| | | | | | ︵25︶ ᠦᠯᠢ ᠶᠢᠨ ᠲᠠᠪᠠᠭ᠎ᠠ 金山 —— ᠡᠨᠡ ᠪᠤᠯ ᠢᠩᠴᠠᠩ ᠬᠤᠷᠤᠭ᠎ᠠ ᠶᠢᠨ ᠵᠡᠭᠦᠨ | ᠬᠤᠶᠢᠭᠤᠷ ᠦᠷᠬᠦᠯᠵᠢᠯᠡᠭᠰᠡᠨ ᠦᠯᠢ ᠶᠢᠨ ᠲᠠᠪᠠᠭ᠎ᠠ ᠪᠤᠯᠬᠤ ᠶᠤᠮ᠂ ᠲᠤᠰ ᠭᠡᠷᠡᠯᠲᠦ ᠬᠦᠰᠢᠶᠡᠨ ᠤ ᠪᠢᠴᠢᠭ ᠲᠤ ︽ | ᠶᠢᠨ ᠱᠠᠨ金山᠂ ᠠᠯᠲᠠᠨ ᠠᠭᠤᠯᠠ︾ ᠭᠡᠵᠦ ᠲᠡᠮᠳᠡᠭᠯᠡᠵᠡᠢ᠃ ᠡᠨᠡ ᠲᠠᠪᠠᠭ᠎ᠠ ᠶᠢ ᠲᠠᠷᠬᠠᠨ ᠠᠭᠤᠯᠠ ᠶᠢᠨ | ᠤᠷᠤᠢ ᠠᠴᠠ ᠪᠠᠷᠠᠭᠤᠨ ᠬᠤᠶᠢᠰᠢ ᠠᠵᠢᠭᠯᠠᠬᠤ ᠳᠤ ᠵᠠᠯᠪᠠᠷᠢᠭᠰᠠᠨ ᠮᠠᠶ᠋ᠢᠭᠲᠠᠢ ᠬᠡᠷᠡᠶᠢᠨ ᠬᠠᠷᠠᠭᠳᠠᠬᠤ ᠲᠤᠯᠠ ᠯᠢᠦ | ᠮᠢᠨ ᠵᠦᠩ ᠤᠨ ᠨᠢᠳᠤ ᠪᠠᠷ ᠦᠵᠡᠬᠦ ᠳᠤ ᠬᠦᠷᠪᠡᠯ ᠲᠡᠷᠡ ᠨᠢ ᠦᠨᠡᠭᠡᠷ ᠬᠢᠲᠠᠳ ᠤᠨ ︽金︾ ᠭᠡᠰᠡᠨ ᠦᠰᠦᠭ | ᠲᠤ ᠲᠦᠰᠲᠠᠢ ᠲᠤᠯᠠ ᠡᠭᠦᠨ ᠢ ︽ᠠᠯᠲᠠᠨ ᠠᠭᠤᠯᠠ ︵金山 ᠶᠢᠨ ᠱᠠᠨ︶︾ ᠭᠡᠵᠦ ᠨᠡᠷᠡᠯᠡᠨ ᠲᠡᠮᠳᠡᠭᠯᠡᠭᠰᠡᠨ | ᠪᠤᠯᠤᠮᠵᠢ ᠲᠠᠢ ᠶᠤᠮ᠃ ᠬᠡᠰᠢᠭᠲᠡᠨ ᠠᠷᠠᠳ ᠤᠨ ︽ᠦᠯᠢ ᠶᠢᠨ ᠲᠠᠪᠠᠭ᠎ᠠ︾ ᠭᠡᠰᠡᠨ ᠠᠷᠠᠳ ᠤᠨ ᠲᠠᠭᠤᠤ ᠨᠢ ᠴᠤ | ᠴᠢᠪ ᠬᠡᠮᠡᠨ ᠠᠳᠡ ᠠᠴᠠ ᠡᠭᠦᠰᠦᠭᠰᠡᠨ ᠪᠠᠶᠢᠵᠠᠢ᠃ | ︵26︶ ᠵᠤᠭᠰᠤᠯᠲᠠ ᠵᠦᠭ 艮方 ︵ᠭᠧᠨ ᠹᠠᠩ︶ —— ᠵᠢᠷᠤᠬᠠᠢ ᠶᠢᠨ ᠶᠤᠰᠤᠨ ᠳᠤ ︽ | ᠵᠤᠭᠰᠤᠯᠲᠠ ᠵᠦᠭ︾ ᠭᠡᠳᠡᠭ ᠨᠢ ᠵᠡᠭᠦᠨ ᠬᠤᠶᠢᠲᠦ ᠵᠤᠪᠬᠢᠰ ᠢ ᠵᠢᠭᠠᠵᠦ ᠪᠠᠶᠢᠳᠠᠭ᠃ ︽ᠵᠤᠭᠰᠤᠯᠲᠠ ︵艮gèn | ︶︾ ᠭᠡᠳᠡᠭ ᠪᠤᠯ ᠵᠢᠷᠤᠬᠠᠶᠢᠲᠦ ᠨᠤᠮ ᠤᠨ ᠨᠠᠢᠮᠠᠨ ᠬᠦᠯᠢᠯ ᠤᠨ ᠨᠢᠭᠡ ᠪᠤᠯᠤᠨ᠎ᠠ᠂ ᠬᠦᠯᠢᠯ ᠤᠨ ᠵᠢᠷᠤᠭᠠᠰᠤ ᠨᠢ ︽ | ☶︾ ᠲᠡᠮᠳᠡᠭ ᠢᠶᠠᠷ ᠵᠤᠬᠢᠶᠠᠭᠳᠠᠵᠦ᠂ ᠠᠭᠤᠯᠠ ᠶᠢ ᠲᠦᠯᠦᠭᠡᠯᠡᠳᠡᠭ᠃ ᠡᠶᠢᠮᠦ ᠠᠴᠠ ᠲᠡᠷᠡ ᠨᠢ ᠡᠷᠲᠡᠨ ᠤ ᠬᠢᠲᠠᠳ | ᠬᠡᠯᠡᠨ ᠳᠤ ᠪᠠᠬᠢ ᠬᠠᠲᠠᠭᠤ ᠭᠡᠬᠦ ᠤᠳᠬ᠎ᠠ ᠪᠠᠷ ᠬᠡᠷᠡᠭᠯᠡᠭᠳᠡᠳᠡᠭ᠃ ᠡᠭᠦᠨ ᠠᠴᠠ ᠭᠠᠳᠠᠨ᠎ᠠ ᠡᠨᠡ ᠵᠤᠭᠰᠤᠯᠲᠠ ᠭᠡᠳᠡᠭ | ᠦᠰᠦᠭ ᠨᠢ ᠴᠠᠭ ᠬᠤᠭᠤᠴᠠᠭ᠎ᠠ ᠶᠢ ᠵᠢᠭᠠᠭᠰᠠᠨ ᠤᠳᠬ᠎ᠠ ᠪᠠᠷ ᠬᠡᠷᠡᠭᠯᠡᠭᠳᠡᠬᠦ ᠦᠶ᠎ᠡ ᠳᠤ ᠦᠨᠦᠭᠡᠨ ᠬᠠᠷᠠᠩᠭᠤᠢ ᠶᠢᠨ | ᠴᠠᠭ —— ᠲᠠᠷᠤᠢ ᠡᠷᠲᠡ ᠶᠢᠨ 2— 4 ᠴᠠᠭ ᠬᠦᠷᠲᠡᠯᠡᠬᠢ ᠬᠤᠭᠤᠴᠠᠭ᠎ᠠ ᠶᠢ ᠵᠢᠭᠠᠳᠠᠭ ᠶᠤᠮ᠃ | | ᠵᠢᠷᠤᠬᠠᠶᠢᠲᠦ ᠨᠤᠮ ︵易经︶ ᠤᠨ ᠨᠠᠢᠮᠠᠨ ᠬᠦᠯᠢᠯ ︵八卦︶ ᠳᠤ ᠲᠡᠭᠡᠷ᠎ᠡ ᠲᠤᠷᠠᠳᠤᠭᠰᠠᠨ | ᠬᠤᠶᠠᠷ ᠬᠦᠯᠢᠯ ᠠᠴᠠ ᠭᠠᠳᠠᠨ᠎ᠠ ᠪᠠᠰᠠ ︽ᠮᠦᠩᠬᠡ乾qián☰︾᠂ ︽ᠰᠠᠪᠠᠷᠳᠠᠯ坎kǎn ☵︾᠂ ︽ | ᠬᠦᠳᠡᠯᠦᠯ震zhèn☳︾᠂ ︽ᠤᠷᠤᠯᠲᠠ巽xùn ☴︾᠂ ︽ᠬᠡᠷᠡᠯᠦᠯ离lí☲︾᠂ ︽ᠪᠠᠶᠠᠰᠤᠯ兑 | duì☱ ︾ ᠭᠡᠳᠡᠭ ᠵᠢᠭᠤᠭᠠᠨ ᠵᠦᠢᠯ ᠤᠨ ᠬᠦᠯᠢᠯ ᠪᠠᠶᠢᠳᠠᠭ᠂ ᠡᠭᠦᠨ ᠢ ᠰᠤᠨᠢᠷᠬᠠᠯ ᠪᠤᠯᠭᠠᠨ ᠲᠦᠭᠦᠮ | ᠲᠠᠨᠢᠯᠴᠠᠭᠤᠯᠪᠠᠯ᠄ | | ︽ᠮᠦᠩᠬᠡ乾qián︾ ᠪᠤᠯ ᠲᠡᠭᠷᠢ ᠶᠢ ᠲᠦᠯᠦᠭᠡᠯᠡᠵᠦ ᠠᠷᠭ᠎ᠠ ᠶᠢ ᠪᠡᠯᠭᠡᠳᠡᠨ ᠮᠦᠩᠬᠡ ᠵᠤᠪᠬᠢᠰ ︵ | ᠪᠠᠷᠠᠭᠤᠨ ᠬᠤᠶᠢᠨ᠎ᠠ ᠵᠤᠪᠬᠢᠰ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄ ☰ | ︽ᠰᠠᠪᠠᠷᠳᠠᠯ坎kǎn︾ ᠪᠤᠯ ᠤᠰᠤᠨ ᠢ ᠲᠦᠯᠦᠭᠡᠯᠡᠵᠦ ᠰᠠᠪᠠᠷᠳᠠᠯ ᠵᠦᠭ ︵ᠬᠤᠶᠢᠲᠦ ᠵᠦᠭ︶ ᠢ | ᠡᠵᠡᠯᠡᠪᠡ᠃ ᠵᠢᠷᠤᠬᠠᠢ ᠶᠢᠨ ᠲᠡᠮᠳᠡᠭ ᠨᠢ᠄ ☵ | ︽ᠬᠦᠳᠡᠯᠦᠯ震zhèn︾ ᠪᠤᠯ ᠠᠶᠤᠩᠭ᠎ᠠ ᠶᠢ ᠲᠦᠯᠦᠭᠡᠯᠡᠵᠦ ᠬᠦᠳᠡᠯᠦᠯ ᠵᠦᠭ ︵ᠲᠤᠷᠤᠨ᠎ᠠ ︿ | ᠵᠡᠭᠦᠨ﹀ ᠵᠦᠭ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄ ☳ | ︽ᠤᠷᠤᠯᠲᠠ巽xùn︾ ᠪᠤᠯ ᠰᠠᠯᠬᠢᠨ ᠢ ᠲᠦᠯᠦᠭᠡᠯᠡᠵᠦ ᠤᠷᠤᠯᠲᠠ ᠵᠤᠪᠬᠢᠰ ︵ᠵᠡᠭᠦᠨ ᠡᠮᠦᠨ᠎ᠡ | ᠵᠤᠪᠬᠢᠰ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄ ☴ | ︽ᠬᠡᠷᠡᠯᠦᠯ离lí︾ ᠪᠤᠯ ᠭᠠᠯ ᠢ ᠲᠦᠯᠦᠭᠡᠯᠡᠵᠦ ᠭᠡᠷᠡᠯᠦᠯ ᠵᠦᠭ ︵ᠡᠮᠦᠨ᠎ᠡ ᠵᠦᠭ︶ ᠢ ᠡᠵᠡᠯᠡᠪᠡ᠃ | ᠵᠢᠷᠤᠬᠠᠢ ᠶᠢᠨ ᠲᠡᠮᠳᠡᠭ ᠨᠢ᠄ ☲ ☆ ᠭᠡᠷᠡᠯᠦᠯ — gerlul ᠭᠡᠵᠦ ᠤᠩᠰᠢᠨ᠎ᠠ᠃ | ︽ᠪᠠᠶᠠᠰᠤᠯ兑duì︾ ᠪᠤᠯ ᠨᠠᠭᠤᠷ ᠢ ᠲᠦᠯᠦᠭᠡᠯᠡᠵᠦ ᠪᠠᠶᠠᠰᠤᠯ ᠵᠦᠭ ︵ᠦᠷᠦᠨ᠎ᠡ ︿ᠪᠠᠷᠠᠭᠤᠨ﹀ | ᠵᠦᠭ︶ ᠢ ᠡᠵᠡᠯᠡᠪᠡ᠃ ᠵᠢᠷᠤᠬᠠᠢ ᠶᠢᠨ ᠲᠡᠮᠳᠡᠭ ᠨᠢ᠄ ☱ | ᠵᠢᠷᠤᠬᠠᠢ ᠶᠢᠨ ᠶᠤᠰᠤᠨ ᠳᠤ ᠲᠡᠭᠡᠷ᠎ᠡ ᠦᠵᠡᠭᠦᠯᠦᠭᠰᠡ ☰ ☱ ☲ ☳ ☴ ☵ ☶ | ☷ ᠭᠡᠬᠦ ᠡᠳᠡᠭᠡᠷ ᠨᠠᠢᠮᠠᠨ ᠪᠦᠯᠦᠭ ᠤᠨ ᠲᠡᠮᠳᠡᠭ ᠢ ︽ᠵᠢᠷᠤᠭᠠᠰᠤ ︵爻yáo︶︾ ᠭᠡᠳᠡᠭ᠃ ᠵᠢᠷᠤᠬᠠᠢ | ᠭᠡᠳᠡᠭ ᠦᠭᠡ ᠨᠢ ᠶᠠᠭ ᠡᠨᠡᠬᠦ ᠵᠢᠷᠤᠵᠦ ᠪᠦᠲᠦᠭᠡᠭᠰᠡᠨ ︽ᠵᠢᠷᠤᠭᠠᠰᠤ︾ ᠭᠡᠳᠡᠭ ᠦᠭᠡ ᠶᠢᠨ ᠢᠵᠠᠭᠤᠷ ᠪᠤᠯᠬᠤ ︽ | ᠵᠢᠷᠤ︾ ᠭᠡᠳᠡᠭ ᠠᠴᠠ ᠡᠭᠦᠰᠦᠯᠲᠠᠢ ᠠᠵᠢ᠃ ᠲᠠᠷᠤᠢ᠄ { ᠵᠢᠷᠤ+ ᠬᠠᠢ= ᠵᠢᠷᠤᠬᠠᠢ } ᠪᠤᠯᠬᠤ ᠶᠤᠮ᠃ ᠨᠡᠩ | ᠪᠤᠳᠠᠲᠠᠢ ᠰᠢᠭ ᠬᠡᠯᠡᠪᠡᠯ ᠲᠡᠭᠡᠷᠡᠬᠢ ᠨᠠᠢᠮᠠᠨ ᠪᠦᠯᠦᠭ ᠤᠨ ᠵᠢᠷᠤᠭᠠᠰᠤ ᠶᠢ ᠵᠢᠷᠤᠬᠠᠢ ᠭᠡᠳᠡᠭ ᠪᠤᠶᠤ᠃ | ︵27︶ ᠬᠤᠶᠠᠷ ᠤᠰᠤᠨ 二泽 —— ᠲᠠᠷᠤᠢ ᠢᠩᠴᠠᠩ ᠬᠤᠷᠤᠭ᠎ᠠ ᠶᠢᠨ ᠵᠡᠭᠦᠨ ᠲᠠᠯ᠎ᠠ | ᠳᠤ ᠪᠠᠶᠢᠭ᠎ᠠ ᠲᠠᠯᠤᠨᠠᠭᠤᠷ ︵达里诺尔︶ ᠬᠢᠭᠡᠳ ᠪᠠᠷᠠᠭᠤᠨ ᠲᠠᠯ᠎ᠠ ᠳᠤ ᠪᠠᠶᠢᠭ᠎ᠠ ᠲᠦᠷᠦᠭᠡᠨᠠᠭᠤᠷ ︵杜热 | 诺尔︶ ᠭᠡᠬᠦ ᠬᠤᠶᠠᠷ ᠨᠠᠭᠤᠷ ᠢ ᠵᠢᠭᠠᠵᠦ ᠪᠠᠶᠢᠨ᠎ᠠ᠂ ᠲᠠᠯᠦᠨᠠᠭᠤᠷ ᠪᠤᠯ ᠱᠤᠷᠪᠤᠭ ᠨᠠᠭᠤᠷ ᠪᠠᠶᠢᠵᠦ᠂ | ᠲᠦᠷᠦᠭᠡᠨᠠᠭᠤᠷ ᠪᠤᠯ ᠴᠡᠩᠬᠡᠭ ᠨᠠᠭᠤᠷ ᠪᠤᠯᠬᠤ ᠶᠤᠮ᠃ ᠬᠡᠰᠢᠭᠲᠡᠨ ᠮᠤᠩᠭᠤᠯᠴᠤᠳ ᠤᠨ ᠨᠤᠲᠤᠭ ᠤᠨ ᠠᠶᠠᠯᠠᠭᠤᠨ | ᠳᠤ ᠠᠭᠠᠷᠤ ᠮᠤᠳᠤᠨ ᠤ ᠲᠠᠭᠠᠷᠢᠳᠠᠰᠤ ᠪᠠᠷ ᠤᠬᠤᠵᠦ ᠬᠢᠭᠰᠡᠨ ᠰᠠᠭᠠᠯᠢ ᠶᠢᠨ ᠰᠠᠭᠤᠯᠭ᠎ᠠ ᠶᠢ ᠲᠦᠷᠦᠭᠡ ᠭᠡᠳᠡᠭ᠂ | ᠡᠨᠡ ᠨᠠᠭᠤᠷ ᠤᠨ ᠬᠡᠯᠪᠡᠷᠢ ᠨᠢ ᠦᠨᠡᠨᠬᠦ ᠰᠠᠭᠠᠯᠢ ᠶᠢᠨ ᠲᠦᠷᠦᠭᠡ ᠰᠢᠭ ᠬᠡᠯᠪᠡᠷᠢᠲᠡᠢ ᠠᠵᠢ᠃ ᠡᠨᠡ ᠨᠠᠭᠤᠷ ᠲᠤ | ᠮᠦᠷᠬᠦ ᠵᠢᠭᠠᠰᠤ ᠡᠯᠪᠡᠭ ᠪᠠᠶᠢᠳᠠᠭ᠂ ᠭᠡᠰᠡᠨ ᠴᠤ ᠲᠠᠯᠤᠨᠠᠭᠤᠷ ᠵᠢᠭᠠᠰᠤᠨ ᠲᠠᠯᠠᠪᠠᠢ ᠶᠢᠨ ᠳ᠋ᠦ᠋ ᠤᠪᠤᠭᠲᠤ ᠬᠢᠲᠠᠳ | ᠬᠦᠮᠦᠨ ᠲᠠᠷᠤᠭ᠎ᠠ ᠨᠠᠷ ᠤᠨ ᠢᠶᠠᠨ ᠲᠤᠮᠢᠯᠠᠯᠲᠠ ᠪᠠᠷ ᠡᠨᠡ ᠨᠠᠭᠤᠷ ᠢ ᠬᠠᠷᠠᠭᠰᠠᠨ ᠠᠷᠪᠠᠨ ᠬᠡᠳᠦᠨ ᠵᠢᠯ ︵1996 | —— 2012 ᠤᠨ ᠬᠦᠷᠲᠡᠯ᠎ᠡ︶ ᠤᠨ ᠲᠤᠷᠰᠢ ᠲᠤᠰ ᠨᠠᠭᠤᠷ ᠤᠨ ᠵᠢᠭᠠᠰᠤᠨ ᠳᠤ ᠰᠦᠨᠦᠭᠡᠯᠲᠡ ᠶᠢᠨ | ᠴᠢᠨᠠᠷᠲᠠᠢ ᠱᠦᠭᠦᠯᠲᠡ ᠬᠢᠭᠰᠡᠨ ᠢᠶᠠᠷ ᠪᠠᠷᠠᠬᠤ ᠦᠭᠡᠢ ᠬᠤᠭᠤᠯᠠᠢ ᠶᠢᠨ ᠭᠤᠤᠯ ᠤᠨ ᠬᠤᠭᠤᠯᠠᠢ ᠶᠢ ᠴᠤ ᠬᠡᠳᠤᠨ | ᠠᠷᠪᠠ ᠤᠳᠠᠭ᠎ᠠ ᠲᠠᠰᠤᠯᠠᠵᠦ ᠦᠩᠭᠡᠷᠡᠭᠰᠡᠨ ᠶᠤᠮ᠃ ᠲᠡᠯᠡᠬᠡᠢ ᠲᠡᠭᠡᠷᠡᠬᠢ ᠬᠠᠮᠤᠭ ᠨᠠᠷᠢᠬᠠᠨ ᠭᠤᠤᠯ ᠬᠡᠮᠡᠭᠳᠡᠭᠰᠡᠨ | ᠬᠤᠭᠤᠯᠠᠢ ᠶᠢᠨ ᠭᠤᠤᠯ ︵浩来河︶ ᠡᠨᠡ ᠨᠠᠭᠤᠷ ᠠᠴᠠ ᠤᠨᠳᠤᠷᠤᠨ ᠭᠠᠷᠴᠤ ᠡᠬᠡ ᠶᠢᠨ ᠬᠡᠪᠡᠯᠢ ᠠᠴᠠ ᠪᠠᠨ | ᠰᠠᠶ᠋ᠢᠬᠠᠨ ᠦᠵᠡᠭᠳᠡᠭᠰᠡᠨ ᠨᠢᠯᠬᠠᠰ ᠤᠨ ᠬᠦᠢᠰᠤ ᠬᠡᠮᠡᠷ ᠰᠤᠨᠤᠯᠵᠢᠨ ᠮᠤᠷᠤᠯᠵᠠᠭᠰᠠᠭᠠᠷ ᠲᠠᠯᠤᠨᠠᠭᠤᠷ ᠲᠠᠭᠠᠨ ᠤᠷᠤᠰᠤᠨ | ᠤᠷᠤᠳᠠᠭ᠃ ᠲᠠᠯᠤᠨᠠᠭᠤᠷ ᠲᠤ ᠬᠤᠰᠢᠶᠠᠯ ︵华子鱼︶ ᠬᠢᠭᠡᠳ ᠬᠡᠯᠲᠡᠭᠡ ︵鲫鱼︶ ᠭᠡᠬᠦ ᠬᠤᠶᠠᠷᠬᠠᠨ | ᠲᠦᠷᠰᠦ ︵ᠠᠮᠢᠳᠤ ᠪᠤᠳᠠᠰ ᠤᠨ ᠲᠦᠷᠦᠯ ᠵᠦᠢᠯ物种︶ ᠶᠢᠨ ᠵᠢᠭᠠᠰᠤ ᠠᠮᠢᠳᠤᠷᠠᠵᠦ ᠲᠡᠶᠢᠯᠳᠡᠭ ᠪᠦᠭᠡᠳ | ᠵᠢᠭᠠᠰᠤᠨ ᠭᠠᠷᠤᠯᠲᠠ ᠨᠢ ᠬᠦᠮᠦᠨ ᠢ ᠰᠤᠴᠢᠭᠠᠮ᠎ᠠ ᠡᠯᠪᠡᠭ ᠠᠵᠢ᠃ ᠡᠨᠡ ᠨᠠᠭᠤᠷ ᠲᠤ᠄ ᠵᠡᠭᠦᠨ ᠬᠤᠶᠢᠨ᠎ᠡ ᠵᠠᠭᠤᠭᠠᠳ | ᠭᠠᠵᠠᠷ ᠤᠨ ᠵᠠᠢ ᠳᠠᠬᠢ ᠴᠠᠮᠬᠠᠭ ᠤᠨ ᠠᠭᠤᠯᠠ ︵查木罕山︶ ᠠᠴᠠ ᠡᠬᠢ ᠠᠪᠤᠭᠰᠠᠨ ᠭᠦᠩᠭᠡᠷ ᠤᠨ | ᠭᠤᠤᠯ ︵贡格尔河︶ ᠵᠡᠭᠦᠨ ᠬᠤᠶᠢᠨ᠎ᠠ ᠠᠴᠠ ᠨᠢ ᠴᠢᠳᠬᠤᠨ ᠤᠷᠤᠵᠦ᠂ ᠵᠡᠭᠦᠨ ᠡᠮᠦᠨᠡᠬᠢ ᠭᠠᠩᠭᠠᠨ | ᠨᠠᠭᠤᠷ ᠠᠴᠠ ᠡᠬᠢ ᠠᠪᠤᠭᠰᠠᠨ ᠰᠢᠷ᠎ᠠ ᠶᠢᠨ ᠭᠤᠤᠯ ︵沙里河︶ ᠵᠡᠭᠦᠨ ᠡᠮᠦᠨ᠎ᠡ ᠠᠴᠠ ᠨᠢ ᠬᠠᠯᠬᠢᠯᠠᠨ | ᠤᠷᠤᠵᠦ᠂ ᠪᠠᠷᠠᠭᠤᠨ ᠡᠮᠦᠨᠡᠬᠢ ᠪᠦᠷᠢᠳᠤᠨ ᠤᠪᠤᠭᠠᠨ ᠳᠠᠬᠢ ᠰᠢᠷᠭᠤᠭ᠎ᠠ ᠶᠢᠨ ᠲᠠᠯ᠎ᠠ ᠠᠴᠠ ᠡᠬᠢ ᠠᠪᠤᠭᠰᠠᠨ | ᠰᠢᠷᠭᠤᠭ᠎ᠠ ᠶᠢᠨ ᠭᠤᠤᠯ ︵舒尔哈河︶ ᠨᠢ ᠨᠠᠷᠠᠰᠤᠨ ᠤ ᠬᠦᠭᠦᠷᠭᠡ ᠠᠴᠠ ᠡᠬᠢ ᠠᠪᠤᠭᠰᠠᠨ ᠬᠦᠭᠦᠷᠭᠡ | ᠶᠢᠨ ᠭᠤᠤᠯ ︵活日庚河︶ ᠲᠠᠢ ᠪᠠᠨ ᠨᠡᠶᠢᠯᠡᠭᠡᠳ ᠪᠠᠷᠠᠭᠤᠨ ᠡᠮᠦᠨ᠎ᠡ ᠲᠠᠯ᠎ᠠ ᠠᠴᠠ ᠨᠢ ᠤᠷᠤᠰᠤᠨ | ᠤᠷᠤᠵᠦ᠂ ᠪᠠᠷᠠᠭᠤᠨ ᠬᠤᠶᠢᠨ᠎ᠠ ᠠᠴᠠ ᠨᠢ ᠲᠦᠷᠦᠭᠡ ᠨᠠᠭᠤᠷ ᠠᠴᠠ ᠡᠬᠢ ᠠᠪᠤᠭᠰᠠᠨ ᠬᠤᠭᠤᠯᠠᠢ ᠶᠢᠨ ᠭᠤᠤᠯ | ᠪᠠᠷᠠᠭᠤᠨ ᠬᠤᠶᠢᠨ᠎ᠠ ᠠᠴᠠ ᠨᠢ ᠮᠢᠷᠠᠯᠵᠢᠨ ᠤᠷᠤᠵᠦ ᠪᠠᠶᠢᠳᠠᠭ ᠮᠦᠷᠲᠡᠭᠡᠨ ᠠᠰ ᠡᠮᠦᠨ᠎ᠡ ᠳᠠᠬᠢ ᠲᠠᠷᠬᠠᠨ ᠠᠭᠤᠯᠠ | ᠶᠢᠨ ᠪᠠᠷᠠᠭᠤᠨ ᠬᠤᠶᠢᠨ᠎ᠠ ᠪᠡᠯ ︵bel︶ ᠠᠴᠠ ᠡᠬᠢ ᠠᠪᠤᠭᠰᠠᠨ ᠲᠠᠪᠠᠭᠠᠲᠦ ᠶᠢᠨ ᠪᠤᠯᠠᠭ ︵达八图泉︶ | ᠤᠷᠭᠢᠯᠤᠨ ᠴᠢᠳᠬᠤᠯᠠᠵᠦ ᠪᠠᠶᠢᠳᠠᠭ᠃ ᠲᠠᠯᠤᠨᠠᠭᠤᠷ ᠨᠢ ᠱᠤᠷᠪᠤᠭ ᠨᠠᠭᠤᠷ ᠪᠤᠯᠬᠤ ᠲᠤᠯᠠ ᠡᠨᠡ ᠨᠠᠭᠤᠷ ᠲᠤ ᠵᠠᠷᠢᠮ | ᠲᠦᠷᠰᠤ ᠶᠢᠨ ᠵᠢᠭᠠᠰᠤ ᠠᠮᠢᠳᠤᠷᠠᠵᠦ ᠲᠡᠶᠢᠯᠳᠡᠭ ᠪᠤᠯᠪᠠᠴᠤ ᠪᠦᠬᠦ ᠲᠦᠷᠢᠰᠤ ᠶᠢᠨ ᠵᠢᠭᠠᠰᠤ ᠦᠷᠡᠵᠢᠵᠦ ᠲᠡᠶᠢᠯᠬᠦ | ᠦᠭᠡᠢ ᠶᠤᠮ᠃ ᠡᠶᠢᠮᠦ ᠠᠴᠠ ᠲᠤᠰ ᠨᠠᠭᠤᠷ ᠤᠨ ᠵᠢᠭᠠᠰᠤ ᠨᠢ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠦᠷᠪᠡᠨ | ᠰᠠᠷ᠎ᠠ ᠪᠤᠯᠤᠭᠰᠠᠭᠠᠷ ᠰᠢᠷ᠎ᠠ ᠶᠢᠨ ᠭᠤᠤᠯ ᠢᠶᠠᠷ ᠲᠠᠮᠵᠢᠨ ᠭᠠᠩᠭᠠᠨ ᠨᠠᠭᠤᠷ ᠲᠤ ᠤᠴᠢᠵᠦ ᠠᠳᠤ ᠵᠢᠭᠠᠰᠤ ︵ᠡᠮ᠎ᠡ | ᠵᠢᠭᠠᠰᠤ︶ ᠨᠢ ᠲᠦᠷᠢᠰᠤ ︵ᠵᠢᠭᠠᠰᠤᠨ ᠦᠨᠳᠡᠭᠡ︶ ᠪᠠᠨ ᠬᠠᠶᠠᠬᠤ ᠳᠤ ᠠᠳᠤᠬᠠ ᠵᠢᠭᠠᠰᠤ ︵ᠡᠷ᠎ᠡ ᠵᠢᠭᠠᠰᠤ︶ ᠨᠢ | ᠦᠷ᠎ᠡ ᠪᠠᠨ ᠰᠠᠴᠤᠵᠦ ᠪᠠᠷᠠᠩᠭᠤᠳᠠ ᠡᠷᠬᠢᠵᠦ ᠲᠠᠯᠤᠨᠠᠭᠤᠷ ᠲᠠᠭᠠᠨ ᠪᠤᠴᠠᠳᠠᠭ᠃ ᠡᠭᠦᠨ ᠢ ᠬᠤᠢ ᠵᠢᠭᠠᠰᠤ ︵ᠪᠤᠴᠠᠬᠤ | ᠵᠢᠭᠠᠰᠤ回头鱼︶ ᠭᠡᠨ᠎ᠡ᠂ ᠲᠦᠷᠢᠰᠤ ᠨᠢ ᠵᠢᠭᠠᠷᠬᠠᠢ ᠪᠦᠲᠦᠭᠰᠡᠨ ᠤ ᠲᠠᠷᠠᠭ᠎ᠠ ᠦᠪᠡᠷᠲᠡᠭᠡᠨ ᠰᠢᠷ᠎ᠠ ᠶᠢᠨ | ᠭᠤᠤᠯ ᠢᠶᠠᠷ ᠲᠠᠮᠵᠢᠵᠦ ᠲᠠᠯᠤᠨᠠᠭᠤᠷ ᠲᠠᠭᠠᠨ ᠤᠴᠢᠳᠠᠭ᠃ ᠲᠠᠯᠤᠨᠠᠭᠤᠷ ᠠᠴᠠ ᠵᠡᠭᠦᠨ ᠡᠮᠦᠨ᠎ᠡ ᠭᠤᠴᠢ ᠭᠠᠷᠤᠢ | ᠭᠠᠵᠠᠷ ᠲᠤ ᠭᠠᠩᠭᠠᠨ ᠨᠠᠭᠤᠷ ︵刚更诺尔︶ ᠪᠠᠶᠢᠵᠦ᠂ ᠭᠠᠩᠭᠠᠨ ᠨᠠᠭᠤᠷ ᠠᠴᠠ ᠪᠠᠷᠠᠭᠤᠨ ᠡᠮᠦᠨ᠎ᠡ | ᠠᠷᠪᠠ ᠭᠠᠷᠤᠢ ᠭᠠᠵᠠᠷ ᠲᠤ ᠲᠠᠭ᠎ᠠ ᠶᠢᠨ ᠨᠠᠭᠤᠷ ︵达更诺尔︶ ᠪᠠᠶᠢᠳᠠᠭ᠃ ᠲᠠᠯᠤᠨᠠᠭᠤᠷ ᠤᠨ ᠡᠮᠦᠨ᠎ᠡ | ᠨᠢ ᠲᠠᠷᠬᠠᠨ ᠠᠭᠤᠯᠠ ︵达尔罕山︶ ᠰᠦᠨᠳᠦᠷᠯᠡᠵᠦ᠂ ᠬᠤᠶᠢᠨ᠎ᠡ ᠨᠢ ᠲᠦᠰᠢ ᠶᠢᠨ ᠬᠠᠶᠢᠷᠠᠬᠠᠨ | ᠰᠡᠬᠦᠶᠢᠵᠦ ᠪᠠᠶᠢᠳᠠᠭ᠃ ᠲᠠᠯᠤᠨᠠᠭᠤᠷ ᠠᠴᠠ ᠪᠠᠷᠠᠭᠤᠨ ᠬᠤᠶᠢᠨ᠎ᠠ ᠵᠢᠷᠠᠨ ᠭᠠᠵᠠᠷ ᠲᠤ ᠠᠴᠠ ᠠᠭᠤᠯᠠ ᠰᠦᠮᠪᠦᠷᠯᠡᠨ᠂ | ᠠᠴᠠ ᠠᠭᠤᠯᠠ ᠠᠴᠠ ᠪᠠᠷᠠᠭᠤᠨ ᠬᠤᠶᠢᠨ᠎ᠠ ᠭᠤᠴᠢᠨ ᠭᠠᠵᠠᠷ ᠲᠤ ᠰᠢᠯᠢ ᠶᠢᠨ ᠬᠤᠲᠠ ᠳᠤ ᠬᠠᠷᠢᠶᠠᠯᠠᠭᠳᠠᠬᠤ ᠪᠠᠶᠠᠨ | ᠬᠦᠷᠢᠶ᠎ᠡ ᠨᠠᠭᠤᠷ ᠮᠡᠯᠮᠡᠯᠵᠢᠵᠦ ᠪᠠᠶᠢᠳᠠᠭ ᠶᠤᠮ᠃ | ︵28︶ ᠬᠠᠭᠠᠨ ᠤ ᠵᠠᠷᠯᠢᠭ 纶命 —— ᠡᠷᠲᠡᠨ ᠤ ᠬᠢᠲᠠᠳ ᠬᠡᠯᠡᠨ ᠳᠤ ᠬᠠᠭᠠᠨ ᠤ | ᠵᠠᠷᠯᠢᠭ ᠢ ︽纶命︾ ᠭᠡᠳᠡᠭ᠃ | ︵29︶ ᠭᠠᠷᠪᠠ 庑 —— ᠰᠦᠮ᠎ᠡ ᠬᠡᠶᠢᠳ ᠤᠨ ᠭᠠᠵᠠᠷ ᠲᠤ ᠯᠠᠮᠠ ᠪᠤᠷᠰᠠᠩ ᠬᠤᠸᠠᠷᠠᠭ | ᠲᠤᠶᠢᠳ ︵ᠯᠠᠮᠠ ᠪᠤᠯᠤᠭᠰᠠᠨ ᠲᠠᠶᠢᠵᠢ ᠢᠵᠠᠭᠤᠷᠲᠠᠨ ᠢ ᠲᠤᠶᠢᠨ ᠭᠡᠨ᠎ᠡ︶ ᠢ ᠪᠠᠶᠢᠩᠭᠤ ᠰᠠᠭᠤᠯᠭᠠᠬᠤ ᠪᠠᠷ | ᠪᠡᠯᠡᠳᠭᠡᠭᠰᠡᠨ ᠲᠦᠷᠪᠡᠯᠵᠢᠨ ᠬᠦᠷᠢᠶ᠎ᠡ ᠬᠡᠯᠪᠡᠷᠢᠲᠠᠢ ᠡᠰᠡᠷᠭᠦᠯᠡᠵᠦ ᠪᠠᠷᠢᠭᠰᠠᠨ ᠤᠯᠠᠨ ᠲᠠᠰᠣᠯᠭᠠᠳᠣ ᠪᠠᠶᠢᠰᠢᠩ ᠭᠡᠷ ᠢ | ᠭᠠᠷᠪᠠ ᠭᠡᠳᠡᠭ᠃ ᠨᠢᠭᠡ ᠭᠠᠷᠪᠠ ᠨᠢ ᠬᠡᠳᠦᠨ ᠠᠷᠪᠠ ᠪᠣᠶᠣ ᠴᠢᠨᠠᠭᠰᠢᠯᠠᠭᠠᠳ ᠨᠠᠶᠠ ᠭᠠᠷᠣᠢ ᠲᠠᠰᠣᠯᠭ᠎ᠠ ᠭᠡᠷ | ᠪᠠᠶᠢᠰᠢᠩ ᠠᠴᠠ ᠪᠦᠷᠢᠯᠳᠣᠳᠡᠭ ᠲᠣᠯᠠ ᠲᠣᠰᠬᠠᠶᠢᠯᠠᠨ ᠭᠠᠷᠪᠠ ᠶᠢ ᠬᠠᠮᠢᠶᠠᠷᠳᠠᠭ ᠯᠠᠮᠠ ᠲᠣᠬᠢᠷᠠᠭᠤᠯᠳᠠᠭ᠂ ᠡᠶᠢᠮᠦ | ᠯᠠᠮᠠ ᠶᠢ ᠨᠢ ᠭᠠᠷᠪᠠ ᠯᠠᠮᠠ ᠭᠡᠨ᠎ᠡ᠃ ᠬᠦᠬᠡᠨᠠᠭᠤᠷ ᠮᠣᠵᠢ ᠶᠢᠨ ᠭᠤᠮᠪᠣᠨ ᠬᠡᠶᠢᠳ ᠲᠤ ᠬᠠᠮᠤᠭ ᠬᠦᠭᠵᠢᠯᠳᠡᠢ | ᠦᠶᠡᠰ ᠲᠡᠭᠡᠨ ᠨᠠᠶᠠᠭᠠᠳ ᠭᠠᠷᠪᠠ ᠪᠠᠶᠢᠭᠰᠠᠨ ᠬᠡᠬᠦ ᠪᠦᠭᠡᠳ ᠣᠳᠣ ᠴᠣ᠋ ᠭᠡᠰᠡᠨ ᠬᠠᠯᠬ᠎ᠠ ᠭᠠᠷᠪᠠ᠂ ᠦᠵᠦᠮᠣᠴᠢᠨ | ᠭᠠᠷᠪᠠ ᠂ ᠠᠵᠢᠶ᠎ᠠ ᠭᠠᠷᠪᠠ᠂ ᠶᠠᠩᠵᠢᠶᠠ ᠭᠠᠷᠪᠠ…… ᠭᠡᠬᠦ ᠵᠡᠷᠭᠡ ᠬᠡᠳᠣᠨ ᠠᠷᠪᠠᠨ ᠭᠠᠷᠪᠠ ᠪᠣᠢ᠃ ᠰᠦᠮ᠎ᠡ | ᠬᠡᠶᠢᠳ ᠤᠨ ᠭᠠᠷᠪᠠ ᠨᠢ ᠪᠠᠷᠢᠯᠭ᠎ᠠ ᠶᠢᠨ ᠬᠡᠪ ᠨᠠᠮᠪᠠ ᠪᠠ ᠠᠰᠢᠭᠯᠠᠮᠵᠢ ᠪᠠᠷ ᠢᠶᠠᠷ ᠢᠶᠠᠨ ᠮᠠᠰᠢ ᠰᠠᠶᠢᠨ ᠪᠦᠭᠡᠳ ᠭᠠᠵᠠᠷ | ᠰᠢᠷᠣᠢ ᠳᠤ ᠴᠣ᠋ ᠠᠷᠪᠢᠳᠠᠢ ᠲᠣᠯᠠ ᠮᠣᠩᠭᠤᠯ ᠤᠨ ᠨᠤᠶᠠᠳ ᠢᠵᠠᠭᠤᠷᠳᠠᠳ ᠬᠢᠭᠡᠳ ᠸᠠᠩ ᠭᠦᠩ ᠪᠠᠶᠢᠯ᠎ᠠ ᠪᠠᠶᠢᠰᠠ | ᠨᠠᠷ ᠤᠨ ᠪᠠᠭ᠋ᠠᠷᠬᠠᠯ ᠢ ᠶᠡᠬᠡᠳᠡ ᠲᠠᠳᠠᠭᠰᠠᠨ ᠶᠣᠮ᠃ ᠡᠶᠢᠮᠦ ᠠᠴᠠ ᠴᠢᠩ ᠣᠯᠣᠰ ᠤᠨ ᠦᠶ᠎ᠡ ᠳᠤ ᠬᠠᠭᠠᠨ ᠤ | ᠲᠡᠷᠭᠡᠳᠡ ᠰᠢᠳᠠᠷ ᠶᠠᠪᠣᠳᠠᠭ ᠮᠣᠩᠭᠤᠯ ᠬᠤᠰᠢᠭᠤᠳ ᠤᠨ ᠸᠠᠩ ᠨᠣᠶᠠᠳ ᠪᠡᠭᠡᠵᠢᠩ ᠬᠤᠳᠠᠨ ᠳᠤ ᠡᠶᠢᠮᠣᠷᠬᠦ ᠭᠠᠷᠪᠠ | ᠮᠠᠶ᠋ᠢᠭ ᠤᠨ ᠬᠦᠷᠢᠶᠡᠯᠡᠩ ᠢ ᠶᠡᠭᠡ ᠪᠠᠷ ᠪᠠᠶᠢᠭᠤᠯᠣᠭᠰᠠᠨ ᠠᠴᠠ ᠡᠨᠡᠬᠦ ᠭᠠᠷᠪᠠ ᠮᠠᠶ᠋ᠢᠭ ᠣᠨᠣᠷᠣᠨ ᠰᠠᠭᠤᠴᠠ ᠶᠢᠨ | ᠪᠠᠷᠢᠯᠭ᠎ᠠ ᠨᠢ ᠪᠡᠭᠡᠵᠢᠩ ᠬᠤᠳᠠ ᠶᠢᠨ ᠨᠢᠭᠡᠨ ᠦᠶ᠎ᠡ ᠶᠢᠨ ᠣᠨᠴᠠᠯᠢᠭ ᠪᠣᠯᠣᠭᠰᠠᠨ ᠪᠠᠶᠢᠵᠦ ᠪᠢᠯᠠ᠃ ᠲᠡᠶᠢᠮᠦ ᠠᠴᠠ | ᠬᠢᠳᠠᠳ ᠬᠦᠮᠣᠰ ᠡᠶᠢᠮᠣᠷᠬᠦ ᠣᠷᠳᠣᠨ ᠬᠦᠷᠢᠶᠡᠯᠡᠩ ᠢ ︽ᠰᠧ ᠡᠾᠧ ᠶᠣᠸᠠᠨ四合院︾ ᠭᠡᠵᠦ ᠨᠡᠷᠡᠯᠡᠭᠰᠡᠨ | ᠶᠣᠮ ᠃ | ︵30︶ ᠭᠤᠷᠢᠶ᠎ᠠ 垣 —— ᠰᠦᠮ᠎ᠡ ᠶᠢᠨ ᠭᠠᠳᠠᠭᠤᠷ ᠲᠣᠭᠤᠷᠢᠭᠤᠯᠵᠦ ᠪᠠᠷᠢᠭᠰᠠᠨ ᠬᠡᠷᠡᠮ | ᠢ ᠭᠤᠷᠢᠶ᠎ᠠ ᠭᠡᠨ᠎ᠡ᠂ ᠯᠠᠮᠠ ᠨᠠᠷ ᠰᠣᠳᠣᠷ ᠨᠣᠮ ᠤᠨ ᠢᠶᠠᠨ ᠲᠣᠭᠤᠰᠦ ᠭᠬᠢᠷ ᠢ ᠭᠦᠪᠢᠵᠦ᠂ ᠰᠦᠮ᠎ᠡ ᠶᠢᠨ ᠬᠦᠷᠢᠶ᠎ᠡ | ᠬᠡᠷᠡᠮ ᠤᠨ ᠢᠶᠠᠨ ᠡᠪᠳᠡᠷᠵᠦ ᠰᠦᠢᠳᠦᠭᠰᠡᠨ ᠡᠰᠡᠬᠦ ᠶᠢ ᠨᠢ ᠪᠠᠶᠢᠴᠠᠭᠠᠬᠤ ᠵᠣᠷᠢᠯᠭ᠎ᠠ ᠪᠠᠷ ᠰᠣᠳᠣᠷ ᠪᠢᠴᠢᠭ ᠢᠶᠠᠨ | ᠡᠭᠦᠷᠴᠦ ᠰᠦᠮ᠎ᠡ ᠶᠢᠨ ᠬᠡᠷᠡᠮ ᠤᠨ ᠢᠶᠠᠨ ᠭᠠᠳᠠᠭᠤᠷ ᠲᠣᠭᠤᠷᠢᠨ ᠴᠠᠭᠳᠠᠵᠦ ᠶᠠᠪᠣᠬᠤ ᠶᠢ ᠭᠤᠷᠢᠶ᠎ᠠ ᠡᠷᠬᠢᠬᠦ ᠭᠡᠳᠡᠭ᠃ | | ︵31︶ ᠪᠣᠷᠬᠠᠨ ᠰᠣᠪᠣᠷᠭ᠎ᠠ 浮图 —— ᠡᠷᠳᠡᠨ ᠤ ᠬᠢᠳᠠᠳ ᠬᠡᠯᠡᠨ ᠳᠤ ᠪᠣᠷᠬᠠᠨ | ᠰᠣᠪᠣᠷᠭ᠎ᠠ ᠶᠢ ︽浮图︾ ᠬᠡᠬᠦ ᠪᠣᠶᠦ ︽浮屠︾ ᠬᠡᠵᠦ ᠪᠢᠴᠢᠳᠡᠭ᠂ ᠡᠭᠦᠨ ᠢ ︽ᠭᠦᠳᠣᠭᠦᠷ ᠰᠡᠶᠢᠯᠣᠮᠡᠯ 浮 | 雕︾ ᠭᠡᠬᠦ ᠦᠭᠡ ᠲᠠᠢ ᠠᠳᠡᠭᠦᠷᠡᠵᠦ ᠡᠰᠡ ᠪᠣᠯᠣᠨ᠎ᠠ᠃ ᠣᠮᠠᠷᠠᠲᠣ ᠢᠷᠣᠭᠡᠯᠳᠦ ᠣᠯᠣᠰ ︵北魏︶ ᠤᠨ ᠶᠠᠩ | ᠰᠢᠣᠸᠠᠨ ᠵᠾᠢ ︵杨炫之︶ ᠬᠡᠮᠡᠭᠴᠢ ᠶᠢᠨ ᠵᠣᠬᠢᠶᠠᠭᠰᠠ ᠲᠠᠪᠣᠨ ᠪᠣᠳᠢᠳᠦ ︽ᠯᠦᠸᠧ ᠶᠠᠩ ᠭᠠᠵᠠᠷ ᠤᠨ | ᠰᠠᠩᠭᠠᠷᠮ᠎ᠠ ᠶᠢᠨ ᠲᠡᠮᠳᠡᠭᠯᠡᠯ ︵洛阳伽蓝记︶︾ ᠬᠡᠬᠦ ᠨᠣᠮ ᠤᠨ ᠨᠢᠭᠡᠳᠣᠭᠡᠷ ᠪᠣᠳᠢ ᠳᠤ᠄ ︽ | ᠲᠤᠲᠤᠷ᠎ᠠ ᠠᠨᠤ ᠭᠤᠷᠪᠠᠨ ᠦᠶᠡᠲᠦ ᠪᠤᠷᠬᠠᠨ ᠰᠤᠪᠤᠷᠭ᠎ᠠ ᠪᠠᠶᠢᠵᠦ᠂ ᠠᠯᠲᠠᠨ ᠲᠡᠪᠰᠢᠲᠦ ᠰᠦᠷᠯᠢᠭ ᠭᠠᠨᠵᠢᠷ᠎ᠡ ᠠᠨᠤ | ᠬᠤᠲᠠ ᠬᠦᠷᠢᠶ᠎ᠡ ᠨᠦᠭᠦᠳ ᠢ ᠭᠢᠯᠠᠰᠬᠠᠮᠤᠢ中有三层浮图,金盘灵刹,曜诸城 | 内︾ ᠭᠡᠵᠠᠢ᠃ ᠬᠢᠲᠠᠳ ᠬᠡᠯᠡᠨ ᠤ ︽ᠱᠠᠰᠢᠨ ᠤ ᠲᠤᠯᠢ︾ ᠶᠢᠨ ᠲᠠᠶᠢᠯᠪᠤᠷᠢ ᠶᠢᠨ ︽伽蓝︾ ᠭᠡᠬᠦ ᠵᠤᠷᠪᠤᠰ | ᠲᠤ᠄ ︽ᠰᠠᠨᠰᠭᠢᠷᠢᠳ᠋ ᠬᠡᠯᠡᠨ ᠤ sangharama ᠭᠡᠬᠦ ᠦᠭᠡ ᠶᠢᠨ ᠠᠪᠢᠶᠠᠴᠢᠯᠠᠭᠰᠠᠨ ᠤᠷᠴᠢᠭᠤᠯᠭ᠎ᠠ᠂ ᠪᠠᠰᠠ | ︿僧迦蓝摩﹀ ᠭᠡᠵᠦ ᠪᠢᠴᠢᠳᠡᠭ᠂ ᠤᠳᠬᠠᠴᠢᠯᠠᠨ ᠤᠷᠴᠢᠭᠤᠯᠪᠠᠯ ︿ᠤᠯᠠᠨ ᠬᠦᠷᠢᠶ᠎ᠡ﹀ ᠭᠡᠨ᠎ᠡ᠂ ᠲᠠᠷᠤᠢ | ᠪᠤᠷᠰᠠᠩ ᠬᠤᠸᠠᠷᠠᠭᠴᠤᠳ ᠤᠨ ᠰᠠᠭᠤᠳᠠᠭ ᠤᠷᠳᠤᠨ ᠬᠦᠷᠢᠶ᠎ᠡ ᠶᠢ ᠬᠡᠯᠡᠳᠡᠭ᠂ ᠪᠠᠰᠠ ᠰᠦᠮ᠎ᠡ ᠢ ᠴᠤ ᠡᠶᠢᠨᠬᠦ | ᠨᠡᠷᠡᠯᠡᠳᠡᠭ︾ ᠭᠡᠵᠠᠢ᠃ ᠠᠯᠠᠱᠠ ᠵᠡᠭᠦᠨ ᠬᠤᠰᠢᠭᠤᠨ ᠤ ᠮᠤᠩᠭᠤᠯ ᠬᠡᠯᠡ ᠪᠢᠴᠢᠭ ᠤᠨ ᠠᠯᠪᠠᠨ ᠭᠡᠷ ᠠᠴᠠ ᠡᠷᠬᠢᠯᠡᠨ | ᠨᠠᠶᠢᠷᠠᠭᠤᠯᠤᠭᠰᠠᠨ ︽ᠪᠠᠶᠠᠨ ᠰᠦᠮᠪᠦᠷ︾ ᠰᠡᠳᠭᠦᠯ ᠳᠤ᠂ ᠲᠦᠪᠡᠳ ᠬᠡᠯᠡᠨ ᠤ ᠡᠷᠳᠡᠮᠲᠡᠨ ᠡᠾᠧ ᠴᠤᠶᠢᠮᠫᠤᠯ | ᠭᠤᠸᠠᠢ ᠠᠴᠠ ᠠᠮᠢᠳᠤ ᠰᠡᠷᠢᠭᠦᠨ ᠪᠠᠶᠢᠬᠤ ᠳᠠᠭᠠᠨ ᠨᠡᠶᠢᠲᠡᠯᠡᠭᠰᠡᠨ ᠨᠢᠭᠡ ᠵᠤᠬᠢᠶᠠᠯ ᠳᠠᠭᠠᠨ᠄ ︽ᠡᠨᠡᠳᠬᠡᠭ ᠤᠨ ᠬᠡᠯᠡᠨ | ᠳᠤ ︿ᠰᠠᠩᠭᠠᠷᠮ᠎ᠠ﹀ ᠭᠡᠵᠦ᠂ ᠲᠦᠪᠡᠳ ᠬᠡᠯᠡᠨ ᠳᠤ ︿ᠭᠠᠯᠤᠨ﹀ ᠭᠡᠳᠡᠭ᠂ ᠯᠠᠮᠠ ᠨᠠᠷ ᠤᠨ ᠤᠷᠤᠨ ᠰᠠᠭᠤᠴᠠ | ᠪᠤᠯᠬᠤ ︿ᠭᠠᠷᠪᠠ﹀ ᠪᠤᠶᠤ᠃ ᠮᠠᠨ ᠤ ᠠᠯᠠᠱᠠ ᠶᠢᠨ ᠰᠦᠮ᠎ᠡ ᠬᠡᠶᠢᠳ ᠲᠤ ᠴᠤ ᠡᠨᠡ ᠦᠭᠡ ᠶᠢ ᠶᠡᠭᠡ ᠬᠡᠷᠡᠭᠯᠡᠳᠡᠭ | ᠪᠠᠶᠢᠭᠰᠠᠨ ᠪᠦᠭᠡᠳ ︿ᠰᠠᠩᠭᠠᠷᠮ᠎ᠠ ᠳ᠋ᠠ﹀ ᠭᠡᠬᠦ ᠪᠤᠶᠤ ︿ᠭᠠᠯᠤᠨ ᠳ᠋ᠠ﹀ ᠭᠡᠰᠡᠨ ᠲᠠᠷᠤᠭ᠎ᠠ ᠲᠤᠰᠢᠶᠠᠯ ᠲᠠᠢ ᠬᠦᠮᠦᠨ | ᠴᠤ ᠪᠠᠶᠢᠵᠦ ᠦᠩᠭᠡᠷᠡᠵᠡᠢ᠂ ᠲᠡᠷᠡᠴᠢᠯᠡᠨ ᠲᠦᠪᠡᠳ ᠭᠠᠵᠠᠷ ᠲᠤ ᠪᠤᠯ ᠡᠨᠡ ᠨᠢ ᠬᠠᠷᠢᠨ ᠴᠤ ᠬᠦᠭᠵᠢᠭᠡᠳ ᠨᠢᠭᠡᠨ | ᠦᠶ᠎ᠡ ᠵᠠᠰᠠᠭ ᠯᠠᠮᠠ ᠳᠤ ᠬᠠᠷᠢᠶᠠᠯᠠᠭᠳᠠᠬᠤ ᠨᠢᠭᠡ ᠱᠠᠳᠤᠨ ᠤ ᠵᠠᠰᠠᠭ ᠵᠠᠬᠢᠷᠭ᠎ᠠ ᠪᠤᠯᠵᠦ ᠴᠤ ᠦᠩᠭᠡᠷᠡᠭᠰᠡᠨ ᠶᠤᠮ︾ | ᠭᠡᠵᠦ ᠪᠢᠴᠢᠭᠰᠡᠨ ᠪᠢᠯᠡ᠃ ᠯᠢᠦ ᠮᠢᠨ ᠵᠦᠩ ᠤᠨ ᠡᠨᠡ ᠭᠡᠷᠡᠯᠲᠦ ᠬᠦᠰᠢᠶᠡᠨ ᠤ ᠪᠢᠴᠢᠭ ᠲᠤ ᠡᠨᠡ ᠪᠤᠷᠬᠠᠨ | ᠰᠤᠪᠤᠷᠭ᠎ᠠ ᠲᠤᠲᠤᠷᠬᠠᠢ ᠲᠡᠮᠳᠡᠭᠯᠡᠭᠳᠡᠭᠰᠡᠨ ᠪᠠᠶᠢᠪᠠ᠃ ᠡᠭᠦᠨ ᠳᠤ᠂ ᠡᠨᠡ ᠪᠤᠷᠬᠠᠨ ᠰᠤᠪᠤᠷᠭ᠎ᠠ ᠶᠢᠨ ᠲᠤᠬᠠᠢ | ᠲᠤᠤᠷᠠᠬᠢ ᠬᠡᠳᠤᠨ ᠵᠦᠢᠯ ᠤᠨ ᠪᠠᠳᠤᠳᠠᠢ ᠬᠡᠷᠡᠴᠢ ᠶᠢ ᠤᠯᠵᠦ ᠪᠤᠯᠤᠨ᠎ᠠ᠃ a ; ᠡᠨᠡ ᠰᠤᠪᠤᠷᠭ᠎ᠠ ᠶᠢᠨ ᠤᠤᠯ ᠨᠡᠷ᠎ᠡ | ᠨᠢ ︽ᠪᠤᠷᠬᠠᠨ ᠰᠤᠪᠤᠷᠭ᠎ᠠ︾ ᠪᠤᠯᠤᠨ᠎ᠠ᠂ ᠬᠠᠷᠢᠨ ᠬᠤᠵᠢᠮ ᠤᠨ ᠬᠦᠮᠦᠰ ᠤᠨ ᠲᠠᠭᠠᠮᠠᠭᠯᠠᠭᠰᠠᠨ ᠰᠢᠭ᠋ ︽ᠪᠠᠷᠠᠭᠤᠨ | ᠠᠭᠤᠯᠠᠨ ᠤ ᠡᠷᠳᠡᠨᠢ ᠶᠢᠨ ᠰᠤᠪᠤᠷᠭ᠎ᠠ ︵西山宝塔︶︾ ᠪᠤᠶᠤ ︽ᠪᠠᠷᠠᠭᠤᠨ ᠠᠭᠤᠯᠠᠨ ᠤ ᠰᠤᠳᠤᠷ ᠤᠨ | ᠰᠤᠪᠤᠷᠭ᠎ᠠ ︵西山 经塔︶︾ ᠪᠢᠰᠢ︕ b ; ᠡᠨᠡ ᠰᠤᠪᠤᠷᠭ᠎ᠠ ᠶᠤᠸᠠᠨ ᠤᠯᠤᠰ ᠤᠨ ᠲᠦᠷᠪᠡᠳᠦᠭᠡᠷ | ᠦᠶ᠎ᠡ ᠶᠢᠨ ᠬᠠᠭᠠᠨ᠂ ᠦᠷᠰᠢᠶᠡᠯᠲᠦ ᠲᠡᠭᠡᠳᠦᠰ ᠠᠶᠤᠷᠪᠠᠷᠸᠠᠳᠠ ᠶᠢᠨ ᠬᠠᠭᠠᠨ ᠰᠠᠭᠤᠬᠤ ᠠᠴᠠ ᠡᠮᠦᠨ᠎ᠡ᠂ ᠲᠠᠷᠤᠢ | 1312 ᠤᠨ ᠠᠴᠠ ᠡᠮᠦᠨ᠎ᠡ ᠪᠦᠲᠦᠭᠡᠭᠳᠡᠵᠡᠢ᠃ ᠦᠭᠡᠷ᠎ᠡ ᠪᠠᠷ ᠬᠡᠯᠡᠪᠡᠯ ᠲᠡᠮᠦᠷ ᠬᠠᠭᠠᠨ ᠪᠤᠶᠤ ᠬᠠᠶᠢᠰᠠᠩ ᠬᠠᠭᠠᠨ | ᠤ ᠦᠶ᠎ᠡ ᠳᠤ ᠪᠦᠲᠦᠭᠡᠭᠳᠡᠵᠡᠢ᠃ ᠬᠠᠷᠢᠨ ᠬᠤᠵᠢᠮ ᠤᠨ ᠬᠦᠮᠦᠰ ᠤᠨ ᠲᠠᠭᠠᠮᠠᠭᠯᠠᠭᠰᠠᠨ ᠰᠢᠭ᠋ ᠲᠤᠭᠤᠭᠠᠨᠲᠡᠮᠦᠷ | ᠬᠠᠭᠠᠨ ᠤ ᠦᠶ᠎ᠡ ᠳᠤ ᠪᠦᠲᠦᠭᠡᠭᠳᠡᠭᠰᠡᠨ ᠪᠢᠰᠢ︕ c ; ᠡᠨᠡ ᠰᠤᠪᠤᠷᠭ᠎ᠠ ᠨᠢ ᠶᠡᠭᠡ ᠶᠤᠸᠠᠨ ᠤᠯᠤᠰ ᠤᠨ ᠦᠶ᠎ᠡ | ᠳᠠᠬᠢ ᠯᠠᠤᠬ᠎ᠠ ᠶᠢᠨ ᠭᠤᠤᠯ ︵老哈河︶ ᠪᠠ ᠰᠢᠷ᠎ᠠ ᠮᠦᠷᠡᠨ ︵西拉木伦︶ ᠤ ᠤᠷᠤᠰᠬᠠᠯ | ᠲᠠᠭᠠᠤ ᠤᠷᠤᠨ ᠳᠤ ᠪᠠᠶᠢᠭᠤᠯᠤᠭᠳᠠᠭᠰᠠᠨ ᠬᠠᠮᠤᠭ ᠠᠩᠬᠠᠨ ᠤ ᠲᠦᠷᠦ ᠵᠠᠰᠠᠭ ᠠᠴᠠ ᠪᠦᠲᠦᠭᠡᠭᠰᠡᠨ ᠪᠤᠷᠬᠠᠨ | ᠰᠤᠪᠤᠷᠭ᠎ᠠ ᠪᠤᠯᠬᠤ ᠶᠤᠮ᠃ | ︵32︶ ᠪᠢᠷᠮᠠᠨ ᠬᠤᠸᠠᠷᠠᠭ 梵僧 —— ᠪᠤᠷᠬᠠᠨ ᠱᠠᠰᠢᠨ ᠤ ᠨᠡᠷ᠎ᠡ ᠲᠤᠮᠢᠶ᠎ᠠ᠃ ᠡᠷᠲᠡᠨ | ᠤ ᠦᠶ᠎ᠡ ᠳᠤ ᠡᠨᠡᠳᠬᠡᠭ ᠲᠦᠪᠡᠳ ᠠᠴᠠ ᠢᠷᠡᠭᠰᠡᠨ ᠪᠢᠷᠮᠠᠨ ᠰᠠᠯᠠᠪᠤᠷᠢ ᠶᠢᠨ ᠬᠤᠸᠠᠷᠠᠭᠴᠤᠳ ᠢ ᠡᠶᠢᠨᠬᠦ ᠨᠡᠷᠡᠯᠡᠳᠡᠭ᠃ | ᠲᠠᠩ ᠤᠯᠤᠰ ᠤᠨ ᠭᠤᠷᠪᠠᠳᠤᠭᠠᠷ ᠦᠶ᠎ᠡ ᠶᠢᠨ ᠬᠠᠭᠠᠨ ᠯᠢ ᠵᠾᠢ ︵李治︶ ᠬᠡᠮᠡᠭᠴᠢ ᠶᠢᠨ ᠭᠡᠭᠡᠨ ᠦᠯᠡᠮᠵᠢ ︵总 | 章︶ ᠬᠡᠮᠡᠬᠦᠢ ᠶᠢᠨ ᠠᠩᠬᠠᠳᠤᠭᠠᠷ ᠤᠨ ︵668 ᠤᠨ︶ ᠳᠤ᠂ ᠳ᠋ᠤᠤ ᠱᠢ ︵道世︶ ᠭᠡᠳᠡᠭ ᠬᠤᠸᠠᠷᠠᠭ | ᠤᠨ ᠵᠤᠬᠢᠶᠠᠭᠰᠠᠨ ᠵᠠᠭᠤᠨ ᠪᠦᠯᠦᠭᠲᠦ ︽ᠪᠤᠷᠬᠠᠨ ᠨᠤᠮ ᠤᠨ ᠰᠦᠮ᠎ᠡ ᠬᠡᠶᠢᠳ ︵法苑珠林︶︾ ᠭᠡᠬᠦ | ᠨᠤᠮ ᠳᠤ ᠡᠨᠡᠬᠦ ︽ᠪᠢᠷᠮᠠᠨ︾ ᠭᠡᠳᠡᠭ ᠦᠭᠡ ᠶᠢ ︽梵僧 ︵ᠪᠢᠷᠮᠠᠨ ᠬᠤᠸᠠᠷᠠᠭ︶︾ ᠭᠡᠵᠦ ᠪᠢᠴᠢᠭᠡᠳ᠂ | ᠲᠡᠭᠦᠨ ᠤ ᠲᠠᠶᠢᠯᠪᠤᠷᠢ ᠳᠠᠭᠠᠨ᠄ ︽波罗贺摩 ︵ᠪᠢᠷᠾᠮᠠᠨ︶︾ ᠭᠡᠵᠦ ᠭᠠᠯᠢᠭᠯᠠᠨ ᠪᠢᠴᠢᠭᠰᠡᠨ ᠪᠦᠭᠡᠳ | ᠮᠦᠨ ᠵᠠᠯᠭᠠᠭᠠᠳ ︽ᠬᠠᠷᠢ ᠤᠷᠤᠨ ᠠᠴᠠ ᠬᠢᠲᠠᠳ ᠲᠤᠷ ᠢᠷᠡᠭᠰᠡᠨ ᠬᠤᠸᠠᠷᠠᠭᠴᠤᠳ ᠢ ᠬᠡᠯᠡᠮᠤᠢ︾ ᠭᠡᠵᠠᠢ᠃ ︽ | ᠬᠤᠷᠢᠨ ᠨᠠᠢᠮᠠᠲᠤ ᠲᠠᠶᠢᠯᠪᠤᠷᠢ ᠲᠤᠯᠢ︾ ᠳᠤ᠄ ︽ᠪᠢᠷᠮᠠᠨ︾ ᠭᠡᠳᠡᠭ ᠦᠭᠡ ᠶᠢ ︽ᠨᠢᠭᠡᠨ ᠵᠦᠢᠯ ᠤᠪᠤᠭ ᠢᠵᠠᠭᠤᠷ | ᠤᠨ ᠨᠡᠷ᠎ᠡ ᠪᠤᠶᠤ᠂ ᠡᠷᠲᠡᠨ ᠤ ᠡᠨᠡᠳᠬᠡᠭ ᠤᠨ ᠭᠠᠵᠠᠷ ᠲᠤᠷ ᠲᠦᠷᠪᠡᠨ ᠢᠵᠠᠭᠤᠷ ᠪᠤᠢ᠂ ᠲᠡᠭᠦᠨ ᠤ ᠨᠢᠭᠡᠨ ᠢᠨᠦ | ᠪᠢᠷᠮᠠᠨ ︵ᠪᠢᠷᠠᠮᠠᠨ︶ ᠪᠤᠶᠤ︾ ᠭᠡᠵᠡᠢ᠃ ᠡᠶᠢᠮᠦ ᠠᠴᠠ ᠪᠢᠷᠮᠠᠨ ᠭᠡᠳᠡᠭ ᠨᠢ ᠡᠨᠡᠳᠬᠡᠭ ᠲᠦᠪᠡᠳ ᠠᠴᠠ ᠢᠷᠡᠭᠰᠡᠨ | ᠪᠢᠷᠮᠠᠨ ᠰᠠᠯᠠᠪᠤᠷᠢ ᠶᠢᠨ ᠱᠠᠰᠢᠨᠲᠠᠳ ᠢ ᠵᠢᠭᠠᠭᠰᠠᠨ ᠠᠵᠢ᠃ ︽ᠪᠢᠷᠮᠠᠨ︾ ᠢ ᠪᠠᠰᠠ ︽ᠪᠢᠷᠾᠮᠠᠨ︾ ᠭᠡᠵᠦ ᠪᠢᠴᠢᠬᠦ | ᠴᠤ ᠪᠤᠢ᠃ ︽ᠪᠢᠷᠮᠠᠨ︾ ᠭᠡᠳᠡᠭ ᠨᠢ᠄ ᠲᠤᠩᠭᠠᠯᠠᠭ ᠴᠡᠪᠡᠷ᠂ ᠨᠠᠮ ᠰᠡᠯᠡᠭᠦᠨ᠂ ᠬᠦᠰᠡᠯ ᠠᠴᠠ ᠵᠠᠶᠢᠯᠠᠭᠰᠠᠨ ᠭᠡᠬᠦ | ᠤᠳᠬ᠎ᠠ ᠲᠠᠢ ᠦᠭᠡ ᠶᠤᠮ᠃ ᠪᠤᠷᠬᠠᠨ ᠱᠠᠰᠢᠨ ᠤ ᠶᠤᠰᠤᠨ ᠳᠤ ᠬᠤᠸᠠᠷᠠᠭᠴᠤᠳ ᠢ ᠪᠢᠷᠮᠠᠨ ᠬᠤᠸᠠᠷᠠᠭ ︵梵僧 | ︶᠂ ᠪᠤᠷᠰᠠᠩ ᠬᠤᠸᠠᠷᠠᠭ ︵凡僧︶᠂ ᠬᠤᠲᠤᠭᠲᠦ ᠬᠤᠸᠠᠷᠠᠭ ︵圣 僧︶ ᠭᠡᠵᠦ ᠭᠤᠷᠪᠠᠨ ᠲᠡᠰ ᠲᠤ | ᠠᠩᠬᠢᠯᠠᠳᠠᠭ᠃ | ︽ᠪᠢᠷᠮᠠᠨ ᠬᠤᠸᠠᠷᠠᠭ梵僧︾ —— ᠡᠭᠦᠨ ᠤ ᠤᠴᠢᠷ ᠢ ᠲᠡᠭᠡᠷ᠎ᠡ ᠨᠢᠭᠡᠨᠲᠡ ᠶᠠᠷᠢᠪᠠ᠃ | | ︽ᠪᠤᠷᠰᠠᠩ ᠬᠤᠸᠠᠷᠠᠭ凡僧︾ —— ᠬᠡᠳᠦᠶᠢᠪᠡᠷ ᠪᠤᠷᠬᠠᠨ ᠤ ᠶᠤᠰᠤᠨ ᠳᠤ ᠤᠷᠤᠭᠰᠠᠨ | ᠪᠤᠯᠪᠠᠴᠤ ᠪᠢᠰᠢᠯᠭᠠᠯ ᠢᠶᠠᠷ ᠭᠡᠭᠡᠷᠡᠭᠡᠳᠦᠢ ᠬᠤᠸᠠᠷᠠᠭ ᠢ ᠬᠡᠯᠡᠨ᠎ᠡ᠃ | ︽ᠬᠤᠲᠤᠭᠲᠦ ᠬᠤᠸᠠᠷᠠᠭ圣僧︾ —— ᠪᠤᠷᠬᠠᠨ ᠤ ᠶᠤᠰᠤᠨ ᠳᠤ ᠨᠢᠭᠡᠨᠲᠡ ᠤᠷᠤᠭᠰᠠᠨ | ᠪᠦᠭᠡᠳ ᠪᠢᠰᠢᠯᠭᠠᠯ ᠢᠶᠠᠷ ᠬᠡᠳᠦᠶᠢᠨ ᠭᠡᠭᠡᠷᠡᠭᠰᠡᠨ ᠬᠤᠸᠠᠷᠠᠭ ᠢ ᠬᠡᠯᠡᠳᠡᠭ ᠶᠤᠮ᠃ | ︵33︶ ᠤᠩᠰᠢᠯᠭ᠎ᠠ᠂ ᠱᠠᠭᠵᠠᠯᠠᠯ ᠠᠳᠢᠰᠯᠠᠭᠠ 诵持 —— ᠨᠤᠮ ᠪᠢᠴᠢᠭ ᠢ ᠲᠠᠭᠤ ᠲᠠᠢ | ᠤᠩᠰᠢᠬᠤ ᠶᠢ ᠤᠩᠰᠢᠯᠭ᠎ᠠ ᠭᠡᠳᠡᠭ᠃ ᠰᠦᠮ᠎ᠡ ᠬᠡᠶᠢᠳ ᠲᠠᠬᠢ ᠨᠤᠮ ᠤᠩᠰᠢᠯᠭ᠎ᠠ ᠨᠢ ᠡᠩ ᠤᠨ ᠤᠩᠰᠢᠯᠭ᠎ᠠ ᠠᠴᠠ | ᠢᠯᠭᠠᠭ᠎ᠠ ᠲᠠᠢ᠃ ᠲᠡᠷᠡ ᠨᠢ ᠰᠦᠮ᠎ᠡ ᠶᠢᠨ ᠲᠤᠭᠠᠩ ᠤᠨ ᠲᠡᠩᠭᠡᠯᠢᠭ ᠱᠤᠭᠤᠮ ᠢᠶᠠᠷ ᠲᠦᠪ ᠪᠤᠯᠭᠠᠵᠦ᠂ ᠯᠠᠮᠠ ᠨᠠᠷ | ᠲᠤᠭᠲᠠᠭᠰᠠᠨ ᠴᠠᠭ ᠲᠠᠭᠠᠨ ᠲᠤᠭᠲᠠᠭᠰᠠᠨ ᠲᠠᠷᠠᠭᠠᠯᠠᠯ ᠢᠶᠠᠷ ᠬᠤᠶᠠᠷ ᠪᠤᠶᠤ ᠲᠦᠷᠪᠡᠨ ᠮᠦᠷ ᠢᠶᠠᠷ ᠡᠰᠡᠷᠭᠦᠯᠡᠨ | ᠰᠠᠭᠤᠵᠦ᠂ ᠤᠩᠰᠢᠬᠤ ᠨᠤᠮ ᠤᠨ ᠢᠶᠠᠨ ᠠᠭᠤᠯᠭ᠎ᠠ ᠳᠤ ᠲᠤᠯᠢᠳᠤᠨ ᠰᠤᠭᠴᠢᠨ ᠤᠮᠰᠠᠳ ︵ᠶᠡᠷᠤᠩᠬᠢ ᠨᠤᠮ ᠤᠨ | ᠪᠠᠭᠰᠢ︶ ᠤᠨ ᠲᠠᠭᠠᠭᠤᠯᠭ᠎ᠠ ᠪᠠᠷ᠂ ᠬᠡᠩᠭᠡᠷᠭᠡ ᠴᠠᠩ ᠤᠨ ᠲᠡᠯᠡᠳᠦᠯᠭᠡ ᠴᠤᠬᠢᠯᠭ᠎ᠠ᠂ ᠪᠦᠷᠢᠶ᠎ᠡ ᠳ᠋ᠤᠩ ︵ᠲᠠᠯᠠᠢ ᠶᠢᠨ | ᠨᠢᠯᠴᠠᠭᠠᠢ ᠪᠡᠶᠡᠲᠡᠨ ᠤ ᠵᠦᠪ ᠪᠤᠶᠤ ᠪᠤᠷᠤᠭᠤ ᠪᠠᠷ ᠡᠷᠭᠢᠭᠰᠡᠨ ᠤᠷᠲᠤᠯᠵᠢᠨ ᠪᠦᠭᠡᠷᠡᠩᠬᠢ ᠬᠡᠯᠪᠡᠷᠢᠲᠡᠢ ᠨᠢᠭᠡ | ᠦᠵᠦᠭᠦᠷ ᠨᠢ ᠱᠤᠪᠤᠭᠤᠷ᠂ ᠨᠦᠭᠦᠭᠡ ᠦᠵᠦᠭᠦᠷ ᠨᠢ ᠰᠠᠷᠪᠠᠭᠠᠷ ᠡᠷᠭᠢᠯᠭᠦᠭᠡᠨ ᠬᠡᠯᠪᠡᠷᠢᠲᠡᠢ ᠦᠯᠢᠶᠡᠪᠡᠯ ᠲᠠᠭᠤᠨ | ᠭᠠᠷᠳᠠᠭ ᠶᠠᠰᠤᠲᠦ ᠬᠤᠶᠠᠭ᠂ ᠡᠭᠦᠨ ᠢ ᠰᠦᠮ᠎ᠡ ᠬᠡᠶᠢᠳ ᠤᠨ ᠭᠠᠵᠠᠷ ᠦᠯᠢᠶᠡᠪᠤᠷᠢ ᠬᠦᠭᠵᠢᠮ ᠪᠤᠯᠭᠠᠵᠦ ᠬᠡᠷᠡᠭᠯᠡᠳᠡᠭ︶ | ᠤᠨ ᠠᠶᠠᠰ ᠠᠶᠢᠵᠠᠮ ᠳᠤ ᠵᠤᠬᠢᠴᠠᠭᠤᠯᠤᠨ ᠦᠨᠳᠦᠷ ᠲᠠᠭᠤᠨ ᠢᠶᠠᠷ ᠬᠠᠮ ᠬᠤᠭᠤᠯᠠᠢ ᠪᠠᠷ ᠲᠠᠭᠤᠨ ᠨᠡᠶᠢᠯᠡᠭᠦᠯᠦᠨ | ᠨᠤᠮ ᠤᠨ ᠠᠶᠠᠰ ᠢᠶᠠᠷ ᠨᠢᠭᠡᠲᠦᠯᠲᠡᠢ ᠤᠩᠰᠢᠳᠠᠭ᠃ ᠭᠡᠬᠦ ᠳᠡᠭᠡᠨ ᠲᠤᠬᠠᠢ ᠶᠢᠨ ᠲᠠᠯᠠᠪᠤᠷᠢ ᠲᠠᠬᠢ ᠬᠤᠪᠢᠯᠭᠠᠨ᠂ | ᠱᠠᠪᠷᠤᠩ᠂ ᠭᠡᠭᠡᠨ᠂ ᠬᠤᠲᠤᠭᠲᠦ᠂ ᠪᠤᠭᠲᠠ ᠪᠤᠶᠤ ᠰᠢᠷᠡᠭᠡᠨ ᠯᠠᠮᠠ ᠶᠢᠨ ᠲᠤᠲᠤᠷᠠᠬᠢ ᠬᠠᠮᠤᠭ ᠦᠨᠳᠦᠷ ᠵᠡᠷᠭᠡᠲᠡᠨ | ᠨᠢ ᠤᠯᠪᠤᠭ ᠲᠡᠪᠢᠰᠦᠭᠰᠡᠨ ᠦᠨᠳᠦᠷ ᠬᠡᠭᠡᠨᠴᠡᠷ ᠭᠤᠤᠯ ᠰᠢᠷᠡᠭᠡᠨ ᠳᠤ ᠰᠠᠭᠠᠳᠠᠬᠤ ᠠᠴᠠ ᠪᠤᠰᠤᠳ ᠨᠢ ᠴᠦᠮ | ᠪᠤᠭᠤᠨᠢ ᠰᠠᠭᠤᠳᠠᠯ ᠳᠤ ᠲᠡᠰ ᠵᠡᠷᠭᠡ ᠪᠠᠷ ᠢᠶᠠᠨ ᠲᠠᠷᠠᠭᠠᠯᠠᠨ ᠰᠠᠭᠤᠵᠦ ᠨᠤᠮ ᠤᠩᠰᠢᠳᠠᠭ᠃ ᠡᠩ ᠤᠨ ᠯᠠᠮᠠ ᠨᠠᠷ | ᠦᠨᠳᠦᠷ ᠬᠡᠭᠡᠨᠴᠡᠷ ᠰᠠᠭᠤᠳᠠᠯ ᠳᠤ ᠰᠠᠭᠤᠵᠦ ᠦᠯᠦ ᠪᠤᠯᠬᠤ ᠰᠠᠬᠢᠶ᠎ᠠ ᠰᠠᠨᠸᠠᠷ ᠲᠠᠢ ᠪᠢᠯᠠ᠃ ︵ | ᠦᠷᠬᠦᠯᠵᠢᠯᠡᠯ ᠪᠤᠢ︶ | | | |