ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ  ︵ᠭᠤᠷᠪᠠ︶
ᠨᠡᠶᠢᠲᠡᠯᠡᠭᠰᠡᠨ ᠴᠠᠭ᠄
2019/11/26
       ⑥ ᠬᠡᠰᠢᠭᠳᠦ ᠲᠡᠭᠡᠳᠣᠰ ᠬᠠᠭᠠᠨ【 ᠴᠢᠩᠬᠢᠮ】裕皇 ﹇真金﹈ —— ︵1243 —— 1285︶᠃ ᠶᠡᠭᠡ ᠶᠣᠸᠠᠨ ᠣᠯᠣᠰ ᠤᠨ ᠲᠣᠯᠭᠤᠷ ᠲᠦᠷᠦ ᠶᠢ ᠴᠣᠭᠴᠠᠯᠠᠭᠰᠠᠨ ᠬᠠᠭᠠᠨ ᠬᠤᠪᠢᠯᠠᠢ ᠰᠡᠴᠡᠨ ᠤ ᠭᠦᠷᠦᠨ ᠬᠠᠳᠣᠨ ᠴᠠᠮᠪᠢ ᠠᠴᠠ ᠮᠡᠨᠳᠣᠯᠡᠭᠰᠡᠨ ᠬᠦᠪᠡᠬᠦᠨ᠂ ᠶᠣᠸᠠᠨ ᠣᠯᠣᠰ ᠤᠨ ᠬᠤᠶᠠᠳᠣᠭᠠᠷ ᠦᠶ᠎ᠡ  ᠶᠢᠨ ᠬᠠᠭᠠᠨ ᠪᠦᠳᠦᠭᠡᠭᠴᠢ ᠲᠡᠭᠡᠳᠦᠰ ᠲᠡᠮᠣᠷ ᠤᠨ ᠡᠴᠢᠭᠡ᠂ ᠡᠬᠡ ᠢᠨᠦ ᠬᠤᠩᠭᠢᠷᠠᠳ ᠣᠪᠣᠭᠳᠣ ᠪᠣᠭᠳᠠ ᠶᠢᠨ ᠲᠠᠭᠠᠯᠠᠯᠳᠣ ᠴᠢᠭᠡᠴᠢ ᠮᠡᠷᠭᠡᠨ ᠬᠦᠷᠦᠨ ᠬᠠᠳᠣᠨ ᠴᠠᠮᠪᠢ ︵昭睿顺圣皇后察必︶ ᠪᠦᠯᠦᠭᠡ᠃ ᠴᠢᠩᠬᠢᠮ ᠪᠠᠯᠴᠢᠷ ᠪᠠᠭ᠎ᠠ ᠨᠠᠰᠣᠨ ᠠᠴᠠ ᠪᠠᠨ ᠬᠢᠳᠠᠳ ᠤᠨ ᠪᠢᠴᠢᠭ ᠤᠨ ᠰᠣᠷᠭᠠᠯᠳᠠᠨ ᠶᠣᠣ ᠱᠣ᠋ ︵姚枢︶᠂ ᠳ᠋ᠸᠦ ᠮᠦᠸᠧ ︵窦默 ᠬᠤᠶᠠᠷ ᠢ ᠪᠠᠭᠰᠢ ᠪᠠᠷᠢᠵᠣ ︽ᠲᠠᠬᠢᠮᠳᠠᠭᠤ ᠨᠣᠮ孝经︾ ᠢ ᠰᠣᠷᠣᠭᠰᠠᠨ ᠢᠶᠠᠷ ᠰᠣᠷᠪᠣᠯᠵᠢ ᠣᠷᠢᠳᠣᠰ ᠬᠤᠪᠢᠯᠠᠢ ᠬᠠᠭᠠᠨ ᠪᠠᠷ ᠮᠠᠰᠢᠳᠠ ᠪᠠᠶᠠᠰᠯᠤᠭ᠎ᠠ⑴᠃ ᠲᠦᠪ ᠶᠣᠰᠣᠳᠣ ︵ᠵᠦᠩ ᠲᠦᠩ中统︶ ᠬᠡᠮᠡᠬᠦᠢ ᠶᠢᠨ ᠭᠤᠷᠪᠠᠳᠣᠭᠠᠷ ᠣᠨ ︵1262︶ ᠳᠤᠷ ᠭᠠᠵᠠᠯ ᠸᠠᠩ ︵ᠶᠠᠨ ᠸᠠᠩ 燕王︶ ᠡᠷᠭᠦᠮᠵᠢᠯᠡᠵᠦ ᠲᠦᠪ ᠪᠢᠴᠢᠭ ᠤᠨ ᠮᠣᠵᠢ ︵ᠵᠦᠩ ᠱᠣ᠋ ᠱᠧᠩ 中书省︶ ᠶᠢ ᠶᠣᠰᠣᠴᠢᠯᠠᠨ ᠵᠠᠬᠢᠷᠠᠭᠤᠯᠪᠠᠢ᠂ ᠲᠦᠷᠪᠡᠳᠦᠭᠡᠷ ᠣᠨ ᠳᠤᠷ ᠴᠡᠷᠢᠭ ᠤᠨ ᠶᠠᠪᠣᠳᠠᠯ ᠤᠨ ᠬᠦᠷᠢᠶᠡᠯᠡᠩ ︵ᠱᠣ᠋ ᠮᠢ ᠶᠣᠸᠠᠨ枢密院︶ ᠢ ᠬᠠᠪᠰᠣᠷᠭᠠᠨ ᠮᠡᠳᠡᠭᠦᠯᠪᠡᠢ᠃ ᠣᠨᠣᠯᠳᠣ ᠲᠡᠷᠢᠭᠦᠨ ︵ᠵᠾᠢ ᠶᠣᠸᠠᠨ至元︶ ᠬᠡᠮᠡᠬᠦᠢ ᠶᠢᠨ ᠠᠷᠪᠠᠳᠣᠭᠠᠷ ᠣᠨ ︵1273︶ ᠳᠤᠷ ᠲᠠᠶᠠ ︵dayaa ᠲᠠᠶᠢᠽᠢ太子︶ ᠬᠦᠪᠡᠭᠦᠨ ᠢ ᠪᠠᠶᠢᠭᠤᠯᠪᠠᠢ⑴᠃ ᠣᠨᠣᠯᠳᠣ ᠲᠡᠷᠢᠭᠦᠨ ᠬᠡᠮᠡᠬᠦᠢ ᠶᠢᠨ ᠬᠤᠷᠢᠨ ᠬᠤᠶᠠᠳᠣᠭᠠᠷ ᠣᠨ ︵1285︶ ᠳᠤᠷ ᠬᠦᠬᠡᠮᠦ᠋ᠷᠡᠨ ᠤ ᠡᠮᠦᠨᠡᠬᠢ ᠬᠤᠪᠢᠶᠠᠷᠢ ᠬᠢᠶ᠎ᠠ ᠪᠢᠴᠢᠭᠴᠢ ᠶᠢᠨ ᠵᠠᠬᠢᠷᠭ᠎ᠠ ︵江南行御史台︶ ᠶᠢᠨ ᠰᠢᠯᠭᠠᠨ ᠪᠠᠶᠢᠴᠠᠭᠠᠬᠤ ᠬᠢᠶ᠎ᠠ ᠪᠢᠴᠢᠭᠴᠢ ᠲᠦᠰᠢᠮᠡᠯ ᠠᠴᠠ ᠬᠤᠪᠢᠯᠠᠢ ᠰᠡᠴᠡᠨ ᠬᠠᠭᠠᠨ ᠳᠤᠷ ᠬᠠᠭᠠᠨ ᠰᠠᠭᠤᠷᠢᠨ ᠢᠶᠠᠨ ᠴᠢᠩᠬᠢᠮ ᠳᠤᠷ ᠨᠠᠶᠢᠷ ᠲᠠᠯᠪᠢᠳᠣᠭᠠᠢ ᠬᠡᠮᠡᠨ ᠠᠶᠢᠯᠠᠳᠬᠠᠯ ᠡᠷᠭᠦᠵᠦᠬᠦᠢ᠂ ᠴᠢᠩᠬᠢᠮ ᠡᠭᠦᠨ ᠢ ᠰᠣᠨᠣᠰᠣᠮᠠᠭᠴᠠ ᠮᠠᠰᠢᠳᠠ ᠡᠮᠢᠶᠡᠨ ᠬᠡᠯᠮᠡᠭᠳᠡᠭᠰᠡᠨ ᠲᠣᠯᠠ ᠬᠢᠶ᠎ᠠ ᠪᠢᠴᠢᠭᠴᠢ ᠶᠢᠨ ᠲᠦᠪ ᠵᠠᠬᠢᠷᠭ᠎ᠠ ︵御史台︶ ᠶᠢᠨ ᠬᠢᠨᠢ ᠠᠶᠢᠯᠠᠳᠬᠠᠯ ᠢ ᠲᠠᠷᠣᠵᠣ ᠲᠠᠯᠪᠢᠭᠰᠠᠨ ᠠᠴᠠ ᠬᠤᠪᠢᠯᠠᠢ ᠰᠡᠴᠡᠨ ᠬᠠᠭᠠᠨ ᠤ ᠭᠠᠷ ᠲᠤᠷ ᠲᠦᠷ ᠡᠰᠡ ᠬᠦᠷᠪᠡᠢ᠃ ᠠᠬᠠᠮᠠ ︵阿哈马︶ ᠬᠡᠮᠡᠭᠴᠢ ᠶᠢᠨ ᠦᠯᠡᠳᠡᠭᠳᠡᠯ ᠨᠠᠮᠳᠠᠨ ᠳ᠋ᠠᠵᠢᠭᠤᠢ ᠪᠠ ᠠᠰᠠᠨ ᠵᠡᠷᠬᠡ ᠶᠢᠨ ᠬᠦᠮᠦᠰ ᠡᠨᠡ ᠬᠡᠷᠡᠭ ᠢ ᠮᠡᠳᠡᠮᠡᠭᠴᠡ ᠴᠡᠪᠡᠷᠯᠡᠨ ᠠᠷᠢᠭᠤᠳᠬᠠᠬᠤ ᠬᠡᠮᠡᠭᠰᠡᠨ ᠨᠡᠷ᠎ᠡ ᠪᠠᠷ ᠨᠢᠭᠡᠨᠳᠡ ᠬᠤᠷᠢᠶᠠᠨ ᠪᠢᠳᠡᠭᠦᠮᠵᠢᠯᠡᠭᠰᠡᠨ ᠬᠢᠶ᠎ᠠ ᠪᠢᠴᠢᠭᠴᠢ ᠶᠢᠨ ᠵᠠᠬᠢᠷᠭ᠎ᠠ ᠶᠢᠨ ᠠᠶᠢᠯᠠᠳᠬᠠᠯ ᠤᠨ ᠪᠢᠴᠢᠭ ᠢ ᠭᠠᠷᠭᠠᠨ ᠠᠪᠴᠣ ᠬᠡᠷᠡᠭ ᠪᠣᠯᠭᠠᠨ ᠲᠡᠭᠡᠭᠰᠢ ᠬᠤᠪᠢᠯᠠᠢ ᠰᠡᠴᠡᠨ ᠬᠠᠭᠠᠨ ᠳᠤᠷ ᠮᠡᠳᠡᠭᠦᠯᠵᠦᠬᠦᠢ⑵᠃ ᠡᠨᠡ ᠣᠴᠢᠷ ᠲᠤᠷ ᠬᠤᠪᠢᠯᠠᠢ ᠰᠡᠴᠡᠨ ᠬᠠᠭᠠᠨ ᠮᠠᠰᠢᠳᠠ ᠬᠢᠯᠢᠩᠨᠡᠭᠰᠡᠨ ᠪᠦᠭᠡᠳ ᠴᠢᠩᠬᠢᠮ ᠴᠦ ᠰᠣᠴᠢᠨ ᠬᠡᠯᠮᠡᠭᠳᠡᠭᠰᠡᠨ ᠤ ᠰᠢᠯᠳᠠᠭᠠᠨ ᠢᠶᠠᠷ ᠡᠪᠡᠳᠴᠢᠨ ᠣᠯᠵᠣ ᠬᠢᠶᠣᠷᠠᠨ ᠵᠣᠪᠠᠨᠢᠭᠰᠠᠭᠠᠷ ᠣᠨᠣᠯᠳᠣ ᠲᠡᠷᠢᠬᠦᠨ ᠬᠡᠮᠡᠬᠦᠢ ᠶᠢᠨ ᠬᠤᠷᠢᠨ ᠬᠤᠶᠠᠳᠣᠭᠠᠷ ᠣᠨ ︵1285︶ ᠤ ᠠᠷᠪᠠᠨ ᠬᠤᠶᠠᠳᠣᠭᠠᠷ ᠰᠠᠷ᠎ᠠ ᠳᠤᠷ ᠨᠦᠭᠴᠢᠵᠦᠬᠦᠢ᠃ ᠬᠡᠷᠡᠭ ᠦᠩᠭᠡᠷᠡᠵᠦ ᠦᠢᠮᠡᠭᠡᠨ ᠲᠠᠷᠣᠭᠳᠠᠭᠰᠠᠨ ᠤ ᠲᠠᠷᠠᠭ᠎ᠠ ᠬᠤᠪᠢᠯᠠᠢ ᠰᠡᠴᠡᠨ ᠬᠠᠭᠠᠨ ᠴᠦ ᠡᠮᠵᠢᠭᠯᠡᠨ ᠵᠣᠪᠠᠨᠢᠵᠣ ᠬᠢᠯᠢᠰ ᠪᠣᠯᠭᠠᠪᠠᠢ ᠬᠡᠮᠡᠨ ᠣᠬᠠᠭᠠᠷᠠᠭᠠᠳ ᠴᠢᠩᠬᠢᠮ ᠤᠨ ᠭᠤᠷᠪᠠᠳᠣᠭᠠᠷ ᠬᠦᠪᠡᠭᠦᠨ ᠲᠡᠮᠦᠷ ᠬᠡᠮᠡᠭᠴᠢ ᠶᠢ ᠲᠠᠶᠠ ᠣᠮᠪᠣᠯᠣ ︵ᠬᠤᠸᠠᠩ ᠲᠠᠢ ᠰᠦᠨ皇太孙︶ ᠬᠡᠮᠡᠨ ᠡᠷᠭᠦᠮᠵᠢᠯᠡᠪᠡᠢ⑶᠃ ᠲᠡᠮᠦᠷ ᠬᠠᠭᠠᠨ ᠰᠠᠭᠤᠷᠢᠨ᠎ᠠ ᠰᠠᠭᠠᠳᠠᠮᠠᠭᠴᠠ ᠡᠴᠢᠭᠡ ᠴᠢᠩᠬᠢᠮ ᠤᠨ ᠢᠶᠠᠨ ᠰᠦᠮ᠎ᠡ ᠶᠢᠨ ᠴᠣᠯᠠ ︵庙号︶ ᠶᠢ ᠬᠡᠰᠢᠭᠳᠦ ᠲᠡᠭᠡᠳᠣᠰ ︵ᠢᠣᠢ ᠽᠦᠩ裕宗︶ ᠬᠡᠮᠡᠨ ᠬᠦᠷᠦᠭᠯᠡᠭᠰᠡᠨ ᠪᠦᠭᠡᠳ ᠨᠡᠬᠡᠨ ᠡᠷᠭᠦᠮᠵᠢᠯᠡᠭᠰᠡᠨ ᠬᠦᠨᠳᠦᠯᠡᠯ ᠴᠣᠯᠠ ᠶᠢ ᠠᠨᠦ ᠡᠯᠪᠡᠷᠢᠯ ᠣᠬᠠᠭᠠᠨᠳᠣ ᠬᠡᠬᠡᠨ ᠲᠠᠬᠢᠮᠳᠠᠭᠤ ᠬᠠᠭᠠᠨ ︵文惠明孝皇帝︶ ᠬᠡᠮᠡᠯᠦᠬᠡ᠃ ᠴᠢᠩᠬᠢᠮ ᠬᠢᠭᠡᠳ ᠲᠡᠬᠦᠨ  ᠤ ᠬᠠᠳᠣᠨ ᠪᠡᠯᠡᠨ ᠡᠭᠡᠴᠢ ᠠᠴᠠ ᠭᠠᠮᠠᠯᠠ ︵甘麻剌︶᠂ ᠲᠠᠷᠮᠠᠪᠠᠯᠠ ︵答剌麻八剌︶ ᠬᠢᠭᠡᠳ ᠲᠡᠮᠦᠷ ︵铁穆耳︶ ᠬᠡᠮᠡᠭᠴᠢ ᠬᠦᠪᠡᠭᠦᠳ ᠲᠠᠢ ᠮᠦᠷᠳᠡᠭᠡᠨ ᠪᠠᠰᠠ ᠵᠣᠣ ᠭᠠᠵᠠᠷ ᠤᠨ ᠰᠢᠳᠣᠷᠭᠤ ᠢᠪᠡᠭᠡᠯᠳᠣ ᠸᠠᠩ ᠬᠦᠷᠬᠢᠰ ︵赵国忠献王阔里吉思︶ ᠲᠤᠷ ᠮᠣᠷᠳᠠᠭᠰᠠᠨ ᠵᠣᠣ ᠭᠠᠵᠠᠷ ᠤᠨ ᠪᠠᠬᠢ ᠬᠤᠳᠠᠳᠢᠮᠢᠰᠢ ︵赵国公 主忽答迭迷失︶ ᠬᠢᠭᠡᠳ ᠯᠣ᠋ ᠭᠠᠵᠠᠷ ᠤᠨ ᠮᠠᠨᠽᠠᠳᠠᠢ ︵蛮子台︶ ᠳᠤᠷ ᠵᠠᠯᠭᠠᠨ ᠮᠣᠷᠳᠠᠭᠰᠠᠨ ᠯᠣ᠋ ᠭᠠᠵᠠᠷ ᠤᠨ ᠪᠠᠬᠢ ᠠᠨᠠᠮᠪᠠᠯᠠ ︵鲁国公主阿南不剌︶ ᠪᠠ ᠯᠣ᠋ ᠭᠠᠵᠠᠷ ᠤᠨ ᠶᠦᠨ ᠠᠨ ᠸᠠᠩ ︵郓安 王︶ ᠰᠠᠩᠭᠠᠪᠠᠯᠠ ᠯᠤᠭ᠎ᠠ ᠭᠡᠷᠯᠡᠭᠰᠡᠨ ᠫᠦᠨᠠ ᠪᠠᠬᠢ ︵普纳公主︶ ᠬᠡᠮᠡᠬᠦ ᠭᠤᠷᠪᠠᠨ ᠦᠬᠢᠨ ᠲᠠᠢ⑷ ᠪᠦᠯᠦᠬᠡ᠃ ᠡᠨᠡ ᠭᠤᠷᠪᠠᠨ ᠪᠠᠬᠢ ᠶᠢᠨ ᠲᠦᠷᠦᠭᠰᠡᠨ ᠡᠬᠡ ᠢᠨᠦ ᠲᠣᠳᠣ ᠪᠣᠰᠣ᠃ ᠡᠭᠦᠨ ᠠᠴᠠ ᠭᠠᠳᠠᠨ᠎ᠠ ᠶᠣᠸᠠᠨ ᠣᠯᠣᠰ ᠤᠨ ᠣᠬᠠᠭᠠᠨᠳᠣ ᠬᠠᠭᠠᠨ ᠲᠣᠭᠤᠭᠠᠨᠳᠡᠮᠣᠷ ᠤᠨ ᠪᠠᠶᠠᠨᠬᠤᠳᠤᠭ ᠭᠦᠷᠦᠨ ᠬᠠᠳᠣᠨ ᠠᠴᠠ ᠮᠡᠨᠳᠦᠯᠡᠭᠰᠡᠨ ᠴᠢᠩᠬᠢᠮ ︵真金︶ ᠬᠡᠮᠡᠭᠰᠡᠨ ᠬᠠᠭᠠᠨ ᠬᠦᠪᠡᠭᠦᠨ ︵皇子︶ ᠠᠭᠰᠠᠨ ᠪᠣᠯᠪᠠᠴᠣ ᠡᠨᠡ ᠬᠦᠪᠡᠬᠦᠨ ᠢᠨᠦ ᠬᠤᠶᠠᠷ ᠨᠠᠰᠣᠨ ᠲᠡᠭᠡᠷ᠎ᠡ ᠪᠠᠨ ᠵᠠᠭᠤᠷᠮᠠᠭ ᠬᠠᠯᠢᠵᠣᠬᠤᠢ᠃                         ※ ᠠᠰᠢᠭᠯᠠᠭᠰᠠᠨ ᠰᠣᠷᠪᠣᠯᠵᠢ ᠪᠢᠴᠢᠭ                       ⑴︽ᠶᠣᠸᠠᠨ ᠣᠯᠣᠰ ᠤᠨ ᠰᠣᠳᠣᠷ︾ ᠨᠢᠬᠡ ᠵᠠᠭᠤ ᠠᠷᠪᠠᠨ ᠲᠠᠪᠣᠳᠣᠭᠠᠷ ᠪᠣᠳᠢ ︵ᠵᠢᠭᠰᠠᠭᠠᠮᠵᠢ ᠱᠠᠰᠳᠢᠷ ᠬᠤᠶᠠᠷ᠂ ᠬᠡᠰᠢᠭᠳᠦ ᠲᠡᠭᠡᠳᠦᠰ︶ ︵元史᠂裕宗︶                       ⑵︽ᠶᠣᠸᠠᠨ ᠣᠯᠣᠰ ᠤᠨ ᠰᠣᠳᠣᠷ ᠢ ᠲᠠᠶᠢᠯᠪᠣᠷᠢᠯᠠᠨ ᠣᠩᠰᠢᠬᠤᠢ︾ 48 ᠳ᠋ᠣᠭᠠᠷ ᠨᠢᠭᠤᠷ ︵元 史解读︶                           ⑶︽ᠶᠣᠸᠠᠨ ᠣᠯᠣᠰ ᠤᠨ ᠰᠣᠳᠣᠷ︾ ᠪᠦᠳᠦᠭᠡᠭᠴᠢ ᠲᠡᠭᠡᠳᠦᠰ ᠤᠨ ᠴᠠᠳᠢᠭ ︵元史᠂成 宗本纪︶                       ⑷︽ᠮᠣᠩᠭᠤᠯ ᠤᠨ ᠲᠡᠣᠬᠡᠨ ᠲᠡᠮᠳᠡᠭᠯᠡᠯ︾ ᠪᠠᠬᠢᠴᠣᠣᠯ ︵ᠭᠦᠩᠵᠦ ᠨᠠᠷ︶ ᠤᠨ ᠢᠯᠡᠳᠭᠡᠯ ︵蒙 兀儿史记᠂诸公主表︶                         ⑦ ᠡᠶᠡᠪᠡᠷᠭᠦ ᠲᠡᠭᠡᠳᠣᠰ ᠬᠠᠭᠠᠨ ﹇ᠲᠠᠷᠮᠠᠪᠠᠯᠠ﹈  顺宗皇帝 —— ︵1264 —— 1292 ᠣᠨ︶᠃ ᠬᠤᠪᠢᠯᠠᠢ ᠰᠡᠴᠡᠨ ᠬᠠᠭᠠᠨ ᠤ ᠲᠠᠶᠠ ︵dayaa︶ ᠬᠦᠪᠡᠭᠦᠨ ﹇ᠲᠠᠶᠢᠽᠢ太 子﹈ ᠴᠢᠩᠬᠢᠮ ᠤᠨ ᠬᠤᠶᠠᠳᠣᠭᠠᠷ ᠬᠦᠪᠡᠭᠦᠨ᠂ ᠡᠬᠡ ᠢᠨᠦ ᠪᠡᠯᠡᠨ ᠡᠭᠡᠴᠢ ︵ᠦᠭᠡᠷ᠎ᠡ ᠨᠡᠷ᠎ᠡ ᠬᠦᠬᠡᠴᠢᠨ︶ ᠪᠣᠶᠣ⑴᠃ ᠶᠣᠸᠠᠨ ᠣᠯᠣᠰ ᠤᠨ ᠴᠣᠭᠳᠣ ᠲᠡᠭᠡᠳᠣᠰ ᠬᠠᠶᠢᠰᠠᠩ ᠬᠠᠭᠠᠨ ︵武宗海山︶ ᠪᠠ ᠦᠷᠦᠰᠢᠶᠡᠯᠳᠦ ᠲᠡᠭᠡᠳᠦᠰ ᠠᠶᠣᠷᠪᠠᠷᠸᠠᠳᠠ ︵仁宗爱育黎拔力八达︶ ᠬᠠᠭᠠᠨ ᠬᠢᠭᠡᠳ ᠯᠣ᠋ ᠭᠠᠵᠠᠷ ᠤᠨ ᠶᠡᠭᠡ ᠡᠬᠡᠴᠢᠮᠡᠳ ᠪᠠᠬᠢ ᠰᠠᠩᠭᠠᠷᠠᠭ ︵鲁国大长公主祥哥剌吉︶ ᠨᠠᠷ ᠤᠨ ᠡᠴᠢᠭᠡ ︵ᠡᠨᠡ ᠭᠤᠷᠪᠠ ᠶᠢᠨ ᠡᠬᠡ ᠢᠨᠦ ᠳ᠋ᠠᠵᠢ ᠬᠠᠳᠣᠨ ᠪᠣᠯᠣᠮᠣᠢ︶ ᠪᠦᠯᠦᠬᠡ᠃ ᠲᠡᠷᠡ ᠪᠠᠷ᠂ ᠡᠪᠦᠭᠡ ᠬᠠᠭᠠᠨ ᠬᠤᠪᠢᠯᠠᠢ ᠰᠡᠴᠡᠨ ᠬᠠᠭᠠᠨ ᠤ ᠲᠠᠭᠠᠯᠠᠯᠳᠣ ᠵᠠᠷᠯᠢᠭ ᠢᠶᠠᠷ ᠭᠤᠷᠯᠣᠰ ᠣᠪᠣᠭᠳᠣ ᠦᠬᠢᠨ ᠢ ᠡᠰᠢ ᠬᠠᠳᠣᠨ ︵ᠶᠣᠸᠠᠨ ᠹᠧᠢ元妃︶ ᠪᠣᠯᠭᠠᠨ ᠲᠠᠳᠠᠭᠰᠠᠨ ᠤ ᠪᠠᠨ ᠲᠠᠷᠠᠭ᠎ᠠ ᠲᠠᠬᠢᠨ ᠬᠤᠩᠭᠢᠷᠠᠳ ᠣᠪᠣᠭᠳᠣ ᠳ᠋ᠠᠵᠢ ᠬᠡᠮᠡᠭᠴᠢ ᠶᠢ ᠰᠣᠯᠠ ᠬᠠᠳᠣᠨ ᠪᠣᠯᠭᠠᠨ ᠲᠠᠳᠠᠯᠤᠭ᠎ᠠ᠂ ᠭᠤᠷᠯᠣᠰ ᠣᠪᠣᠭᠳᠣ ᠬᠠᠳᠣᠨ ᠠᠴᠠ ᠮᠡᠨᠳᠦᠯᠡᠭᠰᠡᠨ ᠣᠣᠭᠠᠨ ᠬᠦᠪᠡᠭᠦᠨ ᠠᠮᠦᠬᠡ ︵阿木哥︶ ᠬᠡᠮᠡᠭᠴᠢ ᠶᠢ ᠬᠠᠶᠢᠰᠠᠩ ᠬᠠᠭᠠᠨ ᠰᠠᠭᠤᠭᠰᠠᠨ ᠤ ᠪᠠᠨ ᠲᠠᠷᠣᠢ ᠳᠤᠨᠢ ︵1307 ᠣᠨ︶ ᠢᠷᠦᠭᠡᠯᠳᠦ ᠸᠠᠩ ︵魏王︶ ᠬᠡᠮᠡᠨ ᠡᠷᠭᠦᠮᠵᠢᠯᠡᠵᠦ᠂ ᠠᠷᠢᠶᠠᠳᠠᠨ ᠤ ᠪᠠᠷᠢᠭᠤᠯᠳᠣ ᠠᠯᠳᠠᠨ ᠲᠠᠮᠠᠭ᠎ᠠ ᠰᠣᠶᠣᠷᠬᠠᠪᠠᠢ⑵᠃ 1285 ᠣᠨ ᠳᠤᠷ ᠲᠠᠶᠠ ᠬᠦᠪᠡᠭᠦᠨ ᠴᠢᠩᠬᠢᠮ ᠨᠠᠰᠣ ᠪᠠᠷᠠᠭᠰᠠᠨ ᠤ ᠲᠠᠷᠠᠭ᠎ᠠ ᠬᠤᠪᠢᠯᠠᠢ ᠰᠡᠴᠡᠨ ᠬᠠᠭᠠᠨ ᠪᠠᠷ᠂ ᠲᠠᠷᠮᠠᠪᠠᠯᠠ ᠪᠠᠷ ᠲᠠᠶᠠ ᠬᠦᠪᠡᠬᠦᠨ ᠢ ᠪᠠᠶᠢᠭᠤᠯᠬᠤ ᠬᠡᠮᠡᠨ ᠰᠡᠳᠬᠢᠵᠦ ᠠᠭᠰᠠᠨ ᠪᠣᠯᠪᠠᠴᠣ ᠲᠠᠷᠮᠠᠪᠠᠯᠠ ᠬᠡᠮᠡᠭᠴᠢ 1292 ᠣᠨ ᠳᠤᠷ ᠡᠪᠡᠳᠴᠢᠨ ᠢᠶᠠᠷ ᠬᠠᠯᠢᠵᠣᠬᠤᠢ᠃ 1307 ᠣᠨ ᠳᠤᠷ ᠲᠠᠷᠮᠠᠪᠠᠯᠠ ᠶᠢᠨ ᠬᠤᠶᠠᠳᠣᠭᠠᠷ ᠬᠦᠪᠡᠬᠦᠨ ᠬᠠᠶᠢᠰᠠᠩ ᠬᠡᠮᠡᠭᠴᠢ ᠬᠠᠭᠠᠨ ᠰᠠᠭᠤᠷᠢᠨ ᠢ ᠵᠠᠯᠭᠠᠮᠵᠢᠯᠠᠪᠠᠢ᠂ ᠡᠬᠦᠨ ᠢ ᠲᠡᠣᠬᠡᠨ ᠲᠡᠭᠡᠷ᠎ᠡ ᠶᠣᠸᠠᠨ ᠣᠯᠣᠰ ᠤᠨ ᠴᠣᠭᠳᠣ ᠲᠡᠭᠡᠳᠦᠰ ︵ᠦᠽᠦ᠋ᠩ武宗︶ ᠬᠡᠮᠡᠳᠡᠭ᠃ ᠬᠠᠶᠢᠰᠠᠩ ᠪᠠᠷ ᠬᠠᠭᠠᠨ ᠰᠠᠭᠤᠷᠢᠨ ᠳᠤ ᠰᠠᠭᠠᠳᠠᠮᠠᠭᠴᠠ ᠦᠪᠡᠷ  ᠤᠨ ᠡᠴᠢᠬᠡ ᠲᠠᠷᠮᠠᠪᠠᠯᠠ ᠪᠠᠨ ᠬᠠᠭᠠᠨ ᠬᠡᠮᠡᠨ ᠨᠡᠬᠡᠮᠵᠢᠯᠡᠨ ᠬᠦᠨᠳᠦᠯᠡᠭᠰᠡᠨ ᠪᠦᠭᠡᠳ ᠰᠦᠮ᠎ᠡ ᠶᠢᠨ ᠴᠣᠯᠠ ᠶᠢ ᠠᠨᠦ ᠡᠶᠡᠪᠡᠷ ᠲᠡᠭᠡᠳᠦᠰ ︵ᠱᠦᠨᠽᠦ᠋ᠩ顺宗︶ ᠬᠡᠮᠡᠨ ᠬᠦᠷᠦᠭᠯᠡᠵᠦ᠂ ᠬᠢᠳᠠᠳ ᠪᠢᠴᠢᠭ ᠢᠶᠠᠷ ᠨᠡᠬᠡᠨ ᠡᠷᠭᠦᠮᠵᠢᠯᠡᠭᠰᠡᠨ ᠴᠣᠯᠠ ᠶᠢ ᠠᠨᠦ ᠠᠴᠢᠯᠠᠯ ᠢ ᠲᠡᠯᠭᠡᠷᠡᠭᠦᠯᠦᠭᠰᠡᠨ ᠴᠢᠭᠡᠴᠢ ᠪᠣᠭᠳᠠ ᠬᠠᠭᠠᠨ ︵昭圣衍孝皇帝︶⑶ ᠬᠡᠮᠡᠵᠦᠬᠦᠢ᠂ ᠦᠨᠡᠨ ᠳᠡᠭᠡᠨ ᠲᠠᠷᠮᠠᠪᠠᠯᠠ ᠬᠠᠭᠠᠨ ᠡᠰᠡ ᠰᠠᠭᠤᠪᠠᠢ᠃                         ※ ᠠᠰᠢᠭᠯᠠᠭᠰᠡᠨ ᠰᠣᠷᠪᠣᠯᠵᠢ ᠪᠢᠴᠢᠭ᠄                         ⑴ ︽ᠶᠣᠸᠠᠨ ᠣᠯᠣᠰ ᠤᠨ ᠰᠣᠳᠣᠷ᠂ ᠡᠶᠡᠪᠡᠷ ᠲᠡᠭᠡᠳᠦᠰ ᠤᠨ ᠱᠠᠰᠳᠢᠷ元史顺宗传︾                         ⑵ ︽ᠶᠣᠸᠠᠨ ᠣᠯᠣᠰ ᠤᠨ ᠰᠣᠳᠣᠷ元史︾᠂ ᠬᠤᠷᠢᠨ ᠬᠤᠶᠠᠳᠣᠭᠠᠷ ᠪᠣᠳᠢ᠂ ︽ᠴᠣᠭᠳᠣ ᠲᠡᠭᠡᠳᠣᠰ ᠤᠨ ᠴᠠᠳᠢᠭ ᠨᠢᠭᠡ武宗本纪︾                         ⑶ ᠴᠧᠩ ᠵᠢᠣᠢ ᠹᠦ᠋程钜夫 ᠶᠢᠨ ᠵᠣᠬᠢᠶᠠᠭᠰᠠᠨ ︽ᠡᠶᠡᠪᠡᠷ ᠲᠡᠭᠡᠳᠣᠰ ᠬᠠᠭᠠᠨ ᠢ ᠨᠡᠬᠡᠨ ᠡᠷᠭᠦᠮᠵᠢᠯᠡᠭᠰᠡᠨ ᠨᠠᠪᠴᠢᠳᠣ ᠡᠷᠭᠦᠮᠵᠢᠯᠡᠯ ᠤᠨ ᠪᠢᠴᠢᠭ  顺宗皇帝谥册文︾                           ⑧ ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠠᠨ᠂ ᠨᠢᠭᠦᠯᠡᠰᠦᠩᠬᠦᠢ ᠦᠷᠦᠰᠢᠶᠡᠯᠳᠦ ᠴᠢᠭᠡᠴᠢ ᠶᠣᠰᠣᠳᠣ᠂ ᠬᠤᠳᠣᠭᠳᠣ ᠡᠰᠢᠳᠣ ᠡᠰᠡᠷᠸ᠎ᠠ ᠭᠦᠷᠦᠨ ᠲᠡᠭᠡᠳᠣ ᠬᠠᠳᠣᠨ ﹇ᠳ᠋ᠠᠵᠢ ᠬᠠᠳᠣᠨ﹈ 仪天兴圣慈 仁昭懿寿元皇太后 ﹇答己﹈ —— ︵︖ —— 1322 ᠣᠨ ᠤ 11 ᠰᠠᠷ᠎ᠠ ᠶᠢᠨ 1 ᠤ ᠡᠳᠦᠷ︶᠂ ᠨᠠᠷ᠎ᠠ ᠢᠨᠦ ᠳ᠋ᠠᠵᠢ ᠬᠡᠮᠡᠮᠣᠢ᠂ ᠬᠤᠩᠬᠢᠷᠠᠳ ᠣᠪᠣᠭᠳᠠᠨ᠂ ᠴᠢᠭᠡᠴᠢ ᠢᠪᠡᠭᠡᠯᠳᠣ ᠪᠣᠭᠳᠠ  ᠶᠢᠨ ᠡᠰᠢᠳᠣ ᠭᠦᠷᠦᠨ ᠬᠠᠳᠣᠨ ︵照献元圣皇后︶ ᠬᠡᠮᠡᠮᠣᠢ⑴᠃ ᠲᠡᠷᠡ ᠪᠣᠯᠪᠠᠰᠣ ᠬᠤᠪᠢᠯᠠᠢ ᠰᠡᠴᠡᠨ ᠬᠠᠭᠠᠨ ᠤ ᠣᠮᠪᠣᠯᠣ ᠲᠠᠷᠮᠠᠪᠠᠯᠠ ᠶᠢᠨ ᠬᠠᠳᠣᠨ ᠪᠦᠭᠡᠳ ᠶᠣᠸᠠᠨ ᠣᠯᠣᠰ ᠤᠨ ᠭᠤᠷᠪᠠᠳᠣᠭᠠᠷ ᠦᠶ᠎ᠡ ᠶᠢᠨ ᠬᠠᠭᠠᠨ ᠬᠠᠶᠢᠰᠠᠩ ᠬᠢᠭᠡᠳ ᠲᠦᠷᠪᠡᠳᠦᠭᠡᠷ ᠦᠶ᠎ᠡ ᠶᠢᠨ ᠬᠠᠭᠠᠨ ᠠᠶᠣᠷᠪᠠᠷᠸᠠᠳᠠ ᠬᠡᠮᠡᠭᠴᠢ ᠶᠢᠨ ᠲᠦᠷᠦᠭᠰᠡᠨ ᠡᠬᠡ ᠪᠣᠯᠣᠮᠣᠢ⑵᠂ ᠬᠤᠩᠭᠢᠷᠠᠳ ᠠᠶᠢᠮᠠᠭ ᠤᠨ ᠠᠯᠴᠣ ᠨᠣᠶᠠᠨ ᠤ ᠣᠮᠪᠣᠯᠣ ᠬᠦᠨᠳᠦᠳᠡᠮᠣᠷ ᠤᠨ ᠦᠬᠢᠨ⑶᠂ ᠬᠦᠪᠡᠬᠦᠨ ᠬᠠᠶᠢᠰᠩ ᠢᠶᠠᠨ ᠲᠡᠳᠭᠦᠵᠦ ᠬᠠᠭᠠᠨ ᠰᠠᠭᠤᠷᠢᠨ ᠳᠤᠷ ᠰᠠᠭᠠᠳᠠᠭᠤᠯᠪᠠᠢ᠃ ᠶᠡᠭᠡ ᠡᠷᠳᠡᠮᠳᠦ ︵ᠳ᠋ᠠ ᠳ᠋ᠧ大德︶ ᠬᠡᠮᠡᠬᠦᠢ ᠶᠢᠨ ᠠᠷᠪᠠᠨ ᠨᠢᠭᠡᠳᠦᠭᠡᠷ ᠣᠨ ᠤ ᠲᠠᠪᠣᠳᠣᠭᠠᠷ ᠰᠠᠷ᠎ᠠ ᠶᠢᠨ ᠬᠤᠷᠢᠨ ᠨᠢᠬᠡᠨ ᠤ ᠡᠳᠣᠷ ︵ᠠᠷᠭ᠎ᠠ ᠶᠢᠨ ᠣᠨ ᠲᠣᠭᠠᠯᠠᠯ ᠤᠨ 1307 ᠣᠨ ᠤ 6 ᠳ᠋ᠣᠭᠠᠷ ᠰᠠᠷ᠎ᠠ ᠶᠢᠨ ᠬᠤᠷᠢᠨ ᠨᠢᠭᠡᠨ ᠤ ᠡᠳᠦᠷ︶ ᠴᠣᠭᠳᠣ ᠲᠡᠭᠡᠳᠣᠰ ︵ᠦᠽᠦ᠋ᠩ武宗︶ ᠬᠠᠶᠢᠰᠠᠩ ᠬᠡᠮᠡᠭᠴᠢ ᠪᠠᠷ ᠬᠠᠭᠠᠨ ᠰᠠᠭᠤᠷᠢᠨ ᠳᠤᠷ ᠰᠠᠭᠠᠳᠠᠭᠠᠳ ᠮᠦᠨ ᠲᠣᠬᠠᠢ ᠶᠢᠨ ᠡᠳᠣᠷ  ᠲᠡᠭᠡᠨ ᠡᠬᠡ ᠳ᠋ᠠᠵᠢ ᠪᠠᠨ ᠡᠷᠭᠦᠮᠵᠢᠯᠡᠵᠦ ᠬᠦᠨᠳᠦᠯᠡᠯ ᠴᠣᠯᠠ ᠶᠢ ᠠᠨᠦ ᠲᠡᠭᠡᠳᠦ ᠭᠦᠷᠦᠨ ᠬᠠᠳᠣᠨ ︵皇太后︶ ᠬᠡᠮᠡᠭᠡᠳ ᠲᠦᠷᠦᠭᠰᠡᠨ ᠲᠡᠭᠦᠦ ᠠᠶᠣᠷᠪᠠᠷᠸᠠᠳᠠ ᠬᠡᠮᠡᠭᠴᠢ ᠪᠠᠷ ᠲᠠᠶᠠ ᠬᠦᠪᠡᠭᠦᠨ ︵ᠲᠠᠶᠢᠽᠢ太子︶ ᠢ ᠪᠠᠶᠢᠭᠤᠯᠪᠠᠢ᠃ ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠭᠤᠷᠪᠠᠳᠣᠭᠠᠷ ᠣᠨ ︵1310︶ ᠤ ᠠᠷᠪᠠᠨ ᠰᠠᠷ᠎ᠠ ᠳᠤ ᠴᠣᠭᠳᠣ ᠲᠡᠭᠡᠳᠣᠰ ᠬᠠᠶᠢᠰᠠᠩ ᠬᠠᠭᠠᠨ ᠪᠠᠷ ᠲᠠᠶᠠ ᠬᠦᠪᠡᠬᠦᠨ ᠬᠢᠭᠡᠳ ᠲᠦᠷᠦᠯ ᠸᠠᠩ᠂ ᠰᠠᠶᠢᠳ ᠲᠦᠰᠢᠮᠡᠳ ᠢᠶᠠᠨ ᠲᠠᠶᠢᠴᠢᠯᠠᠨ ᠪᠣᠭᠳᠠ ᠶᠢ ᠮᠠᠨᠳᠣᠭᠤᠯᠬᠤ ᠣᠷᠳᠣᠨ ︵兴圣宫︶ ᠳᠤᠷ ᠲᠦᠷᠦ ᠶᠢᠨ ᠪᠠᠷᠠᠬᠠᠯᠠᠯ ᠬᠢᠵᠦ ᠭᠦᠷᠦᠨ ᠲᠡᠭᠡᠳᠦ ᠬᠠᠳᠣᠨ ᠳ᠋ᠠᠵᠢ ᠶᠢᠨ ᠬᠦᠨᠳᠦᠯᠡᠯ ᠴᠣᠯᠠ ᠶᠢ ᠠᠨᠦ ︽ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠠᠨ ᠨᠢᠭᠦᠯᠡᠰᠦᠩᠭᠦᠢ ᠦᠷᠦᠰᠢᠶᠡᠯᠳᠦ ᠴᠢᠭᠡᠴᠢ ᠶᠣᠰᠣᠳᠣ ᠬᠤᠳᠣᠭᠳᠣ ᠡᠰᠢᠳᠦ ᠭᠦᠷᠦᠨ ᠲᠡᠭᠡᠳᠦ ᠬᠠᠳᠣᠨ ︵仪天兴圣慈仁昭懿寿元皇太后︶︾ ᠬᠡᠮᠡᠨ ᠬᠠᠰᠪᠣᠦ ᠲᠠᠮᠠᠭᠠᠳᠣ ᠨᠠᠪᠴᠢᠳᠣ ᠡᠷᠭᠦᠮᠵᠢᠯᠡᠯ ᠢᠶᠠᠷ ᠡᠷᠭᠦᠮᠵᠢᠯᠡᠪᠡᠢ⑷᠃ ᠣᠨᠣᠯᠳᠣ ᠶᠡᠭᠡ ︵ᠵᠾᠢ ᠳ᠋ᠠ至大︶ ᠬᠡᠮᠡᠬᠦᠢ  ᠶᠢᠨ ᠲᠦᠷᠪᠡᠳᠦᠭᠡᠷ ᠣᠨ ᠤ ᠭᠤᠷᠪᠠᠨ ᠰᠠᠷ᠎ᠠ ᠶᠢᠨ ᠠᠷᠪᠠᠨ ᠨᠠᠢᠮᠠᠨ ᠤ ᠡᠳᠦᠷ ︵ᠠᠷᠭ᠎ᠠ ᠶᠢᠨ ᠲᠣᠭᠠᠯᠠᠯ ᠤᠨ 1311 ᠣᠨ ᠤ ᠲᠦᠷᠪᠡᠳᠦᠭᠡᠷ ᠰᠠᠷ᠎ᠠ ᠶᠢᠨ 7 ᠤ ᠡᠳᠦᠷ︶ ᠶᠣᠸᠠᠨ ᠣᠯᠣᠰ ᠤᠨ ᠲᠦᠷᠪᠡᠳᠦᠭᠡᠷ ᠦᠶ᠎ᠡ ᠶᠢᠨ ᠬᠠᠭᠠᠨ ᠦᠷᠦᠰᠢᠶᠡᠯᠳᠦ ᠲᠡᠭᠡᠳᠦᠰ ︵ᠷᠧᠨᠽᠦ᠋ᠩ仁宗︶ ᠠᠶᠣᠷᠪᠠᠷᠸᠠᠳᠠ ᠬᠡᠮᠡᠭᠴᠢ ᠪᠠᠷ ᠬᠠᠭᠠᠨ ᠰᠠᠭᠤᠷᠢᠨ᠎ᠠ ᠰᠠᠭᠠᠳᠠᠭᠠᠳ ᠮᠦᠨ ᠲᠣᠬᠠᠢ ᠶᠢᠨ ᠡᠳᠦᠷ ᠲᠡᠭᠡᠨ ᠳ᠋ᠠᠵᠢ ᠶᠢᠨ ᠬᠦᠨᠳᠦᠯᠡᠯ ᠴᠣᠯᠠ ᠶᠢ ᠠᠨᠦ ᠭᠦᠷᠦᠨ ᠲᠡᠭᠡᠳᠦ ᠬᠠᠳᠣᠨ ᠬᠡᠮᠡᠨ‌ᠡᠷᠭᠦᠮᠵᠢᠯᠡᠪᠡᠢ᠃ ᠠᠷᠪᠢᠳᠬᠠᠨ ᠢᠪᠡᠭᠡᠭᠴᠢ ︵ᠶᠠᠨ ᠶᠢᠦ延祐︶ ᠬᠡᠮᠡᠬᠦᠢ ᠶᠢᠨ ᠬᠤᠶᠠᠳᠣᠭᠠᠷ ᠣᠨ ︵1315︶ ᠤ ᠭᠤᠷᠪᠠᠳᠣᠭᠠᠷ ᠰᠠᠷ᠎ᠠ ᠳᠤᠷ ᠶᠣᠸᠠᠨ ᠣᠯᠣᠰ ᠤᠨ ᠦᠷᠦᠰᠢᠶᠡᠯᠳᠦ ᠲᠡᠭᠡᠳᠦᠰ ᠠᠶᠣᠷᠪᠠᠷᠸᠠᠳᠠ ︵仁宗爱育黎拔力八达︶ ᠬᠠᠭᠠᠨ ᠪᠠᠷ ᠲᠦᠷᠦᠯ ᠸᠠᠩ ᠬᠢᠭᠡᠳ ᠵᠠᠭᠤᠨ ᠲᠦᠰᠢᠮᠡᠳ ᠢᠶᠠᠨ ᠲᠠᠭᠠᠭᠤᠯᠣᠨ ᠭᠦᠷᠦᠨ ᠲᠡᠭᠡᠳᠦ ᠬᠠᠳᠣᠨ ᠤ ᠬᠦᠨᠳᠣᠯᠡᠯ ᠴᠣᠯᠠ ᠶᠢ ᠠᠨᠦ ᠨᠡᠮᠡᠵᠦ᠂ ᠬᠠᠰ ᠲᠡᠪᠳᠡᠷ ᠬᠠᠰᠪᠣᠣ ᠲᠠᠮᠠᠭᠠᠳᠣ ᠡᠷᠭᠦᠮᠵᠢᠯᠡᠯ ᠢᠶᠠᠷ ︽ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠡᠨ ᠨᠢᠭᠦᠯᠡᠰᠦᠩᠬᠦᠢ ᠦᠷᠦᠰᠢᠶᠡᠯᠳᠦ ᠴᠢᠭᠡᠴᠢ ᠶᠣᠰᠣᠳᠣ ᠬᠤᠳᠣᠭᠳᠣ ᠡᠰᠢᠳᠣ ᠲᠡᠭᠦᠰ ᠠᠴᠢᠯᠠᠯᠳᠣ ᠡᠩᠬᠡ ᠠᠮᠣᠭᠤᠯᠣᠩ ᠪᠣᠶᠠᠨᠳᠣ ᠪᠠᠶᠠᠰᠬᠤᠯᠠᠩᠳᠣ ᠲᠡᠭᠡᠳᠣ ᠭᠦᠷᠦᠨ ᠬᠠᠳᠣᠨ ︵仪天兴圣慈仁昭懿寿元全德泰宁福 庆皇太后︶︾ ᠬᠡᠮᠡᠵᠦᠬᠦᠢ᠃⑸ ᠠᠷᠪᠢᠳᠬᠠᠨ ᠢᠪᠡᠭᠡᠭᠴᠢ ᠬᠡᠮᠡᠬᠦᠢ ᠶᠢᠨ ᠲᠣᠯᠣᠳᠣᠭᠠᠷ ᠣᠨ ᠤ ᠭᠤᠷᠪᠠᠳᠣᠭᠠᠷ ᠰᠠᠷ᠎ᠠ ᠶᠢᠨ ᠠᠷᠪᠠᠨ ᠨᠢᠭᠡᠨ ︵ᠠᠷᠭ᠎ᠠ ᠶᠢᠨ ᠣᠯᠠᠷᠢᠯ ᠤᠨ 1320 ᠣᠨ ᠤ ᠲᠦᠷᠪᠡᠳᠦᠭᠡᠷ ᠰᠠᠷ᠎ᠠ  ᠶᠢᠨ 19 ᠤ ᠡᠳᠦᠷ︶ ᠤ ᠡᠳᠦᠷ᠂ ᠶᠣᠸᠠᠨ ᠣᠯᠣᠰ ᠤᠨ ᠲᠠᠪᠣᠳᠣᠭᠠᠷ ᠦᠶ᠎ᠡ ᠶᠢᠨ ᠬᠠᠭᠠᠨ ᠠᠷᠣᠣᠬᠠᠨ ᠲᠡᠭᠡᠳᠣᠰ ︵ᠢᠩᠽᠦ᠋ᠩ英宗︶ ᠰᠣᠳᠢᠪᠠᠯᠠ ᠬᠡᠮᠡᠭᠴᠢ ᠪᠠᠷ ᠬᠠᠭᠠᠨ ᠰᠠᠭᠤᠷᠢᠨ᠎ᠠ ᠰᠠᠭᠠᠳᠠᠭᠠᠳ ᠳ᠋ᠠᠵᠢ ᠬᠠᠳᠣᠨ ᠤ ᠬᠦᠨᠳᠦᠯᠡᠯ ᠴᠣᠯᠠ ᠶᠢ ᠠᠨᠦ ᠡᠰᠡᠷᠸ᠎ᠠ ᠲᠡᠭᠡᠳᠦ ᠭᠦᠷᠦᠨ ᠬᠠᠳᠣᠨ ︵太皇太后︶ ᠬᠡᠮᠡᠵᠦᠬᠦᠢ᠃ ᠠᠷᠪᠢᠳᠬᠠᠨ ᠢᠪᠡᠭᠡᠭᠴᠢ ᠬᠡᠮᠡᠬᠦᠢ ᠶᠢᠨ ᠲᠣᠯᠣᠳᠣᠭᠠᠷ ᠣᠨ ︵1320︶ ᠤ ᠠᠷᠪᠠᠨ ᠬᠤᠶᠠᠳᠣᠭᠠᠷ ᠰᠠᠷ᠎ᠠ ᠳᠤ ᠡᠰᠡᠷᠸ᠎ᠡ ᠲᠡᠭᠡᠳᠦ ᠭᠦᠷᠦᠨ ᠬᠠᠳᠣᠨ ᠤ ᠬᠦᠨᠳᠦᠯᠡᠯ ᠴᠣᠯᠠ ᠶᠢ ᠠᠨᠦ ︽ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠡᠨ ᠨᠢᠭᠦᠯᠡᠰᠦᠩᠬᠦᠢ ᠦᠷᠦᠰᠢᠶᠡᠯᠳᠦ ᠴᠢᠭᠡᠴᠢ ᠶᠣᠰᠣᠳᠣ ᠬᠤᠳᠣᠭᠳᠣ ᠡᠰᠢᠳᠣ ᠲᠡᠭᠦᠰ ᠠᠴᠢᠯᠠᠯᠳᠣ ᠡᠩᠬᠡ ᠠᠮᠣᠭᠤᠯᠠᠩ ᠪᠣᠶᠠᠨᠳᠣ ᠪᠠᠶᠠᠰᠬᠤᠯᠠᠩᠳᠣ ᠰᠦᠯᠳᠡ ᠣᠳᠬᠠᠴᠢ ᠰᠦᠰᠦᠭᠳᠦ ᠢᠪᠡᠭᠡᠯᠳᠦ ᠡᠰᠡᠷᠸ᠎ᠡ ᠲᠡᠭᠡᠳᠦ ᠭᠦᠷᠦᠨ ᠬᠠᠳᠣᠨ ︵仪天兴圣慈仁昭懿寿元全德泰宁福 庆徽文崇佑皇太后︶︾ ᠬᠡᠮᠡᠯᠦᠭᠡ⑹᠃ ᠣᠨᠣᠯᠳᠣ ᠵᠠᠰᠠᠭᠴᠢ ︵ᠵᠾᠢ ᠵᠾᠢ至治︶ ᠬᠡᠮᠡᠬᠦᠢ ᠶᠢᠨ ᠬᠤᠶᠠᠳᠣᠭᠠᠷ ᠣᠨ ᠤ ᠶᠢᠰᠤᠨ ᠰᠠᠷ᠎ᠠ ᠶᠢᠨ ᠬᠤᠷᠢᠨ ᠬᠤᠶᠠᠷ ᠤᠨ ᠣᠯᠠᠭᠠᠨ ᠯᠣᠣ ᠡᠳᠦᠷ ︵ᠠᠷᠭ᠎ᠠ ᠶᠢᠨ ᠲᠣᠭᠠᠯᠠᠯ ᠤᠨ 1322 ᠣᠨ ᠤ 11 ᠰᠠᠷ᠎ᠠ ᠶᠢᠨ 1 ᠤ ᠡᠳᠦᠷ︶ ᠳ᠋ᠠᠵᠢ ᠬᠠᠳᠣᠨ ᠡᠪᠡᠳᠴᠢᠨ ᠢᠶᠠᠷ ᠬᠠᠯᠢᠪᠠᠢ᠃ ᠣᠨᠣᠯᠳᠣ ᠵᠠᠰᠠᠭᠴᠢ ︵ᠵᠾᠢ ᠵᠾᠢ至治︶ ᠬᠡᠮᠡᠬᠦᠢ ᠶᠢᠨ ᠭᠤᠷᠪᠠᠳᠣᠭᠠᠷ ᠣᠨ ᠤ ᠭᠤᠷᠪᠠᠳᠣᠭᠠᠷ ᠰᠠᠷ᠎ᠠ ᠶᠢᠨ ᠠᠷᠪᠠᠨ ᠲᠣᠯᠣᠭᠠᠨ ᠤ ᠰᠢᠷ᠎ᠠ ᠪᠡᠴᠢᠨ ᠡᠳᠦᠷ ︵ᠠᠷᠭ᠎ᠠ ᠶᠢᠨ ᠲᠣᠭᠠᠯᠠᠯ ᠤᠨ 1323 ᠣᠨ ᠤ 4 ᠰᠠᠷ᠎ᠠ ᠶᠢᠨ 22 ᠤᠨ ᠡᠳᠦᠷ︶ ᠶᠣᠸᠠᠨ ᠣᠯᠣᠰ ᠤᠨ ᠠᠷᠣᠣᠬᠠᠨ ᠲᠡᠭᠡᠳᠦᠰ ᠰᠣᠳᠢᠪᠠᠯᠠ ᠬᠠᠭᠠᠨ ᠪᠠᠷ ᠲᠣᠬᠤᠷᠣᠭᠤᠯᠣᠭᠴᠢ ᠲᠦᠰᠢᠮᠡᠯ ︵太尉︶ ᠢᠶᠠᠷ ᠪᠡᠶ᠎ᠡ ᠶᠢ ᠤᠷᠤᠯᠠᠭᠤᠯᠤᠨ ᠲᠣᠮᠢᠯᠠᠵᠦ᠂ ᠲᠦᠪ ᠪᠢᠴᠢᠭ ᠤᠨ ᠮᠣᠵᠢ ᠶᠢᠨ ᠪᠠᠷᠠᠭᠤᠨ ᠭᠠᠷ ᠤᠨ ᠲᠡᠷᠢᠭᠦᠯᠦᠭᠴᠢ ᠰᠠᠶᠢᠳ ᠪᠠᠶᠢᠵᠦ᠋ ︵中 书右丞相拜住︶ ᠬᠡᠮᠡᠭᠴᠢ ᠶᠢ ᠵᠠᠷᠯᠢᠭᠳᠠᠨ ᠬᠠᠰ ᠲᠡᠪᠳᠡᠷ ᠬᠠᠰᠪᠣᠣ ᠲᠠᠮᠠᠭᠠᠳᠣ ᠡᠷᠭᠦᠮᠵᠢᠯᠡᠯ ᠢᠶᠠᠷ ᠳ᠋ᠠᠵᠢ ᠬᠠᠳᠣᠨ ᠤ ᠨᠡᠬᠡᠨ ᠡᠷᠭᠦᠮᠵᠢᠯᠡᠭᠰᠡᠨ ᠬᠦᠨᠳᠦᠯᠡᠯ ᠴᠣᠯᠠ ᠶᠢ ᠠᠨᠦ ᠴᠢᠭᠡᠴᠢ ᠢᠪᠡᠬᠡᠯᠳᠦ ᠪᠣᠭᠳᠠ ᠶᠢᠨ ᠡᠰᠢᠳᠣ ᠭᠦᠷᠦᠨ ︵照 献元圣皇后︶ ᠬᠠᠳᠣᠨ ᠬᠡᠮᠡᠭᠡᠳ ᠲᠠᠬᠢᠯ ᠢ ᠠᠨᠦ ᠡᠶᠡᠪᠡᠷ ᠲᠡᠭᠡᠳᠦᠰ ᠲᠠᠷᠮᠠᠪᠠᠯᠠ ᠶᠢᠨ ᠰᠦᠮ᠎ᠡ ︵顺宗庙︶ ᠳᠤᠷ ᠲᠡᠪᠰᠢᠭᠦᠯᠪᠡᠢ⑺᠃ ᠳ᠋ᠠᠵᠢ ᠬᠠᠳᠣᠨ ᠪᠣᠯᠪᠠᠰᠣ ᠣᠯᠠᠨ ᠠᠴᠠ ᠬᠡᠳᠦᠶᠢᠳᠡᠭᠰᠡᠨ ᠰᠡᠴᠡᠨ ᠰᠡᠷᠭᠦᠯᠡᠩ ᠬᠦᠮᠦᠨ ᠶᠣᠮ᠂ ᠲᠡᠷᠡ ᠪᠠᠷ ᠨᠢᠬᠡ ᠨᠠᠰᠣᠨ ᠳᠠᠭᠠᠨ ᠴᠣᠭᠳᠣ ᠲᠡᠭᠡᠳᠣᠰ ᠬᠠᠶᠢᠰᠠᠩ᠂ ᠦᠷᠦᠰᠢᠶᠡᠯᠳᠦ ᠲᠡᠭᠡᠳᠣᠰ ᠠᠶᠣᠷᠪᠠᠷᠸᠠᠳᠠ᠂ ᠠᠷᠣᠣᠬᠠᠨ ᠲᠡᠭᠡᠳᠣᠰ ᠰᠣᠳᠢᠪᠠᠯᠠ ᠵᠡᠷᠬᠡ ᠭᠤᠷᠪᠠᠨ ᠬᠠᠭᠠᠨ ᠢ ᠲᠡᠳᠭᠦᠨ ᠪᠠᠶᠢᠭᠤᠯᠣᠭᠰᠠᠨ ᠪᠦᠭᠡᠳ ᠲᠣᠳᠣᠭᠠᠳᠣ ᠣᠷᠳᠣᠨ ᠢ ᠵᠠᠬᠢᠷᠬᠤ ᠳᠠᠭᠠᠨ ᠴᠦ ᠮᠠᠰᠢ ᠴᠢᠳᠠᠮᠠᠭᠠᠢ ᠠᠷᠭ᠎ᠠ ᠰᠠᠮᠪᠠᠭ᠎ᠠ ᠲᠠᠢ ᠶᠣᠮ᠃ ᠭᠡᠪᠡᠴᠦ ᠲᠡᠷᠡ ᠪᠠᠷ ᠲᠡᠭᠡᠳᠦ ᠬᠠᠳᠣᠨ᠂ ᠭᠦᠷᠦᠨ ᠲᠡᠭᠡᠳᠦ ᠬᠠᠳᠣᠨ᠂ ᠡᠰᠡᠷᠸ᠎ᠠ ᠲᠡᠭᠡᠳᠦ ᠭᠦᠷᠦᠨ ᠬᠠᠳᠣᠨ ᠬᠡᠮᠡᠬᠦ ᠭᠠᠷᠤᠯ ᠪᠠᠶᠢᠷᠢ ᠠᠴᠠ ᠪᠠᠨ ᠪᠣᠯᠵᠣ ᠲᠦᠷᠦ ᠶᠢᠨ ᠬᠡᠷᠡᠭ ᠲᠤᠷ ᠲᠣᠷ᠎ᠠ ᠲᠠᠪᠠ ᠪᠠᠷ ᠢᠶᠠᠨ ᠭᠠᠷ ᠲᠦᠷᠦᠵᠦ᠂ ᠵᠠᠰᠠᠭ ᠴᠠᠭᠠᠵᠠ ᠶᠢ ᠵᠣᠷᠢᠭ ᠮᠡᠳᠡᠨ ᠲᠣᠩᠬᠠᠭᠯᠠᠬᠤ ᠮᠦᠷᠳᠡᠭᠡᠨ ᠬᠡᠳᠦᠷᠬᠡᠢ ᠶᠡᠭᠡ ᠪᠦᠷᠢᠯᠬᠡᠨ ᠰᠦᠢᠳᠬᠡᠳᠡᠭ ᠠᠪᠠᠢ᠃ ᠲᠣᠳᠣᠭᠠᠳᠣ ᠣᠷᠳᠣᠨ ᠳᠤᠷ ᠢᠶᠠᠨ ᠪᠣᠯᠪᠠᠰᠣ ᠬᠦᠬᠦᠯ ᠡᠬᠡ ᠢᠷᠢᠶᠡᠰᠢᠪᠡ ᠬᠡᠮᠡᠭᠴᠢ ᠶᠢ ᠲᠣᠳᠣᠨᠣᠴᠢᠯᠠᠨ ᠢᠳᠡᠭᠡᠵᠦ᠂ ᠲᠦᠷᠦ ᠵᠠᠰᠠᠭ ᠲᠤᠷ ᠪᠣᠯᠪᠠᠰᠣ ᠰᠢᠷᠠᠮᠣᠨ᠂ ᠨᠦᠷᠢᠨ ᠵᠢᠴᠢ ᠲᠡᠮᠦᠷᠳᠠᠷ᠎ᠠ ᠵᠡᠷᠬᠡ ᠵᠠᠯᠢᠬᠠᠢ ᠰᠠᠶᠢᠳ ᠢ ᠢᠳᠡᠭᠡᠮᠵᠢᠯᠡᠨ ᠬᠡᠷᠡᠭᠯᠡᠭᠰᠡᠨ ᠠᠴᠠ ᠲᠦᠷᠦ ᠶᠢ ᠲᠦᠢᠪᠡᠭᠡᠨ ᠲᠦᠮᠡᠨ ᠢ ᠬᠡᠯᠡᠮᠡᠭᠳᠡᠭᠦᠯᠵᠦᠬᠦᠢ⑻᠃ ᠡᠭᠦᠨ ᠤ ᠳ᠋ᠦᠩ ᠳᠤᠷ ᠶᠣᠸᠠᠨ ᠣᠯᠣᠰ ᠤᠨ ᠲᠣᠮᠳᠠᠴᠢ ᠦᠶ᠎ᠡ ᠶᠢᠨ ᠨᠣᠶᠠᠷᠬᠠᠭᠴᠢ ᠪᠦᠯᠦᠭ ᠤᠨ ᠬᠤᠭᠤᠷᠣᠨᠳᠣᠬᠢ ᠲᠣᠳᠣᠭᠠᠳᠣ ᠶᠢᠨ ᠰᠠᠮᠠᠭᠤᠷᠠᠯ ᠪᠣᠢ ᠪᠣᠯᠪᠠ᠂ ᠡᠨᠡᠬᠦ ᠰᠠᠮᠠᠭᠤᠷᠠᠯ ᠨᠢ ᠴᠢᠪ ᠬᠡᠮᠡᠨ ᠶᠣᠸᠠᠨ ᠣᠯᠣᠰ ᠢ ᠲᠣᠷᠣᠶᠢᠳᠠᠯ ᠤᠨ ᠵᠦᠭ ᠬᠠᠨᠳᠣᠭᠤᠯᠣᠭᠰᠠᠨ ᠠᠶᠤᠯ ᠤᠨ ᠦᠨᠳᠦᠰᠦ ᠪᠣᠯᠣᠭᠰᠠᠨ ᠪᠠᠶᠢᠯᠤᠭ᠎ᠠ᠃               ※ ᠠᠰᠢᠭᠯᠠᠭᠰᠠᠨ ᠰᠣᠷᠪᠣᠯᠵᠢ ᠪᠢᠴᠢᠭ                         ⑴︽ᠶᠣᠸᠠᠨ ᠣᠯᠣᠰ ᠤᠨ ᠰᠣᠳᠣᠷ᠂ ᠵᠠᠭᠤ ᠠᠷᠪᠠᠨ ᠵᠢᠷᠭᠤᠳᠣᠭᠠᠷ ᠪᠣᠳᠢ︾                         ⑵ ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠠᠳᠣᠳ ᠤᠨ ᠱᠠᠰᠳᠢᠷ︾                         ⑶ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠠᠳᠣᠳ ᠤᠨ ᠱᠠᠰᠳᠢᠷ︾                         ⑷ ︽ᠶᠣᠸᠠᠨ ᠣᠯᠣᠰ ᠤᠨ ᠰᠣᠳᠣᠷ᠂ ᠴᠣᠭᠳᠣ ᠲᠡᠭᠡᠳᠦᠰ ᠤᠨ ᠴᠠᠳᠢᠭ︾                         ⑸︽ᠶᠣᠸᠠᠨ ᠣᠯᠣᠰ ᠤᠨ ᠰᠣᠳᠣᠷ᠂ ᠦᠷᠦᠰᠢᠶᠡᠯᠳᠦ ᠲᠡᠭᠡᠳᠦᠰ ᠤᠨ ᠴᠠᠳᠢᠭ︾                         ⑹︽ᠶᠣᠸᠠᠨ ᠣᠯᠣᠰ ᠤᠨ ᠰᠣᠳᠣᠷ᠂ ᠠᠷᠣᠣᠬᠠᠨ ᠲᠡᠭᠡᠳᠦᠰ ᠤᠨ ᠴᠠᠳᠢᠭ︾                         ⑺︽ᠶᠣᠸᠠᠨ ᠣᠯᠣᠰ ᠤᠨ ᠰᠣᠳᠣᠷ᠂ ᠠᠷᠣᠣᠬᠠᠨ ᠲᠡᠭᠡᠳᠦᠰ ᠤᠨ ᠴᠠᠳᠢᠭ︾                         ⑻︽ᠶᠣᠸᠠᠨ ᠣᠯᠣᠰ ᠤᠨ ᠰᠣᠳᠣᠷ᠂ ᠵᠠᠭᠤ ᠵᠢᠷᠭᠤᠳᠣᠭᠠᠷ ᠪᠣᠳᠢ︾                         ⑨ ᠪᠦᠳᠦᠭᠡᠭᠴᠢ ᠲᠡᠭᠡᠳᠦᠰ ﹇ᠴᠧᠩᠽᠦ᠋ᠩ ᠲᠡᠮᠦᠷ ᠬᠠᠭᠠᠨ﹈   —— ︵1265 ᠣᠨ ᠤ 10 ᠰᠠᠷ᠎ᠠ ᠶᠢᠨ 15 ᠤ ᠡᠳᠦᠷ —— 1307 ᠣᠨ ᠤ 2 ᠰᠠᠷ᠎ᠠ ᠶᠢᠨ 10 ᠤ ᠡᠳᠦᠷ︶᠂ ᠶᠡᠭᠡ ᠶᠣᠸᠠᠨ ᠣᠯᠣᠰ  ᠤᠨ ᠬᠤᠶᠠᠳᠣᠭᠠᠷ ᠦᠶ᠎ᠡ ᠶᠢᠨ ᠬᠠᠭᠠᠨ᠂ ᠶᠡᠭᠡ ᠮᠣᠩᠭᠤᠯ ᠬᠠᠭᠠᠳᠣ ᠣᠯᠣᠰ ᠤᠨ ᠵᠢᠷᠭᠤᠳᠣᠭᠠᠷ ᠦᠶ᠎ᠡ ᠶᠢᠨ ᠬᠠᠭᠠᠨ᠂ 1294 ᠣᠨ ᠤ 5 ᠰᠠᠷ᠎ᠠ ᠶᠢᠨ 10 ᠡᠳᠦᠷ —— 1307 ᠣᠨ ᠤ 2 ᠰᠠᠷ᠎ᠠ ᠶᠢᠨ 10 ᠤ ᠡᠳᠦᠷ ᠪᠣᠯᠳᠠᠯ᠎ᠠ 13 ᠵᠢᠯ ᠬᠠᠭᠠᠨ ᠰᠠᠭᠤᠷᠢᠨ᠎ᠠ ᠰᠠᠭᠠᠳᠠᠪᠠᠢ⑴᠃ ᠶᠣᠸᠠᠨ ᠣᠯᠣᠰ ᠤᠨ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠤ ᠣᠮᠪᠣᠯᠣ᠂ ᠲᠠᠶᠠ ︵dayaa︶ ᠬᠦᠪᠡᠬᠦᠨ ︵ᠲᠠᠶᠢᠽᠢ太子︶ ᠴᠢᠩᠬᠢᠮ ᠤᠨ ᠭᠤᠷᠪᠠᠳᠣᠭᠠᠷ ᠬᠦᠪᠡᠭᠦᠨ᠂ ᠡᠬᠡ ᠢᠨᠦ ᠬᠦᠭᠡᠵᠢᠨ᠂ ᠦᠭᠡᠷ᠎ᠡ ᠨᠡᠷ᠎ᠡ ᠪᠡᠯᠡᠨ ᠡᠭᠡᠴᠢ ᠬᠡᠮᠡᠮᠣᠢ᠃ ᠲᠡᠭᠦᠨ ᠢ ᠲᠡᠭᠷᠢ ᠳᠤ ᠬᠠᠯᠢᠭᠰᠠᠨ ᠤ ᠲᠠᠷᠠᠭ᠎ᠠ ᠨᠡᠬᠡᠨ ᠡᠷᠭᠦᠮᠵᠢᠯᠡᠭᠰᠡᠨ ᠴᠣᠯᠠ ᠶᠢ ᠠᠨᠦ ᠪᠢᠰᠢᠷᠡᠯᠳᠣ ᠬᠡᠬᠡᠨ ᠠᠭᠤᠳᠠᠮ ᠲᠠᠬᠢᠮᠳᠠᠭᠤ ᠬᠠᠭᠠᠨ ︵钦明广孝皇帝︶ ᠬᠡᠮᠡᠵᠦ ᠰᠦᠮ᠎ᠡ ᠶᠢᠨ ᠴᠣᠯᠠ ᠶᠢ ᠠᠨᠦ ᠪᠦᠳᠦᠭᠡᠭᠴᠢ ᠲᠡᠭᠡᠳᠦᠰ ︵成宗︶ ᠬᠡᠮᠡᠭᠡᠳ ᠮᠣᠩᠭᠤᠯ ᠤᠨ ᠬᠡᠯᠡ ᠪᠠᠷ ᠦᠯᠵᠢᠢᠳᠦ ᠬᠠᠭᠠᠨ ︵完泽笃皇帝︶⑵ ᠬᠡᠮᠡᠨ ᠰᠦᠭᠯᠡᠵᠦᠬᠦᠢ᠃ ᠣᠨᠣᠯᠳᠣ ᠲᠡᠷᠢᠭᠦᠨ ᠤ ᠬᠤᠷᠢᠨ ᠬᠤᠶᠠᠳᠣᠭᠠᠷ ᠣᠨ ᠤ ᠪᠢᠯᠢᠭ ᠤᠨ ᠣᠯᠠᠷᠢᠯ ᠤᠨ ᠠᠷᠪᠠᠨ ᠬᠤᠶᠠᠷ ᠰᠠᠷ᠎ᠠ ᠶᠢᠨ ᠠᠷᠪᠠᠨ ᠤ ᠡᠳᠦᠷ ︵ᠠᠷᠭ᠎ᠠ ᠶᠢᠨ ᠲᠣᠭᠠᠯᠠᠯ ᠤᠨ 1286 ᠣᠨ ᠤ 1 ᠰᠠᠷ᠎ᠠ ᠶᠢᠨ5 ᠤ ᠡᠳᠦᠷ︶ ᠲᠠᠶᠠ ᠬᠦᠪᠡᠭᠦᠨ ᠴᠢᠩᠬᠢᠮ ᠨᠦᠭᠴᠢᠪᠡᠢ᠂ ᠬᠤᠪᠢᠯᠠᠢ ᠬᠠᠭᠠᠨ ᠪᠠᠷ ᠴᠢᠩᠬᠢᠮ ᠤᠨ ᠬᠤᠶᠠᠳᠣᠭᠠᠷ ᠬᠦᠪᠡᠭᠦᠨ ᠲᠠᠷᠮᠠᠪᠠᠯᠠ ᠬᠡᠮᠡᠭᠴᠢ ᠪᠠᠷ ᠲᠠᠶᠠ ᠬᠦᠪᠡᠭᠦᠨ ᠢ ᠪᠠᠶᠢᠭᠤᠯᠬᠤ ᠬᠡᠮᠡᠨ ᠰᠡᠳᠬᠢᠵᠦ ᠠᠭᠰᠠᠨ ᠪᠣᠯᠪᠠᠴᠣ 1292 ᠣᠨ ᠳᠤᠷ ᠲᠠᠷᠮᠠᠪᠠᠯᠠ ᠴᠦ ᠡᠪᠡᠳᠴᠢᠨ ᠢᠶᠠᠷ ᠬᠠᠯᠢᠵᠣᠬᠤᠢ᠃ ᠣᠨᠣᠯᠳᠣ ᠲᠡᠷᠢᠭᠦᠨ ᠬᠡᠮᠡᠬᠦᠢ ᠶᠢᠨ ᠭᠤᠴᠢᠳᠣᠭᠠᠷ ᠣᠨ ︵1293︶ ᠳᠤᠷ ᠴᠢᠩᠬᠢᠮ ᠤᠨ ᠭᠤᠷᠪᠠᠳᠣᠭᠠᠷ ᠬᠦᠪᠡᠭᠦᠨ ᠲᠡᠮᠦᠷ ᠬᠡᠮᠡᠭᠴᠢ ᠪᠠᠷ ᠲᠠᠶᠠ ᠬᠦᠪᠡᠭᠦᠨ ᠤ ᠲᠠᠮᠠᠭ᠎ᠠ ᠶᠢ ᠬᠦᠯᠢᠶᠡᠵᠦ ᠴᠡᠷᠢᠭ  ᠢ ᠶᠡᠷᠦᠩᠬᠡᠶᠢᠯᠡᠨ ᠵᠠᠬᠢᠷᠴᠣ ᠭᠤᠪᠢ ᠶᠢᠨ ᠠᠷᠣ ᠳᠠᠬᠢ ᠬᠠᠷ᠎ᠠ ᠬᠤᠷᠣᠮ ᠢ ᠲᠠᠷᠣᠩᠭᠤᠶᠢᠯᠠᠨ ᠰᠠᠬᠢᠪᠠᠢ ⑶᠃ ᠣᠨᠣᠯᠳᠣ ᠲᠡᠷᠢᠭᠦᠨ ᠬᠡᠮᠡᠬᠦᠢ ᠶᠢᠨ ᠭᠤᠴᠢᠨ ᠨᠢᠭᠡᠳᠦᠭᠡᠷ ᠣᠨ ᠤ ᠪᠢᠯᠢᠭ ᠤᠨ ᠣᠯᠠᠷᠢᠯ ᠤᠨ ᠴᠠᠭᠠᠨ ᠰᠠᠷ᠎ᠠ ᠶᠢᠨ ᠬᠤᠷᠢᠨ ᠬᠤᠶᠠᠷ ᠤᠨ ᠡᠳᠦᠷ ︵ᠠᠷᠭ᠎ᠠ ᠶᠢᠨ ᠲᠣᠭᠠᠯᠠᠯ ᠤᠨ 1294 ᠣᠨ ᠤ 2 ᠰᠠᠷ᠎ᠠ ᠶᠢᠨ 18 ᠤ ᠡᠳᠦᠷ︶ ᠬᠤᠪᠢᠯᠠᠢ ᠰᠡᠴᠡᠨ ᠬᠠᠭᠠᠨ ᠲᠡᠭᠷᠢ ᠪᠣᠯᠣᠭᠰᠠᠨ᠎ᠠ ᠲᠠᠪᠰᠢᠭᠤᠯᠳᠣ ᠸᠠᠩ ᠬᠡᠮᠡᠨ ᠡᠷᠭᠦᠮᠵᠢᠯᠡᠭᠳᠡᠭᠰᠡᠨ ᠴᠢᠩᠬᠢᠮ ᠤᠨ ᠣᠣᠭᠠᠨ ᠬᠦᠪᠡᠭᠦᠨ ᠭᠠᠮᠠᠯᠠ ᠬᠡᠮᠡᠭᠴᠢ ᠶᠢ ᠦᠷᠭᠦᠯᠵᠢᠯᠡᠨ ᠣᠮᠠᠷ᠎ᠠ ᠵᠣᠪᠬᠢᠰ ᠢ ᠢᠯᠪᠢᠨ ᠲᠦᠪᠬᠢᠨᠡᠭᠦᠯᠬᠦ ᠪᠠᠷ ᠲᠣᠭᠳᠠᠭᠠᠭᠰᠠᠨ  ᠳᠤᠷ ᠲᠡᠮᠦᠷ ᠬᠡᠮᠡᠭᠴᠢ ᠪᠠᠷ ᠡᠬᠡ ᠬᠦᠬᠡᠴᠢᠨ ᠬᠢᠭᠡᠳ ᠲᠦᠰᠢᠶ᠎ᠡ ᠲᠦᠰᠢᠮᠡᠯ ᠪᠠᠶᠠᠨ ᠨᠠᠷ ᠤᠨ ᠲᠡᠮᠵᠢᠯᠬᠡ ᠪᠠᠷ ᠣᠨᠣᠯᠳᠣ ᠲᠡᠷᠢᠭᠦᠨ ᠬᠡᠮᠡᠬᠦᠢ ᠶᠢᠨ ᠭᠤᠴᠢᠨ ᠨᠢᠭᠡᠳᠦᠭᠡᠷ ᠣᠨ ᠤ ᠪᠢᠯᠢᠭ ᠤᠨ ᠣᠯᠣᠷᠢᠯ ᠤᠨ ᠲᠦᠷᠪᠡᠨ ᠰᠠᠷ᠎ᠠ ᠶᠢᠨ ᠠᠷᠪᠠᠨ ᠲᠦᠷᠪᠡᠨ ᠤ ᠡᠳᠦᠷ ︵ᠠᠷᠭ᠎ᠠ ᠶᠢᠨ ᠲᠣᠭᠠᠯᠠᠯ ᠤᠨ 1294 ᠣᠨ ᠤ 5 ᠰᠠᠷ᠎ᠠ ᠶᠢᠨ 10 ᠤ ᠡᠳᠦᠷ︶ ᠲᠡᠭᠡᠳᠦ ᠨᠡᠶᠢᠰᠡᠯᠯ ᠤᠨ ᠶᠡᠭᠡ ᠠᠮᠣᠭᠤᠯᠠᠩ ᠬᠡᠮᠡᠬᠦ ᠲᠠᠪᠬᠤᠷᠯᠢᠭᠳᠣ ᠠᠰᠠᠷ ᠲᠤᠷ ᠬᠠᠭᠠᠨ ᠰᠠᠭᠤᠷᠢᠨ᠎ᠠ ᠰᠠᠭᠠᠳᠠᠪᠠᠢ ⑷ ᠂ ᠡᠭᠦᠨ ᠢ ᠲᠡᠣᠬᠡᠨ ᠲᠡᠭᠡᠷ᠎ᠡ ᠬᠢᠳᠠᠳ ᠤᠨ ᠪᠢᠴᠢᠭᠳᠡᠳ ᠰᠦᠮ᠎ᠡ ᠶᠢᠨ ᠴᠣᠯᠠ ᠪᠠᠷ ᠨᠢ ᠪᠦᠲᠦᠭᠡᠭᠴᠢ ᠲᠡᠭᠡᠳᠦᠰ ᠬᠡᠮᠡᠳᠡᠭ ᠪᠦᠯᠦᠭᠡ᠃ ᠲᠡᠮᠦᠷ᠂ ᠬᠠᠭᠠᠨ ᠰᠠᠭᠤᠷᠢᠨ ᠳᠤᠷ ᠰᠠᠭᠠᠳᠠᠭᠰᠠᠨ ᠤ ᠪᠠᠨ ᠲᠠᠷᠠᠭ᠎ᠠ ᠭᠠᠳᠠᠭᠰᠢ ᠲᠡᠯᠡᠬᠦ ᠲᠠᠶᠢᠨ  ᠢ ᠵᠣᠭᠰᠣᠭᠠᠵᠣ᠂ ᠶᠠᠫᠣᠨ ᠬᠢᠭᠡᠳ ᠸᠧᠢᠲᠨᠠᠮ ᠳᠤᠷ ᠴᠡᠷᠢᠭᠯᠡᠬᠦ ᠶᠢ ᠪᠠᠶᠢᠯᠭᠠᠨ ᠣᠯᠣᠰ ᠤᠨ ᠲᠣᠳᠣᠭᠠᠳᠣ ᠶᠢᠨ ᠴᠡᠷᠢᠭ ᠵᠠᠰᠠᠭ ᠢᠶᠠᠨ ᠴᠢᠭᠴᠢᠯᠡᠨ ᠮᠦᠷᠡᠨ ᠤ ᠡᠮᠦᠨᠡᠳᠡᠬᠢ ᠣᠷᠣᠨ ᠤ ᠭᠠᠶᠢᠯᠢ ᠭᠠᠪᠴᠢᠭᠤᠷ ᠢ ᠬᠦᠩᠭᠡᠯᠡᠨ ᠬᠡᠯᠳᠦᠷᠢᠭᠦᠯᠬᠦ ᠶᠢᠨ ᠬᠠᠮᠳᠣ ᠲᠦᠷᠦᠯ ᠸᠠᠩ ᠨᠠᠷ ᠤᠨ ᠰᠦᠷ ᠬᠦᠴᠦᠨ ᠢ ᠬᠢᠵᠠᠭᠠᠷᠯᠠᠨ ᠵᠠᠰᠠᠭ ᠴᠠᠭᠠᠵᠠ ᠶᠢ ᠰᠢᠨ᠎ᠡ ᠪᠠᠷ ᠪᠢᠴᠢᠭᠯᠡᠨ ᠵᠠᠷᠯᠠᠬᠤ ᠵᠡᠷᠬᠡ ᠠᠷᠭ᠎ᠠ ᠪᠣᠳᠣᠯᠭ᠎ᠠ ᠶᠢ ᠬᠡᠷᠡᠭᠵᠢᠭᠦᠯᠦᠭᠰᠡᠨ ᠠᠴᠠ ᠨᠡᠶᠢᠬᠡᠮ ᠤᠨ ᠵᠦᠷᠢᠴᠡᠯ ᠢ ᠢᠯᠡᠳᠳᠡ ᠨᠠᠮᠳᠠᠭᠤᠯᠪᠠᠢ ᠃ ᠲᠠᠮᠦᠷ ᠬᠠᠭᠠᠨ ᠰᠠᠭᠤᠷᠢᠨ ᠳᠤᠷ ᠠᠭᠰᠠᠨ ᠬᠤᠭᠤᠴᠠᠭᠠᠨ ᠳᠠᠭᠠᠨ ᠦᠨᠳᠦᠰᠦᠨ ᠲᠡᠭᠡᠷ᠎ᠡ ᠪᠠᠨ ᠪᠦᠳᠦᠭᠡᠯ ᠢ ᠰᠠᠬᠢᠬᠤ ᠪᠠᠶᠢᠳᠠᠯ ᠢᠶᠠᠨ ᠪᠠᠷᠢᠮᠳᠠᠯᠠᠭᠰᠠᠨ ᠪᠣᠯᠪᠠᠴᠣ ᠱᠠᠩᠨᠠᠯ ᠰᠣᠶᠣᠷᠬᠠᠯ ᠢ ᠲᠣᠷ᠎ᠠ ᠪᠠᠷ ᠲᠦᠭᠡᠭᠡᠭᠰᠡᠨ ᠠᠴᠠ ᠣᠷᠣᠯᠭ᠎ᠠ ᠨᠢ ᠵᠠᠷᠣᠯᠭ᠎ᠠ ᠳᠠᠭᠠᠨ ᠬᠦᠷᠬᠦ ᠦᠭᠡᠢ ᠪᠣᠯᠵᠣ ᠣᠯᠣᠰ ᠤᠨ ᠬᠦᠮᠦᠷᠭᠡ ᠶᠢᠨ ᠡᠳ᠋ ᠮᠦᠩᠬᠦ ᠬᠤᠭᠤᠰᠣᠷᠠᠭᠰᠠᠨ ᠠᠴᠠ ︽ᠲᠠᠳᠠᠪᠣᠷᠢᠯᠠᠭᠰᠠᠨ ᠬᠠᠳᠠᠭᠠᠯᠠᠮᠵᠢ ᠠᠨᠦ᠂ ᠲᠠᠷᠬᠠᠵᠣ ᠪᠠᠷᠠᠭᠳᠠᠨ ᠲᠠᠭᠤᠰᠣᠭᠰᠠᠨ︾ ᠲᠣᠯᠠ ᠬᠤᠪᠢᠯᠠᠢ ᠰᠡᠴᠡᠨ ᠬᠠᠭᠠᠨ ᠤ ᠲᠦᠪ ᠶᠣᠰᠣᠳᠣ ︵ᠵᠦᠩ ᠲᠦᠩ中统︶ ᠬᠡᠮᠡᠬᠦᠢ ᠶᠢᠨ ᠣᠨ ᠨᠤᠭᠤᠳ  ᠲᠤᠷ ᠲᠠᠷᠬᠠᠭᠠᠭᠰᠠᠨ ᠴᠠᠭᠠᠰᠣᠨ ᠵᠣᠭᠤᠰ ᠤᠨ ᠦᠨ᠎ᠡ ᠦᠷᠳᠡᠭ ᠦᠳᠳᠡᠷ ᠲᠦᠷᠭᠡᠨ ᠪᠠᠭᠤᠷᠠᠪᠠᠢ⑸᠃ ᠲᠡᠷᠡᠴᠢᠯᠡᠨ ᠨᠠᠢᠮᠠᠨ ᠵᠠᠭᠤᠨ ᠪᠠᠷᠢᠳᠣ ᠣᠯᠣᠰ ︵ᠣᠳᠣ ᠶᠢᠨ ᠲᠠᠶᠢᠯᠠᠨᠲ ᠲᠠᠷᠣᠢ ᠲᠠᠢ ᠣᠯᠣᠰ ᠤᠨ ᠬᠤᠶᠢᠳᠣ ᠬᠡᠰᠡᠭ︶ ᠢ ᠲᠠᠶᠢᠯᠠᠨ ᠲᠠᠭᠠᠭᠤᠯᠬᠤ ᠬᠡᠮᠡᠨ ᠴᠡᠷᠢᠭ ᠬᠦᠳᠡᠯᠭᠡᠭᠰᠡᠨ ᠠᠴᠠ ᠪᠣᠯᠵᠣ ᠬᠠᠷᠠᠵᠠᠩ ︵ᠶᠦᠨᠨᠠᠨ︶ ᠭᠦᠢᠵᠸᠦ ᠵᠡᠷᠬᠡ ᠭᠠᠵᠠᠷ ᠲᠤᠷ ᠣᠷᠪᠠᠯᠭᠠᠨ ᠰᠠᠮᠠᠭᠤᠨ ᠲᠡᠭᠳᠡᠵᠦᠬᠦᠢ⑹᠃ ᠨᠠᠰᠣᠨ ᠰᠡᠭᠦᠯᠴᠢ ᠶᠢᠨ ᠴᠠᠭ ᠲᠤᠷ ᠢᠶᠠᠨ ᠡᠪᠡᠳᠴᠢᠨ ᠡᠮᠬᠡᠭ ᠲᠤᠷ ᠣᠷᠢᠶᠠᠭᠳᠠᠭᠰᠠᠨ ᠤ ᠰᠢᠯᠳᠠᠭᠠᠨ ᠪᠣᠯᠭᠠᠨ ᠭᠦᠷᠦᠨ ᠬᠠᠳᠣᠨ ᠬᠢᠭᠡᠳ ᠰᠠᠷᠳᠠᠭᠤᠯ ᠤᠨ ᠲᠦᠰᠢᠶ᠎ᠡ ᠲᠦᠰᠢᠮᠡᠳ ᠲᠤᠷ ᠲᠦᠷᠦ ᠪᠠᠨ ᠨᠠᠶᠢᠳᠠᠭᠰᠠᠨ ᠤ ᠣᠴᠢᠷ᠎ᠠ ᠣᠯᠣᠰ ᠭᠦᠷᠦᠨ ᠤ ᠵᠠᠰᠠᠭ ᠲᠦᠷᠦ ᠡᠳᠦᠷ ᠢᠷᠡᠬᠦᠶ᠎ᠡ ᠪᠠᠭᠤᠷᠠᠨ ᠲᠣᠷᠣᠶᠢᠳᠠᠵᠣᠬᠤᠢ⑺᠃ ᠶᠡᠭᠡ ᠡᠷᠳᠡᠮᠳᠣ ︵ᠳ᠋ᠠ ᠳ᠋ᠧ大德︶ ᠬᠡᠮᠡᠬᠦᠢ ᠶᠢᠨ ᠶᠢᠰᠦᠳᠦᠭᠡᠷ ᠣᠨ ᠤ ᠵᠢᠷᠭᠤᠭᠠᠨ ᠰᠠᠷ᠎ᠠ ᠶᠢᠨ ᠰᠢᠨ᠎ᠡ ᠶᠢᠨ ᠲᠠᠪᠣᠨ ︵ᠠᠷᠭ᠎ᠠ ᠶᠢᠨ ᠲᠣᠭᠠᠯᠠᠯ ᠤᠨ 1305 ᠣᠨ ᠤ 6 ᠰᠠᠷ᠎ᠠ ᠶᠢᠨ 27  ᠤ ᠡᠳᠦᠷ︶ ᠪᠠᠶᠠᠭᠤᠳ ᠣᠪᠣᠭᠳᠣ ᠪᠣᠯᠭᠠᠨ ᠭᠦᠷᠦᠨ ᠬᠠᠳᠣᠨ ᠠᠴᠠ ᠮᠡᠨᠳᠦᠯᠡᠭᠰᠡᠨ ᠬᠠᠭᠠᠨ ᠬᠦᠪᠡᠭᠦᠨ ᠳ᠋ᠧᠱᠡᠦ ᠬᠡᠮᠡᠭᠴᠢ ᠶᠢ ᠨᠠᠪᠴᠢᠳᠣ ᠡᠷᠭᠦᠮᠵᠢᠯᠡᠯ ᠢᠶᠠᠷ ᠲᠠᠶᠠ ᠬᠦᠪᠡᠭᠦᠨ ᠢ ᠪᠠᠶᠢᠭᠤᠯᠣᠭᠰᠠᠨ ᠪᠣᠯᠪᠠᠴᠣ ᠮᠦᠨ ᠵᠢᠯ ᠤᠨ ᠠᠷᠪᠠᠨ ᠬᠤᠶᠠᠳᠣᠭᠠᠷ ᠰᠠᠷ᠎ᠠ ᠶᠢᠨ ᠠᠷᠪᠠᠨ ᠨᠠᠢᠮᠠᠨ ︵ᠠᠷᠭ᠎ᠠ ᠶᠢᠨ ᠲᠣᠭᠠᠯᠠᠯ ᠤᠨ 1306 ᠣᠨ ᠤ 1 ᠰᠠᠷ᠎ᠠ ᠶᠢᠨ 3 ᠤ ᠡᠳᠦᠷ︶ ᠤ ᠡᠳᠦᠷ ᠳ᠋ᠧᠱᠸᠦ ᠬᠡᠮᠡᠭᠴᠢ ᠡᠪᠡᠳᠴᠢᠨ ᠢᠶᠠᠷ ᠬᠠᠯᠢᠵᠣᠬᠤᠢ⑻᠃ ᠲᠡᠮᠦᠷ ᠬᠠᠭᠠᠨ ᠳᠤᠷ ᠬᠡᠳᠦᠶᠢᠪᠡᠷ ᠬᠡᠳᠦ ᠬᠡᠳᠦᠨ ᠬᠠᠭᠠᠨ ᠭᠦᠪᠡᠬᠦᠨ ᠠᠭᠰᠠᠨ ᠪᠣᠯᠪᠠᠴᠣ ᠬᠠᠣᠯᠢ ᠪᠠᠷ ᠪᠠᠳᠣᠯᠠᠭᠰᠠᠨ ᠵᠠᠯᠭᠠᠮᠵᠢᠯᠠᠭᠴᠢ ᠪᠠᠨ ᠲᠣᠳᠣᠷᠬᠠᠢ ᠡᠰᠡ ᠲᠣᠭᠳᠠᠭᠠᠭᠰᠠᠨ ᠲᠣᠯᠠ ᠡᠨᠡ ᠶᠠᠪᠣᠳᠠᠯ ᠨᠢ ᠶᠣᠸᠠᠨ ᠣᠯᠣᠰ ᠤᠨ ᠲᠣᠮᠳᠠᠴᠢ ᠦᠶ᠎ᠡ ᠳᠠᠬᠢ ᠬᠠᠭᠠᠨ ᠰᠠᠭᠤᠷᠢᠨ  ᠢ ᠪᠣᠯᠢᠶᠠᠯᠳᠣᠬᠤ ᠲᠠᠶᠢᠨ ᠲᠣᠯᠣᠯᠳᠣᠭᠠᠨ ᠤ ᠮᠠᠨᠠᠭᠰᠠᠨ ᠭᠠᠯ ᠪᠣᠯᠵᠣᠬᠤᠢ᠃ ᠶᠡᠭᠡ ᠡᠷᠳᠡᠮᠳᠣ ᠬᠡᠮᠡᠬᠦᠢ ᠶᠢᠨ ᠠᠷᠪᠠᠨ ᠨᠢᠭᠡᠳᠦᠭᠡᠷ ᠣᠨ ︵1295︶ ᠤ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠤ ᠡᠳᠦᠷ ᠪᠦᠳᠦᠭᠡᠭᠴᠢ ᠲᠡᠭᠡᠳᠦᠰ ᠲᠡᠮᠦᠷ ᠬᠠᠭᠠᠨ ᠪᠠᠷ ᠶᠡᠭᠡ ᠨᠡᠶᠢᠰᠯᠡᠯ ᠤᠨ ᠬᠠᠰ ᠠᠰᠠᠷᠠᠯᠳᠣ ᠬᠠᠷᠰᠢ ︵玉德殿 ᠣᠳᠣᠬᠢ ᠪᠡᠭᠡᠵᠢᠩ︶ ᠳᠤᠷ ᠲᠡᠭᠷᠢ ᠪᠣᠯᠪᠠᠢ᠂ ᠲᠦᠴᠢᠨ ᠭᠤᠷᠪᠠᠨ ᠨᠠᠰᠣᠨ ᠰᠡᠭᠦᠳᠡᠷ ᠢ ᠵᠣᠭᠤᠭᠯᠠᠵᠣᠬᠤᠢ᠃⑼ ᠶᠡᠭᠡ ᠡᠷᠳᠡᠮᠳᠣ ᠬᠡᠮᠡᠬᠦᠢ ᠶᠢᠨ ᠠᠷᠪᠠᠨ ᠨᠢᠭᠡᠳᠦᠭᠡᠷ ᠣᠨ ᠤ ᠶᠢᠰᠣᠨ ᠰᠠᠷ᠎ᠠ ᠶᠢᠨ ᠠᠷᠪᠠᠨ ᠨᠢᠭᠡᠨ ᠤ ᠡᠳᠦᠷ ︵ᠠᠷᠭ᠎ᠠ ᠶᠢᠨ ᠲᠣᠭᠠᠯᠠᠯ ᠤᠨ 1307 ᠣᠨ ᠤ 10 ᠰᠠᠷ᠎ᠠ ᠶᠢᠨ 7 ᠤ ᠡᠳᠦᠷ︶ ᠶᠣᠸᠠᠨ ᠣᠯᠣᠰ ᠤᠨ ᠴᠣᠭᠳᠣ ᠲᠡᠭᠡᠳᠦᠰ ᠬᠠᠶᠢᠰᠠᠩ ᠬᠠᠭᠠᠨ ᠠᠴᠠ ᠲᠡᠮᠦᠷ ᠬᠠᠭᠠᠨ ᠤ ᠨᠡᠬᠡᠨ ᠡᠷᠭᠦᠮᠵᠢᠯᠡᠭᠰᠡᠨ ᠴᠣᠯᠠ ᠶᠢ ᠠᠨᠦ ᠪᠢᠰᠢᠷᠡᠯᠳᠣ ᠬᠡᠬᠡᠨ ᠠᠭᠤᠳᠠᠮ ᠲᠠᠬᠢᠮᠳᠠᠭᠤ ︵钦明广孝皇帝︶ ᠬᠠᠭᠠᠨ ᠬᠡᠮᠡᠵᠦ ᠰᠦᠮ᠎ᠡ ᠶᠢᠨ ᠴᠣᠯᠠ ᠶᠢ ᠠᠨᠦ ᠪᠦᠳᠦᠭᠡᠭᠴᠢ ᠲᠡᠭᠡᠳᠦᠰ ᠬᠡᠮᠡᠨ ᠬᠦᠷᠦᠭᠯᠡᠭᠡᠳ ᠮᠣᠩᠭᠤᠯ ᠤᠨ ᠬᠡᠯᠡ ᠪᠠᠷ ᠦᠯᠵᠡᠶᠢᠲᠦ ᠬᠠᠭᠠᠨ ᠬᠡᠮᠡᠨ ᠰᠦᠭᠯᠡᠵᠦᠬᠦᠢ⑽᠃                         ※ ᠠᠰᠢᠭᠯᠠᠭᠰᠠᠨ ᠰᠣᠷᠪᠣᠯᠵᠢ ᠪᠢᠴᠢᠭ                         ⑴︽ᠺᠠᠮᠪᠣᠵᠠ ᠶᠢᠨ ᠲᠣᠮᠳᠠᠳᠣ ᠣᠯᠣᠰ ᠤᠨ ᠯᠠᠤᠬ᠎ᠠ ᠣᠯᠣᠰ᠂ ᠪᠠᠷᠠᠭᠤᠨ ᠲᠠᠩᠭᠤᠳ ᠣᠯᠣᠰ᠂ ᠠᠯᠳᠠᠨ ᠣᠯᠣᠰ᠂ ᠶᠣᠸᠠᠨ ᠣᠯᠣᠰ ᠤᠨ ᠲᠡᠣᠬᠡ︾ ︵566 —— 580 ᠳ᠋ᠠᠭᠠᠷ ᠨᠢᠭᠤᠷ︶᠂ ᠬᠢᠳᠠᠳ ᠬᠡᠪᠯᠡᠯ                         ⑵ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠪᠦᠳᠦᠭᠡᠭᠴᠢ ᠲᠡᠭᠡᠳᠦᠰ ᠤᠨ ᠴᠠᠳᠢᠭ︾                         ⑶︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                         ⑷︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                         ⑸ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠪᠦᠳᠦᠭᠡᠭᠴᠢ ᠲᠡᠭᠡᠳᠦᠰ ᠤᠨ ᠴᠠᠳᠢᠭ︾                         ⑹︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                         ⑺︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                         ⑻︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                         ⑼︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                         ⑽︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾                  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号