ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ  ︵ᠲᠠᠪᠤ︶
ᠨᠡᠶᠢᠲᠡᠯᠡᠭᠰᠡᠨ ᠴᠠᠭ᠄
2019/11/27
       ︵13︶ ᠰᠡᠴᠡᠭᠡᠨ ᠪᠠᠬᠢ ︵ᠭᠦᠩᠵᠦ︶ 薛赤干公主 —— ᠡᠭᠦᠨ ᠢ ᠬᠢᠳᠠᠳ ᠬᠡᠯᠡᠨ ᠤ ᠪᠣᠰᠣᠳ ᠰᠣᠳᠣᠷ ᠲᠤ ᠴᠦᠮ ︵薛只干︶ ᠬᠡᠮᠡᠨ ᠪᠢᠴᠢᠳᠡᠭ᠃ ︽ᠶᠣᠸᠠᠨ ᠣᠯᠣᠰ ᠤᠨ ᠰᠣᠳᠣᠷ ︾ ᠬᠢᠭᠡᠳ ︽ᠮᠣᠩᠭᠤᠯ ᠤᠨ ᠲᠡᠣᠬᠡᠨ ᠲᠡᠮᠳᠡᠭᠯᠡᠯ︾ ᠬᠡᠮᠡᠬᠦ ᠰᠣᠳᠣᠷ ᠤᠨ ᠲᠣᠳᠣᠷᠠᠬᠢ ᠪᠠᠬᠢᠴᠣᠣᠯ ᠤᠨ ᠢᠯᠡᠳᠭᠡᠯ  ᠠᠴᠠ ᠪᠠᠶᠢᠴᠠᠭᠠᠬᠤᠯ᠎ᠠ ᠰᠡᠴᠡᠬᠡᠨ ᠪᠠᠬᠢ ᠶᠢᠨ ᠲᠣᠬᠠᠢ ᠵᠦᠪᠬᠡᠨ᠄ ︽ᠲᠣᠯᠭᠤᠷ ᠣᠷᠢᠳᠣᠰ ᠴᠢᠩᠭᠢᠰ ᠬᠠᠭᠠᠨ ᠤ ᠣᠮᠪᠣᠯᠣ ᠦᠬᠢᠨ᠃ ᠤᠷᠤᠴᠠᠨ ᠤ ᠲᠡᠭᠦᠦ᠂ ᠲᠦᠮᠡᠳᠦ ᠶᠢᠨ ᠨᠣᠶᠠᠨ ᠨᠠᠴᠢᠨ ᠬᠡᠮᠡᠬᠦ ᠬᠦᠷᠭᠡᠰ ᠯᠦᠭᠡ ᠭᠡᠷᠯᠡᠪᠠᠢ⑴᠂ ᠯᠣ᠋ ᠭᠠᠵᠠᠷ ᠤᠨ ᠶᠡᠭᠡ ᠡᠬᠡᠴᠢᠮᠡᠳ ᠪᠠᠬᠢ ᠬᠡᠮᠡᠨ ᠨᠡᠬᠡᠨ ᠡᠷᠭᠦᠮᠵᠢᠯᠡᠭᠳᠡᠪᠡᠢ⑵︾ ᠬᠡᠮᠡᠬᠦ ᠠᠴᠠ ᠪᠣᠰᠣ ᠲᠡᠮᠳᠡᠭᠯᠡᠯ ᠠᠯᠠᠭ᠎ᠠ᠃ ︽ᠶᠣᠸᠠᠨ ᠣᠯᠣᠰ ᠤᠨ ᠰᠣᠳᠣᠷ︾ ᠬᠢᠭᠡᠳ ︽ᠮᠣᠩᠭᠤᠯ ᠤᠨ ᠲᠡᠣᠬᠡᠨ ᠲᠡᠮᠳᠡᠭᠯᠡᠯ︾ ᠳᠤ ᠵᠢᠭᠰᠠᠭᠠᠭᠳᠠᠭᠰᠠᠨ ᠯᠣ᠋ ᠭᠠᠵᠠᠷ ᠤᠨ ᠠᠷᠪᠠᠨ ᠨᠠᠢᠮᠠᠨ ᠪᠠᠬᠢ ᠶᠢᠨ ᠲᠣᠳᠣᠷ᠎ᠠ ᠰᠡᠴᠡᠬᠡᠨ ᠪᠠᠬᠢ ᠶᠢᠨ ᠨᠡᠷ᠎ᠡ ᠶᠢ ᠲᠣᠯᠢ  ᠶᠢᠨ ᠦᠬᠢᠨ ᠡᠰᠡᠪᠣᠬ᠎ᠠ ᠪᠠᠬᠢ ᠶᠢᠨ ᠲᠠᠷᠠᠭ᠎ᠠ ᠣᠷᠣᠭᠤᠯᠵᠣ ᠬᠤᠶᠠᠳᠣᠭᠠᠷ ᠲᠤ ᠪᠢᠴᠢᠭᠰᠡᠨ ᠠᠴᠠ ᠦᠵᠡᠪᠡᠯ ᠡᠨᠡ ᠪᠠᠬᠢ ᠶᠢᠨ ᠠᠮᠢᠳᠣᠷᠠᠵᠣ ᠠᠭᠰᠠᠨ ᠴᠠᠭ ᠦᠶ᠎ᠡ ᠬᠢᠭᠡᠳ ᠪᠠᠶᠢᠷᠢ ᠰᠠᠭᠤᠷᠢ ᠨᠢ ᠨᠡᠯᠢᠶᠡᠳ ᠲᠡᠭᠡᠷ᠎ᠡ ᠦᠶ᠎ᠡ ᠶᠢᠨ ᠦᠨᠳᠦᠷ ᠲᠡᠰ ᠲᠤ ᠪᠠᠶᠢᠭᠰᠠᠨ ᠨᠢ ᠲᠣᠳᠣᠷᠬᠠᠢ᠃ ᠴᠧᠩ ᠵᠢᠣᠢ ᠹᠦ᠋ ᠶᠢᠨ ᠲᠣᠭᠤᠷᠪᠢᠨ ᠪᠢᠴᠢᠭᠰᠡᠨ ᠲᠣᠰ ᠭᠡᠷᠡᠯᠳᠦ ᠬᠦᠰᠢᠶᠡᠨ ᠤ ᠪᠢᠴᠢᠭ ᠲᠤᠷ ᠮᠦᠨ᠄ ︽ᠲᠣᠯᠭᠤᠷ ᠣᠷᠢᠳᠣᠰ ᠴᠢᠩᠬᠢᠰ ᠬᠠᠭᠠᠨ ᠤ ᠣᠮᠪᠣᠯᠣ ᠦᠬᠢᠨ︾ ᠬᠡᠮᠡᠨ ᠪᠢᠴᠢᠭᠰᠡᠨ ᠠᠴᠠ ᠪᠣᠰᠣ ᠡᠨᠡ ᠪᠠᠬᠢ ᠶᠢᠨ ᠡᠴᠢᠭᠡ ᠶᠢᠨ ᠨᠡᠷ᠎ᠡ ᠶᠢ ᠢᠨᠦ ᠡᠰᠡ ᠪᠢᠴᠢᠪᠡᠢ᠃                  ※ ᠠᠰᠢᠭᠯᠠᠭᠰᠠᠨ ᠰᠣᠷᠪᠣᠯᠵᠢ ᠪᠢᠴᠢᠭ᠄                        ⑴ ᠶᠣᠸᠠᠨ ᠣᠯᠣᠰ ᠤᠨ ᠰᠣᠳᠣᠷ᠂ ᠪᠠᠬᠢᠴᠣᠣᠯ ᠤᠨ ᠢᠯᠡᠳᠭᠡᠯ元史᠂公主表︾                          ⑵ᠲᠦ᠋ ᠵᠢᠢ ︽ᠮᠣᠩᠭᠤᠯ ᠤᠨ ᠲᠡᠣᠬᠡᠨ ᠲᠡᠮᠳᠡᠭᠯᠡᠯ᠂ ᠪᠠᠬᠢᠴᠣᠣᠯ ᠤᠨ ᠢᠯᠡᠳᠭᠡᠯ蒙兀儿史 记᠂公主表︾                      ︵14︶ ᠨᠠᠴᠢᠨ 纳陈 —— ᠬᠤᠩᠬᠢᠷᠠᠳ ᠠᠶᠢᠮᠠᠭ ᠤᠨ ᠪᠣᠰᠬᠤᠷ ᠣᠪᠣᠭᠳᠣ ᠳ᠋ᠢᠢ ᠰᠡᠴᠡᠨ  ᠤ ᠬᠦᠪᠡᠭᠦᠨ᠂ ᠦᠶ᠎ᠡ ᠣᠯᠠᠷᠢᠨ ᠭᠤᠪᠢ ᠶᠢᠨ ᠡᠮᠦᠨ᠎ᠡ ᠨᠣᠳᠣᠭᠯᠠᠪᠠᠢ᠃ ᠣᠯᠠᠭᠴᠢᠨ ᠮᠣᠭᠠᠢ ᠵᠢᠯ ︵1257 ᠣᠨ︶ ᠳᠤ ᠦᠶ᠎ᠡ ᠣᠯᠠᠷᠢᠨ ᠲᠦᠮᠡᠳᠦ ᠶᠢᠨ ᠨᠣᠶᠠᠨ ᠤ ᠬᠡᠷᠬᠡᠮ ᠢ ᠵᠠᠯᠭᠠᠮᠵᠢᠯᠠᠵᠣ᠂ ᠵᠠᠷᠯᠢᠭ ᠬᠦᠯᠢᠶᠡᠨ ᠰᠦᠩ ᠣᠯᠣᠰ ᠢ ᠲᠠᠶᠢᠯᠠᠭᠠᠳ ᠳ᠋ᠢᠶᠣᠣ ᠢᠣᠢ ᠱᠠᠨ ︵钓鱼山᠂四川合川县︶ ᠠᠭᠤᠯᠠ ᠶᠢ ᠲᠣᠭᠳᠠᠭᠠᠪᠠ᠃ ᠮᠦᠨ ᠪᠠᠰᠠ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠢ ᠲᠠᠭᠠᠵᠣ ᠡᠮᠦᠨᠡᠰᠢ ᠬᠤᠶᠢᠬᠤ ᠭᠤᠣᠯ ᠤᠨ ᠰᠠᠪᠠ ᠭᠠᠵᠠᠷ ︵淮甸︶ ᠢ ᠲᠣᠭᠤᠯᠣᠨ ᠶᠡᠭᠡ ᠴᠢᠩᠭᠸᠦ ᠬᠡᠮᠡᠬᠦ ᠣᠯᠣᠮ ︵大清口︶ ᠳᠤ ᠬᠦᠷᠴᠦ ᠵᠠᠭᠤ ᠭᠠᠷᠣᠢ ᠣᠩᠭᠤᠴᠠ ᠣᠯᠵᠠᠯᠠᠪᠠ᠃ ᠮᠦᠨ ᠴᠡᠷᠢᠭ ᠲᠠᠶᠢᠴᠢᠯᠠᠨ ᠱᠠᠨᠳᠦ᠋ᠩ ᠭᠠᠵᠠᠷ ᠤᠨ ᠵᠢᠨᠠᠨ ︵济南︶᠂ ᠶᠠᠨᠵᠸᠦ ︵兖州︶᠂ ᠱᠠᠨᠵᠸᠦ ︵单州︶ ᠵᠡᠷᠭᠡ ᠵᠸᠦ ᠰᠢᠶᠠᠨ ᠢ ᠬᠤᠷᠢᠶᠠᠨ ᠲᠣᠭᠳᠠᠭᠠᠪᠠ᠃ ᠠᠷᠢᠭᠪᠣᠬ᠎ᠠ ᠬᠡᠮᠡᠭᠴᠢ ᠬᠤᠪᠢᠰᠣᠯ ᠲᠡᠭᠳᠡᠭᠡᠭᠰᠡᠨ ᠳᠤ ᠲᠦᠪ ᠶᠣᠰᠣᠳᠣ ︵中统︶ ᠬᠡᠮᠡᠬᠦᠢ ᠶᠢᠨ ︵1261 ᠣᠨ︶ ᠳᠤ ᠲᠦᠷᠦᠯ ᠸᠠᠩ ᠨᠠᠷ ᠲᠠᠢ ᠬᠠᠮᠳᠣᠷᠠᠨ ᠣᠮᠠᠷᠠᠰᠢ ᠲᠠᠶᠢᠯᠠᠬᠤᠢ ᠳᠤᠷ ᠲᠡᠭᠦᠨ ᠤ ᠬᠦᠪᠡᠭᠦᠨ ᠬᠠᠭ᠋ᠠᠢ ︵哈海︶᠂ ᠲᠣᠬᠤᠨ ︵脱欢︶᠂ ᠣᠷᠣᠴᠠᠨ ︵斡罗陈︶ ᠵᠡᠷᠭᠡ ᠠᠷᠪᠠᠨ ᠬᠦᠮᠦᠨ ᠰᠢᠳᠡᠷ᠎ᠡ ᠲᠠᠭᠠᠯᠳᠠ ᠪᠣᠯᠵᠣ ᠮᠠᠩᠯᠠᠢ ︵莽来︶ ᠬᠡᠮᠡᠬᠦ ᠭᠠᠵᠠᠷ ᠲᠤ ᠬᠦᠷᠦᠭᠡᠳ ᠬᠡᠶᠢᠮᠣᠷᠢ ︵失木鲁︶ ᠬᠢᠭᠡᠳ ᠠᠷᠢᠭᠪᠣᠬ᠎ᠠ ︵阿里不哥︶ ᠶᠢᠨ ᠨᠠᠮᠳᠠᠨ ᠪᠠᠯᠬ᠎ᠠ ︵八儿哈︶᠂ ᠪᠠᠷᠰ ︵八儿思︶ ᠨᠠᠷ ᠲᠠᠢ ᠲᠣᠯᠣᠯᠳᠣᠨ ᠪᠦᠷᠦᠭᠳᠦ ︵孛罗克秃︶ ᠬᠡᠮᠡᠬᠦ ᠭᠠᠵᠠᠷ ᠲᠤ ᠬᠦᠷᠳᠡᠯ᠎ᠡ ᠨᠡᠬᠡᠮᠵᠢᠯᠡᠭᠡᠳ᠂ ᠲᠠᠬᠢᠨᠳᠠ ᠪᠠᠶᠢᠯᠳᠣᠨ ᠦᠷᠯᠦᠬᠡ ᠠᠴᠠ ᠦᠳᠡᠰᠢ ᠪᠣᠯᠳᠠᠯ᠎ᠠ ᠲᠦᠮᠡᠨ ᠬᠦᠮᠦᠨ ᠤ ᠲᠡᠷᠢᠬᠦᠨ ᠢ ᠴᠠᠪᠴᠢᠭᠰᠠᠨ ᠠᠴᠠ ᠦᠬᠦᠳᠡᠯ ᠬᠡᠭᠦᠷ ᠬᠡᠭᠡᠷ᠎ᠡ ᠲᠠᠯ᠎ᠠ ᠶᠢ ᠪᠦᠷᠬᠦᠪᠡ᠃ ᠨᠦᠭᠴᠢᠭᠰᠡᠨ᠎ᠡ ᠮᠣᠭᠠᠶᠢᠳᠣ ︵末怀秃︶ ᠳᠤ ᠣᠷᠣᠰᠢᠭᠤᠯᠪᠠ᠃                          ※ ᠠᠰᠢᠭᠯᠠᠭᠰᠠᠨ ᠰᠣᠷᠪᠣᠯᠵᠢ ᠪᠢᠴᠢᠭ                          ⑴︽元史᠂ 卷一十八᠂ 列传第五᠂ 纳陈传︾                        ︵15︶  ᠲᠡᠮᠦᠷ 帖木儿 —— ᠡᠨᠡ ᠬᠦᠮᠦᠨ ᠤ ᠭᠠᠷᠤᠯ ᠰᠣᠷᠪᠣᠯᠵᠢ ᠶᠢᠨ ᠲᠣᠬᠠᠢ ᠬᠤᠶᠠᠷ ᠵᠦᠢᠯ ᠤᠨ ᠠᠳᠠᠯᠢ ᠪᠣᠰᠣ ᠲᠡᠮᠳᠡᠭᠯᠡᠯ ᠪᠣᠢ᠃                        1᠄ ᠲᠡᠮᠦᠷ ᠪᠣᠯᠪᠠᠰᠣ ᠠᠯᠴᠣ ᠶᠢᠨ ᠬᠦᠪᠡᠭᠦᠨ ᠮᠦᠨ᠃ ᠡᠭᠦᠨ ᠤ ᠪᠠᠷᠢᠮᠳᠠ ᠪᠣᠯᠬᠤ ᠲᠡᠮᠳᠡᠭᠯᠡᠯ ᠬᠡᠮᠡᠪᠡᠰᠦ ᠄ ᠬᠣ᠋ ᠽᠣ᠋ ᠭᠤᠸᠠᠩ胡祖广 ᠤᠨ ᠪᠢᠴᠢᠭᠰᠡᠨ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ ᠠᠴᠢᠯᠠᠯ ᠤᠨ ᠭᠡᠷᠡᠯᠳᠦ ᠬᠦᠰᠢᠶᠡᠨ ᠤ ᠪᠢᠴᠢᠭ相哥八剌鲁王元勋世德碑︾ ᠬᠢᠭᠡᠳ ︽ᠶᠣᠸᠠᠨ ᠣᠯᠣᠰ ᠤᠨ ᠰᠣᠳᠣᠷ᠂ ᠳ᠋ᠢᠢ ᠰᠡᠴᠡᠨ ᠤ ᠱᠠᠰᠳᠢᠷ元史特薛禅传︾ ᠲᠤ ᠴᠦᠮ ᠲᠡᠮᠦᠷ ᠪᠣᠯᠪᠠᠰᠣ ᠠᠯᠴᠣ ᠶᠢᠨ ᠬᠦᠪᠡᠭᠦᠨ ᠬᠡᠮᠡᠨ ᠲᠡᠮᠳᠡᠭᠯᠡᠵᠦ ᠪᠣᠢ᠃                        2᠄ ᠨᠦᠭᠦᠬᠡ ᠵᠦᠢᠯ ᠤᠨ ᠲᠡᠮᠳᠡᠭᠯᠡᠯ ᠬᠡᠮᠡᠪᠡᠰᠦ᠄ ᠲᠡᠮᠦᠷ ᠪᠣᠯᠪᠠᠰᠣ ᠨᠠᠴᠢᠨ ︵纳陈︶ ᠤ ᠬᠦᠪᠡᠭᠦᠨ᠂ ᠠᠯᠴᠣ ︵按陈︶ ᠶᠢᠨ ᠣᠮᠪᠣᠯᠣ ᠪᠣᠯᠠᠢ ᠬᠡᠮᠡᠨ ᠲᠡᠮᠳᠡᠭᠯᠡᠵᠦ ᠠᠮᠣᠢ᠃ ᠡᠭᠦᠨ ᠤ ᠲᠣᠬᠠᠢ ᠪᠠᠷᠢᠮᠳᠠ ᠬᠡᠮᠡᠪᠡᠰᠦ᠄ ᠴᠧᠩ ᠵᠢᠣᠢ ᠹᠦ᠋程钜夫ᠬᠡᠮᠡᠭᠴᠢ ᠶᠢᠨ ᠪᠢᠴᠢᠭᠰᠡᠨ ︽ᠢᠩᠴᠠᠩ ᠴᠦᠯᠬᠡ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠬᠡᠷᠡᠯᠳᠣ ᠬᠦᠰᠢᠶᠡᠨ ᠤ ᠲᠡᠮᠳᠡᠭᠯᠡᠯ应昌路报恩寺碑︾᠂ ᠯᠢᠦ ᠮᠢᠨ ᠵᠦᠩ ︵刘敏中︶ ᠬᠡᠮᠡᠭᠴᠢ ᠶᠢᠨ ᠪᠢᠴᠢᠭᠰᠡᠨ ︽ᠵᠠᠷᠯᠢᠭ ᠢᠶᠠᠷ ᠰᠣᠶᠣᠷᠬᠠᠬᠰᠠᠨ ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ ᠰᠦᠮ᠎ᠡ ᠶᠢᠨ ᠬᠡᠷᠡᠯᠳᠦ ᠬᠦᠰᠢᠶᠡᠨ ᠤ ᠲᠡᠮᠳᠡᠭᠯᠡᠯ敇赐应昌府罔极寺碑︾ ᠵᠢᠴᠢ ︽ᠶᠣᠸᠠᠨ ᠣᠯᠣᠰ ᠤᠨ ᠰᠣᠳᠣᠷ᠂ ᠪᠠᠬᠢᠴᠣᠣᠯ ᠤᠨ ᠢᠯᠡᠳᠭᠡᠯ元史᠂公主表︾ ᠵᠡᠷᠬᠡ ᠡᠷᠬᠡ ᠰᠦᠷᠳᠦ ᠪᠢᠴᠢᠭ ᠲᠡᠮᠳᠡᠭᠯᠡᠯ ᠳᠤᠷ ᠴᠦᠮ ᠡᠶᠢᠨᠬᠦ ᠲᠡᠮᠳᠡᠭᠯᠡᠵᠦᠬᠦᠢ᠃ ᠨᠢᠭᠳᠠᠯᠠᠬᠤᠯ᠎ᠠ ᠯᠢᠦ ᠮᠢᠨ ᠵᠦᠩ ᠤᠨ ᠪᠢᠴᠢᠭᠰᠡᠨ ᠭᠡᠷᠡᠯᠳᠦ ᠬᠦᠰᠢᠶᠡᠨ ᠤ ᠲᠡᠮᠳᠡᠭᠯᠡᠯ ᠬᠢᠭᠡᠳ ᠴᠧᠩ ᠵᠢᠣᠢ ᠹᠦ᠋ ᠶᠢᠨ ᠪᠢᠴᠢᠭᠰᠡᠨ ᠭᠡᠷᠡᠯᠳᠦ ᠬᠦᠰᠢᠶᠡᠨ ᠤ ᠲᠡᠮᠳᠡᠭᠯᠡᠯ ᠵᠡᠷᠬᠡ ᠨᠢ ᠪᠦᠷ ᠶᠣᠸᠠᠨ ᠣᠯᠣᠰ ᠤᠨ ᠡᠮᠦᠨᠡᠬᠢ ᠦᠶ᠎ᠡ ᠳᠤ ᠵᠣᠬᠢᠶᠠᠭᠳᠠᠵᠣ᠂ ᠬᠣ᠋ ᠽᠣ᠋ ᠭᠤᠸᠠᠩ ᠤᠨ ᠪᠢᠴᠢᠭᠰᠡᠨ ᠭᠡᠷᠡᠯᠳᠦ ᠬᠦᠰᠢᠶᠡᠨ ᠤ ᠲᠡᠮᠳᠡᠭᠯᠡᠯ ᠨᠢ ᠶᠣᠸᠠᠨ ᠣᠯᠣᠰ ᠤᠨ ᠰᠡᠭᠦᠯᠴᠢ ᠦᠶ᠎ᠡ ᠳᠠᠬᠢ ᠲᠣᠭᠤᠭᠠᠨᠳᠡᠮᠦᠷ ᠬᠠᠭᠠᠨ ᠤ ᠦᠶ᠎ᠡ ᠳᠤ ᠵᠣᠬᠢᠶᠠᠭᠳᠠᠭᠰᠠᠨ ᠠᠨᠦ ᠪᠣᠯᠠᠢ᠂ ᠨᠡᠩ ᠴᠦ ︽ᠶᠣᠸᠠᠨ ᠣᠯᠣᠰ ᠤᠨ ᠰᠣᠳᠣᠷ︾ ᠪᠣᠯᠪᠠᠰᠣ ᠮᠢᠩ ᠣᠯᠣᠰ ᠤᠨ ᠡᠬᠢᠨ  ᠤ ᠦᠶ᠎ᠡ ᠳᠤᠷ ᠰᠠᠶ᠋ᠢ ᠪᠢᠴᠢᠭᠳᠡᠭᠰᠡᠨ ᠤ ᠣᠴᠢᠷ ᠡᠳᠡᠭᠡᠷ ᠪᠢᠴᠢᠭ ᠲᠡᠮᠳᠡᠭᠯᠡᠯ ᠳᠤᠷ ᠣᠰᠣᠯ ᠠᠯᠳᠠᠭ᠎ᠠ ᠠᠯᠠᠭ᠎ᠠ ᠬᠡᠮᠡᠨ ᠦᠭᠦᠯᠡᠵᠦ ᠬᠡᠷᠬᠢᠨ ᠪᠣᠯᠬᠤ ᠠᠵᠢ᠃ ᠨᠦᠭᠦᠬᠡ ᠲᠠᠯ᠎ᠠ ᠪᠠᠷ ᠬᠡᠯᠡᠪᠡᠰᠦ᠂ ᠣᠷᠣᠴᠠᠨ ︵斡罗陈︶᠂ ᠲᠡᠮᠦᠷ ︵帖木儿︶᠂ ᠮᠠᠨᠽᠠᠳᠠᠢ ︵蛮子台︶ ᠨᠠᠷ ᠴᠦᠮ ᠣᠷᠢᠳ ᠬᠤᠵᠢᠳ ᠨᠠᠩᠭᠠᠴᠢᠨ ᠪᠠᠬᠢ ︵囊加真公主︶ ᠯᠦᠭᠡ ᠭᠡᠷᠯᠡᠪᠡᠢ᠂ ᠡᠶᠢᠮᠦ ᠶᠢᠨ ᠲᠣᠯᠠᠳᠠ ᠲᠡᠮᠦᠷ ᠪᠣᠯᠪᠠᠰᠣ ᠠᠯᠴᠣ ︵按陈︶ ᠶᠢᠨ ᠣᠮᠪᠣᠯᠣ᠂ ᠨᠠᠴᠢᠨ ︵纳陈︶ ᠤ ᠬᠦᠪᠡᠭᠦᠨ ᠪᠣᠯᠬᠤ ᠠᠨᠦ ᠨᠡᠩ ᠢᠳᠡᠭᠡᠮᠵᠢᠳᠡᠢ ᠪᠣᠢ ᠢ ᠎ᠠ︕                        ᠬᠣ᠋ ᠽᠣ᠋ ᠭᠤᠸᠠᠩ ︵胡祖广︶ ᠤᠨ ᠪᠢᠴᠢᠭᠰᠡᠨ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ ᠠᠴᠢᠯᠠᠯ ᠤᠨ ᠭᠡᠷᠡᠯᠳᠣ ᠬᠦᠰᠢᠶᠡᠨ ᠤ ᠲᠡᠮᠳᠡᠭᠯᠡᠯ相哥八剌鲁王元勋世德碑︾ ᠬᠡᠮᠡᠬᠦ ᠪᠢᠴᠢᠭ ᠲᠤᠷ᠄ ᠲᠡᠮᠦᠷ ᠬᠡᠮᠡᠭᠴᠢ ᠪᠠᠷ᠂ ︽ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ  ᠶᠢᠨ ᠵᠢᠷᠭᠤᠳᠣᠭᠠᠷ ᠣᠨ ︵1269 ᠣᠨ︶ ᠳᠤᠷ᠂ ᠵᠢᠨᠢᠩ ᠬᠤᠷᠤᠭ᠎ᠠ ︵ᠵᠢᠨᠢᠩ ᠹᠦ᠋济宁府︶ ᠶᠢ ᠪᠠᠶᠢᠭᠤᠯᠳᠣᠭᠠᠢ ᠬᠡᠮᠡᠨ ᠲᠦᠷᠦ ᠳᠤᠷ ᠠᠶᠢᠯᠠᠳᠬᠠᠨ ᠵᠦᠪᠰᠢᠶᠡᠷᠡᠭᠦᠯᠪᠡᠢ᠃ ᠠᠷᠪᠠᠨ ᠨᠠᠢᠮᠠᠳᠤᠭᠠᠷ ᠣᠨ ︵1281 ᠣᠨ︶ ᠳᠤᠷ ᠬᠤᠷᠤᠭ᠎ᠠ ᠶᠢ ᠲᠡᠪᠰᠢᠭᠦᠯᠦᠨ ᠴᠦᠯᠬᠡ ︵ᠯᠣ᠋路︶ ᠪᠣᠯᠭᠠᠪᠠᠢ᠃ ᠨᠡᠶᠢᠳᠡᠯᠡᠨ ᠲᠡᠭᠰᠢᠯᠡᠭᠴᠢ ᠬᠦᠷᠭᠡᠨ ᠲᠦᠰᠢᠮᠡᠯ ︵驸马都尉᠂ ᠲᠡᠮᠦᠷ ᠪᠣᠶᠣ︶ ᠪᠠᠷ ᠮᠦᠨ ᠬᠦ ᠬᠠᠷᠢ ᠤᠭᠰᠠᠭᠠᠲᠠᠨ ᠤ ᠪᠤᠶᠤ ᠮᠣᠩᠭᠤᠯ ᠤᠨ ᠴᠡᠷᠢᠭ ᠢ ᠲᠠᠭᠠᠭᠰᠠᠨ ᠭᠤᠷᠪᠠᠨ ᠮᠢᠩᠭ᠎ᠠ ᠭᠠᠷᠦᠢ ᠡᠷᠦᠬᠡ ᠶᠢ ᠵᠢᠵᠸᠦ ︵济州︶᠂ ᠶᠠᠨᠵᠸᠣ ︵兖州︶᠂ ᠱᠠᠨᠵᠸᠣ ︵单州︶ ᠵᠡᠷᠬᠡ ᠭᠤᠷᠪᠠᠨ ᠵᠸᠣ ᠳᠤᠷ ᠲᠠᠷᠬᠠᠭᠠᠨ ᠨᠣᠳᠣᠭᠰᠢᠭᠤᠯᠪᠠᠢ︾ ᠬᠡᠮᠡᠵᠦᠬᠦᠢ᠃ ᠲᠣᠰ ᠬᠦᠰᠢᠶ᠎ᠡ ᠪᠣᠯᠪᠠᠰᠣ ᠲᠡᠮᠦᠷ ᠤᠨ ᠬᠤᠶᠠᠳᠣᠭᠠᠷ ᠬᠦᠪᠡᠭᠦᠨ ᠰᠠᠩᠭᠠᠪᠠᠯᠠ ︵相哥八剌︶ ᠳᠤᠷ ᠰᠡᠶᠢᠯᠣᠭ᠍ᠰᠡᠨ ᠵᠠᠷᠯᠢᠭ ᠤᠨ ᠪᠢᠴᠢᠭ ᠪᠣᠯᠬᠤ ᠬᠡᠮᠡᠪᠡᠴᠣ ᠬᠠᠷᠢᠨ ᠨᠠᠴᠢᠨ ︵纳陈︶᠂ ᠣᠷᠣᠴᠠᠨ ︵斡罗陈︶᠂ ᠮᠠᠨᠽᠠᠳᠠᠢ ︵蛮子台︶ ᠵᠡᠷᠬᠡ ᠬᠦᠮᠦᠰ ᠤᠨ ᠨᠡᠯᠢᠶᠡᠳ ᠬᠡᠰᠡᠭ ᠦᠢᠯᠡ ᠠᠵᠢᠯᠯᠠᠭ᠎ᠠ ᠶᠢ ᠴᠦᠮ ᠲᠡᠮᠦᠷ ᠤᠨ ᠨᠡᠷ᠎ᠡ ᠶᠢᠨ ᠲᠣᠣᠷ᠎ᠠ ᠲᠡᠮᠳᠡᠭᠯᠡᠭᠰᠡᠨ ᠪᠠᠶᠢᠯᠤᠭ᠎ᠠ᠃ ᠡᠭᠦᠨ ᠤ ᠰᠢᠯᠳᠠᠭᠠᠨ ᠢ ᠬᠢᠨᠠᠪᠠᠰᠣ᠂ ᠬᠣ᠋ ᠽᠦ ᠭᠤᠸᠠᠩ ᠬᠡᠮᠡᠬᠦ ᠡᠷᠳᠡᠮᠳᠡᠨ ᠪᠠᠷ ᠬᠢᠳᠠᠳ ᠤᠨ ᠪᠠᠳᠣ ᠵᠢᠷᠣᠮᠳᠠᠳ ᠤᠨ ᠣᠶᠢᠯᠠᠭᠠᠭᠳᠠᠬᠤᠨ ᠠᠴᠠ ᠪᠠᠨ ᠡᠭᠦᠰᠴᠣ᠂ ᠨᠠᠩᠭᠠᠴᠢᠨ ᠪᠠᠬᠢ ︵囊加真公主︶ ᠶᠢᠨ ᠣᠷᠢᠳ ᠬᠤᠵᠢᠳ ᠣᠷᠣᠴᠠᠨ᠂ ᠲᠡᠮᠦᠷ᠂ ᠮᠠᠽᠠᠳᠠᠢ ᠵᠡᠷᠬᠡ ᠠᠬ᠎ᠠ ᠲᠡᠭᠦᠦ ᠭᠤᠷᠪᠠ  ᠲᠠᠢ ᠭᠡᠷᠯᠡᠭᠰᠡᠨ ᠶᠠᠪᠣᠳᠠᠯ ᠢ ᠴᠡᠭᠡᠷᠯᠡᠬᠦ ᠶᠢᠨ ᠲᠦᠯᠦᠬᠡ ᠪᠣᠶᠣ ᠡᠰᠡᠭᠦᠯ᠎ᠡ ᠬᠤᠩᠭᠢᠷᠠᠳ ᠠᠶᠢᠮᠠᠭ ᠤᠨ ᠲᠦᠷᠦᠭᠦᠴᠦᠳ ᠬᠢᠳᠠᠳ ᠪᠢᠴᠢᠭ ᠢ ᠲᠡᠩᠳᠡᠭᠦᠦ ᠬᠦᠩᠭᠡᠪᠴᠢᠯᠡᠭᠰᠡᠨ ᠤ ᠬᠠᠷᠠᠭ᠎ᠠ ᠠᠴᠠ ᠡᠶᠢᠮᠦᠷᠬᠦ ᠭᠡᠷ ᠲᠦᠷᠦᠯ ᠤᠨ ᠲᠣᠳᠣᠷᠠᠬᠢ ᠰᠢᠭᠤᠳ ᠴᠢᠰᠣᠨ ᠣᠳᠣᠮ ᠤᠨ ᠳᠦᠷᠪᠡᠨ ᠦᠶ᠎ᠡ ᠶᠢᠨ ᠬᠦᠮᠦᠰ ᠢ ᠬᠠᠷᠢᠯᠴᠠᠨ ᠬᠤᠳᠬᠤᠯᠳᠣᠭᠤᠯᠣᠭᠰᠠᠨ ᠭᠡᠷᠡᠯᠳᠦ ᠬᠦᠰᠢᠶᠡᠨ ᠤ ᠪᠢᠴᠢᠭ ᠢ ᠰᠡᠶᠢᠯᠦᠭᠦᠯᠦᠭᠡᠳ ᠶᠢᠷᠳᠢᠨᠴᠦ ᠳᠤ ᠬᠤᠴᠣᠷᠭᠠᠭᠰᠠᠨ ᠪᠠᠶᠢᠵᠣ ᠮᠡᠳᠡᠬᠦ ᠪᠣᠯᠣᠮᠵᠢ ᠮᠠᠰᠢ ᠶᠡᠭᠡ ᠪᠣᠶᠣ᠃                        ︽ᠶᠣᠸᠠᠨ ᠣᠯᠣᠰ ᠤᠨ ᠰᠣᠳᠣᠷ᠂ ᠳ᠋ᠢᠢ ᠰᠡᠴᠢᠨ ᠤ ᠱᠠᠰᠳᠢᠷ元史᠂特薛禅传︾᠂ ︽ᠪᠠᠭᠠᠳᠣᠷ ᠪᠣᠳᠣᠯᠭᠠᠳᠣ ᠵᠠᠩᠵᠣᠨ ᠵᠢᠨᠢᠩ ᠴᠦᠯᠬᠡ ᠶᠢᠨ ᠶᠡᠷᠦᠩᠬᠡᠢ ᠵᠠᠬᠢᠷᠭ᠎ᠠ ᠶᠢᠨ ᠬᠤᠷᠤᠭ᠎ᠠ ᠶᠢᠨ ᠲᠠᠷᠣᠭᠠᠴᠢ ᠶᠢᠨ ᠲᠡᠭᠡᠳᠦᠰ ᠤᠨ ᠣᠩᠭᠤᠨ ᠤ ᠪᠣᠳᠢ ᠮᠦᠷ ᠤᠨ ᠬᠦᠰᠢᠶᠡᠨ ᠤ ᠪᠢᠴᠢᠭ武略将军济宁路总管府达 鲁花赤先茔神道碑︾᠂ ︽ᠵᠠᠩ ᠣᠪᠣᠭᠳᠣ ᠶᠢᠨ ᠲᠡᠭᠡᠳᠦᠰ ᠤᠨ ᠣᠩᠭᠤᠨ ᠤ ᠬᠦᠰᠢᠶᠡᠨ ᠤ ᠪᠢᠴᠢᠭ张 氏先茔碑︾ ᠵᠡᠷᠬᠡ ᠪᠢᠴᠢᠭ ᠪᠠᠷᠢᠮᠳᠠ ᠲᠣᠳᠣᠷᠠᠬᠢ ᠨᠠᠴᠢᠨ᠂ ᠣᠷᠣᠴᠠᠨ ᠨᠠᠷ  ᠤᠨ ᠲᠣᠬᠠᠢ ᠡᠨᠡ ᠬᠡᠰᠡᠭ ᠪᠢᠴᠢᠭ ᠲᠡᠮᠳᠡᠭᠯᠡᠯ ᠤᠳ ᠢ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ ᠠᠴᠢᠯᠠᠯ ᠤᠨ ᠭᠡᠷᠡᠯᠳᠦ ᠬᠦᠰᠢᠶᠡᠨ ᠤ ᠪᠢᠴᠢᠭ相哥八剌鲁王元勋世德碑︾ ᠬᠡᠮᠡᠬᠦ ᠪᠢᠴᠢᠭ ᠯᠦᠭᠡ ᠬᠠᠷᠢᠯᠴᠢᠨ ᠬᠠᠷᠭᠤᠯᠵᠣ ᠦᠵᠡᠪᠡᠰᠦ ︽ᠵᠢᠨᠢᠩ ᠬᠤᠷᠤᠭ᠎ᠠ ᠶᠢ ᠴᠦᠯᠬᠡ ᠪᠣᠯᠭᠠᠨ ᠲᠡᠪᠰᠢᠭᠦᠯᠦᠭᠰᠡᠨ︾ ᠵᠡᠷᠬᠡ ᠦᠢᠯᠡ ᠶᠠᠪᠣᠳᠠᠯ ᠪᠣᠯᠪᠠᠰᠣ ᠨᠠᠴᠢᠨ ᠪᠣᠶᠣ ᠤᠷᠤᠴᠠᠨ ᠨᠠᠷ ᠤᠨ ᠰᠡᠳᠦᠭᠰᠡᠨ ᠶᠠᠪᠣᠳᠠᠯ ᠪᠣᠯᠬᠤ ᠠᠨᠦ ᠦᠵᠡᠳᠡᠯ᠎ᠡ ᠢᠯᠡᠷᠬᠡᠢ ᠪᠦᠭᠡᠳ ᠲᠡᠮᠦᠷ ᠬᠡᠮᠡᠭᠴᠢ ᠡᠨᠡ ᠦᠶ᠎ᠡ ᠳᠤᠷ ᠴᠡᠷᠢᠭ ᠢ ᠲᠠᠭᠠᠨ ᠵᠢᠨᠢᠩ ᠳᠤᠷ ᠬᠦᠷᠦᠭᠰᠡᠨ ᠢᠨᠦ ᠲᠣᠳᠣᠷᠬᠠᠢ ᠪᠣᠯᠵᠣᠬᠤᠢ᠃ ︽ᠰᠢᠶᠠᠨ ᠶᠢᠩ先茔︾ ᠭᠡᠳᠡᠭ ᠪᠤᠯ ᠲᠡᠭᠡᠳᠦᠰ ᠤᠨ ᠬᠢᠨᠢ ᠤᠩᠭᠤᠨ ᠭᠡᠰᠡᠨ ᠦᠭᠡ ᠶᠤᠮ᠃                        ᠡᠬᠦᠨ ᠢ ᠨᠣᠳᠠᠯᠠᠬᠤ ᠬᠡᠷᠡᠴᠢ ᠬᠡᠮᠡᠪᠡᠰᠦ᠄ ︽ᠶᠣᠸᠠᠨ ᠣᠯᠣᠰ ᠤᠨ ᠰᠣᠳᠣᠷ᠂ ᠰᠣᠷᠪᠣᠯᠵᠢ ᠣᠷᠢᠳᠣᠰ ᠤᠨ ᠴᠠᠳᠢᠭ︾ ᠤᠨ ᠲᠡᠮᠳᠡᠭᠯᠡᠯ ᠢ ᠦᠨᠳᠦᠰᠦᠯᠡᠪᠡᠰᠦ᠄ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ ᠶᠢᠨ ᠬᠤᠷᠢᠨ ᠬᠤᠶᠠᠳᠣᠭᠠᠷ ᠣᠨ ︵1285 ᠣᠨ︶ ᠳᠤᠷ ᠶᠣᠸᠠᠨ ᠣᠯᠣᠰ ᠤᠨ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠪᠠᠷ ᠲᠡᠭᠡᠳᠦ ᠨᠡᠶᠢᠰᠯᠡᠯ ᠳᠤᠷ ᠪᠠᠶᠢᠴᠠᠭᠠᠷ᠎ᠠ ᠮᠣᠷᠢᠯᠠᠭᠠᠳ ᠠᠪᠠ ᠲᠠᠯᠪᠢᠨ ᠢᠩᠴᠠᠩ ᠳᠤᠷ ᠬᠦᠷᠬᠦᠶ᠎ᠡ ᠲᠡᠮᠦᠷ ᠬᠢᠭᠡᠳ ᠨᠠᠩᠭᠠᠴᠢᠨ ᠪᠠᠬᠢ ᠪᠠᠷ ᠬᠠᠭᠠᠨ ᠯᠤᠭ᠎ᠠ ᠪᠠᠷᠠᠭᠠᠳᠠᠭᠰᠠᠨ ᠪᠠᠶᠢᠯᠤᠭ᠎ᠠ᠃ ᠬᠤᠷᠢᠨ ᠲᠦᠷᠪᠡᠳᠦᠭᠡᠷ ᠣᠨ ︵1287 ᠣᠨ︶ ᠳᠤᠷ ᠨᠠᠶᠠᠨ ︵乃颜︶ ᠬᠡᠮᠡᠭᠴᠢ ᠯᠠᠤᠬ᠎ᠠ ᠶᠢᠨ ᠵᠡᠭᠦᠨ ︵ᠯᠢᠶᠤᠤᠳᠦ᠋ᠩ辽东︶ ᠳᠤᠷ ᠣᠷᠪᠠᠯᠭᠠᠨ ᠭᠠᠷᠭᠠᠭᠰᠠᠨ ᠠᠴᠠ ᠬᠤᠪᠢᠯᠠᠢ ᠰᠡᠴᠡᠨ ᠬᠠᠭᠠᠨ ᠪᠡᠶ᠎ᠡ ᠪᠠᠷ ᠲᠠᠶᠢᠯᠠᠬᠤᠢ ᠳᠤᠷ ᠲᠡᠮᠦᠷ ᠬᠡᠮᠡᠭᠴᠢ ᠵᠠᠷᠯᠢᠭ  ᠢᠶᠠᠷ ᠮᠣᠷᠳᠠᠵᠣ ᠦᠭᠡᠳᠡᠭᠰᠢ ᠭᠠᠪᠢᠶ᠎ᠠ ᠪᠠᠶᠢᠭᠤᠯᠵᠠᠢ᠃ ᠮᠦᠨ ᠵᠢᠯ ᠤᠨ ᠠᠷᠪᠠᠨ ᠨᠢᠭᠡᠳᠦᠭᠡᠷ ᠰᠠᠷ᠎ᠠ ᠳᠤ ᠬᠤᠪᠢᠯᠠᠢ ᠰᠡᠴᠡᠨ ᠬᠠᠭᠠᠨ ᠠᠴᠠ ᠲᠡᠮᠦᠷ ᠢ ᠵᠢᠨᠢᠩ ᠭᠠᠵᠠᠷ ᠤᠨ ᠴᠠᠩᠨᠠᠭᠴᠢ ᠸᠠᠩ ︵济宁郡王︶ ᠬᠡᠮᠡᠨ ᠡᠷᠭᠦᠮᠵᠢᠯᠡᠪᠡᠢ᠃ ᠬᠤᠷᠢᠨ ᠲᠠᠪᠣᠳᠣᠭᠠᠷ ᠣᠨ ︵1288 ᠣᠨ︶ ᠳᠤᠷ ᠬᠠᠳᠠᠨᠲ᠋ᠤᠯᠭᠠᠨ ︵哈丹秃鲁干 ︶ ᠬᠡᠮᠡᠭᠴᠢ ᠲᠠᠬᠢᠨ ᠣᠷᠪᠠᠭᠰᠠᠨ ᠳᠤᠷ ᠲᠡᠮᠦᠷ ᠬᠡᠮᠡᠭᠴᠢ ᠬᠤᠪᠢᠯᠠᠢ ᠬᠠᠭᠠᠨ ᠤ ᠣᠮᠪᠣᠯᠣ ᠲᠡᠮᠦᠷ ᠵᠢᠴᠢ ᠬᠢᠶ᠎ᠠ ᠪᠢᠴᠢᠭᠡᠴᠢ ᠲᠦᠰᠢᠶ᠎ᠡ ᠲᠦᠰᠢᠮᠡᠯ ︵御史大夫︶ ᠦᠰᠢᠲᠡᠮᠦᠷ ︵玉昔帖木儿︶ ᠢ ᠲᠠᠭᠠᠨ ᠲᠠᠶᠢᠨ ᠳᠤᠷ ᠮᠣᠷᠳᠠᠵᠣ ᠬᠦᠢᠯᠠᠷ ᠭᠤᠣᠯ〖龟剌儿河 ᠣᠳᠣᠬᠢ ᠬᠢᠩᠭᠠᠨ ᠠᠶᠢᠮᠠᠭ ᠤᠨ ᠵᠠᠰᠠᠭᠳᠣ ᠶᠢᠨ ᠬᠤᠰᠢᠭᠤ᠂ ︵ᠲᠠᠷᠣᠢ ᠬᠤᠷᠴᠢᠨ ᠪᠠᠷᠠᠭᠤᠨ ᠭᠠᠷ ᠤᠨ ᠡᠮᠦᠨᠡᠳᠦ ᠬᠤᠰᠢᠭᠤ︶ ᠶᠢᠨ ᠵᠡᠬᠦᠨ ᠬᠤᠶᠢᠭᠤᠷ᠂ ᠲᠦᠰᠢᠶᠡᠲᠦ ᠶᠢᠨ ᠬᠤᠰᠢᠭᠤ ᠶᠢᠨ ᠵᠡᠭᠦᠨ ᠪᠡᠶ᠎ᠡ ᠪᠠᠷ ᠣᠷᠣᠰᠴᠣ ᠪᠦᠬᠦᠢ ᠭᠤᠣᠯ — ᠣᠷᠴᠢᠭᠤᠯᠣᠨ ᠲᠠᠶᠢᠯᠪᠣᠷᠢᠯᠠᠭᠴᠢ ᠠᠴᠠ〗 ᠳᠤᠷ ᠬᠦᠷᠦᠭᠡᠳ ᠬᠠᠳᠠᠨᠲ᠋ᠣᠯᠭᠠᠨ ᠤ ᠴᠡᠷᠢᠭ ᠯᠦᠭᠡ ᠬᠠᠷᠭᠤᠵᠣ ᠲᠣᠯᠣᠯᠳᠣᠨ ᠪᠠᠶᠢᠯᠳᠣᠭᠠᠳ ᠨᠦᠮᠦᠷᠬᠡ ᠶᠢᠨ ᠭᠤᠣᠯ〖恼木连河᠂ ᠣᠳᠣᠬᠢ ᠬᠢᠩᠭᠠᠨ ᠠᠶᠢᠮᠠᠭ ᠤᠨ ᠷᠠᠰᠢᠶᠠᠨ ᠬᠤᠳᠠ  ᠶᠢᠨ ᠵᠡᠭᠦᠨ ᠬᠤᠶᠢᠨ᠎ᠠ ᠳᠤᠷ ᠪᠣᠢ᠂ ᠡᠪᠦᠯ ᠬᠦᠯᠳᠡᠬᠦ ᠦᠭᠡᠢ ᠣᠷᠭᠢᠯᠣᠮᠠᠯ ᠪᠣᠯᠠᠭ ᠢ ᠬᠠᠷᠵᠠ ᠪᠣᠯᠠᠭ ᠬᠡᠵᠦ᠂ ᠤᠯᠠᠨ ᠠᠷᠪᠠᠨ ᠬᠠᠷᠵᠠ ᠪᠣᠯᠠᠭ ᠣᠨᠳᠣᠷᠠᠳᠠᠭ ᠭᠠᠵᠠᠷ ᠢ ᠨᠦᠮᠦᠷᠭᠡ ᠬᠡᠮᠡᠮᠣᠢ — ᠣᠷᠴᠢᠭᠤᠯᠣᠨ ᠲᠠᠶᠢᠯᠪᠣᠷᠢᠯᠠᠭᠴᠢ  ᠠᠴᠠ〗 ᠬᠦᠷᠦᠭᠡᠳ ᠣᠷᠪᠠᠭᠰᠠᠨ ᠴᠡᠷᠢᠭ ᠢ ᠪᠦᠬᠦᠨ ᠢ ᠣᠰᠠᠳᠬᠠᠪᠠᠢ᠃ ᠡᠶᠢᠨᠬᠦ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠪᠠᠷ ᠲᠡᠮᠦᠷ ᠲᠤᠷ ᠠᠯᠳᠠᠷᠳᠣ ᠨᠣᠶᠠᠨ ︵按答兒秃那颜︶ ᠬᠡᠮᠡᠭᠰᠡᠨ ᠴᠣᠯᠠ ᠶᠢ ᠰᠣᠶᠣᠷᠬᠠᠵᠣ ᠭᠠᠪᠢᠶ᠎ᠠ ᠶᠢ ᠠᠨᠦ ᠢᠯᠡᠷᠬᠡᠶᠢᠯᠡᠪᠡᠢ᠃              ︽ᠶᠣᠸᠠᠨ ᠣᠯᠣᠰ ᠤᠨ ᠰᠣᠳᠣᠷ᠂᠂ ᠲᠡᠮᠦᠷ ᠤᠨ ᠱᠠᠰᠳᠢᠷ︾ ᠲᠤᠷ᠄ ︽ᠲᠡᠮᠦᠷ ᠬᠡᠮᠡᠭᠴᠢ ᠨᠠᠩᠭᠠᠴᠢᠨ ᠪᠠᠬᠢ ᠯᠦᠭᠡ ᠭᠡᠷᠯᠡᠪᠡᠢ᠂ ᠬᠤᠶᠠᠷ ᠬᠦᠪᠡᠭᠦᠨ ᠲᠠᠢ ᠪᠣᠶᠣ᠂ ᠶᠡᠭᠡ ᠶᠢ ᠠᠨᠦ ᠳ᠋ᠢᠶᠠᠪᠠᠯᠠ ︵琱阿不剌︶ ᠬᠡᠮᠡᠵᠦ᠂ ᠬᠤᠶᠠᠳᠣᠭᠠᠷ ᠢ ᠠᠨᠦ ᠰᠠᠩᠭᠠᠪᠠᠯᠠ ︵桑哥不剌︶ ᠬᠡᠮᠡᠮᠦᠢ᠃ ᠣᠨᠣᠯᠳᠣ ᠲᠡᠷᠢᠭᠦᠨ ︵ᠵᠾᠢ ᠶᠤᠸᠠᠨ至 元︶ ᠬᠡᠮᠡᠬᠦᠢ ᠶᠢᠨ ᠬᠤᠷᠢᠨ ᠲᠣᠯᠣᠳᠣᠭᠠᠷ ᠣᠨ ︵1290 ᠣᠨ︶ ᠳᠤᠷ ᠲᠡᠮᠦᠷ ᠨᠦᠭᠴᠢᠪᠡᠢ᠂ ᠲᠡᠮᠦᠷ ᠤᠨ ᠲᠡᠭᠦᠦ ᠮᠠᠨᠽᠠᠳᠠᠢ ᠬᠡᠮᠡᠭᠴᠢ ᠲᠦᠮᠡᠳᠦ ᠶᠢᠨ ᠨᠣᠶᠠᠨ ᠢ ᠵᠠᠯᠭᠠᠮᠵᠢᠯᠠᠪᠠᠢ︾ ᠬᠡᠮᠡᠵᠦᠬᠦᠢ᠃                      ᠲᠡᠮᠦᠷ ᠤᠨ ᠬᠦᠪᠡᠬᠦᠨ ᠳ᠋ᠢᠶᠠᠪᠠᠯᠠ ᠬᠡᠮᠡᠭᠴᠢ ᠨᠠᠩᠭᠠᠴᠢᠨ ᠪᠠᠬᠢ ᠠᠴᠠ ᠮᠡᠨᠳᠦᠯᠡᠭᠰᠡᠨ ᠢᠨᠦ ᠪᠣᠶᠣ᠂ ᠶᠡᠭᠡ ᠡᠷᠳᠡᠮᠳᠦ ︵ᠳ᠋ᠠ ᠳ᠋ᠧ大德︶ ᠬᠡᠮᠡᠬᠦᠢ ᠶᠢᠨ ᠠᠷᠪᠠᠨ ᠨᠢᠭᠡᠳᠦᠭᠡᠷ ᠣᠨ ︵1307 ᠣᠨ︶ ᠳᠤᠷ ᠲᠦᠮᠡᠳᠦ  ᠶᠢᠨ ᠨᠣᠶᠠᠨ ᠢ ᠵᠠᠯᠭᠠᠮᠵᠢᠯᠠᠵᠣ᠂ ᠯᠣ᠋ ᠸᠠᠩ ᠡᠷᠬᠦᠮᠵᠢᠯᠡᠭᠳᠡᠪᠡᠢ᠃ ᠴᠣᠭᠳᠣ ᠲᠡᠭᠡᠳᠦᠰ ︵武宗︶ ᠬᠠᠶᠢᠰᠠᠩ ᠬᠠᠭᠠᠨ ᠪᠠᠷ ᠸᠠᠩ ᠤᠨ ᠬᠡᠷᠬᠡᠮ ᠢ ᠲᠣᠷ᠎ᠠ ᠪᠠᠷ ᠡᠷᠬᠦᠮᠵᠢᠯᠡᠭᠰᠡᠨ ᠠᠴᠠ ᠰᠢᠯᠣᠭᠤᠨ ᠬᠡᠷᠴᠢᠯᠡᠭᠡᠰᠦᠳᠣ ᠠᠷᠢᠶᠠᠳᠠᠨ ᠤ ᠪᠠᠷᠢᠭᠤᠯᠳᠣ ᠠᠯᠳᠠᠨ ᠲᠠᠮᠠᠭ᠎ᠠ ︵一字兽钮金印︶ ᠪᠦᠬᠦᠢ ᠨᠢᠭᠡᠳᠦᠭᠡᠷ ᠸᠠᠩ ᠠᠨᠦ ᠳ᠋ᠢᠶᠠᠪᠠᠯᠠ ᠠᠴᠠ ᠡᠬᠢᠯᠡᠭᠰᠡᠨ ᠪᠣᠶᠣ᠃ ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠠᠩᠬᠠᠳᠣᠭᠠᠷ ᠣᠨ ︵1308 ᠣᠨ︶  ᠳᠤᠷ ᠴᠣᠭᠳᠣ ᠲᠡᠭᠡᠳᠦᠰ ᠬᠠᠶᠢᠰᠠᠩ ᠬᠠᠭᠠᠨ ᠠᠴᠠ ᠶᠦᠩᠫᠢᠩ ᠴᠦᠯᠬᠡ ︵永平路︶ ᠶᠢᠨ ᠲᠦᠷᠭᠡᠨ ᠭᠤᠤᠯ ᠪᠠᠯᠭᠠᠳ ︵ᠯᠤᠸᠠᠨᠵᠸᠦ滦州︶᠂ ᠯᠦᠯᠦ᠋ᠩ ︵卢龙︶᠂ ᠴᠢᠶᠠᠨ ᠠᠨ ︵迁安︶᠂ ᠹᠦᠨᠢᠩ ︵抚宁︶᠂ ᠴᠠᠩᠯᠢ ︵昌黎︶᠂ ᠴᠢᠯᠠᠭᠤᠨ ᠬᠤᠳᠠ ︵石城︶᠂ ᠯᠧ ᠲᠢᠩ ︵乐亭︶ ᠵᠡᠷᠭᠡ ᠵᠢᠷᠭᠤᠭᠠᠨ ᠰᠢᠶᠠᠨ〖ᠡᠳᠡᠭᠡᠷ ᠭᠠᠵᠠᠷ ᠠᠨᠦ ᠴᠦᠮ ᠣᠳᠣᠬᠢ ᠾᠧᠪᠸᠢ ᠮᠣᠵᠢ ᠶᠢᠨ ᠵᠡᠭᠦᠨ ᠬᠡᠰᠡᠭ᠂ ᠲᠣᠬᠠᠶᠢᠯᠠᠪᠠᠯ ᠬᠡᠰᠢᠭᠳᠡᠨ ᠤ ᠡᠮᠦᠨᠡᠬᠦᠷ᠂ ᠣᠯᠠᠭᠠᠨᠬᠠᠳᠠ ᠶᠢᠨ ᠪᠠᠷᠠᠭᠤᠨ ᠡᠮᠦᠨ᠎ᠡ ᠪᠠ ᠵᠡᠭᠦᠨ ᠡᠮᠦᠨᠡᠬᠢ ᠪᠦᠰᠡ ᠨᠣᠳᠤᠭ ᠪᠣᠯᠣᠨ᠎ᠠ — ᠣᠷᠴᠢᠭᠤᠯᠣᠨ ᠲᠠᠶᠢᠯᠪᠣᠷᠢᠯᠠᠭᠴᠢ ᠠᠴᠠ〗 ᠢ ᠨᠠᠩᠭᠠᠴᠢᠨ ᠪᠠᠬᠢ ᠬᠢᠭᠡᠳ ᠲᠡᠭᠦᠨ ᠤ ᠬᠦᠷᠭᠡᠨ ᠲᠡᠮᠦᠷ ᠲᠤ ᠬᠠᠩᠭᠠᠯᠭ᠎ᠠ ᠲᠡᠵᠢᠭᠡᠯ ᠤᠨ ᠣᠷᠣᠨ ᠪᠣᠯᠭᠠᠨ ᠰᠣᠶᠣᠷᠬᠠᠪᠠᠢ᠃ ᠲᠠᠷᠠᠭ᠎ᠠ ᠵᠢᠯ ᠳᠤᠨᠢ ᠫᠢᠩᠵᠢᠶᠠᠩ ᠭᠠᠵᠠᠷ〖︵平江︶ ᠣᠳᠣᠬᠢ ᠬᠤᠨᠠᠨ ᠮᠣᠵᠢ ᠶᠢᠨ ᠶᠦᠸᠧ ᠶᠠᠩ ᠬᠤᠳᠠ —— ᠣᠷᠴᠢᠭᠤᠯᠣᠨ ᠲᠠᠶᠢᠯᠪᠣᠷᠢᠯᠠᠭᠴᠢ ᠠᠴᠠ 〗 ᠤᠨ ᠮᠢᠩᠭ᠎ᠠ ᠲᠠᠪᠣᠨ ᠵᠠᠭᠤᠨ ᠴᠢᠩ〖ᠨᠢᠭᠡ ᠴᠢᠩ ᠪᠣᠯᠪᠠᠰᠣ ᠵᠠᠭᠤᠨ ᠮᠣ᠋ ᠪᠣᠯᠠᠢ — ᠣᠷᠴᠢᠭᠤᠯᠣᠨ ᠲᠠᠶᠢᠯᠪᠣᠷᠢᠯᠠᠭᠴᠢ  ᠠᠴᠠ〗ᠲᠣᠳᠣᠷᠭ᠎ᠠ ᠶᠢᠨ ᠲᠠᠷᠢᠶ᠎ᠠ ᠶᠢ ᠬᠦᠷᠳᠡᠭᠡᠯ ᠪᠣᠯᠭᠠᠨ ᠰᠣᠶᠣᠷᠬᠠᠪᠠᠢ᠃ ᠯᠣ᠋ ᠸᠠᠩ ᠳ᠋ᠢᠶᠠᠪᠠᠯᠠ ᠬᠡᠮᠡᠭᠴᠢ ᠲᠠᠷᠮᠠᠪᠠᠯᠠ ᠶᠢᠨ ᠦᠬᠢᠨ᠂ ᠬᠠᠶᠢᠰᠠᠩ ᠬᠠᠭᠠᠨ ᠤ ᠦᠬᠢᠨ ᠲᠡᠭᠦᠦ ᠰᠠᠩᠭᠠᠷᠠᠭ ᠪᠠᠬᠢ ᠯᠦᠭᠡ ᠭᠡᠷᠯᠡᠪᠡᠢ᠃ ᠣᠨᠣᠯᠳᠣ ᠶᠡᠭᠡ ︵ᠵᠾᠢ ᠳ᠋ᠠ至大︶ ᠬᠡᠮᠡᠬᠦ ᠶᠢᠨ ᠭᠤᠷᠪᠠᠳᠤᠭᠠᠷ ᠣᠨ ︵1310 ᠣᠨ︶ ᠳᠤᠷ ᠳ᠋ᠢᠶᠠᠪᠠᠯᠠ ᠨᠦᠭᠴᠢᠪᠡᠢ᠃                      ᠲᠡᠮᠦᠷ ᠤᠨ ᠬᠤᠶᠠᠳᠣᠭᠠᠷ ᠬᠦᠪᠡᠭᠦᠨ ᠶᠦᠨ ᠠᠨ ᠸᠠᠩ ︵郓安王᠂ ᠣᠳᠣᠬᠢ ᠱᠠᠨᠳᠦᠩ ᠮᠣᠵᠢ  ᠶᠢᠨ ᠶᠦᠨ ᠴᠧᠩ ᠬᠤᠳᠠ郓城市︶᠂ ᠯᠣ᠋ ᠸᠠᠩ ᠰᠠᠩᠭᠠᠪᠠᠯᠠ ︵相哥八剌︶ ᠬᠡᠮᠡᠭᠴᠢ ᠠᠩᠬ᠎ᠠ ᠲᠣᠰᠢᠶᠠᠯ ᠵᠠᠯᠭᠠᠮᠵᠢᠯᠠᠵᠣ ᠲᠣᠰ ᠬᠠᠷᠢᠶᠠᠳᠣ ᠠᠶᠢᠮᠠᠭ ᠤᠨ ᠢᠶᠠᠨ ᠲᠦᠷᠪᠡᠨ ᠵᠠᠭᠤᠨ ᠡᠷᠦᠬᠡ ᠶᠢ ᠨᠡᠶᠢᠳᠡᠯᠡᠨ ᠵᠠᠬᠢᠷᠴᠣ ᠠᠪᠠᠢ᠃ ᠪᠦᠲᠦᠭᠡᠭᠴᠢ ᠲᠡᠭᠡᠳᠦᠰ ᠲᠡᠮᠦᠷ ᠬᠠᠭᠠᠨ ᠤ ᠦᠶ᠎ᠡ ᠳᠤᠷ ᠵᠠᠷᠯᠢᠭ ᠢᠶᠠᠷ ᠲᠡᠮᠦᠷ ᠬᠠᠭᠠᠨ ᠤ ᠦᠬᠢᠨ ᠫᠦᠨᠠ ᠪᠠᠬᠢ ︵普纳 公主︶ ᠯᠦᠭᠡ ᠭᠡᠷᠯᠡᠪᠡᠢ᠃ ᠲᠣᠭᠤᠨᠳᠠᠮᠦᠷ ᠬᠠᠭᠠᠨ ᠤ ᠣᠨᠣᠯᠳᠣ ᠡᠶᠡᠪᠡᠷᠬᠦ ︵ᠵᠾᠢ ᠱᠦᠨ至顺︶ ᠬᠡᠮᠡᠬᠦᠢ ᠶᠢᠨ ᠣᠨ ᠨᠤᠭᠤᠳ ︵1330 —— 1333 ᠣᠨ︶ ᠲᠤᠷ ᠮᠢᠩᠭᠠᠳᠣ ᠶᠢᠨ ᠨᠣᠶᠠᠨ ︵千户︶ ᠡᠷᠭᠦᠮᠵᠢᠯᠡᠭᠳᠡᠪᠡᠢ᠃ ᠡᠰᠢ ᠶᠣᠰᠣᠳᠣ ︵ᠶᠣᠸᠠᠨ ᠲᠦᠩ元统︶ ᠬᠡᠮᠡᠬᠦᠢ ᠶᠢᠨ ᠠᠩᠬᠠᠳᠣᠭᠠᠷ ᠣᠨ ︵1333 ᠣᠨ︶ ᠳᠤᠷ ᠲᠦᠮᠡᠳᠦ ᠶᠢᠨ ᠨᠣᠶᠠᠨ ᠡᠷᠬᠦᠮᠵᠢᠯᠡᠭᠳᠡᠪᠡᠢ᠃       ︽ᠶᠣᠸᠠᠨ ᠣᠯᠣᠰ ᠤᠨ ᠰᠣᠳᠣᠷ᠂ ᠰᠠᠩᠭᠠᠪᠠᠯᠠ ᠶᠢᠨ ᠱᠠᠰᠳᠢᠷ︾ ᠲᠤᠷ ᠲᠡᠮᠳᠡᠭᠯᠡᠭᠰᠡᠨ ᠢᠨᠦ᠄ ᠲᠡᠷᠡ ᠪᠠᠷ᠂ ︽ᠬᠠᠷᠠᠬᠠᠨ ᠪᠠᠭ᠎ᠠ ᠠᠴᠠ ᠪᠠᠨ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠤ ᠵᠠᠷᠯᠢᠭ ᠢ ᠬᠦᠯᠢᠶᠡᠨ᠂ ᠣᠭᠴᠢᠨ ᠪᠠᠬᠢ ︵斡可真公主︶  ᠳᠤᠷ ᠠᠰᠠᠷᠠᠭᠳᠠᠪᠠᠢ᠂ ᠲᠠᠷᠣᠢ ᠪᠣᠷᠵᠢᠭᠠᠷ ᠬᠦᠷᠬᠡᠨ ︵不只儿驸马︶ ᠬᠡᠮᠡᠭᠴᠢ ᠮᠦᠨ ᠪᠦᠯᠦᠭᠡ︾ ᠬᠡᠮᠡᠵᠦᠬᠦᠢ᠃ ᠠᠳᠡ ᠦᠭᠦᠯᠡᠨ ᠪᠦᠬᠦᠢ ᠪᠣᠷᠵᠢᠭᠠᠷ ᠬᠡᠮᠡᠭᠴᠢ ᠦᠭᠡᠷ᠎ᠡ ᠬᠦᠮᠦᠨ ᠤ ᠨᠡᠷ᠎ᠡ ᠪᠣᠰᠣ᠂ ᠰᠠᠩᠭᠠᠪᠠᠯᠠ ᠶᠢᠨ ᠨᠢᠯᠬ᠎ᠠ ᠪᠠᠯᠴᠢᠷ ᠦᠶ᠎ᠡ ᠶᠢᠨ ᠬᠢᠨᠢ ᠡᠩᠬᠦᠷᠡᠶᠢᠯᠡᠭᠰᠡᠨ ᠨᠡᠷ᠎ᠡ ᠪᠣᠯᠬᠤᠢ ᠳᠤᠷ ᠬᠦᠷᠪᠡᠰᠦ ᠡᠨᠡ ᠲᠡᠮᠳᠡᠭᠯᠡᠯ ᠭᠠᠷᠴᠠᠭ᠎ᠠ ᠦᠭᠡᠢ ᠵᠦᠪ ᠪᠣᠯᠬᠤ ᠠᠨᠦ ᠵᠦᠢ᠃ ᠬᠡᠳᠡᠯ᠎ᠡ ᠡᠨᠡ ᠨᠢ ᠤᠭᠴᠢᠨ ᠪᠠᠬᠢ ᠯᠤᠭ᠎ᠠ ᠭᠡᠷᠯᠡᠭᠰᠡᠨ ᠳ᠋ᠢᠢ ᠰᠡᠴᠡᠨ ᠤ ᠬᠦᠪᠡᠬᠦᠨ ᠠᠬᠤᠳᠠᠢ ︵火忽︶ ᠶᠢᠨ ᠣᠮᠪᠣᠯᠣ ᠪᠣᠷᠵᠢᠭᠠᠷ ᠢ ᠵᠢᠭᠠᠭᠰᠠᠨ ᠪᠣᠯᠬᠤ ᠳᠤ ᠬᠦᠷᠪᠡᠰᠦ ᠲᠠᠰᠣ ᠪᠣᠷᠣᠭᠤᠳᠠᠭᠰᠠᠨ ᠠᠨᠦ ᠶᠠᠷᠢᠶᠠᠨ ᠦᠭᠡᠢ᠃                      ︵16︶ ᠨᠠᠩᠭᠠᠴᠢᠨ ᠪᠠᠬᠢ【 ᠭᠦᠩᠵᠦ】囊加真公主—— ᠶᠣᠸᠠᠨ ᠣᠯᠣᠰ ᠤᠨ ᠪᠠᠬᠢ᠂ ᠬᠤᠪᠢᠯᠠᠢ ᠰᠡᠴᠡᠨ ᠬᠠᠭᠠᠨ ᠤ ᠴᠠᠮᠪᠢ ᠬᠠᠳᠣᠨ ᠠᠴᠠ ᠮᠡᠨᠳᠦᠯᠡᠭᠰᠡᠨ ᠭᠤᠷᠪᠠᠳᠣᠭᠠᠷ ᠦᠬᠢᠨ᠂ ᠬᠤᠩᠭᠢᠷᠠᠳ ᠠᠶᠢᠮᠠᠭ ᠤᠨ ᠲᠦᠮᠡᠳᠦ ᠶᠢᠨ ᠨᠣᠶᠠᠨ ᠣᠷᠣᠴᠠᠨ ︵斡罗陈︶ ᠳᠤᠷ ᠮᠣᠷᠳᠠᠪᠠᠢ᠃ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ ᠶᠢᠨ ᠲᠣᠯᠣᠳᠣᠭᠠᠷ ᠣᠨ ︵1270 ᠣᠨ︶ ᠳᠤᠷ ᠨᠠᠩᠭᠠᠴᠢᠨ ᠪᠠᠬᠢ ᠪᠠᠷ ᠲᠡᠭᠦᠨ  ᠤ ᠬᠦᠷᠭᠡᠨ ᠣᠷᠣᠴᠠᠨ ᠯᠦᠭᠡ ᠪᠠᠨ ᠲᠦᠷᠦ ᠳᠤᠷ ᠠᠶᠢᠯᠠᠳᠬᠠᠯ ᠲᠡᠪᠰᠢᠭᠦᠯᠵᠦ ᠲᠡᠭᠡᠳᠦ ᠨᠡᠶᠢᠰᠯᠡᠯ ᠠᠴᠠ ᠵᠡᠬᠦᠨ ᠬᠤᠶᠢᠰᠢ ᠭᠤᠷᠪᠠᠨ ᠵᠠᠭᠤᠨ ᠭᠠᠵᠠᠷ ᠲᠤᠷ ᠠᠬᠤ ᠲᠠᠯᠣᠨᠠᠭᠤᠷ ᠤᠨ ᠬᠤᠪᠢ ᠳᠠᠬᠢ ᠵᠣᠰᠠᠯᠠᠩ ᠤᠨ ᠭᠠᠵᠠᠷ ᠲᠤᠷ ᠢᠶᠠᠨ ᠬᠤᠳᠠ ᠬᠦᠷᠢᠶ᠎ᠡ ᠴᠣᠭᠴᠠᠯᠠᠵᠣ ᠨᠣᠳᠣᠭᠰᠢᠰᠣᠭᠠᠢ ᠬᠡᠮᠡᠭᠰᠡᠨ᠎ᠡ ᠭᠤᠶᠣᠴᠢᠯᠠᠭᠰᠠᠨ ᠶᠣᠰᠣᠭᠠᠷ ᠵᠦᠪᠰᠢᠶᠡᠷᠡᠵᠦ ᠨᠡᠷ᠎ᠡ ᠶᠢ ᠢᠨᠦ ᠢᠩᠴᠠᠩ ᠬᠤᠷᠤᠭ᠎ᠠ ︵应昌府︶ ᠬᠡᠮᠡᠨ ᠲᠣᠭᠳᠠᠭᠠᠵᠣᠬᠤᠢ᠃ ᠣᠷᠣᠴᠠᠨ ᠨᠦᠭᠴᠢᠭᠰᠡᠨ᠎ᠡ ᠲᠡᠭᠦᠨ ᠤ ᠲᠡᠭᠦᠦ ᠲᠡᠮᠦᠷ ᠬᠡᠮᠡᠭᠴᠢ ︵1281 ᠣᠨ︶ ᠳᠤᠷ ᠲᠦᠮᠡᠳᠦ ᠶᠢᠨ ᠨᠣᠶᠠᠨ ᠢ ᠵᠠᠯᠭᠠᠮᠵᠢᠯᠠᠭᠰᠠᠨ᠎ᠠ ᠨᠠᠩᠭᠠᠴᠢᠨ ᠪᠠᠬᠢ  ᠪᠠᠷ ᠲᠡᠮᠦᠷ ᠲᠤᠷ ᠮᠣᠷᠳᠠᠪᠠᠢ᠃ ᠣᠨᠣᠯᠳᠣ ᠲᠡᠷᠢᠭᠦᠨ ᠬᠡᠮᠡᠬᠦᠢ ᠶᠢᠨ ᠬᠤᠷᠢᠨ ᠬᠤᠶᠠᠳᠣᠭᠠᠷ ᠣᠨ ︵1285 ᠣᠨ︶  ᠳᠤᠷ ᠢᠩᠴᠠᠩ ᠬᠤᠷᠤᠭ᠎ᠠ ᠶᠢ ᠢᠩᠴᠠᠩ ᠴᠦᠯᠬᠡ ᠪᠣᠯᠭᠠᠨ ᠲᠡᠪᠰᠢᠭᠦᠯᠪᠡᠢ᠃ ᠣᠨᠣᠯᠳᠣ ᠲᠡᠷᠢᠭᠦᠨ ᠬᠡᠮᠡᠬᠦᠢ ᠶᠢᠨ ᠬᠤᠷᠢᠨ ᠲᠣᠯᠣᠳᠣᠭᠠᠷ ᠣᠨ ︵1290 ᠣᠨ︶ ᠳᠤᠷ ᠲᠡᠮᠦᠷ ︵帖木儿︶ ᠤᠨ ᠲᠡᠭᠦᠦ ᠮᠠᠨᠽᠠᠳᠠᠢ ︵蛮子台︶ ᠬᠡᠮᠡᠭᠴᠢ ᠲᠦᠮᠡᠳᠦ ᠶᠢᠨ ᠨᠣᠶᠠᠨ ︵万 户︶ ᠢ ᠵᠠᠯᠭᠠᠮᠵᠢᠯᠠᠭᠰᠠᠨ ᠳᠤᠷ ᠨᠠᠩᠭᠠᠴᠢᠨ ᠪᠠᠬᠢ ︵囊加真公主︶ ᠪᠠᠷ ᠮᠦᠨ ᠬᠦ ᠮᠠᠨᠽᠠᠳᠠᠢ ᠳᠤᠷ ᠮᠣᠷᠳᠠᠯᠤᠭ᠎ᠠ᠃ ᠢᠵᠠᠭᠤᠷ ᠪᠠᠳᠣ ︵ᠶᠣᠸᠠᠨ ᠵᠧᠨ元贞︶ ᠬᠡᠮᠡᠬᠦᠢ  ᠶᠢᠨ ᠠᠩᠬᠠᠳᠣᠭᠠᠷ ᠣᠨ ︵1295 ᠣᠨ︶ ᠳᠤᠷ ᠶᠣᠸᠠᠨ ᠣᠯᠣᠰ ᠤᠨ ᠪᠦᠳᠦᠭᠡᠭᠴᠢ ᠲᠡᠭᠡᠳᠦᠰ ᠲᠡᠮᠦᠷ ᠬᠠᠭᠠᠨ  ᠪᠠᠷ ᠬᠠᠭᠠᠨ ᠤ ᠠᠪᠠᠭ᠎ᠠ ᠡᠭᠡᠴᠢ ᠨᠠᠩᠭᠠᠴᠢᠨ ᠪᠠᠬᠢ ᠶᠢ ᠯᠣ᠋ ᠭᠠᠵᠠᠷ ᠤᠨ ᠶᠡᠭᠡ ᠡᠬᠡᠴᠢᠮᠡᠳ ᠪᠠᠬᠢ ᠬᠡᠮᠡᠨ ᠡᠷᠬᠦᠮᠵᠢᠯᠡᠵᠦ᠂ ᠲᠡᠬᠦᠨ ᠤ ᠬᠦᠷᠭᠡᠨ ᠮᠠᠨᠽᠠᠳᠠᠢ ︵蛮子台︶ ᠬᠡᠮᠡᠭᠴᠢ ᠶᠢ ᠵᠢᠨᠢᠩ ᠸᠠᠩ ︵济宁王︶ ᠡᠷᠭᠦᠮᠵᠢᠯᠡᠬᠦ ᠶᠢᠨ ᠬᠠᠮᠳᠣ ᠠᠯᠳᠠᠨ ᠲᠠᠮᠠᠭ᠎ᠠ ᠰᠣᠶᠣᠷᠬᠠᠪᠠᠢ᠃ ᠨᠠᠩᠭᠠᠴᠢᠨ ᠪᠠᠬᠢ ᠬᠢᠭᠡᠳ ᠮᠠᠨᠽᠠᠳᠠᠢ ᠪᠠᠷ ᠲᠡᠮᠦᠷ ᠬᠠᠭᠠᠨ ᠳᠤ ᠠᠶᠢᠯᠠᠳᠬᠠᠯ ᠲᠡᠪᠰᠢᠭᠦᠯᠵᠦ ᠢᠩᠴᠠᠩ ᠴᠦᠯᠬᠡ ᠠᠴᠠ ᠵᠡᠭᠦᠨᠰᠢ ᠲᠣᠯᠣᠭᠠᠨ ᠵᠠᠭᠤᠨ ᠭᠠᠵᠠᠷ ᠲᠠᠬᠢ ᠡᠪᠦᠯᠵᠢᠶᠡᠨ ᠤ ᠣᠷᠣᠨ ᠳᠠᠭᠠᠨ ᠬᠤᠳᠠ ᠬᠦᠷᠢᠶ᠎ᠡ ᠴᠣᠭᠴᠠᠯᠠᠰᠣᠭᠠᠢ ᠬᠡᠮᠡᠨ ᠭᠤᠶᠣᠴᠢᠯᠠᠭᠰᠡᠨ ᠢ ᠶᠣᠰᠣᠴᠢᠯᠠᠨ ᠵᠦᠪᠰᠢᠶᠡᠷᠡᠬᠦ ᠶᠢᠨ ᠬᠠᠮᠳᠣ ᠮᠠᠩᠭᠠᠨ ᠦᠯᠦᠭᠡᠢ ᠵᠣᠭᠤᠰ᠂ ᠲᠠᠪᠢᠨ ᠯᠠᠩ ᠠᠯᠳᠠ ᠦᠭᠴᠦ ᠨᠠᠩᠭᠠᠴᠢᠨ ᠪᠠᠬᠢ ᠶᠢᠨ ᠰᠦᠮ᠎ᠡ ᠪᠠᠶᠢᠭᠤᠯᠬᠤᠢ ᠳᠤᠷ ᠲᠣᠰᠠᠯᠠᠪᠠᠢ᠃ ᠪᠦᠲᠦᠭᠡᠭᠴᠢ ᠲᠡᠭᠡᠳᠦᠰ ᠲᠡᠮᠦᠷ ᠬᠠᠭᠠᠨ ᠤ ᠶᠡᠭᠡ ᠡᠷᠳᠡᠮᠳᠦ ︵ᠳ᠋ᠠ ᠳ᠋ᠧ大德︶ ᠬᠡᠮᠡᠬᠦᠢ ᠶᠢᠨ ᠠᠩᠬᠠᠳᠣᠭᠠᠷ ᠣᠨ ︵1297 ᠣᠨ︶ ᠳᠤᠷ ᠰᠢᠨ᠎ᠡ ᠪᠠᠷ ᠪᠠᠶᠢᠭᠤᠯᠣᠭᠰᠠᠨ ᠬᠤᠳᠠ ᠶᠢ ᠲᠡᠭᠦᠰ ᠠᠮᠣᠭᠤᠯᠠᠩ ᠬᠤᠷᠤᠭ᠎ᠠ ︵ᠴᠣᠸᠠᠨ ᠨᠢᠩ ᠹᠦ᠋全宁府᠂ ᠣᠳᠣᠬᠢ ᠣᠩᠨᠢᠭᠤᠳ ᠬᠤᠰᠢᠭᠤᠨ ᠤ ᠲᠦᠪ ᠪᠣᠷᠣᠬᠤᠳᠠ ᠪᠠᠯᠭᠠᠰᠣ︶ ᠬᠡᠮᠡᠨ ᠨᠡᠷᠡᠯᠡᠪᠡᠢ᠃ ᠶᠡᠭᠡ ᠡᠷᠳᠡᠮᠳᠦ ᠬᠡᠮᠡᠬᠦᠢ ᠶᠢᠨ ᠲᠣᠯᠣᠳᠣᠭᠠᠷ ᠣᠨ ︵1303︶ ᠣᠨ ᠳᠤᠷ ᠬᠤᠷᠤᠭ᠎ᠠ ᠶᠢ ᠴᠦᠯᠬᠡ ᠪᠣᠯᠭᠠᠨ ᠲᠡᠪᠰᠢᠭᠦᠯᠬᠦ ᠶᠢᠨ ᠬᠠᠮᠳᠣ ᠲᠡᠮᠦᠷ ᠬᠠᠭᠠᠨ ᠪᠠᠷ ᠨᠠᠩᠭᠠᠴᠢᠨ ᠪᠠᠬᠢ ᠳᠤᠷ ᠨᠢᠭᠡ ᠲᠦᠮᠡ ᠲᠠᠪᠣᠨ ᠮᠢᠩᠭᠠᠨ ᠰᠢᠭᠰᠢᠷᠡᠭᠡ ︵ᠬᠡᠯᠬᠢᠶ᠎ᠡ︶ ᠵᠣᠭᠤᠰ᠂ ᠲᠣᠷᠭ᠎ᠠ ᠲᠣᠷᠳᠣᠩ ᠲᠣᠰᠪᠣᠷᠢ 300 ᠡᠩ ᠰᠣᠶᠣᠷᠬᠠᠪᠠᠢ᠃                      ︵17︶ ᠴᠦᠯᠭᠡ路 —— ᠶᠣᠸᠠᠨ ᠣᠯᠣᠰ ᠤᠨ ᠦᠶ᠎ᠡ ᠳᠠᠬᠢ ᠣᠷᠣᠨ ᠨᠣᠳᠤᠭ ᠤᠨ ᠵᠠᠰᠠᠭ ᠵᠠᠬᠢᠷᠭᠠᠨ ᠤ ᠪᠠᠶᠢᠭᠤᠯᠣᠮᠵᠢ ᠶᠢᠨ ᠨᠡᠷ᠎ᠡ᠃ ᠬᠤᠪᠢᠯᠠᠢ ᠰᠡᠴᠡᠨ ᠬᠠᠭᠠᠨ ᠤ ᠣᠨᠣᠯᠳᠣ ᠲᠡᠷᠢᠬᠦᠨ ︵ᠵᠾᠢ ᠶᠤᠸᠠᠨ至元︶ ᠬᠡᠮᠡᠬᠦᠢ ᠶᠢᠨ ᠣᠨ ᠤ ᠠᠩᠬᠠᠨ ᠴᠠᠭ ᠲᠤᠷ ᠪᠠᠶᠢᠭᠤᠯᠪᠠᠢ᠃ ᠲᠦᠪ ᠪᠢᠴᠢᠭ ᠤᠨ ᠮᠣᠵᠢ〖︵ᠵᠦᠩ ᠱᠣ᠋ ᠱᠧᠩ中书省︶ ᠣᠳᠣᠬᠢ ᠣᠯᠣᠰ ᠤᠨ ᠶᠠᠪᠣᠳᠠᠯ ᠤᠨ ᠬᠤᠷᠢᠶ᠎ᠠ〗 ᠬᠢᠭᠡᠳ ᠬᠤᠪᠢᠶᠠᠷᠢ ᠲᠦᠪ ᠪᠢᠴᠢᠭ ᠤᠨ ᠮᠣᠵᠢ〖 ︵ᠰᠢᠩ ᠵᠦᠩ ᠱᠣ᠋ ᠱᠧᠩ行中书省︶ ᠣᠳᠣᠬᠢ ᠮᠣᠵᠢ ᠬᠤᠳᠠ ᠦᠪᠡᠷᠳᠡᠭᠡᠨ ᠵᠠᠰᠠᠬᠤ ᠣᠷᠣᠨ〗 ᠶᠢᠨ ᠲᠣᠣᠷ᠎ᠠ ᠴᠦᠯᠬᠡ ᠪᠠᠶᠢᠭᠤᠯᠵᠣ᠂ ᠴᠦᠯᠬᠡ ︵路︶ ᠪᠠᠷ ᠪᠠᠯᠭᠠᠳ ︵ᠵᠸᠦ 州︶᠂ ᠰᠢᠯᠳᠦᠬᠡᠨ ︵ᠰᠢᠶᠠᠨ县︶ ᠪᠣᠶᠣ ᠬᠤᠷᠤᠭ᠎ᠠ ︵ᠹᠦ᠋府︶ ᠶᠢ ᠣᠳᠣᠷᠢᠳᠣᠭᠤᠯᠳᠠᠭ ᠠᠪᠠᠢ᠃ ᠲᠣᠭᠤᠨᠳᠡᠮᠦᠷ ᠬᠠᠭᠠᠨ ᠤ ᠣᠨᠣᠯᠳᠣ ᠡᠶᠡᠪᠡᠷᠬᠦ ︵ᠵᠾᠢ ᠱᠦᠨ至顺︶ ᠶᠢᠨ ᠣᠨ ᠨᠤᠭᠤᠳ ︵1330 —— 1332︶ ᠲᠤᠷ ᠪᠦᠬᠦ ᠣᠯᠣᠰ ᠲᠤᠷ ᠨᠢᠬᠡ ᠵᠠᠭᠤ ᠨᠠᠶᠠᠨ ᠲᠠᠪᠣᠨ ᠴᠦᠯᠬᠡ ᠠᠪᠠᠢ᠃ ᠶᠡᠭᠡ ᠨᠡᠶᠢᠰᠯᠡᠯ ︵ᠳ᠋ᠠ ᠳ᠋ᠦ᠋大都︶ ᠬᠢᠭᠡᠳ ᠲᠡᠭᠡᠳᠦ ᠨᠡᠶᠢᠰᠯᠡᠯ ︵ᠱᠠᠩ ᠳ᠋ᠦ᠋上都︶ ᠳᠠᠬᠢ ᠬᠤᠶᠠᠷ ᠴᠦᠯᠬᠡ ᠳᠤᠷ ᠪᠦᠭᠦᠳᠡ ᠶᠢᠨ ᠶᠡᠷᠦᠩᠬᠡᠢ ᠵᠠᠬᠢᠷᠭ᠎ᠠ ᠶᠢᠨ ᠬᠤᠷᠤᠭ᠎ᠠ ︵ᠽᠦᠩ ᠭᠤᠸᠠᠨ ᠹᠦ᠋都总管府︶ ᠶᠢ ᠪᠠᠶᠢᠭᠤᠯᠪᠠᠢ᠃ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ  ᠶᠢᠨ ᠬᠤᠷᠢᠳᠣᠭᠠᠷ ᠣᠨ ︵1283︶ ᠳᠤᠷ ᠠᠷᠪᠠᠨ ᠲᠦᠮᠡᠨ ᠡᠷᠦᠬᠡ ᠠᠴᠠ ᠲᠡᠭᠡᠭᠰᠢᠬᠢ ᠴᠦᠯᠬᠡ ᠶᠢ ᠢᠨᠦ ᠶᠡᠭᠡ ᠴᠦᠯᠬᠡ ︵ᠱᠠᠩ ᠯᠣ᠋上路︶ ᠬᠡᠮᠡᠵᠦ᠂ ᠠᠷᠪᠠᠨ ᠲᠦᠮᠡᠨ ᠡᠷᠦᠬᠡ ᠠᠴᠠ ᠲᠣᠷᠣᠭᠰᠢᠬᠢ ᠴᠦᠯᠬᠡ ᠶᠢ ᠢᠨᠦ ᠪᠠᠭ᠎ᠠ ᠴᠦᠯᠬᠡ ︵ᠰᠢᠶᠠ ᠯᠣ᠋下路︶ ᠬᠡᠮᠡᠨ ᠲᠣᠭᠳᠠᠭᠠᠯᠤᠭ᠎ᠠ᠃ ᠭᠡᠪᠡᠴᠦ ᠣᠷᠣᠨ ᠭᠠᠵᠠᠷ ᠠᠨᠤ ᠴᠢᠬᠤᠯᠠ ᠪᠣᠭᠤᠮᠳᠠ ᠪᠠᠭᠤᠯᠵᠠᠭᠤᠷ ᠲᠤᠷ ᠣᠷᠣᠰᠢᠵᠣ ᠠᠬᠤᠯ᠎ᠠ ᠬᠡᠳᠦᠶᠢᠪᠡᠷ ᠠᠷᠪᠠᠨ ᠲᠦᠮᠡᠨ ᠡᠷᠦᠬᠡ ᠡᠰᠡ ᠬᠦᠷᠦᠭᠰᠡᠨ ᠴᠤ ᠮᠦᠨ ᠬᠦ ᠲᠡᠭᠡᠳᠦ ᠴᠦᠯᠬᠡ ᠬᠡᠮᠡᠨ ᠲᠣᠭᠳᠠᠭᠠᠪᠠᠢ᠃ ᠲᠡᠭᠡᠳᠦ ᠴᠦᠯᠬᠡ ᠶᠢᠨ ᠬᠡᠷᠬᠡᠮ ᠢᠨᠦ ᠴᠢᠭ ᠭᠤᠷᠪᠠᠳᠤᠭᠠᠷ ᠵᠡᠷᠭᠡᠳᠡᠨ ︵ᠵᠧᠩ ᠰᠠᠨ ᠫᠢᠨ正三品︶ ᠪᠠᠶᠢᠵᠣ᠂ ᠲᠣᠣᠷᠠᠳᠣ ᠴᠦᠯᠬᠡ ᠶᠢᠨ ᠬᠡᠷᠬᠡᠮ ᠢᠨᠦ ᠳ᠋ᠠᠰ ᠭᠤᠷᠪᠠᠳᠣᠭᠠᠷ ᠵᠡᠷᠭᠡᠳᠡᠨ ︵ᠼᠦᠩ ᠰᠠᠨ ᠫᠢᠨ从三品︶ ᠪᠣᠯᠣᠮᠣᠢ᠃ ᠴᠦᠯᠬᠡ ᠨᠢ ᠡᠳᠦᠬᠡ ᠶᠢᠨ ᠮᠤᠵᠢ ᠬᠤᠳᠠ ᠲᠠᠢ ᠲᠡᠩᠴᠡᠮᠡᠷ ᠵᠠᠰᠠᠭ ᠵᠠᠬᠢᠷᠭᠠᠨ ᠤ ᠪᠠᠶᠢᠭᠤᠯᠣᠮᠵᠢ ᠪᠣᠯᠬᠤ ᠪᠣᠯᠪᠠᠴᠣ ᠲᠡᠷᠡ ᠨᠢ ᠴᠡᠷᠢᠭ ᠵᠠᠰᠠᠭ ᠢ ᠬᠠᠮᠳᠣᠷᠠᠭᠤᠯᠣᠭᠰᠠᠨ ᠵᠠᠰᠠᠭ ᠵᠠᠬᠢᠷᠭᠠᠨ ᠪᠣᠯᠬᠤ ᠶᠢᠨ ᠬᠤᠪᠢ ᠳᠤ ᠲᠡᠭᠦᠨ ᠤ ᠡᠷᠬᠡ ᠰᠦᠷ ᠨᠢ ᠣᠳᠣ ᠶᠢᠨ ᠮᠤᠵᠢ ᠬᠤᠳᠠ ᠠᠴᠠ ᠬᠠᠷᠢᠴᠠᠯᠠᠰᠢᠬᠦᠢ ᠲᠠᠪᠠᠭᠤᠯᠢᠭ ᠠᠵᠢ︕                      ︵18︶ ᠯᠣ᠋ ᠸᠠᠩ ᠳ᠋ᠢᠶᠠᠪᠠᠯᠠ 弴不剌鲁王 —— ︵︖ —— 1310 ᠣᠨ︶ ᠶᠣᠸᠠᠨ ᠣᠯᠣᠰ ᠤᠨ ᠬᠦᠷᠭᠡᠰ᠃ ᠡᠨᠡ ᠬᠦᠮᠦᠨ ᠤ ᠨᠡᠷ᠎ᠡ ᠶᠢ ᠬᠢᠳᠠᠳ ᠬᠡᠯᠡᠨ ᠤ ᠲᠣᠯᠭᠤᠷ ᠪᠢᠴᠢᠭ ᠤᠳ  ᠲᠤᠷ ︽ᠳ᠋ᠢᠶᠣᠣ ᠦᠸᠧ ᠪᠠ ᠯᠠ刁斡八剌᠂ ᠳ᠋ᠢᠶᠣᠣ ᠠ ᠪᠠ ᠯᠠ琱阿不剌᠂ ᠳ᠋ᠢᠶᠣᠣ ᠪᠦ᠋ ᠯᠠ弴不 剌᠂ ᠠᠪᠣᠳᠠᠢ阿不歹︾ ᠬᠡᠮᠡᠨ ᠣᠯᠠᠨ ᠶᠠᠩᠵᠣ ᠪᠠᠷ ᠠᠪᠢᠶᠠᠴᠢᠯᠠᠨ ᠪᠢᠴᠢᠮᠣᠢ᠃ ᠠᠯᠳᠠᠷᠳᠣ ᠨᠤᠶᠠᠨ ᠲᠡᠮᠦᠷ ᠬᠢᠭᠡᠳ ᠨᠠᠩᠭᠠᠴᠢᠨ ᠪᠠᠬᠢ ᠠᠴᠠ ᠮᠡᠨᠳᠦᠯᠡᠭᠰᠡᠨ ᠠᠬᠠᠮᠠᠳ ᠬᠦᠪᠡᠭᠦᠨ ︵ᠲᠳ᠋ ᠬᠦᠪᠡᠭᠦᠨ ᠢᠨᠦ ᠰᠠᠩᠭᠠᠪᠠᠯᠠ桑哥八剌 ᠪᠣᠯᠣᠮᠣᠢ︶᠃ ︽ᠶᠣᠸᠠᠨ ᠣᠯᠣᠰ ᠤᠨ ᠰᠣᠳᠣᠷ᠂ ᠲᠦᠷᠦᠯ ᠸᠠᠩ ᠨᠤᠭᠤᠳ ᠤᠨ ᠢᠯᠡᠳᠭᠡᠯ元史᠂诸王表︾ ᠳᠤᠷ ᠯᠠᠪᠯᠠᠬᠤᠯ᠎ᠠ ᠬᠠᠮᠤᠭ ᠠᠩᠬ᠎ᠠ ᠠᠯᠪᠠᠨ ᠶᠣᠰᠣ ᠪᠠᠷ ᠯᠣ᠋ ᠸᠠᠩ ᠡᠷᠭᠦᠮᠵᠢᠯᠡᠭᠳᠡᠭᠰᠡᠨ ᠪᠦᠭᠡᠳ ᠴᠣᠭᠳᠣ ᠲᠡᠭᠡᠳᠦᠰ ᠬᠠᠶᠢᠰᠠᠩ ︵ᠦᠽᠦ᠋ᠩ ᠬᠠᠭᠠᠨ武宗皇帝︶ ᠬᠠᠭᠠᠨ ᠤ ᠦᠶ᠎ᠡ ᠳᠤᠷ ᠰᠢᠯᠣᠭᠤᠨ ᠬᠡᠷᠴᠢᠯᠡᠭᠡᠰᠣᠳᠣ ᠠᠷᠢᠶᠠᠳᠠᠨ ᠤ ᠪᠠᠷᠢᠭᠤᠯᠳᠣ ᠠᠯᠳᠠᠨ ᠲᠠᠮᠠᠭ᠎ᠠ ᠪᠠᠷ ᠰᠣᠶᠣᠷᠬᠠᠭᠳᠠᠭᠰᠠᠨ ᠬᠦᠮᠦᠨ ᠪᠣᠯᠬᠤ ᠠᠵᠣᠭᠤ᠃ ᠳ᠋ᠢᠶᠠᠪᠠᠯᠠ ᠪᠠᠷ ᠡᠶᠡᠪᠡᠷ ᠲᠡᠭᠡᠳᠦᠰ ᠲᠠᠷᠮᠠᠪᠠᠯᠠ ᠬᠢᠭᠡᠳ ᠳ᠋ᠠᠵᠢ ᠬᠠᠳᠣᠨ ᠠᠴᠠ ᠮᠡᠨᠳᠦᠯᠡᠭᠰᠡᠨ ᠰᠠᠩᠭᠠᠷᠠᠭ ᠪᠠᠬᠢ ︵相哥剌吉公主︶ ᠯᠦᠭᠡ ᠬᠡᠷᠯᠡᠪᠡᠢ᠃ ᠰᠠᠩᠭᠠᠷᠠᠭ ᠪᠠᠬᠢ ︵ᠭᠦᠩᠵᠦ公主︶ ᠪᠣᠯᠪᠠᠰᠣ ᠴᠣᠭᠳᠣ ᠲᠡᠭᠡᠳᠦᠰ ᠬᠠᠶᠢᠰᠠᠩ ᠬᠠᠭᠠᠨ ᠬᠢᠭᠡᠳ ᠦᠷᠦᠰᠢᠶᠡᠯᠳᠣ ᠲᠡᠭᠡᠳᠦᠰ ᠠᠶᠣᠷᠪᠠᠷᠸᠠᠳᠠ ᠬᠠᠭᠠᠨ ᠯᠤᠭ᠎ᠠ ᠡᠬᠡ ᠨᠢᠭᠡᠳᠦ ᠠᠬ᠎ᠠ ᠡᠭᠡᠴᠢ ᠲᠡᠭᠦᠦ ᠪᠣᠶᠣ᠃ ᠶᠡᠭᠡ ᠡᠷᠳᠡᠮᠳᠣ ︵ᠳ᠋ᠠ ᠳ᠋ᠧ大德︶ ᠬᠡᠮᠡᠬᠦᠢ ᠶᠢᠨ ᠠᠷᠪᠠᠨ ᠨᠢᠭᠡᠳᠦᠭᠡᠷ ᠣᠨ ︵1307 ᠣᠨ︶ ᠳᠤᠷ ᠴᠣᠭᠳᠣ ᠲᠡᠭᠡᠳᠦᠰ ᠬᠠᠶᠢᠰᠠᠩ ᠪᠠᠷ ᠬᠠᠭᠠᠨ ᠰᠠᠭᠤᠷᠢᠨ᠎ᠠ ᠰᠠᠭᠠᠳᠠᠮᠠᠭᠴᠠ ᠰᠠᠩᠭᠠᠷᠠᠭ ᠪᠠᠬᠢ ᠶᠢ ᠬᠠᠭᠠᠨ ᠤ ᠡᠭᠡᠴᠢᠮᠡᠳ ᠪᠠᠬᠢ ᠡᠷᠭᠦᠮᠵᠢᠯᠡᠵᠦ᠂ ᠳ᠋ᠢᠶᠠᠪᠠᠯᠠ ᠶᠢ ᠲᠦᠮᠡᠳᠦ ᠶᠢᠨ ᠨᠤᠶᠠᠨ ︵万户︶ ᠡᠷᠭᠦᠮᠵᠢᠯᠡᠭᠰᠡᠨ ᠤ ᠰᠠᠴᠠ ᠯᠣ᠋ ᠸᠠᠩ ︵鲁王︶ ᠡᠷᠭᠦᠮᠵᠢᠯᠡᠪᠡᠢ᠃ ᠳ᠋ᠢᠶᠠᠪᠠᠯᠠ ᠬᠡᠮᠡᠭᠴᠢ ᠴᠣᠭᠳᠦ ᠲᠡᠭᠡᠳᠦᠰ ᠬᠠᠶᠢᠰᠠᠩ ᠬᠠᠭᠠᠨ ᠤ ᠣᠨᠣᠯᠳᠣ ᠶᠡᠭᠡ ︵ᠵᠾᠢ ᠳ᠋ᠠ至大︶ ᠬᠡᠮᠡᠬᠦᠢ  ᠶᠢᠨ ᠭᠤᠷᠪᠠᠳᠣᠭᠠᠷ ᠣᠨ ︵1310 ᠣᠨ︶ ᠳᠤᠷ ᠨᠦᠭᠴᠢᠪᠡᠢ᠃                      ︵19︶ ᠲᠦᠱᠠᠨ涂山 —— ᠡᠨᠡ ᠲᠣᠬᠠᠢ ᠬᠢᠳᠠᠳ ᠤᠨ ᠡᠷᠳᠡᠨ ᠤ ᠣᠯᠣᠮᠵᠢᠯᠠᠯ ᠶᠠᠷᠢᠶᠠᠨ  ᠳᠤᠷ ᠬᠤᠶᠠᠷ ᠵᠦᠢᠯ ᠤᠨ ᠬᠡᠯᠡᠯᠭᠡ ᠠᠮᠣᠢ᠃                      A᠄ ᠭᠠᠵᠠᠷ ᠤᠨ ᠨᠡᠷ᠎ᠡ ᠬᠡᠮᠡᠮᠦᠢ᠃ ᠲᠠᠷᠦᠢ ᠡᠷᠳᠡᠨ ᠤ ᠬᠢᠶ᠎ᠠ ᠣᠯᠣᠰ ᠤᠨ ᠢᠣᠢ ︵ᠰᠢᠶᠠ ᠢᠣᠢ夏 禹︶ ᠬᠡᠮᠡᠭᠴᠢ ᠬᠠᠭᠠᠨ ᠲᠦᠱᠠᠨ ᠣᠪᠣᠭᠳᠣ ︵ᠡᠬᠡᠨᠡᠷ︶ ᠬᠢᠭᠡᠳ ᠣᠯᠠᠨ ᠮᠣᠵᠢ ᠶᠢᠨ ᠡᠵᠡᠳ ᠯᠦᠭᠡ ᠴᠢᠭᠤᠯᠭᠠᠨ ᠨᠡᠶᠢᠯᠡᠭᠰᠡᠨ ᠭᠠᠵᠠᠷ ᠪᠣᠶᠣ ᠬᠡᠮᠡᠨᠡᠮ᠃ ᠡᠨᠡ ᠭᠠᠵᠠᠷ ᠤᠨ ᠲᠣᠬᠠᠢ ᠲᠣᠳᠣᠯᠠᠯ ᠠᠨᠦ ᠪᠠᠰᠠ ᠠᠳᠠᠯᠢ ᠪᠣᠰᠣ᠃ ᠪᠠᠶᠢᠴᠠᠭᠠᠪᠠᠰᠣ ᠶᠡᠭᠡ ᠲᠦᠯᠦᠪ ᠲᠣᠣᠷᠠᠬᠢ ᠮᠡᠳᠦ ᠭᠤᠷᠪᠠᠨ ᠵᠦᠢᠯ ᠤᠨ ᠶᠠᠷᠢᠶ᠎ᠠ ᠪᠣᠢ᠃                        a: ᠡᠳᠣᠭᠡᠬᠢ ᠠᠨᠾᠦᠢ ᠮᠣᠵᠢ ᠶᠢᠨ ᠪᠧᠩᠪᠦ᠋ ︵安徽省蚌埠︶ ᠬᠤᠳᠠ ᠶᠢᠨ ᠪᠠᠷᠠᠭᠤᠨᠳᠠᠬᠢ ᠬᠤᠶᠢᠬᠤ ᠭᠤᠣᠯ ︵ᠬᠤᠸᠠᠢ ᠾᠧ淮河︶ ᠤᠨ ᠵᠡᠭᠦᠨ ᠡᠷᠬᠢ ᠳᠤᠷ ᠠᠮᠣᠢ᠂ ᠦᠭᠡᠷ᠎ᠡ ᠨᠡᠷ᠎ᠡ ᠶᠢ ᠢᠨᠦ ᠳ᠋ᠠᠩ ᠲᠦ᠋ ᠱᠠᠨ ︵当涂山︶ ᠠᠭᠤᠯᠠ ᠬᠡᠮᠡᠮᠦᠢ᠂ ᠬᠤᠶᠢᠬᠤ ᠭᠤᠣᠯ ᠢᠶᠠᠷ ᠵᠠᠭᠠᠭᠯᠠᠨ ᠣᠷᠢᠶᠠᠩᠭᠤᠳᠣ ᠠᠭᠤᠯᠠ ︵ᠵᠢᠩ ᠱᠠᠨ荆山︶ ᠯᠤᠭ᠎ᠠ ᠡᠰᠡᠷᠭᠦᠯᠡᠵᠦ ᠠᠮᠦᠢ᠂ ᠣᠯᠠᠮᠵᠢᠯᠠᠯ ᠶᠠᠷᠢᠶᠠᠨ ᠳᠤᠷ ᠡᠨᠡ ᠬᠤᠶᠠᠷ ᠠᠭᠤᠯᠠ ᠠᠨᠦ ᠣᠣᠯ  ᠳᠠᠭᠠᠨ ᠨᠢᠬᠡ ᠯᠡ ᠠᠭᠤᠯᠠ ᠠᠭᠰᠠᠨ ᠪᠦᠯᠦᠬᠡ᠂ ᠬᠢᠶᠠ ︵ᠰᠢᠶᠠ夏︶ ᠣᠯᠣᠰ ᠤᠨ ᠢᠣᠢ ︵禹︶ ᠬᠡᠮᠡᠭᠴᠢ ᠬᠠᠭᠠᠨ ᠣᠰᠣᠨ ᠢ ᠵᠠᠰᠠᠬᠤᠢ ᠳᠤᠷ ᠡᠨᠡ ᠠᠭᠤᠯᠠ ᠶᠢ ᠴᠠᠪᠴᠢᠵᠣ ᠬᠤᠶᠠᠷ ᠪᠣᠯᠭᠠᠭᠠᠳ ᠬᠤᠶᠢᠬᠤ ᠭᠤᠣᠯ ︵ᠬᠤᠸᠠᠢ ᠾᠧ淮河︶ ᠤᠨ ᠣᠰᠣᠨ ᠢ ᠵᠠᠯᠠᠵᠣᠬᠤᠢ ᠬᠡᠮᠡᠨᠡᠮ᠃ ︽ᠽᠦᠸᠧ ᠣᠪᠣᠭᠳᠣ ᠶᠢᠨ ᠱᠠᠰᠳᠢᠷ᠂ ᠠᠢ ᠭᠦᠩ ᠤᠨ ᠲᠣᠯᠣᠳᠣᠭᠠᠷ ᠣᠨ左传᠂哀公七年︾ ᠳᠤᠷ᠄ ︽ᠢᠦᠢ ᠬᠠᠭᠠᠨ ᠪᠠᠷ ᠣᠯᠠᠨ ᠮᠣᠵᠢ ᠶᠢᠨ ᠡᠵᠡᠳ  ᠯᠦᠭᠡ ᠠᠭᠤᠯᠠᠨ ᠳᠤᠷ ᠴᠢᠭᠤᠯᠭᠠᠨ ᠨᠡᠶᠢᠯᠡᠪᠡᠢ︾ ᠬᠡᠮᠡᠵᠦᠬᠦᠢ᠃                      b: ᠡᠳᠦᠬᠡ ᠶᠢᠨ ᠵᠧᠵᠢᠶᠠᠩ ᠮᠣᠵᠢ ᠶᠢᠨ ᠱᠣᠣᠰᠢᠩ ︵浙江绍兴︶ ᠬᠤᠳᠠ ᠶᠢᠨ ᠪᠠᠷᠠᠭᠤᠨ ᠬᠤᠶᠢᠨ᠎ᠠ ᠪᠠᠶᠢᠬᠤ ᠬᠡᠮᠡᠮᠦᠢ᠃ ᠬᠠᠪᠤᠷ ᠨᠠᠮᠤᠷ ᠪᠠᠶᠢᠯᠳᠣᠭᠠᠨᠳᠣ ᠣᠯᠣᠰ ︵春秋战国︶ ᠤᠨ ᠦᠶ᠎ᠡ ᠳᠤᠷ ᠵᠣᠬᠢᠶᠠᠭᠳᠠᠭᠰᠠᠨ ︵ᠶᠦᠸᠧ ᠣᠯᠣᠰ ᠤᠨ ᠡᠴᠦᠰ ᠤᠨ ᠪᠢᠴᠢᠭ᠂ ᠭᠠᠵᠠᠷ ᠣᠷᠣᠨ ᠤ ᠲᠡᠮᠳᠡᠭᠯᠡᠯ ᠤᠨ ᠱᠠᠰᠳᠢᠷ越绝书᠂记地传︾ ᠲᠤᠷ᠄ ︽ᠲᠦᠱᠠᠨ ᠬᠡᠮᠡᠭᠴᠢ ᠢᠦᠢ ᠬᠠᠭᠠᠨ ᠪᠠᠷ ᠲᠦᠱᠠᠨ ᠣᠪᠣᠭᠳᠣ ᠡᠬᠡᠨᠡᠷ ᠢᠶᠠᠨ ᠠᠪᠣᠭᠰᠠᠨ ᠠᠭᠤᠯᠠ ᠪᠦᠯᠦᠬᠡ᠂ ᠰᠢᠶᠠᠨ ᠳᠤᠷ ᠣᠴᠢᠬᠤᠢ ᠳᠤᠷ ᠲᠠᠪᠢᠨ ᠭᠠᠵᠠᠷ ᠠᠮᠣᠢ︾ ᠬᠡᠮᠡᠵᠦᠬᠦᠢ᠃                        c᠄ ᠡᠳᠦᠬᠡ ᠶᠢᠨ ᠴᠦᠩᠴᠢᠩ ᠬᠤᠳᠠ ᠶᠢᠨ ᠵᠡᠬᠦᠨ ᠳᠤᠷ ᠠᠮᠦᠢ᠂ ᠶᠡᠷᠦ ᠶᠢᠨ ᠨᠡᠷ᠎ᠡ ᠶᠢ ᠠᠨᠦ ᠦᠨᠡᠨ ᠪᠠᠭᠠᠳᠣᠷ ᠠᠭᠤᠯᠠ ︵ᠵᠧᠨ ᠡᠤ ᠱᠠᠨ真武山︶ ᠬᠡᠮᠡᠮᠦᠢ ᠬᠡᠮᠡᠨᠡᠨ᠃ ︽ᠰᠡᠴᠡᠭᠳᠣ ᠠᠭᠤᠯᠠ ᠶᠢᠨ ᠦᠯᠬᠡ ᠶᠢᠨ ᠣᠷᠣᠨ ᠤ ᠣᠶᠢᠯᠠᠯᠭ᠎ᠠ᠂ ᠮᠣᠭᠠᠶᠢᠳᠣ ᠶᠢᠨ ᠦᠢᠯᠡᠪᠦᠷᠢ 华阳国志᠂巴志︾ ᠳᠤᠷ᠄ ᠢᠦᠢ ᠬᠠᠭᠠᠨ  ᠪᠠᠷ ᠲᠦᠱᠠᠨ ᠠᠭᠤᠯᠠᠨ ᠠᠴᠠ ᠡᠬᠡᠨᠡᠷ ᠠᠪᠴᠣᠬᠤᠢ᠂ ᠡᠳᠦᠬᠡ ᠶᠢᠨ ᠵᠢᠶᠠᠩᠵᠸᠦ ︵江州︶ ᠭᠠᠵᠠᠷ ᠤᠨ ᠲᠦᠱᠠᠨ ᠬᠡᠮᠡᠭᠴᠢ ᠮᠦᠨ ᠪᠦᠯᠦᠬᠡ ᠬᠡᠮᠡᠵᠦᠬᠦᠢ᠃ ᠠᠳᠡ ᠦᠭᠦᠯᠡᠨ ᠪᠦᠬᠦᠢ ᠵᠢᠶᠠᠩᠵᠸᠦ ᠭᠠᠵᠠᠷ ᠬᠡᠮᠡᠭᠴᠢ ᠡᠳᠦᠭᠡ  ᠶᠢᠨ ᠴᠦᠩᠴᠢᠩ ᠬᠤᠳᠠ ︵重 庆︶ ᠪᠣᠯᠬᠤ ᠪᠦᠯᠦᠭᠡ᠃                        B: ᠬᠦᠮᠦᠨ ᠤ ᠨᠡᠷ᠎ᠡ ᠪᠦᠯᠦᠬᠡ᠂ ᠲᠠᠷᠣᠢ ᠢᠦᠢ ᠬᠠᠭᠠᠨ ᠤ ᠬᠠᠲᠤᠨ ᠲᠦᠱᠠᠨ ᠣᠪᠣᠭᠳᠣ ᠪᠣᠶᠣ ᠬᠡᠮᠡᠨᠡᠮ᠃ ᠲᠣᠰ ᠭᠡᠷᠯᠡᠳᠣ ᠬᠦᠰᠢᠶᠡᠨ ᠤ ᠪᠢᠴᠢᠭ ᠲᠤᠷ ᠲᠦᠱᠠᠨ ᠠᠭᠤᠯᠠ ᠪᠣᠶᠣ ᠲᠦᠱᠠᠨ ᠣᠪᠣᠭᠳᠣ ᠡᠬᠡᠨᠡᠷ ᠢᠶᠠᠷ ᠡᠰᠢ ᠲᠠᠳᠠᠭᠰᠠᠨ ᠣᠭ ᠰᠠᠨᠠᠭ᠎ᠠ ᠪᠣᠯᠪᠠᠰᠣ ᠬᠤᠩᠭᠢᠷᠠᠳ ᠤᠨ ᠨᠤᠲᠤᠭ ᠬᠡᠮᠡᠭᠴᠢ ᠣᠷᠴᠢᠯᠠᠩ ᠳᠤᠷ ᠬᠤᠪᠣᠷ ᠣᠯᠳᠠᠬᠤ ᠠᠷᠢᠭᠤᠨ ᠲᠠᠭᠰᠢᠨ ᠣᠷᠣᠨ ᠪᠦᠭᠡᠳ ᠡᠨᠡ ᠣᠷᠣᠨ ᠤ ᠬᠠᠳᠣᠳ ᠪᠠᠬᠢᠴᠣᠳ ᠬᠡᠮᠡᠭᠴᠢ ᠦᠨᠡᠬᠡᠷ ᠭᠤᠶᠣ ᠦᠵᠡᠰᠭᠦᠯᠡᠩᠳᠣ ᠪᠦᠭᠡᠳ ᠶᠡᠭᠡ ᠪᠣᠳᠣᠯᠭᠠᠳᠣ ᠡᠩᠬᠡᠰᠭᠡᠳᠡᠳ ᠪᠦᠯᠦᠭᠡ ᠬᠡᠮᠡᠬᠦ ᠰᠠᠨᠠᠭ᠎ᠠ ᠪᠠᠨ ᠢᠯᠡᠳᠭᠡᠭᠰᠡᠨ ᠢᠨᠦ ᠪᠣᠶᠣ᠃              ︵20︶ ᠶᠸᠤᠰᠦ᠋ᠩ 有娀 — ᠬᠢᠳᠠᠳ ᠤᠨ ᠪᠢᠴᠢᠭ ᠲᠡᠮᠳᠡᠭᠯᠡᠯ ᠳᠤᠷ ᠡᠬᠦᠨ ᠢ ᠡᠷᠳᠡᠨ ᠤ ᠣᠯᠣᠰ ᠤᠨ ᠨᠡᠷ᠎ᠡ ᠪᠦᠭᠡᠳ ᠪᠠᠰᠠ ᠣᠪᠣᠭ ᠤᠨ ᠨᠡᠷ᠎ᠡ᠂ ᠮᠦᠨ ᠴᠦ ᠬᠦᠮᠦᠨ ᠤ ᠨᠡᠷ᠎ᠡ ᠬᠡᠮᠡᠬᠦ ᠭᠤᠷᠪᠠᠨ ᠶᠠᠩᠵᠦ ᠶᠢᠨ ᠲᠡᠮᠳᠡᠭᠯᠡᠯ ᠪᠣᠢ᠃                        a: ᠣᠯᠣᠰ ᠤᠨ ᠨᠡᠷ᠎ᠡ ᠪᠣᠯᠬᠤ ᠲᠣᠬᠠᠢ ᠪᠠᠷᠢᠮᠳᠠ ᠲᠡᠮᠳᠡᠭᠯᠡᠯ︔ ︽ᠰᠣᠳᠣᠷ ᠲᠡᠮᠳᠡᠭᠯᠡᠯ᠂ ᠶᠢᠨ ᠣᠯᠣᠰ  ᠤᠨ ᠴᠠᠳᠢᠭ᠂ ᠲᠦᠪ ᠣᠳᠬ᠎ᠠ史记᠂殷记᠂ 正义︾ ᠳᠤᠷ ᠦᠭᠦᠯᠡᠭᠰᠡᠨ ᠢᠨᠦ᠄ ︽ᠬᠢᠶᠠ ︵ᠰᠢᠶᠠ夏︶ ᠣᠯᠣᠰ ᠤᠨ ᠡᠴᠦᠰ ᠤᠨ ᠸᠠᠩ᠂ ᠵᠢᠶᠧ ︵桀︶ ᠬᠡᠮᠡᠭᠴᠢ ᠶᠸᠤᠰᠦ᠋ᠩ ᠬᠡᠮᠡᠬᠦ ᠭᠠᠵᠠᠷ ᠤᠨ ᠪᠠᠭᠤᠷᠢ  ᠳᠤᠷ ᠢᠯᠠᠭᠳᠠᠪᠠᠢ᠂ ᠶᠸᠤᠰᠦ᠋ᠩ ᠬᠡᠮᠡᠬᠦ ᠭᠠᠵᠠᠷ ᠪᠣᠯᠪᠠᠰᠣ ᠫᠦᠵᠸᠦ ︵蒲州︶ ᠬᠡᠮᠡᠬᠦ ᠭᠠᠵᠠᠷ ᠤᠨ ᠤᠮᠠᠷᠠᠲᠦ ᠳᠤᠷ ᠪᠣᠢ ᠠᠵᠣᠭᠤ︾ ᠬᠡᠮᠡᠵᠦᠬᠦᠢ᠃ ᠠᠳᠡ ᠢᠯᠡᠷᠡᠭᠰᠡᠨ ᠫᠦᠵᠸᠦ ᠪᠣᠶ᠋ᠪ ᠪᠦᠵᠸᠦ ᠪᠣᠯᠪᠠᠰᠣ ᠡᠳᠦᠬᠡ ᠶᠢᠨ ᠱᠠᠨ ᠰᠢ ︵山西︶ ᠮᠣᠵᠢ ᠶᠢᠨ ᠶᠦᠨ ᠴᠧᠩ ᠬᠤᠳᠠ ︵运城︶ ᠶᠢᠨ ᠶᠦᠩ ᠵᠢᠢ ᠰᠢᠶᠠᠨ ︵永济县︶ ᠮᠦᠨ ᠪᠦᠯᠦᠬᠡ ᠬᠡᠮᠡᠨ ᠬᠢᠳᠠᠳ ᠤᠨ ᠡᠷᠳᠡᠮᠳᠡᠳ ᠬᠡᠳᠦᠶᠢᠨ ᠲᠣᠳᠣᠯᠠᠵᠣᠬᠤᠢ᠃                        b: ᠣᠪᠣᠭ ᠤᠨ ᠨᠡᠷ᠎ᠡ ᠪᠣᠯᠬᠤ ᠲᠣᠬᠠᠢ ᠪᠠᠷᠢᠮᠳᠠ ᠲᠡᠮᠳᠡᠭᠯᠡᠯ︔ ︽ᠰᠢᠯᠦᠭᠯᠡᠯᠳᠣ ᠨᠣᠮ᠂ ᠱᠠᠩ ᠣᠯᠣᠰ  ᠤᠨ ᠮᠠᠭᠳᠠᠭᠤ᠂ ᠮᠦᠩᠬᠡ ᠲᠡᠭᠷᠢ ᠶᠢᠨ ᠪᠡᠯᠬᠡ ᠲᠡᠮᠪᠡᠷᠢᠯ诗经᠂商颂᠂长发︾ ᠳᠤᠷ ᠦᠭᠦᠯᠡᠭᠰᠡᠨ ᠢᠨᠦ᠄ ︽ᠶᠸᠤᠰᠦ᠋ᠩ ᠣᠪᠣᠭᠳᠣ ᠶᠢᠨ ᠠᠭᠤᠷᠤᠭ ᠨᠣᠳᠤᠭ ᠦᠷᠬᠡᠵᠢᠨ ᠲᠡᠯᠡᠬᠦᠶ᠎ᠡ᠂ ᠲᠡᠭᠡᠳᠦ ᠲᠡᠭᠷᠢ ᠠᠴᠠ ᠬᠠᠳᠣᠨ  ᠢ ᠪᠠᠶᠢᠭᠤᠯᠣᠭᠰᠠᠨ᠎ᠠ᠂ ﹇ᠱᠠᠩ ᠣᠯᠣᠰ ᠤᠨ﹈ ᠰᠢᠶᠧ ᠰᠢᠣᠸᠠᠨ ᠸᠠᠩ ᠢ ᠮᠡᠨᠳᠦᠯᠡᠵᠦᠬᠦᠢ有娀方将᠂帝立子生 商︾ ﹇ᠠᠳᠡ ᠲᠠᠶᠢᠯᠪᠣᠷᠢᠯᠠᠬᠤ ᠴᠢᠬᠤᠯᠠᠳᠠᠢ ᠲᠡᠭᠡᠳᠦ ᠡᠷᠳᠡᠨ ᠤ ᠬᠡᠳᠦᠨ ᠬᠢᠳᠠᠳ ᠦᠬᠡ ᠬᠡᠪᠡᠯ᠄ ︽方︾᠂ ᠨᠣᠳᠤᠭ ᠣᠷᠣᠨ᠂ ᠠᠭᠤᠷᠤᠭ ᠣᠷᠳᠣᠨ︔ ︽将︾᠂ ᠦᠷᠬᠡᠵᠢᠨ ᠲᠡᠯᠡᠬᠦ᠂ ᠶᠡᠬᠡᠰᠭᠡᠨ ᠪᠣᠵᠠᠭᠠᠶᠢᠷᠠᠬᠤ︔ ︽帝︾᠂ ᠲᠡᠭᠡᠳᠦ ᠲᠡᠭᠷᠢ︔ ︽立子︾᠂ ᠶᠸᠤᠰᠦ᠋ᠩ ᠣᠪᠣᠭᠳᠣ ᠶᠢᠨ ᠦᠬᠢᠨ ᠢ ᠱᠠᠩ ᠣᠯᠣᠰ ᠤᠨ ᠭᠤᠣ ᠰᠢᠨ ᠸᠠᠩ ︵高辛王︶ ᠤᠨ ᠬᠠᠳᠣᠨ ᠪᠣᠯᠭᠠᠭᠰᠠᠨ᠂ ᠲᠠᠷᠣᠢ ᠬᠠᠲᠤᠨ ᠢ ᠪᠠᠶᠢᠭᠤᠯᠣᠭᠰᠠᠨ︔ ︽生商︾᠂ ᠱᠠᠩ ᠣᠯᠣᠰ ᠤᠨ ᠡᠪᠦᠭᠡ ᠲᠡᠭᠡᠳᠦᠰ ᠰᠢᠶᠧ ︵契xie ᠭᠡᠵᠦ ᠣᠩᠰᠢᠨ᠎ᠠ︶ ᠬᠡᠮᠡᠭᠴᠢ ᠶᠢ ᠮᠡᠨᠳᠦᠯᠡᠭᠰᠡᠨ᠂ ᠰᠢᠶᠧ ᠬᠡᠮᠡᠭᠴᠢ ᠶᠢ ᠠᠨᠦ ᠰᠢᠦᠸᠠᠨ ᠸᠠᠩ ︵玄王︶ ᠬᠡᠮᠡᠳᠡᠭ﹈ ᠬᠡᠮᠡᠵᠦᠬᠦᠢ᠃ ᠵᠠᠬᠦᠨ ᠬᠠᠨ ︵东汉︶ ᠣᠯᠣᠰ ᠤᠨ ᠰᠡᠭᠦᠯᠴᠢ ᠶᠢᠨ ᠦᠶ᠎ᠡ ᠶᠢᠨ ᠰᠣᠳᠣᠷ ᠪᠢᠴᠢᠭ ᠤᠨ ᠤᠬᠠᠭᠠᠨ ︵经学︶ ᠤ ᠶᠡᠭᠡ ᠡᠷᠳᠡᠮᠳᠡᠨ ᠵᠧᠩ ᠰᠢᠦᠸᠠᠨ ︵郑玄︶ ᠬᠡᠮᠡᠭᠴᠢ ᠶᠢᠨ ︽ᠰᠢᠯᠦᠭᠯᠡᠯᠳᠣ ᠨᠣᠮ ᠤᠨ ᠲᠠᠶᠢᠯᠪᠣᠷᠢ诗经笺︾ ᠳᠤᠷ ᠦᠭᠦᠯᠡᠭᠰᠡᠨ ᠢᠨᠦ᠄ ︽ᠶᠸᠤᠰᠦ᠋ᠩ ᠣᠪᠣᠭᠳᠠᠨ ᠤ ᠣᠯᠣᠰ ᠠᠨᠨᠦ ᠲᠡᠶᠢᠨᠬᠦ ᠠᠩᠬ᠎ᠠ ᠦᠷᠭᠡᠵᠢᠨ ᠲᠡᠯᠡᠵᠦᠬᠦᠢ︾ ᠬᠡᠮᠡᠪᠡᠢ᠃ ᠡᠭᠦᠨ  ᠳᠤᠷ ᠶᠸᠤᠰᠦ᠋ᠩ ᠬᠡᠮᠡᠬᠦᠢ ᠶᠢ ᠴᠦᠮ ᠣᠪᠣᠭ ᠬᠡᠮᠡᠨ ᠲᠣᠳᠣᠷᠬᠠᠢ ᠲᠡᠮᠳᠡᠭᠯᠡᠪᠡᠢ᠃                        c: ᠬᠦᠮᠦᠨ ᠤ ᠨᠡᠷ᠎ᠡ ᠪᠣᠯᠬᠤ ᠲᠣᠬᠠᠢ ᠪᠠᠷᠢᠮᠳᠠ ᠲᠡᠮᠳᠡᠭᠯᠡᠯ︔ ︽ᠯᠢᠦᠢ ᠣᠪᠣᠭᠳᠣ ᠶᠢᠨ ᠱᠠᠰᠢᠨᠲᠦ ᠨᠤᠮ吕氏春秋᠂ ᠠᠶᠠᠯᠭᠤ ᠬᠦᠭᠵᠢᠮ ᠤᠨ ᠡᠭᠦᠰᠦᠯ音初︾ ᠳᠤᠷ ᠦᠭᠦᠯᠡᠭᠰᠡᠨ ᠢᠨᠦ᠄ ︽ᠶᠸᠤᠰᠦ᠋ᠩ ᠣᠪᠣᠭᠳᠣ ᠳᠤᠷ ᠦᠵᠡᠰᠭᠦᠯᠡᠩᠳᠣ ᠬᠤᠶᠠᠷ ᠦᠬᠢᠨ ᠲᠠᠢ ᠪᠦᠯᠦᠬᠡ᠂ ᠶᠢᠰᠦᠨ ᠲᠡᠭᠳᠡᠷ ᠤᠨ ᠲᠠᠶᠢᠵᠠ ᠪᠠᠶᠢᠭᠤᠯᠣᠨ ᠰᠠᠭᠠᠳᠣᠭᠤᠯᠣᠭᠠᠳ᠂ ᠴᠠᠪ ᠴᠠᠢ ᠵᠣᠭᠤᠭᠯᠠᠬᠤᠢ ᠳᠤᠷ ᠡᠷᠬᠡᠨ᠋ᠦᠬᠡᠢ ᠬᠡᠩᠭᠡᠷᠬᠡ ᠲᠡᠯᠡᠳᠦᠭᠦᠯᠦᠮᠦᠢ︾ ᠬᠡᠮᠡᠵᠦᠬᠦᠢ᠃ ︽ᠰᠣᠳᠣᠷ ᠲᠡᠮᠳᠡᠭᠯᠡᠯ᠂ ᠶᠢᠨ ᠣᠯᠣᠰ ᠤᠨ ᠴᠠᠳᠢᠭ史记᠂殷本纪︾ ᠲᠤᠷ ᠦᠭᠦᠯᠡᠭᠰᠡᠨ ᠢᠨᠦ᠄ ︽ᠶᠢᠨ ᠣᠯᠣᠰ ᠤᠨ ᠰᠢᠶᠧ契 ﹇ᠰᠢᠣᠸᠠᠨ ᠸᠠᠩ玄王﹈ ᠬᠡᠮᠡᠭᠴᠢ ᠶᠢᠨ ᠡᠬᠡ ᠢᠨᠦ ᠵᠢᠶᠠᠨ ᠳ᠋ᠢ ︵简狄︶ ᠬᠡᠮᠡᠭᠴᠢ ᠪᠦᠯᠦᠬᠡ᠂ ᠶᠸᠤᠰᠦ᠋ᠩ ᠣᠪᠣᠭᠳᠣ ᠶᠢᠨ ᠦᠬᠢᠨ ᠪᠣᠶᠣ᠂ ᠳ᠋ᠢ ᠺᠦ᠋ ︵帝喾︶ ᠬᠠᠭᠠᠨ ᠤ ᠲᠡᠳ᠋ ᠬᠠᠳᠣᠨ ᠪᠣᠯᠪᠠᠢ᠂ ᠭᠤᠷᠪᠠᠭᠤᠯᠠ ᠣᠬᠢᠶᠠᠯᠭ᠎ᠠ ᠬᠢᠰᠦᠬᠡᠢ ᠬᠡᠮᠡᠨ ᠮᠣᠷᠳᠠᠭᠠᠳ ᠰᠠᠴᠠ ᠬᠠᠷᠢᠶᠠᠴᠢ ︵玄鸟︶ ᠶᠢᠨ ᠦᠨᠳᠡᠭᠡ ᠲᠡᠬᠦᠨ ᠤ ᠲᠡᠭᠡᠷ᠎ᠡ ᠣᠨᠠᠭᠰᠠᠨ ᠢ ᠦᠵᠡᠭᠡᠳ ᠵᠢᠶᠠᠨ ᠳ᠋ᠢ ︵简狄︶ ᠬᠡᠮᠡᠭᠴᠢ ᠲᠡᠷᠡ ᠦᠨᠳᠡᠭᠡ ᠶᠢ ᠵᠠᠯᠬᠢᠭᠰᠠᠨ᠎ᠠ ᠪᠡᠶ᠎ᠡ ᠵᠢᠷᠮᠦᠰᠯᠡᠵᠦ ᠰᠢᠶᠧ契﹇ᠰᠢᠣᠸᠠᠨ ᠸᠠᠩ玄王﹈ ᠶᠢ ᠮᠡᠨᠳᠦᠯᠡᠵᠦᠬᠦᠢ᠂ ᠰᠢᠶᠧ契﹇ᠰᠢᠣᠸᠠᠨ ᠸᠠᠩ玄王﹈ ᠬᠡᠮᠡᠭᠴᠢ ᠪᠠᠷ ᠦᠬᠡᠯᠡᠢ ᠪᠣᠯᠣᠮᠠᠭᠴᠠ ᠢᠦᠢ ︵禹︶ ᠬᠠᠭᠠᠨ ᠢ ᠬᠠᠪᠰᠣᠷᠴᠣ ᠣᠰᠣᠨ ᠢ ᠵᠠᠰᠠᠭᠠᠳ ᠦᠯᠡᠮᠵᠢ ᠭᠠᠪᠢᠶ᠎ᠠ ᠪᠠᠶᠢᠭᠤᠯᠵᠣᠬᠤᠢ︾ ᠬᠡᠮᠡᠪᠡᠢ᠃ ᠡᠳᠡᠭᠡᠷ ᠡᠷᠬᠡ ᠰᠦᠷᠳᠦ ᠰᠣᠳᠣᠷ ᠪᠢᠴᠢᠭ ᠲᠤᠷ ᠶᠸᠤᠰᠦ᠋ᠩ ᠬᠡᠮᠡᠭᠴᠢ ᠶᠢ ᠬᠦᠮᠦᠨ ᠤ ᠨᠡᠷ᠎ᠡ ᠬᠡᠮᠡᠨ ᠲᠡᠮᠳᠡᠭᠯᠡᠵᠦᠬᠦᠢ᠃                        ᠮᠡᠬᠦᠶᠢᠨ ᠰᠠᠨᠠᠬᠤᠯ᠎ᠠ ᠴᠧᠩ ᠵᠢᠦᠢ ᠹᠦ᠋ ᠬᠡᠮᠡᠭᠴᠢ ᠪᠠᠷ ᠲᠣᠰ ᠭᠡᠷᠡᠯᠳᠣ ᠬᠦᠰᠢᠶᠡᠨ ᠤ ᠪᠢᠴᠢᠭ ᠲᠡᠭᠡᠨ ᠬᠢᠶᠠ ︵ᠰᠢᠶᠠ夏︶ ᠣᠯᠣᠰ ᠤᠨ ᠰᠡᠭᠦᠯᠴᠢ᠂ ᠬᠠᠮ ︵ᠱᠠᠩ商︶ ᠣᠯᠣᠰ ᠤᠨ ᠡᠬᠢᠨ ᠤ ᠦᠶ᠎ᠡ ᠳᠠᠬᠢ ᠶᠸᠤᠰᠦ᠋ᠩ  ᠢᠶᠠᠷ ᠡᠰᠢ ᠲᠠᠳᠠᠭᠰᠠᠨ ᠣᠭ ᠰᠠᠨᠠᠭ᠎ᠠ ᠠᠨᠦ ᠢᠩᠴᠠᠩ ᠬᠤᠷᠤᠭ᠎ᠠ ᠶᠢᠨ ᠭᠠᠵᠠᠷ ᠨᠣᠳᠤᠭ ᠤᠨ ᠲᠡᠨᠢᠭᠡᠷ ᠠᠭᠤᠳᠠᠮ ᠪᠠᠶᠠᠨ ᠲᠠᠩᠰᠤᠭ ᠬᠢᠭᠡᠳ ᠡᠨᠡ ᠣᠷᠣᠨ ᠳᠠᠬᠢ ᠬᠠᠭᠠᠨ ᠣᠭᠰᠠᠭ᠎ᠠ ᠶᠢᠨ ᠬᠠᠳᠣᠳ ︵后妃︶ ᠪᠠᠬᠢᠴᠣᠣᠯ ︵公主︶ ᠤᠨ ᠡᠷᠬᠢᠮ ᠲᠡᠭᠡᠳᠦ ᠣᠭᠰᠠᠭ᠎ᠠ ᠰᠣᠷᠪᠣᠯᠵᠢ᠂ ᠦᠨᠢᠷ ᠵᠣᠵᠠᠭᠠᠨ ᠬᠡᠰᠢᠭ ᠪᠣᠶᠠᠨ ᠢ ᠦᠯᠢᠳᠬᠡᠨ ᠮᠠᠭᠳᠠᠭᠰᠠᠨ ᠪᠣᠢ  ᠢ ᠎ᠠ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号