠨ ᠢᠯᠭᠠᠳᠠᠭ᠃ | ᠲᠡᠮᠳᠡᠭᠯᠡᠯ ᠲᠤᠷᠠᠰᠬᠠᠯ ᠤᠨ ᠴᠢᠨᠠᠷᠲᠠᠢ ᠰᠡᠶᠢᠯᠦᠭᠰᠡᠨ ᠬᠦᠰᠢᠶ᠎ᠡ ᠴᠢᠯᠠᠭᠤᠨ ᠤ ᠪᠢᠴᠢᠭ ᠢ ᠭᠡᠷᠡᠯᠲᠦ | ᠬᠦᠰᠢᠶᠡᠨ ᠤ ᠪᠢᠴᠢᠭ ︵碑文︶ ᠭᠡᠨ᠎ᠡ᠃ ᠵᠢᠰᠢᠶᠡᠯᠡᠪᠡᠯ᠄ ᠰᠦᠮ᠎ᠡ ᠬᠡᠶᠢᠳ ᠤᠨ ᠭᠡᠷᠡᠯᠲᠦ ᠬᠦᠰᠢᠶᠡᠨ ᠤ | ᠪᠢᠴᠢᠭ ︵庙 碑︶᠂ ᠤᠩᠭᠤᠨ ᠪᠤᠩᠬᠤᠨ ᠤ ᠭᠡᠷᠡᠯᠲᠦ ᠬᠦᠰᠢᠶᠡᠨ ᠤ ᠪᠢᠴᠢᠭ ︵墓碑︶᠂ ᠴᠡᠷᠢᠭ ᠤᠨ | ᠲᠠᠩᠭᠠᠷᠢᠭ ᠤᠨ ᠭᠡᠷᠡᠯᠲᠦ ᠬᠦᠰᠢᠶᠡᠨ ᠤ ᠪᠢᠴᠢᠭ ︵誓师碑︶᠂ ᠭᠠᠪᠢᠶ᠎ᠠ ᠪᠠᠷ ᠢᠯᠡᠷᠬᠡᠶᠢᠯᠡᠭᠰᠡᠨ ᠭᠡᠷᠡᠯᠲᠦ | ᠬᠦᠰᠢᠶᠡᠨ ᠤ ᠪᠢᠴᠢᠭ ︵彰显碑︶᠂ ᠴᠢᠭᠤᠯᠭᠠᠨ ᠬᠤᠷᠠᠭᠰᠠᠨ ᠭᠡᠷᠡᠯᠲᠦ ᠬᠦᠰᠢᠶᠡᠨ ᠤ ᠪᠢᠴᠢᠭ ︵会盟碑 | ︶ ᠭᠡᠬᠦ ᠮᠡᠲᠦ᠃ | ᠵᠠᠬ᠎ᠠ ᠬᠢᠵᠠᠭᠠᠷ ᠤᠨ ᠲᠡᠮᠳᠡᠭ ᠪᠤᠯᠭᠠᠵᠦ ᠪᠤᠰᠬᠠᠭᠰᠠᠨ ᠬᠦᠰᠢᠶ᠎ᠡ ᠴᠢᠯᠠᠭᠤᠨ ᠤ ᠪᠢᠴᠢᠭ ᠢ ᠲᠡᠮᠳᠡᠭᠲᠦ | ᠬᠦᠰᠢᠶᠡᠨ ᠤ ᠪᠢᠴᠢᠭ ᠪᠢᠴᠢᠭ ︵碣文︶ ᠭᠡᠨ᠎ᠡ᠃ ᠵᠢᠰᠢᠶᠡᠯᠡᠪᠡᠯ ᠤᠯᠤᠰ ᠪᠤᠶᠤ ᠤᠷᠤᠨ ᠤ ᠬᠢᠯᠢ ᠶᠢᠨ ᠵᠠᠭᠠᠭ | ᠤᠨ ᠲᠡᠮᠳᠡᠭ ᠪᠤᠯᠭᠠᠵᠦ ᠪᠤᠰᠬᠠᠭᠰᠠᠨ ᠠᠳᠠᠯᠢ ᠪᠤᠰᠤ ᠴᠠᠭ ᠦᠶ᠎ᠡ ᠳᠠᠬᠢ ᠡᠯ᠎ᠡ ᠲᠦᠷᠦ ᠶᠢᠨ ᠵᠠᠬ᠎ᠠ ᠬᠢᠯᠢ ᠶᠢᠨ | ᠬᠦᠰᠢᠶᠡᠨ ᠤ ᠪᠢᠴᠢᠭ ᠤᠳ᠃ ᠲᠡᠮᠳᠡᠭᠲᠦ ᠬᠦᠰᠢᠶ᠎ᠡ ᠶᠢ ᠡᠷᠲᠡᠨ ᠤ ᠬᠢᠲᠠᠳ ᠪᠢᠴᠢᠭ ᠲᠤ ᠪᠠᠰᠠ ︽ᠬᠦᠰᠢᠶᠡᠨ | ᠴᠢᠯᠠᠭᠤ ︵碣 石︶︾ ᠭᠡᠵᠦ ᠪᠢᠴᠢᠳᠡᠭ ᠴᠤ ᠪᠤᠢ᠂ ᠲᠡᠮᠳᠡᠭᠲᠦ ᠬᠦᠰᠢᠶ᠎ᠡ ᠶᠢᠨ ᠬᠦᠰᠢᠶᠡᠨ ᠲᠤᠯᠤᠭᠠᠢ ᠨᠢ | ᠡᠷᠬᠡᠪᠰᠢ ᠪᠦᠮᠪᠦᠭᠡᠷ ᠬᠡᠯᠪᠡᠷᠢᠲᠡᠢ ᠪᠠᠶᠢᠬᠤ ᠬᠡᠷᠡᠭᠲᠡᠢ ᠭᠡᠰᠡᠨ ᠡᠷᠲᠡᠨ ᠤ ᠵᠠᠩ ᠵᠢᠷᠦᠮ ᠪᠤᠢ᠃ | ᠡᠵᠡᠳ ᠬᠠᠭᠠᠳ ᠶᠡᠬᠡᠰ ᠨᠤᠶᠠᠳ ᠪᠤᠶᠤ ᠭᠠᠪᠢᠶᠠᠲᠦ ᠲᠦᠰᠢᠮᠡᠳ ᠤᠨ ᠤᠩᠭᠤᠨ ᠮᠤᠭᠤᠨ ᠤ ᠲᠠᠬᠢᠯ ᠤᠨ | ᠬᠠᠷᠰᠢ ᠳᠤ ᠬᠦᠷᠭᠡᠬᠦ ᠪᠠᠷ ᠵᠠᠰᠠᠭᠰᠠᠨ ᠤᠩᠭᠤᠨ ᠤ ᠵᠠᠮ ᠤᠨ ᠬᠠᠵᠠᠭᠤ ᠳᠤ ᠪᠤᠰᠬᠠᠭᠰᠠᠨ ᠬᠦᠰᠢᠶ᠎ᠡ ᠴᠢᠯᠠᠭᠤᠨ ᠤ | ᠪᠢᠴᠢᠭ ᠢ ᠪᠤᠳᠢ ᠮᠦᠷ ᠤᠨ ᠬᠦᠰᠢᠶᠡᠨ ᠤ ᠪᠢᠴᠢᠭ ︵神道碑︶ ᠭᠡᠳᠡᠭ᠃ ᠵᠢᠰᠢᠶᠡᠯᠡᠪᠡᠯ᠄ ᠴᠢᠩ ᠤᠯᠤᠰ | ᠤᠨ ᠬᠤᠶᠢᠲᠦ ᠤᠩᠭᠤᠨ ︵北陵᠂ ᠮᠦᠭᠳᠡᠨ ᠬᠤᠲᠠᠨ ᠳᠤ ᠪᠤᠢ︶᠂ ᠵᠡᠭᠦᠨ ᠤᠩᠭᠤᠨ ︵东陵᠂ ᠪᠡᠭᠡᠵᠢᠩ | ᠤᠨ ᠵᠡᠭᠦᠨ ᠪᠤᠢ︶᠂ ᠪᠠᠷᠠᠭᠤᠨ ᠤᠩᠭᠤᠨ ︵西陵᠂ ᠪᠡᠭᠡᠵᠢᠩ ᠤᠨ ᠪᠠᠷᠠᠭᠤᠨ ᠡᠮᠦᠨ᠎ᠡ ᠪᠤᠢ︶ ᠳᠠᠬᠢ ᠪᠤᠳᠢ | ᠮᠦᠷ ᠤᠨ ᠬᠦᠰᠢᠶᠡᠨ ᠪᠢᠴᠢᠭ ᠤᠳ᠂ ᠡᠭᠦᠨ ᠢ ᠵᠠᠷᠢᠮ ᠬᠦᠮᠦᠰ ︽ᠰᠠᠬᠢᠭᠤᠯᠰᠤᠨ ᠤ ᠬᠦᠰᠢᠶ᠎ᠡ︾ ᠭᠡᠵᠦ | ᠤᠷᠴᠢᠭᠤᠯᠤᠭᠰᠠᠨ ᠴᠤ ᠪᠤᠢ᠃ | ᠤᠩᠭᠤᠨ ᠮᠤᠭᠤᠨ ᠤ ᠲᠤᠲᠤᠷᠠᠬᠢ ᠶᠡᠬᠡᠰ ᠬᠦᠮᠦᠰ ᠤᠨ ᠬᠡᠭᠦᠷ ᠪᠡᠶ᠎ᠡ ᠶᠢ ᠠᠬᠤᠭᠤᠯᠤᠭᠰᠠᠨ ᠠᠪᠰᠠᠨ ᠤ | ᠡᠮᠦᠨ᠎ᠡ ᠲᠠᠯᠪᠢᠭᠰᠠᠨ ᠴᠢᠯᠠᠭᠤᠨ ᠰᠡᠶᠢᠯᠦᠮᠡᠯ ᠪᠢᠴᠢᠭ ᠢ ᠤᠩᠭᠤᠨ ᠤ ᠤᠶᠢᠯᠠᠯᠭ᠎ᠠ ᠶᠢᠨ ᠰᠡᠶᠢᠯᠦᠮᠡᠯ ︵墓志铭︶ | ᠭᠡᠳᠡᠭ᠃ ᠵᠢᠰᠢᠶᠡᠯᠡᠪᠡᠯ᠄ ᠵᠢᠷᠢᠮ ᠠᠶᠢᠮᠠᠭ ᠤᠨ ᠨᠠᠢᠮᠠᠨ ᠬᠤᠰᠢᠭᠤᠨ ︵哲里木盟奈曼旗︶ ᠤ | ᠡᠮᠦᠨ᠎ᠡ ᠪᠡᠶ᠎ᠡ ᠳᠠᠬᠢ ᠦᠷᠡᠯᠲᠦ ᠶᠢᠨ ᠠᠭᠤᠯᠠ ︵青龙山︶ ᠠᠴᠠ ᠢᠯᠡᠷᠡᠭᠦᠯᠦᠭᠰᠡᠨ ᠯᠠᠤᠬ᠎ᠠ ᠤᠯᠤᠰ ︵ | ᠯᠢᠶᠤᠤ᠂辽︶ ᠤᠨ ᠢᠯᠠ ᠡᠪᠦᠭᠡ ︵耶律阿保机︶ ᠬᠠᠭᠠᠨ ᠤ ᠦᠬᠢᠨ᠂ ᠴᠧᠨ ᠭᠠᠵᠠᠷ ᠤᠨ ᠪᠠᠬᠢ | ︵陈国公主︶ ᠶᠢᠨ ᠤᠩᠭᠤᠨ ᠳᠠᠬᠢ ᠤᠩᠭᠤᠨ ᠤ ᠤᠶᠢᠯᠠᠯᠭ᠎ᠠ ᠶᠢᠨ ᠰᠡᠶᠢᠯᠦᠮᠡᠯ ᠵᠡᠷᠭᠡ᠃ | | | | |