| | | | ︵13︶ ᠰᠡᠴᠡᠭᠡᠨ ᠪᠠᠬᠢ ︵ᠭᠦᠩᠵᠦ︶ 薛赤干公主 —— ᠡᠭᠦᠨ ᠢ ᠬᠢᠳᠠᠳ | ᠬᠡᠯᠡᠨ ᠤ ᠪᠣᠰᠣᠳ ᠰᠣᠳᠣᠷ ᠲᠤ ᠴᠦᠮ ︵薛只干︶ ᠬᠡᠮᠡᠨ ᠪᠢᠴᠢᠳᠡᠭ᠃ ︽ᠶᠣᠸᠠᠨ ᠣᠯᠣᠰ ᠤᠨ ᠰᠣᠳᠣᠷ | ︾ ᠬᠢᠭᠡᠳ ︽ᠮᠣᠩᠭᠤᠯ ᠤᠨ ᠲᠡᠣᠬᠡᠨ ᠲᠡᠮᠳᠡᠭᠯᠡᠯ︾ ᠬᠡᠮᠡᠬᠦ ᠰᠣᠳᠣᠷ ᠤᠨ ᠲᠣᠳᠣᠷᠠᠬᠢ ᠪᠠᠬᠢᠴᠣᠣᠯ ᠤᠨ ᠢᠯᠡᠳᠭᠡᠯ | ᠠᠴᠠ ᠪᠠᠶᠢᠴᠠᠭᠠᠬᠤᠯ᠎ᠠ ᠰᠡᠴᠡᠬᠡᠨ ᠪᠠᠬᠢ ᠶᠢᠨ ᠲᠣᠬᠠᠢ ᠵᠦᠪᠬᠡᠨ᠄ ︽ᠲᠣᠯᠭᠤᠷ ᠣᠷᠢᠳᠣᠰ ᠴᠢᠩᠭᠢᠰ ᠬᠠᠭᠠᠨ ᠤ | ᠣᠮᠪᠣᠯᠣ ᠦᠬᠢᠨ᠃ ᠤᠷᠤᠴᠠᠨ ᠤ ᠲᠡᠭᠦᠦ᠂ ᠲᠦᠮᠡᠳᠦ ᠶᠢᠨ ᠨᠣᠶᠠᠨ ᠨᠠᠴᠢᠨ ᠬᠡᠮᠡᠬᠦ ᠬᠦᠷᠭᠡᠰ ᠯᠦᠭᠡ ᠭᠡᠷᠯᠡᠪᠠᠢ⑴᠂ | ᠯᠣ᠋ ᠭᠠᠵᠠᠷ ᠤᠨ ᠶᠡᠭᠡ ᠡᠬᠡᠴᠢᠮᠡᠳ ᠪᠠᠬᠢ ᠬᠡᠮᠡᠨ ᠨᠡᠬᠡᠨ ᠡᠷᠭᠦᠮᠵᠢᠯᠡᠭᠳᠡᠪᠡᠢ⑵︾ ᠬᠡᠮᠡᠬᠦ ᠠᠴᠠ ᠪᠣᠰᠣ ᠲᠡᠮᠳᠡᠭᠯᠡᠯ | ᠠᠯᠠᠭ᠎ᠠ᠃ ︽ᠶᠣᠸᠠᠨ ᠣᠯᠣᠰ ᠤᠨ ᠰᠣᠳᠣᠷ︾ ᠬᠢᠭᠡᠳ ︽ᠮᠣᠩᠭᠤᠯ ᠤᠨ ᠲᠡᠣᠬᠡᠨ ᠲᠡᠮᠳᠡᠭᠯᠡᠯ︾ ᠳᠤ | ᠵᠢᠭᠰᠠᠭᠠᠭᠳᠠᠭᠰᠠᠨ ᠯᠣ᠋ ᠭᠠᠵᠠᠷ ᠤᠨ ᠠᠷᠪᠠᠨ ᠨᠠᠢᠮᠠᠨ ᠪᠠᠬᠢ ᠶᠢᠨ ᠲᠣᠳᠣᠷ᠎ᠠ ᠰᠡᠴᠡᠬᠡᠨ ᠪᠠᠬᠢ ᠶᠢᠨ ᠨᠡᠷ᠎ᠡ ᠶᠢ ᠲᠣᠯᠢ | ᠶᠢᠨ ᠦᠬᠢᠨ ᠡᠰᠡᠪᠣᠬᠠ ᠪᠠᠬᠢ ᠶᠢᠨ ᠲᠠᠷᠠᠭ᠎ᠠ ᠣᠷᠣᠭᠤᠯᠵᠣ ᠬᠤᠶᠠᠳᠣᠭᠠᠷ ᠲᠤ ᠪᠢᠴᠢᠭᠰᠡᠨ ᠠᠴᠠ ᠦᠵᠡᠪᠡᠯ ᠡᠨᠡ | ᠪᠠᠬᠢ ᠶᠢᠨ ᠠᠮᠢᠳᠣᠷᠠᠵᠣ ᠠᠭᠰᠠᠨ ᠴᠠᠭ ᠦᠶ᠎ᠡ ᠬᠢᠭᠡᠳ ᠪᠠᠶᠢᠷᠢ ᠰᠠᠭᠤᠷᠢ ᠨᠢ ᠨᠡᠯᠢᠶᠡᠳ ᠲᠡᠭᠡᠷ᠎ᠡ ᠦᠶ᠎ᠡ ᠶᠢᠨ | ᠦᠨᠳᠦᠷ ᠲᠡᠰ ᠲᠤ ᠪᠠᠶᠢᠭᠰᠠᠨ ᠨᠢ ᠲᠣᠳᠣᠷᠬᠠᠢ᠃ ᠴᠧᠩ ᠵᠢᠣᠢ ᠹᠦ᠋ ᠶᠢᠨ ᠲᠣᠭᠤᠷᠪᠢᠨ ᠪᠢᠴᠢᠭᠰᠡᠨ ᠲᠣᠰ ᠭᠡᠷᠡᠯᠳᠦ | ᠬᠦᠰᠢᠶᠡᠨ ᠤ ᠪᠢᠴᠢᠭ ᠲᠤᠷ ᠮᠦᠨ᠄ ︽ᠲᠣᠯᠭᠤᠷ ᠣᠷᠢᠳᠣᠰ ᠴᠢᠩᠬᠢᠰ ᠬᠠᠭᠠᠨ ᠤ ᠣᠮᠪᠣᠯᠣ ᠦᠬᠢᠨ︾ ᠬᠡᠮᠡᠨ | ᠪᠢᠴᠢᠭᠰᠡᠨ ᠠᠴᠠ ᠪᠣᠰᠣ ᠡᠨᠡ ᠪᠠᠬᠢ ᠶᠢᠨ ᠡᠴᠢᠭᠡ ᠶᠢᠨ ᠨᠡᠷ᠎ᠡ ᠶᠢ ᠢᠨᠦ ᠡᠰᠡ ᠪᠢᠴᠢᠪᠡᠢ᠃ | | ※ ᠠᠰᠢᠭᠯᠠᠭᠰᠠᠨ ᠰᠣᠷᠪᠣᠯᠵᠢ ᠪᠢᠴᠢᠭ᠄ | | ⑴ ᠶᠣᠸᠠᠨ ᠣᠯᠣᠰ ᠤᠨ ᠰᠣᠳᠣᠷ᠂ ᠪᠠᠬᠢᠴᠣᠣᠯ ᠤᠨ ᠢᠯᠡᠳᠭᠡᠯ元史᠂公主表︾ | | ⑵ᠲᠦ᠋ ᠵᠢᠢ ︽ᠮᠣᠩᠭᠤᠯ ᠤᠨ ᠲᠡᠣᠬᠡᠨ ᠲᠡᠮᠳᠡᠭᠯᠡᠯ᠂ ᠪᠠᠬᠢᠴᠣᠣᠯ ᠤᠨ ᠢᠯᠡᠳᠭᠡᠯ蒙兀儿史 记 | ᠂公主表︾ | | ︵14︶ ᠨᠠᠴᠢᠨ 纳陈 —— ᠬᠤᠩᠬᠢᠷᠠᠳ ᠠᠶᠢᠮᠠᠭ ᠤᠨ ᠪᠣᠰᠬᠤᠷ ᠣᠪᠣᠭᠳᠣ ᠳ᠋ᠢᠢ ᠰᠡᠴᠡᠨ | ᠤ ᠬᠦᠪᠡᠭᠦᠨ᠂ ᠦᠶ᠎ᠡ ᠣᠯᠠᠷᠢᠨ ᠭᠤᠪᠢ ᠶᠢᠨ ᠡᠮᠦᠨ᠎ᠡ ᠨᠣᠳᠣᠭᠯᠠᠪᠠᠢ᠃ ᠣᠯᠠᠭᠴᠢᠨ ᠮᠣᠭᠠᠢ ᠵᠢᠯ ︵1257 ᠣᠨ︶ | ᠳᠤ ᠦᠶ᠎ᠡ ᠣᠯᠠᠷᠢᠨ ᠲᠦᠮᠡᠳᠦ ᠶᠢᠨ ᠨᠣᠶᠠᠨ ᠤ ᠬᠡᠷᠬᠡᠮ ᠢ ᠵᠠᠯᠭᠠᠮᠵᠢᠯᠠᠵᠣ᠂ ᠵᠠᠷᠯᠢᠭ ᠬᠦᠯᠢᠶᠡᠨ ᠰᠦᠩ ᠣᠯᠣᠰ ᠢ | ᠲᠠᠶᠢᠯᠠᠭᠠᠳ ᠳ᠋ᠢᠶᠣᠣ ᠢᠣᠢ ᠱᠠᠨ ︵钓鱼山᠂四川合川县︶ ᠠᠭᠤᠯᠠ ᠶᠢ ᠲᠣᠭᠳᠠᠭᠠᠪᠠ᠃ | ᠮᠦᠨ ᠪᠠᠰᠠ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠢ ᠲᠠᠭᠠᠵᠣ ᠡᠮᠦᠨᠡᠰᠢ ᠬᠤᠶᠢᠬᠤ ᠭᠤᠣᠯ ᠤᠨ ᠰᠠᠪᠠ | ᠭᠠᠵᠠᠷ ︵淮甸︶ ᠢ ᠲᠣᠭᠤᠯᠣᠨ ᠶᠡᠭᠡ ᠴᠢᠩᠭᠸᠦ ᠬᠡᠮᠡᠬᠦ ᠣᠯᠣᠮ ︵大清口︶ ᠳᠤ ᠬᠦᠷᠴᠦ ᠵᠠᠭᠤ | ᠭᠠᠷᠣᠢ ᠣᠩᠭᠤᠴᠠ ᠣᠯᠵᠠᠯᠠᠪᠠ᠃ ᠮᠦᠨ ᠴᠡᠷᠢᠭ ᠲᠠᠶᠢᠴᠢᠯᠠᠨ ᠱᠠᠨᠳᠦ᠋ᠩ ᠭᠠᠵᠠᠷ ᠤᠨ ᠵᠢᠨᠠᠨ ︵济南︶᠂ | ᠶᠠᠨᠵᠸᠦ ︵兖州︶᠂ ᠱᠠᠨᠵᠸᠦ ︵单州︶ ᠵᠡᠷᠭᠡ ᠵᠸᠦ ᠰᠢᠶᠠᠨ ᠢ ᠬᠤᠷᠢᠶᠠᠨ ᠲᠣᠭᠳᠠᠭᠠᠪᠠ᠃ ᠠᠷᠢᠭᠪᠣᠬ᠎ᠠ | ᠬᠡᠮᠡᠭᠴᠢ ᠬᠤᠪᠢᠰᠣᠯ ᠲᠡᠭᠳᠡᠭᠡᠭᠰᠡᠨ ᠳᠤ ᠲᠦᠪ ᠶᠣᠰᠣᠳᠣ ︵中统︶ ᠬᠡᠮᠡᠬᠦᠢ ᠶᠢᠨ ︵1261 ᠣᠨ︶ ᠳᠤ | ᠲᠦᠷᠦᠯ ᠸᠠᠩ ᠨᠠᠷ ᠲᠠᠢ ᠬᠠᠮᠳᠣᠷᠠᠨ ᠣᠮᠠᠷᠠᠰᠢ ᠲᠠᠶᠢᠯᠠᠬᠤᠢ ᠳᠤᠷ ᠲᠡᠭᠦᠨ ᠤ ᠬᠦᠪᠡᠭᠦᠨ ᠬᠠᠭ᠋ᠠᠢ ︵哈海︶᠂ | ᠲᠣᠬᠤᠨ ︵脱欢︶᠂ ᠣᠷᠣᠴᠠᠨ ︵斡罗陈︶ ᠵᠡᠷᠭᠡ ᠠᠷᠪᠠᠨ ᠬᠦᠮᠦᠨ ᠰᠢᠳᠡᠷ᠎ᠡ ᠲᠠᠭᠠᠯᠳᠠ ᠪᠣᠯᠵᠣ | ᠮᠠᠩᠯᠠᠢ ︵莽来︶ ᠬᠡᠮᠡᠬᠦ ᠭᠠᠵᠠᠷ ᠲᠤ ᠬᠦᠷᠦᠭᠡᠳ ᠬᠡᠶᠢᠮᠣᠷᠢ ︵失木鲁︶ ᠬᠢᠭᠡᠳ ᠠᠷᠢᠭᠪᠣᠬ᠎ᠠ ︵阿里 | 不哥︶ ᠶᠢᠨ ᠨᠠᠮᠳᠠᠨ ᠪᠠᠯᠬ᠎ᠠ ︵八儿哈︶᠂ ᠪᠠᠷᠰ ︵八儿思︶ ᠨᠠᠷ ᠲᠠᠢ ᠲᠣᠯᠣᠯᠳᠣᠨ ᠪᠦᠷᠦᠭᠳᠦ | ︵孛罗克秃︶ ᠬᠡᠮᠡᠬᠦ ᠭᠠᠵᠠᠷ ᠲᠤ ᠬᠦᠷᠳᠡᠯ᠎ᠡ ᠨᠡᠬᠡᠮᠵᠢᠯᠡᠭᠡᠳ᠂ ᠲᠠᠬᠢᠨᠳᠠ ᠪᠠᠶᠢᠯᠳᠣᠨ ᠦᠷᠯᠦᠬᠡ ᠠᠴᠠ | ᠦᠳᠡᠰᠢ ᠪᠣᠯᠳᠠᠯ᠎ᠠ ᠲᠦᠮᠡᠨ ᠬᠦᠮᠦᠨ ᠤ ᠲᠡᠷᠢᠬᠦᠨ ᠢ ᠴᠠᠪᠴᠢᠭᠰᠠᠨ ᠠᠴᠠ ᠦᠬᠦᠳᠡᠯ ᠬᠡᠭᠦᠷ ᠬᠡᠭᠡᠷ᠎ᠡ ᠲᠠᠯ᠎ᠠ ᠶᠢ | ᠪᠦᠷᠬᠦᠪᠡ᠃ ᠨᠦᠭᠴᠢᠭᠰᠡᠨ᠎ᠡ ᠮᠣᠭᠠᠶᠢᠳᠣ ︵末怀秃︶ ᠳᠤ ᠣᠷᠣᠰᠢᠭᠤᠯᠪᠠ᠃ | | ※ ᠠᠰᠢᠭᠯᠠᠭᠰᠠᠨ ᠰᠣᠷᠪᠣᠯᠵᠢ ᠪᠢᠴᠢᠭ | ⑴︽元史᠂ 卷一十八᠂ 列传第五᠂ 纳陈传︾ | | ︵15︶ ᠲᠡᠮᠦᠷ 帖木儿 —— ᠡᠨᠡ ᠬᠦᠮᠦᠨ ᠤ ᠭᠠᠷᠤᠯ ᠰᠣᠷᠪᠣᠯᠵᠢ ᠶᠢᠨ ᠲᠣᠬᠠᠢ | ᠬᠤᠶᠠᠷ ᠵᠦᠢᠯ ᠤᠨ ᠠᠳᠠᠯᠢ ᠪᠣᠰᠣ ᠲᠡᠮᠳᠡᠭᠯᠡᠯ ᠪᠣᠢ᠃ | 1᠄ ᠲᠡᠮᠦᠷ ᠪᠣᠯᠪᠠᠰᠣ ᠠᠯᠴᠣ ᠶᠢᠨ ᠬᠦᠪᠡᠭᠦᠨ ᠮᠦᠨ᠃ ᠡᠭᠦᠨ ᠤ ᠪᠠᠷᠢᠮᠳᠠ ᠪᠣᠯᠬᠤ ᠲᠡᠮᠳᠡᠭᠯᠡᠯ ᠬᠡᠮᠡᠪᠡᠰᠦ | ᠄ ᠬᠣ᠋ ᠽᠣ᠋ ᠭᠤᠸᠠᠩ胡祖广 ᠤᠨ ᠪᠢᠴᠢᠭᠰᠡᠨ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ | ᠠᠴᠢᠯᠠᠯ ᠤᠨ ᠭᠡᠷᠡᠯᠳᠦ ᠬᠦᠰᠢᠶᠡᠨ ᠤ ᠪᠢᠴᠢᠭ相哥八剌鲁王元勋世德碑︾ ᠬᠢᠭᠡᠳ ︽ | ᠶᠣᠸᠠᠨ ᠣᠯᠣᠰ ᠤᠨ ᠰᠣᠳᠣᠷ᠂ ᠳ᠋ᠢᠢ ᠰᠡᠴᠡᠨ ᠤ ᠱᠠᠰᠳᠢᠷ元史特薛禅传︾ ᠲᠤ ᠴᠦᠮ ᠲᠡᠮᠦᠷ | ᠪᠣᠯᠪᠠᠰᠣ ᠠᠯᠴᠣ ᠶᠢᠨ ᠬᠦᠪᠡᠭᠦᠨ ᠬᠡᠮᠡᠨ ᠲᠡᠮᠳᠡᠭᠯᠡᠵᠦ ᠪᠣᠢ᠃ | 2᠄ ᠨᠦᠭᠦᠬᠡ ᠵᠦᠢᠯ ᠤᠨ ᠲᠡᠮᠳᠡᠭᠯᠡᠯ ᠬᠡᠮᠡᠪᠡᠰᠦ᠄ ᠲᠡᠮᠦᠷ ᠪᠣᠯᠪᠠᠰᠣ ᠨᠠᠴᠢᠨ ︵纳陈︶ ᠤ ᠬᠦᠪᠡᠭᠦᠨ᠂ | ᠠᠯᠴᠣ ︵按陈︶ ᠶᠢᠨ ᠣᠮᠪᠣᠯᠣ ᠪᠣᠯᠠᠢ ᠬᠡᠮᠡᠨ ᠲᠡᠮᠳᠡᠭᠯᠡᠵᠦ ᠠᠮᠣᠢ᠃ ᠡᠭᠦᠨ ᠤ ᠲᠣᠬᠠᠢ ᠪᠠᠷᠢᠮᠳᠠ ᠬᠡᠮᠡᠪᠡᠰᠦ᠄ | ᠴᠧᠩ ᠵᠢᠣᠢ ᠹᠦ᠋程钜夫ᠬᠡᠮᠡᠭᠴᠢ ᠶᠢᠨ ᠪᠢᠴᠢᠭᠰᠡᠨ ︽ᠢᠩᠴᠠᠩ ᠴᠦᠯᠬᠡ ᠶᠢᠨ ᠬᠡᠰᠢᠭ ᠲᠤᠷ ᠬᠠᠷᠢᠭᠤᠯᠣᠭᠴᠢ | ᠰᠦᠮ᠎ᠡ ᠶᠢᠨ ᠬᠡᠷᠡᠯᠳᠣ ᠬᠦᠰᠢᠶᠡᠨ ᠤ ᠲᠡᠮᠳᠡᠭᠯᠡᠯ应昌路报恩寺碑︾᠂ ᠯᠢᠦ ᠮᠢᠨ ᠵᠦᠩ ︵刘敏 | 中︶ ᠬᠡᠮᠡᠭᠴᠢ ᠶᠢᠨ ᠪᠢᠴᠢᠭᠰᠡᠨ ︽ᠵᠠᠷᠯᠢᠭ ᠢᠶᠠᠷ ᠰᠣᠶᠣᠷᠬᠠᠬᠰᠠᠨ ᠢᠩᠴᠠᠩ ᠬᠤᠷᠤᠭ᠎ᠠ ᠶᠢᠨ ᠬᠢᠵᠠᠭᠠᠯᠠᠰᠢ ᠦᠭᠡᠢ | ᠰᠦᠮ᠎ᠡ ᠶᠢᠨ ᠬᠡᠷᠡᠯᠳᠦ ᠬᠦᠰᠢᠶᠡᠨ ᠤ ᠲᠡᠮᠳᠡᠭᠯᠡᠯ敇赐应昌府罔极寺碑︾ ᠵᠢᠴᠢ ︽ᠶᠣᠸᠠᠨ | ᠣᠯᠣᠰ ᠤᠨ ᠰᠣᠳᠣᠷ᠂ ᠪᠠᠬᠢᠴᠣᠣᠯ ᠤᠨ ᠢᠯᠡᠳᠭᠡᠯ元史᠂公主表︾ ᠵᠡᠷᠬᠡ ᠡᠷᠬᠡ ᠰᠦᠷᠳᠦ ᠪᠢᠴᠢᠭ | ᠲᠡᠮᠳᠡᠭᠯᠡᠯ ᠳᠤᠷ ᠴᠦᠮ ᠡᠶᠢᠨᠬᠦ ᠲᠡᠮᠳᠡᠭᠯᠡᠵᠦᠬᠦᠢ᠃ ᠨᠢᠭᠳᠠᠯᠠᠬᠤᠯᠠ ᠯᠢᠦ ᠮᠢᠨ ᠵᠦᠩ ᠤᠨ ᠪᠢᠴᠢᠭᠰᠡᠨ ᠭᠡᠷᠡᠯᠳᠦ | ᠬᠦᠰᠢᠶᠡᠨ ᠤ ᠲᠡᠮᠳᠡᠭᠯᠡᠯ ᠬᠢᠭᠡᠳ ᠴᠧᠩ ᠵᠢᠣᠢ ᠹᠦ᠋ ᠶᠢᠨ ᠪᠢᠴᠢᠭᠰᠡᠨ ᠭᠡᠷᠡᠯᠳᠦ ᠬᠦᠰᠢᠶᠡᠨ ᠤ ᠲᠡᠮᠳᠡᠭᠯᠡᠯ ᠵᠡᠷᠬᠡ ᠨᠢ | ᠪᠦᠷ ᠶᠣᠸᠠᠨ ᠣᠯᠣᠰ ᠤᠨ ᠡᠮᠦᠨᠡᠬᠢ ᠦᠶ᠎ᠡ ᠳᠤ ᠵᠣᠬᠢᠶᠠᠭᠳᠠᠵᠣ᠂ ᠬᠣ᠋ ᠽᠣ᠋ ᠭᠤᠸᠠᠩ ᠤᠨ ᠪᠢᠴᠢᠭᠰᠡᠨ ᠭᠡᠷᠡᠯᠳᠦ | ᠬᠦᠰᠢᠶᠡᠨ ᠤ ᠲᠡᠮᠳᠡᠭᠯᠡᠯ ᠨᠢ ᠶᠣᠸᠠᠨ ᠣᠯᠣᠰ ᠤᠨ ᠰᠡᠭᠦᠯᠴᠢ ᠦᠶ᠎ᠡ ᠳᠠᠬᠢ ᠲᠣᠭᠤᠭᠠᠨᠳᠡᠮᠦᠷ ᠬᠠᠭᠠᠨ ᠤ ᠦᠶ᠎ᠡ ᠳᠤ | ᠵᠣᠬᠢᠶᠠᠭᠳᠠᠭᠰᠠᠨ ᠠᠨᠦ ᠪᠣᠯᠠᠢ᠂ ᠨᠡᠩ ᠴᠦ ︽ᠶᠣᠸᠠᠨ ᠣᠯᠣᠰ ᠤᠨ ᠰᠣᠳᠣᠷ︾ ᠪᠣᠯᠪᠠᠰᠣ ᠮᠢᠩ ᠣᠯᠣᠰ ᠤᠨ ᠡᠬᠢᠨ | ᠤ ᠦᠶ᠎ᠡ ᠳᠤᠷ ᠰᠠᠶ᠋ᠢ ᠪᠢᠴᠢᠭᠳᠡᠭᠰᠡᠨ ᠤ ᠣᠴᠢᠷ ᠡᠳᠡᠭᠡᠷ ᠪᠢᠴᠢᠭ ᠲᠡᠮᠳᠡᠭᠯᠡᠯ ᠳᠤᠷ ᠣᠰᠣᠯ ᠠᠯᠳᠠᠭ᠎ᠠ ᠠᠯᠠᠭ᠎ᠠ ᠬᠡᠮᠡᠨ | ᠦᠭᠦᠯᠡᠵᠦ ᠬᠡᠷᠬᠢᠨ ᠪᠣᠯᠬᠤ ᠠᠵᠢ᠃ ᠨᠦᠭᠦᠬᠡ ᠲᠠᠯ᠎ᠠ ᠪᠠᠷ ᠬᠡᠯᠡᠪᠡᠰᠦ᠂ ᠣᠷᠣᠴᠠᠨ ︵斡罗陈︶᠂ ᠲᠡᠮᠦᠷ ︵帖 | 木儿︶᠂ ᠮᠠᠨᠽᠠᠳᠠᠢ ︵蛮子台︶ ᠨᠠᠷ ᠴᠦᠮ ᠣᠷᠢᠳ ᠬᠤᠵᠢᠳ ᠨᠠᠩᠭᠠᠴᠢᠨ ᠪᠠᠬᠢ ︵囊加真公 | 主︶ ᠯᠦᠭᠡ ᠭᠡᠷᠯᠡᠪᠡᠢ᠂ ᠡᠶᠢᠮᠦ ᠶᠢᠨ ᠲᠣᠯᠠᠳᠠ ᠲᠡᠮᠦᠷ ᠪᠣᠯᠪᠠᠰᠣ ᠠᠯᠴᠣ ︵按陈︶ ᠶᠢᠨ ᠣᠮᠪᠣᠯᠣ᠂ ᠨᠠᠴᠢᠨ | ︵纳陈︶ ᠤ ᠬᠦᠪᠡᠭᠦᠨ ᠪᠣᠯᠬᠤ ᠠᠨᠦ ᠨᠡᠩ ᠢᠳᠡᠭᠡᠮᠵᠢᠳᠡᠢ ᠪᠣᠢ ᠢ ᠠ︕ | ᠬᠣ᠋ ᠽᠣ᠋ ᠭᠤᠸᠠᠩ ︵胡祖广︶ ᠤᠨ ᠪᠢᠴᠢᠭᠰᠡᠨ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ | ᠣᠳᠣᠮᠳᠣ ᠠᠴᠢᠯᠠᠯ ᠤᠨ ᠭᠡᠷᠡᠯᠳᠣ ᠬᠦᠰᠢᠶᠡᠨ ᠤ ᠲᠡᠮᠳᠡᠭᠯᠡᠯ相哥八剌鲁王元勋世德碑 | ︾ ᠬᠡᠮᠡᠬᠦ ᠪᠢᠴᠢᠭ ᠲᠤᠷ᠄ ᠲᠡᠮᠦᠷ ᠬᠡᠮᠡᠭᠴᠢ ᠪᠠᠷ᠂ ︽ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ | ᠶᠢᠨ ᠵᠢᠷᠭᠤᠳᠣᠭᠠᠷ ᠣᠨ ︵1269 ᠣᠨ︶ ᠳᠤᠷ᠂ ᠵᠢᠨᠢᠩ ᠬᠤᠷᠤᠭ᠎ᠠ ︵ᠵᠢᠨᠢᠩ ᠹᠦ᠋济宁府︶ ᠶᠢ | ᠪᠠᠶᠢᠭᠤᠯᠳᠣᠭᠠᠢ ᠬᠡᠮᠡᠨ ᠲᠦᠷᠦ ᠳᠤᠷ ᠠᠶᠢᠯᠠᠳᠬᠠᠨ ᠵᠦᠪᠰᠢᠶᠡᠷᠡᠭᠦᠯᠪᠡᠢ᠃ ᠠᠷᠪᠠᠨ ᠨᠠᠢᠮᠠᠳᠤᠭᠠᠷ ᠣᠨ ︵1281 | ᠣᠨ︶ ᠳᠤᠷ ᠬᠤᠷᠤᠭ᠎ᠠ ᠶᠢ ᠲᠡᠪᠰᠢᠭᠦᠯᠦᠨ ᠴᠦᠯᠬᠡ ︵ᠯᠣ᠋路︶ ᠪᠣᠯᠭᠠᠪᠠᠢ᠃ ᠨᠡᠶᠢᠳᠡᠯᠡᠨ ᠲᠡᠭᠰᠢᠯᠡᠭᠴᠢ ᠬᠦᠷᠭᠡᠨ | ᠲᠦᠰᠢᠮᠡᠯ ︵驸马都尉᠂ ᠲᠡᠮᠦᠷ ᠪᠣᠶᠣ︶ ᠪᠠᠷ ᠮᠦᠨ ᠬᠦ ᠬᠠᠷᠢ ᠤᠭᠰᠠᠭᠠᠲᠠᠨ ᠤ ᠪᠤᠶᠤ ᠮᠣᠩᠭᠤᠯ ᠤᠨ | ᠴᠡᠷᠢᠭ ᠢ ᠲᠠᠭᠠᠭᠰᠠᠨ ᠭᠤᠷᠪᠠᠨ ᠮᠢᠩᠭ᠎ᠠ ᠭᠠᠷᠦᠢ ᠡᠷᠦᠬᠡ ᠶᠢ ᠵᠢᠵᠸᠦ ︵济州︶᠂ ᠶᠠᠨᠵᠸᠣ ︵兖州︶᠂ | ᠱᠠᠨᠵᠸᠣ ︵单州︶ ᠵᠡᠷᠬᠡ ᠭᠤᠷᠪᠠᠨ ᠵᠸᠣ ᠳᠤᠷ ᠲᠠᠷᠬᠠᠭᠠᠨ ᠨᠣᠳᠣᠭᠰᠢᠭᠤᠯᠪᠠᠢ︾ ᠬᠡᠮᠡᠵᠦᠬᠦᠢ᠃ ᠲᠣᠰ | ᠬᠦᠰᠢᠶ᠎ᠡ ᠪᠣᠯᠪᠠᠰᠣ ᠲᠡᠮᠦᠷ ᠤᠨ ᠬᠤᠶᠠᠳᠣᠭᠠᠷ ᠬᠦᠪᠡᠭᠦᠨ ᠰᠠᠩᠭᠠᠪᠠᠯᠠ ︵相哥八剌︶ ᠳᠤᠷ ᠰᠡᠶᠢᠯᠣᠭ᠍ᠰᠡᠨ | ᠵᠠᠷᠯᠢᠭ ᠤᠨ ᠪᠢᠴᠢᠭ ᠪᠣᠯᠬᠤ ᠬᠡᠮᠡᠪᠡᠴᠣ ᠬᠠᠷᠢᠨ ᠨᠠᠴᠢᠨ ︵纳陈︶᠂ ᠣᠷᠣᠴᠠᠨ ︵斡罗陈︶᠂ | ᠮᠠᠨᠽᠠᠳᠠᠢ ︵蛮子台︶ ᠵᠡᠷᠬᠡ ᠬᠦᠮᠦᠰ ᠤᠨ ᠨᠡᠯᠢᠶᠡᠳ ᠬᠡᠰᠡᠭ ᠦᠢᠯᠡ ᠠᠵᠢᠯᠯᠠᠭ᠎ᠠ ᠶᠢ ᠴᠦᠮ ᠲᠡᠮᠦᠷ ᠤᠨ | ᠨᠡᠷ᠎ᠡ ᠶᠢᠨ ᠲᠣᠣᠷ᠎ᠠ ᠲᠡᠮᠳᠡᠭᠯᠡᠭᠰᠡᠨ ᠪᠠᠶᠢᠯᠤᠭ᠎ᠠ᠃ ᠡᠭᠦᠨ ᠤ ᠰᠢᠯᠳᠠᠭᠠᠨ ᠢ ᠬᠢᠨᠠᠪᠠᠰᠣ᠂ ᠬᠣ᠋ ᠽᠦ ᠭᠤᠸᠠᠩ ᠬᠡᠮᠡᠬᠦ | ᠡᠷᠳᠡᠮᠳᠡᠨ ᠪᠠᠷ ᠬᠢᠳᠠᠳ ᠤᠨ ᠪᠠᠳᠣ ᠵᠢᠷᠣᠮᠳᠠᠳ ᠤᠨ ᠣᠶᠢᠯᠠᠭᠠᠭᠳᠠᠬᠤᠨ ᠠᠴᠠ ᠪᠠᠨ ᠡᠭᠦᠰᠴᠣ᠂ ᠨᠠᠩᠭᠠᠴᠢᠨ ᠪᠠᠬᠢ ︵囊 | 加真公主︶ ᠶᠢᠨ ᠣᠷᠢᠳ ᠬᠤᠵᠢᠳ ᠣᠷᠣᠴᠠᠨ᠂ ᠲᠡᠮᠦᠷ᠂ ᠮᠠᠽᠠᠳᠠᠢ ᠵᠡᠷᠬᠡ ᠠᠬ᠎ᠠ ᠲᠡᠭᠦᠦ ᠭᠤᠷᠪᠠ | ᠲᠠᠢ ᠭᠡᠷᠯᠡᠭᠰᠡᠨ ᠶᠠᠪᠣᠳᠠᠯ ᠢ ᠴᠡᠭᠡᠷᠯᠡᠬᠦ ᠶᠢᠨ ᠲᠦᠯᠦᠬᠡ ᠪᠣᠶᠣ ᠡᠰᠡᠭᠦᠯ᠎ᠡ ᠬᠤᠩᠭᠢᠷᠠᠳ ᠠᠶᠢᠮᠠᠭ ᠤᠨ ᠲᠦᠷᠦᠭᠦᠴᠦᠳ | ᠬᠢᠳᠠᠳ ᠪᠢᠴᠢᠭ ᠢ ᠲᠡᠩᠳᠡᠭᠦᠦ ᠬᠦᠩᠭᠡᠪᠴᠢᠯᠡᠭᠰᠡᠨ ᠤ ᠬᠠᠷᠠᠭ᠎ᠠ ᠠᠴᠠ ᠡᠶᠢᠮᠦᠷᠬᠦ ᠭᠡᠷ ᠲᠦᠷᠦᠯ ᠤᠨ ᠲᠣᠳᠣᠷᠠᠬᠢ | ᠰᠢᠭᠤᠳ ᠴᠢᠰᠣᠨ ᠣᠳᠣᠮ ᠤᠨ ᠳᠦᠷᠪᠡᠨ ᠦᠶ᠎ᠡ ᠶᠢᠨ ᠬᠦᠮᠦᠰ ᠢ ᠬᠠᠷᠢᠯᠴᠠᠨ ᠬᠤᠳᠬᠤᠯᠳᠣᠭᠤᠯᠣᠭᠰᠠᠨ ᠭᠡᠷᠡᠯᠳᠦ | ᠬᠦᠰᠢᠶᠡᠨ ᠤ ᠪᠢᠴᠢᠭ ᠢ ᠰᠡᠶᠢᠯᠦᠭᠦᠯᠦᠭᠡᠳ ᠶᠢᠷᠳᠢᠨᠴᠦ ᠳᠤ ᠬᠤᠴᠣᠷᠭᠠᠭᠰᠠᠨ ᠪᠠᠶᠢᠵᠣ ᠮᠡᠳᠡᠬᠦ ᠪᠣᠯᠣᠮᠵᠢ ᠮᠠᠰᠢ ᠶᠡᠭᠡ | ᠪᠣᠶᠣ᠃ | ︽ᠶᠣᠸᠠᠨ ᠣᠯᠣᠰ ᠤᠨ ᠰᠣᠳᠣᠷ᠂ ᠳ᠋ᠢᠢ ᠰᠡᠴᠢᠨ ᠤ ᠱᠠᠰᠳᠢᠷ元史᠂特薛禅传︾᠂ ︽ | ᠪᠠᠭᠠᠳᠣᠷ ᠪᠣᠳᠣᠯᠭᠠᠳᠣ ᠵᠠᠩᠵᠣᠨ ᠵᠢᠨᠢᠩ ᠴᠦᠯᠬᠡ ᠶᠢᠨ ᠶᠡᠷᠦᠩᠬᠡᠢ ᠵᠠᠬᠢᠷᠭ᠎ᠠ ᠶᠢᠨ ᠬᠤᠷᠤᠭ᠎ᠠ ᠶᠢᠨ ᠲᠠᠷᠣᠭᠠᠴᠢ ᠶᠢᠨ | ᠲᠡᠭᠡᠳᠦᠰ ᠤᠨ ᠣᠩᠭᠤᠨ ᠤ ᠪᠣᠳᠢ ᠮᠦᠷ ᠤᠨ ᠬᠦᠰᠢᠶᠡᠨ ᠤ ᠪᠢᠴᠢᠭ武略将军济宁路总管府 | 达 鲁花赤先茔神道碑︾᠂ ︽ᠵᠠᠩ ᠣᠪᠣᠭᠳᠣ ᠶᠢᠨ ᠲᠡᠭᠡᠳᠦᠰ ᠤᠨ ᠣᠩᠭᠤᠨ ᠤ | ᠬᠦᠰᠢᠶᠡᠨ ᠤ ᠪᠢᠴᠢᠭ张 氏先茔碑︾ ᠵᠡᠷᠬᠡ ᠪᠢᠴᠢᠭ ᠪᠠᠷᠢᠮᠳᠠ ᠲᠣᠳᠣᠷᠠᠬᠢ ᠨᠠᠴᠢᠨ᠂ ᠣᠷᠣᠴᠠᠨ ᠨᠠᠷ | ᠤᠨ ᠲᠣᠬᠠᠢ ᠡᠨᠡ ᠬᠡᠰᠡᠭ ᠪᠢᠴᠢᠭ ᠲᠡᠮᠳᠡᠭᠯᠡᠯ ᠤᠳ ᠢ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ | ᠠᠴᠢᠯᠠᠯ ᠤᠨ ᠭᠡᠷᠡᠯᠳᠦ ᠬᠦᠰᠢᠶᠡᠨ ᠤ ᠪᠢᠴᠢᠭ相哥八剌鲁王元勋世德碑︾ ᠬᠡᠮᠡᠬᠦ | ᠪᠢᠴᠢᠭ ᠯᠦᠭᠡ ᠬᠠᠷᠢᠯᠴᠢᠨ ᠬᠠᠷᠭᠤᠯᠵᠣ ᠦᠵᠡᠪᠡᠰᠦ ︽ᠵᠢᠨᠢᠩ ᠬᠤᠷᠤᠭ᠎ᠠ ᠶᠢ ᠴᠦᠯᠬᠡ ᠪᠣᠯᠭᠠᠨ ᠲᠡᠪᠰᠢᠭᠦᠯᠦᠭᠰᠡᠨ︾ | ᠵᠡᠷᠬᠡ ᠦᠢᠯᠡ ᠶᠠᠪᠣᠳᠠᠯ ᠪᠣᠯᠪᠠᠰᠣ ᠨᠠᠴᠢᠨ ᠪᠣᠶᠣ ᠤᠷᠤᠴᠠᠨ ᠨᠠᠷ ᠤᠨ ᠰᠡᠳᠦᠭᠰᠡᠨ ᠶᠠᠪᠣᠳᠠᠯ ᠪᠣᠯᠬᠤ ᠠᠨᠦ ᠦᠵᠡᠳᠡᠯ᠎ᠡ | ᠢᠯᠡᠷᠬᠡᠢ ᠪᠦᠭᠡᠳ ᠲᠡᠮᠦᠷ ᠬᠡᠮᠡᠭᠴᠢ ᠡᠨᠡ ᠦᠶ᠎ᠡ ᠳᠤᠷ ᠴᠡᠷᠢᠭ ᠢ ᠲᠠᠭᠠᠨ ᠵᠢᠨᠢᠩ ᠳᠤᠷ ᠬᠦᠷᠦᠭᠰᠡᠨ ᠢᠨᠦ ᠲᠣᠳᠣᠷᠬᠠᠢ | ᠪᠣᠯᠵᠣᠬᠤᠢ᠃ ︽ᠰᠢᠶᠠᠨ ᠶᠢᠩ先茔︾ ᠭᠡᠳᠡᠭ ᠪᠤᠯ ᠲᠡᠭᠡᠳᠦᠰ ᠤᠨ ᠬᠢᠨᠢ ᠤᠩᠭᠤᠨ ᠭᠡᠰᠡᠨ ᠦᠭᠡ ᠶᠤᠮ᠃ | | ᠡᠬᠦᠨ ᠢ ᠨᠣᠳᠠᠯᠠᠬᠤ ᠬᠡᠷᠡᠴᠢ ᠬᠡᠮᠡᠪᠡᠰᠦ᠄ ︽ᠶᠣᠸᠠᠨ ᠣᠯᠣᠰ ᠤᠨ ᠰᠣᠳᠣᠷ᠂ ᠰᠣᠷᠪᠣᠯᠵᠢ ᠣᠷᠢᠳᠣᠰ ᠤᠨ | ᠴᠠᠳᠢᠭ︾ ᠤᠨ ᠲᠡᠮᠳᠡᠭᠯᠡᠯ ᠢ ᠦᠨᠳᠦᠰᠦᠯᠡᠪᠡᠰᠦ᠄ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ ᠶᠢᠨ | ᠬᠤᠷᠢᠨ ᠬᠤᠶᠠᠳᠣᠭᠠᠷ ᠣᠨ ︵1285 ᠣᠨ︶ ᠳᠤᠷ ᠶᠣᠸᠠᠨ ᠣᠯᠣᠰ ᠤᠨ ᠰᠣᠷᠪᠣᠯᠵᠢ ᠣᠷᠢᠳᠣᠰ ᠬᠤᠪᠢᠯᠠᠢ | ᠰᠡᠴᠡᠨ ᠬᠠᠭᠠᠨ ᠪᠠᠷ ᠲᠡᠭᠡᠳᠦ ᠨᠡᠶᠢᠰᠯᠡᠯ ᠳᠤᠷ ᠪᠠᠶᠢᠴᠠᠭᠠᠷᠠ ᠮᠣᠷᠢᠯᠠᠭᠠᠳ ᠠᠪᠠ ᠲᠠᠯᠪᠢᠨ ᠢᠩᠴᠠᠩ ᠳᠤᠷ ᠬᠦᠷᠬᠦᠶ᠎ᠡ | ᠲᠡᠮᠦᠷ ᠬᠢᠭᠡᠳ ᠨᠠᠩᠭᠠᠴᠢᠨ ᠪᠠᠬᠢ ᠪᠠᠷ ᠬᠠᠭᠠᠨ ᠯᠤᠭ᠎ᠠ ᠪᠠᠷᠠᠭᠠᠳᠠᠭᠰᠠᠨ ᠪᠠᠶᠢᠯᠤᠭ᠎ᠠ᠃ ᠬᠤᠷᠢᠨ ᠲᠦᠷᠪᠡᠳᠦᠭᠡᠷ ᠣᠨ | ︵1287 ᠣᠨ︶ ᠳᠤᠷ ᠨᠠᠶᠠᠨ ︵乃颜︶ ᠬᠡᠮᠡᠭᠴᠢ ᠯᠠᠤᠬ᠎ᠠ ᠶᠢᠨ ᠵᠡᠭᠦᠨ ︵ᠯᠢᠶᠤᠤᠳᠦ᠋ᠩ辽东︶ ᠳᠤᠷ | ᠣᠷᠪᠠᠯᠭᠠᠨ ᠭᠠᠷᠭᠠᠭᠰᠠᠨ ᠠᠴᠠ ᠬᠤᠪᠢᠯᠠᠢ ᠰᠡᠴᠡᠨ ᠬᠠᠭᠠᠨ ᠪᠡᠶ᠎ᠡ ᠪᠠᠷ ᠲᠠᠶᠢᠯᠠᠬᠤᠢ ᠳᠤᠷ ᠲᠡᠮᠦᠷ ᠬᠡᠮᠡᠭᠴᠢ ᠵᠠᠷᠯᠢᠭ | ᠢᠶᠠᠷ ᠮᠣᠷᠳᠠᠵᠣ ᠦᠭᠡᠳᠡᠭᠰᠢ ᠭᠠᠪᠢᠶ᠎ᠠ ᠪᠠᠶᠢᠭᠤᠯᠵᠠᠢ᠃ ᠮᠦᠨ ᠵᠢᠯ ᠤᠨ ᠠᠷᠪᠠᠨ ᠨᠢᠭᠡᠳᠦᠭᠡᠷ ᠰᠠᠷ᠎ᠠ ᠳᠤ ᠬᠤᠪᠢᠯᠠᠢ | ᠰᠡᠴᠡᠨ ᠬᠠᠭᠠᠨ ᠠᠴᠠ ᠲᠡᠮᠦᠷ ᠢ ᠵᠢᠨᠢᠩ ᠭᠠᠵᠠᠷ ᠤᠨ ᠴᠠᠩᠨᠠᠭᠴᠢ ᠸᠠᠩ ︵济宁郡王︶ ᠬᠡᠮᠡᠨ | ᠡᠷᠭᠦᠮᠵᠢᠯᠡᠪᠡᠢ᠃ ᠬᠤᠷᠢᠨ ᠲᠠᠪᠣᠳᠣᠭᠠᠷ ᠣᠨ ︵1288 ᠣᠨ︶ ᠳᠤᠷ ᠬᠠᠳᠠᠨᠲ᠋ᠤᠯᠭᠠᠨ ︵哈丹秃鲁干 | ︶ ᠬᠡᠮᠡᠭᠴᠢ ᠲᠠᠬᠢᠨ ᠣᠷᠪᠠᠭᠰᠠᠨ ᠳᠤᠷ ᠲᠡᠮᠦᠷ ᠬᠡᠮᠡᠭᠴᠢ ᠬᠤᠪᠢᠯᠠᠢ ᠬᠠᠭᠠᠨ ᠤ ᠣᠮᠪᠣᠯᠣ ᠲᠡᠮᠦᠷ ᠵᠢᠴᠢ ᠬᠢᠶ᠎ᠠ | ᠪᠢᠴᠢᠭᠡᠴᠢ ᠲᠦᠰᠢᠶ᠎ᠡ ᠲᠦᠰᠢᠮᠡᠯ ︵御史大夫︶ ᠦᠰᠢᠲᠡᠮᠦᠷ ︵玉昔帖木儿︶ ᠢ ᠲᠠᠭᠠᠨ | ᠲᠠᠶᠢᠨ ᠳᠤᠷ ᠮᠣᠷᠳᠠᠵᠣ ᠬᠦᠢᠯᠠᠷ ᠭᠤᠣᠯ〖龟剌儿河 ᠣᠳᠣᠬᠢ ᠬᠢᠩᠭᠠᠨ ᠠᠶᠢᠮᠠᠭ ᠤᠨ ᠵᠠᠰᠠᠭᠳᠣ ᠶᠢᠨ | ᠬᠤᠰᠢᠭᠤ᠂ ︵ᠲᠠᠷᠣᠢ ᠬᠤᠷᠴᠢᠨ ᠪᠠᠷᠠᠭᠤᠨ ᠭᠠᠷ ᠤᠨ ᠡᠮᠦᠨᠡᠳᠦ ᠬᠤᠰᠢᠭᠤ︶ ᠶᠢᠨ ᠵᠡᠬᠦᠨ ᠬᠤᠶᠢᠭᠤᠷ᠂ | ᠲᠦᠰᠢᠶᠡᠲᠦ ᠶᠢᠨ ᠬᠤᠰᠢᠭᠤ ᠶᠢᠨ ᠵᠡᠭᠦᠨ ᠪᠡᠶ᠎ᠡ ᠪᠠᠷ ᠣᠷᠣᠰᠴᠣ ᠪᠦᠬᠦᠢ ᠭᠤᠣᠯ — ᠣᠷᠴᠢᠭᠤᠯᠣᠨ | ᠲᠠᠶᠢᠯᠪᠣᠷᠢᠯᠠᠭᠴᠢ ᠠᠴᠠ〗 ᠳᠤᠷ ᠬᠦᠷᠦᠭᠡᠳ ᠬᠠᠳᠠᠨᠲ᠋ᠣᠯᠭᠠᠨ ᠤ ᠴᠡᠷᠢᠭ ᠯᠦᠭᠡ ᠬᠠᠷᠭᠤᠵᠣ ᠲᠣᠯᠣᠯᠳᠣᠨ | ᠪᠠᠶᠢᠯᠳᠣᠭᠠᠳ ᠨᠦᠮᠦᠷᠬᠡ ᠶᠢᠨ ᠭᠤᠣᠯ〖恼木连河᠂ ᠣᠳᠣᠬᠢ ᠬᠢᠩᠭᠠᠨ ᠠᠶᠢᠮᠠᠭ ᠤᠨ ᠷᠠᠰᠢᠶᠠᠨ ᠬᠤᠳᠠ | ᠶᠢᠨ ᠵᠡᠭᠦᠨ ᠬᠤᠶᠢᠨ᠎ᠠ ᠳᠤᠷ ᠪᠣᠢ᠂ ᠡᠪᠦᠯ ᠬᠦᠯᠳᠡᠬᠦ ᠦᠭᠡᠢ ᠣᠷᠭᠢᠯᠣᠮᠠᠯ ᠪᠣᠯᠠᠭ ᠢ ᠬᠠᠷᠵᠠ ᠪᠣᠯᠠᠭ ᠬᠡᠵᠦ᠂ ᠤᠯᠠᠨ | ᠠᠷᠪᠠᠨ ᠬᠠᠷᠵᠠ ᠪᠣᠯᠠᠭ ᠣᠨᠳᠣᠷᠠᠳᠠᠭ ᠭᠠᠵᠠᠷ ᠢ ᠨᠦᠮᠦᠷᠭᠡ ᠬᠡᠮᠡᠮᠣᠢ — ᠣᠷᠴᠢᠭᠤᠯᠣᠨ ᠲᠠᠶᠢᠯᠪᠣᠷᠢᠯᠠᠭᠴᠢ | ᠠᠴᠠ〗 ᠬᠦᠷᠦᠭᠡᠳ ᠣᠷᠪᠠᠭᠰᠠᠨ ᠴᠡᠷᠢᠭ ᠢ ᠪᠦᠬᠦᠨ ᠢ ᠣᠰᠠᠳᠬᠠᠪᠠᠢ᠃ ᠡᠶᠢᠨᠬᠦ ᠰᠣᠷᠪᠣᠯᠵᠢ ᠣᠷᠢᠳᠣᠰ ᠬᠤᠪᠢᠯᠠᠢ | ᠰᠡᠴᠡᠨ ᠬᠠᠭᠠᠨ ᠪᠠᠷ ᠲᠡᠮᠦᠷ ᠲᠤᠷ ᠠᠯᠳᠠᠷᠳᠣ ᠨᠣᠶᠠᠨ ︵按答兒秃那颜︶ ᠬᠡᠮᠡᠭᠰᠡᠨ ᠴᠣᠯᠠ ᠶᠢ | ᠰᠣᠶᠣᠷᠬᠠᠵᠣ ᠭᠠᠪᠢᠶ᠎ᠠ ᠶᠢ ᠠᠨᠦ ᠢᠯᠡᠷᠬᠡᠶᠢᠯᠡᠪᠡᠢ᠃ | ︽ᠶᠣᠸᠠᠨ ᠣᠯᠣᠰ ᠤᠨ ᠰᠣᠳᠣᠷ᠂᠂ ᠲᠡᠮᠦᠷ ᠤᠨ ᠱᠠᠰᠳᠢᠷ︾ ᠲᠤᠷ᠄ ︽ᠲᠡᠮᠦᠷ ᠬᠡᠮᠡᠭᠴᠢ ᠨᠠᠩᠭᠠᠴᠢᠨ | ᠪᠠᠬᠢ ᠯᠦᠭᠡ ᠭᠡᠷᠯᠡᠪᠡᠢ᠂ ᠬᠤᠶᠠᠷ ᠬᠦᠪᠡᠭᠦᠨ ᠲᠠᠢ ᠪᠣᠶᠣ᠂ ᠶᠡᠭᠡ ᠶᠢ ᠠᠨᠦ ᠳ᠋ᠢᠶᠠᠪᠠᠯᠠ ︵琱阿不剌︶ | ᠬᠡᠮᠡᠵᠦ᠂ ᠬᠤᠶᠠᠳᠣᠭᠠᠷ ᠢ ᠠᠨᠦ ᠰᠠᠩᠭᠠᠪᠠᠯᠠ ︵桑哥不剌︶ ᠬᠡᠮᠡᠮᠦᠢ᠃ ᠣᠨᠣᠯᠳᠣ ᠲᠡᠷᠢᠭᠦᠨ ︵ᠵᠾᠢ | ᠶᠤᠸᠠᠨ至 元︶ ᠬᠡᠮᠡᠬᠦᠢ ᠶᠢᠨ ᠬᠤᠷᠢᠨ ᠲᠣᠯᠣᠳᠣᠭᠠᠷ ᠣᠨ ︵1290 ᠣᠨ︶ ᠳᠤᠷ ᠲᠡᠮᠦᠷ ᠨᠦᠭᠴᠢᠪᠡᠢ᠂ | ᠲᠡᠮᠦᠷ ᠤᠨ ᠲᠡᠭᠦᠦ ᠮᠠᠨᠽᠠᠳᠠᠢ ᠬᠡᠮᠡᠭᠴᠢ ᠲᠦᠮᠡᠳᠦ ᠶᠢᠨ ᠨᠣᠶᠠᠨ ᠢ ᠵᠠᠯᠭᠠᠮᠵᠢᠯᠠᠪᠠᠢ︾ ᠬᠡᠮᠡᠵᠦᠬᠦᠢ᠃ | | ᠲᠡᠮᠦᠷ ᠤᠨ ᠬᠦᠪᠡᠬᠦᠨ ᠳ᠋ᠢᠶᠠᠪᠠᠯᠠ ᠬᠡᠮᠡᠭᠴᠢ ᠨᠠᠩᠭᠠᠴᠢᠨ ᠪᠠᠬᠢ ᠠᠴᠠ ᠮᠡᠨᠳᠦᠯᠡᠭᠰᠡᠨ ᠢᠨᠦ ᠪᠣᠶᠣ᠂ ᠶᠡᠭᠡ | ᠡᠷᠳᠡᠮᠳᠦ ︵ᠳ᠋ᠠ ᠳ᠋ᠧ大德︶ ᠬᠡᠮᠡᠬᠦᠢ ᠶᠢᠨ ᠠᠷᠪᠠᠨ ᠨᠢᠭᠡᠳᠦᠭᠡᠷ ᠣᠨ ︵1307 ᠣᠨ︶ ᠳᠤᠷ ᠲᠦᠮᠡᠳᠦ | ᠶᠢᠨ ᠨᠣᠶᠠᠨ ᠢ ᠵᠠᠯᠭᠠᠮᠵᠢᠯᠠᠵᠣ᠂ ᠯᠣ᠋ ᠸᠠᠩ ᠡᠷᠬᠦᠮᠵᠢᠯᠡᠭᠳᠡᠪᠡᠢ᠃ ᠴᠣᠭᠳᠣ ᠲᠡᠭᠡᠳᠦᠰ ︵武宗︶ ᠬᠠᠶᠢᠰᠠᠩ | ᠬᠠᠭᠠᠨ ᠪᠠᠷ ᠸᠠᠩ ᠤᠨ ᠬᠡᠷᠬᠡᠮ ᠢ ᠲᠣᠷ᠎ᠠ ᠪᠠᠷ ᠡᠷᠬᠦᠮᠵᠢᠯᠡᠭᠰᠡᠨ ᠠᠴᠠ ᠰᠢᠯᠣᠭᠤᠨ ᠬᠡᠷᠴᠢᠯᠡᠭᠡᠰᠦᠳᠣ ᠠᠷᠢᠶᠠᠳᠠᠨ ᠤ | ᠪᠠᠷᠢᠭᠤᠯᠳᠣ ᠠᠯᠳᠠᠨ ᠲᠠᠮᠠᠭ᠎ᠠ ︵一字兽钮金印︶ ᠪᠦᠬᠦᠢ ᠨᠢᠭᠡᠳᠦᠭᠡᠷ ᠸᠠᠩ ᠠᠨᠦ ᠳ᠋ᠢᠶᠠᠪᠠᠯᠠ ᠠᠴᠠ | ᠡᠬᠢᠯᠡᠭᠰᠡᠨ ᠪᠣᠶᠣ᠃ ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠠᠩᠬᠠᠳᠣᠭᠠᠷ ᠣᠨ ︵1308 ᠣᠨ︶ | ᠳᠤᠷ ᠴᠣᠭᠳᠣ ᠲᠡᠭᠡᠳᠦᠰ ᠬᠠᠶᠢᠰᠠᠩ ᠬᠠᠭᠠᠨ ᠠᠴᠠ ᠶᠦᠩᠫᠢᠩ ᠴᠦᠯᠬᠡ ︵永平路︶ ᠶᠢᠨ ᠲᠦᠷᠭᠡᠨ ᠭᠤᠤᠯ | ᠪᠠᠯᠭᠠᠳ ︵ᠯᠤᠸᠠᠨᠵᠸᠦ滦州︶᠂ ᠯᠦᠯᠦ᠋ᠩ ︵卢龙︶᠂ ᠴᠢᠶᠠᠨ ᠠᠨ ︵迁安︶᠂ ᠹᠦᠨᠢᠩ ︵抚宁 | ︶᠂ ᠴᠠᠩᠯᠢ ︵昌黎︶᠂ ᠴᠢᠯᠠᠭᠤᠨ ᠬᠤᠳᠠ ︵石城︶᠂ ᠯᠧ ᠲᠢᠩ ︵乐亭︶ ᠵᠡᠷᠭᠡ ᠵᠢᠷᠭᠤᠭᠠᠨ | ᠰᠢᠶᠠᠨ〖ᠡᠳᠡᠭᠡᠷ ᠭᠠᠵᠠᠷ ᠠᠨᠦ ᠴᠦᠮ ᠣᠳᠣᠬᠢ ᠾᠧᠪᠸᠢ ᠮᠣᠵᠢ ᠶᠢᠨ ᠵᠡᠭᠦᠨ ᠬᠡᠰᠡᠭ᠂ ᠲᠣᠬᠠᠶᠢᠯᠠᠪᠠᠯ ᠬᠡᠰᠢᠭᠳᠡᠨ ᠤ | ᠡᠮᠦᠨᠡᠬᠦᠷ᠂ ᠣᠯᠠᠭᠠᠨᠬᠠᠳᠠ ᠶᠢᠨ ᠪᠠᠷᠠᠭᠤᠨ ᠡᠮᠦᠨ᠎ᠡ ᠪᠠ ᠵᠡᠭᠦᠨ ᠡᠮᠦᠨᠡᠬᠢ ᠪᠦᠰᠡ ᠨᠣᠳᠤᠭ ᠪᠣᠯᠣᠨ᠎ᠠ — | ᠣᠷᠴᠢᠭᠤᠯᠣᠨ ᠲᠠᠶᠢᠯᠪᠣᠷᠢᠯᠠᠭᠴᠢ ᠠᠴᠠ〗 ᠢ ᠨᠠᠩᠭᠠᠴᠢᠨ ᠪᠠᠬᠢ ᠬᠢᠭᠡᠳ ᠲᠡᠭᠦᠨ ᠤ ᠬᠦᠷᠭᠡᠨ ᠲᠡᠮᠦᠷ ᠲᠤ ᠬᠠᠩᠭᠠᠯᠭ᠎ᠠ | ᠲᠡᠵᠢᠭᠡᠯ ᠤᠨ ᠣᠷᠣᠨ ᠪᠣᠯᠭᠠᠨ ᠰᠣᠶᠣᠷᠬᠠᠪᠠᠢ᠃ ᠲᠠᠷᠠᠭ᠎ᠠ ᠵᠢᠯ ᠳᠤᠨᠢ ᠫᠢᠩᠵᠢᠶᠠᠩ ᠭᠠᠵᠠᠷ〖︵平江︶ ᠣᠳᠣᠬᠢ | ᠬᠤᠨᠠᠨ ᠮᠣᠵᠢ ᠶᠢᠨ ᠶᠦᠸᠧ ᠶᠠᠩ ᠬᠤᠳᠠ —— ᠣᠷᠴᠢᠭᠤᠯᠣᠨ ᠲᠠᠶᠢᠯᠪᠣᠷᠢᠯᠠᠭᠴᠢ ᠠᠴᠠ 〗 ᠤᠨ ᠮᠢᠩᠭ᠎ᠠ | ᠲᠠᠪᠣᠨ ᠵᠠᠭᠤᠨ ᠴᠢᠩ〖ᠨᠢᠭᠡ ᠴᠢᠩ ᠪᠣᠯᠪᠠᠰᠣ ᠵᠠᠭᠤᠨ ᠮᠣ᠋ ᠪᠣᠯᠠᠢ — ᠣᠷᠴᠢᠭᠤᠯᠣᠨ ᠲᠠᠶᠢᠯᠪᠣᠷᠢᠯᠠᠭᠴᠢ | ᠠᠴᠠ〗ᠲᠣᠳᠣᠷᠭ᠎ᠠ ᠶᠢᠨ ᠲᠠᠷᠢᠶ᠎ᠠ ᠶᠢ ᠬᠦᠷᠳᠡᠭᠡᠯ ᠪᠣᠯᠭᠠᠨ ᠰᠣᠶᠣᠷᠬᠠᠪᠠᠢ᠃ ᠯᠣ᠋ ᠸᠠᠩ ᠳ᠋ᠢᠶᠠᠪᠠᠯᠠ ᠬᠡᠮᠡᠭᠴᠢ | ᠲᠠᠷᠮᠠᠪᠠᠯᠠ ᠶᠢᠨ ᠦᠬᠢᠨ᠂ ᠬᠠᠶᠢᠰᠠᠩ ᠬᠠᠭᠠᠨ ᠤ ᠦᠬᠢᠨ ᠲᠡᠭᠦᠦ ᠰᠠᠩᠭᠠᠷᠠᠭ ᠪᠠᠬᠢ ᠯᠦᠭᠡ ᠭᠡᠷᠯᠡᠪᠡᠢ᠃ ᠣᠨᠣᠯᠳᠣ | ᠶᠡᠭᠡ ︵ᠵᠾᠢ ᠳ᠋ᠠ至大︶ ᠬᠡᠮᠡᠬᠦ ᠶᠢᠨ ᠭᠤᠷᠪᠠᠳᠤᠭᠠᠷ ᠣᠨ ︵1310 ᠣᠨ︶ ᠳᠤᠷ ᠳ᠋ᠢᠶᠠᠪᠠᠯᠠ ᠨᠦᠭᠴᠢᠪᠡᠢ᠃ | | ᠲᠡᠮᠦᠷ ᠤᠨ ᠬᠤᠶᠠᠳᠣᠭᠠᠷ ᠬᠦᠪᠡᠭᠦᠨ ᠶᠦᠨ ᠠᠨ ᠸᠠᠩ ︵郓安王᠂ ᠣᠳᠣᠬᠢ ᠱᠠᠨᠳᠦᠩ ᠮᠣᠵᠢ | ᠶᠢᠨ ᠶᠦᠨ ᠴᠧᠩ ᠬᠤᠳᠠ郓城市︶᠂ ᠯᠣ᠋ ᠸᠠᠩ ᠰᠠᠩᠭᠠᠪᠠᠯᠠ ︵相哥八剌︶ ᠬᠡᠮᠡᠭᠴᠢ ᠠᠩᠬ᠎ᠠ | ᠲᠣᠰᠢᠶᠠᠯ ᠵᠠᠯᠭᠠᠮᠵᠢᠯᠠᠵᠣ ᠲᠣᠰ ᠬᠠᠷᠢᠶᠠᠳᠣ ᠠᠶᠢᠮᠠᠭ ᠤᠨ ᠢᠶᠠᠨ ᠲᠦᠷᠪᠡᠨ ᠵᠠᠭᠤᠨ ᠡᠷᠦᠬᠡ ᠶᠢ ᠨᠡᠶᠢᠳᠡᠯᠡᠨ ᠵᠠᠬᠢᠷᠴᠣ | ᠠᠪᠠᠢ᠃ ᠪᠦᠲᠦᠭᠡᠭᠴᠢ ᠲᠡᠭᠡᠳᠦᠰ ᠲᠡᠮᠦᠷ ᠬᠠᠭᠠᠨ ᠤ ᠦᠶ᠎ᠡ ᠳᠤᠷ ᠵᠠᠷᠯᠢᠭ ᠢᠶᠠᠷ ᠲᠡᠮᠦᠷ ᠬᠠᠭᠠᠨ ᠤ ᠦᠬᠢᠨ ᠫᠦᠨᠠ | ᠪᠠᠬᠢ ︵普纳 公主︶ ᠯᠦᠭᠡ ᠭᠡᠷᠯᠡᠪᠡᠢ᠃ ᠲᠣᠭᠤᠨᠳᠠᠮᠦᠷ ᠬᠠᠭᠠᠨ ᠤ ᠣᠨᠣᠯᠳᠣ ᠡᠶᠡᠪᠡᠷᠬᠦ ︵ᠵᠾᠢ ᠱᠦᠨ至 | 顺︶ ᠬᠡᠮᠡᠬᠦᠢ ᠶᠢᠨ ᠣᠨ ᠨᠤᠭᠤᠳ ︵1330 —— 1333 ᠣᠨ︶ ᠲᠤᠷ ᠮᠢᠩᠭᠠᠳᠣ ᠶᠢᠨ ᠨᠣᠶᠠᠨ ︵千 | 户︶ ᠡᠷᠭᠦᠮᠵᠢᠯᠡᠭᠳᠡᠪᠡᠢ᠃ ᠡᠰᠢ ᠶᠣᠰᠣᠳᠣ ︵ᠶᠣᠸᠠᠨ ᠲᠦᠩ元统︶ ᠬᠡᠮᠡᠬᠦᠢ ᠶᠢᠨ ᠠᠩᠬᠠᠳᠣᠭᠠᠷ ᠣᠨ ︵ | 1333 ᠣᠨ︶ ᠳᠤᠷ ᠲᠦᠮᠡᠳᠦ ᠶᠢᠨ ᠨᠣᠶᠠᠨ ᠡᠷᠬᠦᠮᠵᠢᠯᠡᠭᠳᠡᠪᠡᠢ᠃ ︽ᠶᠣᠸᠠᠨ ᠣᠯᠣᠰ ᠤᠨ ᠰᠣᠳᠣᠷ᠂ | ᠰᠠᠩᠭᠠᠪᠠᠯᠠ ᠶᠢᠨ ᠱᠠᠰᠳᠢᠷ︾ ᠲᠤᠷ ᠲᠡᠮᠳᠡᠭᠯᠡᠭᠰᠡᠨ ᠢᠨᠦ᠄ ᠲᠡᠷᠡ ᠪᠠᠷ᠂ ︽ᠬᠠᠷᠠᠬᠠᠨ ᠪᠠᠭ᠎ᠠ ᠠᠴᠠ ᠪᠠᠨ ᠰᠣᠷᠪᠣᠯᠵᠢ | ᠣᠷᠢᠳᠣᠰ ᠬᠤᠪᠢᠯᠠᠢ ᠰᠡᠴᠡᠨ ᠬᠠᠭᠠᠨ ᠤ ᠵᠠᠷᠯᠢᠭ ᠢ ᠬᠦᠯᠢᠶᠡᠨ᠂ ᠣᠭᠴᠢᠨ ᠪᠠᠬᠢ ︵斡可真公主︶ | ᠳᠤᠷ ᠠᠰᠠᠷᠠᠭᠳᠠᠪᠠᠢ᠂ ᠲᠠᠷᠣᠢ ᠪᠣᠷᠵᠢᠭᠠᠷ ᠬᠦᠷᠬᠡᠨ ︵不只儿驸马︶ ᠬᠡᠮᠡᠭᠴᠢ ᠮᠦᠨ ᠪᠦᠯᠦᠭᠡ︾ | ᠬᠡᠮᠡᠵᠦᠬᠦᠢ᠃ ᠠᠳᠡ ᠦᠭᠦᠯᠡᠨ ᠪᠦᠬᠦᠢ ᠪᠣᠷᠵᠢᠭᠠᠷ ᠬᠡᠮᠡᠭᠴᠢ ᠦᠭᠡᠷ᠎ᠡ ᠬᠦᠮᠦᠨ ᠤ ᠨᠡᠷ᠎ᠡ ᠪᠣᠰᠣ᠂ ᠰᠠᠩᠭᠠᠪᠠᠯᠠ ᠶᠢᠨ | ᠨᠢᠯᠬ᠎ᠠ ᠪᠠᠯᠴᠢᠷ ᠦᠶ᠎ᠡ ᠶᠢᠨ ᠬᠢᠨᠢ ᠡᠩᠬᠦᠷᠡᠶᠢᠯᠡᠭᠰᠡᠨ ᠨᠡᠷ᠎ᠡ ᠪᠣᠯᠬᠤᠢ ᠳᠤᠷ ᠬᠦᠷᠪᠡᠰᠦ ᠡᠨᠡ ᠲᠡᠮᠳᠡᠭᠯᠡᠯ ᠭᠠᠷᠴᠠᠭ᠎ᠠ | ᠦᠭᠡᠢ ᠵᠦᠪ ᠪᠣᠯᠬᠤ ᠠᠨᠦ ᠵᠦᠢ᠃ ᠬᠡᠳᠡᠯ᠎ᠡ ᠡᠨᠡ ᠨᠢ ᠤᠭᠴᠢᠨ ᠪᠠᠬᠢ ᠯᠤᠭ᠎ᠠ ᠭᠡᠷᠯᠡᠭᠰᠡᠨ ᠳ᠋ᠢᠢ ᠰᠡᠴᠡᠨ ᠤ | ᠬᠦᠪᠡᠬᠦᠨ ᠠᠬᠤᠳᠠᠢ ︵火忽︶ ᠶᠢᠨ ᠣᠮᠪᠣᠯᠣ ᠪᠣᠷᠵᠢᠭᠠᠷ ᠢ ᠵᠢᠭᠠᠭᠰᠠᠨ ᠪᠣᠯᠬᠤ ᠳᠤ ᠬᠦᠷᠪᠡᠰᠦ ᠲᠠᠰᠣ | ᠪᠣᠷᠣᠭᠤᠳᠠᠭᠰᠠᠨ ᠠᠨᠦ ᠶᠠᠷᠢᠶᠠᠨ ᠦᠭᠡᠢ᠃ | ︵16︶ ᠨᠠᠩᠭᠠᠴᠢᠨ ᠪᠠᠬᠢ【 ᠭᠦᠩᠵᠦ】囊加真公主—— ᠶᠣᠸᠠᠨ ᠣᠯᠣᠰ ᠤᠨ | ᠪᠠᠬᠢ᠂ ᠬᠤᠪᠢᠯᠠᠢ ᠰᠡᠴᠡᠨ ᠬᠠᠭᠠᠨ ᠤ ᠴᠠᠮᠪᠢ ᠬᠠᠳᠣᠨ ᠠᠴᠠ ᠮᠡᠨᠳᠦᠯᠡᠭᠰᠡᠨ ᠭᠤᠷᠪᠠᠳᠣᠭᠠᠷ ᠦᠬᠢᠨ᠂ ᠬᠤᠩᠭᠢᠷᠠᠳ | ᠠᠶᠢᠮᠠᠭ ᠤᠨ ᠲᠦᠮᠡᠳᠦ ᠶᠢᠨ ᠨᠣᠶᠠᠨ ᠣᠷᠣᠴᠠᠨ ︵斡罗陈︶ ᠳᠤᠷ ᠮᠣᠷᠳᠠᠪᠠᠢ᠃ ᠣᠨᠣᠯᠳᠣ ᠲᠡᠷᠢᠭᠦᠨ ︵ | ᠵᠾᠢ ᠶᠤᠸᠠᠨ至元︶ ᠬᠡᠮᠡᠬᠦᠢ ᠶᠢᠨ ᠲᠣᠯᠣᠳᠣᠭᠠᠷ ᠣᠨ ︵1270 ᠣᠨ︶ ᠳᠤᠷ ᠨᠠᠩᠭᠠᠴᠢᠨ ᠪᠠᠬᠢ ᠪᠠᠷ ᠲᠡᠭᠦᠨ | ᠤ ᠬᠦᠷᠭᠡᠨ ᠣᠷᠣᠴᠠᠨ ᠯᠦᠭᠡ ᠪᠠᠨ ᠲᠦᠷᠦ ᠳᠤᠷ ᠠᠶᠢᠯᠠᠳᠬᠠᠯ ᠲᠡᠪᠰᠢᠭᠦᠯᠵᠦ ᠲᠡᠭᠡᠳᠦ ᠨᠡᠶᠢᠰᠯᠡᠯ ᠠᠴᠠ ᠵᠡᠬᠦᠨ | ᠬᠤᠶᠢᠰᠢ ᠭᠤᠷᠪᠠᠨ ᠵᠠᠭᠤᠨ ᠭᠠᠵᠠᠷ ᠲᠤᠷ ᠠᠬᠤ ᠲᠠᠯᠣᠨᠠᠭᠤᠷ ᠤᠨ ᠬᠤᠪᠢ ᠳᠠᠬᠢ ᠵᠣᠰᠠᠯᠠᠩ ᠤᠨ ᠭᠠᠵᠠᠷ ᠲᠤᠷ ᠢᠶᠠᠨ | ᠬᠤᠳᠠ ᠬᠦᠷᠢᠶ᠎ᠡ ᠴᠣᠭᠴᠠᠯᠠᠵᠣ ᠨᠣᠳᠣᠭᠰᠢᠰᠣᠭᠠᠢ ᠬᠡᠮᠡᠭᠰᠡᠨ᠎ᠡ ᠭᠤᠶᠣᠴᠢᠯᠠᠭᠰᠠᠨ ᠶᠣᠰᠣᠭᠠᠷ ᠵᠦᠪᠰᠢᠶᠡᠷᠡᠵᠦ ᠨᠡᠷ᠎ᠡ ᠶᠢ | ᠢᠨᠦ ᠢᠩᠴᠠᠩ ᠬᠤᠷᠤᠭ᠎ᠠ ︵应昌府︶ ᠬᠡᠮᠡᠨ ᠲᠣᠭᠳᠠᠭᠠᠵᠣᠬᠤᠢ᠃ ᠣᠷᠣᠴᠠᠨ ᠨᠦᠭᠴᠢᠭᠰᠡᠨ᠎ᠡ ᠲᠡᠭᠦᠨ ᠤ | ᠲᠡᠭᠦᠦ ᠲᠡᠮᠦᠷ ᠬᠡᠮᠡᠭᠴᠢ ︵1281 ᠣᠨ︶ ᠳᠤᠷ ᠲᠦᠮᠡᠳᠦ ᠶᠢᠨ ᠨᠣᠶᠠᠨ ᠢ ᠵᠠᠯᠭᠠᠮᠵᠢᠯᠠᠭᠰᠠᠨᠠ ᠨᠠᠩᠭᠠᠴᠢᠨ ᠪᠠᠬᠢ | ᠪᠠᠷ ᠲᠡᠮᠦᠷ ᠲᠤᠷ ᠮᠣᠷᠳᠠᠪᠠᠢ᠃ ᠣᠨᠣᠯᠳᠣ ᠲᠡᠷᠢᠭᠦᠨ ᠬᠡᠮᠡᠬᠦᠢ ᠶᠢᠨ ᠬᠤᠷᠢᠨ ᠬᠤᠶᠠᠳᠣᠭᠠᠷ ᠣᠨ ︵1285 ᠣᠨ︶ | ᠳᠤᠷ ᠢᠩᠴᠠᠩ ᠬᠤᠷᠤᠭ᠎ᠠ ᠶᠢ ᠢᠩᠴᠠᠩ ᠴᠦᠯᠬᠡ ᠪᠣᠯᠭᠠᠨ ᠲᠡᠪᠰᠢᠭᠦᠯᠪᠡᠢ᠃ ᠣᠨᠣᠯᠳᠣ ᠲᠡᠷᠢᠭᠦᠨ ᠬᠡᠮᠡᠬᠦᠢ ᠶᠢᠨ | ᠬᠤᠷᠢᠨ ᠲᠣᠯᠣᠳᠣᠭᠠᠷ ᠣᠨ ︵1290 ᠣᠨ︶ ᠳᠤᠷ ᠲᠡᠮᠦᠷ ︵帖木儿︶ ᠤᠨ ᠲᠡᠭᠦᠦ ᠮᠠᠨᠽᠠᠳᠠᠢ ︵蛮子 | 台︶ ᠬᠡᠮᠡᠭᠴᠢ ᠲᠦᠮᠡᠳᠦ ᠶᠢᠨ ᠨᠣᠶᠠᠨ ︵万 户︶ ᠢ ᠵᠠᠯᠭᠠᠮᠵᠢᠯᠠᠭᠰᠠᠨ ᠳᠤᠷ ᠨᠠᠩᠭᠠᠴᠢᠨ ᠪᠠᠬᠢ ︵囊加真 | 公主︶ ᠪᠠᠷ ᠮᠦᠨ ᠬᠦ ᠮᠠᠨᠽᠠᠳᠠᠢ ᠳᠤᠷ ᠮᠣᠷᠳᠠᠯᠤᠭᠠ᠃ ᠢᠵᠠᠭᠤᠷ ᠪᠠᠳᠣ ︵ᠶᠣᠸᠠᠨ ᠵᠧᠨ元贞︶ ᠬᠡᠮᠡᠬᠦᠢ | ᠶᠢᠨ ᠠᠩᠬᠠᠳᠣᠭᠠᠷ ᠣᠨ ︵1295 ᠣᠨ︶ ᠳᠤᠷ ᠶᠣᠸᠠᠨ ᠣᠯᠣᠰ ᠤᠨ ᠪᠦᠳᠦᠭᠡᠭᠴᠢ ᠲᠡᠭᠡᠳᠦᠰ ᠲᠡᠮᠦᠷ ᠬᠠᠭᠠᠨ | ᠪᠠᠷ ᠬᠠᠭᠠᠨ ᠤ ᠠᠪᠠᠭ᠎ᠠ ᠡᠭᠡᠴᠢ ᠨᠠᠩᠭᠠᠴᠢᠨ ᠪᠠᠬᠢ ᠶᠢ ᠯᠣ᠋ ᠭᠠᠵᠠᠷ ᠤᠨ ᠶᠡᠭᠡ ᠡᠬᠡᠴᠢᠮᠡᠳ ᠪᠠᠬᠢ ᠬᠡᠮᠡᠨ | ᠡᠷᠬᠦᠮᠵᠢᠯᠡᠵᠦ᠂ ᠲᠡᠬᠦᠨ ᠤ ᠬᠦᠷᠭᠡᠨ ᠮᠠᠨᠽᠠᠳᠠᠢ ︵蛮子台︶ ᠬᠡᠮᠡᠭᠴᠢ ᠶᠢ ᠵᠢᠨᠢᠩ ᠸᠠᠩ ︵济宁王︶ | ᠡᠷᠭᠦᠮᠵᠢᠯᠡᠬᠦ ᠶᠢᠨ ᠬᠠᠮᠳᠣ ᠠᠯᠳᠠᠨ ᠲᠠᠮᠠᠭ᠎ᠠ ᠰᠣᠶᠣᠷᠬᠠᠪᠠᠢ᠃ ᠨᠠᠩᠭᠠᠴᠢᠨ ᠪᠠᠬᠢ ᠬᠢᠭᠡᠳ ᠮᠠᠨᠽᠠᠳᠠᠢ ᠪᠠᠷ ᠲᠡᠮᠦᠷ | ᠬᠠᠭᠠᠨ ᠳᠤ ᠠᠶᠢᠯᠠᠳᠬᠠᠯ ᠲᠡᠪᠰᠢᠭᠦᠯᠵᠦ ᠢᠩᠴᠠᠩ ᠴᠦᠯᠬᠡ ᠠᠴᠠ ᠵᠡᠭᠦᠨᠰᠢ ᠲᠣᠯᠣᠭᠠᠨ ᠵᠠᠭᠤᠨ ᠭᠠᠵᠠᠷ ᠲᠠᠬᠢ | ᠡᠪᠦᠯᠵᠢᠶᠡᠨ ᠤ ᠣᠷᠣᠨ ᠳᠠᠭᠠᠨ ᠬᠤᠳᠠ ᠬᠦᠷᠢᠶ᠎ᠡ ᠴᠣᠭᠴᠠᠯᠠᠰᠣᠭᠠᠢ ᠬᠡᠮᠡᠨ ᠭᠤᠶᠣᠴᠢᠯᠠᠭᠰᠡᠨ ᠢ ᠶᠣᠰᠣᠴᠢᠯᠠᠨ | ᠵᠦᠪᠰᠢᠶᠡᠷᠡᠬᠦ ᠶᠢᠨ ᠬᠠᠮᠳᠣ ᠮᠠᠩᠭᠠᠨ ᠦᠯᠦᠭᠡᠢ ᠵᠣᠭᠤᠰ᠂ ᠲᠠᠪᠢᠨ ᠯᠠᠩ ᠠᠯᠳᠠ ᠦᠭᠴᠦ ᠨᠠᠩᠭᠠᠴᠢᠨ ᠪᠠᠬᠢ ᠶᠢᠨ | ᠰᠦᠮ᠎ᠡ ᠪᠠᠶᠢᠭᠤᠯᠬᠤᠢ ᠳᠤᠷ ᠲᠣᠰᠠᠯᠠᠪᠠᠢ᠃ ᠪᠦᠲᠦᠭᠡᠭᠴᠢ ᠲᠡᠭᠡᠳᠦᠰ ᠲᠡᠮᠦᠷ ᠬᠠᠭᠠᠨ ᠤ ᠶᠡᠭᠡ ᠡᠷᠳᠡᠮᠳᠦ ︵ᠳ᠋ᠠ ᠳ᠋ᠧ大 | 德︶ ᠬᠡᠮᠡᠬᠦᠢ ᠶᠢᠨ ᠠᠩᠬᠠᠳᠣᠭᠠᠷ ᠣᠨ ︵1297 ᠣᠨ︶ ᠳᠤᠷ ᠰᠢᠨ᠎ᠡ ᠪᠠᠷ ᠪᠠᠶᠢᠭᠤᠯᠣᠭᠰᠠᠨ ᠬᠤᠳᠠ ᠶᠢ | ᠲᠡᠭᠦᠰ ᠠᠮᠣᠭᠤᠯᠠᠩ ᠬᠤᠷᠤᠭ᠎ᠠ ︵ᠴᠣᠸᠠᠨ ᠨᠢᠩ ᠹᠦ᠋全宁府᠂ ᠣᠳᠣᠬᠢ ᠣᠩᠨᠢᠭᠤᠳ ᠬᠤᠰᠢᠭᠤᠨ ᠤ | ᠲᠦᠪ ᠪᠣᠷᠣᠬᠤᠳᠠ ᠪᠠᠯᠭᠠᠰᠣ︶ ᠬᠡᠮᠡᠨ ᠨᠡᠷᠡᠯᠡᠪᠡᠢ᠃ ᠶᠡᠭᠡ ᠡᠷᠳᠡᠮᠳᠦ ᠬᠡᠮᠡᠬᠦᠢ ᠶᠢᠨ ᠲᠣᠯᠣᠳᠣᠭᠠᠷ ᠣᠨ ︵1303︶ | ᠣᠨ ᠳᠤᠷ ᠬᠤᠷᠤᠭ᠎ᠠ ᠶᠢ ᠴᠦᠯᠬᠡ ᠪᠣᠯᠭᠠᠨ ᠲᠡᠪᠰᠢᠭᠦᠯᠬᠦ ᠶᠢᠨ ᠬᠠᠮᠳᠣ ᠲᠡᠮᠦᠷ ᠬᠠᠭᠠᠨ ᠪᠠᠷ ᠨᠠᠩᠭᠠᠴᠢᠨ ᠪᠠᠬᠢ ᠳᠤᠷ | ᠨᠢᠭᠡ ᠲᠦᠮᠡ ᠲᠠᠪᠣᠨ ᠮᠢᠩᠭᠠᠨ ᠰᠢᠭᠰᠢᠷᠡᠭᠡ ︵ᠬᠡᠯᠬᠢᠶ᠎ᠡ︶ ᠵᠣᠭᠤᠰ᠂ ᠲᠣᠷᠭ᠎ᠠ ᠲᠣᠷᠳᠣᠩ ᠲᠣᠰᠪᠣᠷᠢ 300 ᠡᠩ | ᠰᠣᠶᠣᠷᠬᠠᠪᠠᠢ᠃ | ︵17︶ ᠴᠦᠯᠭᠡ路 —— ᠶᠣᠸᠠᠨ ᠣᠯᠣᠰ ᠤᠨ ᠦᠶ᠎ᠡ ᠳᠠᠬᠢ ᠣᠷᠣᠨ ᠨᠣᠳᠤᠭ ᠤᠨ ᠵᠠᠰᠠᠭ | ᠵᠠᠬᠢᠷᠭᠠᠨ ᠤ ᠪᠠᠶᠢᠭᠤᠯᠣᠮᠵᠢ ᠶᠢᠨ ᠨᠡᠷ᠎ᠡ᠃ ᠬᠤᠪᠢᠯᠠᠢ ᠰᠡᠴᠡᠨ ᠬᠠᠭᠠᠨ ᠤ ᠣᠨᠣᠯᠳᠣ ᠲᠡᠷᠢᠬᠦᠨ ︵ᠵᠾᠢ ᠶᠤᠸᠠᠨ至元 | ︶ ᠬᠡᠮᠡᠬᠦᠢ ᠶᠢᠨ ᠣᠨ ᠤ ᠠᠩᠬᠠᠨ ᠴᠠᠭ ᠲᠤᠷ ᠪᠠᠶᠢᠭᠤᠯᠪᠠᠢ᠃ ᠲᠦᠪ ᠪᠢᠴᠢᠭ ᠤᠨ ᠮᠣᠵᠢ〖︵ᠵᠦᠩ ᠱᠣ᠋ ᠱᠧᠩ中 | 书省︶ ᠣᠳᠣᠬᠢ ᠣᠯᠣᠰ ᠤᠨ ᠶᠠᠪᠣᠳᠠᠯ ᠤᠨ ᠬᠤᠷᠢᠶ᠎ᠠ〗 ᠬᠢᠭᠡᠳ ᠬᠤᠪᠢᠶᠠᠷᠢ ᠲᠦᠪ ᠪᠢᠴᠢᠭ ᠤᠨ ᠮᠣᠵᠢ〖 | ︵ᠰᠢᠩ ᠵᠦᠩ ᠱᠣ᠋ ᠱᠧᠩ行中书省︶ ᠣᠳᠣᠬᠢ ᠮᠣᠵᠢ ᠬᠤᠳᠠ ᠦᠪᠡᠷᠳᠡᠭᠡᠨ ᠵᠠᠰᠠᠬᠤ ᠣᠷᠣᠨ〗 ᠶᠢᠨ | ᠲᠣᠣᠷ᠎ᠠ ᠴᠦᠯᠬᠡ ᠪᠠᠶᠢᠭᠤᠯᠵᠣ᠂ ᠴᠦᠯᠬᠡ ︵路︶ ᠪᠠᠷ ᠪᠠᠯᠭᠠᠳ ︵ᠵᠸᠦ 州︶᠂ ᠰᠢᠯᠳᠦᠬᠡᠨ ︵ᠰᠢᠶᠠᠨ县︶ | ᠪᠣᠶᠣ ᠬᠤᠷᠤᠭ᠎ᠠ ︵ᠹᠦ᠋府︶ ᠶᠢ ᠣᠳᠣᠷᠢᠳᠣᠭᠤᠯᠳᠠᠭ ᠠᠪᠠᠢ᠃ ᠲᠣᠭᠤᠨᠳᠡᠮᠦᠷ ᠬᠠᠭᠠᠨ ᠤ ᠣᠨᠣᠯᠳᠣ ᠡᠶᠡᠪᠡᠷᠬᠦ ︵ | ᠵᠾᠢ ᠱᠦᠨ至顺︶ ᠶᠢᠨ ᠣᠨ ᠨᠤᠭᠤᠳ ︵1330 —— 1332︶ ᠲᠤᠷ ᠪᠦᠬᠦ ᠣᠯᠣᠰ ᠲᠤᠷ ᠨᠢᠬᠡ | ᠵᠠᠭᠤ ᠨᠠᠶᠠᠨ ᠲᠠᠪᠣᠨ ᠴᠦᠯᠬᠡ ᠠᠪᠠᠢ᠃ ᠶᠡᠭᠡ ᠨᠡᠶᠢᠰᠯᠡᠯ ︵ᠳ᠋ᠠ ᠳ᠋ᠦ᠋大都︶ ᠬᠢᠭᠡᠳ ᠲᠡᠭᠡᠳᠦ ᠨᠡᠶᠢᠰᠯᠡᠯ ︵ | ᠱᠠᠩ ᠳ᠋ᠦ᠋上都︶ ᠳᠠᠬᠢ ᠬᠤᠶᠠᠷ ᠴᠦᠯᠬᠡ ᠳᠤᠷ ᠪᠦᠭᠦᠳᠡ ᠶᠢᠨ ᠶᠡᠷᠦᠩᠬᠡᠢ ᠵᠠᠬᠢᠷᠭ᠎ᠠ ᠶᠢᠨ ᠬᠤᠷᠤᠭ᠎ᠠ ︵ᠽᠦᠩ | ᠭᠤᠸᠠᠨ ᠹᠦ᠋都总管府︶ ᠶᠢ ᠪᠠᠶᠢᠭᠤᠯᠪᠠᠢ᠃ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ | ᠶᠢᠨ ᠬᠤᠷᠢᠳᠣᠭᠠᠷ ᠣᠨ ︵1283︶ ᠳᠤᠷ ᠠᠷᠪᠠᠨ ᠲᠦᠮᠡᠨ ᠡᠷᠦᠬᠡ ᠠᠴᠠ ᠲᠡᠭᠡᠭᠰᠢᠬᠢ ᠴᠦᠯᠬᠡ ᠶᠢ ᠢᠨᠦ ᠶᠡᠭᠡ | ᠴᠦᠯᠬᠡ ︵ᠱᠠᠩ ᠯᠣ᠋上路︶ ᠬᠡᠮᠡᠵᠦ᠂ ᠠᠷᠪᠠᠨ ᠲᠦᠮᠡᠨ ᠡᠷᠦᠬᠡ ᠠᠴᠠ ᠲᠣᠷᠣᠭᠰᠢᠬᠢ ᠴᠦᠯᠬᠡ ᠶᠢ ᠢᠨᠦ ᠪᠠᠭ᠎ᠠ | ᠴᠦᠯᠬᠡ ︵ᠰᠢᠶᠠ ᠯᠣ᠋下路︶ ᠬᠡᠮᠡᠨ ᠲᠣᠭᠳᠠᠭᠠᠯᠤᠭᠠ᠃ ᠭᠡᠪᠡᠴᠦ ᠣᠷᠣᠨ ᠭᠠᠵᠠᠷ ᠠᠨᠤ ᠴᠢᠬᠤᠯᠠ ᠪᠣᠭᠤᠮᠳᠠ | ᠪᠠᠭᠤᠯᠵᠠᠭᠤᠷ ᠲᠤᠷ ᠣᠷᠣᠰᠢᠵᠣ ᠠᠬᠤᠯ᠎ᠠ ᠬᠡᠳᠦᠶᠢᠪᠡᠷ ᠠᠷᠪᠠᠨ ᠲᠦᠮᠡᠨ ᠡᠷᠦᠬᠡ ᠡᠰᠡ ᠬᠦᠷᠦᠭᠰᠡᠨ ᠴᠤ ᠮᠦᠨ ᠬᠦ | ᠲᠡᠭᠡᠳᠦ ᠴᠦᠯᠬᠡ ᠬᠡᠮᠡᠨ ᠲᠣᠭᠳᠠᠭᠠᠪᠠᠢ᠃ ᠲᠡᠭᠡᠳᠦ ᠴᠦᠯᠬᠡ ᠶᠢᠨ ᠬᠡᠷᠬᠡᠮ ᠢᠨᠦ ᠴᠢᠭ ᠭᠤᠷᠪᠠᠳᠤᠭᠠᠷ ᠵᠡᠷᠭᠡᠳᠡᠨ ︵ | ᠵᠧᠩ ᠰᠠᠨ ᠫᠢᠨ正三品︶ ᠪᠠᠶᠢᠵᠣ᠂ ᠲᠣᠣᠷᠠᠳᠣ ᠴᠦᠯᠬᠡ ᠶᠢᠨ ᠬᠡᠷᠬᠡᠮ ᠢᠨᠦ ᠳ᠋ᠠᠰ ᠭᠤᠷᠪᠠᠳᠣᠭᠠᠷ ᠵᠡᠷᠭᠡᠳᠡᠨ | ︵ᠼᠦᠩ ᠰᠠᠨ ᠫᠢᠨ从三品︶ ᠪᠣᠯᠣᠮᠣᠢ᠃ ᠴᠦᠯᠬᠡ ᠨᠢ ᠡᠳᠦᠬᠡ ᠶᠢᠨ ᠮᠤᠵᠢ ᠬᠤᠳᠠ ᠲᠠᠢ ᠲᠡᠩᠴᠡᠮᠡᠷ | ᠵᠠᠰᠠᠭ ᠵᠠᠬᠢᠷᠭᠠᠨ ᠤ ᠪᠠᠶᠢᠭᠤᠯᠣᠮᠵᠢ ᠪᠣᠯᠬᠤ ᠪᠣᠯᠪᠠᠴᠣ ᠲᠡᠷᠡ ᠨᠢ ᠴᠡᠷᠢᠭ ᠵᠠᠰᠠᠭ ᠢ ᠬᠠᠮᠳᠣᠷᠠᠭᠤᠯᠣᠭᠰᠠᠨ ᠵᠠᠰᠠᠭ | ᠵᠠᠬᠢᠷᠭᠠᠨ ᠪᠣᠯᠬᠤ ᠶᠢᠨ ᠬᠤᠪᠢ ᠳᠤ ᠲᠡᠭᠦᠨ ᠤ ᠡᠷᠬᠡ ᠰᠦᠷ ᠨᠢ ᠣᠳᠣ ᠶᠢᠨ ᠮᠤᠵᠢ ᠬᠤᠳᠠ ᠠᠴᠠ ᠬᠠᠷᠢᠴᠠᠯᠠᠰᠢᠬᠦᠢ | ᠲᠠᠪᠠᠭᠤᠯᠢᠭ ᠠᠵᠢ︕ | ︵18︶ ᠯᠣ᠋ ᠸᠠᠩ ᠳ᠋ᠢᠶᠠᠪᠠᠯᠠ 弴不剌鲁王 —— ︵︖ —— 1310 | ᠣᠨ︶ ᠶᠣᠸᠠᠨ ᠣᠯᠣᠰ ᠤᠨ ᠬᠦᠷᠭᠡᠰ᠃ ᠡᠨᠡ ᠬᠦᠮᠦᠨ ᠤ ᠨᠡᠷ᠎ᠡ ᠶᠢ ᠬᠢᠳᠠᠳ ᠬᠡᠯᠡᠨ ᠤ ᠲᠣᠯᠭᠤᠷ ᠪᠢᠴᠢᠭ ᠤᠳ | ᠲᠤᠷ ︽ᠳ᠋ᠢᠶᠣᠣ ᠦᠸᠧ ᠪᠠ ᠯᠠ刁斡八剌᠂ ᠳ᠋ᠢᠶᠣᠣ ᠠ ᠪᠠ ᠯᠠ琱阿不剌᠂ ᠳ᠋ᠢᠶᠣᠣ ᠪᠦ᠋ | ᠯᠠ弴不 剌᠂ ᠠᠪᠣᠳᠠᠢ阿不歹︾ ᠬᠡᠮᠡᠨ ᠣᠯᠠᠨ ᠶᠠᠩᠵᠣ ᠪᠠᠷ ᠠᠪᠢᠶᠠᠴᠢᠯᠠᠨ ᠪᠢᠴᠢᠮᠣᠢ᠃ ᠠᠯᠳᠠᠷᠳᠣ | ᠨᠤᠶᠠᠨ ᠲᠡᠮᠦᠷ ᠬᠢᠭᠡᠳ ᠨᠠᠩᠭᠠᠴᠢᠨ ᠪᠠᠬᠢ ᠠᠴᠠ ᠮᠡᠨᠳᠦᠯᠡᠭᠰᠡᠨ ᠠᠬᠠᠮᠠᠳ ᠬᠦᠪᠡᠭᠦᠨ ︵ᠲᠳ᠋ ᠬᠦᠪᠡᠭᠦᠨ ᠢᠨᠦ | ᠰᠠᠩᠭᠠᠪᠠᠯᠠ桑哥八剌 ᠪᠣᠯᠣᠮᠣᠢ︶᠃ ︽ᠶᠣᠸᠠᠨ ᠣᠯᠣᠰ ᠤᠨ ᠰᠣᠳᠣᠷ᠂ ᠲᠦᠷᠦᠯ ᠸᠠᠩ ᠨᠤᠭᠤᠳ ᠤᠨ | ᠢᠯᠡᠳᠭᠡᠯ元史᠂诸王表︾ ᠳᠤᠷ ᠯᠠᠪᠯᠠᠬᠤᠯ᠎ᠠ ᠬᠠᠮᠤᠭ ᠠᠩᠬ᠎ᠠ ᠠᠯᠪᠠᠨ ᠶᠣᠰᠣ ᠪᠠᠷ ᠯᠣ᠋ ᠸᠠᠩ | ᠡᠷᠭᠦᠮᠵᠢᠯᠡᠭᠳᠡᠭᠰᠡᠨ ᠪᠦᠭᠡᠳ ᠴᠣᠭᠳᠣ ᠲᠡᠭᠡᠳᠦᠰ ᠬᠠᠶᠢᠰᠠᠩ ︵ᠦᠽᠦ᠋ᠩ ᠬᠠᠭᠠᠨ武宗皇帝︶ ᠬᠠᠭᠠᠨ ᠤ | ᠦᠶ᠎ᠡ ᠳᠤᠷ ᠰᠢᠯᠣᠭᠤᠨ ᠬᠡᠷᠴᠢᠯᠡᠭᠡᠰᠣᠳᠣ ᠠᠷᠢᠶᠠᠳᠠᠨ ᠤ ᠪᠠᠷᠢᠭᠤᠯᠳᠣ ᠠᠯᠳᠠᠨ ᠲᠠᠮᠠᠭ᠎ᠠ ᠪᠠᠷ ᠰᠣᠶᠣᠷᠬᠠᠭᠳᠠᠭᠰᠠᠨ | ᠬᠦᠮᠦᠨ ᠪᠣᠯᠬᠤ ᠠᠵᠣᠭᠤ᠃ ᠳ᠋ᠢᠶᠠᠪᠠᠯᠠ ᠪᠠᠷ ᠡᠶᠡᠪᠡᠷ ᠲᠡᠭᠡᠳᠦᠰ ᠲᠠᠷᠮᠠᠪᠠᠯᠠ ᠬᠢᠭᠡᠳ ᠳ᠋ᠠᠵᠢ ᠬᠠᠳᠣᠨ ᠠᠴᠠ | ᠮᠡᠨᠳᠦᠯᠡᠭᠰᠡᠨ ᠰᠠᠩᠭᠠᠷᠠᠭ ᠪᠠᠬᠢ ︵相哥剌吉公主︶ ᠯᠦᠭᠡ ᠬᠡᠷᠯᠡᠪᠡᠢ᠃ ᠰᠠᠩᠭᠠᠷᠠᠭ ᠪᠠᠬᠢ ︵ | ᠭᠦᠩᠵᠦ公主︶ ᠪᠣᠯᠪᠠᠰᠣ ᠴᠣᠭᠳᠣ ᠲᠡᠭᠡᠳᠦᠰ ᠬᠠᠶᠢᠰᠠᠩ ᠬᠠᠭᠠᠨ ᠬᠢᠭᠡᠳ ᠦᠷᠦᠰᠢᠶᠡᠯᠳᠣ ᠲᠡᠭᠡᠳᠦᠰ | ᠠᠶᠣᠷᠪᠠᠷᠸᠠᠳᠠ ᠬᠠᠭᠠᠨ ᠯᠤᠭ᠎ᠠ ᠡᠬᠡ ᠨᠢᠭᠡᠳᠦ ᠠᠬ᠎ᠠ ᠡᠭᠡᠴᠢ ᠲᠡᠭᠦᠦ ᠪᠣᠶᠣ᠃ ᠶᠡᠭᠡ ᠡᠷᠳᠡᠮᠳᠣ ︵ᠳ᠋ᠠ ᠳ᠋ᠧ大德 | ︶ ᠬᠡᠮᠡᠬᠦᠢ ᠶᠢᠨ ᠠᠷᠪᠠᠨ ᠨᠢᠭᠡᠳᠦᠭᠡᠷ ᠣᠨ ︵1307 ᠣᠨ︶ ᠳᠤᠷ ᠴᠣᠭᠳᠣ ᠲᠡᠭᠡᠳᠦᠰ ᠬᠠᠶᠢᠰᠠᠩ ᠪᠠᠷ ᠬᠠᠭᠠᠨ | ᠰᠠᠭᠤᠷᠢᠨ᠎ᠠ ᠰᠠᠭᠠᠳᠠᠮᠠᠭᠴᠠ ᠰᠠᠩᠭᠠᠷᠠᠭ ᠪᠠᠬᠢ ᠶᠢ ᠬᠠᠭᠠᠨ ᠤ ᠡᠭᠡᠴᠢᠮᠡᠳ ᠪᠠᠬᠢ ᠡᠷᠭᠦᠮᠵᠢᠯᠡᠵᠦ᠂ ᠳ᠋ᠢᠶᠠᠪᠠᠯᠠ ᠶᠢ | ᠲᠦᠮᠡᠳᠦ ᠶᠢᠨ ᠨᠤᠶᠠᠨ ︵万户︶ ᠡᠷᠭᠦᠮᠵᠢᠯᠡᠭᠰᠡᠨ ᠤ ᠰᠠᠴᠠ ᠯᠣ᠋ ᠸᠠᠩ ︵鲁王︶ ᠡᠷᠭᠦᠮᠵᠢᠯᠡᠪᠡᠢ᠃ | ᠳ᠋ᠢᠶᠠᠪᠠᠯᠠ ᠬᠡᠮᠡᠭᠴᠢ ᠴᠣᠭᠳᠦ ᠲᠡᠭᠡᠳᠦᠰ ᠬᠠᠶᠢᠰᠠᠩ ᠬᠠᠭᠠᠨ ᠤ ᠣᠨᠣᠯᠳᠣ ᠶᠡᠭᠡ ︵ᠵᠾᠢ ᠳ᠋ᠠ至大︶ ᠬᠡᠮᠡᠬᠦᠢ | ᠶᠢᠨ ᠭᠤᠷᠪᠠᠳᠣᠭᠠᠷ ᠣᠨ ︵1310 ᠣᠨ︶ ᠳᠤᠷ ᠨᠦᠭᠴᠢᠪᠡᠢ᠃ | ︵19︶ ᠲᠦᠱᠠᠨ涂山 —— ᠡᠨᠡ ᠲᠣᠬᠠᠢ ᠬᠢᠳᠠᠳ ᠤᠨ ᠡᠷᠳᠡᠨ ᠤ ᠣᠯᠣᠮᠵᠢᠯᠠᠯ ᠶᠠᠷᠢᠶᠠᠨ | ᠳᠤᠷ ᠬᠤᠶᠠᠷ ᠵᠦᠢᠯ ᠤᠨ ᠬᠡᠯᠡᠯᠭᠡ ᠠᠮᠣᠢ᠃ | A᠄ ᠭᠠᠵᠠᠷ ᠤᠨ ᠨᠡᠷ᠎ᠡ ᠬᠡᠮᠡᠮᠦᠢ᠃ ᠲᠠᠷᠦᠢ ᠡᠷᠳᠡᠨ ᠤ ᠬᠢᠶ᠎ᠠ ᠣᠯᠣᠰ ᠤᠨ ᠢᠣᠢ ︵ᠰᠢᠶᠠ ᠢᠣᠢ夏 禹 | ︶ ᠬᠡᠮᠡᠭᠴᠢ ᠬᠠᠭᠠᠨ ᠲᠦᠱᠠᠨ ᠣᠪᠣᠭᠳᠣ ︵ᠡᠬᠡᠨᠡᠷ︶ ᠬᠢᠭᠡᠳ ᠣᠯᠠᠨ ᠮᠣᠵᠢ ᠶᠢᠨ ᠡᠵᠡᠳ ᠯᠦᠭᠡ ᠴᠢᠭᠤᠯᠭᠠᠨ | ᠨᠡᠶᠢᠯᠡᠭᠰᠡᠨ ᠭᠠᠵᠠᠷ ᠪᠣᠶᠣ ᠬᠡᠮᠡᠨᠡᠮ᠃ ᠡᠨᠡ ᠭᠠᠵᠠᠷ ᠤᠨ ᠲᠣᠬᠠᠢ ᠲᠣᠳᠣᠯᠠᠯ ᠠᠨᠦ ᠪᠠᠰᠠ ᠠᠳᠠᠯᠢ ᠪᠣᠰᠣ᠃ | ᠪᠠᠶᠢᠴᠠᠭᠠᠪᠠᠰᠣ ᠶᠡᠭᠡ ᠲᠦᠯᠦᠪ ᠲᠣᠣᠷᠠᠬᠢ ᠮᠡᠳᠦ ᠭᠤᠷᠪᠠᠨ ᠵᠦᠢᠯ ᠤᠨ ᠶᠠᠷᠢᠶ᠎ᠠ ᠪᠣᠢ᠃ | a: ᠡᠳᠣᠭᠡᠬᠢ ᠠᠨᠾᠦᠢ ᠮᠣᠵᠢ ᠶᠢᠨ ᠪᠧᠩᠪᠦ᠋ ︵安徽省蚌埠︶ ᠬᠤᠳᠠ ᠶᠢᠨ ᠪᠠᠷᠠᠭᠤᠨᠳᠠᠬᠢ | ᠬᠤᠶᠢᠬᠤ ᠭᠤᠣᠯ ︵ᠬᠤᠸᠠᠢ ᠾᠧ淮河︶ ᠤᠨ ᠵᠡᠭᠦᠨ ᠡᠷᠬᠢ ᠳᠤᠷ ᠠᠮᠣᠢ᠂ ᠦᠭᠡᠷ᠎ᠡ ᠨᠡᠷ᠎ᠡ ᠶᠢ ᠢᠨᠦ ᠳ᠋ᠠᠩ | ᠲᠦ᠋ ᠱᠠᠨ ︵当涂山︶ ᠠᠭᠤᠯᠠ ᠬᠡᠮᠡᠮᠦᠢ᠂ ᠬᠤᠶᠢᠬᠤ ᠭᠤᠣᠯ ᠢᠶᠠᠷ ᠵᠠᠭᠠᠭᠯᠠᠨ ᠣᠷᠢᠶᠠᠩᠭᠤᠳᠣ ᠠᠭᠤᠯᠠ ︵ | ᠵᠢᠩ ᠱᠠᠨ荆山︶ ᠯᠤᠭ᠎ᠠ ᠡᠰᠡᠷᠭᠦᠯᠡᠵᠦ ᠠᠮᠦᠢ᠂ ᠣᠯᠠᠮᠵᠢᠯᠠᠯ ᠶᠠᠷᠢᠶᠠᠨ ᠳᠤᠷ ᠡᠨᠡ ᠬᠤᠶᠠᠷ ᠠᠭᠤᠯᠠ ᠠᠨᠦ ᠣᠣᠯ | ᠳᠠᠭᠠᠨ ᠨᠢᠬᠡ ᠯᠡ ᠠᠭᠤᠯᠠ ᠠᠭᠰᠠᠨ ᠪᠦᠯᠦᠬᠡ᠂ ᠬᠢᠶ᠎ᠠ ︵ᠰᠢᠶᠠ夏︶ ᠣᠯᠣᠰ ᠤᠨ ᠢᠣᠢ ︵禹︶ ᠬᠡᠮᠡᠭᠴᠢ | ᠬᠠᠭᠠᠨ ᠣᠰᠣᠨ ᠢ ᠵᠠᠰᠠᠬᠤᠢ ᠳᠤᠷ ᠡᠨᠡ ᠠᠭᠤᠯᠠ ᠶᠢ ᠴᠠᠪᠴᠢᠵᠣ ᠬᠤᠶᠠᠷ ᠪᠣᠯᠭᠠᠭᠠᠳ ᠬᠤᠶᠢᠬᠤ ᠭᠤᠣᠯ ︵ᠬᠤᠸᠠᠢ | ᠾᠧ淮河︶ ᠤᠨ ᠣᠰᠣᠨ ᠢ ᠵᠠᠯᠠᠵᠣᠬᠤᠢ ᠬᠡᠮᠡᠨᠡᠮ᠃ ︽ᠽᠦᠸᠧ ᠣᠪᠣᠭᠳᠣ ᠶᠢᠨ ᠱᠠᠰᠳᠢᠷ᠂ ᠠᠢ ᠭᠦᠩ ᠤᠨ | ᠲᠣᠯᠣᠳᠣᠭᠠᠷ ᠣᠨ左传᠂哀公七年︾ ᠳᠤᠷ᠄ ︽ᠢᠦᠢ ᠬᠠᠭᠠᠨ ᠪᠠᠷ ᠣᠯᠠᠨ ᠮᠣᠵᠢ ᠶᠢᠨ ᠡᠵᠡᠳ | ᠯᠦᠭᠡ ᠠᠭᠤᠯᠠᠨ ᠳᠤᠷ ᠴᠢᠭᠤᠯᠭᠠᠨ ᠨᠡᠶᠢᠯᠡᠪᠡᠢ︾ ᠬᠡᠮᠡᠵᠦᠬᠦᠢ᠃ | b: ᠡᠳᠦᠬᠡ ᠶᠢᠨ ᠵᠧᠵᠢᠶᠠᠩ ᠮᠣᠵᠢ ᠶᠢᠨ ᠱᠣᠣᠰᠢᠩ ︵浙江绍兴︶ ᠬᠤᠳᠠ ᠶᠢᠨ ᠪᠠᠷᠠᠭᠤᠨ | ᠬᠤᠶᠢᠨ᠎ᠠ ᠪᠠᠶᠢᠬᠤ ᠬᠡᠮᠡᠮᠦᠢ᠃ ᠬᠠᠪᠤᠷ ᠨᠠᠮᠤᠷ ᠪᠠᠶᠢᠯᠳᠣᠭᠠᠨᠳᠣ ᠣᠯᠣᠰ ︵春秋战国︶ ᠤᠨ ᠦᠶ᠎ᠡ ᠳᠤᠷ | ᠵᠣᠬᠢᠶᠠᠭᠳᠠᠭᠰᠠᠨ ︵ᠶᠦᠸᠧ ᠣᠯᠣᠰ ᠤᠨ ᠡᠴᠦᠰ ᠤᠨ ᠪᠢᠴᠢᠭ᠂ ᠭᠠᠵᠠᠷ ᠣᠷᠣᠨ ᠤ ᠲᠡᠮᠳᠡᠭᠯᠡᠯ ᠤᠨ ᠱᠠᠰᠳᠢᠷ越绝 | 书᠂记地传︾ ᠲᠤᠷ᠄ ︽ᠲᠦᠱᠠᠨ ᠬᠡᠮᠡᠭᠴᠢ ᠢᠦᠢ ᠬᠠᠭᠠᠨ ᠪᠠᠷ ᠲᠦᠱᠠᠨ ᠣᠪᠣᠭᠳᠣ ᠡᠬᠡᠨᠡᠷ ᠢᠶᠠᠨ | ᠠᠪᠣᠭᠰᠠᠨ ᠠᠭᠤᠯᠠ ᠪᠦᠯᠦᠬᠡ᠂ ᠰᠢᠶᠠᠨ ᠳᠤᠷ ᠣᠴᠢᠬᠤᠢ ᠳᠤᠷ ᠲᠠᠪᠢᠨ ᠭᠠᠵᠠᠷ ᠠᠮᠣᠢ︾ ᠬᠡᠮᠡᠵᠦᠬᠦᠢ᠃ | | c᠄ ᠡᠳᠦᠬᠡ ᠶᠢᠨ ᠴᠦᠩᠴᠢᠩ ᠬᠤᠳᠠ ᠶᠢᠨ ᠵᠡᠬᠦᠨ ᠳᠤᠷ ᠠᠮᠦᠢ᠂ ᠶᠡᠷᠦ ᠶᠢᠨ ᠨᠡᠷ᠎ᠡ ᠶᠢ ᠠᠨᠦ ᠦᠨᠡᠨ | ᠪᠠᠭᠠᠳᠣᠷ ᠠᠭᠤᠯᠠ ︵ᠵᠧᠨ ᠡᠤ ᠱᠠᠨ真武山︶ ᠬᠡᠮᠡᠮᠦᠢ ᠬᠡᠮᠡᠨᠡᠨ᠃ ︽ᠰᠡᠴᠡᠭᠳᠣ ᠠᠭᠤᠯᠠ ᠶᠢᠨ ᠦᠯᠬᠡ ᠶᠢᠨ | ᠣᠷᠣᠨ ᠤ ᠣᠶᠢᠯᠠᠯᠭ᠎ᠠ᠂ ᠮᠣᠭᠠᠶᠢᠳᠣ ᠶᠢᠨ ᠦᠢᠯᠡᠪᠦᠷᠢ 华阳国志᠂巴志︾ ᠳᠤᠷ᠄ ᠢᠦᠢ ᠬᠠᠭᠠᠨ | ᠪᠠᠷ ᠲᠦᠱᠠᠨ ᠠᠭᠤᠯᠠᠨ ᠠᠴᠠ ᠡᠬᠡᠨᠡᠷ ᠠᠪᠴᠣᠬᠤᠢ᠂ ᠡᠳᠦᠬᠡ ᠶᠢᠨ ᠵᠢᠶᠠᠩᠵᠸᠦ ︵江州︶ ᠭᠠᠵᠠᠷ ᠤᠨ | ᠲᠦᠱᠠᠨ ᠬᠡᠮᠡᠭᠴᠢ ᠮᠦᠨ ᠪᠦᠯᠦᠬᠡ ᠬᠡᠮᠡᠵᠦᠬᠦᠢ᠃ ᠠᠳᠡ ᠦᠭᠦᠯᠡᠨ ᠪᠦᠬᠦᠢ ᠵᠢᠶᠠᠩᠵᠸᠦ ᠭᠠᠵᠠᠷ ᠬᠡᠮᠡᠭᠴᠢ ᠡᠳᠦᠭᠡ | ᠶᠢᠨ ᠴᠦᠩᠴᠢᠩ ᠬᠤᠳᠠ ︵重 庆︶ ᠪᠣᠯᠬᠤ ᠪᠦᠯᠦᠭᠡ᠃ | B: ᠬᠦᠮᠦᠨ ᠤ ᠨᠡᠷ᠎ᠡ ᠪᠦᠯᠦᠬᠡ᠂ ᠲᠠᠷᠣᠢ ᠢᠦᠢ ᠬᠠᠭᠠᠨ ᠤ ᠬᠠᠲᠤᠨ ᠲᠦᠱᠠᠨ ᠣᠪᠣᠭᠳᠣ ᠪᠣᠶᠣ ᠬᠡᠮᠡᠨᠡᠮ᠃ | ᠲᠣᠰ ᠭᠡᠷᠯᠡᠳᠣ ᠬᠦᠰᠢᠶᠡᠨ ᠤ ᠪᠢᠴᠢᠭ ᠲᠤᠷ ᠲᠦᠱᠠᠨ ᠠᠭᠤᠯᠠ ᠪᠣᠶᠣ ᠲᠦᠱᠠᠨ ᠣᠪᠣᠭᠳᠣ ᠡᠬᠡᠨᠡᠷ ᠢᠶᠠᠷ ᠡᠰᠢ | ᠲᠠᠳᠠᠭᠰᠠᠨ ᠣᠭ ᠰᠠᠨᠠᠭ᠎ᠠ ᠪᠣᠯᠪᠠᠰᠣ ᠬᠤᠩᠭᠢᠷᠠᠳ ᠤᠨ ᠨᠤᠲᠤᠭ ᠬᠡᠮᠡᠭᠴᠢ ᠣᠷᠴᠢᠯᠠᠩ ᠳᠤᠷ ᠬᠤᠪᠣᠷ ᠣᠯᠳᠠᠬᠤ | ᠠᠷᠢᠭᠤᠨ ᠲᠠᠭᠰᠢᠨ ᠣᠷᠣᠨ ᠪᠦᠭᠡᠳ ᠡᠨᠡ ᠣᠷᠣᠨ ᠤ ᠬᠠᠳᠣᠳ ᠪᠠᠬᠢᠴᠣᠳ ᠬᠡᠮᠡᠭᠴᠢ ᠦᠨᠡᠬᠡᠷ ᠭᠤᠶᠣ | ᠦᠵᠡᠰᠭᠦᠯᠡᠩᠳᠣ ᠪᠦᠭᠡᠳ ᠶᠡᠭᠡ ᠪᠣᠳᠣᠯᠭᠠᠳᠣ ᠡᠩᠬᠡᠰᠭᠡᠳᠡᠳ ᠪᠦᠯᠦᠭᠡ ᠬᠡᠮᠡᠬᠦ ᠰᠠᠨᠠᠭ᠎ᠠ ᠪᠠᠨ ᠢᠯᠡᠳᠭᠡᠭᠰᠡᠨ ᠢᠨᠦ | ᠪᠣᠶᠣ᠃ | ︵20︶ ᠶᠸᠤᠰᠦ᠋ᠩ 有娀 — ᠬᠢᠳᠠᠳ ᠤᠨ ᠪᠢᠴᠢᠭ ᠲᠡᠮᠳᠡᠭᠯᠡᠯ ᠳᠤᠷ ᠡᠬᠦᠨ ᠢ ᠡᠷᠳᠡᠨ ᠤ | ᠣᠯᠣᠰ ᠤᠨ ᠨᠡᠷ᠎ᠡ ᠪᠦᠭᠡᠳ ᠪᠠᠰᠠ ᠣᠪᠣᠭ ᠤᠨ ᠨᠡᠷ᠎ᠡ᠂ ᠮᠦᠨ ᠴᠦ ᠬᠦᠮᠦᠨ ᠤ ᠨᠡᠷ᠎ᠡ ᠬᠡᠮᠡᠬᠦ ᠭᠤᠷᠪᠠᠨ ᠶᠠᠩᠵᠦ ᠶᠢᠨ | ᠲᠡᠮᠳᠡᠭᠯᠡᠯ ᠪᠣᠢ᠃ | a: ᠣᠯᠣᠰ ᠤᠨ ᠨᠡᠷ᠎ᠡ ᠪᠣᠯᠬᠤ ᠲᠣᠬᠠᠢ ᠪᠠᠷᠢᠮᠳᠠ ᠲᠡᠮᠳᠡᠭᠯᠡᠯ︔ ︽ᠰᠣᠳᠣᠷ ᠲᠡᠮᠳᠡᠭᠯᠡᠯ᠂ ᠶᠢᠨ ᠣᠯᠣᠰ | ᠤᠨ ᠴᠠᠳᠢᠭ᠂ ᠲᠦᠪ ᠣᠳᠬ᠎ᠠ史记᠂殷记᠂ 正义︾ ᠳᠤᠷ ᠦᠭᠦᠯᠡᠭᠰᠡᠨ ᠢᠨᠦ᠄ ︽ᠬᠢᠶ᠎ᠠ ︵ | ᠰᠢᠶᠠ夏︶ ᠣᠯᠣᠰ ᠤᠨ ᠡᠴᠦᠰ ᠤᠨ ᠸᠠᠩ᠂ ᠵᠢᠶᠧ ︵桀︶ ᠬᠡᠮᠡᠭᠴᠢ ᠶᠸᠤᠰᠦ᠋ᠩ ᠬᠡᠮᠡᠬᠦ ᠭᠠᠵᠠᠷ ᠤᠨ ᠪᠠᠭᠤᠷᠢ | ᠳᠤᠷ ᠢᠯᠠᠭᠳᠠᠪᠠᠢ᠂ ᠶᠸᠤᠰᠦ᠋ᠩ ᠬᠡᠮᠡᠬᠦ ᠭᠠᠵᠠᠷ ᠪᠣᠯᠪᠠᠰᠣ ᠫᠦᠵᠸᠦ ︵蒲州︶ ᠬᠡᠮᠡᠬᠦ ᠭᠠᠵᠠᠷ ᠤᠨ ᠤᠮᠠᠷᠠᠲᠦ ᠳᠤᠷ | ᠪᠣᠢ ᠠᠵᠣᠭᠤ︾ ᠬᠡᠮᠡᠵᠦᠬᠦᠢ᠃ ᠠᠳᠡ ᠢᠯᠡᠷᠡᠭᠰᠡᠨ ᠫᠦᠵᠸᠦ ᠪᠣᠶ᠋ᠪ ᠪᠦᠵᠸᠦ ᠪᠣᠯᠪᠠᠰᠣ ᠡᠳᠦᠬᠡ ᠶᠢᠨ ᠱᠠᠨ ᠰᠢ ︵山 | 西︶ ᠮᠣᠵᠢ ᠶᠢᠨ ᠶᠦᠨ ᠴᠧᠩ ᠬᠤᠳᠠ ︵运城︶ ᠶᠢᠨ ᠶᠦᠩ ᠵᠢᠢ ᠰᠢᠶᠠᠨ ︵永济县︶ ᠮᠦᠨ | ᠪᠦᠯᠦᠬᠡ ᠬᠡᠮᠡᠨ ᠬᠢᠳᠠᠳ ᠤᠨ ᠡᠷᠳᠡᠮᠳᠡᠳ ᠬᠡᠳᠦᠶᠢᠨ ᠲᠣᠳᠣᠯᠠᠵᠣᠬᠤᠢ᠃ | b: ᠣᠪᠣᠭ ᠤᠨ ᠨᠡᠷ᠎ᠡ ᠪᠣᠯᠬᠤ ᠲᠣᠬᠠᠢ ᠪᠠᠷᠢᠮᠳᠠ ᠲᠡᠮᠳᠡᠭᠯᠡᠯ︔ ︽ᠰᠢᠯᠦᠭᠯᠡᠯᠳᠣ ᠨᠣᠮ᠂ ᠱᠠᠩ ᠣᠯᠣᠰ | ᠤᠨ ᠮᠠᠭᠳᠠᠭᠤ᠂ ᠮᠦᠩᠬᠡ ᠲᠡᠭᠷᠢ ᠶᠢᠨ ᠪᠡᠯᠬᠡ ᠲᠡᠮᠪᠡᠷᠢᠯ诗经᠂商颂᠂长发︾ ᠳᠤᠷ ᠦᠭᠦᠯᠡᠭᠰᠡᠨ | ᠢᠨᠦ᠄ ︽ᠶᠸᠤᠰᠦ᠋ᠩ ᠣᠪᠣᠭᠳᠣ ᠶᠢᠨ ᠠᠭᠤᠷᠤᠭ ᠨᠣᠳᠤᠭ ᠦᠷᠬᠡᠵᠢᠨ ᠲᠡᠯᠡᠬᠦᠶᠡ᠂ ᠲᠡᠭᠡᠳᠦ ᠲᠡᠭᠷᠢ ᠠᠴᠠ ᠬᠠᠳᠣᠨ | ᠢ ᠪᠠᠶᠢᠭᠤᠯᠣᠭᠰᠠᠨ᠎ᠠ᠂ ﹇ᠱᠠᠩ ᠣᠯᠣᠰ ᠤᠨ﹈ ᠰᠢᠶᠧ ᠰᠢᠣᠸᠠᠨ ᠸᠠᠩ ᠢ ᠮᠡᠨᠳᠦᠯᠡᠵᠦᠬᠦᠢ有娀方将᠂帝立 | 子生 商︾ ﹇ᠠᠳᠡ ᠲᠠᠶᠢᠯᠪᠣᠷᠢᠯᠠᠬᠤ ᠴᠢᠬᠤᠯᠠᠳᠠᠢ ᠲᠡᠭᠡᠳᠦ ᠡᠷᠳᠡᠨ ᠤ ᠬᠡᠳᠦᠨ ᠬᠢᠳᠠᠳ ᠦᠬᠡ ᠬᠡᠪᠡᠯ᠄ ︽方 | ︾᠂ ᠨᠣᠳᠤᠭ ᠣᠷᠣᠨ᠂ ᠠᠭᠤᠷᠤᠭ ᠣᠷᠳᠣᠨ︔ ︽将︾᠂ ᠦᠷᠬᠡᠵᠢᠨ ᠲᠡᠯᠡᠬᠦ᠂ ᠶᠡᠬᠡᠰᠭᠡᠨ ᠪᠣᠵᠠᠭᠠᠶᠢᠷᠠᠬᠤ︔ | ︽帝︾᠂ ᠲᠡᠭᠡᠳᠦ ᠲᠡᠭᠷᠢ︔ ︽立子︾᠂ ᠶᠸᠤᠰᠦ᠋ᠩ ᠣᠪᠣᠭᠳᠣ ᠶᠢᠨ ᠦᠬᠢᠨ ᠢ ᠱᠠᠩ ᠣᠯᠣᠰ ᠤᠨ ᠭᠤᠣ | ᠰᠢᠨ ᠸᠠᠩ ︵高辛王︶ ᠤᠨ ᠬᠠᠳᠣᠨ ᠪᠣᠯᠭᠠᠭᠰᠠᠨ᠂ ᠲᠠᠷᠣᠢ ᠬᠠᠲᠤᠨ ᠢ ᠪᠠᠶᠢᠭᠤᠯᠣᠭᠰᠠᠨ︔ ︽生商︾ | ᠂ ᠱᠠᠩ ᠣᠯᠣᠰ ᠤᠨ ᠡᠪᠦᠭᠡ ᠲᠡᠭᠡᠳᠦᠰ ᠰᠢᠶᠧ ︵契xie ᠭᠡᠵᠦ ᠣᠩᠰᠢᠨ᠎ᠠ︶ ᠬᠡᠮᠡᠭᠴᠢ ᠶᠢ ᠮᠡᠨᠳᠦᠯᠡᠭᠰᠡᠨ᠂ | ᠰᠢᠶᠧ ᠬᠡᠮᠡᠭᠴᠢ ᠶᠢ ᠠᠨᠦ ᠰᠢᠦᠸᠠᠨ ᠸᠠᠩ ︵玄王︶ ᠬᠡᠮᠡᠳᠡᠭ﹈ ᠬᠡᠮᠡᠵᠦᠬᠦᠢ᠃ ᠵᠠᠬᠦᠨ ᠬᠠᠨ ︵东汉︶ | ᠣᠯᠣᠰ ᠤᠨ ᠰᠡᠭᠦᠯᠴᠢ ᠶᠢᠨ ᠦᠶ᠎ᠡ ᠶᠢᠨ ᠰᠣᠳᠣᠷ ᠪᠢᠴᠢᠭ ᠤᠨ ᠤᠬᠠᠭᠠᠨ ︵经学︶ ᠤ ᠶᠡᠭᠡ ᠡᠷᠳᠡᠮᠳᠡᠨ ᠵᠧᠩ | ᠰᠢᠦᠸᠠᠨ ︵郑玄︶ ᠬᠡᠮᠡᠭᠴᠢ ᠶᠢᠨ ︽ᠰᠢᠯᠦᠭᠯᠡᠯᠳᠣ ᠨᠣᠮ ᠤᠨ ᠲᠠᠶᠢᠯᠪᠣᠷᠢ诗经笺︾ ᠳᠤᠷ ᠦᠭᠦᠯᠡᠭᠰᠡᠨ | ᠢᠨᠦ᠄ ︽ᠶᠸᠤᠰᠦ᠋ᠩ ᠣᠪᠣᠭᠳᠠᠨ ᠤ ᠣᠯᠣᠰ ᠠᠨᠨᠦ ᠲᠡᠶᠢᠨᠬᠦ ᠠᠩᠬ᠎ᠠ ᠦᠷᠭᠡᠵᠢᠨ ᠲᠡᠯᠡᠵᠦᠬᠦᠢ︾ ᠬᠡᠮᠡᠪᠡᠢ᠃ ᠡᠭᠦᠨ | ᠳᠤᠷ ᠶᠸᠤᠰᠦ᠋ᠩ ᠬᠡᠮᠡᠬᠦᠢ ᠶᠢ ᠴᠦᠮ ᠣᠪᠣᠭ ᠬᠡᠮᠡᠨ ᠲᠣᠳᠣᠷᠬᠠᠢ ᠲᠡᠮᠳᠡᠭᠯᠡᠪᠡᠢ᠃ | c: ᠬᠦᠮᠦᠨ ᠤ ᠨᠡᠷ᠎ᠡ ᠪᠣᠯᠬᠤ ᠲᠣᠬᠠᠢ ᠪᠠᠷᠢᠮᠳᠠ ᠲᠡᠮᠳᠡᠭᠯᠡᠯ︔ ︽ᠯᠢᠦᠢ ᠣᠪᠣᠭᠳᠣ ᠶᠢᠨ ᠱᠠᠰᠢᠨᠲᠦ ᠨᠤᠮ吕 | 氏春秋᠂ ᠠᠶᠠᠯᠭᠤ ᠬᠦᠭᠵᠢᠮ ᠤᠨ ᠡᠭᠦᠰᠦᠯ音初︾ ᠳᠤᠷ ᠦᠭᠦᠯᠡᠭᠰᠡᠨ ᠢᠨᠦ᠄ ︽ᠶᠸᠤᠰᠦ᠋ᠩ | ᠣᠪᠣᠭᠳᠣ ᠳᠤᠷ ᠦᠵᠡᠰᠭᠦᠯᠡᠩᠳᠣ ᠬᠤᠶᠠᠷ ᠦᠬᠢᠨ ᠲᠠᠢ ᠪᠦᠯᠦᠬᠡ᠂ ᠶᠢᠰᠦᠨ ᠲᠡᠭᠳᠡᠷ ᠤᠨ ᠲᠠᠶᠢᠵᠠ ᠪᠠᠶᠢᠭᠤᠯᠣᠨ | ᠰᠠᠭᠠᠳᠣᠭᠤᠯᠣᠭᠠᠳ᠂ ᠴᠠᠪ ᠴᠠᠢ ᠵᠣᠭᠤᠭᠯᠠᠬᠤᠢ ᠳᠤᠷ ᠡᠷᠬᠡᠨ᠋ᠦᠬᠡᠢ ᠬᠡᠩᠭᠡᠷᠬᠡ ᠲᠡᠯᠡᠳᠦᠭᠦᠯᠦᠮᠦᠢ︾ ᠬᠡᠮᠡᠵᠦᠬᠦᠢ᠃ ︽ | ᠰᠣᠳᠣᠷ ᠲᠡᠮᠳᠡᠭᠯᠡᠯ᠂ ᠶᠢᠨ ᠣᠯᠣᠰ ᠤᠨ ᠴᠠᠳᠢᠭ史记᠂殷本纪︾ ᠲᠤᠷ ᠦᠭᠦᠯᠡᠭᠰᠡᠨ ᠢᠨᠦ᠄ ︽ᠶᠢᠨ | ᠣᠯᠣᠰ ᠤᠨ ᠰᠢᠶᠧ契 ﹇ᠰᠢᠣᠸᠠᠨ ᠸᠠᠩ玄王﹈ ᠬᠡᠮᠡᠭᠴᠢ ᠶᠢᠨ ᠡᠬᠡ ᠢᠨᠦ ᠵᠢᠶᠠᠨ ᠳ᠋ᠢ ︵简狄︶ | ᠬᠡᠮᠡᠭᠴᠢ ᠪᠦᠯᠦᠬᠡ᠂ ᠶᠸᠤᠰᠦ᠋ᠩ ᠣᠪᠣᠭᠳᠣ ᠶᠢᠨ ᠦᠬᠢᠨ ᠪᠣᠶᠣ᠂ ᠳ᠋ᠢ ᠺᠦ᠋ ︵帝喾︶ ᠬᠠᠭᠠᠨ ᠤ ᠲᠡᠳ᠋ ᠬᠠᠳᠣᠨ | ᠪᠣᠯᠪᠠᠢ᠂ ᠭᠤᠷᠪᠠᠭᠤᠯᠠ ᠣᠬᠢᠶᠠᠯᠭ᠎ᠠ ᠬᠢᠰᠦᠬᠡᠢ ᠬᠡᠮᠡᠨ ᠮᠣᠷᠳᠠᠭᠠᠳ ᠰᠠᠴᠠ ᠬᠠᠷᠢᠶᠠᠴᠢ ︵玄鸟︶ ᠶᠢᠨ ᠦᠨᠳᠡᠭᠡ | ᠲᠡᠬᠦᠨ ᠤ ᠲᠡᠭᠡᠷ᠎ᠡ ᠣᠨᠠᠭᠰᠠᠨ ᠢ ᠦᠵᠡᠭᠡᠳ ᠵᠢᠶᠠᠨ ᠳ᠋ᠢ ︵简狄︶ ᠬᠡᠮᠡᠭᠴᠢ ᠲᠡᠷᠡ ᠦᠨᠳᠡᠭᠡ ᠶᠢ ᠵᠠᠯᠬᠢᠭᠰᠠᠨᠠ | ᠪᠡᠶ᠎ᠡ ᠵᠢᠷᠮᠦᠰᠯᠡᠵᠦ ᠰᠢᠶᠧ契﹇ᠰᠢᠣᠸᠠᠨ ᠸᠠᠩ玄王﹈ ᠶᠢ ᠮᠡᠨᠳᠦᠯᠡᠵᠦᠬᠦᠢ᠂ ᠰᠢᠶᠧ契﹇ᠰᠢᠣᠸᠠᠨ ᠸᠠᠩ玄 | 王﹈ ᠬᠡᠮᠡᠭᠴᠢ ᠪᠠᠷ ᠦᠬᠡᠯᠡᠢ ᠪᠣᠯᠣᠮᠠᠭᠴᠠ ᠢᠦᠢ ︵禹︶ ᠬᠠᠭᠠᠨ ᠢ ᠬᠠᠪᠰᠣᠷᠴᠣ ᠣᠰᠣᠨ ᠢ ᠵᠠᠰᠠᠭᠠᠳ ᠦᠯᠡᠮᠵᠢ | ᠭᠠᠪᠢᠶ᠎ᠠ ᠪᠠᠶᠢᠭᠤᠯᠵᠣᠬᠤᠢ︾ ᠬᠡᠮᠡᠪᠡᠢ᠃ ᠡᠳᠡᠭᠡᠷ ᠡᠷᠬᠡ ᠰᠦᠷᠳᠦ ᠰᠣᠳᠣᠷ ᠪᠢᠴᠢᠭ ᠲᠤᠷ ᠶᠸᠤᠰᠦ᠋ᠩ ᠬᠡᠮᠡᠭᠴᠢ ᠶᠢ | ᠬᠦᠮᠦᠨ ᠤ ᠨᠡᠷ᠎ᠡ ᠬᠡᠮᠡᠨ ᠲᠡᠮᠳᠡᠭᠯᠡᠵᠦᠬᠦᠢ᠃ | ᠮᠡᠬᠦᠶᠢᠨ ᠰᠠᠨᠠᠬᠤᠯ᠎ᠠ ᠴᠧᠩ ᠵᠢᠦᠢ ᠹᠦ᠋ ᠬᠡᠮᠡᠭᠴᠢ ᠪᠠᠷ ᠲᠣᠰ ᠭᠡᠷᠡᠯᠳᠣ ᠬᠦᠰᠢᠶᠡᠨ ᠤ ᠪᠢᠴᠢᠭ ᠲᠡᠭᠡᠨ ᠬᠢᠶ᠎ᠠ | ︵ᠰᠢᠶᠠ夏︶ ᠣᠯᠣᠰ ᠤᠨ ᠰᠡᠭᠦᠯᠴᠢ᠂ ᠬᠠᠮ ︵ᠱᠠᠩ商︶ ᠣᠯᠣᠰ ᠤᠨ ᠡᠬᠢᠨ ᠤ ᠦᠶ᠎ᠡ ᠳᠠᠬᠢ ᠶᠸᠤᠰᠦ᠋ᠩ | ᠢᠶᠠᠷ ᠡᠰᠢ ᠲᠠᠳᠠᠭᠰᠠᠨ ᠣᠭ ᠰᠠᠨᠠᠭ᠎ᠠ ᠠᠨᠦ ᠢᠩᠴᠠᠩ ᠬᠤᠷᠤᠭ᠎ᠠ ᠶᠢᠨ ᠭᠠᠵᠠᠷ ᠨᠣᠳᠤᠭ ᠤᠨ ᠲᠡᠨᠢᠭᠡᠷ ᠠᠭᠤᠳᠠᠮ | ᠪᠠᠶᠠᠨ ᠲᠠᠩᠰᠤᠭ ᠬᠢᠭᠡᠳ ᠡᠨᠡ ᠣᠷᠣᠨ ᠳᠠᠬᠢ ᠬᠠᠭᠠᠨ ᠣᠭᠰᠠᠭ᠎ᠠ ᠶᠢᠨ ᠬᠠᠳᠣᠳ ︵后妃︶ ᠪᠠᠬᠢᠴᠣᠣᠯ ︵公主 | ︶ ᠤᠨ ᠡᠷᠬᠢᠮ ᠲᠡᠭᠡᠳᠦ ᠣᠭᠰᠠᠭ᠎ᠠ ᠰᠣᠷᠪᠣᠯᠵᠢ᠂ ᠦᠨᠢᠷ ᠵᠣᠵᠠᠭᠠᠨ ᠬᠡᠰᠢᠭ ᠪᠣᠶᠠᠨ ᠢ ᠦᠯᠢᠳᠬᠡᠨ ᠮᠠᠭᠳᠠᠭᠰᠠᠨ ᠪᠣᠢ | ᠢ ᠠ᠃ | | | | | | |