ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ  ︵ᠲᠦᠷᠪᠡ︶
ᠨᠡᠶᠢᠲᠡᠯᠡᠭᠰᠡᠨ ᠴᠠᠭ᠄
2019/11/26
        ⑩ ᠴᠣᠭᠳᠣ ᠲᠡᠭᠡᠳᠦᠰ【ᠦᠽᠦ᠋ᠩ ᠬᠠᠶᠢᠰᠠᠩ ᠬᠠᠭᠠᠨ】 武宗海山皇帝 —— ︵1281 ᠣᠨ ᠤ 1 ᠰᠠᠷ᠎ᠠ ᠶᠢᠨ 27᠎ ᠤ ᠡᠳᠦᠷ︶᠂ ᠡᠨᠡ ᠬᠠᠭᠠᠨ ᠤ ᠨᠡᠷ᠎ᠡ ᠶᠢ ᠬᠢᠳᠠᠳ ᠪᠢᠴᠢᠭ ᠲᠡᠭᠡᠷ᠎ᠡ ︽ᠬᠠᠶᠢᠱᠠᠨ海山︾ ᠬᠡᠮᠡᠨ ᠭᠠᠯᠢᠭᠯᠠᠨ ᠪᠢᠴᠢᠳᠡᠭ ᠪᠣᠯᠪᠠᠴᠣ ᠡᠷᠳᠡᠮᠳᠡᠨ ᠫᠣᠪᠫᠧ ᠠᠴᠠ ︽ᠬᠠᠶᠢᠰᠠᠩ⑴︾ ᠬᠡᠮᠡᠨ ᠰᠡᠷᠭᠦᠬᠡᠨ ᠭᠠᠯᠢᠭᠯᠠᠪᠠᠢ᠃ ᠶᠣᠸᠠᠨ ᠣᠯᠣᠰ ᠤᠨ ᠭᠤᠷᠪᠠᠳᠣᠭᠠᠷ ᠦᠶ᠎ᠡ ᠶᠢᠨ ᠬᠠᠭᠠᠨ᠂ ᠶᠡᠭᠡ ᠮᠠᠩᠭᠤᠯ ᠣᠯᠣᠰ ᠤᠨ ᠲᠣᠯᠣᠳᠣᠭᠠᠷ ᠦᠶ᠎ᠡ ᠶᠢᠨ ᠬᠠᠭᠠᠨ᠂ 1307 ᠣᠨ ᠤ 6 ᠰᠠᠷ᠎ᠠ ᠶᠢᠨ 21᠎ ᠤ ᠡᠳᠦᠷ ᠠᠴᠠ 1311 ᠣᠨ ᠤ 1 ᠰᠠᠷ᠎ᠠ ᠢ 27᠎ ᠤ ᠡᠳᠦᠷ ᠬᠦᠷᠳᠡᠯ᠎ᠡ ᠲᠠᠪᠣᠨ ᠵᠢᠯ ᠬᠠᠭᠠᠨ ᠰᠠᠭᠤᠷᠢᠨ᠎ᠠ ᠰᠠᠭᠠᠳᠠᠪᠠᠢ᠃ ᠬᠤᠪᠢᠯᠠᠢ ᠰᠡᠴᠡᠨ ᠬᠠᠭᠠᠨ ᠤ ᠲᠠᠶᠠ ᠬᠦᠪᠡᠭᠦᠨ ︵ᠲᠠᠶᠢᠽᠢ 太子︶ ᠴᠢᠩᠬᠢᠮ ᠤᠨ ᠬᠤᠶᠠᠳᠣᠭᠠᠷ ᠬᠦᠪᠡᠭᠦᠨ ᠢᠨᠦ ᠲᠠᠷᠮᠠᠪᠠᠯᠠ᠂ ᠲᠠᠷᠮᠠᠪᠠᠯᠠ ᠶᠢᠨ ᠳ᠋ᠠᠵᠢ ᠬᠠᠳᠣᠨ ᠠᠴᠠ ᠮᠡᠨᠳᠦᠯᠡᠭᠰᠡᠨ ᠬᠤᠶᠠᠳᠣᠭᠠᠷ ᠬᠦᠪᠡᠭᠦᠨ ᠢᠨᠦ ᠬᠠᠶᠢᠰᠠᠩ ᠪᠦᠯᠦᠬᠡ᠂ ᠬᠠᠶᠢᠰᠠᠩ ᠪᠣᠯᠪᠠᠰᠣ ᠪᠦᠳᠦᠭᠡᠭᠴᠢ ᠲᠡᠭᠡᠳᠦᠰ ᠲᠡᠮᠦᠷ ᠬᠠᠭᠠᠨ ᠤ ᠲᠦᠷᠦᠭᠰᠡᠨ ᠠᠴᠢ ᠬᠦᠪᠡᠭᠦᠨ ᠪᠣᠶᠣ᠃ ᠶᠡᠭᠡ ᠡᠷᠳᠡᠮᠳᠣ ᠬᠡᠮᠡᠬᠦᠢ ᠶᠢᠨ ᠭᠤᠷᠪᠠᠳᠣᠭᠠᠷ ᠣᠨ ᠳᠤᠷ ᠬᠠᠶᠢᠰᠠᠩ ᠬᠡᠮᠡᠭᠴᠢ ᠲᠡᠮᠦᠷ ᠬᠠᠭᠠᠨ ᠤ ᠵᠠᠷᠯᠢᠭ ᠢᠶᠠᠷ ᠭᠤᠪᠢ ᠶᠢᠨ ᠠᠷᠣ ᠶᠢᠨ ᠴᠡᠷᠢᠭ ᠮᠣᠷᠢᠨ ᠢ ᠶᠡᠷᠦᠩᠬᠡᠶᠢᠯᠡᠨ ᠵᠠᠬᠢᠷᠴᠣ᠂ ᠪᠠᠷᠠᠭᠤᠨ ᠬᠤᠶᠢᠨᠠᠬᠢ ᠦᠭᠡᠳᠡᠢ ᠬᠠᠭᠠᠨᠳᠣ ᠣᠯᠣᠰ ᠤᠨ ᠡᠵᠡᠨ ᠬᠠᠶᠢᠳᠣ ᠬᠢᠭᠡᠳ ᠪᠠᠷᠠᠭᠤᠨ ᠵᠣᠪᠬᠢᠰ ᠤᠨ ᠴᠠᠭᠠᠳᠠᠢ ᠬᠠᠭᠠᠨᠳᠣ ᠣᠯᠣᠰ ᠤᠨ ᠡᠵᠡᠨ ᠳ᠋ᠣᠸ᠎ᠠ ᠨᠠᠷ ᠎ ᠲᠠᠢ ᠪᠠᠶᠢᠯᠳᠣᠵᠣ ᠦᠯᠡᠮᠵᠢ ᠭᠠᠪᠢᠶ᠎ᠠ ᠪᠠᠶᠢᠭᠤᠯᠣᠭᠰᠠᠨ ᠢᠶᠠᠷ ᠪᠠᠷᠠᠬᠤ ᠦᠭᠡᠢ ᠶᠣᠸᠠᠨ ᠣᠯᠣᠰ ᠬᠢᠭᠡᠳ ᠲᠡᠭᠦᠨ ᠤ ᠪᠠᠷᠠᠭᠤᠨ ᠬᠤᠶᠢᠳᠣ ᠳᠠᠬᠢ ᠲᠦᠷᠦᠯ ᠸᠠᠩ ᠨᠠᠷ ᠤᠨ ᠬᠤᠭᠤᠷᠣᠨᠳᠣᠬᠢ ᠲᠠᠶᠢᠨ ᠲᠣᠯᠣᠯᠳᠣᠭᠠᠨ ᠢ ᠵᠣᠭᠰᠣᠭᠠᠭᠰᠠᠨ ᠵᠢᠴᠢ 1303 ᠣᠨ ᠳᠤᠷ ᠪᠣᠯᠣᠭᠰᠠᠨ ᠲᠦᠷᠪᠡᠨ ᠶᠡᠭᠡ ᠬᠠᠭᠠᠨᠳᠣ ᠣᠯᠣᠰ ᠨᠢ ᠪᠦᠬᠦᠨ ᠢᠶᠠᠷ ᠢᠶᠠᠨ ᠶᠤᠸᠠᠨ ᠣᠯᠣᠰ ᠎ ᠤᠨ ᠡᠵᠡᠨᠳᠣ ᠲᠦᠷᠦ ᠶᠢᠨ ᠪᠠᠶᠢᠷᠢ ᠰᠠᠭᠤᠷᠢ ᠶᠢ ᠵᠦᠪᠰᠢᠶᠡᠷᠡᠭᠦᠯᠬᠦ ᠳᠤ ᠵᠠᠩᠭᠢᠯᠠᠭ᠎ᠠ ᠶᠢᠨ ᠴᠢᠨᠠᠷᠳᠠᠢ ᠴᠢᠬᠤᠯᠠ ᠬᠤᠪᠢ ᠨᠡᠮᠡᠷᠢ ᠪᠠᠨ ᠦᠵᠡᠭᠦᠯᠦᠭᠰᠡᠨ ᠤ ᠣᠴᠢᠷ᠎ᠠ ᠪᠤᠳᠤᠯᠭᠠᠲᠦ ᠠᠮᠣᠭᠤᠯᠠᠩ ᠸᠠᠩ ︵怀宁王︶ ᠬᠡᠮᠡᠨ ᠡᠷᠭᠦᠮᠵᠢᠯᠡᠭᠳᠡᠭᠰᠡᠨ ᠶᠣᠮ᠃ ᠶᠡᠭᠡ ᠡᠷᠳᠡᠮᠳᠦ ᠬᠡᠮᠡᠬᠦᠢ ᠶᠢᠨ ᠠᠷᠪᠠᠨ ᠨᠢᠭᠡᠳᠦᠭᠡᠷ ᠣᠨ ᠤ ᠴᠠᠭᠠᠨ ᠰᠠᠷ᠎ᠠ ᠶᠢᠨ ᠰᠢᠨ᠎ᠡ ᠎ ᠶᠢᠨ ᠨᠠᠢᠮᠠᠨ ᠤ ᠡᠳᠦᠷ ︵1307 ᠣᠨ ᠤ 2 ᠰᠠᠷ᠎ᠠ ᠶᠢᠨ 10᠎ ᠤ ᠡᠳᠦᠷ︶ ᠶᠣᠸᠠᠨ ᠣᠯᠣᠰ ᠤᠨ ᠪᠦᠲᠦᠭᠡᠭᠴᠢ ᠲᠡᠭᠡᠳᠦᠰ ᠲᠡᠮᠦᠷ ᠬᠠᠭᠠᠨ ᠲᠡᠭᠷᠢ ᠳᠤ ᠬᠠᠯᠢᠭᠰᠠᠨ ᠠᠴᠠ ᠬᠠᠭᠠᠨ ᠣᠷᠣ ᠬᠤᠭᠤᠰᠣᠨ ᠪᠣᠯᠪᠠᠢ᠃ ᠲᠡᠮᠦᠷ ᠬᠠᠭᠠᠨ ᠤ ᠪᠠᠶᠠᠭᠤᠳ ᠣᠪᠣᠭᠳᠣ ᠬᠦᠷᠦᠨ ᠬᠠᠳᠣᠨ ᠪᠣᠯᠭᠠᠨ ᠬᠡᠮᠡᠭᠴᠢ ᠪᠠᠷ ᠣᠷᠬᠢᠭᠤᠯ ᠢ ᠪᠠᠭᠤᠯᠭᠠᠨ ᠲᠦᠷᠦ ᠶᠢ ᠵᠠᠬᠢᠷᠴᠣ᠂ ᠦᠷᠦᠨ᠎ᠡ ᠶᠢ ᠠᠮᠣᠭᠤᠯᠣᠭᠴᠢ ᠸᠠᠩ ᠠᠨᠠᠨᠳᠠ — ᠰᠢᠷᠢ ᠪᠠᠷ ᠬᠠᠪᠰᠣᠷᠠᠭᠤᠯᠳᠣᠭᠠᠢ ᠬᠡᠮᠡᠬᠦ ᠵᠠᠷᠯᠢᠭ ᠪᠠᠭᠤᠯᠭᠠᠪᠠ᠃ ᠡᠨᠡ ᠲᠠᠯᠢᠮ ᠳᠤᠷ ᠾᠧᠨᠠᠨ ᠭᠠᠵᠠᠷ ᠤᠨ ᠴᠢᠨᠶᠠᠩ ᠳᠤ ᠠᠭᠰᠠᠨ ᠠᠶᠣᠷᠪᠠᠷᠸᠠᠳᠠ ᠬᠡᠮᠡᠭᠴᠢ ᠡᠬᠡ ᠳ᠋ᠠᠵᠢ ᠲᠠᠢ ᠪᠠᠨ ᠬᠠᠮᠳᠣ ᠪᠡᠯᠪᠡᠰᠣᠷᠠᠯ ᠳᠤ ᠣᠷᠣᠯᠴᠠᠬᠤ ᠨᠡᠷ᠎ᠡ ᠪᠠᠷ ᠶᠡᠭᠡ ᠨᠡᠶᠢᠰᠯᠡᠯ ︵ᠪᠡᠭᠡᠵᠢᠩ︶᠎ ᠳᠤ ᠰᠡᠮᠡᠬᠡᠷ ᠢᠷᠡᠵᠦ ᠪᠠᠷᠠᠭᠤᠨ ᠭᠠᠷ ᠤᠨ ᠲᠡᠷᠢᠭᠦᠯᠡᠭᠴᠢ ᠰᠠᠶᠢᠳ ᠠᠷᠬᠠᠰᠣᠨ ︵哈剌合孙︶᠎ ᠯᠤᠭ᠎ᠠ ᠬᠤᠪᠢᠯᠳᠣᠨ ᠲᠦᠷᠦ ᠶᠢᠨ ᠬᠤᠪᠢᠰᠣᠯ ᠢ ᠭᠠᠷᠭᠠᠨ ᠪᠣᠯᠭᠠᠨ ᠬᠠᠳᠣᠨ ᠬᠢᠭᠡᠳ ᠠᠨᠠᠨᠳᠠ — ᠰᠢᠷᠢ ᠵᠡᠷᠭᠡ ᠣᠯᠣᠰ ᠲᠦᠷᠦ ᠶᠢᠨ ᠬᠦᠴᠦᠨ ᠢᠶᠠᠨ ᠪᠠᠷᠢᠪᠴᠢᠯᠠᠨ ᠬᠤᠷᠢᠵᠣ ᠦᠪᠡᠷ ᠤᠨ ᠪᠡᠶ᠎ᠡ ᠪᠠᠨ ᠲᠦᠷᠦ ᠣᠷᠣᠯᠠᠭᠴᠢ ᠬᠡᠮᠡᠨ ᠵᠠᠷᠯᠠᠭᠠᠳ᠂ ᠲᠠᠪᠠᠭᠠᠨ ᠠᠷᠦ ᠶᠢᠨ ᠴᠡᠷᠢᠭ ᠮᠣᠷᠢᠨ ᠢ ᠶᠡᠷᠦᠩᠬᠡᠶᠢᠯᠡᠨ ᠵᠠᠬᠢᠷᠴᠣ ᠠᠭᠰᠠᠨ ᠶᠡᠭᠡ ᠸᠠᠩ ᠬᠠᠶᠢᠰᠠᠩ ᠠᠬ᠎ᠠ ᠶᠢᠨ ᠢᠶᠠᠨ ᠰᠦᠷ ᠬᠦᠴᠦᠨ ᠳᠤ ᠡᠪᠦᠳᠦᠭ ᠨᠤᠭᠤᠷᠠᠨ ᠪᠠᠭᠤᠨ ᠦᠭᠴᠦ ᠲᠡᠭᠦᠨ ᠢ ᠣᠷᠢᠨ ᠢᠷᠡᠭᠦᠯᠵᠦ ᠬᠠᠭᠠᠨ ᠰᠠᠭᠤᠷᠢᠨ᠎ᠠ ᠰᠠᠭᠠᠳᠠᠭᠤᠯᠪᠠ᠂ ᠡᠨᠡ ᠪᠣᠯᠪᠠᠰᠣ ᠲᠠᠷᠣᠢ ᠴᠣᠭᠳᠣ ᠲᠡᠭᠡᠳᠦᠰ ᠬᠡᠮᠡᠭᠳᠡᠭᠰᠡᠨ ᠬᠠᠶᠢᠰᠠᠩ ᠬᠠᠭᠠᠨ ᠪᠣᠶᠣ᠃ ᠬᠠᠶᠢᠰᠠᠩ ᠬᠠᠭᠠᠨ ᠰᠠᠭᠤᠮᠠᠭᠴᠠ ᠦᠪᠡᠷ ᠤᠨ ᠡᠴᠡᠭᠡ ᠲᠠᠷᠮᠠᠪᠠᠯᠠ ᠪᠠᠨ ᠡᠶᠡᠪᠡᠷ ᠲᠡᠭᠡᠳᠦᠰ ︵ᠱᠦᠨᠽᠦ᠋ᠩ顺宗︶ ᠬᠡᠮᠡᠨ ᠨᠡᠬᠡᠨ ᠡᠷᠭᠦᠮᠵᠢᠯᠡᠪᠡ⑵ ᠃                           ᠶᠡᠭᠡ ᠡᠷᠳᠡᠮᠳᠣ ︵ᠳ᠋ᠠ ᠳ᠋ᠧ大德︶ ᠬᠡᠮᠡᠬᠦᠢ ᠶᠢᠨ ᠠᠷᠪᠠᠨ ᠨᠢᠭᠡᠳᠦᠭᠡᠷ ᠣᠨ ᠤ ᠲᠠᠪᠣᠳᠣᠭᠠᠷ ᠰᠠᠷ᠎ᠠ ᠎ ᠶᠢᠨ ᠬᠤᠷᠢᠨ ᠨᠢᠭᠡᠨ ᠤ ᠡᠳᠦᠷ ︵ᠠᠷᠭ᠎ᠠ ᠶᠢᠨ ᠣᠯᠠᠷᠢᠯ ᠤᠨ 1307 ᠣᠨ ᠤ 6 ᠰᠠᠷ᠎ᠠ ᠶᠢᠨ 21᠎ ᠤ ᠡᠳᠦᠷ︶ ᠶᠡᠭᠡ ᠨᠡᠶᠢᠰᠯᠡᠯ ︵ᠪᠡᠭᠡᠵᠢᠩ︶᠎ ᠳᠠᠬᠢ ᠶᠡᠭᠡ ᠠᠮᠣᠭᠤᠯᠠᠩ ᠬᠠᠷᠰᠢ ︵大安阁︶᠎ ᠳᠤ ᠬᠠᠭᠠᠨ ᠰᠠᠭᠤᠷᠢᠨ᠎ᠠ ᠰᠠᠭᠠᠳᠠᠪᠠ᠃ ᠲᠠᠷᠠᠭ᠎ᠠ ᠪᠠᠷ ᠨᠢ ᠪᠣᠯᠭᠠᠨ ᠬᠡᠮᠡᠬᠦ ᠬᠦᠷᠦᠨ ᠬᠠᠳᠣᠨ ᠳᠤ ᠦᠬᠦᠯ ᠰᠣᠶᠣᠷᠬᠠᠨ᠂ ᠠᠨᠠᠨᠳᠠ — ᠰᠢᠷᠢ ᠨᠠᠷ ᠢ ᠴᠠᠭᠠᠵᠠ ᠪᠠᠷ ᠠᠪᠠᠴᠢᠬᠤ ᠶᠢᠨ ᠬᠠᠮᠳᠣ ᠲᠡᠮᠦᠷ ᠬᠠᠭᠠᠨ ᠤ ᠦᠶ᠎ᠡ ᠳᠠᠬᠢ ᠲᠦᠷᠦ ᠶᠢᠨ ᠲᠦᠰᠢᠮᠡᠳ ᠢ ᠪᠦᠬᠦᠨ ᠎ ᠢᠶᠠᠷ ᠨᠢ ᠰᠣᠯᠢᠵᠣ ᠦᠪᠡᠷ ᠤᠨ ᠲᠡᠭᠦᠦ ᠠᠶᠣᠷᠪᠠᠷᠸᠠᠳᠠ ᠪᠠᠨ ᠲᠠᠶᠠ ᠬᠦᠪᠡᠭᠦᠨ ︵ᠲᠠᠶᠢᠽᠢ太子︶ ᠬᠡᠮᠡᠨ ᠡᠷᠭᠦᠮᠵᠢᠯᠡᠪᠡ᠃ ᠲᠡᠷᠡ ᠪᠠᠷ ᠬᠠᠭᠠᠨ ᠰᠠᠭᠤᠭᠰᠠᠨ ᠲᠠᠪᠣᠨ ᠵᠢᠯ ᠤᠨ ᠬᠤᠭᠤᠴᠠᠭᠠᠨ ᠳᠠᠭᠠᠨ ᠴᠢᠯᠠᠭᠤ ᠮᠣᠳᠣ ᠶᠢ ᠶᠡᠭᠡ ᠎ ᠪᠠᠷ ᠬᠦᠳᠡᠯᠭᠡᠨ ᠲᠣᠮᠳᠠᠳᠣ ᠨᠡᠶᠢᠰᠯᠡᠯ ᠢ ᠪᠠᠶᠢᠭᠤᠯᠵᠣ᠂ ᠮᠢᠩᠭ᠎ᠠ ᠭᠠᠷᠣᠢ ᠬᠤᠶᠠᠭ ᠴᠡᠷᠢᠭ ᠬᠢᠭᠡᠳ ᠦᠯᠡᠮᠵᠢ ᠣᠯᠠᠨ ᠢᠷᠭᠡᠳ ᠢ ᠬᠦᠴᠦᠨ ᠤ ᠠᠯᠪᠠᠨ ᠳᠤ ᠲᠠᠳᠠᠵᠣ ᠲᠠᠪᠣᠨ ᠲᠠᠪᠴᠠᠩᠳᠣ ᠠᠭᠤᠯᠠᠨ ︵ᠦᠲ᠋ᠠᠢ ᠠᠭᠤᠯᠠ五台山︶ ᠎ ᠳᠤ ᠪᠣᠷᠬᠠᠨ ᠭᠡᠷᠡᠯᠳᠣ ᠰᠦᠮ᠎ᠡ ︵华佛寺︶᠎ ᠶᠢ ᠪᠠᠶᠢᠭᠤᠯᠣᠨ᠂ ᠯᠠᠮ᠎ᠠ ᠬᠤᠸᠠᠷᠬᠠᠴᠣᠳ ᠲᠤ ᠵᠠᠷᠯᠢᠭ ᠪᠠᠭᠤᠯᠭᠠᠨ ᠪᠣᠷᠬᠠᠨ ᠤ ᠨᠣᠮ ᠢ ᠣᠷᠴᠢᠭᠤᠯᠣᠭᠰᠠᠨ ᠪᠦᠭᠡᠳ ᠡᠨᠡᠳᠬᠡᠭ ᠲᠦᠪᠡᠳ ᠤᠨ ᠬᠤᠸᠠᠷᠬᠠᠴᠣᠳ ᠢ ᠵᠣᠳᠣᠭᠰᠠᠳ ᠤᠨ ᠭᠠᠷ ᠢ ᠨᠢ ᠴᠠᠪᠴᠢᠵᠣ᠂ ᠬᠠᠷᠢᠶᠠᠨ ᠲᠣᠷᠣᠮᠵᠢᠯᠠᠭᠰᠠᠳ ᠢ ᠬᠡᠯᠡ ᠶᠢ ᠨᠢ ᠣᠭᠳᠣᠯᠠᠳᠣᠭᠠᠢ ᠬᠡᠮᠡᠬᠦ ᠵᠠᠷᠯᠢᠭ ᠪᠠᠭᠤᠯᠭᠠᠪᠠ⑶ ︵ᠡᠨᠡ ᠵᠠᠷᠯᠢᠭ ᠢ ᠲᠡᠭᠦᠨ ᠤ ᠲᠡᠬᠦᠦ ᠦᠷᠦᠰᠢᠶᠡᠯᠳᠣ ᠲᠡᠭᠡᠳᠦᠰ ᠠᠶᠣᠷᠪᠠᠷᠸᠠᠳᠠ ᠬᠠᠭᠠᠨ ᠰᠠᠭᠤᠭᠰᠠᠨ ᠤ ᠪᠠᠨ ᠲᠠᠷᠠᠭ᠎ᠠ ᠬᠦᠴᠦᠨ ᠦᠭᠡᠢ ᠪᠣᠯᠭᠠᠪᠠ︶᠃                   ᠶᠡᠭᠡ ᠡᠷᠳᠡᠮᠳᠣ ︵ᠳ᠋ᠠ ᠳ᠋ᠧ  ︶ ᠬᠡᠮᠡᠬᠦᠢ ᠶᠢᠨ ᠠᠷᠪᠠᠨ ᠨᠢᠭᠡᠳᠦᠭᠡᠷ ᠣᠨ ᠤ ᠲᠣᠯᠣᠭᠠᠨ ᠰᠠᠷ᠎ᠠ ᠶᠢᠨ ᠠᠷᠪᠠ ᠶᠢᠰᠦᠨ ᠤ ᠡᠳᠦᠷ ᠬᠠᠶᠢᠰᠠᠩ ᠬᠠᠭᠠᠨ ᠵᠠᠷᠯᠢᠭ ᠪᠠᠭᠤᠯᠭᠠᠵᠣ ︽ᠪᠢᠴᠢᠭ ᠢ ᠠᠯᠳᠠᠷᠰᠢᠭᠤᠯᠣᠭᠰᠠᠨ ᠣᠨᠣᠯᠳᠣ ᠪᠣᠭᠳᠠ ᠸᠠᠩ︾ ᠺᠦᠩᠽᠢ ᠬᠡᠮᠡᠭᠴᠢ ᠶᠢ ︽ᠪᠢᠴᠢᠭ ᠢ ᠠᠯᠳᠠᠷᠰᠢᠭᠤᠯᠣᠭᠰᠠᠨ ᠶᠡᠭᠡ ᠪᠦᠳᠦᠭᠡᠯᠳᠦ ᠣᠨᠣᠯᠳᠣ ᠪᠣᠭᠳᠠ ᠸᠠᠩ︾⑷ ᠬᠡᠮᠡᠨ ᠨᠡᠬᠡᠨ ᠡᠷᠭᠦᠮᠵᠢᠯᠡᠪᠡ᠃ ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠠᠩᠬᠠᠳᠣᠭᠠᠷ ᠣᠨ ︵1308︶᠎ ᠤ ᠲᠠᠪᠣᠳᠣᠭᠠᠷ ᠰᠠᠷ᠎ᠠ ᠳᠤ ᠵᠠᠷᠯᠢᠭ ᠪᠠᠭᠤᠯᠭᠠᠵᠣ ᠴᠠᠭᠠᠨ ᠯᠢᠩᠬᠸ᠎ᠠ ᠶᠢᠨ ᠰᠣᠷᠳᠠᠬᠤᠨ ᠢ ᠴᠠᠭᠠᠵᠢᠯᠠᠪᠠ᠃ ᠮᠦᠨ ᠣᠨ ᠳᠤ ᠶᠣᠯᠣ ︵月鲁︶ ᠬᠡᠮᠡᠭᠴᠢ ᠶᠢ ᠬᠢᠪᠴᠠᠭ ᠣᠯᠣᠰ ︵ᠪᠠᠰᠠ ᠠᠯᠳᠠᠨ ᠣᠷᠳᠣᠳᠣ ᠬᠢᠪᠴᠠᠭ ᠬᠠᠭᠠᠨᠲᠦ ᠣᠯᠣᠰ ᠬᠡᠬᠦ ᠪᠣᠶᠣ ᠵᠦᠴᠢ ᠶᠢᠨ ᠣᠯᠣᠰ ᠬᠡᠳᠡᠭ︶᠎ ᠲᠤ ᠡᠯᠴᠢ ᠪᠠᠷ ᠲᠣᠮᠢᠯᠠᠵᠣ ᠬᠢᠪᠴᠠᠭ ᠤᠨ ᠬᠠᠭᠠᠨ ᠲᠣᠭᠳᠠᠬᠤ ᠬᠡᠮᠡᠭᠴᠢ ᠶᠢ ᠬᠢᠴᠢᠶᠡᠩᠭᠦᠢ ᠠᠮᠣᠭᠤᠯᠠᠩ ᠸᠠᠩ ︵宁肃王︶ ᠬᠡᠮᠡᠨ ᠨᠠᠪᠴᠢᠳᠣ ᠡᠷᠭᠦᠮᠵᠢᠯᠡᠯ ᠎ ᠤᠨ ᠪᠢᠴᠢᠭ ᠢᠶᠠᠷ ᠡᠷᠭᠦᠮᠵᠢᠯᠡᠪᠡ᠃                         ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠬᠤᠶᠠᠳᠣᠭᠠᠷ ᠣᠨ ᠤ ᠴᠠᠭᠠᠨ ᠰᠠᠷ᠎ᠠ ᠶᠢᠨ ᠰᠢᠨ᠎ᠡ ᠎ ᠶᠢᠨ ᠲᠣᠯᠣᠭᠠᠨ ᠤ ᠡᠳᠦᠷ ︵ᠠᠷᠭ᠎ᠠ ᠶᠢᠨ ᠣᠯᠠᠷᠢᠯ ᠤᠨ 1309 ᠣᠨ ᠤ 2 ᠰᠠᠷ᠎ᠠ ᠶᠢᠨ 17᠎ ᠤ ᠡᠳᠦᠷ︶ ᠲᠠᠶᠠ ᠬᠦᠪᠡᠭᠦᠨ᠂ ᠲᠦᠷᠦᠯ ᠸᠠᠩ᠂ ᠵᠠᠭᠤᠨ ᠲᠦᠰᠢᠮᠡᠳ ᠪᠠᠷ ᠬᠠᠶᠢᠰᠠᠩ ᠬᠠᠭᠠᠨ ᠤ ᠬᠦᠨᠳᠦᠯᠡᠯ ᠴᠣᠯᠠ ᠶᠢ ᠠᠨᠦ᠄ ᠲᠡᠭᠷᠢ ᠎ ᠶᠢᠨ ᠬᠡᠯᠬᠢᠶ᠎ᠡ ᠪᠠᠷ ᠪᠣᠭᠳᠠ ᠶᠢ ᠵᠠᠯᠭᠠᠮᠵᠢᠯᠠᠭᠰᠠᠨ ᠪᠢᠰᠢᠷᠡᠯᠳᠦ ᠣᠳᠬᠠᠴᠢ ᠠᠷᠣᠣᠬᠠᠨ ᠪᠠᠭᠠᠳᠣᠷ ᠦᠭᠭᠢᠶᠡᠮᠦᠷ ᠲᠠᠬᠢᠮᠳᠠᠭᠤ ᠬᠠᠭᠠᠨ ︵统天继圣钦文英武大章孝皇帝︶⑸ ᠬᠡᠮᠡᠨ ᠡᠷᠭᠦᠮᠵᠢ ᠲᠡᠪᠰᠢᠭᠦᠯᠵᠦ ᠬᠠᠰ ᠲᠡᠪᠳᠡᠷ ᠲᠤᠷ ᠪᠢᠴᠢᠭᠯᠡᠪᠡ᠃                         ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠬᠤᠶᠠᠳᠣᠭᠠᠷ ᠣᠨ ︵1309︶᠎ ᠳᠤ ᠴᠠᠭᠠᠳᠠᠢ ᠬᠠᠭᠠᠨᠳᠣ ᠣᠯᠣᠰ ᠲᠠᠢ ᠪᠠᠨ ᠬᠤᠯᠪᠣᠭᠠᠯᠠᠨ ᠦᠭᠡᠳᠡᠢ ᠬᠠᠭᠠᠨᠳᠣ ᠣᠯᠣᠰ ᠢ ᠮᠦᠬᠦᠭᠡᠵᠦ᠂ ᠣᠮᠠᠷᠠᠳᠦ ᠬᠡᠰᠡᠭ ᠢ ᠨᠢ ᠶᠣᠸᠠᠨ ᠣᠯᠣᠰ ᠵᠢᠷᠣᠭᠯᠠᠨ ᠠᠪᠴᠣ᠂ ᠡᠮᠦᠨᠡᠳᠦ ᠬᠡᠰᠡᠭ ᠢ ᠨᠢ ᠴᠠᠭᠠᠳᠠᠢ ᠬᠠᠭᠠᠨᠲᠦ ᠣᠯᠣᠰ ᠲᠤ ᠬᠡᠰᠡᠭᠯᠡᠨ ᠦᠭᠪᠡ᠃ ᠮᠦᠨ ᠣᠨ ᠤ ᠶᠢᠰᠦᠨ ᠰᠠᠷ᠎ᠠ ᠳᠤ ᠡᠳ᠋ ᠤᠨ ᠵᠠᠰᠠᠭ ᠤᠨ ᠬᠢᠮᠣᠷᠠᠯ ᠠᠴᠠ ᠪᠠᠨ ᠮᠣᠯᠳᠣᠷᠠᠬᠤ ᠶᠢᠨ ᠲᠦᠯᠦᠬᠡ ᠣᠨᠣᠯᠳᠣ ᠶᠡᠭᠡ ᠶᠢᠨ ᠴᠠᠭᠠᠰᠣᠨ ᠵᠣᠭᠤᠰ ︵ᠵᠾᠢ ᠳ᠋ᠠ‌‍ᠪᠣᠣ ᠴᠣᠣ至大宝钞︶᠎ ᠢ ᠲᠠᠷᠣᠮᠯᠠᠨ ᠲᠠᠷᠬᠠᠭᠠᠭᠰᠠᠨ ᠎ ᠠᠴᠠ ᠪᠣᠯᠵᠣ ᠬᠤᠪᠢᠯᠠᠢ ᠰᠡᠴᠡᠨ ᠬᠠᠭᠠᠨ ᠤ ᠦᠶ᠎ᠡ ᠳᠠᠬᠢ ᠣᠨᠣᠯᠳᠣ ᠲᠡᠷᠢᠬᠦᠨ ᠤ ᠴᠠᠭᠠᠰᠣᠨ ᠵᠤᠭᠤᠰ ᠶᠡᠭᠡ ᠪᠠᠷ ᠮᠠᠭᠤᠳᠠᠵᠣ᠂ ᠬᠤᠶᠠᠷ ᠯᠢ ᠠᠴᠠ ᠬᠤᠶᠠᠷ ᠯᠠᠩ ᠬᠦᠷᠳᠡᠯ᠎ᠡ ᠠᠷᠪᠠᠨ ᠭᠤᠷᠪᠠᠨ ᠲᠡᠰ ᠲᠤ ᠬᠤᠪᠢᠶᠠᠭᠳᠠᠪᠠ᠃ ᠡᠬᠦᠨ ᠤ ᠬᠠᠮᠲᠦ ᠡᠯ᠎ᠡ ᠴᠦᠯᠬᠡ ︵路︶᠂ ᠪᠠᠯᠭᠠᠳ ︵府︶᠂ ᠵᠸᠦ ︵州︶᠂ ᠰᠢᠯᠳᠣᠭᠡᠨ ︵ᠰᠢᠶᠠᠨ县︶᠎ ᠳᠤ ᠪᠠᠶᠢᠩᠭᠤ ᠲᠡᠭᠰᠢᠯᠡᠬᠦ ᠬᠦᠮᠦᠷᠬᠡ ᠶᠢ ᠪᠠᠶᠢᠭᠤᠯᠵᠣ ᠦᠨ᠎ᠡ ᠬᠠᠩᠰᠢ ᠶᠢ ᠦᠷᠭᠦᠯᠵᠢ ᠶᠢᠨ ᠴᠢᠨᠠᠷᠳᠠᠢ ᠲᠡᠭᠰᠢᠯᠡᠨ ᠡᠵᠡᠮᠳᠡᠭᠦᠯᠪᠡ᠃ ᠲᠦᠪ ᠪᠢᠴᠢᠭ ᠤᠨ ᠮᠣᠵᠢ ︵中书省︶᠎ ᠳᠤ ᠵᠠᠬᠢᠶ᠎ᠠ ᠣᠯᠠᠮᠵᠢᠯᠠᠨ ᠬᠦᠮᠦᠨ ᠬᠡᠷᠡᠭᠯᠡᠬᠦ ᠡᠷᠬᠡ ᠎ ᠶᠢ ᠡᠷᠬᠢᠨ ᠰᠠᠶᠢᠳ ᠤᠨ ᠶᠠᠮᠣᠨ ︵尚书省︶᠎ ᠳᠤ ᠵᠢᠷᠣᠭᠯᠠᠨ ᠦᠭᠪᠡ᠃ ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠲᠦᠷᠪᠡᠳᠦᠭᠡᠷ ᠣᠨ ᠤ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠤ ᠡᠳᠦᠷ ︵ᠠᠷᠭ᠎ᠠ ᠶᠢᠨ ᠣᠯᠠᠷᠢᠯ ᠎ ᠤᠨ 1311 ᠣᠨ ᠤ 1 ᠰᠠᠷ᠎ᠠ ᠶᠢᠨ 27᠎ ᠤ ᠡᠳᠦᠷ︶ ᠨᠦᠵᠢᠳ ᠴᠡᠩᠭᠡᠯ ᠳᠤ ᠵᠢᠪᠪᠣᠨ ᠴᠠᠯᠭᠠᠶᠢᠳᠠᠵᠣ᠂ ᠠᠷᠢᠬᠢ ᠲᠠᠷᠠᠰᠣᠨ ᠳᠤ ᠬᠡᠳᠦᠷᠬᠡᠢ ᠰᠢᠨᠣᠭᠰᠠᠨ ᠤ ᠬᠡᠮ ᠣᠷᠰᠢᠭ ᠢᠶᠠᠷ ᠶᠡᠭᠡ ᠨᠡᠶᠢᠰᠯᠡᠯ ᠳᠠᠬᠢ ᠬᠠᠰ ᠠᠰᠠᠷᠠᠯᠳᠣ ᠬᠠᠷᠰᠢ ︵玉德殿︶᠎ ᠳᠤ ᠡᠪᠡᠳᠴᠢᠨ ᠢᠶᠠᠷ ᠬᠠᠯᠢᠪᠠᠢ᠂ ᠭᠤᠴᠢᠨ ᠬᠤᠶᠠᠷ ᠨᠠᠰᠣᠯᠠᠪᠠ᠂ ᠬᠦᠷᠯᠡᠬᠦ ᠳᠤ ᠣᠷᠰᠢᠭᠤᠯᠪᠠ⑹᠃ ᠣᠨᠣᠯᠳᠣ ᠶᠡᠭᠡ ᠬᠡᠮᠡᠬᠦᠢ ᠶᠢᠨ ᠲᠦᠷᠪᠡᠳᠦᠭᠡᠷ ᠣᠨ ᠤ ᠭᠤᠷᠪᠠᠨ ᠰᠠᠷ᠎ᠠ ᠶᠢᠨ ᠠᠷᠪᠠᠨ ᠨᠠᠢᠮᠠᠨ ᠤ ᠡᠳᠦᠷ ︵ᠠᠷᠭ᠎ᠠ ᠎ ᠶᠢᠨ ᠣᠯᠠᠷᠢᠯ ᠤᠨ 1311 ᠣᠨ ᠤ 4 ᠰᠠᠷ᠎ᠠ ᠶᠢᠨ 7᠎ ᠤ ᠡᠳᠦᠷ ︵ᠲᠡᠭᠦᠨ ᠤ ᠲᠡᠭᠦᠦ ᠠᠶᠣᠷᠪᠠᠷᠸᠠᠳᠠ ︵ᠦᠷᠦᠰᠢᠶᠡᠯᠳᠦ ᠲᠡᠭᠡᠳᠦᠰ᠂ ᠷᠧᠨᠽᠦ᠋ᠩ仁宗︶ ᠬᠡᠮᠡᠭᠴᠢ ᠲᠠᠶᠠ ᠬᠦᠪᠡᠭᠦᠨ ︵ᠲᠠᠶᠢᠽᠢ太子︶᠎ ᠤ ᠪᠠᠶᠢᠷᠢ ᠰᠠᠭᠤᠷᠢ ᠳᠠᠭᠠᠨ ᠲᠦᠰᠢᠭᠯᠡᠨ ᠬᠠᠭᠠᠨ ᠰᠠᠭᠤᠷᠢᠨ᠎ᠠ ᠰᠠᠭᠤᠮᠠᠭᠴᠠ ᠬᠠᠶᠢᠰᠠᠩ ᠬᠠᠭᠠᠨ ᠤ ᠠᠯᠢᠪᠠ ᠰᠢᠨ᠎ᠡ ᠵᠠᠰᠠᠭ ᠢ ᠴᠦᠮ ᠬᠦᠴᠦᠨ ᠦᠭᠡᠢ ᠪᠣᠯᠭᠠᠪᠠ᠃ ᠣᠨᠣᠯᠳᠣ ᠶᠡᠭᠡ ᠬᠡᠮᠡᠬᠦᠢ ᠶᠢᠨ ᠲᠦᠷᠪᠡᠳᠦᠭᠡᠷ ᠣᠨ ᠤ ᠵᠢᠷᠭᠤᠭᠠᠨ ᠰᠠᠷ᠎ᠠ ᠶᠢᠨ ᠬᠤᠷᠢᠨ ᠲᠦᠷᠪᠡᠨ ᠤ ᠡᠳᠦᠷ ᠶᠣᠸᠠᠨ ᠣᠯᠣᠰ ᠤᠨ ᠦᠷᠦᠰᠢᠶᠡᠯᠳᠦ ᠲᠡᠭᠡᠳᠦᠰ ᠠᠶᠣᠷᠪᠠᠷᠸᠠᠳᠠ ︵元仁宗爱育黎拔力 八达︶ ᠬᠠᠭᠠᠨ ᠠᠴᠠ ᠬᠠᠶᠢᠰᠠᠩ ︵海山︶ ᠬᠠᠭᠠᠨ ᠢ ᠦᠷᠰᠢᠶᠡᠯ ᠢᠪᠡᠭᠡᠯᠳᠦ ᠬᠡᠪᠳᠦ ᠲᠠᠬᠢᠮᠳᠠᠭᠤ ᠬᠠᠭᠠᠨ ︵仁 惠宣孝皇帝︶ ᠬᠡᠮᠡᠨ ᠨᠡᠬᠡᠨ ᠡᠷᠭᠦᠮᠵᠢᠯᠡᠵᠦ᠂ ᠰᠦᠮ᠎ᠡ ᠶᠢᠨ ᠴᠣᠯᠠ ᠶᠢ ᠠᠨᠦ ᠴᠣᠭᠳᠣ ᠲᠡᠭᠡᠳᠦᠰ ︵武宗︶ ᠬᠡᠮᠡᠨ ᠬᠦᠷᠦᠭᠯᠡᠭᠡᠳ ᠮᠣᠩᠭᠤᠯ ᠤᠨ ᠬᠡᠯᠡ ᠪᠠᠷ ᠬᠦᠯᠦᠭ ᠬᠠᠭᠠᠨ ︵曲律皇帝︶⑺ ᠬᠡᠮᠡᠨ ᠰᠦᠭᠯᠡᠪᠡ᠃                           ※ ᠠᠠᠰᠢᠭᠯᠠᠭᠰᠠᠨ ᠰᠣᠷᠪᠣᠯᠵᠢ ᠪᠢᠴᠢᠭ                         ⑴ᠮᠣᠩᠭᠤᠯ ᠬᠡᠯᠡᠨ ᠳᠤ ᠬᠤᠳᠠ ᠶᠢᠨ ᠬᠡᠷᠡᠮ ᠢ ᠬᠠᠶᠢᠰᠠᠩ ᠬᠡᠳᠡᠭ᠃                           ⑵︽ᠶᠣᠸᠠᠨ ᠣᠯᠣᠰ ᠤᠨ ᠰᠣᠳᠣᠷ᠂ ᠴᠣᠭᠳᠣ ᠲᠡᠭᠡᠳᠦᠰ ᠤᠨ ᠴᠠᠳᠢᠭ᠂ ᠨᠢᠭᠡ元史᠂武 宗本纪一︾                         ⑶ᠲᠦ᠋ ᠵᠢᠢ ︽ᠮᠣᠩᠭᠤᠯ ᠤᠨ ᠲᠡᠣᠬᠡ᠂ ᠴᠣᠭᠳᠣ ᠲᠡᠭᠡᠳᠦᠰ ᠤᠨ ᠴᠠᠳᠢᠭ屠寄︔蒙兀 儿史记᠂武宗本纪︾                         ⑷ᠶᠣᠸᠠᠨ ᠣᠯᠣᠰ ᠤᠨ ᠰᠣ᠋ ᠲᠢᠶᠠᠨ ᠵᠢᠣᠸᠠᠢ ︽ᠭᠦᠷᠦᠨ ᠲᠦᠷᠦ ᠶᠢᠨ ᠣᠳᠬ᠎ᠠ ᠶᠢᠨ ᠵᠦᠢᠯ᠂ ᠠᠷᠪᠠᠨ ᠨᠢᠭᠡᠳᠦᠭᠡᠷ ᠪᠣᠳᠢ᠂ ᠵᠠᠷᠯᠢᠭ苏天爵︔国朝文类᠂卷十一᠂制︾                           ⑸ᠶᠣᠸᠠᠨ ᠣᠯᠣᠰ ᠤᠨ ᠰᠣ᠋ ᠲᠢᠶᠠᠨ ᠵᠢᠣᠸᠠᠢ ︽ᠭᠦᠷᠦᠨ ᠲᠦᠷᠦ ᠶᠢᠨ ᠣᠳᠬ᠎ᠠ ᠶᠢᠨ ᠵᠦᠢᠯ᠂ ᠠᠷᠪᠠᠳᠣᠭᠠᠷ ᠪᠣᠳᠢ᠂ ᠨᠠᠪᠴᠢᠳᠣ ᠡᠷᠭᠦᠮᠵᠢᠯᠡᠯ ᠤᠨ ᠪᠢᠴᠢᠭ苏天爵︔国朝文类᠂卷十᠂册文︾ ︵ᠣᠣᠯ ᠡᠷᠭᠦᠮᠵᠢᠯᠡᠯ ᠤᠨ ᠪᠢᠴᠢᠭ ᠢ ᠶᠣᠸᠠᠨ ᠣᠯᠣᠰ ᠤᠨ ᠣᠳᠬ᠎ᠠ ᠵᠣᠬᠢᠶᠠᠯᠴᠢ ᠪᠦᠭᠡᠳ ᠮᠡᠷᠭᠡᠳ ᠤᠨ ᠬᠦᠷᠢᠶᠡᠯᠡᠩ ᠤᠨ ᠡᠷᠳᠡᠮᠳᠡᠨ ᠶᠣᠣ ᠰᠦᠢ姚燧 ᠬᠡᠮᠡᠭᠴᠢ ᠵᠣᠬᠢᠶᠠᠪᠠ︶                         ⑹ᠶᠣᠸᠠᠨ ᠣᠯᠣᠰ ᠤᠨ ᠰᠣᠳᠣᠷ ᠤᠨ ᠰᠢᠨ᠎ᠡ ᠨᠠᠶᠢᠷᠠᠭᠤᠯᠣᠯ᠂ ᠨᠠᠢᠮᠠᠳᠤᠭᠠᠷ ᠪᠣᠳᠢ᠂ ᠴᠣᠭᠳᠣ ᠲᠡᠭᠡᠳᠦᠰ ᠎ ᠤᠨ ᠴᠠᠳᠢᠭ 元史新编᠂卷八᠂武宗本纪︾                         ⑺ᠶᠣᠸᠠᠨ ᠣᠯᠣᠰ ᠤᠨ ᠰᠣᠳᠣᠷ᠂ ᠴᠣᠭᠳᠣ ᠲᠡᠭᠡᠳᠦᠰ ᠤᠨ ᠴᠠᠳᠢᠭ᠂ ᠬᠤᠶᠠᠷ元史᠂武 宗本纪二︾       ︵11︶  ᠯᠣ᠋ ᠭᠠᠵᠠᠷ【 ᠣᠳᠣᠬᠢ ᠱᠠᠨᠳᠦᠩ ᠮᠣᠵᠢ】᠎ ᠤᠨ ᠣᠷᠤᠭ ᠲᠦᠷᠦᠯ ᠤᠨ ᠴᠣᠭᠳᠣ ᠸᠠᠩ ᠠᠯᠴᠣ 鲁国宗武王按赤那演 —— ᠬᠤᠩᠭᠢᠷᠠᠳ ᠠᠶᠢᠮᠠᠭ ᠤᠨ ᠪᠣᠰᠬᠤᠷ ᠣᠪᠣᠭᠳᠣ᠃ ᠳ᠋ᠢᠢ ᠰᠡᠴᠡᠨ ᠤ ᠬᠦᠪᠡᠭᠦᠨ᠂ ᠶᠣᠸᠠᠨ ᠣᠯᠣᠰ ᠤᠨ ᠲᠣᠯᠭᠤᠷ ᠣᠷᠢᠳᠣᠰ ᠴᠢᠩᠬᠢᠰ ᠬᠠᠭᠠᠨ ᠢ ᠲᠠᠭᠠᠵᠣ ᠂ ᠭᠤᠴᠢᠨ ᠬᠤᠶᠠᠷ ᠣᠳᠠᠭ᠎ᠠ ᠶᠢᠨ ᠲᠠᠶᠢᠯᠠᠨ ᠲᠠᠭᠠᠭᠤᠯᠬᠤ ᠲᠠᠶᠢᠨ ᠳᠤ ᠣᠷᠣᠯᠴᠠᠵᠣ᠂ ᠪᠠᠷᠠᠭᠤᠨ ᠲᠠᠩᠭᠤᠳ ᠢ ᠲᠦᠪᠰᠢᠳᠭᠡᠨ᠂ ᠲᠦᠩᠭᠤᠸᠠᠨ ᠪᠣᠭᠤᠮᠳᠠ ᠶᠢᠨ ᠵᠠᠮ ᠢ ᠲᠠᠰᠣᠯᠵᠣ᠂ ᠣᠶᠢᠭᠤᠷ ᠤᠨ ᠰᠠᠮᠠᠷᠺᠠᠨᠲ ᠬᠤᠳᠠ ᠶᠢ ᠡᠵᠡᠯᠡᠬᠦ ᠵᠡᠷᠭᠡ ᠲᠠᠶᠢᠨ ᠳᠤ ᠴᠦᠮ ᠦᠯᠡᠮᠵᠢ ᠭᠠᠪᠢᠶ᠎ᠠ ᠪᠠᠶᠢᠭᠤᠯᠣᠭᠰᠠᠨ ᠪᠢᠯᠠ᠃⑴᠃ ᠡᠨᠡ ᠬᠦᠮᠦᠨ ᠤ ᠨᠡᠷ᠎ᠡ ᠶᠢ ᠬᠢᠳᠠᠳ ᠰᠣᠳᠣᠷ ᠲᠤ ᠬᠡᠳᠦ ᠬᠡᠳᠦᠨ ᠶᠠᠩᠵᠦ ᠪᠠᠷ ᠪᠢᠴᠢᠳᠡᠭ ᠪᠣᠯᠪᠠᠴᠣ ᠷᠠᠰᠢᠳ᠋ — ᠠᠳ᠋ᠳᠢᠨ ᠤ ︽ᠰᠣᠳᠣᠷ ᠤᠨ ᠴᠢᠭᠤᠯᠭᠠᠨ︾᠎ ᠳᠤ ︽ᠠᠯᠴᠣ︾ ᠬᠡᠵᠦ ᠲᠣᠳᠣᠷᠬᠠᠢ ᠪᠢᠴᠢᠵᠦ ᠪᠣᠢ᠃ ᠠᠯᠴᠤ ᠭᠡᠳᠡᠭ ᠨᠢ ᠠᠯᠲᠠ ᠭᠡᠰᠡᠨ ᠦᠭᠡ᠃                       ᠣᠯᠠᠭᠠᠨ ᠪᠠᠷᠰ ᠵᠢᠯ ︵1206 ᠣᠨ︶᠎ ᠳᠤ ᠨᠠᠶᠠᠨ ᠵᠢᠷᠭᠤᠭᠠᠳᠠᠬᠢ ᠮᠢᠩᠭᠠᠳᠣ ᠶᠢᠨ ᠨᠣᠶᠠᠨ ᠡᠷᠭᠦᠮᠵᠢᠯᠡᠭᠳᠡᠪᠡ᠃ ᠠᠯᠳᠠᠨ ᠣᠯᠣᠰ ᠢ ᠮᠦᠬᠦᠭᠡᠬᠦ ᠪᠠᠶᠢᠯᠳᠣᠭᠠᠨ ᠳᠤ ᠬᠤᠩᠭᠢᠷᠠᠳ᠂ ᠢᠬᠢᠷᠠᠰ᠂ ᠵᠠᠯᠠᠶᠢᠷ᠂ ᠦᠷᠬᠦᠳ᠂ ᠮᠠᠩᠭᠤᠳ ᠵᠡᠷᠭᠡ ᠲᠠᠪᠣᠨ ᠠᠶᠢᠮᠠᠭ ᠢ ᠨᠡᠶᠢᠳᠭᠡᠵᠦ ᠲᠠᠪᠣᠨ ᠲᠦᠰᠢᠶ᠎ᠡ ︵投下︶ ᠪᠣᠯᠭᠠᠭᠰᠠᠨ ᠪᠦᠭᠡᠳ ᠡᠨᠡᠬᠦ ᠲᠠᠮᠣᠭᠴᠢ ᠴᠡᠷᠢᠭ ︵探马赤军᠂ ᠤᠯᠠᠨ ᠠᠶᠢᠮᠠᠭ ᠤᠭᠰᠠᠭᠠᠨ ᠤ ᠬᠦᠮᠦᠰ ᠢ ᠨᠡᠶᠢᠯᠡᠭᠦᠯᠵᠦ ᠲᠡᠭᠡᠰᠤ ᠲᠠᠮᠤᠬᠤ ᠰᠢᠭ᠋ ᠨᠡᠶᠢᠳᠭᠡᠨ ᠲᠠᠮᠤᠵᠦ ᠡᠷᠴᠢᠮᠵᠢᠭᠦᠯᠦᠭᠰᠡᠨ ᠴᠡᠷᠢᠭ᠂ ᠡᠶᠢᠮᠦ ᠠᠴᠠ ᠲᠠᠮᠤᠭᠴᠢ ᠴᠡᠷᠢᠭ ᠭᠡᠵᠠᠢ︶᠎ ᠨᠢ ᠠᠯᠳᠠᠨ ᠣᠯᠣᠰ ᠢ ᠲᠠᠶᠢᠯᠠᠬᠤ ᠭᠤᠣᠯ ᠬᠦᠴᠦᠨ ᠪᠣᠯᠣᠭᠰᠠᠨ ᠶᠣᠮ⑵᠃                       ᠴᠠᠭᠠᠭᠴᠢᠨ ᠬᠤᠨᠢᠨ ᠵᠢᠯ ︵1211 ᠣᠨ︶᠎ ᠳᠤ ᠬᠢᠳᠠᠨ ︵契丹︶᠎ ᠤ ᠢᠯᠠ— ᠯᠢᠭ᠋ ︵耶 律留哥︶ ᠬᠡᠮᠡᠭᠴᠢ ᠯᠦᠩᠭᠠᠨ ︵ᠯᠦᠩ ᠠᠨ隆安᠂ ᠣᠳᠣᠬᠢ ᠭᠢᠷᠢᠨ ᠮᠣᠵᠢ ᠶᠢᠨ ᠨᠦᠩ ᠠᠨ︶ ᠬᠢᠭᠡᠳ ᠬᠠᠨᠵᠣᠷ ︵韩州᠂ ᠣᠳᠣᠬᠢ ᠭᠢᠷᠢᠨ ᠮᠣᠵᠢ ᠶᠢᠨ ᠠᠯᠢᠮᠠᠳᠣ ᠰᠢᠶᠠᠨ ᠤ ᠨᠠᠢᠮᠠᠯᠵᠢᠨ ᠬᠤᠳᠠ︶᠎ ᠶᠢ ᠡᠵᠡᠯᠡᠨ ᠰᠠᠭᠤᠵᠣ ᠠᠷᠪᠠᠨ ᠲᠦᠮᠡᠨ ᠣᠯᠠᠨ ᠢ ᠴᠣᠭᠯᠠᠭᠤᠯᠣᠭᠠᠳ ᠠᠯᠳᠠᠨ ᠣᠯᠣᠰ ᠢ ᠲᠠᠶᠢᠯᠠᠵᠣ ᠪᠠᠶᠢᠪᠠ᠃ ᠲᠠᠷᠠᠭ᠎ᠠ ᠵᠢᠯ ᠎ ᠳᠤᠨᠢ ᠴᠢᠩᠭᠢᠰ ᠬᠠᠭᠠᠨ ᠠᠯᠴᠣ ᠨᠣᠶᠠᠨ ᠢ ᠲᠣᠮᠢᠯᠠᠨ ᠯᠠᠤᠬ᠎ᠠ ᠶᠢᠨ ᠵᠡᠭᠦᠨᠳᠡᠬᠢ ᠣᠷᠣᠨ ᠳᠤ ᠴᠡᠷᠢᠭ ᠣᠷᠣᠭᠤᠯᠣᠭᠰᠠᠨ ᠎ ᠳᠤ ᠢᠯᠠ — ᠯᠢᠭ᠋ ᠬᠡᠮᠡᠭᠴᠢ ᠴᠡᠷᠢᠭ ᠢᠷᠭᠡᠳ ᠢᠶᠠᠨ ᠲᠠᠭᠠᠭᠤᠯᠣᠨ ᠮᠣᠩᠭᠤᠯ ᠳᠤ ᠣᠷᠣᠵᠣ ᠦᠭᠪᠡ᠃ ᠠᠯᠴᠣ ᠬᠢᠭᠡᠳ ᠢᠯᠠ — ᠯᠢᠭ᠋ ᠬᠤᠶᠠᠭᠤᠯᠠ ᠡᠷᠵᠢ ᠶᠢᠨ ᠠᠭᠤᠯᠠᠨ ︵ᠣᠳᠣᠬᠢ ᠯᠢᠶᠣᠣᠨᠢᠩ ᠮᠣᠵᠢ ᠶᠢᠨ ᠵᠡᠭᠦᠨ ᠬᠤᠶᠢᠨᠠᠬᠢ ᠺᠠᠶᠢᠶᠣᠸᠠᠨ ︵开原县︶ ᠰᠢᠶᠠᠨ ᠤ ᠯᠠᠤᠬ᠎ᠠ ᠶᠢᠨ ᠭᠤᠣᠯ ᠤᠨ ᠠᠷᠣ ᠬᠦᠪᠡᠭᠡᠨ ᠳᠤ ᠪᠠᠶᠢᠬᠤ ᠡᠷᠬᠢ ᠶᠢᠨ ᠠᠭᠤᠯᠠ︶᠎ ᠳᠤ ᠬᠦᠴᠦ ᠬᠠᠮᠳᠣᠳᠬᠠᠨ ᠠᠯᠳᠠᠨ ᠣᠯᠣᠰ ᠢ ᠲᠠᠶᠢᠯᠠᠪᠠ᠃ ᠬᠠᠷᠠᠭᠴᠢᠨ ᠲᠠᠬᠢᠶ᠎ᠠ ᠵᠢᠯ᠂ ᠲᠠᠷᠣᠢ ᠠᠯᠳᠠᠨ ᠣᠯᠣᠰ ︵᠎ ᠶᠢᠨ金︶᠎ ᠤᠨ ᠪᠠᠳᠣ ᠢᠪᠡᠭᠡᠯᠲᠦ ︵ᠵᠧᠨ ᠶᠢᠦ贞祐︶ ᠬᠡᠮᠡᠬᠦᠢ ᠶᠢᠨ ᠠᠩᠬᠠᠳᠣᠭᠠᠷ ᠣᠨ ︵1213 ᠣᠨ︶᠎ ᠳᠤ ᠠᠯᠳᠠᠨ ᠣᠯᠣᠰ ᠤᠨ ᠣᠩᠬᠢᠩ ᠴᠧᠩ ᠢᠣᠢ ︵完颜承裕︶ ᠬᠡᠮᠡᠭᠴᠢ ᠶᠣᠸᠠᠨᠱᠣᠸᠠᠢ ᠪᠣᠯᠵᠣ ᠵᠢᠷᠠᠨ ᠲᠦᠮᠡᠨ ᠴᠡᠷᠢᠭ ᠲᠠᠭᠠᠭᠤᠯᠣᠨ ᠢᠯᠠ— ᠯᠢᠭ᠋ ᠢ ᠲᠠᠶᠢᠯᠠᠪᠠ᠂ ᠢᠯᠠ — ᠯᠢᠭ᠋ ᠮᠣᠩᠭᠤᠯ ᠠᠴᠠ ᠲᠣᠰᠠᠯᠠᠮᠵᠢ ᠬᠦᠰᠡᠭᠰᠡᠨ ᠳᠤ ᠴᠢᠩᠭᠢᠰ ᠬᠠᠭᠠᠨ ᠠᠯᠴᠣ ᠶᠢ ᠵᠠᠷᠯᠢᠭᠳᠠᠨ ᠢᠯᠠ — ᠯᠢᠭ᠋ ᠲᠤ ᠲᠣᠰᠠᠯᠠᠭᠤᠯᠣᠭᠰᠠᠨ ᠠᠴᠠ ᠲᠠᠬᠢ ᠨᠠᠭᠤᠷ ︵迪吉诺尔︶᠎ ᠤᠨ ᠪᠠᠶᠢᠯᠳᠣᠭᠠᠨ ᠳᠤᠷ ᠠᠯᠳᠠᠨ ᠣᠯᠣᠰ ᠤᠨ ᠵᠢᠷᠠᠨ ᠲᠦᠮᠡᠨ ᠶᠡᠭᠡ ᠴᠡᠷᠢᠭ ᠢ ᠪᠦᠬᠦᠨ ᠢ ᠪᠣᠳᠠ ᠨᠢᠷᠭᠡᠪᠠ⑶᠃ ᠣᠯᠠᠭᠴᠢᠨ ᠭᠠᠭ᠋ᠠᠢ ᠵᠢᠯ ︵1227 ᠣᠨ︶ ᠎ ᠳᠤᠷ ᠣᠯᠣᠰ ᠤᠨ ᠨᠠᠭᠠᠴᠣ ᠠᠯᠴᠣ ᠨᠣᠶᠠᠨ ᠬᠡᠮᠡᠬᠦ ᠴᠣᠯᠠ ᠪᠠᠷ ᠰᠣᠶᠣᠷᠬᠠᠭᠳᠠᠪᠠ᠃                         ᠬᠠᠷ᠎ᠠ ᠯᠣᠣ ᠵᠢᠯ ︵1232 ᠣᠨ︶᠎ ᠳᠤ ᠬᠠᠰᠢᠨ ᠸᠠᠩ ︵河西王︶ ᠡᠷᠭᠦᠮᠵᠢᠯᠡᠵᠦ ᠮᠦᠩᠭᠦᠨ ᠲᠠᠮᠠᠭ᠎ᠠ ᠰᠣᠶᠣᠷᠬᠠᠨ ᠣᠯᠭᠤᠭᠰᠠᠨ ᠮᠦᠷᠳᠡᠭᠡᠨ ᠬᠤᠩᠭᠢᠷᠠᠳ ᠠᠶᠢᠮᠠᠭ ᠢ ᠨᠡᠶᠢᠳᠡᠯᠡᠨ ᠵᠠᠬᠢᠷᠠᠭᠤᠯᠪᠠ᠃ ᠣᠯᠠᠭᠴᠢᠨ ᠲᠠᠬᠢᠶ᠎ᠠ ᠵᠢᠯ ︵1237 ᠣᠨ︶᠎ ᠳᠤ ᠬᠤᠷᠢᠨ ᠲᠦᠮᠡᠨ ᠰᠢᠭᠰᠢᠷᠡᠭᠡ ︵ᠬᠡᠯᠬᠢᠶ᠎ᠡ︶ ᠵᠣᠭᠤᠰ ᠱᠠᠩᠨᠠᠬᠤ ᠶᠢᠨ ᠬᠠᠮᠳᠣ ᠬᠤᠩᠭᠢᠷᠠᠳ ᠠᠶᠢᠮᠠᠭ ᠤᠨ ᠬᠢᠨᠢ ᠦᠬᠢᠨ ᠲᠦᠷᠦᠪᠡᠰᠦ ᠬᠠᠳᠣᠨ ᠪᠣᠯᠭᠠᠵᠣ᠂ ᠬᠦᠪᠡᠭᠦᠨ ᠲᠦᠷᠦᠪᠡᠰᠦ ᠪᠠᠬᠢ ︵ᠭᠦᠩᠵᠦ公主︶᠎ ᠯᠦᠭᠡ ᠭᠡᠷᠯᠡᠭᠦᠯᠵᠦ᠂ ᠦᠶ᠎ᠡ ᠶᠢᠨ ᠦᠶ᠎ᠡ ᠳᠤᠷ ᠪᠢᠳᠡᠬᠢ ᠲᠠᠰᠣᠯᠣᠭᠤᠯᠣᠭᠳᠣᠨ ᠬᠡᠮᠡᠬᠦ ᠵᠠᠷᠯᠢᠭ ᠪᠣᠯᠬᠤ ᠶᠢᠨ ᠬᠠᠮᠲᠦ ᠤᠯᠵᠢᠯᠠᠭᠳᠠᠭᠰᠠᠨ ᠴᠡᠷᠢᠭ ᠢᠷᠭᠡᠳ ᠠᠴᠠ ᠲᠠᠪᠣᠨ ᠮᠢᠩᠭ᠎ᠠ ᠬᠤᠶᠠᠷ ᠵᠠᠭᠤᠨ ᠬᠦᠮᠦᠨ ᠢ ᠰᠣᠶᠣᠷᠬᠠᠨ ᠣᠯᠭᠤᠭᠰᠠᠨ ᠮᠦᠷᠳᠡᠭᠡᠨ ᠲᠦᠮᠡᠳᠦ ᠶᠢᠨ⑷ ᠨᠣᠶᠠᠨ ᠡᠷᠭᠦᠮᠵᠢᠯᠡᠪᠡ᠃ ᠠᠯᠴᠣ ᠨᠦᠭᠴᠢᠭᠰᠡᠨ ᠤ ᠲᠠᠷᠠᠭ᠎ᠠ ᠭᠤᠷ ᠤᠨ ᠠᠭᠤᠯᠠᠨ ︵官人 山︶᠎ ᠳᠤᠷ ᠣᠷᠣᠰᠢᠭᠤᠯᠪᠠ᠃ ᠢᠵᠠᠭᠤᠷ ᠪᠠᠳᠣ ᠬᠡᠮᠡᠬᠦᠢ ᠶᠢᠨ ᠠᠩᠬᠠᠳᠤᠭᠠᠷ ᠣᠨ ︵ᠶᠣᠸᠠᠨ ᠵᠧᠨ᠂元贞᠂ 1295︶᠎ ᠤ ᠬᠤᠶᠠᠳᠣᠭᠠᠷ ᠰᠠᠷ᠎ᠠ ᠳᠤ ᠵᠢᠨᠢᠩ ᠭᠠᠵᠠᠷ ᠤᠨ ᠸᠠᠩ ︵济宁王᠂ ᠣᠳᠣᠬᠢ ᠱᠠᠨᠳᠦᠩ ᠮᠣᠵᠢ ᠶᠢᠨ ᠪᠠᠷᠠᠭᠤᠨ ᠡᠮᠦᠨ᠎ᠡ ᠬᠡᠰᠡᠭ︶ ᠬᠡᠮᠡᠨ ᠨᠡᠬᠡᠨ ᠡᠷᠭᠦᠮᠵᠢᠯᠡᠵᠦ ᠂ ᠨᠡᠬᠡᠨ ᠡᠷᠭᠦᠮᠵᠢᠯᠡᠭᠰᠡᠨ ᠴᠣᠯᠠ ᠶᠢ ᠨᠢ ᠰᠢᠳᠣᠷᠭᠤ ᠪᠠᠭᠠᠳᠣᠷ ︵忠 武︶ ᠬᠡᠮᠡᠪᠡ᠃ ᠲᠠᠬᠦᠨ ᠤ ᠬᠠᠳᠣᠨ ᠬᠠᠴᠢᠨ ᠢ ᠵᠢᠨᠢᠩ ᠸᠠᠩ ᠤᠨ ᠬᠠᠳᠣᠨ ᠬᠡᠮᠡᠨ ᠨᠡᠬᠡᠨ ᠡᠷᠭᠦᠮᠵᠢᠯᠡᠪᠡ᠃ ᠬᠦᠪᠡᠬᠦᠨ ᠢᠨᠦ ᠦᠯᠴᠦ ︵斡陈︶᠂ ᠨᠠᠴᠢᠨ ︵纳陈︶᠂ ᠲᠡᠮᠦᠷ ︵帖木儿︶᠂ ᠰᠣᠷᠭᠤᠭᠳᠣ ︵唆儿火都︶᠂ ᠪᠢᠯᠢᠭ ︵必哥︶⑸ ᠬᠡᠮᠡᠳᠡᠭ ᠪᠦᠭᠡᠳ ᠶᠡᠭᠡ ᠦᠬᠢᠨ ᠴᠠᠮᠪᠢ ︵察必︶⑹ ᠬᠡᠮᠡᠭᠴᠢ ᠢᠨᠦ ᠬᠤᠪᠢᠯᠠᠢ ᠰᠡᠴᠡᠨ ᠬᠠᠭᠠᠨ ᠤ ᠬᠦᠷᠦᠨ ᠬᠠᠳᠣᠨ ︵ᠬᠤᠸᠠᠩᠬᠤ皇后︶ ᠪᠣᠯᠣᠭᠰᠠᠨ ᠪᠦᠯᠦᠬᠡ᠃                         ※ ᠠᠰᠢᠭᠯᠠᠭᠰᠠᠨ ᠰᠣᠷᠪᠣᠯᠵᠢ ᠪᠢᠴᠢᠭ                         ⑴︽ᠶᠣᠸᠠᠨ ᠣᠯᠣᠰ ᠤᠨ ᠰᠣᠳᠣᠷ᠂ ᠨᠢᠬᠡ ᠵᠠᠭᠤ ᠠᠷᠪᠠᠨ ᠨᠠᠢᠮᠠᠳᠤᠭᠠᠷ ᠪᠣᠳᠢ᠂ ᠵᠢᠭᠰᠠᠭᠠᠮᠵᠢ ᠱᠠᠰᠳᠢᠷ ᠲᠠᠪᠤ᠂ ᠳ᠋ᠢᠢ ᠰᠡᠴᠡᠨ元史᠂卷一百一十八᠂列传第五᠂特薛禅︾                           ⑵ᠵᠠᠩ ᠳ᠋ᠠᠢ ᠢᠣᠢ ︽ᠶᠣᠸᠠᠨ ᠣᠯᠣᠰ ᠤᠨ ᠦᠶ᠎ᠡ ᠶᠢᠨ ᠭᠤᠪᠢ ᠶᠢᠨ ᠡᠮᠦᠨᠡᠬᠢ ᠬᠤᠩᠬᠢᠷᠠᠳ ᠠᠶᠢᠮᠠᠭ ᠎ ᠤᠨ ᠭᠦᠷᠭᠡᠰ ᠤᠨ ᠣᠭᠰᠠᠭ᠎ᠠ ᠶᠢᠨ ᠲᠦᠷᠦᠭᠦᠴᠦᠳ ᠢ ᠨᠢᠭᠳᠠᠯᠠᠬᠤ ᠨᠢ︾ ︵ᠦᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠣᠬᠠᠭᠠᠨ᠂ ᠬᠢᠳᠠᠳ ᠬᠡᠪᠯᠡᠯ᠂ 2006 ᠣᠨ ᠤ 11 ᠰᠠᠷ᠎ᠠ᠂ ᠵᠢᠷᠭᠤᠳᠣᠭᠠᠷ ᠬᠤᠭᠤᠴᠠᠭ᠎ᠠ︶                           ⑶︽ᠠᠯᠳᠠᠨ ᠣᠯᠣᠰ ᠤᠨ ᠰᠣᠳᠣᠷ᠂ ᠶᠡᠷᠡᠨ ᠭᠤᠷᠪᠠᠳᠣᠭᠠᠷ ᠪᠣᠳᠢ᠂ ᠵᠢᠭᠰᠠᠭᠠᠮᠵᠢ ᠱᠠᠰᠳᠢᠷ ᠭᠤᠴᠢᠨ ᠨᠢᠭᠡ᠂ ᠴᠧᠩ ᠢᠣᠢ ᠶᠢᠨ ᠱᠠᠰᠳᠢᠷ金史᠂卷九十三᠂列传第三十一᠂承裕 传︶                         ⑷ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠳ᠋ᠢᠢ ᠰᠡᠴᠡᠨ ᠤ ᠱᠠᠰᠳᠢᠷ︾                         ⑸ ᠵᠠᠩ ᠳ᠋ᠠᠢ ᠢᠣᠢ ︽ᠶᠣᠸᠠᠨ ᠣᠯᠣᠰ ᠤᠨ ᠦᠶ᠎ᠡ ᠶᠢᠨ ᠭᠤᠪᠢ ᠶᠢᠨ ᠡᠮᠦᠨᠡᠬᠢ ᠬᠤᠩᠬᠢᠷᠠᠳ ᠠᠶᠢᠮᠠᠭ ᠎ ᠤᠨ ᠭᠦᠷᠭᠡᠰ ᠤᠨ ᠣᠭᠰᠠᠭ᠎ᠠ ᠶᠢᠨ ᠲᠦᠷᠦᠭᠦᠴᠦᠳ ᠢ ᠨᠢᠭᠳᠠᠯᠠᠬᠤ ᠨᠢ︾ ︵ᠦᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠣᠬᠠᠭᠠᠨ᠂ ᠬᠢᠳᠠᠳ ᠬᠡᠪᠯᠡᠯ᠂ 2006 ᠣᠨ ᠤ 11 ᠰᠠᠷ᠎ᠠ᠂ ᠵᠢᠷᠭᠤᠳᠣᠭᠠᠷ ᠬᠤᠭᠤᠴᠠᠭ᠎ᠠ                         ⑹︽ᠶᠣᠸᠠᠨ ᠣᠯᠣᠰ ᠤᠨ ᠰᠣᠳᠣᠷ᠂ ᠬᠠᠳᠣᠳ ᠤᠨ ᠢᠯᠡᠳᠭᠡᠯ᠂元史᠂后妃传︾                         ︵12︶ ᠴᠢᠭᠡᠴᠢ ᠶᠣᠰᠣᠳᠣ ᠡᠶᠡᠪᠡᠷᠬᠦ ᠪᠣᠭᠳᠠ ᠭᠦᠷᠦᠨ ᠬᠠᠳᠣᠨ【 ᠴᠠᠮᠪᠢ ᠬᠠᠳᠣᠨ】昭睿 兴圣皇后—— ︵︖ —— 1281 ᠣᠨ︶᠂ ᠶᠣᠸᠠᠨ ᠣᠯᠣᠰ ᠤᠨ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠤ ᠭᠦᠷᠦᠨ ᠬᠠᠳᠣᠨ᠂ ᠨᠡᠷ᠎ᠡ ᠶᠢ ᠠᠨᠦ ᠴᠠᠮᠪᠢ ︵察必︶ ᠬᠡᠮᠡᠮᠣᠢ᠃ ᠬᠤᠩᠭᠢᠷᠠᠳ ᠠᠶᠢᠮᠠᠭ ᠤᠨ ᠪᠣᠰᠬᠤᠷ ᠣᠪᠣᠭᠳᠠᠨ᠂ ᠶᠣᠸᠠᠨ ᠣᠯᠣᠰ ᠤᠨ ᠬᠠᠭᠠᠨ ᠤ ᠨᠠᠭᠠᠴᠣ ᠪᠦᠭᠡᠳ ᠵᠢᠨᠢᠩ ᠭᠠᠵᠠᠷ ᠤᠨ ᠰᠢᠳᠣᠷᠭᠤ ᠪᠠᠭᠠᠳᠣᠷ ᠸᠠᠩ ᠠᠯᠴᠣ ︵按陈︶᠎ ᠶᠢᠨ ᠦᠬᠢᠨ⑴᠃ ᠶᠣᠸᠠᠨ ᠣᠯᠣᠰ ᠤᠨ ᠰᠦᠷᠳᠦ ᠲᠡᠭᠡᠳᠦᠰ ᠮᠦᠩᠬᠡ ᠬᠠᠭᠠᠨ ᠤ ᠶᠢᠰᠦᠳᠦᠭᠡᠷ ᠣᠨ ︵1259 ᠣᠨ︶᠎ ᠳᠤ᠂ ᠬᠤᠪᠢᠯᠠᠢ ᠵᠠᠷᠯᠢᠭ ᠢᠶᠠᠷ ᠡᠮᠦᠨᠡᠰᠢ ᠮᠣᠷᠳᠠᠨ ᠰᠦᠩ ᠣᠯᠣᠰ ᠢ ᠲᠦᠪᠰᠢᠳᠭᠡᠬᠦ ᠳᠤ ᠴᠠᠮᠪᠢ ᠬᠠᠳᠣᠨ ᠪᠦᠬᠦᠭᠲᠦ ︵不忽都︶ ᠬᠡᠮᠡᠬᠦ ᠭᠠᠵᠠᠷ ᠲᠤ ᠨᠣᠳᠣᠭᠯᠠᠨ ᠰᠠᠭᠤᠵᠣ ᠠᠪᠠᠢ᠃ ᠮᠦᠩᠬᠡ ᠬᠠᠭᠠᠨ ᠲᠦᠷᠪᠡᠨ ᠮᠦᠷᠡᠨ ᠬᠡᠮᠡᠭᠳᠡᠭᠰᠡᠨ ᠰᠧᠴᠣᠸᠠᠨ ᠭᠠᠵᠠᠷ ᠲᠤ ᠲᠠᠶᠢᠨ ᠎ ᠤ ᠶᠠᠪᠣᠳᠠᠯ ᠢᠶᠠᠷ ᠵᠠᠪᠰᠢᠶᠠᠨ ᠪᠣᠰᠣ ᠪᠠᠷ ᠲᠡᠭᠷᠢ ᠳᠤ ᠬᠠᠯᠢᠭᠰᠠᠨ ᠳᠤ ᠮᠦᠩᠬᠡ ᠬᠢᠭᠡᠳ ᠬᠤᠪᠢᠯᠠᠢ ᠶᠢᠨ ᠡᠬᠡ ᠨᠢᠭᠡᠲᠦ ᠲᠡᠬᠦᠦ ᠠᠷᠢᠭᠪᠣᠬ᠎ᠠ ᠬᠡᠮᠡᠭᠴᠢ ᠬᠠᠷ᠎ᠠ ᠬᠤᠷᠣᠮ ᠳᠤ ᠬᠠᠭᠠᠨ ᠰᠢᠷᠡᠭᠡᠨ᠎ᠡ ᠰᠠᠭᠠᠳᠠᠬᠤ ᠬᠡᠮᠡᠨ ᠱᠠᠯᠠᠪᠳᠠᠨ ᠪᠡᠯᠡᠳᠭᠡᠵᠦ ᠪᠠᠶᠢᠪᠠ᠂ ᠡᠬᠦᠨ ᠢ ᠮᠡᠳᠡᠭᠰᠡᠨ ᠴᠠᠮᠪᠢ ᠬᠠᠳᠣᠨ ᠲᠡᠷᠡ ᠲᠣᠣᠷ᠎ᠠ ᠨᠢ ᠨᠢᠭᠤᠴᠠ ᠡᠯᠴᠢ ᠲᠣᠮᠢᠯᠠᠨ ᠬᠤᠪᠢᠯᠠᠢ ᠳᠤ ᠡᠨᠡ ᠪᠠᠶᠢᠳᠠᠯ ᠢ ᠪᠠᠴᠢᠮ ᠮᠡᠳᠡᠭᠦᠯᠪᠡ⑵᠃ ᠲᠦᠪ ᠶᠣᠰᠣᠳᠣ ︵ᠵᠦᠩ ᠲᠦᠩ中统︶ ᠬᠡᠮᠡᠬᠦᠢ ᠶᠢᠨ ᠠᠩᠬᠠᠳᠣᠭᠠᠷ ᠣᠨ ︵1260 ᠣᠨ︶᠎ ᠳᠤ ᠬᠤᠪᠢᠯᠠᠢ ᠰᠢᠷ᠎ᠠ ᠲᠠᠯ᠎ᠠ ᠶᠢᠨ ᠯᠣᠣᠳᠣ ᠲᠣᠪᠴᠠᠭ ᠤᠨ ᠡᠩᠭᠡᠷ ᠲᠠᠬᠢ ᠬᠡᠶᠢᠪᠡᠩ ᠬᠤᠷᠣᠭᠠᠨ ︵ᠣᠳᠣᠬᠢ ᠰᠢᠯᠣᠭᠤᠨ ᠬᠦᠬᠡ ᠬᠤᠰᠢᠭᠤᠨ ᠤ ᠲᠡᠭᠡᠳᠦ ᠨᠡᠶᠢᠰᠯᠡᠯ︶᠎ ᠳᠤ ᠬᠠᠭᠠᠨ ᠰᠢᠷᠡᠭᠡᠨ ᠳᠤ ᠰᠠᠭᠠᠳᠠᠮᠠᠭᠴᠠ ᠴᠠᠮᠪᠢ ᠪᠠᠷ ᠬᠦᠷᠦᠨ ᠬᠠᠳᠣᠨ ᠢ ᠪᠠᠶᠢᠭᠤᠯᠵᠣ ᠶᠡᠭᠡ ᠣᠷᠳᠣ ᠶᠢᠨ ᠬᠡᠷᠡᠭ ᠶᠠᠪᠣᠳᠠᠯ ᠢ ᠬᠠᠮᠢᠶᠠᠷᠠᠭᠤᠯᠪᠠ ᠃ ᠴᠠᠮᠪᠢ ᠪᠠᠷ ᠬᠤᠪᠢᠯᠠᠢ ᠰᠡᠴᠡᠨ ᠬᠠᠭᠠᠨ ᠳᠤ ᠲᠣᠷᠵᠢ᠂ ᠴᠢᠩᠬᠢᠮ᠂ ᠮᠠᠩᠭᠠᠯᠠ᠂ ᠨᠠᠮᠣᠬᠠᠨ ᠵᠡᠷᠭᠡ ᠬᠦᠪᠡᠭᠦᠳ ᠢ ᠮᠡᠨᠳᠦᠯᠡᠪᠡᠢ᠃ ᠣᠨᠣᠯᠳᠣ ᠲᠡᠷᠢᠭᠦᠨ ︵ᠵᠾᠢ ᠶᠣᠸᠠᠨ至元︶ ᠬᠡᠮᠡᠬᠦᠢ ᠶᠢᠨ ᠠᠷᠪᠠᠨ ᠨᠠᠢᠮᠠᠳᠤᠭᠠᠷ ᠣᠨ ︵1281 ᠣᠨ︶᠎ ᠳᠤ ᠡᠪᠡᠳᠴᠢᠨ ᠢᠶᠠᠷ ᠬᠠᠯᠢᠪᠠ᠃ ᠣᠨᠣᠯᠳᠣ ᠲᠡᠷᠢᠭᠦᠨ ︵ᠵᠾᠢ ᠶᠣᠸᠠᠨ至元︶ ᠬᠡᠮᠡᠬᠦᠢ ᠶᠢᠨ ᠭᠤᠴᠢᠨ ᠨᠢᠭᠡᠳᠦᠭᠡᠷ ᠣᠨ ︵1294 ᠣᠨ︶᠎ ᠳᠤ ᠪᠦᠲᠦᠭᠡᠭᠴᠢ ᠲᠡᠭᠡᠳᠦᠰ ︵ᠴᠧᠩᠽᠦ᠋ᠩ成宗︶ ᠲᠡᠮᠦᠷ ᠬᠡᠮᠡᠭᠴᠢ ᠬᠠᠭᠠᠨ ᠰᠠᠭᠤᠷᠢᠨ ᠳᠤ ᠰᠠᠭᠠᠳᠠᠭᠠᠳ ᠲᠠᠪᠣᠨ ᠰᠠᠷ᠎ᠠ ᠳᠤᠨᠢ ᠴᠠᠮᠪᠢ ᠬᠠᠳᠣᠨ ᠢ ᠴᠢᠭᠡᠴᠢ ᠶᠣᠰᠣᠳᠣ ᠡᠶᠡᠪᠡᠷᠭᠦ ᠪᠣᠭᠳᠠ ᠭᠦᠷᠦᠨ ᠬᠠᠲᠤᠨ ᠬᠡᠮᠡᠨ ᠨᠢᠬᠡᠨ ᠡᠷᠭᠦᠮᠵᠢᠯᠡᠪᠡ ⑶᠃                 ᠣᠳᠣ ᠦᠶ᠎ᠡ ᠶᠢᠨ ᠲᠡᠣᠬᠡᠨ ᠣᠬᠠᠭᠠᠨ ᠤ ᠡᠷᠳᠡᠮᠳᠡᠳ ᠠᠴᠠ ᠴᠠᠮᠪᠢ ᠬᠠᠳᠣᠨ ᠢ ᠰᠡᠴᠡᠨ ᠰᠡᠷᠭᠦᠯᠡᠩ᠂ ᠪᠣᠳᠣᠯᠭ᠎ᠠ ᠭᠦᠨ᠂ ᠠᠵᠢᠯᠴᠢ ᠪᠣᠷᠣᠭᠵᠢᠭᠤᠨ᠂ ᠠᠷᠪᠢᠴᠢ ᠭᠠᠮᠳᠠᠢ᠂ ᠣᠷᠠᠨ ᠲᠦᠰᠦᠪᠯᠡᠭᠴᠢ᠂ ᠰᠡᠳᠬᠢᠴᠢ ᠶᠢᠨ ᠵᠦᠢ ᠎ ᠶᠢᠨ ᠡᠷᠳᠡᠮᠳᠡᠨ ᠪᠦᠭᠡᠳ ᠨᠢᠭᠡᠨ ᠦᠨᠳᠦᠰᠦᠳᠡᠨ ᠤ ᠰᠦᠯᠳᠡ ᠣᠮᠣᠭᠰᠢᠯ ᠮᠦᠨ⑷ ᠬᠡᠮᠡᠨ ᠦᠨᠡᠯᠡᠵᠦ ᠪᠣᠢ᠃                    ※ ᠠᠰᠢᠭᠯᠠᠭᠰᠠᠨ ᠰᠣᠷᠪᠣᠯᠵᠢ ᠪᠢᠴᠢᠭ                         ⑴ ︽ᠶᠣᠸᠠᠨ ᠣᠯᠣᠰ ᠤᠨ ᠰᠣᠳᠣᠷ᠂ ᠬᠠᠲᠤᠳ ᠬᠢᠭᠡᠳ ᠰᠣᠯᠠ ᠬᠠᠳᠣᠳ ᠤᠨ ᠱᠠᠰᠳᠢᠷ元史᠂后妃传︾                         ⑵ ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠠᠳᠣᠳ ᠤᠨ ᠱᠠᠰᠳᠢᠷ 屠寄︔蒙兀儿史记᠂后妃传︾                         ⑶ ︽ᠶᠣᠸᠠᠨ ᠣᠯᠣᠰ ᠤᠨ ᠰᠣᠳᠣᠷ᠂ ᠪᠦᠲᠦᠭᠡᠭᠴᠢ ᠲᠡᠭᠡᠳᠦᠰ ᠤᠨ ᠴᠠᠳᠢᠭ元史᠂成宗 本纪︾                         ⑷ ᠲᠧᠯᠸᠢᠰ ᠵᠦᠴᠦᠭᠡ ︽ᠶᠣᠸᠠᠨ ᠣᠯᠣᠰ ᠴᠣᠭᠴᠠᠯᠠᠭᠳᠠᠭᠰᠠᠨ ᠴᠠᠭ ᠲᠦᠷᠦ电视剧᠂ 建元风云︾              
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号