| | | | | | ⑥ ᠬᠡᠰᠢᠭᠳᠦ ᠲᠡᠭᠡᠳᠣᠰ ᠬᠠᠭᠠᠨ【 ᠴᠢᠩᠬᠢᠮ】裕皇 ﹇真金﹈ —— ︵1243 | —— 1285︶᠃ ᠶᠡᠭᠡ ᠶᠣᠸᠠᠨ ᠣᠯᠣᠰ ᠤᠨ ᠲᠣᠯᠭᠤᠷ ᠲᠦᠷᠦ ᠶᠢ ᠴᠣᠭᠴᠠᠯᠠᠭᠰᠠᠨ ᠬᠠᠭᠠᠨ ᠬᠤᠪᠢᠯᠠᠢ | ᠰᠡᠴᠡᠨ ᠤ ᠭᠦᠷᠦᠨ ᠬᠠᠳᠣᠨ ᠴᠠᠮᠪᠢ ᠠᠴᠠ ᠮᠡᠨᠳᠣᠯᠡᠭᠰᠡᠨ ᠬᠦᠪᠡᠬᠦᠨ᠂ ᠶᠣᠸᠠᠨ ᠣᠯᠣᠰ ᠤᠨ ᠬᠤᠶᠠᠳᠣᠭᠠᠷ ᠦᠶ᠎ᠡ | ᠶᠢᠨ ᠬᠠᠭᠠᠨ ᠪᠦᠳᠦᠭᠡᠭᠴᠢ ᠲᠡᠭᠡᠳᠦᠰ ᠲᠡᠮᠣᠷ ᠤᠨ ᠡᠴᠢᠭᠡ᠂ ᠡᠬᠡ ᠢᠨᠦ ᠬᠤᠩᠭᠢᠷᠠᠳ ᠣᠪᠣᠭᠳᠣ ᠪᠣᠭᠳᠠ ᠶᠢᠨ | ᠲᠠᠭᠠᠯᠠᠯᠳᠣ ᠴᠢᠭᠡᠴᠢ ᠮᠡᠷᠭᠡᠨ ᠬᠦᠷᠦᠨ ᠬᠠᠳᠣᠨ ᠴᠠᠮᠪᠢ ︵昭睿顺圣皇后察必︶ ᠪᠦᠯᠦᠭᠡ᠃ | ᠴᠢᠩᠬᠢᠮ ᠪᠠᠯᠴᠢᠷ ᠪᠠᠭ᠎ᠠ ᠨᠠᠰᠣᠨ ᠠᠴᠠ ᠪᠠᠨ ᠬᠢᠳᠠᠳ ᠤᠨ ᠪᠢᠴᠢᠭ ᠤᠨ ᠰᠣᠷᠭᠠᠯᠳᠠᠨ ᠶᠣᠣ ᠱᠣ᠋ ︵姚枢︶᠂ | ᠳ᠋ᠸᠦ ᠮᠦᠸᠧ ︵窦默 ᠬᠤᠶᠠᠷ ᠢ ᠪᠠᠭᠰᠢ ᠪᠠᠷᠢᠵᠣ ︽ᠲᠠᠬᠢᠮᠳᠠᠭᠤ ᠨᠣᠮ孝经︾ ᠢ ᠰᠣᠷᠣᠭᠰᠠᠨ ᠢᠶᠠᠷ | ᠰᠣᠷᠪᠣᠯᠵᠢ ᠣᠷᠢᠳᠣᠰ ᠬᠤᠪᠢᠯᠠᠢ ᠬᠠᠭᠠᠨ ᠪᠠᠷ ᠮᠠᠰᠢᠳᠠ ᠪᠠᠶᠠᠰᠯᠤᠭᠠ⑴᠃ ᠲᠦᠪ ᠶᠣᠰᠣᠳᠣ ︵ᠵᠦᠩ ᠲᠦᠩ中统 | ︶ ᠬᠡᠮᠡᠬᠦᠢ ᠶᠢᠨ ᠭᠤᠷᠪᠠᠳᠣᠭᠠᠷ ᠣᠨ ︵1262︶ ᠳᠤᠷ ᠭᠠᠵᠠᠯ ᠸᠠᠩ ︵ᠶᠠᠨ ᠸᠠᠩ 燕王︶ ᠡᠷᠭᠦᠮᠵᠢᠯᠡᠵᠦ | ᠲᠦᠪ ᠪᠢᠴᠢᠭ ᠤᠨ ᠮᠣᠵᠢ ︵ᠵᠦᠩ ᠱᠣ᠋ ᠱᠧᠩ 中书省︶ ᠶᠢ ᠶᠣᠰᠣᠴᠢᠯᠠᠨ ᠵᠠᠬᠢᠷᠠᠭᠤᠯᠪᠠᠢ᠂ | ᠲᠦᠷᠪᠡᠳᠦᠭᠡᠷ ᠣᠨ ᠳᠤᠷ ᠴᠡᠷᠢᠭ ᠤᠨ ᠶᠠᠪᠣᠳᠠᠯ ᠤᠨ ᠬᠦᠷᠢᠶᠡᠯᠡᠩ ︵ᠱᠣ᠋ ᠮᠢ ᠶᠣᠸᠠᠨ枢密院︶ ᠢ | ᠬᠠᠪᠰᠣᠷᠭᠠᠨ ᠮᠡᠳᠡᠭᠦᠯᠪᠡᠢ᠃ ᠣᠨᠣᠯᠳᠣ ᠲᠡᠷᠢᠭᠦᠨ ︵ᠵᠾᠢ ᠶᠣᠸᠠᠨ至元︶ ᠬᠡᠮᠡᠬᠦᠢ ᠶᠢᠨ ᠠᠷᠪᠠᠳᠣᠭᠠᠷ ᠣᠨ ︵ | 1273︶ ᠳᠤᠷ ᠲᠠᠶᠠ ︵dayaa ᠲᠠᠶᠢᠽᠢ太子︶ ᠬᠦᠪᠡᠭᠦᠨ ᠢ ᠪᠠᠶᠢᠭᠤᠯᠪᠠᠢ⑴᠃ ᠣᠨᠣᠯᠳᠣ ᠲᠡᠷᠢᠭᠦᠨ | ᠬᠡᠮᠡᠬᠦᠢ ᠶᠢᠨ ᠬᠤᠷᠢᠨ ᠬᠤᠶᠠᠳᠣᠭᠠᠷ ᠣᠨ ︵1285︶ ᠳᠤᠷ ᠬᠦᠬᠡᠮᠦ᠋ᠷᠡᠨ ᠤ ᠡᠮᠦᠨᠡᠬᠢ ᠬᠤᠪᠢᠶᠠᠷᠢ ᠬᠢᠶ᠎ᠠ | ᠪᠢᠴᠢᠭᠴᠢ ᠶᠢᠨ ᠵᠠᠬᠢᠷᠭ᠎ᠠ ︵江南行御史台︶ ᠶᠢᠨ ᠰᠢᠯᠭᠠᠨ ᠪᠠᠶᠢᠴᠠᠭᠠᠬᠤ ᠬᠢᠶ᠎ᠠ ᠪᠢᠴᠢᠭᠴᠢ | ᠲᠦᠰᠢᠮᠡᠯ ᠠᠴᠠ ᠬᠤᠪᠢᠯᠠᠢ ᠰᠡᠴᠡᠨ ᠬᠠᠭᠠᠨ ᠳᠤᠷ ᠬᠠᠭᠠᠨ ᠰᠠᠭᠤᠷᠢᠨ ᠢᠶᠠᠨ ᠴᠢᠩᠬᠢᠮ ᠳᠤᠷ ᠨᠠᠶᠢᠷ ᠲᠠᠯᠪᠢᠳᠣᠭᠠᠢ | ᠬᠡᠮᠡᠨ ᠠᠶᠢᠯᠠᠳᠬᠠᠯ ᠡᠷᠭᠦᠵᠦᠬᠦᠢ᠂ ᠴᠢᠩᠬᠢᠮ ᠡᠭᠦᠨ ᠢ ᠰᠣᠨᠣᠰᠣᠮᠠᠭᠴᠠ ᠮᠠᠰᠢᠳᠠ ᠡᠮᠢᠶᠡᠨ ᠬᠡᠯᠮᠡᠭᠳᠡᠭᠰᠡᠨ ᠲᠣᠯᠠ | ᠬᠢᠶ᠎ᠠ ᠪᠢᠴᠢᠭᠴᠢ ᠶᠢᠨ ᠲᠦᠪ ᠵᠠᠬᠢᠷᠭ᠎ᠠ ︵御史台︶ ᠶᠢᠨ ᠬᠢᠨᠢ ᠠᠶᠢᠯᠠᠳᠬᠠᠯ ᠢ ᠲᠠᠷᠣᠵᠣ ᠲᠠᠯᠪᠢᠭᠰᠠᠨ ᠠᠴᠠ | ᠬᠤᠪᠢᠯᠠᠢ ᠰᠡᠴᠡᠨ ᠬᠠᠭᠠᠨ ᠤ ᠭᠠᠷ ᠲᠤᠷ ᠲᠦᠷ ᠡᠰᠡ ᠬᠦᠷᠪᠡᠢ᠃ ᠠᠬᠠᠮᠠ ︵阿哈马︶ ᠬᠡᠮᠡᠭᠴᠢ ᠶᠢᠨ | ᠦᠯᠡᠳᠡᠭᠳᠡᠯ ᠨᠠᠮᠳᠠᠨ ᠳ᠋ᠠᠵᠢᠭᠤᠢ ᠪᠠ ᠠᠰᠠᠨ ᠵᠡᠷᠬᠡ ᠶᠢᠨ ᠬᠦᠮᠦᠰ ᠡᠨᠡ ᠬᠡᠷᠡᠭ ᠢ ᠮᠡᠳᠡᠮᠡᠭᠴᠡ ᠴᠡᠪᠡᠷᠯᠡᠨ | ᠠᠷᠢᠭᠤᠳᠬᠠᠬᠤ ᠬᠡᠮᠡᠭᠰᠡᠨ ᠨᠡᠷ᠎ᠡ ᠪᠠᠷ ᠨᠢᠭᠡᠨᠳᠡ ᠬᠤᠷᠢᠶᠠᠨ ᠪᠢᠳᠡᠭᠦᠮᠵᠢᠯᠡᠭᠰᠡᠨ ᠬᠢᠶ᠎ᠠ ᠪᠢᠴᠢᠭᠴᠢ ᠶᠢᠨ ᠵᠠᠬᠢᠷᠭ᠎ᠠ ᠶᠢᠨ | ᠠᠶᠢᠯᠠᠳᠬᠠᠯ ᠤᠨ ᠪᠢᠴᠢᠭ ᠢ ᠭᠠᠷᠭᠠᠨ ᠠᠪᠴᠣ ᠬᠡᠷᠡᠭ ᠪᠣᠯᠭᠠᠨ ᠲᠡᠭᠡᠭᠰᠢ ᠬᠤᠪᠢᠯᠠᠢ ᠰᠡᠴᠡᠨ ᠬᠠᠭᠠᠨ ᠳᠤᠷ | ᠮᠡᠳᠡᠭᠦᠯᠵᠦᠬᠦᠢ⑵᠃ ᠡᠨᠡ ᠣᠴᠢᠷ ᠲᠤᠷ ᠬᠤᠪᠢᠯᠠᠢ ᠰᠡᠴᠡᠨ ᠬᠠᠭᠠᠨ ᠮᠠᠰᠢᠳᠠ ᠬᠢᠯᠢᠩᠨᠡᠭᠰᠡᠨ ᠪᠦᠭᠡᠳ ᠴᠢᠩᠬᠢᠮ ᠴᠦ | ᠰᠣᠴᠢᠨ ᠬᠡᠯᠮᠡᠭᠳᠡᠭᠰᠡᠨ ᠤ ᠰᠢᠯᠳᠠᠭᠠᠨ ᠢᠶᠠᠷ ᠡᠪᠡᠳᠴᠢᠨ ᠣᠯᠵᠣ ᠬᠢᠶᠣᠷᠠᠨ ᠵᠣᠪᠠᠨᠢᠭᠰᠠᠭᠠᠷ ᠣᠨᠣᠯᠳᠣ ᠲᠡᠷᠢᠬᠦᠨ | ᠬᠡᠮᠡᠬᠦᠢ ᠶᠢᠨ ᠬᠤᠷᠢᠨ ᠬᠤᠶᠠᠳᠣᠭᠠᠷ ᠣᠨ ︵1285︶ ᠤ ᠠᠷᠪᠠᠨ ᠬᠤᠶᠠᠳᠣᠭᠠᠷ ᠰᠠᠷ᠎ᠠ ᠳᠤᠷ ᠨᠦᠭᠴᠢᠵᠦᠬᠦᠢ᠃ | ᠬᠡᠷᠡᠭ ᠦᠩᠭᠡᠷᠡᠵᠦ ᠦᠢᠮᠡᠭᠡᠨ ᠲᠠᠷᠣᠭᠳᠠᠭᠰᠠᠨ ᠤ ᠲᠠᠷᠠᠭ᠎ᠠ ᠬᠤᠪᠢᠯᠠᠢ ᠰᠡᠴᠡᠨ ᠬᠠᠭᠠᠨ ᠴᠦ ᠡᠮᠵᠢᠭᠯᠡᠨ ᠵᠣᠪᠠᠨᠢᠵᠣ | ᠬᠢᠯᠢᠰ ᠪᠣᠯᠭᠠᠪᠠᠢ ᠬᠡᠮᠡᠨ ᠣᠬᠠᠭᠠᠷᠠᠭᠠᠳ ᠴᠢᠩᠬᠢᠮ ᠤᠨ ᠭᠤᠷᠪᠠᠳᠣᠭᠠᠷ ᠬᠦᠪᠡᠭᠦᠨ ᠲᠡᠮᠦᠷ ᠬᠡᠮᠡᠭᠴᠢ ᠶᠢ ᠲᠠᠶᠠ | ᠣᠮᠪᠣᠯᠣ ︵ᠬᠤᠸᠠᠩ ᠲᠠᠢ ᠰᠦᠨ皇太孙︶ ᠬᠡᠮᠡᠨ ᠡᠷᠭᠦᠮᠵᠢᠯᠡᠪᠡᠢ⑶᠃ ᠲᠡᠮᠦᠷ ᠬᠠᠭᠠᠨ ᠰᠠᠭᠤᠷᠢᠨ᠎ᠠ | ᠰᠠᠭᠠᠳᠠᠮᠠᠭᠴᠠ ᠡᠴᠢᠭᠡ ᠴᠢᠩᠬᠢᠮ ᠤᠨ ᠢᠶᠠᠨ ᠰᠦᠮ᠎ᠡ ᠶᠢᠨ ᠴᠣᠯᠠ ︵庙号︶ ᠶᠢ ᠬᠡᠰᠢᠭᠳᠦ ᠲᠡᠭᠡᠳᠣᠰ ︵ᠢᠣᠢ | ᠽᠦᠩ裕宗︶ ᠬᠡᠮᠡᠨ ᠬᠦᠷᠦᠭᠯᠡᠭᠰᠡᠨ ᠪᠦᠭᠡᠳ ᠨᠡᠬᠡᠨ ᠡᠷᠭᠦᠮᠵᠢᠯᠡᠭᠰᠡᠨ ᠬᠦᠨᠳᠦᠯᠡᠯ ᠴᠣᠯᠠ ᠶᠢ ᠠᠨᠦ ᠡᠯᠪᠡᠷᠢᠯ | ᠣᠬᠠᠭᠠᠨᠳᠣ ᠬᠡᠬᠡᠨ ᠲᠠᠬᠢᠮᠳᠠᠭᠤ ᠬᠠᠭᠠᠨ ︵文惠明孝皇帝︶ ᠬᠡᠮᠡᠯᠦᠬᠡ᠃ ᠴᠢᠩᠬᠢᠮ ᠬᠢᠭᠡᠳ ᠲᠡᠬᠦᠨ | ᠤ ᠬᠠᠳᠣᠨ ᠪᠡᠯᠡᠨ ᠡᠭᠡᠴᠢ ᠠᠴᠠ ᠭᠠᠮᠠᠯᠠ ︵甘麻剌︶᠂ ᠲᠠᠷᠮᠠᠪᠠᠯᠠ ︵答剌麻八剌︶ ᠬᠢᠭᠡᠳ | ᠲᠡᠮᠦᠷ ︵铁穆耳︶ ᠬᠡᠮᠡᠭᠴᠢ ᠬᠦᠪᠡᠭᠦᠳ ᠲᠠᠢ ᠮᠦᠷᠳᠡᠭᠡᠨ ᠪᠠᠰᠠ ᠵᠣᠣ ᠭᠠᠵᠠᠷ ᠤᠨ ᠰᠢᠳᠣᠷᠭᠤ ᠢᠪᠡᠭᠡᠯᠳᠣ | ᠸᠠᠩ ᠬᠦᠷᠬᠢᠰ ︵赵国忠献王阔里吉思︶ ᠲᠤᠷ ᠮᠣᠷᠳᠠᠭᠰᠠᠨ ᠵᠣᠣ ᠭᠠᠵᠠᠷ ᠤᠨ ᠪᠠᠬᠢ | ᠬᠤᠳᠠᠳᠢᠮᠢᠰᠢ ︵赵国公 主忽答迭迷失︶ ᠬᠢᠭᠡᠳ ᠯᠣ᠋ ᠭᠠᠵᠠᠷ ᠤᠨ ᠮᠠᠨᠽᠠᠳᠠᠢ ︵蛮子台 | ︶ ᠳᠤᠷ ᠵᠠᠯᠭᠠᠨ ᠮᠣᠷᠳᠠᠭᠰᠠᠨ ᠯᠣ᠋ ᠭᠠᠵᠠᠷ ᠤᠨ ᠪᠠᠬᠢ ᠠᠨᠠᠮᠪᠠᠯᠠ ︵鲁国公主阿南不剌︶ ᠪᠠ | ᠯᠣ᠋ ᠭᠠᠵᠠᠷ ᠤᠨ ᠶᠦᠨ ᠠᠨ ᠸᠠᠩ ︵郓安 王︶ ᠰᠠᠩᠭᠠᠪᠠᠯᠠ ᠯᠤᠭ᠎ᠠ ᠭᠡᠷᠯᠡᠭᠰᠡᠨ ᠫᠦᠨᠠ ᠪᠠᠬᠢ ︵普纳公 | 主︶ ᠬᠡᠮᠡᠬᠦ ᠭᠤᠷᠪᠠᠨ ᠦᠬᠢᠨ ᠲᠠᠢ⑷ ᠪᠦᠯᠦᠬᠡ᠃ ᠡᠨᠡ ᠭᠤᠷᠪᠠᠨ ᠪᠠᠬᠢ ᠶᠢᠨ ᠲᠦᠷᠦᠭᠰᠡᠨ ᠡᠬᠡ ᠢᠨᠦ ᠲᠣᠳᠣ | ᠪᠣᠰᠣ᠃ ᠡᠭᠦᠨ ᠠᠴᠠ ᠭᠠᠳᠠᠨ᠎ᠠ ᠶᠣᠸᠠᠨ ᠣᠯᠣᠰ ᠤᠨ ᠣᠬᠠᠭᠠᠨᠳᠣ ᠬᠠᠭᠠᠨ ᠲᠣᠭᠤᠭᠠᠨᠳᠡᠮᠣᠷ ᠤᠨ ᠪᠠᠶᠠᠨᠬᠤᠳᠤᠭ | ᠭᠦᠷᠦᠨ ᠬᠠᠳᠣᠨ ᠠᠴᠠ ᠮᠡᠨᠳᠦᠯᠡᠭᠰᠡᠨ ᠴᠢᠩᠬᠢᠮ ︵真金︶ ᠬᠡᠮᠡᠭᠰᠡᠨ ᠬᠠᠭᠠᠨ ᠬᠦᠪᠡᠭᠦᠨ ︵皇子︶ | ᠠᠭᠰᠠᠨ ᠪᠣᠯᠪᠠᠴᠣ ᠡᠨᠡ ᠬᠦᠪᠡᠬᠦᠨ ᠢᠨᠦ ᠬᠤᠶᠠᠷ ᠨᠠᠰᠣᠨ ᠲᠡᠭᠡᠷ᠎ᠡ ᠪᠠᠨ ᠵᠠᠭᠤᠷᠮᠠᠭ ᠬᠠᠯᠢᠵᠣᠬᠤᠢ᠃ | | ※ ᠠᠰᠢᠭᠯᠠᠭᠰᠠᠨ ᠰᠣᠷᠪᠣᠯᠵᠢ ᠪᠢᠴᠢᠭ | ⑴︽ᠶᠣᠸᠠᠨ ᠣᠯᠣᠰ ᠤᠨ ᠰᠣᠳᠣᠷ︾ ᠨᠢᠬᠡ ᠵᠠᠭᠤ ᠠᠷᠪᠠᠨ ᠲᠠᠪᠣᠳᠣᠭᠠᠷ ᠪᠣᠳᠢ ︵ᠵᠢᠭᠰᠠᠭᠠᠮᠵᠢ ᠱᠠᠰᠳᠢᠷ | ᠬᠤᠶᠠᠷ᠂ ᠬᠡᠰᠢᠭᠳᠦ ᠲᠡᠭᠡᠳᠦᠰ︶ ︵元史᠂裕宗︶ | ⑵︽ᠶᠣᠸᠠᠨ ᠣᠯᠣᠰ ᠤᠨ ᠰᠣᠳᠣᠷ ᠢ ᠲᠠᠶᠢᠯᠪᠣᠷᠢᠯᠠᠨ ᠣᠩᠰᠢᠬᠤᠢ︾ 48 ᠳ᠋ᠣᠭᠠᠷ ᠨᠢᠭᠤᠷ ︵元 史解 | 读︶ | ⑶︽ᠶᠣᠸᠠᠨ ᠣᠯᠣᠰ ᠤᠨ ᠰᠣᠳᠣᠷ︾ ᠪᠦᠳᠦᠭᠡᠭᠴᠢ ᠲᠡᠭᠡᠳᠦᠰ ᠤᠨ ᠴᠠᠳᠢᠭ ︵元史᠂成 宗本 | 纪︶ | ⑷︽ᠮᠣᠩᠭᠤᠯ ᠤᠨ ᠲᠡᠣᠬᠡᠨ ᠲᠡᠮᠳᠡᠭᠯᠡᠯ︾ ᠪᠠᠬᠢᠴᠣᠣᠯ ︵ᠭᠦᠩᠵᠦ ᠨᠠᠷ︶ ᠤᠨ ᠢᠯᠡᠳᠭᠡᠯ ︵蒙 兀 | 儿史记᠂诸公主表︶ | ⑦ ᠡᠶᠡᠪᠡᠷᠭᠦ ᠲᠡᠭᠡᠳᠣᠰ ᠬᠠᠭᠠᠨ ﹇ᠲᠠᠷᠮᠠᠪᠠᠯᠠ﹈ 顺宗皇帝 —— ︵1264 | —— 1292 ᠣᠨ︶᠃ ᠬᠤᠪᠢᠯᠠᠢ ᠰᠡᠴᠡᠨ ᠬᠠᠭᠠᠨ ᠤ ᠲᠠᠶᠠ ︵dayaa︶ ᠬᠦᠪᠡᠭᠦᠨ ﹇ᠲᠠᠶᠢᠽᠢ太 子 | ﹈ ᠴᠢᠩᠬᠢᠮ ᠤᠨ ᠬᠤᠶᠠᠳᠣᠭᠠᠷ ᠬᠦᠪᠡᠭᠦᠨ᠂ ᠡᠬᠡ ᠢᠨᠦ ᠪᠡᠯᠡᠨ ᠡᠭᠡᠴᠢ ︵ᠦᠭᠡᠷ᠎ᠡ ᠨᠡᠷ᠎ᠡ ᠬᠦᠬᠡᠴᠢᠨ︶ ᠪᠣᠶᠣ⑴᠃ | ᠶᠣᠸᠠᠨ ᠣᠯᠣᠰ ᠤᠨ ᠴᠣᠭᠳᠣ ᠲᠡᠭᠡᠳᠣᠰ ᠬᠠᠶᠢᠰᠠᠩ ᠬᠠᠭᠠᠨ ︵武宗海山︶ ᠪᠠ ᠦᠷᠦᠰᠢᠶᠡᠯᠳᠦ ᠲᠡᠭᠡᠳᠦᠰ | ᠠᠶᠣᠷᠪᠠᠷᠸᠠᠳᠠ ︵仁宗爱育黎拔力八达︶ ᠬᠠᠭᠠᠨ ᠬᠢᠭᠡᠳ ᠯᠣ᠋ ᠭᠠᠵᠠᠷ ᠤᠨ ᠶᠡᠭᠡ | ᠡᠬᠡᠴᠢᠮᠡᠳ ᠪᠠᠬᠢ ᠰᠠᠩᠭᠠᠷᠠᠭ ︵鲁国大长公主祥哥剌吉︶ ᠨᠠᠷ ᠤᠨ ᠡᠴᠢᠭᠡ ︵ᠡᠨᠡ | ᠭᠤᠷᠪᠠ ᠶᠢᠨ ᠡᠬᠡ ᠢᠨᠦ ᠳ᠋ᠠᠵᠢ ᠬᠠᠳᠣᠨ ᠪᠣᠯᠣᠮᠣᠢ︶ ᠪᠦᠯᠦᠬᠡ᠃ ᠲᠡᠷᠡ ᠪᠠᠷ᠂ ᠡᠪᠦᠭᠡ ᠬᠠᠭᠠᠨ ᠬᠤᠪᠢᠯᠠᠢ ᠰᠡᠴᠡᠨ | ᠬᠠᠭᠠᠨ ᠤ ᠲᠠᠭᠠᠯᠠᠯᠳᠣ ᠵᠠᠷᠯᠢᠭ ᠢᠶᠠᠷ ᠭᠤᠷᠯᠣᠰ ᠣᠪᠣᠭᠳᠣ ᠦᠬᠢᠨ ᠢ ᠡᠰᠢ ᠬᠠᠳᠣᠨ ︵ᠶᠣᠸᠠᠨ ᠹᠧᠢ元妃︶ | ᠪᠣᠯᠭᠠᠨ ᠲᠠᠳᠠᠭᠰᠠᠨ ᠤ ᠪᠠᠨ ᠲᠠᠷᠠᠭ᠎ᠠ ᠲᠠᠬᠢᠨ ᠬᠤᠩᠭᠢᠷᠠᠳ ᠣᠪᠣᠭᠳᠣ ᠳ᠋ᠠᠵᠢ ᠬᠡᠮᠡᠭᠴᠢ ᠶᠢ ᠰᠣᠯᠠ ᠬᠠᠳᠣᠨ ᠪᠣᠯᠭᠠᠨ | ᠲᠠᠳᠠᠯᠤᠭᠠ᠂ ᠭᠤᠷᠯᠣᠰ ᠣᠪᠣᠭᠳᠣ ᠬᠠᠳᠣᠨ ᠠᠴᠠ ᠮᠡᠨᠳᠦᠯᠡᠭᠰᠡᠨ ᠣᠣᠭᠠᠨ ᠬᠦᠪᠡᠭᠦᠨ ᠠᠮᠦᠬᠡ ︵阿木哥︶ | ᠬᠡᠮᠡᠭᠴᠢ ᠶᠢ ᠬᠠᠶᠢᠰᠠᠩ ᠬᠠᠭᠠᠨ ᠰᠠᠭᠤᠭᠰᠠᠨ ᠤ ᠪᠠᠨ ᠲᠠᠷᠣᠢ ᠳᠤᠨᠢ ︵1307 ᠣᠨ︶ ᠢᠷᠦᠭᠡᠯᠳᠦ ᠸᠠᠩ ︵魏王 | ︶ ᠬᠡᠮᠡᠨ ᠡᠷᠭᠦᠮᠵᠢᠯᠡᠵᠦ᠂ ᠠᠷᠢᠶᠠᠳᠠᠨ ᠤ ᠪᠠᠷᠢᠭᠤᠯᠳᠣ ᠠᠯᠳᠠᠨ ᠲᠠᠮᠠᠭ᠎ᠠ ᠰᠣᠶᠣᠷᠬᠠᠪᠠᠢ⑵᠃ 1285 ᠣᠨ ᠳᠤᠷ | ᠲᠠᠶᠠ ᠬᠦᠪᠡᠭᠦᠨ ᠴᠢᠩᠬᠢᠮ ᠨᠠᠰᠣ ᠪᠠᠷᠠᠭᠰᠠᠨ ᠤ ᠲᠠᠷᠠᠭ᠎ᠠ ᠬᠤᠪᠢᠯᠠᠢ ᠰᠡᠴᠡᠨ ᠬᠠᠭᠠᠨ ᠪᠠᠷ᠂ ᠲᠠᠷᠮᠠᠪᠠᠯᠠ ᠪᠠᠷ ᠲᠠᠶᠠ | ᠬᠦᠪᠡᠬᠦᠨ ᠢ ᠪᠠᠶᠢᠭᠤᠯᠬᠤ ᠬᠡᠮᠡᠨ ᠰᠡᠳᠬᠢᠵᠦ ᠠᠭᠰᠠᠨ ᠪᠣᠯᠪᠠᠴᠣ ᠲᠠᠷᠮᠠᠪᠠᠯᠠ ᠬᠡᠮᠡᠭᠴᠢ 1292 ᠣᠨ ᠳᠤᠷ | ᠡᠪᠡᠳᠴᠢᠨ ᠢᠶᠠᠷ ᠬᠠᠯᠢᠵᠣᠬᠤᠢ᠃ 1307 ᠣᠨ ᠳᠤᠷ ᠲᠠᠷᠮᠠᠪᠠᠯᠠ ᠶᠢᠨ ᠬᠤᠶᠠᠳᠣᠭᠠᠷ ᠬᠦᠪᠡᠬᠦᠨ ᠬᠠᠶᠢᠰᠠᠩ | ᠬᠡᠮᠡᠭᠴᠢ ᠬᠠᠭᠠᠨ ᠰᠠᠭᠤᠷᠢᠨ ᠢ ᠵᠠᠯᠭᠠᠮᠵᠢᠯᠠᠪᠠᠢ᠂ ᠡᠬᠦᠨ ᠢ ᠲᠡᠣᠬᠡᠨ ᠲᠡᠭᠡᠷ᠎ᠡ ᠶᠣᠸᠠᠨ ᠣᠯᠣᠰ ᠤᠨ ᠴᠣᠭᠳᠣ | ᠲᠡᠭᠡᠳᠦᠰ ︵ᠦᠽᠦ᠋ᠩ武宗︶ ᠬᠡᠮᠡᠳᠡᠭ᠃ ᠬᠠᠶᠢᠰᠠᠩ ᠪᠠᠷ ᠬᠠᠭᠠᠨ ᠰᠠᠭᠤᠷᠢᠨ ᠳᠤ ᠰᠠᠭᠠᠳᠠᠮᠠᠭᠴᠠ ᠦᠪᠡᠷ | ᠤᠨ ᠡᠴᠢᠬᠡ ᠲᠠᠷᠮᠠᠪᠠᠯᠠ ᠪᠠᠨ ᠬᠠᠭᠠᠨ ᠬᠡᠮᠡᠨ ᠨᠡᠬᠡᠮᠵᠢᠯᠡᠨ ᠬᠦᠨᠳᠦᠯᠡᠭᠰᠡᠨ ᠪᠦᠭᠡᠳ ᠰᠦᠮ᠎ᠡ ᠶᠢᠨ ᠴᠣᠯᠠ ᠶᠢ ᠠᠨᠦ | ᠡᠶᠡᠪᠡᠷ ᠲᠡᠭᠡᠳᠦᠰ ︵ᠱᠦᠨᠽᠦ᠋ᠩ顺宗︶ ᠬᠡᠮᠡᠨ ᠬᠦᠷᠦᠭᠯᠡᠵᠦ᠂ ᠬᠢᠳᠠᠳ ᠪᠢᠴᠢᠭ ᠢᠶᠠᠷ ᠨᠡᠬᠡᠨ ᠡᠷᠭᠦᠮᠵᠢᠯᠡᠭᠰᠡᠨ | ᠴᠣᠯᠠ ᠶᠢ ᠠᠨᠦ ᠠᠴᠢᠯᠠᠯ ᠢ ᠲᠡᠯᠭᠡᠷᠡᠭᠦᠯᠦᠭᠰᠡᠨ ᠴᠢᠭᠡᠴᠢ ᠪᠣᠭᠳᠠ ᠬᠠᠭᠠᠨ ︵昭圣衍孝皇帝︶⑶ | ᠬᠡᠮᠡᠵᠦᠬᠦᠢ᠂ ᠦᠨᠡᠨ ᠳᠡᠭᠡᠨ ᠲᠠᠷᠮᠠᠪᠠᠯᠠ ᠬᠠᠭᠠᠨ ᠡᠰᠡ ᠰᠠᠭᠤᠪᠠᠢ᠃ | ※ ᠠᠰᠢᠭᠯᠠᠭᠰᠡᠨ ᠰᠣᠷᠪᠣᠯᠵᠢ ᠪᠢᠴᠢᠭ᠄ | ⑴ ︽ᠶᠣᠸᠠᠨ ᠣᠯᠣᠰ ᠤᠨ ᠰᠣᠳᠣᠷ᠂ ᠡᠶᠡᠪᠡᠷ ᠲᠡᠭᠡᠳᠦᠰ ᠤᠨ ᠱᠠᠰᠳᠢᠷ元史顺宗传︾ | | ⑵ ︽ᠶᠣᠸᠠᠨ ᠣᠯᠣᠰ ᠤᠨ ᠰᠣᠳᠣᠷ元史︾᠂ ᠬᠤᠷᠢᠨ ᠬᠤᠶᠠᠳᠣᠭᠠᠷ ᠪᠣᠳᠢ᠂ ︽ᠴᠣᠭᠳᠣ | ᠲᠡᠭᠡᠳᠣᠰ ᠤᠨ ᠴᠠᠳᠢᠭ ᠨᠢᠭᠡ武宗本纪︾ | ⑶ ᠴᠧᠩ ᠵᠢᠣᠢ ᠹᠦ᠋程钜夫 ᠶᠢᠨ ᠵᠣᠬᠢᠶᠠᠭᠰᠠᠨ ︽ᠡᠶᠡᠪᠡᠷ ᠲᠡᠭᠡᠳᠣᠰ ᠬᠠᠭᠠᠨ ᠢ ᠨᠡᠬᠡᠨ | ᠡᠷᠭᠦᠮᠵᠢᠯᠡᠭᠰᠡᠨ ᠨᠠᠪᠴᠢᠳᠣ ᠡᠷᠭᠦᠮᠵᠢᠯᠡᠯ ᠤᠨ ᠪᠢᠴᠢᠭ 顺宗皇帝谥册文︾ | | ⑧ ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠠᠨ᠂ ᠨᠢᠭᠦᠯᠡᠰᠦᠩᠬᠦᠢ ᠦᠷᠦᠰᠢᠶᠡᠯᠳᠦ ᠴᠢᠭᠡᠴᠢ | ᠶᠣᠰᠣᠳᠣ᠂ ᠬᠤᠳᠣᠭᠳᠣ ᠡᠰᠢᠳᠣ ᠡᠰᠡᠷᠸ᠎ᠠ ᠭᠦᠷᠦᠨ ᠲᠡᠭᠡᠳᠣ ᠬᠠᠳᠣᠨ ﹇ᠳ᠋ᠠᠵᠢ ᠬᠠᠳᠣᠨ﹈ 仪天兴圣慈 | 仁昭懿寿元皇太后 ﹇答己﹈ —— ︵︖ —— 1322 ᠣᠨ ᠤ 11 | ᠰᠠᠷ᠎ᠠ ᠶᠢᠨ 1 ᠤ ᠡᠳᠦᠷ︶᠂ ᠨᠠᠷᠠ ᠢᠨᠦ ᠳ᠋ᠠᠵᠢ ᠬᠡᠮᠡᠮᠣᠢ᠂ ᠬᠤᠩᠬᠢᠷᠠᠳ ᠣᠪᠣᠭᠳᠠᠨ᠂ ᠴᠢᠭᠡᠴᠢ ᠢᠪᠡᠭᠡᠯᠳᠣ ᠪᠣᠭᠳᠠ | ᠶᠢᠨ ᠡᠰᠢᠳᠣ ᠭᠦᠷᠦᠨ ᠬᠠᠳᠣᠨ ︵照献元圣皇后︶ ᠬᠡᠮᠡᠮᠣᠢ⑴᠃ ᠲᠡᠷᠡ ᠪᠣᠯᠪᠠᠰᠣ ᠬᠤᠪᠢᠯᠠᠢ | ᠰᠡᠴᠡᠨ ᠬᠠᠭᠠᠨ ᠤ ᠣᠮᠪᠣᠯᠣ ᠲᠠᠷᠮᠠᠪᠠᠯᠠ ᠶᠢᠨ ᠬᠠᠳᠣᠨ ᠪᠦᠭᠡᠳ ᠶᠣᠸᠠᠨ ᠣᠯᠣᠰ ᠤᠨ ᠭᠤᠷᠪᠠᠳᠣᠭᠠᠷ ᠦᠶ᠎ᠡ ᠶᠢᠨ | ᠬᠠᠭᠠᠨ ᠬᠠᠶᠢᠰᠠᠩ ᠬᠢᠭᠡᠳ ᠲᠦᠷᠪᠡᠳᠦᠭᠡᠷ ᠦᠶ᠎ᠡ ᠶᠢᠨ ᠬᠠᠭᠠᠨ ᠠᠶᠣᠷᠪᠠᠷᠸᠠᠳᠠ ᠬᠡᠮᠡᠭᠴᠢ ᠶᠢᠨ ᠲᠦᠷᠦᠭᠰᠡᠨ ᠡᠬᠡ | ᠪᠣᠯᠣᠮᠣᠢ⑵᠂ ᠬᠤᠩᠭᠢᠷᠠᠳ ᠠᠶᠢᠮᠠᠭ ᠤᠨ ᠠᠯᠴᠣ ᠨᠣᠶᠠᠨ ᠤ ᠣᠮᠪᠣᠯᠣ ᠬᠦᠨᠳᠦᠳᠡᠮᠣᠷ ᠤᠨ ᠦᠬᠢᠨ⑶᠂ ᠬᠦᠪᠡᠬᠦᠨ | ᠬᠠᠶᠢᠰᠩ ᠢᠶᠠᠨ ᠲᠡᠳᠭᠦᠵᠦ ᠬᠠᠭᠠᠨ ᠰᠠᠭᠤᠷᠢᠨ ᠳᠤᠷ ᠰᠠᠭᠠᠳᠠᠭᠤᠯᠪᠠᠢ᠃ ᠶᠡᠭᠡ ᠡᠷᠳᠡᠮᠳᠦ ︵ᠳ᠋ᠠ ᠳ᠋ᠧ大德︶ | ᠬᠡᠮᠡᠬᠦᠢ ᠶᠢᠨ ᠠᠷᠪᠠᠨ ᠨᠢᠭᠡᠳᠦᠭᠡᠷ ᠣᠨ ᠤ ᠲᠠᠪᠣᠳᠣᠭᠠᠷ ᠰᠠᠷ᠎ᠠ ᠶᠢᠨ ᠬᠤᠷᠢᠨ ᠨᠢᠬᠡᠨ ᠤ ᠡᠳᠣᠷ ︵ᠠᠷᠭ᠎ᠠ ᠶᠢᠨ ᠣᠨ | ᠲᠣᠭᠠᠯᠠᠯ ᠤᠨ 1307 ᠣᠨ ᠤ 6 ᠳ᠋ᠣᠭᠠᠷ ᠰᠠᠷ᠎ᠠ ᠶᠢᠨ ᠬᠤᠷᠢᠨ ᠨᠢᠭᠡᠨ ᠤ ᠡᠳᠦᠷ︶ ᠴᠣᠭᠳᠣ ᠲᠡᠭᠡᠳᠣᠰ ︵ | ᠦᠽᠦ᠋ᠩ武宗︶ ᠬᠠᠶᠢᠰᠠᠩ ᠬᠡᠮᠡᠭᠴᠢ ᠪᠠᠷ ᠬᠠᠭᠠᠨ ᠰᠠᠭᠤᠷᠢᠨ ᠳᠤᠷ ᠰᠠᠭᠠᠳᠠᠭᠠᠳ ᠮᠦᠨ ᠲᠣᠬᠠᠢ ᠶᠢᠨ ᠡᠳᠣᠷ | ᠲᠡᠭᠡᠨ ᠡᠬᠡ ᠳ᠋ᠠᠵᠢ ᠪᠠᠨ ᠡᠷᠭᠦᠮᠵᠢᠯᠡᠵᠦ ᠬᠦᠨᠳᠦᠯᠡᠯ ᠴᠣᠯᠠ ᠶᠢ ᠠᠨᠦ ᠲᠡᠭᠡᠳᠦ ᠭᠦᠷᠦᠨ ᠬᠠᠳᠣᠨ ︵皇太后︶ | ᠬᠡᠮᠡᠭᠡᠳ ᠲᠦᠷᠦᠭᠰᠡᠨ ᠲᠡᠭᠦᠦ ᠠᠶᠣᠷᠪᠠᠷᠸᠠᠳᠠ ᠬᠡᠮᠡᠭᠴᠢ ᠪᠠᠷ ᠲᠠᠶᠠ ᠬᠦᠪᠡᠭᠦᠨ ︵ᠲᠠᠶᠢᠽᠢ太子︶ ᠢ | ᠪᠠᠶᠢᠭᠤᠯᠪᠠᠢ᠃ ᠣᠨᠣᠯᠳᠣ ᠶᠡᠭᠡ ︵ᠵᠾᠢ ᠳ᠋ᠠ至大︶ ᠬᠡᠮᠡᠬᠦᠢ ᠶᠢᠨ ᠭᠤᠷᠪᠠᠳᠣᠭᠠᠷ ᠣᠨ ︵1310︶ ᠤ | ᠠᠷᠪᠠᠨ ᠰᠠᠷ᠎ᠠ ᠳᠤ ᠴᠣᠭᠳᠣ ᠲᠡᠭᠡᠳᠣᠰ ᠬᠠᠶᠢᠰᠠᠩ ᠬᠠᠭᠠᠨ ᠪᠠᠷ ᠲᠠᠶᠠ ᠬᠦᠪᠡᠬᠦᠨ ᠬᠢᠭᠡᠳ ᠲᠦᠷᠦᠯ ᠸᠠᠩ᠂ ᠰᠠᠶᠢᠳ | ᠲᠦᠰᠢᠮᠡᠳ ᠢᠶᠠᠨ ᠲᠠᠶᠢᠴᠢᠯᠠᠨ ᠪᠣᠭᠳᠠ ᠶᠢ ᠮᠠᠨᠳᠣᠭᠤᠯᠬᠤ ᠣᠷᠳᠣᠨ ︵兴圣宫︶ ᠳᠤᠷ ᠲᠦᠷᠦ ᠶᠢᠨ | ᠪᠠᠷᠠᠬᠠᠯᠠᠯ ᠬᠢᠵᠦ ᠭᠦᠷᠦᠨ ᠲᠡᠭᠡᠳᠦ ᠬᠠᠳᠣᠨ ᠳ᠋ᠠᠵᠢ ᠶᠢᠨ ᠬᠦᠨᠳᠦᠯᠡᠯ ᠴᠣᠯᠠ ᠶᠢ ᠠᠨᠦ ︽ᠲᠡᠭᠷᠢ ᠶᠢ ᠲᠦᠷᠢᠮᠯᠡᠵᠦ | ᠪᠣᠭᠳᠠ ᠶᠢ ᠮᠠᠨᠳᠣᠭᠤᠯᠣᠭᠰᠠᠨ ᠨᠢᠭᠦᠯᠡᠰᠦᠩᠭᠦᠢ ᠦᠷᠦᠰᠢᠶᠡᠯᠳᠦ ᠴᠢᠭᠡᠴᠢ ᠶᠣᠰᠣᠳᠣ ᠬᠤᠳᠣᠭᠳᠣ ᠡᠰᠢᠳᠦ ᠭᠦᠷᠦᠨ | ᠲᠡᠭᠡᠳᠦ ᠬᠠᠳᠣᠨ ︵仪天兴圣慈仁昭懿寿元皇太后︶︾ ᠬᠡᠮᠡᠨ ᠬᠠᠰᠪᠣᠦ | ᠲᠠᠮᠠᠭᠠᠳᠣ ᠨᠠᠪᠴᠢᠳᠣ ᠡᠷᠭᠦᠮᠵᠢᠯᠡᠯ ᠢᠶᠠᠷ ᠡᠷᠭᠦᠮᠵᠢᠯᠡᠪᠡᠢ⑷᠃ ᠣᠨᠣᠯᠳᠣ ᠶᠡᠭᠡ ︵ᠵᠾᠢ ᠳ᠋ᠠ至大︶ ᠬᠡᠮᠡᠬᠦᠢ | ᠶᠢᠨ ᠲᠦᠷᠪᠡᠳᠦᠭᠡᠷ ᠣᠨ ᠤ ᠭᠤᠷᠪᠠᠨ ᠰᠠᠷ᠎ᠠ ᠶᠢᠨ ᠠᠷᠪᠠᠨ ᠨᠠᠢᠮᠠᠨ ᠤ ᠡᠳᠦᠷ ︵ᠠᠷᠭ᠎ᠠ ᠶᠢᠨ ᠲᠣᠭᠠᠯᠠᠯ ᠤᠨ | 1311 ᠣᠨ ᠤ ᠲᠦᠷᠪᠡᠳᠦᠭᠡᠷ ᠰᠠᠷ᠎ᠠ ᠶᠢᠨ 7 ᠤ ᠡᠳᠦᠷ︶ ᠶᠣᠸᠠᠨ ᠣᠯᠣᠰ ᠤᠨ ᠲᠦᠷᠪᠡᠳᠦᠭᠡᠷ ᠦᠶ᠎ᠡ ᠶᠢᠨ | ᠬᠠᠭᠠᠨ ᠦᠷᠦᠰᠢᠶᠡᠯᠳᠦ ᠲᠡᠭᠡᠳᠦᠰ ︵ᠷᠧᠨᠽᠦ᠋ᠩ仁宗︶ ᠠᠶᠣᠷᠪᠠᠷᠸᠠᠳᠠ ᠬᠡᠮᠡᠭᠴᠢ ᠪᠠᠷ ᠬᠠᠭᠠᠨ ᠰᠠᠭᠤᠷᠢᠨ᠎ᠠ | ᠰᠠᠭᠠᠳᠠᠭᠠᠳ ᠮᠦᠨ ᠲᠣᠬᠠᠢ ᠶᠢᠨ ᠡᠳᠦᠷ ᠲᠡᠭᠡᠨ ᠳ᠋ᠠᠵᠢ ᠶᠢᠨ ᠬᠦᠨᠳᠦᠯᠡᠯ ᠴᠣᠯᠠ ᠶᠢ ᠠᠨᠦ ᠭᠦᠷᠦᠨ ᠲᠡᠭᠡᠳᠦ ᠬᠠᠳᠣᠨ | ᠬᠡᠮᠡᠨᠡᠷᠭᠦᠮᠵᠢᠯᠡᠪᠡᠢ᠃ ᠠᠷᠪᠢᠳᠬᠠᠨ ᠢᠪᠡᠭᠡᠭᠴᠢ ︵ᠶᠠᠨ ᠶᠢᠦ延祐︶ ᠬᠡᠮᠡᠬᠦᠢ ᠶᠢᠨ ᠬᠤᠶᠠᠳᠣᠭᠠᠷ ᠣᠨ ︵ | 1315︶ ᠤ ᠭᠤᠷᠪᠠᠳᠣᠭᠠᠷ ᠰᠠᠷ᠎ᠠ ᠳᠤᠷ ᠶᠣᠸᠠᠨ ᠣᠯᠣᠰ ᠤᠨ ᠦᠷᠦᠰᠢᠶᠡᠯᠳᠦ ᠲᠡᠭᠡᠳᠦᠰ ᠠᠶᠣᠷᠪᠠᠷᠸᠠᠳᠠ ︵仁宗 | 爱育黎拔力八达︶ ᠬᠠᠭᠠᠨ ᠪᠠᠷ ᠲᠦᠷᠦᠯ ᠸᠠᠩ ᠬᠢᠭᠡᠳ ᠵᠠᠭᠤᠨ ᠲᠦᠰᠢᠮᠡᠳ ᠢᠶᠠᠨ | ᠲᠠᠭᠠᠭᠤᠯᠣᠨ ᠭᠦᠷᠦᠨ ᠲᠡᠭᠡᠳᠦ ᠬᠠᠳᠣᠨ ᠤ ᠬᠦᠨᠳᠣᠯᠡᠯ ᠴᠣᠯᠠ ᠶᠢ ᠠᠨᠦ ᠨᠡᠮᠡᠵᠦ᠂ ᠬᠠᠰ ᠲᠡᠪᠳᠡᠷ ᠬᠠᠰᠪᠣᠣ | ᠲᠠᠮᠠᠭᠠᠳᠣ ᠡᠷᠭᠦᠮᠵᠢᠯᠡᠯ ᠢᠶᠠᠷ ︽ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠡᠨ ᠨᠢᠭᠦᠯᠡᠰᠦᠩᠬᠦᠢ | ᠦᠷᠦᠰᠢᠶᠡᠯᠳᠦ ᠴᠢᠭᠡᠴᠢ ᠶᠣᠰᠣᠳᠣ ᠬᠤᠳᠣᠭᠳᠣ ᠡᠰᠢᠳᠣ ᠲᠡᠭᠦᠰ ᠠᠴᠢᠯᠠᠯᠳᠣ ᠡᠩᠬᠡ ᠠᠮᠣᠭᠤᠯᠣᠩ ᠪᠣᠶᠠᠨᠳᠣ | ᠪᠠᠶᠠᠰᠬᠤᠯᠠᠩᠳᠣ ᠲᠡᠭᠡᠳᠣ ᠭᠦᠷᠦᠨ ᠬᠠᠳᠣᠨ ︵仪天兴圣慈仁昭懿寿元全德泰宁 | 福 庆皇太后︶︾ ᠬᠡᠮᠡᠵᠦᠬᠦᠢ᠃⑸ ᠠᠷᠪᠢᠳᠬᠠᠨ ᠢᠪᠡᠭᠡᠭᠴᠢ ᠬᠡᠮᠡᠬᠦᠢ ᠶᠢᠨ ᠲᠣᠯᠣᠳᠣᠭᠠᠷ ᠣᠨ ᠤ | ᠭᠤᠷᠪᠠᠳᠣᠭᠠᠷ ᠰᠠᠷ᠎ᠠ ᠶᠢᠨ ᠠᠷᠪᠠᠨ ᠨᠢᠭᠡᠨ ︵ᠠᠷᠭ᠎ᠠ ᠶᠢᠨ ᠣᠯᠠᠷᠢᠯ ᠤᠨ 1320 ᠣᠨ ᠤ ᠲᠦᠷᠪᠡᠳᠦᠭᠡᠷ ᠰᠠᠷ᠎ᠠ | ᠶᠢᠨ 19 ᠤ ᠡᠳᠦᠷ︶ ᠤ ᠡᠳᠦᠷ᠂ ᠶᠣᠸᠠᠨ ᠣᠯᠣᠰ ᠤᠨ ᠲᠠᠪᠣᠳᠣᠭᠠᠷ ᠦᠶ᠎ᠡ ᠶᠢᠨ ᠬᠠᠭᠠᠨ ᠠᠷᠣᠣᠬᠠᠨ ᠲᠡᠭᠡᠳᠣᠰ ︵ | ᠢᠩᠽᠦ᠋ᠩ英宗︶ ᠰᠣᠳᠢᠪᠠᠯᠠ ᠬᠡᠮᠡᠭᠴᠢ ᠪᠠᠷ ᠬᠠᠭᠠᠨ ᠰᠠᠭᠤᠷᠢᠨ᠎ᠠ ᠰᠠᠭᠠᠳᠠᠭᠠᠳ ᠳ᠋ᠠᠵᠢ ᠬᠠᠳᠣᠨ ᠤ ᠬᠦᠨᠳᠦᠯᠡᠯ | ᠴᠣᠯᠠ ᠶᠢ ᠠᠨᠦ ᠡᠰᠡᠷᠸ᠎ᠠ ᠲᠡᠭᠡᠳᠦ ᠭᠦᠷᠦᠨ ᠬᠠᠳᠣᠨ ︵太皇太后︶ ᠬᠡᠮᠡᠵᠦᠬᠦᠢ᠃ ᠠᠷᠪᠢᠳᠬᠠᠨ | ᠢᠪᠡᠭᠡᠭᠴᠢ ᠬᠡᠮᠡᠬᠦᠢ ᠶᠢᠨ ᠲᠣᠯᠣᠳᠣᠭᠠᠷ ᠣᠨ ︵1320︶ ᠤ ᠠᠷᠪᠠᠨ ᠬᠤᠶᠠᠳᠣᠭᠠᠷ ᠰᠠᠷ᠎ᠠ ᠳᠤ ᠡᠰᠡᠷᠸ᠎ᠡ ᠲᠡᠭᠡᠳᠦ | ᠭᠦᠷᠦᠨ ᠬᠠᠳᠣᠨ ᠤ ᠬᠦᠨᠳᠦᠯᠡᠯ ᠴᠣᠯᠠ ᠶᠢ ᠠᠨᠦ ︽ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠡᠨ | ᠨᠢᠭᠦᠯᠡᠰᠦᠩᠬᠦᠢ ᠦᠷᠦᠰᠢᠶᠡᠯᠳᠦ ᠴᠢᠭᠡᠴᠢ ᠶᠣᠰᠣᠳᠣ ᠬᠤᠳᠣᠭᠳᠣ ᠡᠰᠢᠳᠣ ᠲᠡᠭᠦᠰ ᠠᠴᠢᠯᠠᠯᠳᠣ ᠡᠩᠬᠡ ᠠᠮᠣᠭᠤᠯᠠᠩ | ᠪᠣᠶᠠᠨᠳᠣ ᠪᠠᠶᠠᠰᠬᠤᠯᠠᠩᠳᠣ ᠰᠦᠯᠳᠡ ᠣᠳᠬᠠᠴᠢ ᠰᠦᠰᠦᠭᠳᠦ ᠢᠪᠡᠭᠡᠯᠳᠦ ᠡᠰᠡᠷᠸ᠎ᠡ ᠲᠡᠭᠡᠳᠦ ᠭᠦᠷᠦᠨ ᠬᠠᠳᠣᠨ ︵仪天 | 兴圣慈仁昭懿寿元全德泰宁福 庆徽文崇佑皇太后︶︾ | ᠬᠡᠮᠡᠯᠦᠭᠡ⑹᠃ ᠣᠨᠣᠯᠳᠣ ᠵᠠᠰᠠᠭᠴᠢ ︵ᠵᠾᠢ ᠵᠾᠢ至治︶ ᠬᠡᠮᠡᠬᠦᠢ ᠶᠢᠨ ᠬᠤᠶᠠᠳᠣᠭᠠᠷ ᠣᠨ ᠤ ᠶᠢᠰᠤᠨ | ᠰᠠᠷ᠎ᠠ ᠶᠢᠨ ᠬᠤᠷᠢᠨ ᠬᠤᠶᠠᠷ ᠤᠨ ᠣᠯᠠᠭᠠᠨ ᠯᠣᠣ ᠡᠳᠦᠷ ︵ᠠᠷᠭ᠎ᠠ ᠶᠢᠨ ᠲᠣᠭᠠᠯᠠᠯ ᠤᠨ 1322 ᠣᠨ ᠤ 11 | ᠰᠠᠷ᠎ᠠ ᠶᠢᠨ 1 ᠤ ᠡᠳᠦᠷ︶ ᠳ᠋ᠠᠵᠢ ᠬᠠᠳᠣᠨ ᠡᠪᠡᠳᠴᠢᠨ ᠢᠶᠠᠷ ᠬᠠᠯᠢᠪᠠᠢ᠃ ᠣᠨᠣᠯᠳᠣ ᠵᠠᠰᠠᠭᠴᠢ ︵ᠵᠾᠢ ᠵᠾᠢ至治 | ︶ ᠬᠡᠮᠡᠬᠦᠢ ᠶᠢᠨ ᠭᠤᠷᠪᠠᠳᠣᠭᠠᠷ ᠣᠨ ᠤ ᠭᠤᠷᠪᠠᠳᠣᠭᠠᠷ ᠰᠠᠷ᠎ᠠ ᠶᠢᠨ ᠠᠷᠪᠠᠨ ᠲᠣᠯᠣᠭᠠᠨ ᠤ ᠰᠢᠷ᠎ᠠ ᠪᠡᠴᠢᠨ ᠡᠳᠦᠷ ︵ | ᠠᠷᠭ᠎ᠠ ᠶᠢᠨ ᠲᠣᠭᠠᠯᠠᠯ ᠤᠨ 1323 ᠣᠨ ᠤ 4 ᠰᠠᠷ᠎ᠠ ᠶᠢᠨ 22 ᠤᠨ ᠡᠳᠦᠷ︶ ᠶᠣᠸᠠᠨ ᠣᠯᠣᠰ ᠤᠨ ᠠᠷᠣᠣᠬᠠᠨ | ᠲᠡᠭᠡᠳᠦᠰ ᠰᠣᠳᠢᠪᠠᠯᠠ ᠬᠠᠭᠠᠨ ᠪᠠᠷ ᠲᠣᠬᠤᠷᠣᠭᠤᠯᠣᠭᠴᠢ ᠲᠦᠰᠢᠮᠡᠯ ︵太尉︶ ᠢᠶᠠᠷ ᠪᠡᠶ᠎ᠡ ᠶᠢ ᠤᠷᠤᠯᠠᠭᠤᠯᠤᠨ | ᠲᠣᠮᠢᠯᠠᠵᠦ᠂ ᠲᠦᠪ ᠪᠢᠴᠢᠭ ᠤᠨ ᠮᠣᠵᠢ ᠶᠢᠨ ᠪᠠᠷᠠᠭᠤᠨ ᠭᠠᠷ ᠤᠨ ᠲᠡᠷᠢᠭᠦᠯᠦᠭᠴᠢ ᠰᠠᠶᠢᠳ ᠪᠠᠶᠢᠵᠦ᠋ ︵中 书右 | 丞相拜住︶ ᠬᠡᠮᠡᠭᠴᠢ ᠶᠢ ᠵᠠᠷᠯᠢᠭᠳᠠᠨ ᠬᠠᠰ ᠲᠡᠪᠳᠡᠷ ᠬᠠᠰᠪᠣᠣ ᠲᠠᠮᠠᠭᠠᠳᠣ ᠡᠷᠭᠦᠮᠵᠢᠯᠡᠯ ᠢᠶᠠᠷ ᠳ᠋ᠠᠵᠢ | ᠬᠠᠳᠣᠨ ᠤ ᠨᠡᠬᠡᠨ ᠡᠷᠭᠦᠮᠵᠢᠯᠡᠭᠰᠡᠨ ᠬᠦᠨᠳᠦᠯᠡᠯ ᠴᠣᠯᠠ ᠶᠢ ᠠᠨᠦ ᠴᠢᠭᠡᠴᠢ ᠢᠪᠡᠬᠡᠯᠳᠦ ᠪᠣᠭᠳᠠ ᠶᠢᠨ ᠡᠰᠢᠳᠣ ᠭᠦᠷᠦᠨ | ︵照 献元圣皇后︶ ᠬᠠᠳᠣᠨ ᠬᠡᠮᠡᠭᠡᠳ ᠲᠠᠬᠢᠯ ᠢ ᠠᠨᠦ ᠡᠶᠡᠪᠡᠷ ᠲᠡᠭᠡᠳᠦᠰ ᠲᠠᠷᠮᠠᠪᠠᠯᠠ ᠶᠢᠨ ᠰᠦᠮ᠎ᠡ | ︵顺宗庙︶ ᠳᠤᠷ ᠲᠡᠪᠰᠢᠭᠦᠯᠪᠡᠢ⑺᠃ ᠳ᠋ᠠᠵᠢ ᠬᠠᠳᠣᠨ ᠪᠣᠯᠪᠠᠰᠣ ᠣᠯᠠᠨ ᠠᠴᠠ ᠬᠡᠳᠦᠶᠢᠳᠡᠭᠰᠡᠨ ᠰᠡᠴᠡᠨ | ᠰᠡᠷᠭᠦᠯᠡᠩ ᠬᠦᠮᠦᠨ ᠶᠣᠮ᠂ ᠲᠡᠷᠡ ᠪᠠᠷ ᠨᠢᠬᠡ ᠨᠠᠰᠣᠨ ᠳᠠᠭᠠᠨ ᠴᠣᠭᠳᠣ ᠲᠡᠭᠡᠳᠣᠰ ᠬᠠᠶᠢᠰᠠᠩ᠂ ᠦᠷᠦᠰᠢᠶᠡᠯᠳᠦ | ᠲᠡᠭᠡᠳᠣᠰ ᠠᠶᠣᠷᠪᠠᠷᠸᠠᠳᠠ᠂ ᠠᠷᠣᠣᠬᠠᠨ ᠲᠡᠭᠡᠳᠣᠰ ᠰᠣᠳᠢᠪᠠᠯᠠ ᠵᠡᠷᠬᠡ ᠭᠤᠷᠪᠠᠨ ᠬᠠᠭᠠᠨ ᠢ ᠲᠡᠳᠭᠦᠨ | ᠪᠠᠶᠢᠭᠤᠯᠣᠭᠰᠠᠨ ᠪᠦᠭᠡᠳ ᠲᠣᠳᠣᠭᠠᠳᠣ ᠣᠷᠳᠣᠨ ᠢ ᠵᠠᠬᠢᠷᠬᠤ ᠳᠠᠭᠠᠨ ᠴᠦ ᠮᠠᠰᠢ ᠴᠢᠳᠠᠮᠠᠭᠠᠢ ᠠᠷᠭ᠎ᠠ ᠰᠠᠮᠪᠠᠭ᠎ᠠ ᠲᠠᠢ | ᠶᠣᠮ᠃ ᠭᠡᠪᠡᠴᠦ ᠲᠡᠷᠡ ᠪᠠᠷ ᠲᠡᠭᠡᠳᠦ ᠬᠠᠳᠣᠨ᠂ ᠭᠦᠷᠦᠨ ᠲᠡᠭᠡᠳᠦ ᠬᠠᠳᠣᠨ᠂ ᠡᠰᠡᠷᠸ᠎ᠠ ᠲᠡᠭᠡᠳᠦ ᠭᠦᠷᠦᠨ ᠬᠠᠳᠣᠨ | ᠬᠡᠮᠡᠬᠦ ᠭᠠᠷᠤᠯ ᠪᠠᠶᠢᠷᠢ ᠠᠴᠠ ᠪᠠᠨ ᠪᠣᠯᠵᠣ ᠲᠦᠷᠦ ᠶᠢᠨ ᠬᠡᠷᠡᠭ ᠲᠤᠷ ᠲᠣᠷ᠎ᠠ ᠲᠠᠪᠠ ᠪᠠᠷ ᠢᠶᠠᠨ ᠭᠠᠷ ᠲᠦᠷᠦᠵᠦ᠂ | ᠵᠠᠰᠠᠭ ᠴᠠᠭᠠᠵᠠ ᠶᠢ ᠵᠣᠷᠢᠭ ᠮᠡᠳᠡᠨ ᠲᠣᠩᠬᠠᠭᠯᠠᠬᠤ ᠮᠦᠷᠳᠡᠭᠡᠨ ᠬᠡᠳᠦᠷᠬᠡᠢ ᠶᠡᠭᠡ ᠪᠦᠷᠢᠯᠬᠡᠨ ᠰᠦᠢᠳᠬᠡᠳᠡᠭ ᠠᠪᠠᠢ᠃ | ᠲᠣᠳᠣᠭᠠᠳᠣ ᠣᠷᠳᠣᠨ ᠳᠤᠷ ᠢᠶᠠᠨ ᠪᠣᠯᠪᠠᠰᠣ ᠬᠦᠬᠦᠯ ᠡᠬᠡ ᠢᠷᠢᠶᠡᠰᠢᠪᠡ ᠬᠡᠮᠡᠭᠴᠢ ᠶᠢ ᠲᠣᠳᠣᠨᠣᠴᠢᠯᠠᠨ ᠢᠳᠡᠭᠡᠵᠦ᠂ | ᠲᠦᠷᠦ ᠵᠠᠰᠠᠭ ᠲᠤᠷ ᠪᠣᠯᠪᠠᠰᠣ ᠰᠢᠷᠠᠮᠣᠨ᠂ ᠨᠦᠷᠢᠨ ᠵᠢᠴᠢ ᠲᠡᠮᠦᠷᠳᠠᠷᠠ ᠵᠡᠷᠬᠡ ᠵᠠᠯᠢᠬᠠᠢ ᠰᠠᠶᠢᠳ ᠢ ᠢᠳᠡᠭᠡᠮᠵᠢᠯᠡᠨ | ᠬᠡᠷᠡᠭᠯᠡᠭᠰᠡᠨ ᠠᠴᠠ ᠲᠦᠷᠦ ᠶᠢ ᠲᠦᠢᠪᠡᠭᠡᠨ ᠲᠦᠮᠡᠨ ᠢ ᠬᠡᠯᠡᠮᠡᠭᠳᠡᠭᠦᠯᠵᠦᠬᠦᠢ⑻᠃ ᠡᠭᠦᠨ ᠤ ᠳ᠋ᠦᠩ ᠳᠤᠷ ᠶᠣᠸᠠᠨ | ᠣᠯᠣᠰ ᠤᠨ ᠲᠣᠮᠳᠠᠴᠢ ᠦᠶ᠎ᠡ ᠶᠢᠨ ᠨᠣᠶᠠᠷᠬᠠᠭᠴᠢ ᠪᠦᠯᠦᠭ ᠤᠨ ᠬᠤᠭᠤᠷᠣᠨᠳᠣᠬᠢ ᠲᠣᠳᠣᠭᠠᠳᠣ ᠶᠢᠨ ᠰᠠᠮᠠᠭᠤᠷᠠᠯ | ᠪᠣᠢ ᠪᠣᠯᠪᠠ᠂ ᠡᠨᠡᠬᠦ ᠰᠠᠮᠠᠭᠤᠷᠠᠯ ᠨᠢ ᠴᠢᠪ ᠬᠡᠮᠡᠨ ᠶᠣᠸᠠᠨ ᠣᠯᠣᠰ ᠢ ᠲᠣᠷᠣᠶᠢᠳᠠᠯ ᠤᠨ ᠵᠦᠭ ᠬᠠᠨᠳᠣᠭᠤᠯᠣᠭᠰᠠᠨ | ᠠᠶᠤᠯ ᠤᠨ ᠦᠨᠳᠦᠰᠦ ᠪᠣᠯᠣᠭᠰᠠᠨ ᠪᠠᠶᠢᠯᠤᠭ᠎ᠠ᠃ | ※ ᠠᠰᠢᠭᠯᠠᠭᠰᠠᠨ ᠰᠣᠷᠪᠣᠯᠵᠢ ᠪᠢᠴᠢᠭ | ⑴︽ᠶᠣᠸᠠᠨ ᠣᠯᠣᠰ ᠤᠨ ᠰᠣᠳᠣᠷ᠂ ᠵᠠᠭᠤ ᠠᠷᠪᠠᠨ ᠵᠢᠷᠭᠤᠳᠣᠭᠠᠷ ᠪᠣᠳᠢ︾ | ⑵ ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠠᠳᠣᠳ ᠤᠨ ᠱᠠᠰᠳᠢᠷ︾ | | ⑶ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠠᠳᠣᠳ ᠤᠨ ᠱᠠᠰᠳᠢᠷ︾ | | ⑷ ︽ᠶᠣᠸᠠᠨ ᠣᠯᠣᠰ ᠤᠨ ᠰᠣᠳᠣᠷ᠂ ᠴᠣᠭᠳᠣ ᠲᠡᠭᠡᠳᠦᠰ ᠤᠨ ᠴᠠᠳᠢᠭ︾ | ⑸︽ᠶᠣᠸᠠᠨ ᠣᠯᠣᠰ ᠤᠨ ᠰᠣᠳᠣᠷ᠂ ᠦᠷᠦᠰᠢᠶᠡᠯᠳᠦ ᠲᠡᠭᠡᠳᠦᠰ ᠤᠨ ᠴᠠᠳᠢᠭ︾ | ⑹︽ᠶᠣᠸᠠᠨ ᠣᠯᠣᠰ ᠤᠨ ᠰᠣᠳᠣᠷ᠂ ᠠᠷᠣᠣᠬᠠᠨ ᠲᠡᠭᠡᠳᠦᠰ ᠤᠨ ᠴᠠᠳᠢᠭ︾ | ⑺︽ᠶᠣᠸᠠᠨ ᠣᠯᠣᠰ ᠤᠨ ᠰᠣᠳᠣᠷ᠂ ᠠᠷᠣᠣᠬᠠᠨ ᠲᠡᠭᠡᠳᠦᠰ ᠤᠨ ᠴᠠᠳᠢᠭ︾ | ⑻︽ᠶᠣᠸᠠᠨ ᠣᠯᠣᠰ ᠤᠨ ᠰᠣᠳᠣᠷ᠂ ᠵᠠᠭᠤ ᠵᠢᠷᠭᠤᠳᠣᠭᠠᠷ ᠪᠣᠳᠢ︾ | ⑨ ᠪᠦᠳᠦᠭᠡᠭᠴᠢ ᠲᠡᠭᠡᠳᠦᠰ ﹇ᠴᠧᠩᠽᠦ᠋ᠩ ᠲᠡᠮᠦᠷ ᠬᠠᠭᠠᠨ﹈ —— ︵1265 ᠣᠨ ᠤ 10 | ᠰᠠᠷ᠎ᠠ ᠶᠢᠨ 15 ᠤ ᠡᠳᠦᠷ —— 1307 ᠣᠨ ᠤ 2 ᠰᠠᠷ᠎ᠠ ᠶᠢᠨ 10 ᠤ ᠡᠳᠦᠷ︶᠂ ᠶᠡᠭᠡ ᠶᠣᠸᠠᠨ ᠣᠯᠣᠰ | ᠤᠨ ᠬᠤᠶᠠᠳᠣᠭᠠᠷ ᠦᠶ᠎ᠡ ᠶᠢᠨ ᠬᠠᠭᠠᠨ᠂ ᠶᠡᠭᠡ ᠮᠣᠩᠭᠤᠯ ᠬᠠᠭᠠᠳᠣ ᠣᠯᠣᠰ ᠤᠨ ᠵᠢᠷᠭᠤᠳᠣᠭᠠᠷ ᠦᠶ᠎ᠡ ᠶᠢᠨ ᠬᠠᠭᠠᠨ᠂ | 1294 ᠣᠨ ᠤ 5 ᠰᠠᠷ᠎ᠠ ᠶᠢᠨ 10 ᠡᠳᠦᠷ —— 1307 ᠣᠨ ᠤ 2 ᠰᠠᠷ᠎ᠠ ᠶᠢᠨ 10 ᠤ ᠡᠳᠦᠷ | ᠪᠣᠯᠳᠠᠯ᠎ᠠ 13 ᠵᠢᠯ ᠬᠠᠭᠠᠨ ᠰᠠᠭᠤᠷᠢᠨ᠎ᠠ ᠰᠠᠭᠠᠳᠠᠪᠠᠢ⑴᠃ ᠶᠣᠸᠠᠨ ᠣᠯᠣᠰ ᠤᠨ ᠰᠣᠷᠪᠣᠯᠵᠢ ᠣᠷᠢᠳᠣᠰ ᠬᠤᠪᠢᠯᠠᠢ | ᠰᠡᠴᠡᠨ ᠬᠠᠭᠠᠨ ᠤ ᠣᠮᠪᠣᠯᠣ᠂ ᠲᠠᠶᠠ ︵dayaa︶ ᠬᠦᠪᠡᠬᠦᠨ ︵ᠲᠠᠶᠢᠽᠢ太子︶ ᠴᠢᠩᠬᠢᠮ ᠤᠨ | ᠭᠤᠷᠪᠠᠳᠣᠭᠠᠷ ᠬᠦᠪᠡᠭᠦᠨ᠂ ᠡᠬᠡ ᠢᠨᠦ ᠬᠦᠭᠡᠵᠢᠨ᠂ ᠦᠭᠡᠷ᠎ᠡ ᠨᠡᠷ᠎ᠡ ᠪᠡᠯᠡᠨ ᠡᠭᠡᠴᠢ ᠬᠡᠮᠡᠮᠣᠢ᠃ ᠲᠡᠭᠦᠨ ᠢ ᠲᠡᠭᠷᠢ ᠳᠤ | ᠬᠠᠯᠢᠭᠰᠠᠨ ᠤ ᠲᠠᠷᠠᠭ᠎ᠠ ᠨᠡᠬᠡᠨ ᠡᠷᠭᠦᠮᠵᠢᠯᠡᠭᠰᠡᠨ ᠴᠣᠯᠠ ᠶᠢ ᠠᠨᠦ ᠪᠢᠰᠢᠷᠡᠯᠳᠣ ᠬᠡᠬᠡᠨ ᠠᠭᠤᠳᠠᠮ ᠲᠠᠬᠢᠮᠳᠠᠭᠤ ᠬᠠᠭᠠᠨ | ︵钦明广孝皇帝︶ ᠬᠡᠮᠡᠵᠦ ᠰᠦᠮ᠎ᠡ ᠶᠢᠨ ᠴᠣᠯᠠ ᠶᠢ ᠠᠨᠦ ᠪᠦᠳᠦᠭᠡᠭᠴᠢ ᠲᠡᠭᠡᠳᠦᠰ ︵成宗︶ | ᠬᠡᠮᠡᠭᠡᠳ ᠮᠣᠩᠭᠤᠯ ᠤᠨ ᠬᠡᠯᠡ ᠪᠠᠷ ᠦᠯᠵᠢᠢᠳᠦ ᠬᠠᠭᠠᠨ ︵完泽笃皇帝︶⑵ ᠬᠡᠮᠡᠨ ᠰᠦᠭᠯᠡᠵᠦᠬᠦᠢ᠃ | ᠣᠨᠣᠯᠳᠣ ᠲᠡᠷᠢᠭᠦᠨ ᠤ ᠬᠤᠷᠢᠨ ᠬᠤᠶᠠᠳᠣᠭᠠᠷ ᠣᠨ ᠤ ᠪᠢᠯᠢᠭ ᠤᠨ ᠣᠯᠠᠷᠢᠯ ᠤᠨ ᠠᠷᠪᠠᠨ ᠬᠤᠶᠠᠷ ᠰᠠᠷ᠎ᠠ ᠶᠢᠨ | ᠠᠷᠪᠠᠨ ᠤ ᠡᠳᠦᠷ ︵ᠠᠷᠭ᠎ᠠ ᠶᠢᠨ ᠲᠣᠭᠠᠯᠠᠯ ᠤᠨ 1286 ᠣᠨ ᠤ 1 ᠰᠠᠷ᠎ᠠ ᠶᠢᠨ5 ᠤ ᠡᠳᠦᠷ︶ ᠲᠠᠶᠠ ᠬᠦᠪᠡᠭᠦᠨ | ᠴᠢᠩᠬᠢᠮ ᠨᠦᠭᠴᠢᠪᠡᠢ᠂ ᠬᠤᠪᠢᠯᠠᠢ ᠬᠠᠭᠠᠨ ᠪᠠᠷ ᠴᠢᠩᠬᠢᠮ ᠤᠨ ᠬᠤᠶᠠᠳᠣᠭᠠᠷ ᠬᠦᠪᠡᠭᠦᠨ ᠲᠠᠷᠮᠠᠪᠠᠯᠠ ᠬᠡᠮᠡᠭᠴᠢ ᠪᠠᠷ | ᠲᠠᠶᠠ ᠬᠦᠪᠡᠭᠦᠨ ᠢ ᠪᠠᠶᠢᠭᠤᠯᠬᠤ ᠬᠡᠮᠡᠨ ᠰᠡᠳᠬᠢᠵᠦ ᠠᠭᠰᠠᠨ ᠪᠣᠯᠪᠠᠴᠣ 1292 ᠣᠨ ᠳᠤᠷ ᠲᠠᠷᠮᠠᠪᠠᠯᠠ ᠴᠦ | ᠡᠪᠡᠳᠴᠢᠨ ᠢᠶᠠᠷ ᠬᠠᠯᠢᠵᠣᠬᠤᠢ᠃ ᠣᠨᠣᠯᠳᠣ ᠲᠡᠷᠢᠭᠦᠨ ᠬᠡᠮᠡᠬᠦᠢ ᠶᠢᠨ ᠭᠤᠴᠢᠳᠣᠭᠠᠷ ᠣᠨ ︵1293︶ ᠳᠤᠷ | ᠴᠢᠩᠬᠢᠮ ᠤᠨ ᠭᠤᠷᠪᠠᠳᠣᠭᠠᠷ ᠬᠦᠪᠡᠭᠦᠨ ᠲᠡᠮᠦᠷ ᠬᠡᠮᠡᠭᠴᠢ ᠪᠠᠷ ᠲᠠᠶᠠ ᠬᠦᠪᠡᠭᠦᠨ ᠤ ᠲᠠᠮᠠᠭ᠎ᠠ ᠶᠢ ᠬᠦᠯᠢᠶᠡᠵᠦ ᠴᠡᠷᠢᠭ | ᠢ ᠶᠡᠷᠦᠩᠬᠡᠶᠢᠯᠡᠨ ᠵᠠᠬᠢᠷᠴᠣ ᠭᠤᠪᠢ ᠶᠢᠨ ᠠᠷᠣ ᠳᠠᠬᠢ ᠬᠠᠷ᠎ᠠ ᠬᠤᠷᠣᠮ ᠢ ᠲᠠᠷᠣᠩᠭᠤᠶᠢᠯᠠᠨ ᠰᠠᠬᠢᠪᠠᠢ ⑶᠃ ᠣᠨᠣᠯᠳᠣ | ᠲᠡᠷᠢᠭᠦᠨ ᠬᠡᠮᠡᠬᠦᠢ ᠶᠢᠨ ᠭᠤᠴᠢᠨ ᠨᠢᠭᠡᠳᠦᠭᠡᠷ ᠣᠨ ᠤ ᠪᠢᠯᠢᠭ ᠤᠨ ᠣᠯᠠᠷᠢᠯ ᠤᠨ ᠴᠠᠭᠠᠨ ᠰᠠᠷ᠎ᠠ ᠶᠢᠨ ᠬᠤᠷᠢᠨ | ᠬᠤᠶᠠᠷ ᠤᠨ ᠡᠳᠦᠷ ︵ᠠᠷᠭ᠎ᠠ ᠶᠢᠨ ᠲᠣᠭᠠᠯᠠᠯ ᠤᠨ 1294 ᠣᠨ ᠤ 2 ᠰᠠᠷ᠎ᠠ ᠶᠢᠨ 18 ᠤ ᠡᠳᠦᠷ︶ ᠬᠤᠪᠢᠯᠠᠢ | ᠰᠡᠴᠡᠨ ᠬᠠᠭᠠᠨ ᠲᠡᠭᠷᠢ ᠪᠣᠯᠣᠭᠰᠠᠨ᠎ᠠ ᠲᠠᠪᠰᠢᠭᠤᠯᠳᠣ ᠸᠠᠩ ᠬᠡᠮᠡᠨ ᠡᠷᠭᠦᠮᠵᠢᠯᠡᠭᠳᠡᠭᠰᠡᠨ ᠴᠢᠩᠬᠢᠮ ᠤᠨ ᠣᠣᠭᠠᠨ | ᠬᠦᠪᠡᠭᠦᠨ ᠭᠠᠮᠠᠯᠠ ᠬᠡᠮᠡᠭᠴᠢ ᠶᠢ ᠦᠷᠭᠦᠯᠵᠢᠯᠡᠨ ᠣᠮᠠᠷ᠎ᠠ ᠵᠣᠪᠬᠢᠰ ᠢ ᠢᠯᠪᠢᠨ ᠲᠦᠪᠬᠢᠨᠡᠭᠦᠯᠬᠦ ᠪᠠᠷ ᠲᠣᠭᠳᠠᠭᠠᠭᠰᠠᠨ | ᠳᠤᠷ ᠲᠡᠮᠦᠷ ᠬᠡᠮᠡᠭᠴᠢ ᠪᠠᠷ ᠡᠬᠡ ᠬᠦᠬᠡᠴᠢᠨ ᠬᠢᠭᠡᠳ ᠲᠦᠰᠢᠶ᠎ᠡ ᠲᠦᠰᠢᠮᠡᠯ ᠪᠠᠶᠠᠨ ᠨᠠᠷ ᠤᠨ ᠲᠡᠮᠵᠢᠯᠬᠡ ᠪᠠᠷ | ᠣᠨᠣᠯᠳᠣ ᠲᠡᠷᠢᠭᠦᠨ ᠬᠡᠮᠡᠬᠦᠢ ᠶᠢᠨ ᠭᠤᠴᠢᠨ ᠨᠢᠭᠡᠳᠦᠭᠡᠷ ᠣᠨ ᠤ ᠪᠢᠯᠢᠭ ᠤᠨ ᠣᠯᠣᠷᠢᠯ ᠤᠨ ᠲᠦᠷᠪᠡᠨ ᠰᠠᠷ᠎ᠠ ᠶᠢᠨ | ᠠᠷᠪᠠᠨ ᠲᠦᠷᠪᠡᠨ ᠤ ᠡᠳᠦᠷ ︵ᠠᠷᠭ᠎ᠠ ᠶᠢᠨ ᠲᠣᠭᠠᠯᠠᠯ ᠤᠨ 1294 ᠣᠨ ᠤ 5 ᠰᠠᠷ᠎ᠠ ᠶᠢᠨ 10 ᠤ ᠡᠳᠦᠷ︶ | ᠲᠡᠭᠡᠳᠦ ᠨᠡᠶᠢᠰᠡᠯᠯ ᠤᠨ ᠶᠡᠭᠡ ᠠᠮᠣᠭᠤᠯᠠᠩ ᠬᠡᠮᠡᠬᠦ ᠲᠠᠪᠬᠤᠷᠯᠢᠭᠳᠣ ᠠᠰᠠᠷ ᠲᠤᠷ ᠬᠠᠭᠠᠨ ᠰᠠᠭᠤᠷᠢᠨ᠎ᠠ ᠰᠠᠭᠠᠳᠠᠪᠠᠢ ⑷ | ᠂ ᠡᠭᠦᠨ ᠢ ᠲᠡᠣᠬᠡᠨ ᠲᠡᠭᠡᠷ᠎ᠡ ᠬᠢᠳᠠᠳ ᠤᠨ ᠪᠢᠴᠢᠭᠳᠡᠳ ᠰᠦᠮ᠎ᠡ ᠶᠢᠨ ᠴᠣᠯᠠ ᠪᠠᠷ ᠨᠢ ᠪᠦᠲᠦᠭᠡᠭᠴᠢ ᠲᠡᠭᠡᠳᠦᠰ | ᠬᠡᠮᠡᠳᠡᠭ ᠪᠦᠯᠦᠭᠡ᠃ ᠲᠡᠮᠦᠷ᠂ ᠬᠠᠭᠠᠨ ᠰᠠᠭᠤᠷᠢᠨ ᠳᠤᠷ ᠰᠠᠭᠠᠳᠠᠭᠰᠠᠨ ᠤ ᠪᠠᠨ ᠲᠠᠷᠠᠭ᠎ᠠ ᠭᠠᠳᠠᠭᠰᠢ ᠲᠡᠯᠡᠬᠦ ᠲᠠᠶᠢᠨ | ᠢ ᠵᠣᠭᠰᠣᠭᠠᠵᠣ᠂ ᠶᠠᠫᠣᠨ ᠬᠢᠭᠡᠳ ᠸᠧᠢᠲᠨᠠᠮ ᠳᠤᠷ ᠴᠡᠷᠢᠭᠯᠡᠬᠦ ᠶᠢ ᠪᠠᠶᠢᠯᠭᠠᠨ ᠣᠯᠣᠰ ᠤᠨ ᠲᠣᠳᠣᠭᠠᠳᠣ ᠶᠢᠨ ᠴᠡᠷᠢᠭ | ᠵᠠᠰᠠᠭ ᠢᠶᠠᠨ ᠴᠢᠭᠴᠢᠯᠡᠨ ᠮᠦᠷᠡᠨ ᠤ ᠡᠮᠦᠨᠡᠳᠡᠬᠢ ᠣᠷᠣᠨ ᠤ ᠭᠠᠶᠢᠯᠢ ᠭᠠᠪᠴᠢᠭᠤᠷ ᠢ ᠬᠦᠩᠭᠡᠯᠡᠨ ᠬᠡᠯᠳᠦᠷᠢᠭᠦᠯᠬᠦ ᠶᠢᠨ | ᠬᠠᠮᠳᠣ ᠲᠦᠷᠦᠯ ᠸᠠᠩ ᠨᠠᠷ ᠤᠨ ᠰᠦᠷ ᠬᠦᠴᠦᠨ ᠢ ᠬᠢᠵᠠᠭᠠᠷᠯᠠᠨ ᠵᠠᠰᠠᠭ ᠴᠠᠭᠠᠵᠠ ᠶᠢ ᠰᠢᠨ᠎ᠡ ᠪᠠᠷ ᠪᠢᠴᠢᠭᠯᠡᠨ | ᠵᠠᠷᠯᠠᠬᠤ ᠵᠡᠷᠬᠡ ᠠᠷᠭ᠎ᠠ ᠪᠣᠳᠣᠯᠭ᠎ᠠ ᠶᠢ ᠬᠡᠷᠡᠭᠵᠢᠭᠦᠯᠦᠭᠰᠡᠨ ᠠᠴᠠ ᠨᠡᠶᠢᠬᠡᠮ ᠤᠨ ᠵᠦᠷᠢᠴᠡᠯ ᠢ ᠢᠯᠡᠳᠳᠡ ᠨᠠᠮᠳᠠᠭᠤᠯᠪᠠᠢ | ᠃ ᠲᠠᠮᠦᠷ ᠬᠠᠭᠠᠨ ᠰᠠᠭᠤᠷᠢᠨ ᠳᠤᠷ ᠠᠭᠰᠠᠨ ᠬᠤᠭᠤᠴᠠᠭᠠᠨ ᠳᠠᠭᠠᠨ ᠦᠨᠳᠦᠰᠦᠨ ᠲᠡᠭᠡᠷ᠎ᠡ ᠪᠠᠨ ᠪᠦᠳᠦᠭᠡᠯ ᠢ | ᠰᠠᠬᠢᠬᠤ ᠪᠠᠶᠢᠳᠠᠯ ᠢᠶᠠᠨ ᠪᠠᠷᠢᠮᠳᠠᠯᠠᠭᠰᠠᠨ ᠪᠣᠯᠪᠠᠴᠣ ᠱᠠᠩᠨᠠᠯ ᠰᠣᠶᠣᠷᠬᠠᠯ ᠢ ᠲᠣᠷ᠎ᠠ ᠪᠠᠷ ᠲᠦᠭᠡᠭᠡᠭᠰᠡᠨ ᠠᠴᠠ | ᠣᠷᠣᠯᠭ᠎ᠠ ᠨᠢ ᠵᠠᠷᠣᠯᠭ᠎ᠠ ᠳᠠᠭᠠᠨ ᠬᠦᠷᠬᠦ ᠦᠭᠡᠢ ᠪᠣᠯᠵᠣ ᠣᠯᠣᠰ ᠤᠨ ᠬᠦᠮᠦᠷᠭᠡ ᠶᠢᠨ ᠡᠳ᠋ ᠮᠦᠩᠬᠦ | ᠬᠤᠭᠤᠰᠣᠷᠠᠭᠰᠠᠨ ᠠᠴᠠ ︽ᠲᠠᠳᠠᠪᠣᠷᠢᠯᠠᠭᠰᠠᠨ ᠬᠠᠳᠠᠭᠠᠯᠠᠮᠵᠢ ᠠᠨᠦ᠂ ᠲᠠᠷᠬᠠᠵᠣ ᠪᠠᠷᠠᠭᠳᠠᠨ ᠲᠠᠭᠤᠰᠣᠭᠰᠠᠨ︾ | ᠲᠣᠯᠠ ᠬᠤᠪᠢᠯᠠᠢ ᠰᠡᠴᠡᠨ ᠬᠠᠭᠠᠨ ᠤ ᠲᠦᠪ ᠶᠣᠰᠣᠳᠣ ︵ᠵᠦᠩ ᠲᠦᠩ中统︶ ᠬᠡᠮᠡᠬᠦᠢ ᠶᠢᠨ ᠣᠨ ᠨᠤᠭᠤᠳ | ᠲᠤᠷ ᠲᠠᠷᠬᠠᠭᠠᠭᠰᠠᠨ ᠴᠠᠭᠠᠰᠣᠨ ᠵᠣᠭᠤᠰ ᠤᠨ ᠦᠨ᠎ᠡ ᠦᠷᠳᠡᠭ ᠦᠳᠳᠡᠷ ᠲᠦᠷᠭᠡᠨ ᠪᠠᠭᠤᠷᠠᠪᠠᠢ⑸᠃ ᠲᠡᠷᠡᠴᠢᠯᠡᠨ | ᠨᠠᠢᠮᠠᠨ ᠵᠠᠭᠤᠨ ᠪᠠᠷᠢᠳᠣ ᠣᠯᠣᠰ ︵ᠣᠳᠣ ᠶᠢᠨ ᠲᠠᠶᠢᠯᠠᠨᠲ ᠲᠠᠷᠣᠢ ᠲᠠᠢ ᠣᠯᠣᠰ ᠤᠨ ᠬᠤᠶᠢᠳᠣ ᠬᠡᠰᠡᠭ︶ ᠢ | ᠲᠠᠶᠢᠯᠠᠨ ᠲᠠᠭᠠᠭᠤᠯᠬᠤ ᠬᠡᠮᠡᠨ ᠴᠡᠷᠢᠭ ᠬᠦᠳᠡᠯᠭᠡᠭᠰᠡᠨ ᠠᠴᠠ ᠪᠣᠯᠵᠣ ᠬᠠᠷᠠᠵᠠᠩ ︵ᠶᠦᠨᠨᠠᠨ︶ ᠭᠦᠢᠵᠸᠦ ᠵᠡᠷᠬᠡ | ᠭᠠᠵᠠᠷ ᠲᠤᠷ ᠣᠷᠪᠠᠯᠭᠠᠨ ᠰᠠᠮᠠᠭᠤᠨ ᠲᠡᠭᠳᠡᠵᠦᠬᠦᠢ⑹᠃ ᠨᠠᠰᠣᠨ ᠰᠡᠭᠦᠯᠴᠢ ᠶᠢᠨ ᠴᠠᠭ ᠲᠤᠷ ᠢᠶᠠᠨ ᠡᠪᠡᠳᠴᠢᠨ | ᠡᠮᠬᠡᠭ ᠲᠤᠷ ᠣᠷᠢᠶᠠᠭᠳᠠᠭᠰᠠᠨ ᠤ ᠰᠢᠯᠳᠠᠭᠠᠨ ᠪᠣᠯᠭᠠᠨ ᠭᠦᠷᠦᠨ ᠬᠠᠳᠣᠨ ᠬᠢᠭᠡᠳ ᠰᠠᠷᠳᠠᠭᠤᠯ ᠤᠨ ᠲᠦᠰᠢᠶ᠎ᠡ | ᠲᠦᠰᠢᠮᠡᠳ ᠲᠤᠷ ᠲᠦᠷᠦ ᠪᠠᠨ ᠨᠠᠶᠢᠳᠠᠭᠰᠠᠨ ᠤ ᠣᠴᠢᠷ᠎ᠠ ᠣᠯᠣᠰ ᠭᠦᠷᠦᠨ ᠤ ᠵᠠᠰᠠᠭ ᠲᠦᠷᠦ ᠡᠳᠦᠷ ᠢᠷᠡᠬᠦᠶ᠎ᠡ | ᠪᠠᠭᠤᠷᠠᠨ ᠲᠣᠷᠣᠶᠢᠳᠠᠵᠣᠬᠤᠢ⑺᠃ ᠶᠡᠭᠡ ᠡᠷᠳᠡᠮᠳᠣ ︵ᠳ᠋ᠠ ᠳ᠋ᠧ大德︶ ᠬᠡᠮᠡᠬᠦᠢ ᠶᠢᠨ ᠶᠢᠰᠦᠳᠦᠭᠡᠷ ᠣᠨ ᠤ | ᠵᠢᠷᠭᠤᠭᠠᠨ ᠰᠠᠷ᠎ᠠ ᠶᠢᠨ ᠰᠢᠨ᠎ᠡ ᠶᠢᠨ ᠲᠠᠪᠣᠨ ︵ᠠᠷᠭ᠎ᠠ ᠶᠢᠨ ᠲᠣᠭᠠᠯᠠᠯ ᠤᠨ 1305 ᠣᠨ ᠤ 6 ᠰᠠᠷ᠎ᠠ ᠶᠢᠨ 27 | ᠤ ᠡᠳᠦᠷ︶ ᠪᠠᠶᠠᠭᠤᠳ ᠣᠪᠣᠭᠳᠣ ᠪᠣᠯᠭᠠᠨ ᠭᠦᠷᠦᠨ ᠬᠠᠳᠣᠨ ᠠᠴᠠ ᠮᠡᠨᠳᠦᠯᠡᠭᠰᠡᠨ ᠬᠠᠭᠠᠨ ᠬᠦᠪᠡᠭᠦᠨ ᠳ᠋ᠧᠱᠡᠦ | ᠬᠡᠮᠡᠭᠴᠢ ᠶᠢ ᠨᠠᠪᠴᠢᠳᠣ ᠡᠷᠭᠦᠮᠵᠢᠯᠡᠯ ᠢᠶᠠᠷ ᠲᠠᠶᠠ ᠬᠦᠪᠡᠭᠦᠨ ᠢ ᠪᠠᠶᠢᠭᠤᠯᠣᠭᠰᠠᠨ ᠪᠣᠯᠪᠠᠴᠣ ᠮᠦᠨ ᠵᠢᠯ ᠤᠨ ᠠᠷᠪᠠᠨ | ᠬᠤᠶᠠᠳᠣᠭᠠᠷ ᠰᠠᠷ᠎ᠠ ᠶᠢᠨ ᠠᠷᠪᠠᠨ ᠨᠠᠢᠮᠠᠨ ︵ᠠᠷᠭ᠎ᠠ ᠶᠢᠨ ᠲᠣᠭᠠᠯᠠᠯ ᠤᠨ 1306 ᠣᠨ ᠤ 1 ᠰᠠᠷ᠎ᠠ ᠶᠢᠨ 3 ᠤ | ᠡᠳᠦᠷ︶ ᠤ ᠡᠳᠦᠷ ᠳ᠋ᠧᠱᠸᠦ ᠬᠡᠮᠡᠭᠴᠢ ᠡᠪᠡᠳᠴᠢᠨ ᠢᠶᠠᠷ ᠬᠠᠯᠢᠵᠣᠬᠤᠢ⑻᠃ ᠲᠡᠮᠦᠷ ᠬᠠᠭᠠᠨ ᠳᠤᠷ ᠬᠡᠳᠦᠶᠢᠪᠡᠷ | ᠬᠡᠳᠦ ᠬᠡᠳᠦᠨ ᠬᠠᠭᠠᠨ ᠭᠦᠪᠡᠬᠦᠨ ᠠᠭᠰᠠᠨ ᠪᠣᠯᠪᠠᠴᠣ ᠬᠠᠣᠯᠢ ᠪᠠᠷ ᠪᠠᠳᠣᠯᠠᠭᠰᠠᠨ ᠵᠠᠯᠭᠠᠮᠵᠢᠯᠠᠭᠴᠢ ᠪᠠᠨ ᠲᠣᠳᠣᠷᠬᠠᠢ | ᠡᠰᠡ ᠲᠣᠭᠳᠠᠭᠠᠭᠰᠠᠨ ᠲᠣᠯᠠ ᠡᠨᠡ ᠶᠠᠪᠣᠳᠠᠯ ᠨᠢ ᠶᠣᠸᠠᠨ ᠣᠯᠣᠰ ᠤᠨ ᠲᠣᠮᠳᠠᠴᠢ ᠦᠶ᠎ᠡ ᠳᠠᠬᠢ ᠬᠠᠭᠠᠨ ᠰᠠᠭᠤᠷᠢᠨ | ᠢ ᠪᠣᠯᠢᠶᠠᠯᠳᠣᠬᠤ ᠲᠠᠶᠢᠨ ᠲᠣᠯᠣᠯᠳᠣᠭᠠᠨ ᠤ ᠮᠠᠨᠠᠭᠰᠠᠨ ᠭᠠᠯ ᠪᠣᠯᠵᠣᠬᠤᠢ᠃ ᠶᠡᠭᠡ ᠡᠷᠳᠡᠮᠳᠣ ᠬᠡᠮᠡᠬᠦᠢ ᠶᠢᠨ ᠠᠷᠪᠠᠨ | ᠨᠢᠭᠡᠳᠦᠭᠡᠷ ᠣᠨ ︵1295︶ ᠤ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠤ ᠡᠳᠦᠷ ᠪᠦᠳᠦᠭᠡᠭᠴᠢ ᠲᠡᠭᠡᠳᠦᠰ | ᠲᠡᠮᠦᠷ ᠬᠠᠭᠠᠨ ᠪᠠᠷ ᠶᠡᠭᠡ ᠨᠡᠶᠢᠰᠯᠡᠯ ᠤᠨ ᠬᠠᠰ ᠠᠰᠠᠷᠠᠯᠳᠣ ᠬᠠᠷᠰᠢ ︵玉德殿 ᠣᠳᠣᠬᠢ ᠪᠡᠭᠡᠵᠢᠩ︶ ᠳᠤᠷ | ᠲᠡᠭᠷᠢ ᠪᠣᠯᠪᠠᠢ᠂ ᠲᠦᠴᠢᠨ ᠭᠤᠷᠪᠠᠨ ᠨᠠᠰᠣᠨ ᠰᠡᠭᠦᠳᠡᠷ ᠢ ᠵᠣᠭᠤᠭᠯᠠᠵᠣᠬᠤᠢ᠃⑼ ᠶᠡᠭᠡ ᠡᠷᠳᠡᠮᠳᠣ ᠬᠡᠮᠡᠬᠦᠢ ᠶᠢᠨ | ᠠᠷᠪᠠᠨ ᠨᠢᠭᠡᠳᠦᠭᠡᠷ ᠣᠨ ᠤ ᠶᠢᠰᠣᠨ ᠰᠠᠷ᠎ᠠ ᠶᠢᠨ ᠠᠷᠪᠠᠨ ᠨᠢᠭᠡᠨ ᠤ ᠡᠳᠦᠷ ︵ᠠᠷᠭ᠎ᠠ ᠶᠢᠨ ᠲᠣᠭᠠᠯᠠᠯ ᠤᠨ 1307 | ᠣᠨ ᠤ 10 ᠰᠠᠷ᠎ᠠ ᠶᠢᠨ 7 ᠤ ᠡᠳᠦᠷ︶ ᠶᠣᠸᠠᠨ ᠣᠯᠣᠰ ᠤᠨ ᠴᠣᠭᠳᠣ ᠲᠡᠭᠡᠳᠦᠰ ᠬᠠᠶᠢᠰᠠᠩ ᠬᠠᠭᠠᠨ ᠠᠴᠠ | ᠲᠡᠮᠦᠷ ᠬᠠᠭᠠᠨ ᠤ ᠨᠡᠬᠡᠨ ᠡᠷᠭᠦᠮᠵᠢᠯᠡᠭᠰᠡᠨ ᠴᠣᠯᠠ ᠶᠢ ᠠᠨᠦ ᠪᠢᠰᠢᠷᠡᠯᠳᠣ ᠬᠡᠬᠡᠨ ᠠᠭᠤᠳᠠᠮ ᠲᠠᠬᠢᠮᠳᠠᠭᠤ ︵钦明广 | 孝皇帝︶ ᠬᠠᠭᠠᠨ ᠬᠡᠮᠡᠵᠦ ᠰᠦᠮ᠎ᠡ ᠶᠢᠨ ᠴᠣᠯᠠ ᠶᠢ ᠠᠨᠦ ᠪᠦᠳᠦᠭᠡᠭᠴᠢ ᠲᠡᠭᠡᠳᠦᠰ ᠬᠡᠮᠡᠨ ᠬᠦᠷᠦᠭᠯᠡᠭᠡᠳ | ᠮᠣᠩᠭᠤᠯ ᠤᠨ ᠬᠡᠯᠡ ᠪᠠᠷ ᠦᠯᠵᠡᠶᠢᠲᠦ ᠬᠠᠭᠠᠨ ᠬᠡᠮᠡᠨ ᠰᠦᠭᠯᠡᠵᠦᠬᠦᠢ⑽᠃ | ※ ᠠᠰᠢᠭᠯᠠᠭᠰᠠᠨ ᠰᠣᠷᠪᠣᠯᠵᠢ ᠪᠢᠴᠢᠭ | ⑴︽ᠺᠠᠮᠪᠣᠵᠠ ᠶᠢᠨ ᠲᠣᠮᠳᠠᠳᠣ ᠣᠯᠣᠰ ᠤᠨ ᠯᠠᠤᠬ᠎ᠠ ᠣᠯᠣᠰ᠂ ᠪᠠᠷᠠᠭᠤᠨ ᠲᠠᠩᠭᠤᠳ ᠣᠯᠣᠰ᠂ ᠠᠯᠳᠠᠨ | ᠣᠯᠣᠰ᠂ ᠶᠣᠸᠠᠨ ᠣᠯᠣᠰ ᠤᠨ ᠲᠡᠣᠬᠡ︾ ︵566 —— 580 ᠳ᠋ᠠᠭᠠᠷ ᠨᠢᠭᠤᠷ︶᠂ ᠬᠢᠳᠠᠳ ᠬᠡᠪᠯᠡᠯ | | ⑵ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠪᠦᠳᠦᠭᠡᠭᠴᠢ ᠲᠡᠭᠡᠳᠦᠰ ᠤᠨ ᠴᠠᠳᠢᠭ︾ | | ⑶︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | ⑷︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | ⑸ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠪᠦᠳᠦᠭᠡᠭᠴᠢ ᠲᠡᠭᠡᠳᠦᠰ ᠤᠨ ᠴᠠᠳᠢᠭ︾ | | ⑹︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | ⑺︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | ⑻︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | ⑼︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | ⑽︽ᠶᠣᠸᠠᠨ ᠣᠯᠣᠰ ᠤᠨ ᠰᠣᠳᠣᠷ᠂ ᠪᠦᠳᠦᠭᠡᠭᠴᠢ ᠲᠡᠭᠡᠳᠦᠰ ᠤᠨ ᠴᠠᠳᠢᠭ︾ | | | | | |