| | | ☆ ﹇ᠶᠤᠸᠠᠨ ᠤᠯᠤᠰ﹈ ᠯᠢᠦ ᠮᠢᠨ ᠵᠦᠩ ᠵᠤᠬᠢᠶᠠᠪᠠ | ☆ ᠪᠤᠷᠵᠢᠭᠢᠨ ᠰᠤᠭᠳᠤᠷᠵᠠᠪ ᠤᠷᠴᠢᠭᠤᠯᠵᠦ ᠲᠠᠶᠢᠯᠪᠤᠷᠢᠯᠠᠪᠠ | | | | ᠬᠠᠮᠤᠭ ᠪᠠᠶᠠᠰᠬᠤᠯᠠᠩᠲᠦ ︵2︶ ᠬᠡᠮᠡᠨ ᠤᠨ ᠤ ᠴᠤᠯᠠ ︵3︶ ᠶᠢ ᠤᠯᠠᠷᠢᠭᠤᠯᠤᠭᠰᠠᠨ ᠤ ᠡᠪᠤᠯ ᠤᠨ | ᠠᠷᠪᠠᠨ ᠨᠢᠭᠡᠳᠦᠭᠡᠷ ᠰᠠᠷ᠎ᠠ ᠳᠤᠷ᠂ ﹇ᠬᠠᠭᠠᠨ ᠪᠠᠷ﹈ ᠪᠢᠴᠢᠭ ᠤᠨ ᠮᠡᠷᠭᠡᠳ ᠤᠨ ᠬᠦᠷᠢᠶᠡᠯᠡᠩ ︵ 4︶ ᠳᠤᠷ ᠵᠠᠷᠯᠢᠭ | ᠪᠤᠯᠤᠭᠰᠠᠨ ᠠᠨᠤ᠄ ᠢᠩᠴᠠᠩ ᠬᠤᠷᠤᠭ᠎ᠠ ︵5︶ ᠶᠢᠨ ᠬᠢᠵᠠᠭᠠᠯᠠᠰᠢ ᠦᠭᠡᠢ ᠰᠦᠮ᠎ᠡ ᠶᠢᠨ ᠭᠡᠷᠡᠯᠲᠦ ᠬᠦᠰᠢᠶᠡᠨ ᠤ | ᠲᠡᠮᠳᠡᠭᠯᠡᠯ ᠢᠨᠦ ᠬᠠᠷᠠᠬᠠᠨ ᠪᠤᠰᠬᠠᠭᠳᠠᠭᠠ ᠦᠭᠡᠢ ᠲᠤᠯᠠ ᠲᠡᠷᠡᠬᠦ ᠰᠦᠮ᠎ᠡ ᠪᠠᠶᠢᠭᠤᠯᠤᠭᠳᠠᠭᠰᠠᠨ ᠡᠬᠢ ᠠᠳᠠᠭ ᠢ ᠠᠨᠤ | ᠲᠤᠭᠤᠷᠪᠢᠨ ᠪᠢᠴᠢᠭᠦᠯᠦᠭᠡᠳ᠂ ᠬᠦᠰᠢᠶ᠎ᠡ ᠴᠢᠯᠠᠭᠤᠨ᠎ᠠ ᠰᠡᠶᠢᠯᠡᠭᠦᠯᠰᠦᠭᠡᠢ ᠬᠡᠮᠡᠭᠰᠡᠨ ᠬᠠᠭᠠᠨ ᠤ ᠡᠭᠡᠴᠢ ᠶᠡᠭᠡ | ᠡᠭᠡᠴᠢᠮᠡᠳ ᠪᠠᠬᠢ ︵ᠭᠦᠩᠵᠦ︶ ᠶᠢᠨ ᠭᠤᠶᠤᠴᠢᠯᠠᠯ ᠢ ᠠᠶᠢᠯᠠᠳᠬᠠᠭᠰᠠᠨ ᠢᠶᠠᠷ ᠠᠨᠤ ᠪᠤᠯᠭᠠᠭᠳᠤᠨ ᠬᠡᠮᠡᠵᠦᠬᠦᠢ᠃ | ᠲᠡᠶᠢᠨᠬᠦ ᠲᠦᠰᠢᠮᠡᠯ ᠯᠢᠦ ᠮᠢᠨ ᠵᠦᠩ ︵6︶ ᠪᠠᠷ ᠵᠠᠷᠯᠢᠭ ᠢ ᠬᠦᠯᠢᠶᠡᠨ ᠲᠠᠭᠠᠭᠠᠴᠢᠯᠠᠨ ᠠᠪᠴᠤ ᠰᠡᠯᠪᠢᠨ ᠪᠢᠴᠢᠯᠦᠭᠡ | ᠃ ᠪᠠᠶᠢᠴᠠᠭᠠᠬᠤᠯ᠎ᠠ᠄ ᠪᠤᠭᠳᠠ ᠬᠠᠭᠠᠨᠲᠦ ᠶᠤᠸᠠᠨ ᠤᠯᠤᠰ ᠤᠨ ᠲᠤᠯᠭᠤᠷ ᠲᠦᠷᠦ ᠴᠤᠭᠴᠠᠯᠠᠭᠳᠠᠭᠰᠠᠨ ᠠᠴᠠ ᠢᠨᠠᠭᠰᠢ | ᠂ ᠢᠯᠠᠭᠤᠭᠰᠠᠨ ᠭᠠᠪᠢᠶᠠᠲᠤ ᠭᠡᠷ ᠤᠭᠰᠠᠭᠠᠳᠠᠨ ᠨᠤᠭᠤᠳ ᠤᠨ ᠲᠤᠲᠤᠷ᠎ᠠ ᠠᠴᠠ᠂ ᠦᠬᠢᠨ ᠲᠦᠷᠦᠪᠡᠰᠤ ᠬᠠᠲᠤᠨ | ᠪᠤᠯᠵᠦ᠂ ᠬᠦᠪᠡᠬᠦᠨ ᠲᠦᠷᠦᠪᠡᠰᠦ ᠪᠠᠬᠢ ︵ᠭᠦᠩᠵᠦ︶ ᠯᠦᠭᠡ ᠭᠡᠷᠯᠡᠨ᠂ ᠦᠶ᠎ᠡ ᠤᠯᠠᠷᠢᠨ ﹇ᠬᠠᠭᠠᠨ ᠯᠤᠭ᠎ᠠ﹈ | ᠤᠷᠤᠭ ᠲᠦᠷᠦᠯ ᠪᠤᠯᠤᠨ ᠬᠦᠨᠳᠦᠯᠡᠭᠳᠡᠭᠡᠳ᠂ ﹇ᠡᠵᠡᠨ ᠬᠠᠭᠠᠨ ᠤ﹈ ᠡᠩᠬᠦᠷᠢ ᠬᠠᠶᠢᠷ᠎ᠠ ᠶᠢ ᠲᠠᠰᠤᠷᠬᠠᠢ ᠦᠮᠴᠢᠷᠬᠡᠨ | ᠬᠦᠷᠲᠡᠭᠴᠢ ᠬᠡᠮᠡᠪᠡᠰᠦ ᠭᠠᠭᠴᠠ ᠬᠦ ᠬᠤᠩᠬᠢᠷᠠᠳ ᠤᠪᠤᠭᠲᠠᠨ ︵7︶ ᠲᠡᠳᠦᠢ ᠪᠠᠭ᠋ᠠᠨᠠ᠃ | ᠲᠡᠭᠦᠨᠴᠢᠯᠡᠨ ︵ᠲᠡᠳᠡᠨ ᠤ︶ ᠢᠵᠠᠭᠤᠷ ᠰᠤᠷᠪᠤᠯᠵᠢ ᠶᠢ ᠠᠨᠤ ᠨᠢᠭᠲᠠᠯᠠᠬᠤᠯᠠ᠂ ᠠᠯᠴᠤ ᠨᠤᠶᠠᠨ ︵8︶ | ᠪᠠᠷ ᠵᠠᠷᠯᠢᠭ ᠢ ᠲᠠᠭᠠᠵᠦ᠂ ᠭᠠᠪᠢᠶ᠎ᠠ ᠪᠠᠷ ᠢᠯᠡᠷᠬᠡᠶᠢᠯᠡᠨ ᠡᠷᠭᠦᠮᠵᠢᠯᠡᠭᠳᠡᠭᠰᠡᠨ ᠢᠨᠦ ᠲᠤᠯᠭᠤᠷ ᠤᠷᠢᠳᠤᠰ ︵9︶ ︵ | ᠲᠠᠶᠢᠽᠦ ᠴᠢᠩᠬᠢᠰ ᠬᠠᠭᠠᠨ︶ ᠤᠨ ᠦᠶ᠎ᠡ ︵1227 ᠤᠨ︶ ᠳᠤᠷ ᠪᠤᠶᠤ᠃ ᠪᠦᠲᠦᠭᠡᠭᠴᠢ ᠲᠡᠭᠡᠳᠦᠰ ︵10︶ ︵ | ᠴᠧᠩᠽᠦ᠋ᠩ ᠲᠡᠮᠦᠷ ᠬᠠᠭᠠᠨ︶ ᠤᠨ ᠢᠵᠠᠭᠤᠷ ᠪᠠᠲᠦ ︵11︶ ︵ᠶᠤᠸᠠᠨ ᠵᠧᠨ︶ ᠬᠡᠮᠡᠬᠦᠢ ᠶᠢᠨ ᠠᠩᠬᠠᠳᠤᠭᠠᠷ | ᠤᠨ ︵1295 ᠤᠨ︶ ᠳᠤᠷ᠂ ﹇ᠠᠯᠴᠤ ᠨᠤᠶᠠᠨ ᠢ﹈ ᠵᠢᠨᠢᠩ ᠸᠠᠩ ︵12︶ ᠬᠡᠮᠡᠨ ᠨᠡᠬᠡᠨ ᠡᠷᠭᠦᠮᠵᠢᠯᠡᠵᠦ᠂ | ᠨᠡᠬᠡᠨ ᠡᠷᠭᠦᠮᠵᠢᠯᠡᠭᠰᠡᠨ ᠴᠤᠯᠠ ᠶᠢ ᠠᠨᠤ ᠰᠢᠳᠤᠷᠭᠤ ᠪᠠᠭᠠᠲᠦᠷ ᠬᠡᠮᠡᠯᠦᠭᠡ᠃ | ﹇ᠠᠯᠴᠤ ᠨᠤᠶᠠᠨ ᠤ﹈ ᠬᠦᠪᠡᠬᠦᠨ ᠢᠨᠦ ᠨᠠᠴᠢᠨ ︵13︶ ᠬᠡᠮᠡᠭᠴᠢ ᠬᠦᠷᠭᠡᠨ ᠪᠤᠶᠤ᠃ ᠲᠤᠯᠭᠤᠷ | ᠤᠷᠢᠳᠤᠰ ︵ᠲᠠᠶᠢᠽᠦ ᠴᠢᠩᠬᠢᠰ ᠬᠠᠭᠠᠨ︶ ᠤᠨ ᠤᠮᠪᠤᠯᠤ ᠦᠬᠢᠨ ᠰᠡᠴᠡᠭᠡᠨ ᠪᠠᠬᠢ ︵14︶ ︵ᠭᠦᠩᠵᠦ︶ ᠯᠦᠭᠡ | ᠭᠡᠷᠯᠡᠪᠡᠢ᠃ ﹇ᠰᠡᠴᠡᠭᠡᠨ ᠪᠠᠬᠢ ᠬᠢᠭᠡᠳ ᠨᠠᠴᠢᠨ ᠠᠴᠠ﹈ ᠮᠡᠨᠳᠦᠯᠡᠭᠰᠡᠨ ᠬᠦᠪᠡᠬᠦᠨ ᠲᠡᠮᠦᠷ ︵15︶ ᠬᠡᠮᠡᠭᠴᠢ | ᠬᠦᠷᠭᠡᠨ ᠪᠦᠯᠦᠭᠡ᠃ ﹇ᠲᠡᠮᠦᠷ ᠬᠡᠮᠡᠭᠴᠢ ᠬᠤᠪᠢᠯᠠᠢ ᠰᠡᠴᠡᠨ ᠬᠠᠭᠠᠨ ᠤ ᠦᠶ᠎ᠡ ᠳᠤᠷ﹈ ᠤᠮᠠᠷᠠᠰᠢ ᠲᠠᠶᠢᠯᠠᠬᠤᠢ ᠳᠤᠷ | ᠦᠯᠡᠮᠵᠢ ᠭᠠᠪᠢᠶ᠎ᠠ ᠪᠠᠶᠢᠭᠤᠯᠤᠭᠰᠠᠨ ᠲᠤᠯᠠ ᠠᠯᠳᠠᠷᠲᠦ ᠨᠤᠶᠠᠨ ᠬᠡᠮᠡᠭᠳᠡᠭᠰᠡᠨ ᠴᠤᠯᠠ ᠪᠠᠷ ᠰᠤᠶᠤᠷᠬᠠᠭᠳᠠᠵᠦ᠂ | ᠰᠤᠷᠪᠤᠯᠵᠢ ᠤᠷᠢᠳᠤᠰ ᠬᠠᠭᠠᠨ ︵ᠱᠢᠽᠦ᠂ ᠬᠤᠪᠢᠯᠠᠢ ᠰᠡᠴᠡᠨ ᠬᠠᠭᠠᠨ︶ ᠤ ᠭᠤᠷᠪᠠᠳᠤᠭᠠᠷ ᠦᠬᠢᠨ ᠨᠠᠩᠭᠠᠴᠢᠨ | ᠪᠠᠬᠢ ︵16︶ ︵ᠭᠦᠩᠵᠦ︶ ᠯᠦᠭᠡ ᠭᠡᠷᠯᠡᠪᠡᠢ᠃ ᠨᠠᠩᠭᠠᠴᠢᠨ ᠪᠠᠬᠢ ︵ᠭᠦᠩᠵᠦ︶ ᠪᠠᠷ᠄ ᠬᠠᠭᠠᠨ ᠤ ᠠᠪᠠᠭ᠎ᠠ | ᠡᠭᠡᠴᠢ᠂ ᠯᠤ᠋ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠭᠦᠮᠵᠢᠯᠡᠭᠳᠡᠪᠡᠢ᠃ ᠯᠤ᠋ ᠭᠠᠵᠠᠷ ﹇ ᠤᠨ | ᠶᠡᠭᠡ ᠡᠭᠡᠴᠢᠮᠡᠳ ᠪᠠᠬᠢ ︵ᠭᠦᠩᠵᠦ︶ ᠨᠠᠩᠭᠠᠴᠢᠨ﹈ ᠠᠴᠠ ᠭᠤᠷᠪᠠᠨ ᠬᠦᠪᠡᠬᠦᠨ ᠮᠡᠨᠳᠦᠯᠡᠵᠦᠬᠦᠢ᠃ ᠠᠬᠠᠮᠠᠳ | ᠬᠦᠪᠡᠬᠦᠨ ᠢᠨᠦ ᠳ᠋ᠢᠶᠠᠪᠠᠯᠠ ︵17︶ ᠬᠡᠮᠡᠭᠴᠢ ᠬᠦᠷᠭᠡᠨ ᠪᠤᠶᠤ᠃ ᠶᠡᠭᠡ ᠡᠷᠳᠡᠮᠲᠦ ︵18︶ ᠬᠡᠮᠡᠬᠦᠢ ᠶᠢᠨ | ᠠᠷᠪᠠᠨ ᠨᠢᠭᠡᠳᠦᠭᠡᠷ ᠤᠨ ︵1307︶ ᠳᠤᠷ ᠯᠤ᠋ ᠸᠠᠩ ᠬᠡᠮᠡᠨ ᠡᠷᠭᠦᠮᠵᠢᠯᠡᠭᠳᠡᠭᠡᠳ ᠡᠶᠡᠪᠡᠷ ᠬᠠᠭᠠᠨ ︵19︶ ︵ | ᠰᠢᠶᠦ᠋ᠨᠽᠦ᠋ᠩ᠂ ᠲᠠᠷᠮᠠᠪᠠᠯᠠ︶ ᠤ ᠦᠬᠢᠨ ᠰᠠᠩᠭᠠᠷᠠᠭ ᠪᠠᠬᠢ ︵20︶ ᠯᠦᠭᠡ ᠭᠡᠷᠯᠡᠪᠡᠢ᠃ ᠬᠠᠭᠠᠨ ﹇ᠴᠤᠭᠲᠦ | ᠲᠡᠭᠡᠳᠦᠰ ᠬᠠᠶᠢᠰᠠᠩ ᠬᠠᠭᠠᠨ﹈ ᠪᠠᠷ ᠠᠩᠬ᠎ᠠ ﹇ᠤᠨᠤᠯᠲᠦ ᠶᠡᠭᠡ ᠶᠢᠨ ᠠᠩᠬᠠᠳᠤᠭᠠᠷ ᠤᠨ ︵ᠵᠾᠢ ᠳ᠋ᠠ 1308 | ᠤᠨ ︶﹈ ᠰᠠᠭᠤᠷᠢᠨ᠎ᠠ ᠰᠠᠭᠠᠲᠠᠮᠠᠭᠴᠠ᠂ ᠰᠠᠩᠭᠠᠷᠠᠭ ᠪᠠᠬᠢ ︵ᠭᠦᠩᠵᠦ︶ ᠶᠢ ᠬᠠᠭᠠᠨ ᠤ ᠡᠭᠡᠴᠢ ᠶᠡᠭᠡ ᠡᠭᠡᠴᠢᠮᠡᠳ | ᠪᠠᠬᠢ ︵ᠭᠦᠩᠵᠦ︶ ᠬᠡᠮᠡᠨ ᠡᠷᠭᠦᠮᠵᠢᠯᠡᠪᠡᠢ᠃ ﹇ᠰᠠᠩᠭᠠᠷᠠᠭ ᠪᠠᠬᠢ ︵ᠭᠦᠩᠵᠦ︶ ᠶᠢᠨ﹈ ᠬᠦᠪᠡᠬᠦᠨ ᠠᠷᠭᠠᠰᠢᠷᠢ ︵ | 21︶ ᠬᠡᠮᠡᠭᠴᠢ ᠪᠠᠷ ᠦᠶ᠎ᠡ ᠤᠯᠠᠷᠢᠨ ᠬᠡᠷᠬᠢᠮ ᠢ ᠵᠠᠯᠭᠠᠮᠵᠢᠯᠠᠵᠦ᠂ ᠯᠤ᠋ ᠸᠠᠩ ᠪᠤᠯᠪᠠᠢ᠃ | ᠠᠩᠬ᠎ᠠ ᠤᠨᠤᠯᠲᠦ ᠲᠡᠷᠢᠭᠦᠨ ︵22︶ ᠬᠡᠮᠡᠬᠦᠢ ᠶᠢᠨ ᠴᠠᠭᠠᠭᠴᠢᠨ ᠬᠤᠨᠢᠨ ᠵᠢᠯ ︵1271 ᠤᠨ︶ ᠳᠤᠷ | ᠂ ᠯᠤ᠋ ᠭᠠᠵᠠᠷ ﹇ ᠤᠨ ᠠᠯᠳᠠᠷᠲᠦ ᠨᠤᠶᠠᠨ ᠲᠡᠮᠦᠷ﹈ ᠲᠤᠷ᠂ ﹇ᠬᠤᠪᠢᠯᠠᠢ ᠰᠡᠴᠡᠨ ᠬᠠᠭᠠᠨ ᠪᠠᠷ﹈ ᠦᠪᠡᠷ ᠤᠨ | ᠲᠤᠲᠤᠭᠠᠳᠤ ᠤᠷᠳᠤᠨ ᠤ ᠡᠯᠢᠭᠡᠨ ᠬᠠᠶᠢᠷᠠᠲᠦ ᠡᠩᠬᠦᠷᠢ ᠦᠬᠢᠨ ﹇ᠨᠠᠩᠭᠠᠴᠢᠨ ᠪᠠᠬᠢ ︵ᠭᠦᠩᠵᠦ︶﹈ ᠢᠶᠠᠨ | ᠪᠤᠭᠲᠤᠯᠠᠵᠦ᠂ ᠠᠯᠤᠰ ᠬᠤᠯᠠ ᠶᠢᠨ ᠬᠠᠷᠢ ᠳᠤᠷ ᠮᠤᠷᠳᠠᠭᠤᠯᠤᠭᠰᠠᠨ ᠠᠨᠤ ﹇ᠡᠵᠡᠨ ᠬᠠᠭᠠᠨᠲᠠᠨ ᠤ﹈ ᠡᠷᠡᠰ | ᠰᠢᠭᠤᠷᠬᠠᠢ ᠪᠠᠷ ᠦᠨᠢᠳᠡ ᠶᠢ ᠰᠡᠳᠬᠢᠵᠦ᠂ ᠲᠠᠬᠢᠮᠳᠠᠭᠤ ᠡᠯᠪᠡᠷᠢᠯ ᠳᠤᠷ ᠬᠦᠷᠭᠡᠰᠦᠭᠡᠢ ᠬᠡᠮᠡᠨ ᠲᠡᠭᠦᠨᠴᠢᠯᠡᠨ | ᠰᠡᠳᠬᠢᠭᠰᠡᠨ ᠢᠨᠦ ᠪᠤᠢ ᠢ ᠠ᠃ | ᠲᠡᠳᠦᠢ ᠰᠢᠳᠤᠷᠭᠤ ᠪᠠᠭᠠᠲᠤᠷ ﹇ᠠᠯᠴᠤ ᠨᠤᠶᠠᠨ﹈ ᠤᠨ ᠨᠡᠭᠦᠳᠡᠯ ᠮᠠᠯᠵᠢᠯ ᠤᠨ ᠠᠭᠤᠷᠤᠭ ᠨᠤᠲᠤᠭ | ᠬᠡᠮᠡᠪᠡᠰᠦ᠄ ᠴᠡᠭᠡᠯ ᠤᠨ ᠦᠨᠳᠦᠷ ︵23︶ ᠬᠡᠮᠡᠬᠦ ᠠᠭᠤᠯᠠ ᠠᠨᠤ ᠡᠨᠡ ᠨᠤᠲᠤᠭ ᠤᠨ ᠡᠶᠡᠪᠡᠷᠬᠦ ᠵᠤᠪᠬᠢᠰ ︵24︶ | ᠲᠤᠷ ᠪᠠᠶᠢᠷᠢᠰᠢᠵᠦ᠂ ᠦᠯᠢ ᠶᠢᠨ ᠲᠠᠪᠠᠭ᠎ᠠ ︵25︶ ᠬᠡᠮᠡᠬᠦ ᠠᠭᠤᠯᠠ ᠲᠡᠭᠦᠨ ᠤ ᠵᠤᠭᠰᠤᠯᠲᠠ ᠵᠦᠭ ︵26︶ ᠢᠶᠠᠷ | ᠤᠷᠢᠶᠠᠭᠠᠳ ᠨᠡᠯᠦᠶᠢᠨ ᠴᠡᠯᠦᠶᠢᠭᠰᠡᠨ ᠭᠦᠨ ᠨᠡᠯᠦᠭᠡᠷ ᠬᠤᠶᠠᠷ ᠤᠰᠤᠨ ︵27︶ ᠠᠨᠤ ᠵᠡᠭᠦᠨ ᠪᠠᠷᠠᠭᠤᠨ ᠲᠠᠯ᠎ᠠ ᠳᠤᠷ | ᠠᠯᠤᠰᠯᠠᠨ ᠲᠤᠭᠲᠠᠭᠰᠠᠨ ᠤ ᠲᠤᠯᠠ᠂ ᠲᠡᠭᠦᠨ ᠢ ᠵᠡᠭᠦᠨ ᠪᠡᠷᠠᠭᠤᠨ ᠬᠤᠶᠠᠷ ᠨᠠᠭᠤᠷ ᠬᠡᠮᠡᠨ ᠨᠡᠷᠡᠯᠡᠵᠦᠬᠦᠢ᠃ ᠬᠤᠶᠠᠷ | ᠨᠠᠭᠤᠷ ᠤᠨ ᠬᠤᠭᠤᠷᠤᠨᠲᠤᠬᠢ ᠲᠡᠨᠢᠭᠡᠷ ᠠᠭᠤᠳᠠᠮ ᠭᠠᠵᠠᠷ ᠠᠨᠤ ᠪᠠᠶᠠᠨ ᠲᠠᠩᠰᠤᠭ ᠦᠩ ᠰᠢᠮᠡᠯᠢᠭ ᠪᠦᠭᠡᠳ ᠰᠡᠷᠢᠭᠦᠨ | ᠲᠤᠩᠭᠠᠯᠠᠭ ᠠᠵᠤᠭᠤ᠃ ᠲᠡᠶᠢᠨᠬᠦ᠂ ᠬᠠᠭᠠᠨ ᠤ ᠵᠠᠷᠯᠢᠭ ︵28︶ ᠢ ᠭᠤᠶᠤᠴᠢᠯᠠᠭᠠᠳ᠂ ᠡᠨᠡ ᠭᠠᠵᠠᠷ ᠲᠤᠷ ᠬᠤᠲᠠ | ᠬᠠᠶᠢᠰᠠᠩ ︵ᠬᠤᠲᠠ ᠶᠢᠨ ᠬᠡᠷᠡᠮ︶ ᠴᠤᠭᠴᠠᠯᠠᠵᠦ᠂ ᠤᠷᠳᠤᠨ ᠦᠷᠦᠭᠡ ᠪᠠᠷᠢᠭᠤᠯᠤᠨ᠂ ᠬᠤᠷᠤᠭ᠎ᠠ ︵ᠤᠷᠳᠤᠨ︶ | ᠵᠠᠬᠢᠷᠭ᠎ᠠ ᠪᠠᠶᠢᠭᠤᠯᠤᠭᠠᠳ᠂ ᠪᠤᠷᠬᠠᠨ ᠰᠦᠮ᠎ᠡ ᠶᠢ ᠪᠦᠲᠦᠭᠡᠭᠰᠡᠨ ᠢᠨᠦ ᠪᠦᠯᠦᠭᠡ᠃ ᠡᠵᠡᠨ ᠬᠠᠭᠠᠨ ᠠᠴᠠ ᠢᠩᠴᠠᠩ | ︵ᠬᠠᠷᠢᠭᠤᠯᠤᠯ ᠢᠶᠠᠷ ᠮᠠᠨᠳᠤᠬᠤ︶ ᠬᠡᠮᠡᠬᠦ ᠨᠡᠷ᠎ᠡ ᠰᠤᠶᠤᠷᠬᠠᠵᠦ᠂ ᠰᠦᠮ᠎ᠡ ᠶᠢ ᠢᠨᠦ ᠬᠢᠵᠠᠭᠠᠯᠠᠰᠢ ᠦᠭᠡᠢ ᠰᠦᠮ᠎ᠡ | ᠬᠡᠮᠡᠨ ᠨᠡᠷᠡᠶᠢᠳᠦᠯᠦᠭᠡ᠃ | ᠰᠦᠮ᠎ᠡ ᠬᠡᠮᠡᠪᠡᠰᠦ ᠭᠤᠤᠯ ᠬᠠᠷᠰᠢ᠂ ᠬᠠᠷᠰᠢ ᠶᠢ ᠲᠤᠭᠤᠷᠢᠭᠤᠯᠤᠭᠠᠳ ᠭᠠᠷᠪᠠ ︵29︶ ᠬᠤᠩᠬᠢᠯ᠂ | ᠭᠠᠷᠪᠠ ᠬᠤᠩᠬᠢᠯ ᠤᠨ ᠲᠦᠷᠪᠡᠨ ᠵᠤᠪᠬᠢᠰ ᠲᠤᠷ ᠲᠠᠭᠲᠦ ᠵᠤᠬᠢᠶᠠᠭᠠᠳ ᠭᠡᠷᠡᠯᠲᠦ ᠬᠦᠰᠢᠶ᠎ᠡ ᠶᠢ ᠪᠤᠰᠬᠠᠵᠤᠬᠤᠢ᠃ | ᠲᠠᠭᠲᠦ ᠶᠢᠨ ᠭᠠᠳᠠᠭᠤᠷ ᠭᠤᠷᠢᠶᠡ ︵30︶ ᠪᠠᠷᠢᠵᠦ᠂ ᠡᠭᠦᠳᠡ ᠬᠠᠭᠠᠯᠭ᠎ᠠ ᠲᠤᠬᠢᠶᠠᠭᠠᠳ᠂ ᠤᠪᠤᠬᠠᠢ ᠪᠦᠷᠭᠡ᠂ | ᠭᠠᠯ ᠲᠤᠭᠤᠭᠠᠨ ᠭᠡᠷ᠂ ᠰᠠᠩ ᠬᠦᠮᠦᠷᠭᠡ ᠲᠡᠷᠢᠭᠦᠲᠡᠨ ᠢ ᠡᠩᠨᠡᠭᠦᠯᠦᠨ ᠪᠠᠶᠢᠭᠤᠯᠤᠭᠰᠠᠨ ᠠᠨᠤ ᠲᠡᠭᠲᠡᠷᠯᠡᠨ ᠢᠨᠳᠡᠷᠯᠡᠵᠦ | ᠰᠢᠵᠢᠷᠯᠡᠨ ᠤᠭ᠍ᠶᠤᠷᠠᠭᠠᠳ ᠭᠢᠯᠠᠰᠤᠨ ᠭᠢᠯᠪᠠᠵᠦ ᠭᠢᠯᠠᠯᠵᠢᠨ ᠰᠤᠯᠤᠩᠭᠠᠷᠠᠮᠤᠢ᠃ ᠪᠤᠷᠬᠠᠳ ᠤᠨ ᠬᠦᠷᠦᠭ ᠢ ᠲᠦᠰᠦᠪᠯᠡᠨ | ᠱᠤᠭᠤᠵᠦ᠂ ᠲᠦᠯᠦᠪᠯᠡᠨ ᠪᠠᠶᠢᠷᠢᠰᠢᠭᠤᠯᠤᠭᠰᠠᠨ ᠤ ᠰᠠᠴᠠ ᠯᠠᠪᠷᠢ ᠴᠢᠮᠡᠭ ᠲᠠᠭᠠᠷᠠᠭᠤᠯᠤᠭᠰᠠᠨ ᠠᠨᠤ ᠤᠷᠠᠨ ᠭᠤᠶᠢᠳᠠ | ᠰᠦᠷ ᠵᠢᠪᠬᠤᠯᠠᠩᠲᠠᠢ ᠪᠦᠯᠦᠭᠡ᠃ ᠮᠦᠨ ᠪᠠᠰᠠ ᠬᠤᠷᠤᠭ᠎ᠠ ᠬᠤᠲᠠ ᠶᠢᠨ ᠪᠠᠷᠠᠭᠤᠨ ᠳᠤᠷ ᠪᠤᠷᠬᠠᠨ ᠰᠤᠪᠤᠷᠭ᠎ᠠ ︵ | 31︶ ᠶᠢ ᠪᠦᠲᠦᠭᠡᠭᠡᠳ᠂ ᠪᠤᠶᠠᠨᠰᠠᠭ ᠦᠢᠯᠡ ᠶᠢ ᠰᠢᠲᠦᠭᠴᠢ ᠪᠢᠷᠮᠠᠨ ᠬᠤᠸᠠᠷᠠᠭᠴᠤᠳ ᠢ ᠤᠷᠢᠨ ᠵᠠᠯᠠᠵᠦ᠂ | ᠤᠩᠰᠢᠯᠭ᠎ᠠ ᠱᠠᠭᠵᠠᠯᠠᠯ ᠠᠳᠢᠰᠯᠠᠭᠠ ︵33︶ ᠬᠢᠯᠭᠡᠵᠦ᠂ ᠬᠡᠰᠢᠭ ᠪᠤᠶᠠᠨ ᠢ ᠲᠠᠭᠠᠳᠬᠠᠨ ᠤᠨ ᠤ ᠲᠠᠬᠢᠯᠭ᠎ᠠ ᠶᠢ | ᠦᠢᠯᠡᠳᠦᠭᠦᠯᠪᠡᠢ᠃ ᠡᠨᠡ ᠬᠤᠭᠤᠷᠤᠨᠳᠤ ᠭᠡᠷᠡᠯᠲᠦ ᠬᠦᠰᠢᠶ᠎ᠡ ᠶᠢᠨ ᠦᠰᠦᠭ ᠢ ᠰᠡᠶᠢᠯᠡᠭᠦᠯᠰᠦᠭᠡᠢ ᠬᠡᠮᠡᠨ ᠬᠡᠴᠤᠨᠡᠨ | ᠠᠮᠲᠠᠷᠬᠠᠨ ᠬᠦᠰᠡᠭᠰᠡᠨ ᠠᠪᠠᠴᠤ᠂ ᠶᠡᠷᠤ ᠨᠢ ᠡᠰᠡ ᠴᠢᠳᠠᠭᠠᠳ ᠡᠳᠦᠭᠡ ᠪᠤᠯᠬᠤᠶᠡ ﹇ᠨᠢᠭᠡᠨᠲᠡ﹈ ᠲᠦᠴᠢᠨ ᠤᠨ | ᠪᠤᠯᠤᠭᠰᠠᠨ ᠠᠵᠢ᠃ ᠡᠶᠢᠮᠦ ᠶᠢᠨ ᠲᠤᠯᠠᠳᠠ ᠬᠠᠭᠠᠨ ᠤ ᠡᠭᠡᠴᠢ ᠪᠠᠷ ᠲᠡᠭᠦᠨᠴᠢᠯᠡᠨ ﹇ᠲᠦᠰᠢᠮᠡᠯ ᠨᠠᠳᠠ ᠶᠢ﹈ | ᠰᠦᠰᠦᠭᠯᠡᠨ ᠤᠷᠢᠯᠤᠭᠠ᠃ | ᠲᠦᠰᠢᠮᠡᠯ ᠪᠢ ᠪᠠᠷ ᠬᠢᠴᠢᠶᠡᠩᠭᠦᠶᠢᠯᠡᠨ ᠰᠡᠳᠬᠢᠬᠦᠯᠡ᠂ ᠪᠤᠷᠬᠠᠨ ᠤ ᠶᠤᠰᠤᠨ ᠳᠤᠷ ᠲᠦᠷᠪᠡᠨ ᠠᠴᠢᠯᠠᠯ ᠪᠤᠢ | ᠬᠡᠮᠡᠬᠦ ᠬᠡᠯᠡᠯᠭᠡ ᠪᠠᠶᠢᠬᠤ ᠪᠦᠭᠡᠳ ᠡᠴᠢᠭᠡ ᠡᠬᠡ ᠬᠡᠮᠡᠭᠴᠢ ᠡᠨᠡ ᠲᠦᠷᠪᠡ ᠶᠢᠨ ᠲᠡᠷᠢᠭᠦᠨ ᠳᠤᠷ ᠤᠷᠤᠮᠤᠢ᠃ ﹇ᠡᠨᠡᠬᠦ﹈ | ᠤᠳᠬ᠎ᠠ ᠠᠨᠤ ︽ᠰᠢᠯᠦᠭᠯᠡᠯᠲᠦ ᠨᠤᠮ︾ ᠤᠨ ᠲᠡᠯᠭᠡᠷᠡᠭᠦᠯᠦᠯ ᠳᠠᠬᠢ ︽ᠰᠠᠬᠤᠯᠠᠭ ᠪᠤᠷᠤ ᠰᠤᠶᠢᠬ᠎ᠠ︾ ︵34︶ | ᠬᠡᠮᠡᠬᠦ ᠰᠢᠯᠦᠭ ᠯᠦᠭᠡ ᠨᠡᠶᠢᠯᠡᠬᠦ ᠪᠤᠶᠤ᠃ ᠰᠢᠯᠦᠭ ᠲᠤᠷ ᠦᠭᠦᠯᠡᠷᠦᠨ᠄ | ︽ᠡᠯᠪᠡᠷᠢᠯᠲᠦ ᠡᠴᠢᠭᠡ ᠮᠢᠨᠢ᠂ ᠠ ᠬᠦᠢ᠂ ᠨᠠᠳᠠ ᠶᠢ ᠲᠦᠷᠦᠭᠦᠯᠬᠦᠶᠡ᠂ | ᠡᠨᠡᠷᠡᠯᠲᠦ ᠡᠬᠡ ᠮᠢᠨᠢ᠂ ᠠ ᠬᠦᠢ᠂ ᠨᠠᠳᠠ ᠶᠢ ᠪᠤᠶᠢᠵᠢᠭᠤᠯᠵᠤᠬᠤᠢ᠃ | ᠡᠭᠦᠨ ᠤ ᠠᠴᠢ ᠶᠢ ᠡᠭᠡᠨᠡᠭᠲᠡ ᠬᠠᠷᠢᠭᠤᠯᠰᠤᠭᠠᠢ ᠬᠡᠮᠡᠬᠦᠯ᠎ᠡ᠂ | ᠡᠰᠡᠷᠸ᠎ᠠ ᠲᠡᠭᠷᠢ ᠮᠡᠲᠦ ᠤᠭᠤᠳᠠ ᠬᠢᠵᠠᠭᠠᠯᠠᠰᠢ ᠦᠭᠡᠢ︾ ᠬᠡᠮᠡᠵᠦᠬᠦᠢ᠃ ᠰᠦᠮ᠎ᠡ ᠶᠢᠨ ᠨᠡᠷ᠎ᠡ ᠢᠨᠦ ᠡᠭᠦᠨ | ᠠᠴᠠ ᠭᠠᠷᠤᠭᠰᠠᠨ ᠠᠵᠤᠭᠤ᠃ | ᠡᠭᠦᠨᠴᠢᠯᠡᠨ ᠮᠡᠳᠡᠬᠦᠢ ᠢᠨᠦ᠄ ᠬᠦᠮᠦᠨ ᠢᠨᠦ ᠡᠶᠢᠨᠬᠦ ᠬᠦᠮᠦᠨ ᠬᠡᠮᠡᠭᠳᠡᠵᠦ᠂ ᠲᠦᠷᠦ ᠢᠨᠦ ᠲᠡᠶᠢᠨᠬᠦ ᠲᠦᠷᠦ | ᠬᠡᠮᠡᠭᠳᠡᠭᠡᠳ᠂ ᠪᠤᠮᠠᠨ ᠶᠠᠪᠤᠳᠠᠯ ᠤᠨ ᠡᠬᠢᠯᠡᠯᠲᠡ᠂ ᠲᠦᠮᠡᠨ ᠬᠤᠪᠢᠷᠠᠯᠲᠠ ᠶᠢᠨ ᠡᠭᠦᠰᠦᠯ ᠦᠴᠦᠬᠡᠨ ᠦᠯᠡᠮᠵᠢ ᠶᠢᠨ | ᠡᠭᠦᠰᠭᠡᠯ ᠲᠡᠭᠦᠰᠭᠡᠯ ᠳᠤᠷ ᠡᠷᠬᠡᠨ᠋ᠦᠭᠡᠢ ᠦᠨᠳᠦᠰᠦᠨ ᠢ ᠢᠨᠦ ᠲᠠᠬᠢᠮᠳᠠᠭᠤ ᠪᠠᠷ ᠪᠤᠯᠭᠠᠪᠠᠰᠤ ᠬᠤᠵᠢᠮ ᠠᠨᠤ ᠲᠡᠭᠦᠰ | ᠪᠤᠯᠤᠮᠤᠢ᠃ ᠲᠡᠶᠢᠨᠬᠦ ﹇ᠪᠤᠭᠳᠠ ᠡᠷᠳᠡᠮᠲᠡᠨ ᠤ﹈ ᠦᠭᠦᠯᠡᠭᠰᠡᠨ ᠢᠨᠦ᠄ ᠡᠵᠡᠨ ᠬᠠᠭᠠᠨ ᠬᠡᠮᠡᠭᠴᠢ ᠲᠠᠬᠢᠮᠳᠠᠭᠤ ᠶᠢᠨ | ᠦᠨᠳᠦᠰᠦᠨ ᠢ ᠡᠷᠢᠯᠬᠢᠯᠡᠮᠤᠢ᠂ ᠲᠠᠬᠢᠮᠳᠠᠭᠤ ᠶᠢᠨ ᠦᠨᠳᠦᠰᠦᠨ ᠲᠡᠯᠭᠡᠷᠡᠬᠦᠯᠡ ᠦᠨᠡᠨ ᠮᠦᠷ ᠲᠦᠷᠦᠭᠳᠡᠨᠡᠮ᠂ | ᠲᠠᠬᠢᠮᠳᠠᠭᠤ ᠶᠢᠨ ᠦᠢᠯᠡᠳᠤᠯ ᠬᠡᠮᠡᠭᠴᠢ ᠠᠭᠤᠤ ᠠᠵᠢ︕ ᠬᠡᠮᠡᠵᠦᠬᠦᠢ᠃ ᠤᠤᠬᠠᠢ ᠬᠠᠯᠠᠭ︕ ᠰᠤᠷᠪᠤᠯᠵᠢ ᠬᠠᠭᠠᠨ | ︵ᠬᠤᠪᠢᠯᠠᠢ ᠰᠡᠴᠡᠨ ᠬᠠᠭᠠᠨ︶ ᠪᠠᠷ ᠲᠠᠬᠢᠮᠳᠠᠭᠤ ᠪᠠᠷ ᠲᠡᠯᠡᠬᠡᠢ ᠳ᠋ᠠᠬᠢᠨ ᠢ ᠵᠠᠰᠠᠭᠰᠠᠨ ᠠᠴᠠ᠂ ᠶᠢᠰᠤᠨ ᠤᠭᠰᠠᠭ᠎ᠠ | ᠲᠦᠭᠡᠮᠡᠯ ᠢᠨᠠᠭᠰᠢᠵᠦ᠂ ᠲᠦᠷᠪᠡᠨ ᠲᠠᠯᠠᠢ ᠨᠡᠶᠢᠭᠡᠨᠡ ᠲᠠᠶᠢᠪᠤᠰᠢᠷᠠᠭᠠᠳ᠂ ᠲᠦᠷᠦ ᠨᠠᠶᠢᠷᠰᠠᠭ ᠲᠦᠮᠡᠨ | ᠠᠮᠤᠭᠤᠯᠠᠩᠲᠠᠨ ᠪᠤᠯᠤᠭᠠᠳ ᠨᠠᠶᠢᠷᠠᠮᠳᠠᠭᠤ ᠡᠯᠢᠭᠡᠰᠡᠭ ᠡᠷᠡᠨ ᠴᠠᠭ ᠴᠢᠪ ᠬᠡᠮᠡᠨ ᠲᠡᠷᠡ ᠦᠶ᠎ᠡ ᠳᠤᠷ | ᠲᠤᠬᠢᠶᠠᠭᠳᠠᠵᠤᠬᠤᠢ᠃ | ᠯᠤ᠋ ᠭᠠᠵᠠᠷ ︵35︶ ﹇ ᠤᠨ ᠶᠡᠭᠡ ᠡᠭᠡᠴᠢᠮᠡᠳ ᠪᠠᠬᠢ ︵ᠭᠦᠩᠵᠦ︶﹈ ᠦᠨᠡᠨ ᠰᠦᠵᠦᠭ ᠢᠶᠠᠷ ᠪᠢᠷᠮᠠᠨ ᠤ | ᠱᠠᠰᠢᠨ ᠢ ᠰᠦᠰᠦᠭᠯᠡᠨ ᠰᠢᠲᠦᠵᠦ᠂ ᠠᠰᠠᠷᠠᠯ ᠪᠤᠶᠠᠨ ᠢ ᠠᠷᠪᠢᠳᠬᠠᠨ ᠲᠡᠯᠭᠡᠷᠡᠭᠦᠯᠵᠦ᠂ ᠬᠠᠷᠠᠭᠠᠯᠵᠠᠨ ᠬᠠᠮᠠᠭᠠᠯᠠᠭᠰᠠᠨ | ︵36︶ ᠤ ᠬᠠᠷᠢᠭᠤᠯᠤᠯ ᠢᠶᠠᠨ ᠲᠤᠳᠤᠷᠠᠭᠤᠯᠬᠤ ᠮᠦᠷᠲᠡᠭᠡᠨ ᠲᠠᠬᠢᠮᠳᠠᠭᠤ ᠶᠢ ᠲᠤᠲᠤᠨᠤᠴᠢᠯᠠᠨ ᠤᠷᠢᠳᠤᠬᠢ ᠠᠴᠠ | ᠡᠷᠬᠢᠮ ᠪᠤᠯᠭᠠᠰᠤᠭᠠᠢ ᠬᠡᠮᠡᠭᠰᠡᠨ ᠢᠨᠦ ᠪᠤᠶᠤ᠃ ᠪᠤᠭᠳᠠ ᠡᠵᠡᠨᠲᠡᠨ ᠮᠠᠨᠢ ᠰᠠᠭᠤᠷᠢᠨ ᠢ ᠵᠠᠯᠭᠠᠮᠵᠢᠯᠠᠭᠠᠳ ᠵᠢᠷᠦᠮᠯᠡᠨ | ᠲᠤᠩᠭᠠᠵᠦ ᠵᠠᠰᠠᠭ ᠬᠠᠤᠯᠢ ᠪᠤᠯᠭᠠᠨ ᠲᠤᠭᠲᠠᠭᠠᠵᠤᠬᠤᠢ᠃ ᠡᠶᠢᠮᠦ ᠶᠢᠨ ᠲᠤᠯᠠᠳᠠ ᠰᠠᠶᠢᠬᠠᠨ ᠬᠡᠰᠭᠡᠯ ᠢ ᠠᠳᠠᠪᠰᠢ | ᠲᠡᠯᠭᠡᠷᠡᠭᠦᠯᠦᠨ ᠰᠠᠶᠢᠨ ᠰᠤᠷᠲᠠᠯ ᠢ ᠡᠭᠡᠨᠡᠭᠲᠡ ᠮᠠᠨᠳᠤᠭᠤᠯᠪᠠᠰᠤ ᠲᠠᠬᠢᠮᠳᠠᠭᠤ ᠪᠠᠷ ᠵᠠᠰᠠᠬᠤ ᠶᠢᠨ ᠶᠤᠰᠤᠨ ᠠᠨᠤ ᠡᠳᠦᠭᠡ | ᠡᠷᠡᠨ ᠳᠤᠷ ᠰᠡᠷᠭᠦᠬᠦ ᠪᠤᠢ ᠢ ᠠ᠃ | ᠬᠠᠭᠠᠨ ᠤ ᠡᠭᠡᠴᠢ ᠪᠠᠷ ᠦᠨᠡᠨᠲᠠᠶᠢᠶᠠ ﹇ᠡᠬᠡ ᠬᠠᠲᠤᠨ ᠳ᠋ᠠᠵᠢ ᠶᠢᠨ﹈ ᠵᠤᠷᠢᠯᠲᠠ ᠶᠢ ᠵᠠᠯᠭᠠᠮᠵᠢᠯᠠᠬᠤ | ᠬᠡᠮᠡᠭᠰᠡᠨ ᠤᠴᠢᠷ ᠢᠶᠠᠨ ᠲᠤᠭᠠᠴᠢᠨ᠂ ᠨᠠᠮᠠᠨᠴᠢᠯᠠᠯ ᠲᠠᠭᠠᠳᠬᠠᠯ ᠢᠶᠠᠨ ᠨᠡᠶᠢᠭᠡᠨᠡ ᠲᠦᠭᠡᠭᠡᠨ ᠤᠷᠢᠳᠤᠬᠢ ᠬᠦᠮᠦᠰ ᠤᠨ | ᠪᠤᠶᠠᠨᠲᠦ ᠦᠢᠯᠡ ᠶᠢ ᠵᠠᠯᠭᠠᠮᠵᠢᠯᠠᠨ ᠲᠠᠬᠢᠮᠳᠠᠭᠤ ᠶᠢ ᠰᠡᠷᠭᠦᠭᠡᠨ ᠬᠤᠶᠢᠰᠢᠳᠠ ᠳᠤᠷ ᠠᠯᠳᠠᠷᠰᠢᠭᠤᠯᠰᠤᠭᠠᠢ ᠬᠡᠮᠡᠨᠡᠮ᠃ | ᠲᠡᠭᠦᠨ ᠤ ᠰᠡᠳᠦᠭᠰᠡᠨ ᠡᠨᠡᠬᠦ ᠭᠠᠪᠢᠶᠠᠲᠦ ᠪᠤᠶᠠᠨᠲᠦ ᠦᠢᠯᠡ ᠶᠢ ᠬᠡᠮᠵᠢᠶᠡᠯᠡᠵᠦ ᠬᠡᠷᠬᠢᠨ ᠪᠤᠯᠬᠤ ᠠᠵᠢ︕ ᠲᠡᠭᠡᠬᠦᠯᠡᠷ᠂ | ᠰᠢᠳᠤᠷᠭᠤ ᠪᠠᠭᠠᠲᠤᠷ ᠤᠨ ᠭᠠᠪᠢᠶ᠎ᠠ ᠵᠢᠳᠬᠦᠯᠲᠦ ᠭᠡᠷ ᠤᠭᠰᠠᠭ᠎ᠠ ᠠᠨᠤ ᠴᠤᠭ ᠪᠠᠳᠠᠷᠠᠩᠭᠤᠢ ᠡᠰᠡᠷᠡᠭ ᠦᠨᠢᠷ | ᠪᠤᠯᠪᠠᠰᠤ ᠤᠯᠤᠰ ᠭᠦᠷᠦᠨ ᠤ ᠪᠠᠨ ᠨᠠᠷᠠᠮᠠᠢ ᠬᠡᠰᠢᠭᠲᠦ ᠦᠯᠵᠢ ᠶᠢᠨ ᠦᠯᠡᠮᠢ ᠶᠢᠨ ᠪᠠᠲᠦ ᠴᠡᠩᠬᠡᠯ ᠢ ᠠᠰᠢᠲᠠ | ᠵᠢᠷᠡᠳᠯᠡᠬᠦ ︵ᠬᠠᠮᠠᠭᠠᠯᠠᠬᠤ︶ ᠪᠤᠢ ᠢ ᠠ᠃ ᠡᠨᠡ ᠢᠨᠦ ᠡᠭᠡᠨᠡᠭᠲᠡ ᠡᠨᠡ ᠰᠦᠮ᠎ᠡ ᠠᠴᠠ ᠡᠬᠢᠯᠡᠭᠰᠡᠨ ᠢᠨᠦ ᠪᠤᠶᠤ᠃ | ᠤᠤᠬᠠᠢ ᠬᠠᠯᠠᠭ︕ ᠠᠴᠢᠯᠠᠯ ᠲᠠᠬᠢᠮᠳᠠᠭᠤ ᠶᠢᠨ ᠦᠷ᠎ᠡ ᠨᠦᠯᠦᠭᠡ ᠬᠡᠮᠡᠭᠴᠢ ᠠᠰᠤᠷᠤ ᠠᠤᠭ᠎ᠠ ᠠᠵᠢ︕ | ᠬᠢᠵᠠᠭᠠᠯᠠᠰᠢ ᠦᠭᠡᠢ ᠬᠡᠮᠡᠬᠦᠢ ᠶᠢᠨ ᠤᠳᠬ᠎ᠠ ᠠᠨᠤ ᠡᠶᠢᠨᠬᠦ ᠬᠠᠷᠠᠭᠳᠠᠨᠠᠮ ᠪᠦᠯᠦᠭᠡ᠃ | | ᠰᠡᠶᠢᠯᠦᠮᠡᠯ ᠤᠨ ᠪᠢᠴᠢᠭ ︵37︶ ᠲᠤᠷ ᠦᠭᠦᠯᠡᠷᠦᠨ᠄ | ᠪᠤᠷᠬᠠᠨ ᠤ ᠱᠠᠰᠢᠨ ᠬᠤᠭᠤᠰᠤᠨ ᠢ ᠰᠤᠷᠲᠠᠯᠴᠢᠯᠠᠵᠦ᠂ | ᠪᠢᠴᠢᠭ ᠤᠨ ᠰᠤᠷᠭᠠᠯ ᠠᠬᠤᠢ ᠪᠠᠷ ᠬᠡᠰᠭᠡᠮᠤᠢ︔ | ᠬᠤᠭᠤᠰᠤᠨ ᠪᠠ ᠠᠬᠤᠢ ᠠᠳᠠᠯᠢ ᠪᠤᠰᠤ ᠬᠡᠮᠡᠪᠡᠴᠦ᠂ | ᠠᠳᠠᠯᠢ ᠠᠨᠤ ᠭᠠᠭᠴᠠ ᠬᠦ ᠠᠴᠢᠯᠠᠯ ᠲᠠᠬᠢᠮᠳᠠᠭᠤ ᠪᠤᠶᠤ᠃ | ᠠᠴᠢᠯᠠᠯ ᠲᠠᠬᠢᠮᠳᠠᠭᠤ ᠶᠢᠨ ᠡᠷᠭᠦᠯ ᠰᠠᠴᠤᠯᠢ ᠬᠡᠮᠡᠭᠴᠢ᠂ | ᠠᠰᠠᠷᠠᠯᠲᠦ ᠪᠤᠶᠠᠨ ᠤ ᠢᠵᠠᠭᠤᠷ ᠦᠨᠳᠦᠰᠤᠨ ᠪᠦᠯᠦᠭᠡ︔ | ᠠᠭᠤᠷᠤᠭ ᠦᠨᠳᠦᠰᠤᠨ ᠢ ᠤᠭᠤᠷᠤᠨ ᠲᠠᠶᠠᠭᠳᠠᠪᠠᠰᠤ᠂ | ᠠᠰᠢᠲᠠ ᠶᠢᠨ ᠪᠤᠶᠠᠨ ᠶᠠᠭᠠᠬᠢᠨ ᠦᠪᠯᠡᠭᠳᠡᠬᠦ ᠠᠵᠢ᠃ | ᠲᠠᠬᠢᠮᠳᠠᠭᠤ ᠡᠯᠪᠡᠷᠢᠯ ᠳᠤᠷ ᠠᠷᠭ᠎ᠠ ᠬᠡᠮᠡᠨ ᠠᠯᠠᠭ᠎ᠠ᠂ | ᠲᠡᠩᠰᠡᠯ ᠦᠭᠡᠢ ᠰᠦᠰᠦᠭ ᠢᠶᠠᠨ ᠦᠨᠡᠨᠬᠦ ᠲᠡᠭᠡᠳᠦᠯᠡᠬᠦ︔ | ᠦᠨᠡᠮᠯᠡᠬᠦᠢ ᠰᠦᠵᠦᠭ ᠢᠶᠠᠨ ᠤᠭᠤᠳᠠ ᠭᠦᠢᠴᠢᠳᠭᠡᠪᠡᠰᠦ᠂ | ᠦᠲᠡᠭᠦᠰ ᠤᠨ ᠲᠠᠬᠢᠮᠳᠠᠭᠤ ᠳᠤᠷ ᠡᠭᠦᠷᠢᠳᠡ ᠦᠯᠦ ᠮᠡᠬᠦᠰᠳᠡᠬᠦ᠃ | ᠯᠤ᠋ ᠭᠠᠵᠠᠷ ᠤᠨ ᠲᠠᠬᠢᠮᠳᠠᠭᠤ ᠠᠴᠢᠯᠠᠯ ᠬᠡᠮᠡᠭᠴᠢ᠂ | ᠯᠤᠲᠦ ᠮᠦᠷᠦᠭᠡᠳᠤᠯ ᠤᠨ ᠬᠢᠨᠢ ᠠᠴᠢ ᠬᠠᠷᠢᠭᠤᠯᠲᠠ ᠪᠤᠶᠤ︔ | ᠡᠪᠤᠭᠡᠳ ᠤᠨ ᠰᠦᠮ᠎ᠡ ᠳᠤᠷ ᠢᠶᠠᠨ ᠬᠠᠷᠢᠭᠤᠯᠤᠯ ᠢ ᠦᠢᠯᠡᠳᠬᠦᠶ᠎ᠡ᠂ | ᠦᠪᠡᠳᠡᠭᠰᠢ ᠬᠡᠰᠢᠭ ᠢᠨᠦ ᠡᠯᠢᠭᠡᠰᠡᠭ ᠲᠤᠷ ᠵᠤᠬᠢᠴᠠᠮᠤᠢ᠃ | ᠰᠤᠷᠪᠤᠯᠵᠢ ᠬᠠᠭᠠᠨ ᠪᠠᠷ ᠨᠡᠷ᠎ᠡ ᠶᠢ ᠢᠨᠦ ᠪᠠᠭ᠋ᠠᠷᠬᠠᠭᠰᠠᠨ ᠠᠴᠠ᠂ | ᠰᠦᠮ᠎ᠡ ᠶᠢᠨ ᠨᠡᠷ᠎ᠡ ᠶᠢ ᠲᠡᠶᠢᠨᠬᠦ ᠲᠤᠭᠲᠠᠭᠠᠨ ᠬᠡᠷᠡᠭᠯᠡᠪᠡᠢ︔ | ᠬᠠᠭᠠᠨ ᠤ ᠡᠭᠡᠴᠢ ᠠᠴᠠ ᠵᠤᠷᠢᠯᠲᠠ ᠪᠠᠨ ᠲᠤᠲᠤᠷᠠᠭᠤᠯᠤᠮᠠᠭᠴᠠ᠂ | ᠬᠠᠯᠠᠮᠵᠢᠯᠠᠯᠲᠦ ᠵᠠᠷᠯᠢᠭ ᠢᠶᠠᠷ ᠵᠤᠬᠢᠶᠠᠯ ᠢ ᠲᠤᠭᠤᠷᠪᠢᠯᠤᠭᠠ᠃ | ᠬᠠᠭᠠᠨ ᠤ ᠵᠠᠷᠯᠢᠭ ᠠᠴᠠ ᠴᠤᠭ ᠰᠦᠯᠳᠡ ᠪᠠᠳᠠᠷᠠᠬᠤᠶᠠ᠂ | ᠬᠠᠰ ᠤᠨ ᠰᠡᠶᠢᠯᠤᠮᠡᠯ ᠠᠴᠠ ᠭᠡᠷᠡᠯ ᠭᠢᠯᠪᠠᠭ᠎ᠠ ᠰᠠᠴᠤᠷᠠᠮᠤᠢ︔ | ᠯᠤ᠋ ᠭᠠᠵᠠᠷ ᠡᠭᠡᠨᠡᠭᠲᠡ ᠦᠭᠡᠳᠡᠯᠡᠨ ᠮᠠᠨᠳᠤᠬᠤᠶᠡ᠂ | ᠰᠢᠳᠤᠷᠭᠤ ᠪᠠᠭᠠᠲᠤᠷ ᠤᠨ ᠭᠠᠪᠢᠶ᠎ᠠ ᠨᠡᠩᠳᠡ ᠢᠯᠡᠳᠲᠡ᠃ | ᠰᠢᠳᠤᠷᠭᠤ ᠪᠠᠭᠠᠲᠦᠷ ᠤᠨ ᠦᠷ᠎ᠡ ᠬᠤᠶᠢᠴᠢᠰ ᠬᠡᠮᠡᠭᠴᠢ᠂ | ᠡᠵᠡᠳ ᠬᠠᠭᠠᠳ ᠯᠤᠭ᠎ᠠ ᠤᠷᠤᠭ ᠤᠨ ᠪᠠᠷᠢᠯᠳᠤᠯᠭ᠎ᠠ ᠲᠦᠷᠦᠯᠬᠢ︔ | ᠦᠨᠡᠨ ᠤ ᠬᠠᠭᠠᠯᠭ᠎ᠠ ᠶᠢ ᠰᠦᠰᠦᠭᠯᠡᠨ ᠰᠢᠲᠦᠭᠰᠡᠨ ᠤ ᠤᠴᠢᠷ᠎ᠠ᠂ | ᠦᠶ᠎ᠡ ᠤᠯᠠᠷᠢᠨ ᠠᠴᠢᠯᠠᠯ ᠲᠠᠬᠢᠮᠳᠠᠭᠤ ᠶᠢ ᠠᠯᠳᠠᠷᠰᠢᠭᠤᠯᠤᠨᠠᠮ᠃ | ᠤᠯᠤᠰ ᠤᠨ ᠡᠨᠡᠷᠡᠯ ᠢ ᠦᠨᠢᠳᠡ ᠬᠠᠷᠢᠭᠤᠯᠬᠤ ᠪᠤᠯᠲᠤᠭᠠᠢ︕ | ︵ᠦᠷᠬᠦᠯᠵᠢᠯᠡᠯ ᠪᠤᠢ︶ | | |