ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠭᠤᠷᠪᠠ︶
ᠨᠡᠶᠢᠲᠡᠯᠡᠭᠰᠡᠨ ᠴᠠᠭ᠄
2019/11/29
      ᠡᠳᠦᠭᠡ ᠲᠤᠰ ᠪᠢᠴᠢᠭ ᠢ ᠪᠦᠬᠦᠨ ᠢᠶᠠᠷ ᠨᠢ ᠰᠡᠶᠢᠷᠡᠭᠦᠯᠦᠨ ᠠᠪᠴᠤ ᠪᠦᠬᠦ ᠤᠳᠬ᠎ᠠ ᠪᠠᠷ ᠨᠢ ᠦᠰᠦᠭ ᠲᠠᠷᠠᠭᠠᠯᠠᠨ ᠮᠤᠩᠭᠤᠯᠴᠢᠯᠠᠵᠦ ᠲᠠᠶᠢᠯᠪᠤᠷᠢ ᠵᠡᠭᠦᠯᠲᠡ ᠬᠠᠳᠠᠭᠠᠳ ᠤᠯᠠᠨ ᠤ ᠬᠦᠷᠲᠡᠭᠡᠯ ᠪᠤᠯᠭᠠᠪᠠ᠂ ᠲᠤᠩᠭᠠᠨ ᠰᠢᠭᠦᠮᠦ ᠃                 ︵a︶ ᠲᠠᠷᠴᠤᠭ中 ︵幡︶  —— ᠲᠤᠭ ᠪᠤᠶᠤ ᠲᠠᠯᠪᠠᠭ᠎ᠠ᠂ ﹇中 ᠭᠡᠳᠡᠭ ᠪᠤᠯ中幡 ᠭᠡᠬᠦ ᠦᠭᠡ ᠶᠢᠨ ᠲᠤᠪᠴᠢᠯᠠᠯ᠂ ᠲᠠᠷᠴᠤᠭ ᠢ ᠬᠡᠯᠡᠨ᠎ᠡ﹈᠃                 ︵b︶ ᠪᠦᠷᠭᠡ庵 —— ᠡᠪᠡᠰᠦᠨ ᠤᠪᠤᠬᠠᠢ᠃               ︵c︶ ᠴᠤᠭᠤᠳᠠᠰᠤ简  —— ᠡᠷᠲᠡᠨ ᠤ ᠦᠶ᠎ᠡ ᠳᠤ ᠬᠤᠯᠤᠰᠤᠨ ᠪᠢᠴᠢᠭ ᠪᠢᠴᠢᠬᠦ ᠳᠤ ᠬᠡᠷᠡᠭᠯᠡᠬᠦ ᠵᠦᠰᠦᠮᠡᠯ ᠬᠤᠯᠤᠰᠤᠨ ᠰᠢᠪᠠᠭ᠎ᠠ ᠶᠢ ᠴᠤᠭᠤᠳᠠᠰᠤ ᠭᠡᠳᠡᠭ᠂ ︵ᠬᠡᠷᠪᠡ ᠴᠤᠬᠤᠳᠠᠰᠤ ᠭᠡᠪᠡᠯ᠄ ᠡᠷᠲᠡᠨ ᠤ ᠬᠠᠭᠠᠨᠲᠦ ᠲᠦᠷᠦ ᠶᠢᠨ ᠦᠶ᠎ᠡ ᠳᠤ ᠡᠵᠡᠨ ᠬᠠᠭᠠᠨ ᠤ ᠵᠠᠷᠯᠢᠭ ᠢᠶᠠᠷ ᠲᠦᠷᠦ ᠶᠢᠨ ᠵᠤᠷᠭᠠᠨ ᠶᠠᠮᠤᠨ ᠠᠴᠠ ᠲᠦᠰᠢᠮᠡᠯ ᠠᠷᠠᠳ ᠎ ᠲᠠᠭᠠᠨ ᠤᠯᠭᠤᠭᠰᠠᠨ ᠭᠠᠳᠠᠭᠠᠳᠤ ᠲᠤᠲᠤᠭᠠᠳᠤ ᠳᠤ ᠨᠠᠰᠢ ᠴᠠᠰᠢ ᠴᠢᠯᠦᠭᠡᠲᠡᠢ ᠪᠠᠷ ᠶᠠᠪᠤᠵᠦ ᠰᠠᠭᠤᠬᠤ ᠳᠤ ᠬᠡᠷᠡᠭᠯᠡᠬᠦ ᠵᠦᠪᠰᠢᠶᠡᠷᠡᠯ ᠤᠨ ᠲᠡᠮᠳᠡᠭ ᠪᠢᠴᠢᠭ ᠪᠤᠶᠤ ᠬᠡᠷᠡᠭᠡ ︵ᠫᠠᠶᠢᠰᠠ︶᠎ ᠶᠢ ᠬᠡᠯᠡᠨ᠎ᠡ᠂ ᠤᠳᠤ ᠦᠶ᠎ᠡ ᠶᠢᠨ ᠬᠢᠲᠠᠳ ᠪᠢᠴᠢᠭ ᠎ ᠲᠤ ︽ᠴᠤᠬᠤᠳᠠᠰᠤ︾ ᠭᠡᠳᠡᠭ ᠢ ︿ ᠴᠢᠶᠠᠨ ᠵᠧᠩ签证  ﹀ ᠭᠡᠵᠦ ᠪᠢᠴᠢᠵᠦ ᠪᠤᠢ︶᠃               ︵2︶  ᠬᠠᠮᠤᠭ ᠪᠠᠶᠠᠰᠬᠤᠯᠠᠩᠲᠦ  皇庆  —— ᠮᠤᠩᠭᠤᠯ ᠤᠨ ᠶᠡᠭᠡ ᠶᠤᠸᠠᠨ ᠤᠯᠤᠰ ᠤᠨ ᠲᠦᠷᠪᠡᠳᠦᠭᠡᠷ ᠦᠶ᠎ᠡ ᠶᠢᠨ ᠬᠠᠭᠠᠨ᠂ ᠦᠷᠰᠢᠶᠡᠯᠲᠦ ᠲᠡᠭᠡᠳᠤᠰ ᠠᠶᠤᠷᠪᠠᠷᠸᠠᠳᠠ ︵仁宗爱育黎 拔力八达︶ ᠬᠡᠮᠡᠭᠴᠢ ᠶᠢᠨ ᠬᠠᠭᠠᠨ ᠰᠠᠭᠤᠭᠰᠠᠨ ᠠᠩᠬᠠᠳᠤᠭᠴᠢ ᠤᠨ ᠤ ᠴᠤᠯᠠ᠂ ᠡᠨᠡ ᠤᠨ ᠨᠢ ᠵᠢᠷᠠᠨ ᠤ ᠲᠤᠭᠠᠯᠠᠯ ᠤᠨ ᠬᠠᠷ᠎ᠠ ᠬᠤᠯᠤᠭᠠᠨ ᠵᠢᠯ᠂ ᠲᠤᠬᠠᠶᠢᠯᠠᠪᠠᠯ ᠨᠡᠶᠢᠲᠡ ᠶᠢᠨ ᠤᠨ ᠲᠤᠭᠠᠯᠠᠯ ᠤᠨ 1312 ᠤᠨ ᠪᠤᠯᠤᠨ᠎ᠠ᠃ ᠲᠤᠰ ᠤᠨ ᠤ ᠴᠤᠯᠠ ᠶᠢ ᠬᠤᠶᠠᠷ ᠵᠢᠯ ᠬᠡᠷᠡᠭᠯᠡᠵᠡᠢ᠃ ᠬᠠᠮᠤᠭ ᠪᠠᠶᠠᠰᠬᠤᠯᠠᠩᠲᠦ ᠶᠢᠨ ᠬᠤᠶᠠᠳᠤᠭᠠᠷ ᠤᠨ ︵1313︶᠎ ᠳᠤ ᠡᠵᠡᠨ ᠬᠠᠭᠠᠨ ᠠᠴᠠ ᠵᠠᠷᠯᠢᠭ ᠪᠠᠭᠤᠯᠭᠠᠵᠦ ᠪᠦᠬᠦ ᠤᠯᠤᠰ ᠤᠨ ᠬᠡᠪᠴᠢᠶᠠᠨ᠎ᠡ ᠰᠢᠯᠭᠠᠭᠤᠯᠢ ᠶᠢᠨ ᠲᠦᠷᠢᠮ ᠢ ᠰᠡᠷᠭᠦᠭᠡᠭᠰᠡᠨ ᠤ ᠬᠠᠮᠲᠦ ᠰᠦᠩ ᠤᠯᠤᠰ ᠤᠨ ᠵᠤ᠋ ᠰᠢ ︵朱熹︶᠎ ᠶᠢᠨ ᠡᠮᠬᠢᠳᠭᠡᠨ ᠲᠠᠶᠢᠯᠪᠤᠷᠢᠯᠠᠭᠰᠠᠨ ︽ᠲᠦᠷᠪᠡᠨ ᠪᠢᠴᠢᠭ四书︾ ᠬᠢᠭᠡᠳ ᠰᠦᠩ ᠤᠯᠤᠰ ᠤᠨ ᠪᠢᠴᠢᠭ ᠤᠨ ᠰᠤᠷᠭᠠᠯᠲᠠᠳ ᠤᠨ ᠲᠠᠶᠢᠯᠪᠦᠷᠢᠯᠠᠭᠰᠠᠨ ︽ᠲᠠᠪᠤᠨ ᠨᠤᠮ五经︾᠎ ᠢ ᠰᠢᠯᠭᠠᠭᠤᠯᠢ ᠪᠠᠷ ᠲᠡᠪᠰᠢᠭᠦᠯᠬᠦ ᠰᠢᠯᠭᠠᠯᠲᠠ ᠶᠢᠨ ᠨᠤᠮ ᠭᠡᠵᠦ ᠠᠯᠪᠠᠨ ᠶᠤᠰᠤ ᠪᠠᠷ ᠲᠤᠭᠲᠠᠭᠠᠭᠰᠠᠨ ᠶᠤᠮ᠃ ᠠᠶᠤᠷᠪᠠᠷᠸᠠᠳᠠ ᠬᠡᠮᠡᠭᠴᠢ ᠬᠠᠭᠠᠨ ᠰᠠᠭᠤᠭᠰᠠᠨ ᠶᠢᠰᠤᠨ ᠵᠢᠯ ᠤᠨ ᠬᠤᠭᠤᠴᠠᠭᠠᠨ ᠳᠠᠭᠠᠨ ᠬᠤᠶᠠᠷ ᠤᠨ ᠤ ᠴᠤᠯᠠ ᠶᠢ ᠬᠡᠷᠡᠭᠯᠡᠵᠦ᠂ ᠬᠦᠬᠡ ᠪᠠᠷᠰ ᠵᠢᠯ᠂ ᠲᠠᠷᠤᠢ 1314 ᠤᠨ ᠠᠴᠠ ᠡᠬᠢᠯᠡᠨ᠂ ᠴᠠᠭᠠᠨ ᠪᠡᠴᠢᠨ ᠵᠢᠯ᠂ ᠲᠠᠷᠤᠢ 1320 ᠤᠨ ᠬᠦᠷᠲᠡᠯᠡᠬᠢ ᠲᠤᠯᠤᠭᠠᠨ ᠵᠢᠯ ᠤᠨ ᠬᠤᠭᠤᠴᠠᠭᠠᠨ ᠳᠤ ᠠᠷᠪᠢᠳᠬᠠᠨ ᠢᠪᠡᠭᠡᠭᠴᠢ ︵ᠶᠠᠨ ᠶᠢᠦ延祐︶ ᠭᠡᠬᠦ ᠤᠨ ᠤ ᠴᠤᠯᠠ ᠶᠢ ᠬᠡᠷᠡᠭᠯᠡᠭᠰᠡᠨ ᠶᠤᠮ᠃               ︵3︶  ᠤᠨ ᠤ ᠴᠤᠯᠠ 年号  —— ᠡᠷᠲᠡᠨ ᠤ ᠹᠸᠤᠳᠠᠯ ᠬᠠᠭᠠᠨᠲᠦ ᠲᠦᠷᠦ ᠶᠢᠨ ᠡᠵᠡᠳ ᠬᠠᠭᠠᠳ ᠠᠴᠠ ᠰᠠᠭᠤᠷᠢᠨ ᠳᠤ ᠪᠠᠶᠢᠭ᠎ᠠ ᠤᠨ ᠵᠢᠯ ᠢᠶᠠᠨ ᠲᠡᠮᠳᠡᠭᠯᠡᠬᠦ ᠶᠢᠨ ᠲᠦᠯᠦᠭᠡ ᠵᠤᠬᠢᠶᠠᠭᠰᠠᠨ ᠨᠡᠷ᠎ᠡ ᠴᠤᠯᠠ ᠶᠢ ᠤᠨ ᠤ ᠴᠤᠯᠠ ᠭᠡᠳᠡᠭ ᠶᠤᠮ᠃ ᠤᠨ ᠤ ᠴᠤᠯᠠ ᠭᠡᠳᠡᠭ ᠢ ᠪᠠᠷᠠᠭᠤᠨ ᠬᠠᠨ ᠤᠯᠤᠰ ᠤᠨ ᠵᠢᠭᠤᠳᠤᠭᠠᠷ ᠦᠶ᠎ᠡ ᠶᠢᠨ ᠪᠠᠭᠠᠲᠤᠷ ᠬᠠᠭᠠᠨ ︵ᠡᠤ ᠳ᠋ᠢ︶ ᠯᠢᠦ ᠴᠧ ︵刘彻︶ ᠭᠡᠳᠡᠭ ᠬᠦᠮᠦᠨ ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 140 ᠤᠨ ᠳᠤ ᠬᠠᠭᠠᠨ ᠰᠠᠭᠤᠷᠢᠨ ᠳᠤ ᠰᠠᠭᠤᠬᠤ ᠳᠠᠭᠠᠨ ᠬᠠᠮᠤᠭ ᠠᠩᠬ᠎ᠠ ᠤᠨ ᠤ ᠴᠤᠯᠠ ᠭᠡᠳᠡᠭ ᠢ ᠲᠤᠭᠲᠠᠭᠠᠵᠦ᠂ ᠦᠪᠡᠷ ᠤᠨ ᠤᠨ ᠤ ᠴᠤᠯᠠ ᠪᠠᠨ ︽ᠴᠤᠭᠵᠢᠯ ᠢᠵᠠᠭᠤᠷ  ᠂ ︵ᠵᠢᠶᠠᠨ ᠶᠤᠸᠠᠨ建元︶︾ ᠭᠡᠵᠦ ᠨᠡᠷᠡᠶᠢᠳᠴᠤ᠂ ᠡᠭᠦᠨ ᠢᠶᠠᠨ ᠠᠩᠬᠠᠨ ᠤ ᠤᠨ ᠭᠡᠵᠦ ᠲᠤᠭᠲᠠᠭᠠᠭᠰᠠᠨ ᠠᠴᠠ ᠬᠢᠲᠠᠳ ᠲᠦᠷᠦ ᠶᠢᠨ ᠲᠡᠤᠬᠡᠨ ᠎ ᠳᠤ ᠬᠠᠮᠤᠭ ᠠᠩᠬ᠎ᠠ ᠤᠨ ᠤ ᠴᠤᠯᠠ ᠲᠠᠢ ᠪᠤᠯᠤᠭᠰᠠᠨ ᠪᠠᠶᠢᠵᠠᠢ᠂ ᠤᠨ ᠤ ᠴᠤᠯᠠ ᠭᠡᠳᠡᠭ ᠤᠨ ᠦᠢᠯᠡᠳᠦᠯ ᠨᠢ ᠤᠳᠤ ᠶᠢᠨ ᠨᠡᠶᠢᠲᠡ ᠶᠢᠨ ᠤᠨ ᠲᠤᠭᠠᠯᠠᠯ ᠭᠡᠳᠡᠭ ᠲᠠᠢ ᠠᠳᠠᠯᠢ ᠶᠤᠮ᠃ ᠡᠭᠦᠨ ᠠᠴᠠ ᠡᠮᠦᠨ᠎ᠡ ᠪᠤᠯ ᠡᠵᠡᠳ ᠬᠠᠭᠠᠳ ᠲᠤ ᠤᠨ ᠤ ᠴᠤᠯᠠ ᠭᠡᠰᠡᠨ ᠶᠠᠭᠤᠮ᠎ᠠ ᠪᠠᠶᠢᠭᠰᠠᠨ ᠦᠭᠡᠢ᠂ ᠤᠨ ᠵᠢᠯ ᠢ ᠲᠡᠮᠳᠡᠭᠯᠡᠬᠦ ᠳᠡᠭᠡᠨ ᠡᠰᠢ ︵ᠬᠦᠬᠡ ᠬᠦᠬᠡᠭᠴᠢᠨ ᠠᠴᠠ ᠡᠬᠢᠯᠡᠵᠦ ᠬᠠᠷ᠎ᠠ ᠬᠠᠷᠠᠭᠴᠢᠨ ᠬᠦᠷᠲᠡᠯᠡᠬᠢ ᠠᠷᠪᠠᠨ ᠦᠩᠭᠡ︶᠂ ᠡᠷᠬᠡᠲᠡᠨ ︵ᠬᠤᠯᠤᠭᠠᠨ ᠠᠴᠠ ᠡᠬᠢᠯᠡᠵᠦ ᠭᠠᠭ᠋ᠠᠢ ᠬᠦᠷᠲᠡᠯᠡᠬᠢ ᠠᠷᠪᠠᠨ ᠬᠤᠶᠠᠷ ᠵᠢᠯ︶᠎ ᠤ ᠡᠷᠭᠢᠯᠲᠡ ᠪᠠᠷ ᠤᠷᠴᠢᠳᠠᠭ ᠵᠢᠷᠠᠨ ︵ᠨᠢᠭᠡ ᠵᠢᠷᠠᠨ ᠭᠡᠳᠡᠭ ᠪᠤᠯ ᠪᠦᠬᠦᠯᠢ ᠵᠢᠷᠠᠨ ᠵᠢᠯ ᠪᠠᠶᠢᠳᠠᠭ︶᠎ ᠤ ᠲᠤᠭᠠᠯᠠᠯ ᠪᠤᠶᠤ ᠡᠵᠡᠳ ᠬᠠᠭᠠᠳ ᠤᠨ ᠰᠠᠭᠤᠷᠢᠨ ᠳᠤ ᠰᠠᠭᠠᠲᠠᠭᠰᠠᠨ ᠤᠨ ᠵᠢᠯ ᠤᠨ ᠲᠠᠷᠠᠭᠠᠯᠠᠯ ᠢᠶᠠᠷ ᠨᠢ ᠤᠨ ᠵᠢᠯ ᠢ ᠲᠡᠮᠳᠡᠭᠯᠡᠵᠦ ᠪᠠᠶᠢᠵᠠᠢ᠃               ᠤᠨ ᠤ ᠴᠤᠯᠠ ᠶᠢ ᠲᠤᠭᠲᠠᠭᠠᠬᠤ ᠳᠠᠭᠠᠨ ᠡᠩ ᠤᠨ ᠪᠠᠶᠢᠳᠠᠯ ᠳᠤ ᠬᠤᠶᠠᠷ ᠦᠰᠦᠭ ᠬᠡᠷᠡᠭᠯᠡᠳᠡᠭ ᠪᠤᠯᠪᠠᠴᠤ ᠵᠠᠷᠢᠮ ᠨᠢ ᠪᠠᠰᠠ ᠲᠦᠷᠪᠡᠨ ᠦᠰᠦᠭ ᠬᠡᠷᠡᠭᠯᠡᠬᠦ ᠴᠤ ᠪᠤᠢ᠃ ᠪᠠᠷᠠᠭᠤᠨ ᠬᠠᠨ ᠤᠯᠤᠰ ᠤᠨ ᠪᠠᠭᠠᠲᠤᠷ ᠬᠠᠭᠠᠨ ᠯᠢᠦ ᠴᠧ ᠠᠴᠠ ᠤᠨ ᠤ ᠴᠤᠯᠠ ᠪᠠᠨ ︽ᠴᠤᠭᠵᠢᠯ ᠢᠵᠠᠭᠤᠷ︾ ᠭᠡᠬᠦ ᠬᠤᠶᠠᠷ ᠦᠰᠦᠭ ᠢᠶᠠᠷ ᠲᠤᠭᠲᠠᠭᠠᠭᠰᠠᠨ ᠪᠠᠶᠢᠬᠤ ᠎ ᠳᠤ᠂ ᠤᠮᠠᠷᠠᠲᠦ ᠢᠷᠦᠭᠡᠯᠲᠦ ᠤᠯᠤᠰ ︽ᠪᠸᠢ ᠸᠧᠢ北魏︾᠎ ᠤᠨ ᠭᠤᠷᠪᠠᠳᠤᠭᠠᠷ ᠦᠶ᠎ᠡ ᠶᠢᠨ ᠬᠠᠭᠠᠨ ᠲᠠᠪᠭᠠᠴᠠ ᠲᠠᠤ ︵ᠲᠦᠸᠧ ᠪᠠ ᠲᠤᠤ  拓跋焘︶ ᠭᠡᠳᠡᠭ ᠬᠦᠮᠦᠨ ᠦᠪᠡᠷ ᠤᠨ ᠤᠨ ᠤ ᠴᠤᠯᠠ ᠪᠠᠨ ︽ᠲᠦᠪᠰᠢᠨ ᠠᠮᠤᠭᠤᠯᠠᠩ ᠦᠨᠡᠨ ᠡᠵᠡᠨ ︵᠎ ᠲᠠᠢ ᠫᠢᠩ ᠵᠧᠨ ᠵᠢᠶᠦ᠋ᠨ太平真君︶︾ ᠭᠡᠬᠦ ᠲᠦᠷᠪᠡᠨ ᠦᠰᠦᠭ ᠢᠶᠠᠷ ᠨᠡᠷᠡᠯᠡᠭᠰᠡᠨ ᠪᠠᠶᠢᠵᠠᠢ᠃                 ᠤᠨ ᠤ ᠴᠤᠯᠠ ᠶᠢ ᠬᠡᠷᠡᠭᠯᠡᠬᠦ ᠶᠠᠪᠤᠴᠠ ᠳᠤ᠂ ᠤᠨ ᠢ ᠤᠯᠠᠷᠢᠭᠤᠯᠬᠤ ᠭᠡᠳᠡᠭ ᠶᠤᠰᠤᠨ ᠭᠠᠷᠴᠤ ᠢᠷᠡᠭᠰᠡᠨ ᠶᠤᠮ᠃ ᠤᠨ ᠢ ᠤᠯᠠᠷᠢᠭᠤᠯᠬᠤ ᠭᠡᠳᠡᠭ ᠨᠢ ᠤᠤᠯ ᠤᠨ ᠬᠡᠷᠡᠭᠯᠡᠵᠦ ᠪᠠᠶᠢᠭᠰᠠᠨ ᠤᠨ ᠤ ᠴᠤᠯᠠ ᠶᠢᠨ ᠨᠡᠷ᠎ᠡ ᠪᠠᠨ ᠦᠭᠡᠷᠴᠢᠯᠡᠵᠦ ᠦᠭᠡᠷ᠎ᠡ ᠨᠢᠭᠡ ᠰᠢᠨ᠎ᠡ ᠤᠨ ᠤ ᠴᠤᠯᠠ ᠶᠢᠨ ᠨᠡᠷ᠎ᠡ ᠪᠠᠷ ᠰᠤᠯᠢᠬᠤ ᠶᠢ ᠬᠡᠯᠡᠨ᠎ᠡ᠃ ᠤᠨ ᠢ ᠤᠯᠠᠷᠢᠭᠤᠯᠬᠤ ᠳᠤ ᠭᠤᠤᠯᠳᠠᠭᠤ ᠲᠤᠤᠷᠠᠬᠢ ᠮᠡᠲᠦ ᠬᠤᠶᠠᠷ ᠵᠦᠢᠯ ᠤᠨ ᠤᠷᠢᠳᠠᠯ ᠤᠨ ᠲᠤᠤᠷ᠎ᠠ ᠤᠯᠠᠷᠢᠭᠤᠯᠳᠠᠭ᠃ ᠨᠢᠭᠡ ᠳᠤ᠄ ᠲᠦᠷᠦᠭᠦᠦ ᠬᠠᠭᠠᠨ ᠨᠢ ᠲᠡᠭᠷᠢ ᠳᠤ ᠬᠠᠯᠢᠭᠰᠠᠨ ᠠᠴᠠ ᠪᠤᠯᠵᠦ ᠲᠠᠷᠠᠭᠠᠴᠢ ᠶᠢᠨ ᠰᠢᠨ᠎ᠡ ᠬᠠᠭᠠᠨ ᠰᠠᠭᠤᠷᠢᠨ ᠳᠤ ᠰᠠᠭᠠᠳᠠᠬᠤ ᠦᠶ᠎ᠡ ᠳᠤ ᠤᠨ ᠤ ᠴᠤᠯᠠ ᠶᠢ ᠤᠯᠠᠷᠢᠭᠤᠯᠤᠨ᠎ᠠ᠃ ᠵᠢᠰᠢᠶᠡᠯᠡᠪᠡᠯ᠂ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠲᠡᠭᠷᠢ ᠳᠤ ᠬᠠᠯᠢᠭᠰᠠᠨ ᠤ ᠲᠠᠷᠠᠭ᠎ᠠ ᠲᠡᠭᠦᠨ ᠤ ᠤᠮᠪᠤᠯ ᠲᠡᠮᠦᠷ ᠭᠡᠳᠡᠭ ᠬᠦᠮᠦᠨ ᠬᠠᠭᠠᠨ ᠰᠠᠭᠤᠷᠢᠨ᠎ᠠ ᠰᠠᠭᠠᠲᠠᠮᠠᠭᠴᠠ ᠬᠤᠪᠢᠯᠠᠢ ᠰᠡᠴᠡᠨ ᠬᠠᠭᠠᠨ ᠤ ᠦᠶ᠎ᠡ ᠳᠤ ᠭᠤᠴᠢᠨ ᠨᠢᠭᠡᠨ ᠵᠢᠯ ᠬᠡᠷᠡᠭᠯᠡᠭᠰᠡᠨ ︽ᠤᠨᠤᠯᠲᠦ ᠲᠡᠷᠢᠭᠦᠨ ︵ᠵᠾᠢ ᠶᠤᠸᠠᠨ至元︶︾ ᠭᠡᠳᠡᠭ ᠤᠨ ᠤ ᠴᠤᠯᠠ ᠶᠢ ︽ᠢᠵᠠᠭᠤᠷ ᠪᠠᠲᠤ ︵ᠶᠤᠸᠠᠨ ᠵᠧᠨ元贞︶︾ ᠭᠡᠵᠦ ᠤᠯᠠᠷᠢᠭᠤᠯᠤᠭᠰᠠᠨ ᠶᠤᠮ᠃ ᠬᠤᠶᠠᠷ ᠲᠤ᠄ ᠲᠦᠷᠦ ᠤᠯᠤᠰ ᠤᠨ ᠲᠤᠳᠤᠭᠠᠳᠤ ᠳᠤ ᠲᠡᠭᠷᠢ ᠶᠢᠨ ᠭᠠᠮᠰᠢᠭ ᠬᠦᠮᠦᠨ ᠤ ᠬᠦᠨᠦᠭᠡᠯ ᠲᠡᠭᠳᠡᠵᠦ᠂ ᠶᠠᠮᠠᠷ ᠨᠢᠭᠡᠨ ᠪᠡᠯᠭᠡ ᠲᠡᠮᠪᠡᠷᠡᠯ ᠦᠭᠡᠢ ᠶᠠᠪᠤᠳᠠᠯ ᠲᠤᠬᠢᠶᠠᠯᠳᠤᠬᠤ ᠪᠤᠶᠤ ᠡᠵᠡᠨ ᠬᠠᠭᠠᠨ ᠤ ᠰᠤᠤ ᠪᠢᠯᠢᠭ ᠲᠤ ᠶᠠᠮᠠᠷ ᠨᠢᠭᠡᠨ ᠠᠵᠠ ᠮᠠᠭᠤᠲᠠᠢ ᠵᠦᠩ ᠰᠤᠪᠢᠩ ᠮᠡᠳᠡᠭᠳᠡᠬᠦ ᠦᠶ᠎ᠡ ᠳᠤ ᠤᠨ ᠢ ᠤᠯᠠᠷᠢᠭᠤᠯᠳᠠᠭ᠃ ᠵᠢᠰᠢᠶᠡᠯᠡᠪᠡᠯ᠂ ᠪᠠᠷᠠᠭᠤᠨ ᠬᠠᠨ ᠤᠯᠤᠰ ᠤᠨ ᠪᠠᠭᠠᠲᠤᠷ ᠬᠠᠭᠠᠨ ᠯᠢᠦ ᠴᠧ ᠲᠠᠪᠢᠨ ᠬᠤᠶᠠᠷ ᠵᠢᠯ ᠬᠠᠭᠠᠨ ᠰᠠᠭᠤᠬᠤ ᠳᠠᠭᠠᠨ ᠤᠨ ᠤ ᠴᠤᠯᠠ ᠪᠠᠨ ᠠᠷᠪᠠᠨ ᠨᠢᠭᠡ ᠤᠳᠠᠭ᠎ᠠ ᠤᠯᠠᠷᠢᠭᠤᠯᠵᠦ᠂ ᠲᠠᠩ ᠤᠯᠤᠰ ᠤᠨ ᠭᠤᠷᠪᠠᠳᠤᠭᠠᠷ ᠦᠶ᠎ᠡ ᠶᠢᠨ ᠬᠠᠭᠠᠨ ᠦᠨᠳᠦᠷ ᠳᠡᠭᠡᠳᠤᠰ ᠯᠢ ᠵᠾᠢ ︵唐高宗李治︶ ᠭᠤᠴᠢᠨ ᠭᠤᠷᠪᠠᠨ ᠵᠢᠯ ᠬᠠᠭᠠᠨ ᠰᠠᠭᠤᠬᠤ ᠳᠠᠭᠠᠨ ᠤᠨ ᠤ ᠴᠤᠯᠠ ᠪᠠᠨ ᠠᠷᠪᠠᠨ ᠲᠦᠷᠪᠡ ᠤᠳᠠᠭ᠎ᠠ ᠤᠯᠠᠷᠢᠭᠤᠯᠵᠦ᠂ ᠲᠠᠩ ᠤᠯᠤᠰ ᠤᠨ ᠡᠮᠡᠭᠲᠡᠢ ᠬᠠᠭᠠᠨ ᠡᠤ ᠽᠧ ᠲᠢᠶᠠᠨ ᠠᠷᠪᠠᠨ ᠲᠤᠯᠤᠭᠠᠨ ᠵᠢᠯ ᠬᠠᠭᠠᠨ ᠰᠠᠭᠤᠬᠤ ᠎ ᠳᠠᠭᠠᠨ ᠤᠨ ᠤ ᠴᠤᠯᠠ ᠪᠠᠨ ᠠᠷᠪᠠᠨ ᠲᠤᠯᠤᠭ᠎ᠠ ᠤᠳᠠᠭ᠎ᠠ ᠤᠯᠠᠷᠢᠭᠤᠯᠤᠭᠰᠠᠨ ᠠᠴᠠ ᠭᠠᠳᠠᠨ᠎ᠠ ᠲᠠᠩ ᠤᠯᠤᠰ ᠤᠨ ᠤᠯᠤᠰ ᠤᠨ ᠴᠤᠯᠠ ᠶᠢ ᠴᠤ ︽ᠵᠸᠤ ᠤᠯᠤᠰ ︵周︶︾ ᠭᠡᠵᠦ ᠦᠭᠡᠷᠴᠢᠯᠡᠭᠰᠡᠨ ᠪᠠᠶᠢᠵᠠᠢ᠃               ᠤᠨ ᠤ ᠴᠤᠯᠠ ᠨᠢ ᠬᠡᠷᠡᠭᠯᠡᠭᠳᠡᠬᠦ ᠶᠠᠪᠤᠴᠠ ᠳᠠᠭᠠᠨ᠂ ᠪᠠᠷᠠᠭᠤᠨ ᠬᠠᠨ ᠤᠯᠤᠰ ᠤᠨ ᠪᠠᠭᠠᠲᠤᠷ ᠬᠠᠭᠠᠨ ᠤ ᠦᠶ᠎ᠡ ᠠᠴᠠ ᠶᠤᠸᠠᠨ ᠤᠯᠤᠰ ᠤᠨ ᠲᠤᠭᠤᠭᠠᠨᠲᠡᠮᠦᠷ ᠬᠠᠭᠠᠨ ᠤ ᠦᠶ᠎ᠡ ᠬᠦᠷᠲᠡᠯᠡᠬᠢ ᠨᠢᠭᠡ ᠮᠢᠩᠭ᠎ᠠ ᠲᠦᠷᠪᠡᠨ ᠵᠠᠭᠤ ᠭᠠᠷᠤᠢ ᠵᠢᠯ ᠤᠨ ᠲᠤᠷᠰᠢᠲᠠ ᠨᠢᠭᠡ ᠬᠠᠭᠠᠨ ᠨᠢ ᠰᠠᠭᠤᠷᠢᠨ ᠳᠤ ᠰᠠᠭᠠᠳᠠᠭᠰᠠᠨ ᠬᠤᠭᠤᠴᠠᠭᠠᠨ ᠳᠠᠭᠠᠨ ᠬᠡᠳᠦ ᠬᠡᠳᠦᠨ ᠤᠨ ᠤ ᠴᠤᠯᠠ ᠶᠢ ᠬᠡᠷᠡᠭᠯᠡᠵᠦ ᠪᠠᠶᠢᠭᠰᠠᠨ ᠪᠦᠭᠡᠳ ᠡᠷᠲᠡᠨ ᠤ ᠬᠠᠭᠠᠨᠲᠦ ᠲᠦᠷᠦ ᠶᠢᠨ ᠶᠤᠰᠤᠨ ᠳᠤ ᠨᠢᠭᠡ ᠤᠳᠠᠭᠠᠨ ᠎ ᠤ ᠬᠡᠷᠡᠭᠯᠡᠵᠦ ᠦᠩᠭᠡᠷᠡᠭᠰᠡᠨ ᠤᠨ ᠤ ᠴᠤᠯᠠ ᠶᠢ ᠨᠢ ᠨᠢᠭᠡ ᠲᠦᠷᠦ ︵一朝︶ ᠭᠡᠳᠡᠭ ᠪᠠᠶᠢᠵᠠᠢ᠃ ᠭᠡᠪᠡᠴᠤ ᠮᠢᠩ᠂ ᠴᠢᠩ ᠬᠤᠶᠠᠷ ᠤᠯᠤᠰ ᠤᠨ ᠦᠶ᠎ᠡ ᠳᠤ ᠨᠢᠭᠡ ᠬᠠᠭᠠᠨ ᠵᠦᠪᠬᠡᠨ ᠨᠢᠭᠡ ᠯᠡ ᠤᠨ ᠤ ᠴᠤᠯᠠ ᠶᠢ ᠬᠡᠷᠡᠭᠯᠡᠬᠦ ᠪᠤᠯᠤᠭᠰᠠᠨ ᠶᠤᠮ᠃ ᠴᠢᠩ ᠤᠯᠤᠰ ᠮᠦᠬᠦᠵᠦ ᠢᠷᠭᠡᠨ ᠤᠯᠤᠰ ᠪᠠᠶᠢᠭᠤᠯᠤᠭᠳᠠᠭᠰᠠᠨ ᠠᠴᠠ ᠬᠤᠶᠢᠰᠢ ᠶᠤᠸᠠᠨ ᠱᠢ ᠺᠠᠢ ︵袁世凯︶ ᠬᠠᠭᠠᠨ ᠰᠠᠭᠤᠵᠦ᠂ ︽ᠲᠤᠮᠳᠠᠳᠤ ᠢᠷᠭᠡᠨ ᠤᠯᠤᠰ ︵中华民国︶︾ ᠭᠡᠬᠦ ᠤᠯᠤᠰ ᠤᠨ ᠴᠤᠯᠠ ᠶᠢ ︽ᠲᠤᠮᠳᠠᠳᠤ ᠢᠷᠭᠡᠨ ᠬᠠᠭᠠᠨᠲᠦ ᠤᠯᠤᠰ ︵中华帝国︶︾ ᠭᠡᠵᠦ ᠦᠭᠡᠷᠴᠢᠯᠡᠭᠡᠳ᠂ ᠢᠷᠭᠡᠨ ᠤᠯᠤᠰ ᠤᠨ ᠲᠤᠭᠠᠯᠠᠯ ︵民国纪元︶᠎ ᠤᠨ ᠲᠠᠪᠤᠳᠤᠭᠠᠷ ᠤᠨ ︵1916︶ ᠎ ᠢ ︽ᠠᠤᠭ᠎ᠠ ᠵᠠᠰᠠᠭᠲᠦ ︵ᠬᠤᠩ ᠰᠢᠶᠠᠨ洪宪︶︾᠎ ᠶᠢᠨ ᠠᠩᠬᠠᠳᠤᠭᠠᠷ ᠤᠨ ᠭᠡᠵᠦ ᠤᠯᠠᠷᠢᠭᠤᠯᠤᠭᠰᠠᠨ ᠠᠴᠠ ᠪᠤᠰᠤᠳ ᠨᠢ ᠴᠦᠮ ᠤᠨ ᠤ ᠴᠤᠯᠠ ᠶᠢ ᠲᠠᠶᠠᠭᠳᠠᠵᠦ ᠤᠨ ᠵᠢᠯ ᠢ ᠲᠡᠮᠳᠡᠭᠯᠡᠬᠦ ᠳᠡᠭᠡᠨ ᠨᠡᠶᠢᠲᠡ ᠶᠢᠨ ᠤᠨ ᠲᠤᠭᠠᠯᠠᠯ ᠎ ᠤᠨ ᠲᠦᠷᠢᠮ ᠢ ᠬᠡᠷᠡᠭᠯᠡᠬᠦ ᠪᠠᠷ ᠲᠤᠭᠲᠠᠭᠰᠠᠨ ᠶᠤᠮ᠃               ᠠᠳᠡ ᠲᠠᠭᠠᠯᠳᠤᠭᠤᠯᠵᠦ ᠶᠠᠷᠢᠬᠤ ᠨᠢᠭᠡ ᠤᠴᠢᠷ ᠭᠡᠪᠡᠯ᠄ ᠴᠢᠩ ᠤᠯᠤᠰ ᠮᠦᠬᠦᠵᠦ ᠢᠷᠭᠡᠨ ᠤᠯᠤᠰ ᠪᠤᠰᠤᠭᠰᠠᠨ ᠤᠷᠤᠭ᠎ᠠ ᠪᠤᠰᠬᠠᠭ᠎ᠠ ᠴᠠᠭ ᠦᠶ᠎ᠡ ᠳᠠᠬᠢ ᠬᠠᠷ᠎ᠠ ᠪᠡᠴᠢᠨ ᠵᠢᠯ ︵1232 ᠤᠨ︶᠎ ᠳᠤ᠂ ᠨᠠᠷᠠᠨ ᠤᠯᠤᠰ ︵ᠶᠠᠫᠤᠨ日本︶᠎ ᠤᠨ ᠤᠬᠠᠭᠤᠯᠤᠯ ᠢᠶᠠᠷ ᠴᠢᠩ ᠤᠯᠤᠰ ᠤᠨ ᠰᠠᠭᠤᠷᠢᠨ ᠠᠴᠠ ᠪᠠᠨ ᠪᠠᠭᠤᠭᠰᠠᠨ ᠬᠠᠭᠠᠨ — ᠫᠦ᠋ ᠢ ︵溥仪︶ ᠬᠡᠮᠡᠭᠴᠢ ᠬᠠᠨ ᠤᠯᠤᠮ ︵ᠲᠢᠶᠠᠨᠵᠢᠨ天津︶ ᠬᠤᠲᠠ ᠠᠴᠠ ᠭᠠᠷᠴᠤ᠂ ᠨᠠᠷᠠᠬᠠᠨ ᠬᠤᠲᠠᠨ ︵ᠴᠠᠩᠴᠦ᠋ᠨ  长春᠂ ᠪᠠᠰᠠ ᠰᠢᠨ᠎ᠡ ᠨᠡᠶᠢᠰᠯᠡᠯ新京 ᠭᠡᠳᠡᠭ  ︶᠎ ᠳᠤ ᠬᠦᠷᠴᠦ᠂ ᠮᠠᠨᠵᠦ ᠤᠯᠤᠰ ᠎ ᠢ ᠪᠠᠶᠢᠭᠤᠯᠤᠭᠠᠳ 1945 ᠤᠨ ᠬᠦᠷᠲᠡᠯ᠎ᠡ ᠠᠷᠪᠠᠨ ᠲᠦᠷᠪᠡᠨ ᠵᠢᠯ ᠬᠠᠭᠠᠨ ᠰᠠᠭᠤᠪᠠ᠃ ᠡᠭᠦᠨ ᠢ ᠲᠡᠤᠬᠡᠨ ᠲᠡᠭᠡᠷ᠎ᠡ ᠬᠠᠭᠤᠷᠮᠠᠭ ᠮᠠᠨᠵᠦ ᠤᠯᠤᠰ ᠭᠡᠳᠡᠭ ᠪᠦᠭᠡᠳ ᠫᠦ᠋ ᠢ ᠶᠢ ᠮᠠᠨᠤᠤᠯ ᠬᠠᠭᠠᠨ ᠭᠡᠵᠦ ᠨᠡᠷᠡᠯᠡᠳᠡᠭ ᠶᠤᠮ᠃ ᠫᠦ᠋ ᠢ ᠬᠠᠭᠠᠨ ᠰᠠᠭᠤᠭᠰᠠᠨ ᠬᠤᠭᠤᠴᠠᠭᠠᠨ ᠳᠠᠭᠠᠨ ︽ᠬᠤᠲᠠᠯᠠ ᠪᠦᠷᠢᠨᠲᠦ ︵ᠳ᠋ᠠ ᠲᠦᠩ大同᠂ 1932 —— 1934 ᠤᠨ ᠬᠦᠷᠲᠡᠯ᠎ᠡ︶︾ ᠪᠠ ︽ᠡᠩᠬᠡ ᠡᠷᠳᠡᠮᠲᠦ ︵ᠺᠠᠩ ᠳ᠋ᠧ康德1934 —— 1945 ᠤᠨ ᠬᠦᠷᠲᠡᠯ᠎ᠡ︶︾ ᠭᠡᠬᠦ ᠬᠤᠶᠠᠷ ᠤᠨ ᠤ ᠴᠤᠯᠠ ᠶᠢ ᠬᠡᠷᠡᠭᠯᠡᠵᠦ ᠦᠩᠭᠡᠷᠡᠭᠰᠡᠨ ᠪᠠᠶᠢᠵᠠᠢ᠃               ︵4︶  ᠪᠢᠴᠢᠭ ᠤᠨ ᠮᠡᠷᠭᠡᠳ ᠤᠨ ᠬᠦᠷᠢᠶᠡᠯᠡᠩ  翰林院 ——  ︽ᠬᠠᠨ翰︾ ᠭᠡᠳᠡᠭ ᠬᠢᠲᠠᠳ ᠦᠰᠦᠭ ᠤᠨ ᠡᠷᠲᠡᠨ ᠤ ᠤᠳᠬ᠎ᠠ ᠨᠢ ᠵᠢᠭᠦᠷᠲᠡᠨ ᠰᠢᠪᠠᠭᠤᠨ ᠤ ᠤᠷᠲᠦ ᠮᠦᠷᠲᠡᠭᠡᠨ ᠬᠠᠲᠠᠭᠤ ᠦᠳᠦ ᠶᠢ ᠬᠡᠯᠡᠳᠡᠭ ᠪᠠᠶᠢᠪᠠ᠃ ᠪᠢᠴᠢᠭ ᠤᠨ ᠰᠤᠶᠤᠯ ᠬᠦᠭᠵᠢᠬᠦ ᠶᠢ ᠲᠠᠭᠠᠯᠳᠤᠨ ᠪᠠᠷᠠᠭᠤᠨ ᠬᠠᠨ ᠤᠯᠤᠰ ᠤᠨ ᠦᠶ᠎ᠡ ᠳᠤ ᠬᠦᠷᠴᠦ ᠢᠷᠡᠭᠡᠳ ᠬᠦᠮᠦᠰ ᠰᠢᠪᠠᠭᠤᠨ ᠦᠳᠤ ᠪᠠᠷ ᠲᠦᠷᠢᠮᠡᠯ ᠪᠢᠷ ᠬᠢᠵᠦ ᠪᠡᠭᠡ ᠳᠤ ᠲᠦᠷᠢᠵᠦ ᠦᠰᠦᠭ ᠪᠢᠴᠢᠳᠡᠭ ᠪᠤᠯᠤᠭᠰᠠᠨ ᠠᠴᠠ ᠡᠨᠡ ︽ᠦᠳᠦ︾ ᠭᠡᠳᠡᠭ ᠦᠭᠡ ᠨᠢ ᠶᠠᠪᠤᠭᠠᠨ ᠳᠠᠭᠠᠨ ᠪᠢᠷ ᠭᠡᠬᠦ ᠤᠳᠬ᠎ᠠ ᠲᠠᠢ ᠪᠤᠯᠵᠦ᠂ ᠰᠡᠭᠦᠯᠡᠷ ᠨᠢ ᠪᠦᠷᠢᠮᠦᠰᠤᠨ ᠦᠰᠦᠨ ᠪᠢᠷ ᠢ ᠨᠡᠷᠡᠯᠡᠳᠡᠭ ᠲᠤᠰᠬᠠᠢ ᠨᠡᠷ᠎ᠡ ᠪᠤᠯᠵᠦ ᠬᠤᠪᠢᠷᠠᠵᠠᠢ᠂ ᠤᠳᠤ ᠪᠤᠯᠬᠤ ᠳᠤ ᠡᠨᠡ ︽ᠦᠳᠦ︾ ᠭᠡᠳᠡᠭ ᠦᠭᠡ ᠨᠢ ᠪᠦᠷ ᠴᠤ ᠠᠩᠬᠠᠨ ᠤ ᠤᠳᠬ᠎ᠠ ᠪᠠᠨ ᠨᠢᠭᠡᠮᠦᠰᠦᠨ ᠠᠯᠳᠠᠭᠠᠳ ︽ᠪᠢᠴᠢᠭᠲᠡᠨ︾ ᠭᠡᠬᠦ ᠤᠳᠬ᠎ᠠ ᠪᠠᠷ ᠬᠡᠷᠡᠭᠯᠡᠭᠳᠡᠬᠦ ᠪᠤᠯᠪᠠ᠃ ︽ᠯᠢᠨ林︾ ᠭᠡᠳᠡᠭ ᠬᠢᠲᠠᠳ ᠦᠰᠦᠭ ᠤᠨ ᠡᠷᠲᠡᠨ ᠤ ᠤᠳᠬ᠎ᠠ ᠨᠢ ᠰᠢᠭᠤᠶᠢᠷᠠᠨ ᠪᠤᠰᠤᠭᠰᠠᠨ ᠶᠡᠭᠡ ᠬᠡᠪᠴᠢᠶᠡᠨ ᠤ ᠤᠢ ᠮᠤᠳᠤ ᠶᠢ ᠵᠢᠭᠠᠳᠠᠭ ᠪᠠᠶᠢᠪᠠ᠃ ᠸᠧᠢ ᠤᠯᠤᠰ᠂ ᠶᠢᠨ ᠤᠯᠤᠰ ᠬᠢᠭᠡᠳ ᠡᠮᠤᠨᠡᠲᠦ ᠤᠮᠠᠷᠠᠲᠦ ᠶᠢᠨ ᠲᠦᠷᠦ ᠶᠢᠨ ᠦᠶ᠎ᠡ ︵魏晋南北朝︶᠎ ᠳᠤ᠂ ᠠᠳᠠᠯᠢ ᠵᠤᠷᠢᠯᠭ᠎ᠠ ᠲᠠᠢ ᠪᠤᠶᠤ ᠢᠵᠢᠯ ᠰᠤᠨᠢᠷᠬᠠᠯᠲᠠᠢ ᠦᠩᠭᠡᠷᠭᠰᠡᠨ ᠲᠦᠷᠦ ᠶᠢᠨ ᠤᠷᠤᠭᠤᠳᠠᠨ ᠲᠤᠷᠤᠶᠢᠲᠤᠭᠰᠠᠨ ᠰᠤᠷᠪᠤᠯᠵᠢᠲᠦ ᠭᠡᠷ ᠬᠢᠭᠡᠳ ᠢᠵᠠᠭᠤᠷᠲᠠᠨ ᠤᠳᠤᠮᠲᠠᠳ ᠤᠨ ᠬᠢᠳᠡᠯ ᠠᠯᠳᠠᠭᠰᠠᠨ ᠪᠢᠴᠢᠭ ᠤᠨ ᠬᠦᠮᠦᠰ ᠬᠤᠯᠤᠰᠤᠨ ᠰᠢᠭᠤᠢ ᠳᠤ ᠴᠤᠭᠯᠠᠷᠠᠨ ᠰᠠᠭᠤᠵᠦ ᠡᠷᠲᠡ ᠡᠳᠦᠭᠡ ᠶᠢᠨ ᠲᠦᠷᠦ ᠵᠠᠰᠠᠭ ᠢ ᠰᠢᠭᠦᠮᠵᠢᠯᠡᠨ᠂ ᠰᠢᠯᠦᠭ ᠤᠶᠠᠩᠭ᠎ᠠ ᠨᠡᠶᠢᠯᠡᠭᠦᠯᠦᠨ᠂ ᠪᠢᠴᠢᠯᠭᠡ ᠵᠢᠷᠤᠭ ᠢ ᠬᠡᠯᠡᠯᠴᠡᠵᠦ ᠰᠠᠨᠠᠭ᠎ᠠ ᠰᠡᠳᠬᠢᠯ ᠢᠶᠠᠨ ᠲᠠᠶᠢᠪᠤᠰᠢᠷᠠᠭᠤᠯᠳᠠᠭ ᠪᠠᠶᠢᠭᠰᠠᠨ ᠠᠴᠠ ᠡᠨᠡ ︽ᠰᠢᠭᠤᠢ︾ ᠭᠡᠳᠡᠭ ᠦᠭᠡ ᠨᠢ ᠠᠶᠠᠨᠳᠠᠭᠠᠨ ︽ᠠᠳᠠᠯᠢᠪᠲᠤᠷ ᠬᠦᠮᠦᠰ ᠤᠨ ᠴᠤᠭᠯᠠᠭᠠᠨ︾ ᠭᠡᠬᠦ ᠤᠳᠬ᠎ᠠ ᠪᠠᠷ ᠬᠡᠷᠡᠭᠯᠡᠭᠳᠡᠬᠦ ᠪᠤᠯᠵᠦ᠂ ᠰᠦᠢ ᠤᠯᠤᠰ ︵隋︶᠂ ᠲᠠᠩ ᠤᠯᠤᠰ ︵唐︶᠎ ᠤᠨ ᠦᠶ᠎ᠡ ᠳᠤ ᠬᠦᠷᠴᠦ ᠢᠷᠡᠬᠦ ᠳᠤ ᠪᠦᠷᠢᠮᠦᠰᠤᠨ ︽ᠪᠢᠴᠢᠭ ᠎ ᠤᠨ ᠬᠦᠮᠦᠰ ᠤᠨ ᠴᠤᠭᠯᠠᠭᠠᠨ︾ ᠭᠡᠬᠦ ᠲᠤᠰᠬᠠᠢ ᠨᠡᠷ᠎ᠡ ᠪᠤᠯᠵᠦ ᠲᠤᠭᠲᠠᠭᠰᠠᠨ ᠶᠤᠮ᠃ ᠡᠶᠢᠮᠦᠷᠬᠦ ᠪᠠᠶᠢᠳᠠᠯ ᠲᠤᠤᠷ᠎ᠠ ᠲᠠᠩ ᠤᠯᠤᠰ ᠪᠠᠶᠢᠭᠤᠯᠤᠭᠳᠠᠭᠰᠠᠨ ᠡᠬᠢᠨ ᠤ ᠬᠤᠭᠤᠴᠠᠭᠠᠨ ᠳᠠᠭᠠᠨ ᠲᠦᠷᠦ ᠳᠤ ᠬᠡᠷᠡᠭᠯᠡᠬᠦ ᠪᠠᠷ ᠡᠯᠰᠡᠵᠦ ᠴᠤᠭᠯᠠᠭᠤᠯᠤᠭᠰᠠᠨ ᠪᠢᠴᠢᠭ ᠡᠷᠳᠡᠮᠳᠡᠢ ᠬᠦᠮᠦᠰ ᠢᠶᠠᠨ ᠨᠢᠭᠡ ᠡᠪᠯᠡᠯ ᠪᠤᠯᠭᠠᠨ ᠵᠤᠬᠢᠶᠠᠮᠵᠢᠯᠠᠭᠠᠳ ᠡᠨᠡᠬᠦ ᠡᠪᠯᠡᠯ ᠪᠦᠯᠬᠦᠮ ᠢᠶᠠᠨ ︽ᠪᠢᠴᠢᠭᠲᠡᠨ ᠤ ᠴᠤᠭᠯᠠᠭᠠᠨ᠂ ︵ᠬᠠᠨ ᠯᠢᠨ翰林︶︾ ᠭᠡᠵᠦ ᠨᠡᠷᠡᠶᠢᠳᠤᠭᠰᠡᠨ ᠤ ᠤᠴᠢᠷ ᠲᠡᠶᠢᠮᠦ ᠪᠠᠶᠢᠵᠠᠢ᠃ ᠴᠢᠩ ᠤᠯᠤᠰ ᠤᠨ ᠡᠩᠭᠡ ᠠᠮᠤᠭᠤᠯᠠᠩ ︵清康熙︶᠎ ᠤᠨ ᠤᠨ ᠨᠤᠭᠤᠳ ᠠᠴᠠ ᠡᠬᠢᠯᠡᠨ ᠡᠨᠡ ᠬᠤᠶᠠᠷ ᠦᠰᠦᠭ ᠢ ᠮᠤᠩᠭᠤᠯ ᠪᠢᠴᠢᠭ ᠤᠨ ᠬᠡᠯᠡᠨ ᠲᠡᠭᠡᠷ᠎ᠡ ︽ᠪᠢᠴᠢᠭ ᠤᠨ ᠮᠡᠷᠭᠡᠳ︾ ᠭᠡᠵᠦ ᠵᠢᠷᠦᠮᠵᠢᠭᠦᠯᠦᠨ ᠨᠡᠷᠡᠯᠡᠭᠰᠡᠨ ᠶᠤᠮ᠃               ᠪᠢᠴᠢᠭ ᠤᠨ ᠮᠡᠷᠭᠡᠳ ᠤᠨ ᠬᠦᠷᠢᠶᠡᠯᠡᠩ ᠪᠤᠯ ᠹᠸᠤᠳᠠᠯ ᠬᠠᠭᠠᠨᠲᠦ ᠲᠦᠷᠦ ᠶᠢᠨ ᠦᠶ᠎ᠡ ᠶᠢᠨ ᠠᠯᠪᠠᠨ ᠵᠠᠬᠢᠷᠭ᠎ᠠ ᠶᠢᠨ ᠨᠡᠷ᠎ᠡ ᠪᠤᠯᠬᠤ ᠶᠤᠮ᠃ ᠡᠨᠡᠬᠦ ᠵᠠᠬᠢᠷᠭ᠎ᠠ ᠶᠢ ᠲᠠᠩ ᠤᠯᠤᠰ ᠤᠨ ᠡᠬᠢᠨ ᠤ ᠦᠶ᠎ᠡ ᠪᠠᠷ ᠡᠬᠢᠯᠡᠨ ᠪᠠᠶᠢᠭᠤᠯᠪᠠ᠂ ᠤᠤᠯ ᠨᠢ ᠬᠠᠭᠠᠨ ᠤᠷᠳᠤᠨ ᠳᠤ ᠵᠠᠷᠯᠢᠭ ᠢᠶᠠᠷ ᠦᠢᠯᠡᠴᠢᠯᠡᠭᠦᠯᠳᠡᠭ ᠡᠯ᠎ᠡ ᠵᠦᠢᠯ ᠤᠨ ᠤᠳᠬ᠎ᠠ ᠵᠤᠬᠢᠶᠠᠯ ᠤᠷᠠᠯᠢᠭ ᠤᠨ ᠭᠠᠵᠠᠷ ᠪᠠᠶᠢᠪᠠ᠃ ᠰᠦᠩ ᠤᠯᠤᠰ ︵宋︶᠎ ᠤᠨ ᠦᠶ᠎ᠡ ᠳᠤ ᠬᠦᠷᠴᠦ ᠢᠷᠡᠭᠡᠳ ᠪᠢᠴᠢᠭ ᠎ ᠤᠨ ᠮᠡᠷᠭᠡᠳ ᠤᠨ ᠬᠦᠷᠢᠶᠡᠯᠡᠩ ᠨᠢ ᠤᠨᠴᠠᠭᠠᠶᠢᠯᠠᠨ ᠲᠡᠪᠰᠢᠭᠡᠳ᠂ ᠤᠳᠤᠨ ᠤᠷᠤᠨ ︵天文︶᠂ ᠤᠷᠠᠨ ᠪᠢᠴᠢᠯᠭᠡ ︵书艺︶᠂ ᠵᠢᠷᠤᠭ ᠰᠡᠶᠢᠯᠤᠮᠡᠯ ︵图画︶᠂ ᠤᠳᠠᠴᠢ ᠶᠢᠨ ᠵᠠᠬᠢᠷᠭ᠎ᠠ ︵医官︶ ᠵᠡᠷᠭᠡ ᠲᠦᠷᠪᠡᠨ ᠲᠤᠪᠴᠢᠶ᠎ᠠ ᠶᠢ ᠶᠡᠷᠦᠩᠬᠡᠶᠢᠯᠡᠨ ᠤᠳᠤᠷᠢᠳᠴᠦ ᠪᠠᠶᠢᠭᠰᠠᠨ ᠢᠶᠠᠷ ᠪᠠᠷᠠᠬᠤ ᠦᠭᠡᠢ ᠴᠢᠨᠠᠭᠰᠢᠯᠠᠭᠠᠳ ᠬᠠᠭᠠᠨ ᠎ ᠤ ᠲᠤᠭᠤᠭᠠᠴᠢ ᠠᠴᠠ ᠠᠪᠤᠭᠠᠳ ᠴᠠᠢ ᠠᠷᠢᠬᠢ ᠬᠠᠮᠢᠶᠠᠷᠳᠠᠭ ᠬᠦᠮᠦᠰ ᠢ ᠴᠤ ᠪᠢᠴᠢᠭ ᠤᠨ ᠮᠡᠷᠭᠡᠳ ᠭᠡᠵᠦ ᠨᠡᠷᠡᠯᠡᠵᠦ ᠪᠠᠶᠢᠵᠠᠢ᠃ ᠪᠢᠴᠢᠭ ᠤᠨ ᠮᠡᠷᠭᠡᠳ ᠤᠨ ᠬᠦᠷᠢᠶᠡᠯᠡᠩ ᠤᠨ ᠰᠤᠷᠤᠯᠭᠠᠲᠠᠨ ᠪᠢᠴᠢᠭᠲᠡᠳ ᠤᠨ ᠲᠤᠰᠢᠶᠠᠯ ᠬᠠᠷᠢᠭᠤᠴᠠᠳᠠᠭ ᠭᠠᠵᠠᠷ ᠢ ᠲᠠᠩ ᠤᠯᠤᠰ ᠤᠨ ᠦᠶ᠎ᠡ ᠳᠤ ︽ᠰᠤᠷᠤᠯᠭᠠᠳᠠᠳ ᠤᠨ ᠬᠦᠷᠢᠶᠡᠯᠡᠩ ︵学士院︶︾ ᠭᠡᠵᠦ ᠨᠡᠷᠡᠶᠢᠳᠴᠤ ᠪᠠᠶᠢᠭᠰᠠᠨ ᠠᠴᠠ ᠪᠠᠨ ᠰᠦᠩ ᠤᠯᠤᠰ ᠤᠨ ᠦᠶ᠎ᠡ ᠳᠤ ᠬᠦᠷᠴᠦ ᠢᠷᠡᠭᠡᠳ ᠰᠠᠶ᠋ᠢ ᠠᠩᠬ᠎ᠠ ᠡᠬᠢᠯᠡᠨ ︽ᠪᠢᠴᠢᠭ ᠤᠨ ᠮᠡᠷᠭᠡᠳ ᠤᠨ ᠰᠤᠷᠤᠯᠭᠠᠳᠠᠳ ᠤᠨ ᠬᠦᠷᠢᠶᠡᠯᠡᠩ ︵翰 林学士院︶︾ ᠭᠡᠵᠦ ᠨᠡᠷᠡᠶᠢᠳᠬᠦ ᠪᠤᠯᠤᠭᠰᠠᠨ ᠶᠤᠮ᠃ ᠯᠠᠤᠬ᠎ᠠ ᠤᠯᠤᠰ ︵ᠯᠢᠶᠤᠤ辽︶᠎ ᠤᠨ ᠦᠶ᠎ᠡ ᠳᠤ ᠬᠠᠭᠠᠨ ᠤᠷᠳᠤᠨ ᠤ ᠡᠮᠦᠨᠡᠲᠦ ᠤᠷᠳᠤᠨ ︵南面宫︶ ᠲᠤᠳᠤᠷ᠎ᠠ ︽ᠪᠢᠴᠢᠭ ᠤᠨ ᠮᠡᠷᠭᠡᠳ ᠤᠨ ᠬᠦᠷᠢᠶᠡᠯᠡᠩ ︵ᠬᠠᠨ ᠯᠢᠨ ᠶᠤᠸᠠᠨ翰林院︶︾᠎ ᠢ ᠪᠠᠶᠢᠭᠤᠯᠪᠠ᠃ ᠶᠤᠸᠠᠨ ᠤᠯᠤᠰ ︵元︶᠎ ᠤᠨ ᠦᠶ᠎ᠡ ᠳᠤ ︽ᠪᠢᠴᠢᠭ ᠤᠨ ᠮᠡᠷᠭᠡᠳ ᠤᠨ ᠬᠠᠪᠰᠤᠷᠭᠠᠭᠰᠠᠨ ᠤᠯᠤᠰ ᠎ ᠤᠨ ᠰᠤᠳᠤᠷ ᠤᠨ ᠬᠦᠷᠢᠶᠡᠯᠡᠩ ︵翰林兼国史院︶︾ ᠭᠡᠵᠦ ᠨᠡᠷᠡᠶᠢᠳᠪᠡ᠃ ᠮᠢᠩ ᠤᠯᠤᠰ ︵明 ︶᠎ ᠤᠨ ᠦᠶ᠎ᠡ ᠠᠴᠠ ᠡᠬᠢᠯᠡᠨ ᠰᠤᠳᠤᠷ ᠰᠡᠯᠪᠢᠬᠦ᠂ ᠨᠤᠮ ᠵᠤᠬᠢᠶᠠᠬᠤ ᠪᠠ ᠪᠢᠴᠢᠭ ᠵᠢᠷᠤᠭ ᠲᠡᠷᠢᠭᠦᠲᠡᠨ ᠢ ᠪᠢᠴᠢᠭ ᠤᠨ ᠮᠡᠷᠭᠡᠳ ᠤᠨ ᠬᠦᠷᠢᠶᠡᠯᠡᠩ ᠳᠤ ᠬᠠᠷᠢᠶᠠᠯᠠᠭᠤᠯᠤᠭᠰᠠᠨ ᠠᠴᠠ ᠲᠡᠷᠡ ᠨᠢ ᠵᠢᠩᠬᠢᠨᠢ ᠪᠠᠷ ᠭᠠᠳᠠᠭᠠᠳᠤ ᠲᠦᠷᠦ ᠶᠢᠨ ᠠᠯᠪᠠᠨ ᠵᠠᠬᠢᠷᠭ᠎ᠠ ︵外朝公署︶ ᠪᠤᠯᠤᠭᠰᠠᠨ ᠶᠤᠮ᠃ ᠴᠢᠩ ᠤᠯᠤᠰ ︵清︶᠎ ᠤᠨ ᠦᠶ᠎ᠡ ᠳᠤ ᠬᠦᠷᠴᠦ ᠢᠷᠡᠭᠡᠳ ᠮᠦᠨ ᠴᠦ ᠪᠢᠴᠢᠭ ᠤᠨ ᠮᠡᠷᠭᠡᠳ ᠤᠨ ᠬᠦᠷᠢᠶᠡᠯᠡᠩ ᠢ ᠪᠠᠶᠢᠭᠤᠯᠤᠨ ᠤᠯᠤᠰ ᠤᠨ ᠰᠤᠳᠤᠷ ᠢ ᠰᠡᠯᠪᠢᠨ ᠨᠠᠶᠢᠷᠠᠭᠤᠯᠬᠤ ᠪᠠ ᠬᠠᠭᠠᠨ ᠡᠵᠡᠨ ᠤ ᠦᠭᠦᠯᠡᠯ ᠶᠠᠷᠢᠶ᠎ᠠ᠂ ᠦᠢᠯᠡ ᠶᠤᠪᠤᠳᠠᠯ ᠵᠢᠴᠢ ᠪᠤᠰᠴᠤ ᠰᠠᠭᠤᠭᠰᠠᠨ ᠲᠡᠮᠳᠡᠭᠯᠡᠯ ᠎ ᠢ ᠪᠢᠴᠢᠭᠦᠯᠬᠦ ᠠᠴᠠ ᠭᠠᠳᠠᠨ᠎ᠠ ᠤᠷᠳᠤᠨ ᠳᠤ ᠤᠷᠤᠵᠦ ᠰᠤᠳᠤᠷ ᠲᠡᠤᠬᠡ ᠶᠢ ᠲᠠᠶᠢᠯᠪᠤᠷᠢᠯᠠᠬᠤ ᠠᠴᠠ ᠠᠪᠤᠭᠠᠳ ᠬᠠᠮᠢᠶ᠎ᠠ ᠪᠦᠬᠦᠢ ᠶᠤᠰᠤᠯᠠᠯ ᠪᠡᠯᠭᠡᠯᠡᠯ ᠤᠨ ᠪᠢᠴᠢᠭ ᠬᠠᠷ᠎ᠠ ᠶᠢ ᠲᠤᠭᠤᠷᠪᠢᠨ ᠪᠢᠴᠢᠭᠦᠯᠳᠡᠭ ᠪᠠᠶᠢᠪᠠ᠃ ᠲᠡᠳᠡᠭᠡᠷ ᠤᠨ ᠠᠬᠠᠯᠠᠭᠴᠢ ᠶᠢ ᠨᠢ ᠬᠦᠷᠢᠶᠡᠯᠡᠩ ᠤᠨ ᠲᠠᠷᠤᠭᠠᠴᠢ ᠡᠷᠳᠡᠮᠲᠡᠨ ︵掌院学士︶ ᠭᠡᠳᠡᠭ ᠪᠦᠭᠡᠳ ᠡᠨᠡᠬᠦ ᠲᠤᠰᠢᠶᠠᠯ ᠢ ᠡᠷᠬᠡᠪᠰᠢ ᠲᠦᠰᠢᠶ᠎ᠡ ᠲᠦᠰᠢᠮᠡᠯ ︵大臣︶᠎ ᠠᠴᠠ ᠡᠭᠦᠷᠭᠡᠯᠡᠳᠡᠭ ᠶᠤᠮ᠃ ᠪᠢᠴᠢᠭ ᠤᠨ ᠮᠡᠷᠭᠡᠳ ᠎ ᠤᠨ ᠬᠦᠷᠢᠶᠡᠯᠡᠩ ᠳᠤ ᠵᠠᠬᠢᠷᠤᠭᠳᠠᠬᠤ ᠨᠤᠶᠠᠳ ᠲᠤᠰᠢᠶᠠᠯᠲᠠᠳ ᠢ ︽ᠠᠰᠠᠷᠠᠨ ᠤᠩᠰᠢᠭᠴᠢ ᠡᠷᠲᠡᠮᠲᠡᠨ ︵侍读学士︶︾᠂ ︽ᠠᠰᠠᠷᠠᠨ ᠲᠠᠶᠢᠯᠪᠤᠷᠢᠯᠠᠭᠴᠢ ᠡᠷᠲᠡᠮᠲᠡᠨ ︵侍讲学士︶︾᠂ ︽ᠠᠰᠠᠷᠠᠨ ᠤᠩᠰᠢᠭᠴᠢ ︵侍读︶︾᠂ ︽ᠠᠰᠠᠷᠠᠨ ᠲᠠᠶᠢᠯᠪᠤᠷᠢᠯᠠᠭᠴᠢ ︵侍讲︶︾᠂ ︽ᠲᠤᠭᠤᠷᠪᠢᠨ ᠰᠡᠯᠪᠢᠭᠴᠢ ︵修撰︶︾᠂ ︽ᠨᠠᠶᠢᠷᠠᠭᠤᠯᠤᠨ ᠰᠡᠯᠪᠢᠭᠴᠢ ︵编 修︶︾᠂ ︽ᠰᠤᠳᠤᠷᠴᠢ ᠲᠦᠰᠢᠮᠡᠯ ︵检讨︶︾᠂ ︽ᠭᠤᠴᠤᠭ ᠲᠠᠭᠠᠮᠠᠯ ︵庶吉士︶︾ ᠵᠡᠷᠭᠡ ᠪᠠᠷ ᠢᠯᠭᠠᠨ ᠨᠡᠷᠡᠯᠡᠳᠡᠭ ᠪᠤᠯᠪᠠᠴᠦ ᠨᠡᠶᠢᠲᠡ ᠳᠤᠨᠢ ᠴᠦᠮ ᠪᠢᠴᠢᠭ ᠤᠨ ᠮᠡᠷᠭᠡᠳ ᠭᠡᠵᠦ ᠨᠡᠷᠡᠯᠡᠳᠡᠭ᠃ ᠤᠨᠴᠠᠭᠠᠶᠢᠯᠠᠨ ︽ᠡᠮᠦᠨᠡᠲᠦ ᠪᠢᠴᠢᠭ ᠤᠨ ᠦᠷᠦᠭᠡᠨ ᠳᠤ ᠤᠳᠤᠭᠴᠢ ︵南书房行走᠂ ᠪᠡᠭᠡᠵᠢᠩ ᠤᠨ ᠬᠠᠭᠠᠨ ᠤᠷᠳᠤᠨ ᠳᠠᠬᠢ ᠮᠦᠩᠬᠡ ᠠᠷᠢᠭᠤᠨ ᠤᠷᠳᠤᠨ ︿ᠴᠢᠶᠠᠨ ᠴᠢᠩ ᠭᠦᠩ乾清宫﹀᠎ ᠤ ᠪᠠᠷᠠᠭᠤᠨ ᠡᠮᠦᠨ᠎ᠡ ᠪᠠᠶᠢᠳᠠᠭ᠂ ᠤᠤᠯ ᠨᠢ ᠡᠩᠭᠡ ᠠᠮᠤᠭᠤᠯᠠᠩ ᠬᠠᠭᠠᠨ ᠤ ᠪᠢᠴᠢᠭ ᠤᠩᠰᠢᠳᠠᠭ ᠭᠠᠵᠠᠷ ᠪᠠᠶᠢᠪᠠ — ᠤᠷᠴᠢᠭᠤᠯᠤᠭᠴᠢ ᠠᠴᠠ︶︾᠎ ᠨᠢ ᠡᠩ ᠤᠨ ᠪᠠᠶᠢᠳᠠᠯ ᠲᠤᠤᠷ᠎ᠠ ᠡᠷᠬᠡᠪᠰᠢ ᠪᠢᠴᠢᠭ ᠤᠨ ᠮᠡᠷᠭᠡᠳ ᠤᠨ ᠬᠦᠷᠢᠶᠡᠯᠡᠩ ᠠᠴᠠ ᠭᠠᠷᠤᠯᠲᠠᠢ ᠪᠠᠶᠢᠬᠤ ᠬᠡᠷᠡᠭᠲᠡᠢ ᠪᠦᠭᠡᠳ ᠲᠡᠳᠡᠭᠡᠷ ᠤᠨ ᠨᠤᠶᠠᠨ ᠴᠤᠯᠠ ᠨᠢ ᠮᠦᠨ ᠴᠦ ︽ᠡᠮᠦᠨᠡᠲᠦ ᠪᠢᠴᠢᠭ ᠤᠨ ᠦᠷᠦᠭᠡ ᠶᠢᠨ ᠪᠢᠴᠢᠭ ᠤᠨ ᠮᠡᠷᠭᠡᠳ ︵南书房翰林︶︾ ᠭᠡᠵᠦ ᠨᠡᠷᠡᠯᠡᠳᠡᠭ᠃               ︵5︶  ᠢᠩᠴᠠᠩ ᠬᠤᠷᠤᠭ᠎ᠠ  应昌府  —— ︽ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠤᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ︾᠎ ᠤᠨ ᠲᠠᠶᠢᠯᠪᠤᠷᠢ ︵1︶᠎ ᠳᠤ ᠦᠵᠡ᠃               ︵6︶  ᠯᠢᠦ ᠮᠢᠨ ᠵᠦᠩ 刘敏中—— ︵1243 ——1318︶᠂ ᠶᠤᠸᠠᠨ ᠤᠯᠤᠰ ᠤᠨ ᠤᠳᠬ᠎ᠠ ᠵᠤᠬᠢᠶᠠᠯᠴᠢ ᠪᠦᠭᠡᠳ ᠶᠡᠭᠡ ᠲᠦᠰᠢᠮᠡᠯ᠃ ᠡᠷᠭᠦᠭᠰᠡᠨ ᠨᠡᠷ᠎ᠡ ᠨᠢ ᠳ᠋ᠤᠸᠠᠨ ᠹᠦ᠋ ︵端甫︶᠂ ᠴᠤᠯᠠ ᠨᠢ ᠲᠠᠷᠴᠤᠭ ᠪᠦᠷᠭᠡᠲᠦ ︵中庵︶᠂ ᠤᠨᠳᠤᠤ ᠴᠤᠯᠠ ᠨᠢ ᠲᠠᠷᠴᠤᠭ ᠪᠦᠷᠭᠡᠲᠦ ᠬᠡᠭᠡᠷ᠎ᠡ ᠶᠢᠨ ᠡᠪᠤᠭᠡᠨ ︵中庵 野叟︶ ᠭᠡᠳᠡᠭ᠃ ᠶᠤᠸᠠᠨ ᠤᠯᠤᠰ ᠤᠨ ᠵᠠᠩᠴᠢᠦ ︵章丘 ᠤᠳᠤᠬᠢ ᠱᠠᠨᠳᠦ᠋ᠩ ᠮᠤᠵᠢ ᠶᠢᠨ ᠵᠢᠨᠠᠨ ᠬᠤᠲᠠ︶ ᠭᠠᠵᠠᠷ ᠤᠨ ᠬᠦᠮᠦᠨ᠃        ᠯᠢᠦ ᠮᠢᠨ ᠵᠦᠩ ᠤᠨ ᠡᠪᠦᠭᠡ ᠲᠡᠭᠡᠳᠤᠰ ᠨᠢ ᠦᠶ᠎ᠡ ᠤᠯᠠᠷᠢᠭᠰᠠᠨ ᠪᠢᠴᠢᠭ ᠤᠨ ᠰᠤᠷᠭᠠᠯᠲᠠᠳ ᠪᠠᠶᠢᠭᠰᠠᠨ ᠲᠤᠯᠠ ᠤᠮᠠᠷᠠᠲᠦ ᠰᠦᠩ ᠤᠯᠤᠰ ︵北宋︶᠎ ᠤᠨ ᠲᠡᠷᠢᠭᠦᠯᠡᠭᠴᠢ ᠰᠠᠶᠢᠳ ᠰᠧ ᠮᠠ ᠭᠤᠸᠠᠩ ︵司马光︶᠎ ᠤᠨ ᠵᠤᠬᠢᠶᠠᠭᠰᠠᠨ ︽ᠭᠡᠷ ᠤᠨ ᠰᠤᠷᠲᠠᠬᠤᠨ家范︾ ᠭᠡᠳᠡᠭ ᠨᠤᠮ ᠢᠶᠠᠷ ᠭᠡᠷ ᠤᠭᠰᠠᠭ᠎ᠠ ᠶᠢᠨ ᠢᠶᠠᠨ ᠦᠶ᠎ᠡ ᠵᠠᠯᠭᠠᠮᠵᠢ ᠎ ᠶᠢᠨ ᠰᠠᠬᠢᠶ᠎ᠠ ᠪᠢᠴᠢᠭ ᠪᠤᠯᠭᠠᠳᠠᠭ ᠪᠠᠶᠢᠵᠠᠢ᠃               ᠡᠪᠦᠭᠡ ᠨᠢ ᠯᠢᠦ ᠳ᠋ᠢᠩ ︵刘鼎︶ ᠭᠡᠳᠡᠭ᠂ ᠠᠯᠲᠠᠨ ᠤᠯᠤᠰ ︵金︶᠎ ᠤᠨ ᠰᠡᠭᠦᠯᠴᠢ ᠶᠢᠨ ᠵᠢᠯ ᠤᠳ ᠎ ᠲᠤ ᠯᠢᠴᠧᠩ ︵历城᠂ ᠤᠳᠤᠬᠢ ᠱᠠᠨᠳᠦ᠋ᠩ ᠮᠤᠵᠢ ᠶᠢᠨ ᠵᠢᠨᠠᠨ ᠬᠤᠲᠠ︶ ᠭᠠᠵᠠᠷ ᠤᠨ ᠲᠠᠷᠤᠭ᠎ᠠ ︵令᠂ ᠡᠷᠲᠡᠨ ᠤ ᠦᠶ᠎ᠡ ᠳᠤ ᠨᠢᠭᠡ ᠰᠢᠶᠠᠨ ᠳᠤ ᠲᠦᠮᠡ ᠠᠴᠠ ᠲᠡᠭᠡᠭᠰᠢᠬᠢ ᠬᠦᠮᠦᠨ ᠢ ᠵᠠᠬᠢᠷᠳᠠᠭ ᠨᠤᠶᠠᠨ ᠢ ᠲᠠᠷᠤᠭ᠎ᠠ ︿令﹀  ᠭᠡᠵᠦ᠂ ᠲᠦᠮᠡ ᠬᠦᠷᠬᠦ ᠦᠭᠡᠢ ᠬᠦᠮᠦᠨ ᠢ ᠵᠠᠬᠢᠷᠳᠠᠭ ᠨᠤᠶᠠᠨ ᠢ ᠠᠬᠠᠯᠠᠭᠴᠢ ︿长﹀ ᠭᠡᠳᠡᠭ ᠪᠠᠶᠢᠪᠠ  ︶ ᠪᠠᠶᠢᠭᠰᠠᠨ ᠠᠴᠠ ᠪᠠᠨ ᠵᠢᠨᠠᠨ ᠴᠦᠯᠭᠡ ︵济南路︶᠎ ᠶᠢᠨ ᠦᠴᠢᠭᠯᠡᠭᠦᠯᠦᠭᠴᠢ ᠲᠦᠰᠢᠮᠡᠯ ︵推官︶ ᠵᠡᠷᠭᠡ ᠲᠤᠰᠢᠶᠠᠯ ᠳᠤ ᠪᠠᠶᠢᠪᠠ᠃ ᠶᠤᠸᠠᠨ ᠤᠯᠤᠰ ᠤᠨ ᠦᠶ᠎ᠡ ᠳᠤ ᠵᠢᠪᠬᠤᠭᠠᠲᠦ ᠵᠠᠩᠵᠦᠨ ︵广威将军︶ ᠬᠡᠮᠡᠨ ᠴᠤᠯᠠᠯᠠᠭᠳᠠᠵᠦ᠂ ᠢᠳᠦ᠋ ᠴᠦᠯᠭᠡ ︵益都路︶᠎ ᠶᠢᠨ ᠶᠡᠷᠦᠩᠬᠡᠢ ᠰᠢᠳᠭᠡᠭᠴᠢ ︵总判︶ ᠪᠦᠭᠡᠳ ᠵᠢᠨᠠᠨ ᠤ ᠽᠧ ᠳ᠋ᠧ ︵济南淄 德︶ ᠭᠠᠵᠠᠷ ᠢ ᠲᠦᠪᠬᠢᠨᠡᠭᠦᠯᠦᠨ ᠠᠮᠤᠭᠤᠯᠤᠭᠴᠢ ᠲᠦᠰᠢᠮᠡᠯ ︵安慰︶᠂ ᠴᠡᠷᠢᠭ ᠢᠷᠭᠡᠳ ᠢ ᠲᠠᠷᠢᠶᠠᠯᠠᠬᠤᠢ ᠳᠤᠷ ᠢᠳᠬᠠᠭᠴᠢ ᠲᠦᠰᠢᠮᠡᠯ ︵劝农使︶᠂ ᠰᠢᠳᠠᠷ ᠲᠤᠷ ᠶᠠᠪᠤᠭᠴᠢ ᠵᠤᠷᠭᠠᠨ ᠤ ᠢᠯᠭᠠᠭᠴᠢ ᠲᠦᠰᠢᠮᠡᠯ ︵行左右 司郎中︶ ᠵᠡᠷᠭᠡ ᠲᠤᠰᠢᠶᠠᠯ ᠢ ᠬᠠᠪᠰᠤᠷᠭᠠᠨ ᠲᠦᠰᠢᠵᠦ ᠪᠠᠶᠢᠵᠠᠢ᠃               ᠯᠢᠦ ᠮᠢᠨ ᠵᠦᠩ ᠤᠨ ᠡᠴᠢᠭᠡ ᠨᠢ ᠯᠢᠦ ᠵᠢᠩ ᠱᠢ ︵刘景石︶ ᠭᠡᠳᠡᠭ ᠬᠦᠮᠦᠨ᠂ ᠵᠢᠨᠠᠨ ᠭᠠᠵᠠᠷ ᠎ ᠤᠨ ᠶᠡᠷᠦᠩᠬᠢ ᠵᠠᠬᠢᠷᠤᠭᠴᠢ ︵济南总府︶᠂ ᠱᠠᠨᠳᠦ᠋ᠩ ᠭᠠᠵᠠᠷ ᠤᠨ ᠲᠠᠮᠵᠢᠭᠤᠯᠤᠨ ᠵᠦᠭᠡᠭᠡᠪᠦᠷᠢᠯᠡᠬᠦ ᠶᠠᠪᠤᠳᠠᠯ ᠤᠨ ᠡᠵᠡᠩᠨᠡᠭᠴᠢ ︵山东转运经理︶ ᠵᠡᠷᠭᠡ ᠲᠤᠰᠢᠶᠠᠯ ᠳᠤ ᠲᠦᠰᠢᠭᠳᠡᠵᠦ ᠪᠠᠶᠢᠭᠰᠠᠨ ᠪᠤᠯᠪᠠᠴᠤ ᠨᠤᠶᠠᠨ ᠰᠠᠭᠤᠬᠤ ᠵᠠᠮ ᠨᠢ ᠲᠡᠳᠦᠢ ᠰᠢᠯᠤᠭᠤᠨ ᠪᠢᠰᠢ ᠪᠠᠶᠢᠵᠦ᠂ ᠡᠪᠡᠳᠴᠢᠨ ᠡᠮᠬᠡᠭ ᠤᠨ ᠬᠠᠷᠠᠭ᠎ᠠ ᠠᠴᠠ ᠪᠤᠯᠵᠦ ᠦᠪᠡᠷ ᠤᠨ ᠲᠤᠷ᠎ᠠ ᠠᠴᠠ ᠪᠠᠨ ᠲᠤᠰᠢᠶᠠᠯ ᠢᠶᠠᠨ ᠶᠡᠭᠦᠯᠡᠭᠡᠳ᠂ ᠪᠡᠶ᠎ᠡ ᠪᠠᠨ ᠰᠤᠪᠢᠯᠠᠨ ᠰᠠᠭᠤᠭᠰᠠᠨ ᠴᠤ ᠲᠡᠳᠤᠢ ᠤᠳᠠᠯ ᠦᠭᠡᠢ ᠡᠪᠡᠳᠴᠢᠨ ᠢᠶᠠᠷ ᠨᠦᠭᠴᠢᠪᠡ᠃ ᠡᠶᠢᠮᠦᠷᠬᠦ ᠬᠤᠶᠠᠷ ᠲᠦᠷᠦ ᠳᠤ ᠦᠢᠯᠡᠴᠢᠯᠡᠭᠰᠡᠨ ᠬᠤᠶᠠᠷ ᠦᠶ᠎ᠡ ᠶᠢᠨ ᠢᠵᠠᠭᠤᠷᠲᠠᠨ ᠤ ᠭᠡᠷ ᠲᠤ ᠲᠦᠷᠦᠵᠦ ᠦᠰᠦᠭᠰᠡᠨ ᠯᠢᠦ ᠮᠢᠨ ᠵᠦᠩ ᠬᠠᠷ᠎ᠠ ᠪᠠᠭ᠎ᠠ ᠠᠴᠠ ᠪᠠᠨ ᠪᠢᠴᠢᠭ ᠎ ᠤᠨ ᠰᠤᠷᠭᠠᠯ ᠤᠨ ᠬᠡᠰᠭᠡᠯ ᠭᠡᠭᠡᠷᠡᠯ ᠳᠤ ᠭᠦᠨ ᠨᠡᠪᠲᠡᠷᠡᠭᠰᠡᠨ ᠪᠠᠶᠢᠵᠠᠢ᠃               ᠯᠢᠦ ᠮᠢᠨ ᠵᠦᠩ ᠶᠡᠭᠡ ᠮᠤᠩᠭᠤᠯ ᠤᠯᠤᠰ ᠤᠨ ᠨᠠᠢᠮᠠᠵᠢᠨ ᠬᠠᠲᠤᠨ ᠤ ᠲᠦᠷᠦ ᠪᠠᠷᠢᠭᠰᠠᠨ ᠬᠤᠶᠠᠳᠤᠭᠠᠷ ᠤᠨ ︵1243 ᠤᠨ᠂ ᠬᠠᠷᠠᠭᠴᠢᠨ ᠲᠠᠤᠯᠠᠢ ᠵᠢᠯ  ︶᠎ ᠳᠤ ᠲᠦᠷᠦᠵᠦ᠂ ᠶᠡᠭᠡ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠲᠦᠪ ᠶᠤᠰᠤᠲᠦ ︵ᠵᠦᠩ ᠲᠦᠩ中统︶᠎ ᠶᠢᠨ ᠲᠦᠷᠪᠡᠳᠦᠭᠡᠷ ᠤᠨ ︵1263 ᠤᠨ︶ ᠎ ᠳᠤ ᠵᠠᠷᠯᠢᠭ ᠢᠶᠠᠷ ᠲᠦᠷᠦ ᠳᠤ ᠡᠯᠰᠡᠭᠳᠡᠨ ᠲᠦᠪ ᠪᠢᠴᠢᠭ ᠤᠨ ᠮᠤᠵᠢ ᠶᠢᠨ ᠬᠠᠷᠢᠶᠠᠲᠦ ᠲᠦᠰᠢᠮᠡᠯ ︵中书掾︶ ᠪᠤᠯᠵᠦ᠂ ᠤᠨᠤᠯᠲᠦ ᠲᠡᠷᠢᠭᠦᠨ ︵ᠵᠾᠢ ᠶᠤᠸᠠᠨ至元︶᠎ ᠤ ᠠᠷᠪᠠᠨ ᠨᠢᠭᠡᠳᠦᠭᠡᠷ ᠤᠨ ︵1274 ᠤᠨ︶᠎ ᠳᠤ ᠰᠢᠯᠢᠭᠳᠡᠨ ᠲᠡᠪᠰᠢᠭᠡᠳ ᠴᠡᠷᠢᠭ ᠤᠨ ᠵᠤᠷᠭᠠᠨ ᠤ ᠲᠡᠮᠳᠡᠭᠯᠡᠭᠴᠢ ᠲᠦᠰᠢᠮᠡᠯ ︵兵部主事︶ ᠪᠤᠯᠪᠠ᠃ ᠰᠡᠭᠦᠯᠡᠷ ᠨᠢ ᠪᠠᠶᠢᠴᠠᠭᠠᠭᠴᠢ ᠰᠢᠲᠠᠷ ᠪᠢᠴᠢᠭᠡᠭᠴᠢ ︵监察御史︶᠂ ᠰᠢᠲᠠᠷ ᠲᠡᠮᠳᠡᠭᠯᠡᠭᠴᠢ ᠪᠦᠭᠦᠳᠡ ᠶᠢᠨ ᠪᠢᠴᠢᠭᠴᠢ ︵监察 都事︶᠂ ᠪᠢᠴᠢᠭ ᠤᠨ ᠮᠡᠷᠭᠡᠳ ᠤᠨ ᠬᠦᠷᠢᠶᠡᠯᠡᠩ ᠤᠨ ᠵᠢᠰᠢᠶᠠᠯᠠᠭᠴᠢ ᠡᠷᠳᠡᠮᠲᠡᠨ ︵翰林直学士︶ ᠵᠡᠷᠭᠡ ᠲᠤᠰᠢᠶᠠᠯ ᠳᠤ ᠲᠦᠰᠢᠭᠳᠡᠪᠡ᠃ ᠡᠨᠡ ᠲᠦᠰᠢᠶᠠᠯ ᠳᠤ ᠪᠠᠶᠢᠬᠤ ᠳᠠᠭᠠᠨ ᠡᠷᠬᠡᠲᠦ ᠲᠦᠰᠢᠮᠡᠯ ᠰᠠᠩᠭ᠎ᠠ ︵桑哥︶᠎ ᠶᠢᠨ ᠶᠤᠰᠤ ᠪᠤᠰᠤ ᠶᠠᠪᠤᠳᠠᠯ ᠢ ᠢᠯᠡᠴᠢᠯᠡᠭᠰᠡᠨ ᠠᠴᠠ ᠪᠤᠯᠵᠦ ᠲᠤᠰᠢᠶᠠᠯ ᠢᠶᠠᠨ ᠬᠤᠰᠤᠭᠤᠯᠪᠠ᠃ ᠰᠡᠭᠦᠯᠡᠷ ᠨᠢ ᠲᠤᠰᠢᠶᠠᠯ ᠢ ᠨᠢ ᠰᠡᠷᠭᠦᠭᠡᠵᠦ᠂ ᠭᠠᠵᠠᠯ ᠭᠠᠵᠠᠷ ᠤᠨ ᠡᠮᠦᠨᠡᠬᠢ ᠵᠠᠰᠠᠭ ᠢ ᠠᠷᠢᠭᠤᠳᠬᠠᠨ ᠴᠢᠭᠡᠴᠢ ᠪᠠᠷ ᠰᠤᠷᠪᠤᠯᠵᠢᠯᠠᠬᠤ ᠵᠤᠷᠭᠠᠨ ᠤ ᠳ᠋ᠡᠰᠡᠯᠡᠭᠴᠢ ᠲᠦᠰᠢᠮᠡᠯ ︵燕南肃政廉访司副使︶᠎ ᠢᠶᠠᠷ ᠲᠤᠮᠢᠯᠠᠭᠳᠠᠪᠠ᠃               ᠦᠯᠵᠡᠶᠢᠲᠦ ᠲᠡᠮᠦᠷ ᠬᠠᠭᠠᠨ ᠤ ᠶᠡᠭᠡ ᠡᠷᠳᠡᠮᠲᠦ ︵ᠳ᠋ᠠ ᠳ᠋ᠧ大德︶᠎ ᠶᠢᠨ ᠠᠩᠬᠠᠳᠤᠭᠠᠷ ᠤᠨ ︵1297 ᠤᠨ︶᠎ ᠳᠤ ᠪᠢᠴᠢᠭ ᠮᠡᠷᠭᠡᠳ ᠤᠨ ᠬᠦᠷᠢᠶᠡᠯᠡᠩ ᠤᠨ ᠡᠷᠳᠡᠮᠲᠡᠨ ︵翰林学士︶᠂ ᠤᠯᠤᠰ ᠤᠨ ᠬᠦᠪᠡᠬᠦᠳ ᠤᠨ ᠰᠤᠷᠭᠠᠭᠤᠯᠢ ᠶᠢᠨ ᠲᠠᠬᠢᠯᠴᠢ ᠲᠦᠰᠢᠮᠡᠯ ︵国子祭酒︶ ᠪᠤᠯᠪᠠ᠃ ᠶᠡᠭᠡ ᠡᠷᠳᠡᠮᠲᠦ ︵ᠳ᠋ᠠ ᠳ᠋ᠧ大 德︶᠎ ᠶᠢᠨ ᠲᠤᠯᠤᠳᠤᠭᠠᠷ ᠤᠨ ︵1303 ᠤᠨ︶᠎ ᠳᠤ᠂ ᠠᠭᠤᠯᠠ ᠶᠢᠨ ᠠᠷᠤ ᠶᠢᠨ ᠯᠠᠤᠬ᠎ᠠ ᠶᠢᠨ ᠵᠡᠭᠦᠨᠳᠡᠬᠢ ᠳ᠋ᠤᠤᠯᠢ ᠶᠢᠨ ᠤᠬᠠᠭᠤᠯᠤᠨ ᠢᠯᠪᠢᠬᠦ ᠲᠦᠰᠢᠮᠡᠯ ︵宣抚山北辽东道使︶᠎ ᠢᠶᠠᠷ ᠲᠤᠮᠢᠯᠠᠵᠦ ᠬᠠᠷᠬᠢᠰ ᠨᠤᠶᠠᠨ ᠵᠢᠰᠦᠷ ᠡᠷᠬᠡᠲᠡᠳ ᠢ ᠴᠠᠭᠠᠵᠠ ᠪᠠᠷ ᠴᠠᠭᠠᠵᠠᠯᠠᠭᠤᠯᠪᠠ᠃ ᠲᠡᠷᠡ ᠡᠨᠡ ᠲᠤᠰᠢᠶᠠᠯ ᠳᠤ ᠪᠠᠶᠢᠬᠤ ᠳᠠᠭᠠᠨ ᠲᠡᠭᠡᠲᠦ ᠨᠡᠶᠢᠰᠯᠡᠯ ᠪᠠ ᠶᠡᠭᠡ ᠨᠡᠶᠢᠰᠯᠡᠯ ᠳᠠᠬᠢ ᠬᠤᠶᠠᠭ ᠴᠡᠷᠢᠭ ᠤᠨ ᠠᠮᠤ ᠬᠦᠨᠡᠰᠦ ᠶᠢ ᠬᠠᠩᠭᠠᠭᠰᠠᠨ ᠎ ᠠᠴᠠ ᠭᠠᠳᠠᠨ᠎ᠠ ᠯᠠᠤᠬ᠎ᠠ ᠶᠢᠨ ᠭᠤᠤᠯ ︵ᠯᠢᠶᠤᠤ ᠡᠾᠧ辽河︶ ᠬᠢᠭᠡᠳ ᠲᠦᠷᠭᠡᠨ ᠭᠤᠤᠯ ︵ᠯᠤᠸᠠᠨ ᠡᠾᠧ滦河᠂即锦川︶ ᠲᠠᠭᠠᠤ ᠬᠢ ᠭᠠᠴᠢᠭᠳᠠᠯᠲᠦ ᠢᠷᠭᠡᠳ ᠢ ᠲᠡᠳᠬᠦᠨ ᠲᠡᠩᠬᠡᠷᠡᠭᠦᠯᠵᠦ᠂ ︽ᠤᠬᠠᠭᠤᠯᠤᠨ ᠢᠯᠪᠢᠬᠦ ᠵᠠᠷᠯᠢᠭ ᠤᠨ ᠲᠦᠰᠢᠮᠡᠯ ᠠᠴᠠ ᠭᠠᠵᠠᠷ ᠬᠦᠳᠡᠯᠦᠭᠰᠡᠨ ᠠᠴᠠ ᠪᠤᠯᠤᠭᠰᠠᠨ ᠶᠢᠰᠤᠨ ᠬᠡᠷᠡᠭ ᠤᠨ ᠠᠶᠢᠯᠠᠳᠬᠠᠯ︾ ᠭᠡᠳᠡᠭ ᠠᠶᠢᠯᠠᠳᠬᠠᠯ ᠤᠨ ᠪᠢᠴᠢᠭ ᠢᠶᠠᠨ ᠬᠠᠭᠠᠨ ᠳᠤ ᠡᠷᠭᠦᠭᠰᠡᠨ ᠠᠴᠠ ᠲᠦᠷᠦ ᠪᠠ ᠬᠦᠳᠡᠭᠡ ᠶᠢᠨ ᠠᠩᠬᠠᠷᠤᠯ ᠢ ᠲᠤᠩ ᠶᠡᠭᠡ ᠪᠠᠷ ᠲᠠᠳᠠᠭᠰᠠᠨ ᠪᠠᠶᠢᠨ᠎ᠠ᠃ ᠶᠡᠭᠡ ᠡᠷᠳᠡᠮᠲᠦ ᠶᠢᠨ ᠠᠷᠪᠠᠳᠤᠭᠠᠷ ᠤᠨ ︵1306 ᠤᠨ︶᠎ ᠳᠤ ᠮᠡᠷᠭᠡᠳ ᠎ ᠤᠨ ᠬᠦᠷᠢᠶᠡᠯᠡᠩ ᠤᠨ ᠡᠷᠳᠡᠮᠲᠡᠨ ︵集贤学士︶᠂ ᠲᠦᠪ ᠪᠢᠴᠢᠭ ᠤᠨ ᠮᠤᠵᠢ ᠶᠢᠨ ᠬᠡᠷᠡᠭ ᠵᠦᠪᠯᠡᠭᠴᠢ ︵参议中书省事︶ ᠪᠤᠯᠤᠨ ᠲᠡᠪᠰᠢᠭᠦᠯᠦᠭᠳᠡᠭᠡᠳ᠂ ᠬᠠᠭᠠᠨ ᠳᠤ ᠡᠷᠭᠦᠭᠰᠡᠨ ᠠᠷᠪᠠᠨ ᠬᠡᠷᠡᠭ ᠤᠨ ᠲᠤᠭᠠᠴᠢᠯᠲᠠ ᠨᠤᠭᠤᠳ ᠨᠢ ᠴᠦᠮ ᠲᠡᠷᠡ ᠴᠠᠭ ᠤᠨ ᠭᠡᠮᠲᠦ ᠬᠡᠷᠡᠭ ᠤᠳ ᠢ ᠢᠯᠡᠴᠢᠯᠡᠭᠰᠡᠨ ᠪᠠᠶᠢᠵᠠᠢ᠃               ᠶᠡᠭᠡ ᠡᠷᠳᠡᠮᠲᠦ ︵ᠳ᠋ᠠ ᠳ᠋ᠧ大德︶᠎ ᠶᠢᠨ ᠠᠷᠪᠠᠨ ᠨᠢᠭᠡᠳᠦᠭᠡᠷ ᠤᠨ ︵1307 ᠤᠨ︶᠎ ᠳᠤ᠂ ᠪᠦᠲᠦᠭᠡᠭᠴᠢ ᠲᠡᠭᠡᠳᠦᠰ ︵ᠴᠧᠩᠽᠦ᠋ᠩ成宗︶ ᠲᠡᠮᠦᠷ ᠬᠠᠭᠠᠨ ᠲᠡᠭᠷᠢ ᠪᠤᠯᠵᠦ᠂ ᠴᠤᠭᠲᠦ ᠲᠡᠭᠡᠳᠦᠰ ︵ᠦᠽᠦ᠋ᠩ武 宗︶ ᠬᠠᠶᠢᠰᠠᠩ ︵海山︶ ᠬᠠᠭᠠᠨ ᠰᠠᠭᠤᠷᠢᠨ ᠢ ᠵᠠᠯᠭᠠᠮᠵᠢᠯᠠᠮᠠᠭᠴᠠ ᠯᠢᠦ ᠮᠢᠨ ᠵᠦᠩ ᠢ ᠲᠡᠭᠡᠳᠦ ᠨᠡᠶᠢᠰᠯᠡᠯ ︵上都︶᠎ ᠳᠤ ᠵᠠᠷᠯᠢᠭ ᠢᠶᠠᠷ ᠲᠠᠭᠤᠳᠠᠨ ᠢᠷᠡᠭᠦᠯᠵᠦ᠂ ᠮᠡᠷᠭᠡᠳ ᠤᠨ ᠬᠦᠷᠢᠶᠡᠯᠡᠩ ᠤᠨ ᠡᠷᠳᠡᠮᠲᠡᠨ ︵集贤学士︶ ᠪᠦᠭᠡᠳ ᠲᠠᠶᠠ ︵dayaa︶ ᠬᠦᠪᠡᠬᠦᠨ ᠤ ᠤᠩᠰᠢᠨ ᠲᠠᠶᠢᠯᠪᠤᠷᠢᠯᠠᠭᠴᠢ ᠰᠠᠶᠢᠳ ︵太子赞善︶ ᠪᠤᠯᠭᠠᠨ ᠲᠦᠰᠢᠬᠦ ᠶᠢᠨ ᠬᠠᠮᠲᠦ ᠮᠦᠨ ᠪᠠᠰᠠ ᠲᠦᠪ ᠪᠢᠴᠢᠭ ᠤᠨ ᠮᠤᠵᠢ ᠶᠢᠨ ᠬᠡᠷᠡᠭ ᠵᠦᠪᠯᠡᠭᠴᠢ ︵商议中书省事︶᠎ ᠪᠠᠷ ᠲᠤᠮᠢᠯᠠᠬᠤ ᠶᠢᠨ ᠲᠠᠭᠠᠤ ᠴᠭᠠᠨ ᠠᠯᠲᠠ ᠬᠢᠭᠡᠳ ᠡᠳ᠋ ᠪᠤᠳᠠᠰ ᠲᠡᠷᠢᠭᠦᠲᠡᠨ ᠢ ᠱᠠᠩᠨᠠᠨ ᠰᠤᠶᠤᠷᠬᠠᠪᠠ᠃             ᠤᠨᠤᠯᠲᠦ ᠶᠡᠭᠡ ︵ᠵᠾᠢ ᠳ᠋ᠠ至大︶᠎ ᠶᠢᠨ ᠲᠦᠷᠪᠡᠳᠦᠭᠡᠷ ᠤᠨ ︵1311 ᠤᠨ︶᠎ ᠳᠤ ᠴᠤᠭᠲᠦ ᠲᠡᠭᠡᠳᠦᠰ ᠬᠠᠶᠢᠰᠠᠩ ︵武宗海山︶ ᠬᠠᠭᠠᠨ ᠬᠠᠯᠢᠵᠦ᠂ ᠦᠷᠰᠢᠶᠡᠯᠲᠦ ᠲᠡᠭᠡᠳᠦᠰ ︵ᠷᠧᠨᠽᠦ᠋ᠩ仁宗︶ ᠠᠶᠤᠷᠪᠠᠷᠸᠠᠳᠠ ︵爱育黎拔力八达︶ ᠬᠠᠭᠠᠨ ᠰᠠᠭᠤᠷᠢᠨ ᠢ ᠵᠠᠯᠭᠠᠮᠵᠢᠯᠠᠪᠠ᠃ ᠯᠢᠦ ᠮᠢᠨ ᠵᠦᠩ ᠲᠤᠮᠤᠭᠠᠲᠠᠨ ᠪᠢᠴᠢᠭᠲᠡᠨ ︵宿儒︶ ᠪᠦᠭᠡᠳ ᠬᠡᠳᠦᠨ ᠲᠦᠷᠦ ᠶᠢᠨ ᠦᠲᠡᠭᠦᠰ ᠲᠦᠰᠢᠮᠡᠳ ᠤᠨ ᠬᠤᠪᠢ ᠎ ᠪᠠᠷ ᠨᠡᠶᠢᠰᠯᠡᠯ ᠳᠤ ᠵᠠᠷᠯᠢᠭ ᠢᠶᠠᠷ ᠲᠠᠭᠤᠲᠠᠭᠳᠠᠨ ᠢᠷᠡᠭᠡᠳ ᠬᠠᠭᠠᠨ ᠯᠤᠭ᠎ᠠ ᠵᠠᠰᠠᠭ ᠲᠦᠷᠦ ᠶᠢ ᠵᠦᠪᠳᠡᠪᠡ᠃ ᠬᠤᠵᠢᠮ ᠨᠢ ᠬᠤᠶᠢᠬᠤ ᠭᠤᠤᠯ ᠤᠨ ᠪᠠᠷᠠᠭᠤᠳᠠᠬᠢ ᠵᠠᠰᠠᠭ ᠢ ᠠᠷᠢᠭᠤᠳᠬᠠᠨ ᠴᠢᠭᠡᠴᠢ ᠪᠠᠷ ᠰᠤᠷᠪᠤᠯᠵᠢᠯᠠᠬᠤ ᠲᠦᠰᠢᠮᠡᠯ ︵淮西肃政廉访使︶᠎ ᠢᠶᠠᠷ ᠲᠦᠰᠢᠭᠳᠡᠵᠦ ᠪᠠᠶᠢᠭᠰᠠᠨ ᠠᠴᠠ ᠪᠠᠨ ᠰᠢᠯᠤᠭᠤᠨ ᠡᠷᠭᠦᠮᠵᠢᠯᠡᠯᠲᠦ ᠪᠢᠴᠢᠭ ᠤᠨ ᠰᠠᠶᠢᠳ ︵通奉大夫︶ ᠪᠤᠯᠭᠠᠪᠠ᠂ ᠤᠳᠠᠯ ᠦᠭᠡᠢ ᠱᠠᠨᠳᠦ᠋ᠩ ᠤᠨ ᠢᠯᠪᠡᠨ ᠲᠤᠬᠤᠨᠢᠭᠤᠯᠬᠤ ᠲᠦᠰᠢᠮᠡᠯ ︵山东宣慰使︶᠎ ᠢᠶᠠᠷ ᠲᠦᠰᠢᠭᠲᠡᠪᠡ᠃ ᠠᠶᠤᠷᠪᠠᠷᠸᠠᠳᠠ ᠬᠠᠭᠠᠨ ᠤ ᠬᠠᠮᠤᠭ ᠪᠠᠶᠠᠰᠬᠤᠯᠠᠩᠲᠦ ︵ᠬᠤᠸᠠᠩ ᠴᠢᠩ皇庆︶᠎ ᠶᠢᠨ ᠠᠩᠬᠠᠳᠤᠭᠠᠷ ᠤᠨ ︵1312 ᠤᠨ︶᠎ ᠳᠤ ᠪᠢᠴᠢᠭ ᠤᠨ ᠮᠡᠷᠭᠡᠳ ᠤᠨ ᠬᠦᠷᠢᠶᠡᠯᠡᠩ ᠤᠨ ᠡᠷᠲᠡᠮᠳᠡᠨ ᠤ ᠵᠠᠷᠯᠢᠭ ᠲᠠᠭᠠᠭᠠᠴᠢᠯᠠᠭᠴᠢ ᠰᠠᠶᠢᠳ ︵翰林学士承旨︶᠎ ᠢᠶᠠᠷ ᠲᠡᠪᠰᠢᠭᠦᠯᠦᠭᠳᠡᠵᠦ᠂ ᠲᠦᠷᠦ ᠳᠤ ᠲᠡᠳᠬᠦᠭᠰᠡᠨ ᠰᠠᠶᠢᠳ ︵荣禄大 夫᠂ ᠲᠠᠷᠤᠢ ᠭᠡᠭᠡᠨ ᠬᠡᠰᠢᠭᠲᠦ ᠰᠠᠶᠢᠳ︶᠎ ᠢᠶᠠᠷ ᠲᠦᠰᠢᠭᠳᠡᠵᠦ᠂ ᠵᠠᠷᠯᠢᠭ ᠲᠤᠩᠬᠠᠭ ᠢ ᠪᠢᠴᠢᠭᠯᠡᠬᠦ ᠶᠢᠨ ᠬᠠᠮᠲᠦ ᠤᠯᠤᠰ ᠤᠨ ᠰᠤᠳᠤᠷ ᠢ ᠰᠡᠯᠪᠢᠪᠡ᠃ ︽ᠤᠨ ᠤ ᠴᠤᠯᠠ ᠶᠢ ᠬᠠᠮᠤᠭ ᠪᠠᠶᠠᠰᠬᠤᠯᠠᠩᠲᠦ ᠬᠡᠮᠡᠨ ᠤᠯᠠᠷᠢᠭᠤᠯᠤᠭᠰᠠᠨ ᠵᠢᠯ ᠳᠤ ᠠᠶᠢᠯᠠᠳᠬᠠᠭᠰᠠᠨ ᠵᠦᠪᠯᠡᠮᠵᠢ ︵皇庆改元岁奏议︶︾ ᠬᠢᠭᠡᠳ ︽ᠪᠢᠴᠢᠭ ᠤᠨ ᠮᠡᠷᠭᠡᠳ ᠤᠨ ᠬᠦᠷᠢᠶᠡᠯᠡᠩ ᠠᠴᠠ ᠠᠶᠢᠯᠠᠳᠬᠠᠭᠰᠠᠨ ᠵᠦᠪᠯᠡᠮᠵᠢ ︵翰林院奏议︶︾ ᠵᠡᠷᠭᠡ ᠠᠶᠢᠯᠠᠳᠬᠠᠯ ᠤᠨ ᠪᠢᠴᠢᠭ ᠢᠶᠠᠨ ᠬᠠᠭᠠᠨ ᠳᠤ ᠡᠷᠭᠦᠨ ᠲᠡᠪᠰᠢᠭᠦᠯᠵᠦ᠂ ᠲᠤᠯᠤᠭᠠᠨ ᠤᠴᠢᠷ ᠢ ᠲᠤᠭᠠᠴᠢᠨ ᠠᠶᠢᠯᠠᠳᠬᠠᠭᠰᠠᠨ ᠳᠤ ᠬᠠᠭᠠᠨ ᠪᠠᠷ ᠮᠠᠰᠢᠲᠠ ᠲᠠᠭᠠᠯᠠᠨ ᠲᠤᠭᠲᠠᠭᠠᠪᠠ᠃ ᠠᠷᠪᠢᠳᠬᠠᠨ ᠢᠪᠡᠭᠡᠭᠴᠢ ︵ᠶᠠᠨ ᠶᠢᠦ延祐︶᠎ ᠶᠢᠨ ᠠᠩᠬᠠᠳᠤᠭᠠᠷ ᠤᠨ ︵1314 ᠤᠨ︶ ᠎ ᠳᠤ ᠡᠪᠡᠳᠴᠢᠨ ᠤ ᠬᠠᠷᠠᠭ᠎ᠠ ᠪᠠᠷ ᠲᠤᠰᠢᠶᠠᠯ ᠢᠶᠠᠨ ᠶᠡᠭᠦᠯᠡᠵᠦ ᠨᠤᠲᠤᠭ ᠲᠠᠭᠠᠨ ᠡᠭᠡᠭᠰᠡᠨ ᠪᠤᠯᠪᠠᠴᠦ ᠲᠦᠷᠦ ᠭᠦᠷᠦᠨ ᠎ ᠠᠴᠠ ᠬᠦᠨᠳᠦ ᠴᠢᠬᠤᠯᠠ ᠵᠠᠷᠯᠢᠭ ᠲᠤᠩᠬᠠᠭ ᠢ ᠲᠤᠭᠤᠷᠪᠢᠨ ᠪᠢᠴᠢᠬᠦ ᠦᠶ᠎ᠡ ᠳᠤ ᠶᠠᠭᠤᠨ ᠤ ᠡᠮᠦᠨ᠎ᠡ ᠲᠡᠭᠦᠨ ᠤ ᠭᠠᠷ ᠎ ᠠᠴᠠ ᠪᠢᠴᠢᠭ ᠡᠯᠰᠡᠳᠡᠭ ᠪᠠᠶᠢᠪᠠ᠂ ᠡᠶᠢᠮᠦ ᠶᠢᠨ ᠲᠤᠯᠠ ᠲᠦᠷᠦ ᠵᠠᠰᠠᠭ ᠠᠴᠠ ᠤᠩᠭᠤᠳ ᠠᠶᠢᠮᠠᠭ ᠤᠨ ᠮᠠ ᠽᠦ ᠴᠠᠩ ︵马祖常︶ ᠭᠡᠳᠡᠭ ᠶᠡᠭᠡ ᠲᠦᠰᠢᠮᠡᠯ ᠤᠨ ᠰᠠᠨᠠᠭᠤᠯᠭ᠎ᠠ ᠶᠢ ᠬᠦᠯᠢᠶᠡᠨ ᠠᠪᠴᠦ ᠬᠠᠭᠠᠰ ᠴᠠᠯᠢᠩ ᠤᠨ ᠲᠡᠳᠬᠦᠪᠦᠷᠢ ᠬᠦᠷᠲᠡᠭᠡᠵᠦ ᠰᠡᠯᠡᠭᠦᠨ ᠴᠢᠯᠦᠭᠡᠲᠡᠢ ᠪᠠᠷ ᠠᠮᠦᠷᠵᠢᠭᠤᠯᠤᠨ ᠰᠠᠭᠤᠯᠭᠠᠪᠠ᠃ ᠠᠷᠪᠢᠳᠬᠠᠨ ᠢᠪᠡᠭᠡᠭᠴᠢ ︵ᠶᠠᠨ ᠶᠢᠦ延祐︶᠎ ᠶᠢᠨ ᠲᠠᠪᠤᠳᠤᠭᠠᠷ ᠤᠨ ︵1318 ᠤᠨ︶᠎ ᠤ ᠶᠢᠰᠦᠨ ᠰᠠᠷ᠎ᠠ ᠶᠢᠨ ᠨᠠᠢᠮᠠᠨ ᠤ ᠡᠳᠤᠷ ᠡᠪᠡᠳᠴᠢᠨ ᠢᠶᠠᠷ ᠨᠦᠭᠴᠢᠪᠡ᠂ ᠲᠠᠯᠠᠨ ᠵᠢᠷᠭᠤᠭᠠᠨ ᠨᠠᠰᠤᠯᠠᠵᠠᠢ᠃               ᠡᠰᠡᠨᠲᠡᠮᠦᠷ ︵也孙铁木儿︶ ᠬᠠᠭᠠᠨ ᠤ ᠡᠩᠬᠡ ᠵᠠᠰᠠᠭᠲᠦ ︵ᠲᠠᠶᠢᠳᠢᠩ泰定︶᠎ ᠶᠢᠨ ᠤᠨ ᠤ ᠲᠤᠮᠳᠠᠴᠢ ᠦᠶ᠎ᠡ ᠪᠠᠷ᠂ ᠯᠢᠦ ᠮᠢᠨ ᠵᠦᠩ ᠳᠤ ︽ᠲᠦᠷᠦ ᠳᠤ ᠲᠡᠳᠬᠦᠭᠰᠡᠨ ᠰᠠᠶᠢᠳ ︵荣禄大夫︶︾᠂ ︽ᠲᠦᠷᠦ ᠶᠢᠨ ᠲᠦᠰᠢᠶ᠎ᠡ ᠲᠦᠰᠢᠮᠡᠯ ︵柱国︶︾ ᠭᠡᠬᠦ ᠰᠤᠶᠤᠷᠬᠠᠯ ᠴᠤᠯᠠ ᠬᠦᠷᠲᠡᠭᠡᠭᠰᠡᠨ ᠪᠦᠭᠡᠳ ︽ᠴᠢ ᠭᠠᠵᠠᠷ ᠤᠨ ᠬᠡᠷᠬᠢᠮᠲᠡᠨ ︵齐国公︶︾ ᠬᠡᠮᠡᠨ ᠨᠡᠬᠡᠨ ᠡᠷᠭᠦᠮᠵᠢᠯᠡᠵᠦ᠂ ᠨᠡᠬᠡᠨ ᠡᠷᠭᠦᠮᠵᠢᠯᠡᠭᠰᠡᠨ ᠴᠤᠯᠠ ᠶᠢ ᠨᠢ ︽ᠪᠢᠴᠢᠭ ᠤᠨ ᠴᠤᠭᠤᠳᠠᠰᠤ ︵ᠸᠧᠨ ᠵᠢᠶᠠᠨ文简︶︾ ᠭᠡᠵᠠᠢ᠃ ᠮᠦᠨ ᠪᠠᠰᠠ ᠪᠢᠴᠢᠭ ᠤᠨ ᠲᠦᠰᠢᠮᠡᠳ ᠢ ᠵᠠᠷᠯᠢᠭᠳᠠᠨ ᠭᠡᠷᠡᠯᠲᠦ ᠬᠦᠰᠢᠶ᠎ᠡ ᠪᠤᠰᠬᠠᠯᠭᠠᠵᠦ᠂ ᠲᠠᠬᠢᠯ ᠤᠨ ᠰᠦᠮ᠎ᠡ ᠪᠠᠶᠢᠭᠤᠯᠤᠨ ᠲᠠᠬᠢᠯ ᠲᠠᠪᠢᠯᠭ᠎ᠠ ᠡᠷᠭᠦᠲᠦᠭᠡᠢ ᠭᠡᠵᠦ ᠵᠠᠷᠯᠢᠭᠳᠠᠪᠠ᠃ ᠲᠡᠭᠦᠨ ᠤ ᠤᠩᠭᠤᠨ ᠨᠢ ᠤᠳᠤ ᠶᠢᠨ ᠱᠠᠨᠳᠦ᠋ᠩ ᠮᠤᠵᠢ ᠶᠢᠨ ᠵᠠᠩᠴᠢᠦ ᠬᠤᠲᠠ ᠎ ᠶᠢᠨ ᠰᠢᠦ ᠬᠤᠢ ᠵᠧᠨ ᠪᠠᠯᠭᠠᠰᠤ ᠶᠢᠨ ᠰᠢ ᠭᠤᠤ ᠲᠤᠰᠬᠤᠨ ︵山东省章丘市绣惠镇西皋村︶᠎ ᠳᠤ ᠪᠤᠢ᠃☆皋᠂ ᠭᠤᠤ ᠭᠡᠵᠦ ᠤᠩᠰᠢᠨ᠎ᠠ᠂ ᠨᠠᠮᠤᠭ ᠭᠠᠵᠠᠷ ᠪᠤᠶᠤ ᠨᠠᠭᠤᠷ ᠭᠤᠤᠯ ᠤᠨ ᠬᠦᠪᠡᠭᠡ ᠭᠡᠰᠡᠨ ᠦᠭᠡ ᠶᠤᠮ᠃               ᠯᠢᠦ ᠮᠢᠨ ᠵᠦᠩ ᠪᠤᠯ ᠶᠤᠸᠠᠨ ᠤᠯᠤᠰ ᠤᠨ ᠶᠡᠭᠡ ᠲᠦᠰᠢᠮᠡᠯ ᠪᠤᠯᠬᠤ ᠪᠠᠷ ᠪᠠᠷᠠᠬᠤ ᠦᠭᠡᠢ ᠪᠠᠰᠠ ᠶᠡᠭᠡ ᠵᠤᠬᠢᠶᠠᠯᠴᠢ ᠪᠤᠯᠬᠤ ᠶᠤᠮ᠃ ᠲᠡᠭᠦᠨ ᠳᠤ᠄ ︽ᠲᠡᠷᠴᠤᠭ ᠪᠦᠷᠭᠡᠲᠦ ᠶᠢᠨ ᠵᠤᠬᠢᠶᠠᠯ ᠤᠨ ᠬᠤᠷᠢᠶᠠᠮᠵᠢ ︵中庵集︶︾ ᠭᠡᠳᠡᠭ ᠬᠤᠷᠢᠨ ᠲᠠᠪᠤᠨ ᠪᠤᠳᠢ ᠵᠤᠬᠢᠶᠠᠯ ᠲᠠᠢ ᠪᠦᠭᠡᠳ ᠪᠠᠰᠠ ︽ᠰᠦᠩ ᠤᠯᠤᠰ ᠢ ᠲᠦᠪᠰᠢᠳᠭᠡᠭᠰᠡᠨ ᠲᠡᠮᠳᠡᠭᠯᠡᠯ ︵平 宋录︶︾ ︵ᠡᠨᠡ ᠨᠤᠮ ᠢ ᠪᠠᠰᠠ ︽ᠤᠯᠠᠭᠠᠨ ᠬᠤᠯᠤᠭᠠᠨ ᠵᠢᠯ ᠳᠤ ᠰᠦᠩ ᠤᠯᠤᠰ ᠢ ᠲᠦᠪᠰᠢᠳᠭᠡᠭᠰᠡᠨ ᠲᠡᠮᠳᠡᠭᠯᠡᠯ丙 子平宋录︾ ᠭᠡᠳᠡᠭ︶ ᠭᠡᠬᠦ ᠭᠤᠷᠪᠠᠨ ᠪᠤᠳᠢ ᠵᠤᠬᠢᠶᠠᠯ ᠲᠠᠢ ᠶᠤᠮ᠃ ᠲᠡᠭᠦᠨ ᠤ ᠡᠳᠡᠭᠡᠷ ᠵᠤᠬᠢᠶᠠᠯ ᠨᠢ ᠶᠤᠸᠠᠨ ᠤᠯᠤᠰ ᠤᠨ ᠵᠠᠰᠠᠭ ᠵᠠᠰᠠᠯᠲᠠ᠂ ᠤᠳᠬ᠎ᠠ ᠰᠤᠶᠤᠯ ᠪᠠ ᠲᠡᠤᠬᠡ ᠶᠢ ᠰᠤᠳᠤᠯᠬᠤ ᠳᠤ ᠤᠯᠳᠠᠰᠢ ᠦᠭᠡᠢ ᠬᠤᠪᠤᠷ ᠨᠠᠨᠳᠢᠨ ᠰᠤᠷᠪᠤᠯᠵᠢ ᠪᠢᠴᠢᠭ ᠪᠤᠯᠬᠤ ᠶᠤᠮ᠃ ᠯᠢᠦ ᠮᠢᠨ ᠵᠦᠩ ᠤᠨ ᠲᠤᠬᠠᠢ ᠭᠡᠪᠡᠯ᠄ ︽ᠶᠤᠸᠠᠨ ᠤᠯᠤᠰ ᠤᠨ ᠰᠤᠳᠤᠷ ︵元史︶︾᠎ ᠤᠨ ᠨᠢᠭᠡ ᠵᠠᠭᠤ ᠲᠠᠯᠠᠨ ᠨᠠᠢᠮᠠᠳᠤᠭᠠᠷ ᠪᠤᠳᠢ ᠎ ᠳᠤ ᠱᠠᠰᠳᠢᠷ ᠪᠠᠶᠢᠬᠤ ᠠᠴᠠ ᠭᠠᠳᠠᠨ᠎ᠠ ︽ᠵᠠᠩᠴᠢᠦ ᠰᠢᠶᠠᠨ ᠤ ᠤᠶᠢᠯᠠᠯᠭ᠎ᠠ ︵章丘县志︶︾᠎ ᠳᠤ ᠲᠡᠮᠳᠡᠭᠯᠡᠯ ᠪᠤᠢ᠃               ᠯᠢᠦ ᠮᠢᠨ ᠵᠦᠩ ᠪᠤᠯ ᠶᠤᠸᠠᠨ ᠤᠯᠤᠰ ᠤᠨ ᠰᠤᠷᠪᠤᠯᠵᠢ ᠤᠷᠢᠳᠤᠰ ︵ᠱᠢᠽᠦ世祖︶ ᠬᠤᠪᠢᠯᠠᠢ ᠰᠡᠴᠡᠨ ᠬᠠᠭᠠᠨ᠂ ᠪᠦᠲᠦᠭᠡᠭᠴᠢ ᠲᠡᠭᠡᠳᠦᠰ ︵ᠴᠧᠩᠽᠦ᠋ᠩ成宗︶ ᠲᠡᠮᠦᠷ ᠬᠠᠭᠠᠨ᠂ ᠴᠤᠭᠲᠦ ᠲᠡᠭᠡᠳᠤᠰ ︵ᠦᠽᠦ᠋ᠩ武 宗︶ ᠬᠠᠶᠢᠰᠠᠩ ᠬᠠᠭᠠᠨ᠂ ᠦᠷᠰᠢᠶᠡᠯᠲᠦ ᠲᠡᠭᠡᠳᠦᠰ ︵ᠷᠧᠨᠽᠦ᠋ᠩ仁宗︶ ᠠᠶᠤᠷᠪᠠᠷᠸᠠᠳᠠ ᠬᠠᠭᠠᠨ ᠵᠡᠷᠭᠡ ᠲᠦᠷᠪᠡᠨ ᠬᠠᠭᠠᠨ ᠳᠤ ᠪᠦᠬᠦᠯᠢ ᠲᠠᠪᠢᠨ ᠲᠠᠪᠤᠨ ᠵᠢᠯ ᠦᠢᠯᠡᠴᠢᠯᠡᠭᠰᠡᠨ ᠰᠢᠳᠦᠷᠭᠤ ᠵᠢᠷᠦᠮᠲᠦ ᠲᠦᠰᠢᠶ᠎ᠡ ᠲᠦᠰᠢᠮᠡᠯ ᠪᠢᠯᠠ᠃         ︵ᠦᠷᠬᠦᠯᠵᠢᠯᠡᠯ ᠪᠤᠢ︶  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号