ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠬᠤᠶᠠᠷ︶
ᠨᠡᠶᠢᠲᠡᠯᠡᠭᠰᠡᠨ ᠴᠠᠭ᠄
2019/11/25
                             ᠲᠠᠶᠢᠯᠪᠣᠷᠢ᠄                         ① ᠢᠩᠴᠠᠩ ᠬᠤᠷᠤᠭ᠎ᠠ —— ᠶᠣᠸᠠᠨ ᠣᠯᠣᠰ ᠤᠨ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ ᠶᠢᠨ ᠲᠣᠯᠣᠳᠣᠭᠠᠷ ᠣᠨ ︵1270 ᠤᠨ︶ ᠳᠤᠷ ᠬᠤᠩᠭᠢᠷᠠᠳ ᠠᠶᠢᠮᠠᠭ ᠤᠨ ᠠᠯᠴᠦ ︵按陈︶ ᠨᠣᠶᠠᠨ ᠤ ᠣᠮᠪᠣᠯ᠂ ᠲᠦᠮᠡᠳᠦ ᠶᠢᠨ ᠨᠣᠶᠠᠨ ᠣᠷᠣᠴᠠᠨ ︵斡罗陈︶ ᠬᠢᠭᠡᠳ ᠨᠠᠩᠭᠠᠴᠢᠨ ᠪᠠᠬᠢ〖ᠭᠦᠩᠵᠦ ᠂囊 加真公主 ︵ᠬᠤᠪᠢᠯᠠᠢ ᠰᠡᠴᠡᠨ ᠬᠠᠭᠠᠨ ᠤ ᠭᠤᠷᠪᠠᠳᠣᠭᠠᠷ ᠦᠬᠢᠨ︶〗 ᠪᠠᠷ ᠲᠦᠷᠦ ᠳᠤᠷ ᠠᠶᠢᠯᠠᠳᠬᠠᠯ ᠲᠡᠪᠰᠢᠬᠦᠯᠵᠦ᠂ ᠲᠣᠰ ᠬᠠᠷᠢᠶᠠᠳᠦ ᠶᠢᠨ ᠢᠶᠠᠨ ᠵᠣᠰᠠᠭᠠᠯ ᠤᠨ ᠭᠠᠵᠠᠷ ᠪᠣᠯᠬᠤ ᠲᠠᠯᠣᠨᠠᠭᠤᠷ ︵达里诺尔︶ ᠲᠤᠷ ᠬᠤᠳᠠ ᠬᠦᠷᠢᠶ᠎ᠡ ᠴᠣᠭᠴᠠᠯᠠᠰᠣᠭᠠᠢ ᠬᠡᠮᠡᠨ ᠭᠤᠶᠣᠴᠢᠯᠠᠪᠠᠢ⑴᠃ ᠬᠤᠪᠢᠯᠠᠢ ᠬᠠᠭᠠᠨ ᠤ ᠵᠦᠪᠰᠢᠶᠡᠷᠡᠯ  ᠢᠶᠠᠷ ᠲᠠᠷᠠᠭ᠎ᠠ ᠵᠢᠯ ᠳᠤᠨᠢ ᠠᠵᠢᠯ ᠡᠬᠢᠯᠡᠭᠦᠯᠵᠦᠬᠦᠢ᠃ ᠰᠣᠩᠭᠤᠭᠰᠠᠨ ᠭᠠᠵᠠᠷ ᠬᠡᠮᠡᠪᠡᠰᠦ᠄ ᠲᠡᠭᠡᠳᠦ ᠨᠡᠶᠢᠰᠯᠡᠯ ᠠᠴᠠ ᠵᠡᠬᠦᠨ ᠬᠤᠶᠢᠨᠠᠬᠢ ᠭᠤᠷᠪᠠᠨ ᠵᠠᠭᠤᠨ ᠭᠠᠵᠠᠷ ᠲᠠᠬᠢ ᠵᠡᠭᠦᠨ ᠪᠠᠷᠠᠭᠤᠨ ᠬᠤᠶᠠᠷ ᠨᠠᠭᠤᠷ ᠤᠨ ᠬᠤᠭᠤᠷᠣᠨᠳᠦ ︵ᠲᠠᠯᠤᠨᠠᠭᠤᠷ ᠬᠢᠭᠡᠳ ᠲᠦᠷᠦᠬᠡᠨᠠᠭᠤᠷ︶᠂ ᠮᠠᠯᠵᠢᠯ ᠤᠨ ᠨᠣᠳᠤᠭ ᠪᠣᠯᠬᠤ ᠴᠡᠭᠡᠯ ᠤᠨ ᠦᠨᠳᠦᠷ ᠠᠭᠤᠯᠠ ︵ᠲᠢᠶᠠᠨ ᠳ᠋ᠦ᠋ ᠱᠠᠨ天都山︶ ᠶᠢᠨ ᠵᠡᠬᠦᠨ ᠬᠤᠶᠢᠨ᠎ᠠ᠂ ᠴᠡᠭᠡᠯ ᠤᠨ ᠦᠨᠳᠦᠷ ᠠᠭᠤᠯᠠ ᠯᠤᠭ᠎ᠠ ᠡᠰᠡᠷᠭᠦᠯᠠᠨ ᠵᠡᠬᠦᠨ ᠡᠮᠦᠨᠡᠰᠢ ᠴᠢᠭᠯᠡᠭᠰᠡᠨ ᠦᠯᠢ ᠶᠢᠨ ᠲᠠᠪᠠᠭ᠎ᠠ ᠠᠭᠤᠯᠠ ︵金山︶ ᠶᠢᠨ ᠪᠠᠷᠠᠭᠤᠨ ᠡᠮᠦᠨᠡᠬᠢ ᠦᠩ ᠰᠢᠮᠡᠯᠢᠭ ᠬᠦᠳᠡᠭᠡ ᠬᠡᠬᠡᠷ᠎ᠡ ᠶᠢᠨ ᠲᠡᠨᠢᠭᠦᠨ ᠰᠡᠷᠢᠬᠦᠨ ᠭᠠᠵᠠᠷ ᠲᠤᠷ ᠬᠠᠶᠢᠰᠠᠩ ᠬᠡᠷᠡᠮ᠂ ᠣᠷᠳᠣᠨ ᠦᠷᠦᠬᠡ᠂ ᠬᠤᠷᠤᠭ᠎ᠠ ᠵᠠᠬᠢᠷᠭ᠎ᠠ᠂ ᠰᠦᠮ᠎ᠡ ᠬᠡᠶᠢᠳ ᠲᠡᠷᠢᠭᠦᠳᠡᠨ ᠢ ᠪᠦᠳᠦᠭᠡᠭᠰᠡᠨ᠎ᠡ ᠲᠦᠷᠦ ᠠᠴᠠ ᠢᠩᠴᠠᠩ ︵ᠬᠠᠷᠢᠭᠤᠯᠣᠯ ᠢᠶᠠᠷ ᠮᠠᠨᠳᠣᠬᠤ︶ ᠬᠤᠷᠤᠭ᠎ᠠ ᠬᠡᠮᠡᠬᠦ ᠨᠡᠷ᠎ᠡ ᠰᠣᠶᠣᠷᠬᠠᠵᠦ ᠢᠩᠴᠠᠩ ᠰᠢᠯᠳᠣᠭᠡᠨ ︵ᠰᠢᠶᠠᠨ县︶ ᠢ ᠵᠠᠬᠢᠷᠠᠭᠤᠯᠪᠠᠢ᠃⑵ ᠡᠶᠢᠮᠦ ᠶᠢᠨ ᠲᠣᠯᠠ ᠢᠩᠴᠠᠩ ᠢ ᠪᠦᠷᠢᠨ ᠭᠦᠢᠴᠡᠳ ᠮᠡᠳᠡᠰᠦᠭᠡᠢ ᠬᠡᠮᠡᠪᠡᠰᠦ ᠢᠩᠴᠠᠩ ᠰᠢᠳᠦᠯᠬᠡᠨ ︵ᠰᠢᠶᠠᠨ县︶ ᠪᠠ ᠢᠩᠴᠠᠩ ᠴᠦᠯᠬᠡ ︵ᠯᠤ᠋路︶ ᠬᠡᠮᠡᠬᠦ ᠬᠤᠶᠠᠷ ᠤᠬᠠᠭᠳᠠᠬᠤᠨ ᠢᠶᠠᠷ ᠲᠠᠶᠢᠯᠪᠣᠷᠢᠯᠠᠬᠤ ᠴᠢᠬᠤᠯᠠᠳᠠᠢ ᠲᠣᠯᠠ ᠲᠣᠣᠷ᠎ᠠ ᠲᠣᠰ ᠲᠣᠰ ᠲᠠᠶᠢᠯᠪᠣᠷᠢᠯᠠᠰᠣᠭᠠᠢ᠃           ᠢᠩᠴᠠᠩ ᠬᠡᠮᠡᠭᠴᠢ᠄                         ※ ᠰᠢᠯᠳᠣᠭᠡᠨ ︵ᠰᠢᠶᠠᠨ县︶ ᠤ ᠨᠡᠷ᠎ᠠ᠃ ᠶᠣᠸᠠᠨ ᠣᠯᠣᠰ ᠤᠨ ᠣᠷᠣᠨ ᠨᠣᠳᠤᠭ ᠲᠠᠬᠢ ᠵᠠᠰᠠᠭ ᠵᠠᠬᠢᠷᠭᠠᠨ ᠤ ᠪᠠᠶᠢᠭᠤᠯᠣᠮᠵᠢ᠃ ᠶᠣᠸᠠᠨ ᠣᠯᠣᠰ ᠤᠨ ᠣᠨᠣᠯᠳᠣ ᠲᠡᠷᠢᠭᠦᠨ ︵ᡁᠢ ᠶᠣᠸᠠᠨ至元︶ ᠬᠡᠮᠡᠬᠦᠢ ᠶᠢᠨ ᠨᠠᠢᠮᠠᠳᠤᠭᠠᠷ ᠣᠨ ︵1271︶ ᠳᠤᠷ ᠬᠢᠴᠢᠨ ︵ᠰᠢᠴᠢᠩ 析庆︶ ᠬᠢᠭᠡᠨ ᠯᠦᠵᠸᠦ ︵卢州︶ ᠬᠡᠮᠡᠬᠦ ᠭᠠᠵᠠᠷ ᠲᠤᠷ ᠢᠩᠴᠠᠩ ᠰᠢᠯᠳᠣᠭᠡᠨ ︵应昌县︶ ᠢ ᠪᠠᠶᠢᠭᠤᠯᠵᠣ᠂ ᠢᠩᠴᠠᠩ ᠬᠤᠷᠤᠭ᠎ᠠ ︵应昌府︶ ᠳᠤᠷ ᠬᠠᠷᠢᠶᠠᠯᠠᠭᠤᠯᠪᠠᠢ⑶᠃ ᠢᠩᠴᠠᠩ ᠰᠢᠳᠣᠯᠭᠡᠨ ᠤ ᠵᠠᠬᠢᠷᠭ᠎ᠠ ᠶᠢᠨ ᠬᠠᠭᠤᠴᠢᠨ ᠪᠠᠭᠤᠷᠢ ᠠᠨᠦ ᠡᠳᠦᠭᠡᠬᠢ ᠦᠪᠦᠷ ᠮᠤᠩᠭᠤᠯ ᠤᠨ ᠰᠢᠯᠢ ᠶᠢᠨ ᠬᠤᠳᠠ ᠶᠢᠨ ᠵᠡᠭᠦᠨ ᠡᠮᠦᠨ᠎ᠡ ᠪᠠᠶᠢᠭ᠎ᠠ ᠪᠠᠶᠠᠨᠰᠢᠯᠢ ᠠᠴᠠ ᠪᠠᠷᠠᠭᠤᠨ ᠡᠮᠦᠨᠡᠬᠢ ᠬᠠᠭᠤᠴᠢᠨ ᠬᠤᠳᠠ ᠮᠦᠨ ᠪᠦᠯᠦᠭᠡ ᠬᠡᠮᠡᠨ ︽ᠶᠣᠸᠠᠨ ᠣᠯᠣᠰ ᠤᠨ ᠰᠣᠳᠣᠷ ᠤᠨ ᠲᠣᠯᠢ ︵元史辞典︶︾ ᠬᠡᠮᠡᠬᠦ ᠨᠣᠮ ᠳᠤᠷ ᠪᠢᠴᠢᠵᠦ ᠠᠮᠣᠢ᠂ ᠡᠭᠦᠨ ᠢᠶᠠᠷ ᠪᠠᠷᠢᠮᠳᠠ ᠪᠣᠯᠭᠠᠨ ᠬᠠᠶᠢᠨ ᠮᠠᠭᠠᠳᠯᠠᠪᠠᠰᠣ ᠡᠨᠡ ᠵᠠᠬᠢᠷᠭ᠎ᠠ ᠶᠢᠨ ᠪᠠᠭᠤᠷᠢ ᠠᠨᠦ ᠦᠨᠦᠳᠦᠷ ᠤᠨ ᠲᠠᠯᠠᠶᠢᠨᠠᠭᠤᠷ ᠰᠣᠮᠣ ᠶᠢᠨ ᠪᠠᠷᠠᠭᠤᠨ ᠬᠤᠶᠢᠨ᠎ᠠ᠂ ᠲᠠᠯᠠᠶᠢᠨᠠᠭᠤᠷ ᠵᠢᠭᠠᠰᠣᠨ ᠲᠠᠯᠠᠪᠠᠢ  ᠶᠢᠨ ᠵᠡᠬᠦᠨ ᠬᠤᠶᠢᠨᠠᠬᠢ ᠭᠠᠭᠴᠠ ᠮᠣᠳᠣ ᠶᠢᠨ ᠠᠷᠦ ᠳᠤᠷ ᠪᠦᠬᠦᠢ ᠬᠠᠭᠤᠴᠢᠨ ᠬᠤᠳᠠ ᠶᠢᠨ ᠪᠠᠭᠤᠷᠢ ᠪᠠᠶᠢᠵᠦ ᠮᠡᠳᠡᠮᠣᠢ᠃ ᠬᠡᠳᠡᠯ᠎ᠡ ᠯᠢᠦ ᠵᠾᠢ ᠢ ︵刘志一︶ ᠠᠪᠣᠭᠠᠢ ᠶᠢᠨ ᠪᠢᠴᠢᠭᠰᠡᠨ ︽ᠢᠩᠴᠠᠩ ᠤᠨ ᠮᠦᠷᠳᠡᠯ ︵寻踪应昌︶︾ ᠬᠡᠮᠡᠬᠦ ᠨᠣᠮ ᠳᠤᠷ᠄ ︽ᠬᠡᠰᠢᠭᠳᠡᠨ ᠬᠤᠰᠢᠭᠤᠨ ᠤ ᠲᠠᠯᠠᠶᠢᠨᠠᠭᠤᠷ ᠠᠴᠠ ᠵᠡᠬᠦᠨ ᠡᠮᠦᠨ᠎ᠡ ᠲᠦᠷᠪᠡᠨ ᠺᠢᠯᠤᠮᠧᠲᠷ ᠲᠷ ᠪᠦᠬᠦᠢ ᠲᠠᠭ᠎ᠠ ᠶᠢᠨ ᠨᠠᠭᠤᠷ ᠤᠨ ᠠᠷᠦ  ᠬᠦᠪᠡᠭᠡᠨ ᠳᠤᠷ ᠪᠠᠶᠢᠪᠠ︾ ᠬᠡᠮᠡᠨ ᠲᠡᠮᠳᠡᠭᠯᠡᠵᠦ ᠠᠮᠣᠢ᠂ ᠡᠭᠦᠨ ᠢᠶᠠᠷ ᠵᠦᠢᠴᠢᠯᠡᠪᠡᠰᠦ ᠡᠨᠡ ᠵᠠᠬᠢᠷᠭ᠎ᠠ ᠶᠢᠨ ᠪᠠᠭᠤᠷᠢ ᠠᠨᠦ ᠡᠳᠦᠭᠡ ᠶᠢᠨ ᠲᠠᠷᠬᠠᠨ ᠠᠭᠤᠯᠠ ᠶᠢᠨ ᠵᠡᠬᠦᠨ ᠪᠡᠯ ︵ᠬᠦᠨᠳᠡᠢ ᠪᠠᠷ ᠣᠩᠰᠢᠮᠣᠢ︶ ᠳᠤᠷ ᠠᠭᠰᠠᠨ ᠠᠵᠣᠭᠤ᠃ ᠮᠠᠨᠵᠣ ᠴᠢᠩ ᠣᠯᠣᠰ ᠤᠨ ᠦᠶ᠎ᠡ ᠳᠠᠬᠢ ᠰᠣᠷᠪᠣᠯᠵᠢ ᠪᠢᠴᠢᠭ ᠢ ᠪᠠᠶᠢᠴᠠᠭᠠᠬᠤᠯ᠎ᠠ ︽ᠬᠤᠷᠤᠭ᠎ᠠ︾ ᠬᠡᠮᠡᠭᠴᠢ ᠣᠭ ᠲᠠᠭᠠᠨ ᠣᠷᠣᠨ ᠨᠣᠳᠤᠭ ᠤᠨ ᠵᠠᠰᠠᠭ ᠵᠠᠬᠢᠷᠭᠠᠨ ᠤ ᠵᠠᠬᠢᠷᠭ᠎ᠠ ᠣᠷᠳᠣᠨ ᠢ ᠵᠢᠭᠠᠭᠰᠠᠨ ᠬᠢᠳᠠᠳ ᠬᠡᠯᠡᠨ ᠤ ︽ᠹᠦ᠋府︾ ᠬᠡᠮᠡᠬᠦ ᠦᠭᠡ ᠯᠦᠭᠡ ᠣᠳᠬ᠎ᠠ ᠢᠵᠢᠯ ᠮᠣᠩᠭᠤᠯ ᠦᠭᠡ ᠪᠣᠯᠬᠤ ᠶᠣᠮ᠂ ᠣᠳᠣ ᠪᠣᠯᠬᠤ ᠳᠤ ᠡᠨᠡ ᠦᠭᠡ ᠶᠢᠨ ᠣᠳᠬ᠎ᠠ ᠬᠤᠪᠢᠷᠠᠭᠠᠳ ᠮᠠᠯ ᠰᠦᠷᠦᠭ  ᠤᠨ ᠬᠠᠰᠢᠶ᠎ᠠ ᠰᠠᠷᠢᠪᠴᠢ ᠶᠢ ᠨᠡᠷᠡᠯᠡᠭᠰᠡᠨ ᠦᠭᠡ ᠪᠣᠯᠣᠭᠰᠠᠨ ᠰᠢᠯᠳᠠᠭᠠᠨ ᠢ ᠨᠠᠷᠢᠪᠴᠢᠯᠠᠬᠤᠯ᠎ᠠ ᠮᠠᠨᠵᠣ ᠴᠢᠩ ᠣᠯᠣᠰ  ᠤᠨ ᠮᠣᠩᠭᠤᠯ ᠳᠤᠷ ᠠᠪᠣᠭᠰᠠᠨ ᠬᠠᠷᠬᠢᠰᠯᠠᠯ ᠪᠠ ᠡᠨᠡ ᠣᠯᠣᠰ ᠤᠨ ᠮᠦᠬᠦᠭᠰᠡᠨ ᠠᠴᠠ ᠪᠣᠯᠣᠭᠰᠠᠨ ᠦᠢᠯᠡ ᠶᠢᠨ ᠦᠷ᠎ᠡ ᠶᠢᠨ ᠬᠢᠨᠢ ᠪᠣᠯᠪᠠᠰᠣᠷᠠᠯ ᠪᠣᠶᠣ᠃ ᠢᠩᠴᠠᠩ ᠰᠢᠯᠳᠣᠭᠡᠨ ᠢ ᠣᠨᠣᠯᠳᠣ ᠲᠡᠷᠢᠭᠦᠨ ︵ᠵᠾᠢ ᠶᠣᠸᠠᠨ至元︶ ᠬᠡᠮᠡᠬᠦᠢ ᠶᠢᠨ ᠬᠤᠷᠢᠨ ᠬᠤᠶᠠᠳᠣᠭᠠᠷ ᠣᠨ ︵1285︶ ᠳᠤᠷ ᠢᠩᠴᠠᠩ ᠴᠦᠯᠭᠡ ︵应昌路︶ ᠳᠤᠷ ᠬᠠᠷᠢᠶᠠᠯᠠᠭᠤᠯᠪᠠᠢ᠃                         ※ ᠴᠦᠯᠭᠡ ᠶᠢᠨ ᠨᠡᠷ᠎ᠡ᠃ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ ᠶᠢᠨ ᠨᠠᠢᠮᠠᠳᠤᠭᠠᠷ ᠣᠨ ︵1271︶ ᠳᠤᠷ ᠢᠩᠴᠠᠩ ᠬᠤᠷᠤᠭ᠎ᠠ ︵ᠢᠩᠴᠠᠩ ᠹᠦ᠋应昌府︶ ᠶᠢ ᠪᠠᠶᠢᠭᠤᠯᠵᠣ᠂ ᠡᠷᠬᠢᠨ ᠰᠠᠶᠢᠳ ᠤᠨ ᠮᠣᠵᠢ ︵尚书省︶ ᠳᠤᠷ ᠬᠠᠷᠢᠶᠠᠯᠠᠭᠤᠯᠣᠭᠠᠳ ᠢᠩᠴᠠᠩ ᠰᠢᠯᠳᠣᠭᠡᠨ ᠢ ᠵᠠᠬᠢᠷᠠᠭᠤᠯᠪᠠᠢ᠃ ᠶᠢᠰᠦᠳᠦᠭᠡᠷ ᠣᠨ ︵1272︶ ᠳᠤᠷ ᠲᠦᠪ ᠪᠢᠴᠢᠭ ᠤᠨ ᠮᠣᠵᠢ ︵ᠵᠦᠩ ᠱᠣ᠋ ᠱᠧᠩ中书省︶ ᠳᠤᠷ ᠬᠠᠷᠢᠶᠠᠯᠠᠭᠤᠯᠪᠠᠢ᠃ ᠠᠷᠪᠠᠨ ᠭᠤᠷᠪᠠᠳᠣᠭᠠᠷ ᠣᠨ ︵1276︶ ᠳᠤᠷ ᠦᠭᠡᠷᠡᠴᠢᠯᠡᠵᠦ ᠯᠠᠤᠬ᠎ᠠ ᠶᠢᠨ ᠪᠠᠷᠠᠭᠤᠨ ᠮᠣᠵᠢ ︵ᠯᠢᠶᠣᠦ ᠰᠢ ᠱᠧᠩ辽西省︶ ᠳᠤᠷ ᠬᠠᠷᠢᠶᠠᠯᠠᠭᠤᠯᠪᠠᠢ᠃ ᠠᠷᠪᠠᠨ ᠲᠠᠪᠣᠳᠣᠭᠠᠷ ᠣᠨ ︵1278︶  ᠳᠤᠷ ᠦᠭᠡᠷᠡᠴᠢᠯᠡᠵᠦ ᠯᠠᠤᠬ᠎ᠠ ᠶᠢᠨ ᠪᠠᠷᠠᠭᠤᠨ ᠳ᠋ᠤᠤᠯᠢ ︵ᠯᠢᠶᠣᠣ ᠰᠢ ᠳ᠋ᠣᠣ辽西道︶ ᠳᠤᠷ ᠬᠠᠷᠢᠶᠠᠯᠠᠭᠤᠯᠪᠠᠢ ᠃ ᠬᠤᠷᠢᠨ ᠬᠤᠶᠠᠳᠣᠭᠠᠷ ᠣᠨ ︵1285︶ ᠳᠤᠷ ᠢᠩᠴᠠᠩ ᠢ ᠴᠦᠯᠭᠡ ︵ᠯᠤ᠋路︶ ᠪᠣᠯᠭᠠᠨ ᠲᠡᠪᠰᠢᠭᠦᠯᠦᠭᠰᠡᠨ  ᠠᠴᠠ ᠶᠡᠷᠦᠩᠬᠡᠢ ᠵᠠᠬᠢᠷᠭ᠎ᠠ ᠶᠢᠨ ᠬᠤᠷᠤᠭ᠎ᠠ ︵ᠽᠦᠩ ᠭᠤᠸᠠᠨ ᠹᠦ᠋总管府︶ ᠶᠢ ᠪᠠᠶᠢᠭᠤᠯᠪᠠᠢ᠃ ᠬᠤᠷᠢᠨ ᠭᠤᠷᠪᠠᠳᠣᠭᠠᠷ ᠣᠨ ︵1286︶ ᠳᠤᠷ ᠦᠭᠡᠷᠴᠢᠯᠡᠵᠦ ᠯᠠᠤᠬ᠎ᠠ ᠶᠢᠨ ᠠᠷᠣ ᠶᠢᠨ ᠬᠤᠪᠢᠶᠠᠷᠢ ᠮᠣᠵᠢ〖 ︵ᠯᠢᠶᠣᠣᠶᠠᠩ ᠰᠢᠩ ᠱᠧᠩ辽阳行 省︶᠂ ᠵᠠᠬᠢᠷᠭ᠎ᠠ ᠠᠨᠦ ᠪᠡᠭᠡᠵᠢᠩ ᠴᠦᠯᠬᠡ北京路᠂ ᠣᠳᠣᠬᠢ ᠦᠪᠦᠷ ᠮᠣᠩᠭᠤᠯ ᠤᠨ ᠣᠯᠠᠭᠠᠨᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠤ ᠲᠦᠪ ᠯᠢᠨᠳᠦ᠋ᠩ ᠪᠠᠯᠭᠠᠰᠤ〗 ᠳᠤᠷ ᠬᠠᠷᠢᠶᠠᠯᠠᠭᠤᠯᠵᠣ ᠪᠠᠶᠢᠰᠠᠨ ᠠᠴᠠ ᠨᠢ ᠮᠦᠨ ᠬᠦ᠋ ᠯᠠᠤᠬ᠎ᠠ ᠶᠢᠨ ᠪᠠᠷᠠᠭᠤᠨ ᠳ᠋ᠤᠤᠯᠢ〖 ᠵᠢᠬᠢᠷᠭ᠎ᠠ ᠠᠨᠦ ᠬᠤᠩᠬᠤᠷ ᠬᠤᠷᠤᠭ᠎ᠠ黄龙府᠂ ᠣᠳᠣᠬᠢ ᠭᠢᠷᠢᠨ ᠮᠣᠵᠢ ᠶᠢᠨ ᠨᠦᠩ ᠠᠨ ᠰᠢᠶᠠᠨ吉林农安县 〗 ᠳᠤᠷ ᠬᠠᠷᠢᠶᠠᠯᠠᠭᠤᠯᠪᠠᠢ᠃ ᠬᠤᠷᠢᠨ ᠲᠦᠷᠪᠡᠳᠦᠭᠡᠷ ᠣᠨ ︵1287︶ ᠳᠤᠷ ᠡᠷᠭᠢᠭᠡᠳ ᠮᠦᠨ ᠯᠠᠤᠬ᠎ᠠ ᠶᠢᠨ ᠠᠷᠦ ᠶᠢᠨ ᠬᠤᠪᠢᠶᠠᠷᠢ ᠮᠣᠵᠢ ᠳᠤᠷ ᠬᠠᠷᠢᠶᠠᠯᠠᠭᠤᠯᠪᠠᠢ᠃ ᠬᠤᠷᠢ ᠶᠢᠰᠦᠳᠦᠭᠡᠷ ᠣᠨ ︵1292︶ ᠳᠤᠷ ᠲᠠᠬᠢᠨᠳᠠ ᠦᠭᠡᠷᠡᠴᠢᠯᠡᠵᠦ ᠲᠦᠪ ᠪᠢᠴᠢᠭ ᠤᠨ ᠮᠣᠵᠢ ᠳᠤᠷ ᠬᠠᠷᠢᠶᠠᠯᠠᠭᠤᠯᠪᠠᠢ᠃ ᠢᠩᠴᠠᠩ ᠴᠦᠯᠭᠡ ᠶᠢᠨ ᠵᠠᠬᠢᠷᠭ᠎ᠠ ᠣᠷᠳᠣᠨ ᠠᠨᠦ ᠣᠳᠣᠬᠢ ᠦᠪᠦᠷ ᠮᠣᠩᠭᠤᠯ ᠤᠨ ᠣᠯᠣᠭᠠᠨᠬᠠᠳᠠ ᠬᠤᠳᠠ ᠶᠢᠨ ᠬᠡᠰᠢᠭᠳᠡᠨ ᠬᠤᠰᠢᠭᠤᠨ ᠤ ᠲᠦᠪ —— ᠪᠢᠷᠠᠭᠤ ᠪᠠᠯᠭᠠᠰᠣᠨ ᠠᠴᠠ ᠪᠠᠷᠠᠭᠤᠨ ᠬᠤᠶᠢᠨ᠎ᠠ ᠶᠢᠷᠡᠨ ᠺᠢᠯᠣᠮᠧᠲᠷ ᠲᠤᠷ ᠪᠠᠶᠢᠭ᠎ᠠ ᠲᠠᠯᠠᠶᠢᠨᠠᠭᠤᠷ ᠤᠨ ᠪᠠᠷᠠᠭᠤᠨ ᠬᠦᠪᠡᠭᠡᠨ ᠳᠠᠬᠢ ᠪᠠᠶᠠᠨᠮᠡᠨᠳᠦ ᠭᠠᠴᠠᠭᠠᠨ ᠳᠤᠷ ᠠᠮᠣᠢ᠃                       ※ ᠴᠦᠯᠬᠡ ︵ᠯᠣ᠋路︶ ᠬᠡᠮᠡᠭᠴᠢ ᠶᠣᠸᠠᠨ ᠣᠯᠣᠰ ᠤᠨ ᠦᠶ᠎ᠡ ᠳᠠᠬᠢ ᠵᠠᠰᠠᠭ ᠵᠠᠬᠢᠷᠭᠠᠨ ᠤ ᠬᠤᠪᠢᠶᠠᠷᠯᠠᠯ  ᠤᠨ ᠨᠡᠷ᠎ᠡ ᠪᠣᠶᠣ᠃ ᠲᠡᠷᠡ ᠨᠢ ᠶᠣᠸᠠᠨ ᠣᠯᠣᠰ ᠤᠨ ᠦᠶ᠎ᠡ ᠳᠤᠷ ᠨᠢᠭᠡ ᠱᠠᠳᠣᠨ ᠤ ᠣᠷᠣᠨ ᠨᠣᠳᠤᠭ ᠤᠨ ᠵᠠᠰᠠᠭ ᠪᠠᠶᠢᠭᠤᠯᠣᠮᠵᠢ ᠠᠭᠰᠠᠨ ᠪᠦᠯᠦᠭᠡ᠃ ᠶᠣᠸᠠᠨ ᠣᠯᠣᠰ ᠤᠨ ᠣᠨᠣᠯᠳᠣ ᠲᠡᠷᠢᠭᠦᠨ ︵ᠵᠾᠢ ᠶᠤᠸᠠᠨ至元︶ ᠬᠡᠮᠡᠬᠦᠢ ᠶᠢᠨ ᠠᠩᠬᠠᠨ ᠤ ᠣᠨ ᠨᠤᠭᠤᠳ ᠲᠤᠷ ᠡᠬᠢᠯᠡᠨ ᠪᠠᠶᠢᠭᠤᠯᠪᠠᠢ᠃ ᠶᠣᠸᠠᠨ ᠣᠯᠣᠰ ᠤᠨ ᠦᠶ᠎ᠡ ᠳᠤᠷ ᠲᠦᠪ ᠪᠢᠴᠢᠭ ᠤᠨ ᠮᠣᠵᠢ〖 ᠵᠦᠩ ᠱᠣ᠋ ᠱᠧᠩ中书省 ︵ᠣᠳᠣ ᠶᠢᠨ ᠣᠯᠣᠰ ᠤᠨ ᠶᠠᠪᠣᠳᠠᠯ ᠤᠨ ᠬᠤᠷᠢᠶ᠎ᠠ︶〗ᠬᠢᠭᠡᠳ ᠬᠤᠪᠢᠶᠠᠷᠢ ᠲᠦᠪ ᠪᠢᠴᠢᠭ ᠤᠨ ᠮᠣᠵᠢ〖ᠰᠢᠩ ᠵᠦᠩ ᠱᠣ᠋ ᠱᠧᠩ行中书省 ︵ᠣᠳᠣ ᠶᠢᠨ ᠮᠣᠵᠢ᠂ ᠬᠤᠳᠠ᠂ ᠦᠪᠡᠷᠳᠡᠬᠡᠨ ᠵᠠᠰᠠᠬᠤ ᠣᠷᠣᠨ︶〗 ᠶᠢᠨ ᠲᠣᠣᠷ᠎ᠠ ᠴᠦᠯᠬᠡ ︵ᠯᠣ᠋路︶ ᠪᠠᠶᠢᠭᠤᠯᠵᠣ᠂ ᠡᠨᠡᠬᠦ ᠴᠦᠯᠬᠡ ᠪᠠᠷ ᠢᠶᠠᠨ ᠪᠠᠯᠭᠠᠳ ︵ᠵᠸᠦ 州︶᠂ ᠰᠢᠯᠳᠣᠭᠡᠨ ︵ᠰᠢᠶᠠᠨ县︶ ᠬᠢᠭᠡᠳ ᠬᠤᠷᠤᠭ᠎ᠠ ︵ᠹᠦ᠋府︶  ᠶᠢ ᠣᠳᠣᠷᠢᠳᠣᠭᠤᠯᠳᠠᠭ ᠠᠪᠠᠢ᠃ ᠲᠣᠭᠤᠨᠳᠡᠮᠣᠷ ᠬᠠᠭᠠᠨ ᠤ ᠣᠨᠣᠯᠳᠣ ᠡᠶᠡᠪᠡᠷᠬᠦ〖 ᠵᠾᠢ ᠱᠦᠨ至顺 1330  —— 1332〗ᠬᠡᠮᠡᠬᠦᠢ ᠶᠢᠨ ᠣᠨ ᠨᠤᠭᠤᠳ ᠲᠤᠷ ᠪᠦᠬᠦ ᠣᠯᠣᠰ ᠲᠤᠷ ᠨᠢᠬᠡ ᠵᠠᠭᠤ ᠨᠠᠶᠠᠨ ᠲᠠᠪᠣᠨ ᠴᠦᠯᠬᠡ ᠪᠠᠶᠢᠯᠤᠭ᠎ᠠ᠃ ᠶᠡᠭᠡ ᠨᠡᠶᠢᠰᠯᠡᠯ ︵ᠣᠳᠣᠬᠢ ᠪᠡᠭᠡᠵᠢᠩ ᠬᠤᠳᠠ︶᠂ ᠳᠡᠭᠡᠳᠦ ᠨᠡᠶᠢᠰᠯᠡᠯ ︵ᠣᠳᠣᠬᠢ ᠦᠪᠦᠷ ᠮᠣᠩᠭᠤᠯ ᠤᠨ ᠰᠢᠯᠢ ᠶᠢᠨ ᠭᠤᠣᠯ ᠠᠶᠢᠮᠠᠭ ᠤᠨ ᠰᠢᠯᠣᠭᠤᠨ ᠬᠦᠬᠡ ᠬᠤᠰᠢᠭᠤ︶ ᠤᠨ ᠬᠤᠶᠠᠷ ᠴᠦᠯᠭᠡ ᠳᠤᠷ ᠪᠦᠭᠦᠳᠡ ᠶᠢᠨ ᠶᠡᠷᠦᠩᠬᠡᠢ ᠵᠠᠬᠢᠷᠭ᠎ᠠ ᠶᠢᠨ ᠬᠤᠷᠤᠭ᠎ᠠ ︵ᠳ᠋ᠦ᠋ ᠽᠦᠩ ᠭᠤᠸᠠᠨ ᠹᠦ᠋ 都总管府︶ ᠶᠢ ᠪᠠᠶᠢᠭᠤᠯᠵᠣ᠂ ᠦᠯᠡᠳᠡᠭᠰᠡᠨ ᠢ ᠢᠨᠦ ᠶᠡᠷᠦᠩᠬᠡᠢ ᠵᠠᠬᠢᠷᠭ᠎ᠠ ᠶᠢᠨ ᠬᠤᠷᠤᠭ᠎ᠠ ︵ᠽᠦᠩ ᠭᠤᠸᠠᠨ ᠹᠦ᠋总管府︶ ᠪᠣᠯᠭᠠᠪᠠᠢ᠃ ᠣᠨᠣᠯᠳᠣ ᠲᠡᠷᠢᠭᠦᠨ ᠬᠡᠮᠡᠬᠦᠢ ᠶᠢᠨ ᠬᠤᠷᠢᠳᠤᠭᠠᠷ ᠣᠨ ︵1283︶ ᠳᠤᠷ ᠠᠷᠪᠠᠨ ᠲᠦᠮᠡᠨ ᠡᠷᠦᠬᠡ  ᠠᠴᠠ ᠶᠡᠭᠡ ᠶᠢ ᠢᠨᠦ ᠲᠡᠭᠡᠳᠦ ᠴᠦᠯᠬᠡ ᠬᠡᠮᠡᠵᠦ᠂ ᠠᠷᠪᠠᠨ ᠲᠦᠮᠡᠨ ᠡᠷᠦᠬᠡ ᠠᠴᠠ ᠲᠣᠷᠣᠭᠰᠢᠬᠢ ᠶᠢ ᠢᠨᠦ ᠲᠣᠣᠷᠠᠳᠣ ᠴᠦᠯᠬᠡ ᠬᠡᠮᠡᠪᠡᠢ᠃ ᠭᠠᠵᠠᠷ ᠨᠣᠳᠤᠭ ᠨᠢ ᠬᠡᠷᠪᠡ ᠪᠠᠭᠤᠯᠵᠠᠭᠤᠷ ᠪᠣᠭᠤᠮᠳᠠ ᠪᠣᠯᠬᠤ ᠴᠢᠬᠤᠯᠠ ᠣᠷᠣᠨ ᠪᠣᠯᠬᠤᠯ᠎ᠠ ᠬᠡᠳᠦᠶᠢᠪᠡᠢ ᠠᠷᠪᠠᠨ ᠲᠦᠮᠡᠨ ᠡᠷᠦᠬᠡ ᠡᠰᠡ ᠬᠦᠷᠦᠭᠰᠡᠨ ᠴᠦ ᠮᠦᠨ ᠬᠦ ᠲᠡᠭᠡᠳᠦ ᠴᠦᠯᠬᠡ ᠬᠡᠮᠡᠨ ᠲᠣᠭᠳᠠᠭᠠᠵᠣᠬᠤᠢ᠃ ᠲᠡᠬᠡᠳᠣ ᠴᠦᠯᠬᠡ ᠪᠣᠯᠪᠠᠰᠣ ᠲᠡᠭᠦᠨ ᠤ ᠬᠡᠷᠬᠡᠮ ᠠᠨᠦ ᠴᠢᠭ ᠭᠤᠷᠪᠠᠳᠣᠭᠠᠷ ᠵᠡᠷᠭᠡᠳᠡᠨ ︵正三品︶ ᠪᠣᠶᠣ᠃ ᠲᠣᠣᠷᠠᠳᠣ ᠴᠦᠯᠬᠡ ᠪᠣᠯᠪᠠᠰᠣ ᠲᠡᠭᠦᠨ ᠤ ᠬᠡᠷᠬᠡᠮ ᠢᠨᠦ ᠳ᠋ᠠᠰ ᠭᠤᠷᠪᠠᠳᠣᠭᠠᠷ ᠵᠡᠷᠭᠡᠳᠡᠨ ︵从三品︶ ᠪᠣᠯᠬᠤ ᠠᠨᠦ ᠪᠦᠯᠦᠬᠡ᠃ ᠡᠶᠢᠮᠦ ᠶᠢᠨ ᠲᠣᠯᠠᠳᠠ ᠶᠣᠸᠠᠨ ᠣᠯᠣᠰ ᠤᠨ ᠦᠶ᠎ᠡ ᠶᠢᠨ ᠴᠦᠯᠬᠡ ᠬᠡᠮᠡᠭᠴᠢ ᠡᠳᠦᠭᠡ  ᠶᠢᠨ ᠮᠤᠵᠢ ᠬᠤᠳᠠ ᠯᠤᠭ᠎ᠠ ᠲᠡᠩᠴᠡᠬᠦ ᠣᠷᠣᠨ ᠨᠣᠳᠤᠭ ᠤᠨ ᠵᠠᠰᠠᠭ ᠵᠠᠬᠢᠷᠭ᠎ᠠ ᠪᠣᠯᠣᠮᠣᠢ᠂ ᠭᠡᠪᠡᠴᠦ ᠲᠡᠷᠡ ᠨᠢ ᠴᠡᠷᠢᠭ ᠵᠠᠰᠠᠭ ᠢ ᠬᠠᠮᠳᠣᠷᠠᠭᠤᠯᠣᠭᠰᠠᠨ ᠵᠠᠰᠠᠭ ᠪᠠᠶᠢᠭᠤᠯᠣᠮᠵᠢ ᠪᠣᠯᠬᠤ ᠶᠢᠨ ᠬᠤᠪᠢ ᠳᠤ ᠲᠦᠷᠦ ᠶᠢᠨ ᠡᠷᠬᠡ ᠶᠢᠨ ᠲᠠᠯ᠎ᠠ ᠪᠠᠷ ᠣᠳᠣ ᠶᠢᠨ ᠮᠤᠵᠢ ᠬᠤᠳᠠ ᠠᠴᠠ ᠬᠠᠷᠢᠴᠠᠯᠠᠰᠢᠬᠦᠢ ᠲᠠᠪᠠᠭᠤ ᠪᠠᠶᠢᠷᠢᠨ ᠳᠤᠷ ᠠᠭᠰᠠᠨ ᠠᠵᠣᠭᠤ᠃       ※ ᠬᠤᠷᠤᠭ᠎ᠠ ︵ᠹᠦ᠋府︶ ᠬᠡᠮᠡᠭᠴᠢ ᠠᠯᠪᠠᠨ ᠵᠠᠬᠢᠷᠭ᠎ᠠ ᠶᠢᠨ ᠨᠡᠷ᠎ᠡ ᠪᠣᠶᠣ᠃ ᠲᠠᠷᠣᠢ ᠶᠣᠸᠠᠨ ᠣᠯᠣᠰ  ᠤᠨ ᠦᠶ᠎ᠡ ᠳᠠᠬᠢ ᠣᠷᠣᠨ ᠨᠣᠳᠤᠭ ᠤᠨ ᠵᠠᠰᠠᠭ ᠵᠠᠬᠢᠷᠭᠠᠨ ᠤ ᠪᠠᠶᠢᠭᠤᠯᠣᠮᠵᠢ ᠪᠦᠯᠦᠬᠡ᠂ ᠬᠡᠷᠬᠡᠮ ᠠᠨᠦ ᠴᠢᠭ ᠲᠦᠷᠪᠡᠳᠦᠭᠡᠷ ᠵᠡᠷᠭᠡᠳᠡᠨ ︵正四 品︶᠃ ᠲᠠᠷᠣᠭᠠᠴᠢ ᠨᠢᠭᠡ ᠨᠡᠷ᠎ᠡ ︵达鲁花赤︶᠂ ᠬᠤᠷᠤᠭ᠎ᠠ  ᠶᠢᠨ ᠮᠡᠳᠡᠭᠴᠢ ︵知府︶ ᠪᠠ ᠬᠤᠷᠤᠭ᠎ᠠ ᠶᠢᠨ ᠲᠣᠰᠠᠯᠠᠭᠴᠢ ︵知尹︶ ᠲᠣᠰᠪᠣᠷᠢ ᠨᠢᠭᠡ ᠨᠡᠷ᠎ᠡ ᠠᠪᠠᠢ᠃ ᠬᠦᠬᠡᠮᠦᠷᠡᠨ ᠤ ᠡᠮᠦᠨᠡᠳᠦ ᠳᠤᠷ ᠪᠣᠯᠪᠠᠰᠦ ᠲᠠᠷᠢᠶᠠᠯᠠᠩ ᠬᠦᠷᠢ ︵ᠢᠳᠡᠬᠦ ᠡᠮᠦᠰᠬᠦ︶ ᠶᠢ ᠬᠠᠪᠰᠣᠷᠭᠠᠨ ᠡᠵᠡᠩᠨᠡᠵᠦ᠂ ᠬᠦᠬᠡᠮᠦᠷᠡᠨ ᠤ ᠣᠮᠠᠷᠠᠳᠣ ᠳᠤᠷ ᠪᠣᠯᠪᠠᠰᠣ ᠬᠤᠶᠠᠭ ᠴᠡᠷᠢᠭ ᠤᠨ ᠠᠭᠤᠷᠤᠭ ᠣᠷᠳᠣᠨ ᠢ ᠬᠠᠮᠵᠢᠨ ᠬᠠᠮᠢᠶᠠᠷᠠᠮᠣᠢ᠃ ᠡᠭᠦᠨ ᠤ ᠲᠣᠣᠷ᠎ᠠ ᠠᠨᠦ ᠬᠠᠮᠳᠣ ᠮᠡᠳᠡᠭᠴᠢ ︵同知︶᠂ ᠰᠢᠭᠦᠭᠴᠢ ︵判 官︶᠂ ᠦᠴᠢᠭᠯᠡᠭᠦᠯᠦᠭᠴᠢ ︵推官︶᠂ ᠬᠡᠷᠡᠭ ᠮᠡᠳᠡᠭᠴᠢ ︵知事︶᠂ ᠵᠠᠬᠢᠭᠴᠢ ︵提空︶᠂ ᠪᠢᠴᠢᠭᠴᠢ ︵案牍︶ ᠵᠡᠷᠬᠡ ᠶᠢ ᠲᠣᠰᠪᠣᠷᠢ ᠨᠢᠬᠡ ᠨᠡᠷ᠎ᠡ ᠶᠢ ᠲᠦᠰᠢᠪᠡᠢ᠃ ᠡᠳᠡᠭᠡᠷ ᠤᠨ ᠵᠠᠷᠢᠮ ᠢ ᠠᠨᠦ ᠡᠯ᠎ᠡ ᠴᠦᠯᠬᠡ ︵诸路︶ ᠪᠣᠶᠣ ᠤᠬᠠᠭᠤᠯᠤᠨ ᠲᠤᠬᠢᠨᠢᠭᠤᠯᠬᠤ ᠵᠣᠷᠭᠠᠨ ︵宣慰司︶ ᠵᠢᠴᠢ ᠬᠤᠪᠢᠶᠠᠷᠢ ᠮᠣᠵᠢ ︵行省︶ ᠳᠤᠷ ᠬᠠᠷᠢᠶᠠᠯᠠᠭᠤᠯᠵᠣ᠂ ᠵᠠᠷᠢᠮ ᠢ ᠠᠨᠦ ᠲᠦᠪ ᠤᠨ ᠮᠣᠵᠢ ᠶᠠᠮᠣᠨ ︵省部︶ ᠳᠤᠷ ᠰᠢᠭᠤᠳ ᠬᠠᠷᠢᠶᠠᠯᠠᠭᠤᠯᠳᠠᠭ ᠠᠪᠠᠢ ᠃ ᠵᠠᠷᠢᠮ ᠨᠢ ᠪᠠᠯᠭᠠᠳ ᠰᠢᠯᠳᠣᠭᠡᠨ ︵州县︶ ᠢ ᠨᠡᠶᠢᠳᠡᠯᠡᠨ ᠵᠠᠬᠢᠷᠴᠣ᠂ ᠵᠠᠷᠢᠮ ᠨᠢ ᠪᠠᠯᠭᠠᠳ ᠰᠢᠯᠳᠣᠭᠡᠨ ᠢ ᠨᠡᠶᠢᠳᠡᠯᠡᠨ ᠵᠠᠬᠢᠷᠬᠤ ᠦᠭᠡᠢ ᠪᠠᠶᠢᠳᠠᠭ᠃ ᠡᠭᠦᠨ ᠠᠴᠠ ᠭᠠᠳᠠᠨ᠎ᠠ ᠬᠤᠷᠤᠭ᠎ᠠ ᠭᠡᠳᠡᠭ ᠨᠢ ᠪᠠᠰᠠ ᠠᠯᠪᠠᠨ ᠶᠠᠮᠣᠨ ᠤ ᠲᠦᠭᠡᠮᠡᠯ ᠨᠡᠷ᠎ᠡ ᠪᠣᠯᠣᠨ ᠬᠡᠷᠡᠭᠯᠡᠳᠡᠳᠡᠭ᠃ ᠵᠢᠰᠢᠶᠡᠯᠡᠪᠡᠯ᠄ ᠶᠡᠷᠦᠩᠬᠡᠢ ᠵᠠᠬᠢᠷᠭ᠎ᠠ ᠶᠢᠨ ᠬᠤᠷᠤᠭ᠎ᠠ ︵总管府︶᠂ ᠲᠣᠳᠣᠭᠠᠳᠣ ᠪᠢᠴᠢᠬᠡᠴᠢ ᠶᠢᠨ ᠬᠤᠷᠤᠭ᠎ᠠ ︵内史府︶᠂ ᠲᠣᠳᠣᠭᠠᠳᠣ ᠠᠰᠠᠷᠠᠭᠴᠢ ᠶᠢᠨ ᠬᠤᠷᠤᠭ᠎ᠠ ︵侍正府︶᠂ ᠠᠯᠳᠠᠨ ᠣᠷᠣᠭᠳᠠᠨ ᠤ ᠬᠤᠷᠤᠭ᠎ᠠ ︵大宗正府︶ ᠵᠡᠷᠭᠡ ᠳᠤᠷ ᠶᠡᠷᠦᠩᠬᠡᠶᠢᠯᠡᠨ ᠬᠡᠷᠡᠭᠯᠡᠮᠦᠢ᠃                   ② ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠭᠡᠷᠡᠯᠳᠦ ᠭᠦᠰᠢᠶᠡᠨ ᠤ ᠪᠢᠴᠢᠭ 报恩寺 碑文 —— ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠪᠠᠭᠤᠷᠢ ᠨᠢ ᠣᠳᠣᠬᠢ ᠦᠪᠦᠷ ᠮᠣᠩᠭᠤᠯ ᠤᠨ ᠣᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤᠨ ᠳᠠᠬᠢ ᠢᠩᠴᠠᠩ ᠴᠦᠯᠬᠡ ᠶᠢᠨ ᠯᠣ᠋ ᠸᠠᠩ ᠤᠨ ᠭᠤᠣᠯ ᠣᠷᠳᠣᠨ  ᠤ ᠵᠡᠬᠦᠨ ᠲᠠᠯ᠎ᠠ ᠳᠤᠷ ᠠᠮᠣᠢ᠃ ᠣᠨᠣᠯᠳᠣ ᠶᠡᠭᠡ ᠬᠡᠮᠡᠬᠦᠢ ᠶᠢᠨ ᠭᠤᠷᠪᠠᠳᠣᠭᠠᠷ ᠣᠨ ︵至大三年 1310︶ ᠳᠤᠷ ᠯᠣ᠋ ᠸᠠᠩ ᠳ᠋ᠢᠶᠠᠪᠠᠯᠠ ᠨᠦᠭᠴᠢᠪᠡᠢ᠃ ᠲᠡᠬᠦᠨ ᠤ ᠬᠦᠪᠡᠬᠦᠨ ᠠᠷᠭᠠᠰᠢᠷᠢ ᠬᠡᠮᠡᠭᠴᠢ ᠨᠠᠢᠮᠠᠨ ᠨᠠᠰᠣᠨ  ᠳᠤᠷ ᠢᠶᠠᠨ ᠲᠦᠮᠡᠳᠦ ᠶᠢᠨ ᠨᠣᠶᠠᠨ ᠤ ᠰᠠᠭᠤᠷᠢᠨ ᠢ ᠵᠠᠯᠭᠠᠮᠵᠢᠯᠠᠭᠰᠠᠨ ᠳᠤᠷ ᠮᠦᠨ ᠣᠨ ᠤ ᠲᠣᠯᠣᠭᠠᠨ ᠰᠠᠷ᠎ᠠ ᠳᠤᠨᠢ ᠲᠦᠷᠦ ᠶᠢᠨ ᠵᠠᠷᠯᠢᠭ ᠢᠶᠠᠷ ᠲᠡᠬᠦᠨ ᠢ ᠯᠣ᠋ ᠸᠠᠩ ᠬᠡᠮᠡᠨ ᠦᠶ᠎ᠡ ᠵᠠᠯᠭᠠᠮᠵᠢᠯᠠᠭᠤᠯᠣᠨ ᠡᠷᠭᠦᠮᠵᠢᠯᠡᠪᠡ᠃ ᠲᠡᠬᠦᠨ ᠤ ᠡᠬᠡ᠂ ᠶᠡᠭᠡ ᠡᠬᠡᠴᠢᠮᠡᠳ ᠪᠠᠬᠢ ᠰᠠᠩᠭᠠᠷᠠᠭ ︵大 长公主相哥剌吉︶ ᠬᠡᠮᠡᠭᠴᠢ ᠶᠢᠨ ᠬᠠᠭᠠᠨ ᠤ ᠬᠡᠰᠢᠭ ᠲᠳᠷ ᠬᠠᠷᠢᠭᠤᠯᠣᠯ ᠬᠢᠰᠣᠬᠡᠢ ᠬᠡᠮᠡᠭᠰᠡᠨ ᠰᠠᠨᠠᠭᠠᠴᠢᠯᠠᠭ᠎ᠠ ᠪᠠᠷ ᠲᠣᠰᠬᠠᠶᠢᠯᠠᠨ ᠯᠣ᠋. ᠸᠠᠩ ᠤᠨ ᠣᠷᠳᠣᠨ ᠤ ᠵᠡᠭᠦᠨ ᠲᠠᠯ᠎ᠠ ᠳᠤᠷ ︽ᠬᠡᠰᠢᠭ ᠲᠤᠷ ᠬᠠᠷᠢᠭᠤᠯᠣᠭᠴᠢ ᠰᠦᠮ᠎ᠡ︾ ᠶᠢ ᠴᠣᠭᠴᠠᠯᠠᠨ ᠪᠠᠶᠢᠭᠤᠯᠣᠭᠰᠠᠨ ᠤ ᠰᠠᠴᠠ ᠬᠡᠷᠡᠯᠳᠦ ᠬᠦᠰᠢᠶ᠎ᠡ ᠪᠣᠰᠬᠠᠨ ᠡᠨᠡᠬᠦ ᠦᠢᠯᠡ ᠪᠠᠨ ᠲᠡᠮᠳᠡᠭᠯᠡᠭᠦᠯᠵᠦᠬᠦᠢ᠃                         ᠬᠡᠰᠢᠭ ᠲᠤᠷ ᠬᠠᠷᠢᠭᠤᠯᠣᠭᠴᠢ ᠰᠦᠮ᠎ᠡ ᠬᠢᠭᠡᠳ ᠢᠩᠴᠠᠩ ᠴᠦᠯᠬᠡ ᠶᠢᠨ ᠣᠷᠳᠣᠨ ᠨᠢ ᠲᠠᠶᠢᠨ ᠲᠠᠵᠢᠨ ᠤ ᠣᠷᠰᠢᠭ ᠠᠴᠠ ᠪᠣᠯᠵᠣ ᠠᠳᠠᠯᠢ ᠴᠠᠭ ᠲᠤᠷ ᠲᠠᠯᠬᠢᠭᠳᠠᠪᠠᠢ᠃ ᠡᠳᠦᠬᠡ ᠵᠦᠪᠬᠡᠨ ᠣᠣᠯ ᠪᠠᠷᠢᠯᠭ᠎ᠠ ᠶᠢᠨ ᠲᠣᠪᠣᠴᠠᠭ ᠲᠡᠳᠦᠢ ᠪᠠᠭᠤᠷᠢ ᠦᠯᠡᠳᠡᠭᠡᠳ ᠪᠣᠢ᠃ ᠪᠠᠭᠤᠷᠢ ᠶᠢᠨ ᠲᠣᠪᠣᠴᠠᠭ ᠤᠨ ᠦᠨᠳᠦᠷ ᠨᠢ 1 — — 2 ᠮᠧᠲ᠋ᠧᠷ᠂ ᠰᠦᠮ᠎ᠡ ᠶᠢᠨ ᠬᠦᠷᠢᠶᠡᠨ ᠤ ᠬᠠᠪᠳᠠᠭᠠᠢ ᠭᠠᠳᠠᠷᠭᠤ ᠶᠢᠨ ᠲᠠᠯᠠᠪᠠᠢ ᠨᠢ ᠣᠷᠳᠣ ᠲᠦᠷᠪᠡᠯᠵᠢᠨ ᠬᠡᠯᠪᠡᠷᠢᠳᠡᠢ᠂ ᠡᠮᠦᠨᠡᠰᠢ ᠣᠮᠠᠷᠠᠰᠢ 80 ᠮᠧᠲ᠋ᠧᠷ᠂ ᠵᠡᠭᠦᠨᠰᠢ ᠪᠠᠷᠠᠭᠤᠨᠰᠢ 50 ᠮᠧᠲ᠋ᠧᠷ ᠣᠷᠳᠣ ᠪᠠᠶᠢᠳᠠᠭ ᠪᠦᠭᠡᠳ ᠡᠭᠦᠳᠡᠨ ᠣᠷᠣᠮ ᠤᠨ ᠦᠷᠭᠡᠨ ᠨᠢ 10 ᠮᠧᠲ᠋ᠧᠷ ᠪᠠᠶᠢᠵᠦ᠂ ᠡᠭᠦᠨ ᠠᠴᠠ ᠲᠣᠳᠣᠭᠰᠢ ᠣᠷᠣᠵᠣ ᠣᠮᠠᠷᠠᠰᠢ 10 ᠮᠧᠲ᠋ᠧᠷ ᠶᠠᠪᠣᠪᠠᠰᠣ ᠲᠠᠷᠣᠢ ᠭᠡᠷᠡᠯᠳᠣ ᠬᠦᠰᠢᠶ᠎ᠡ ᠶᠢᠨ ᠲᠢᠩᠬᠢᠮ ᠤᠨ ᠣᠷᠣᠮ ᠪᠣᠢ᠃ ᠲᠣᠰ ᠣᠷᠣᠨ ᠳᠤᠷ ᠭᠡᠷᠡᠯᠳᠣ ᠬᠦᠰᠢᠶ᠎ᠡ ᠶᠢᠨ ᠰᠠᠭᠤᠷᠢ ᠪᠣᠯᠣᠭᠰᠠᠨ ᠬᠦᠷᠮᠠᠨ ᠴᠢᠯᠠᠭᠤ ᠪᠠᠷ ᠴᠠᠪᠴᠢᠨ ᠪᠦᠳᠦᠭᠡᠭᠰᠡᠨ ᠶᠠᠰᠣᠳᠣ ᠮᠡᠯᠡᠬᠡᠢ ᠶᠢᠨ ᠲᠠᠯᠪᠢᠭᠤᠷ ᠪᠣᠢ ᠬᠡᠮᠡᠪᠡᠴᠦ ᠵᠢᠩᠬᠢᠨᠢ ᠬᠡᠷᠡᠯᠳᠣ ᠬᠦᠰᠢᠶ᠎ᠡ ᠢᠨᠦ ᠬᠡᠳᠦᠶᠢᠨ ᠠᠯᠠᠭ᠎ᠠ ᠪᠣᠯᠵᠣᠬᠤᠢ᠃ ᠬᠦᠰᠢᠶ᠎ᠡ ᠶᠢᠨ ᠰᠠᠭᠤᠷᠢ ᠠᠴᠠ ᠬᠤᠶᠢᠰᠢ 45 ᠮᠧᠲ᠋ᠧᠷ ᠶᠠᠪᠣᠪᠠᠰᠣ ᠲᠠᠪᠣᠨ ᠲᠤᠯᠭᠠᠭᠤᠷᠢ ᠪᠦᠬᠦᠢ ᠭᠤᠣᠯ ᠬᠠᠷᠰᠢ ᠶᠢᠨ ᠪᠠᠭᠤᠷᠢ ᠪᠣᠢ᠃ ᠡᠭᠦᠨ ᠠᠴᠠ ᠲᠣᠳᠣᠭᠰᠢ ᠪᠠᠰᠠ ᠨᠢᠬᠡᠨ ᠲᠣᠯᠭᠠᠭᠤᠷᠢ ᠶᠢᠨ ᠰᠠᠭᠤᠷᠢ ᠪᠣᠢ ᠪᠦᠭᠡᠳ ᠡᠨᠡ ᠲᠣᠯᠭᠠᠭᠤᠷᠢ ᠶᠢᠨ ᠰᠠᠭᠤᠷᠢ ᠶᠢᠨ ᠵᠡᠭᠦᠨ ᠪᠠᠷᠠᠭᠤᠨ ᠲᠠᠯ᠎ᠠ ᠳᠤᠷ ᠲᠣᠰᠪᠣᠷᠢ ᠭᠤᠷᠪᠠᠨ ᠲᠣᠯᠭᠠᠭᠤᠷᠢ ᠲᠠᠢ ᠴᠢᠬᠢᠨ ᠭᠡᠷ ᠤᠨ ᠣᠷᠣᠮ ᠪᠣᠢ᠃ ᠭᠤᠣᠯ ᠬᠠᠷᠰᠢ  ᠠᠴᠠ ᠬᠤᠶᠢᠰᠢ ᠪᠠᠨ 10 ᠮᠧᠲ᠋ᠧᠷ ᠤᠨ ᠵᠠᠢ ᠳᠠᠬᠢ ᠨᠢᠭᠤᠷ ᠤᠨ ᠬᠡᠰᠡᠭ ᠲᠳᠨᠢ ᠭᠤᠷᠪᠠᠨ ᠲᠣᠯᠭᠠᠭᠤᠷᠢ ᠲᠠᠢ ᠪᠦᠭᠡᠳ ᠲᠣᠳᠣᠭᠠᠳᠣ ᠬᠡᠰᠡᠭ ᠲᠤᠨᠢ ᠬᠤᠶᠠᠷ ᠲᠣᠯᠭᠠᠭᠤᠷᠢ ᠲᠠᠢ ᠬᠤᠶᠢᠳᠣ ᠬᠠᠷᠰᠢ ᠶᠢᠨ ᠪᠠᠭᠤᠷᠢ ᠠᠨᠦ ᠲᠣᠳᠣᠷᠬᠠᠢ ᠮᠡᠳᠡᠭᠳᠡᠬᠦ ᠮᠦᠷᠳᠡᠭᠡᠨ ᠬᠠᠷᠰᠢ ᠪᠠᠭᠤᠷᠢ ᠶᠢᠨ ᠲᠡᠭᠡᠭᠦᠷ ᠨᠢ ᠮᠠᠰᠢ ᠡᠮᠬᠢ ᠴᠡᠭᠴᠡ ᠲᠠᠢ ᠪᠠᠷ ᠵᠢᠭᠳᠡᠷᠡᠨ ᠪᠠᠶᠢᠷᠢᠰᠢᠭᠰᠠᠨ ᠴᠢᠯᠠᠭᠤᠨ ᠰᠡᠶᠢᠯᠦᠮᠡᠯᠳᠦ ᠪᠠᠭᠠᠨ᠎ᠠ ᠶᠢᠨ ᠰᠠᠭᠤᠷᠢ ᠪᠣᠢ᠃ ᠪᠠᠭᠤᠷᠢ ᠶᠢᠨ ᠭᠠᠳᠠᠷᠭᠤ ᠪᠠᠷ ᠨᠢ ᠸᠠᠭᠠᠷ ᠲᠣᠭᠤᠰᠬ᠎ᠠ ᠬᠢᠭᠡᠳ ᠰᠢᠯᠳᠦ ᠸᠠᠭᠠᠷ ᠤᠨ ᠬᠡᠮᠬᠡᠷᠬᠡᠢ ᠭᠠᠵᠠᠷ ᠰᠠᠢ ᠦᠭᠡᠢ ᠲᠦᠭᠡᠭᠡᠵᠦ ᠪᠣᠢ᠃ ᠪᠠᠭᠤᠷᠢ ᠶᠢᠨ ᠲᠣᠪᠣᠴᠠᠭ ᠪᠠ ᠭᠠᠵᠠᠷ ᠤᠨ ᠭᠠᠳᠠᠷᠭᠤ ᠶᠢᠨ ᠪᠠᠶᠢᠳᠠᠯ ᠠᠴᠠ ᠨᠢ ᠦᠵᠡᠪᠡᠯ ᠲᠣᠬᠠᠢ ᠶᠢᠨ ᠦᠶ᠎ᠡ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠠᠤᠭ᠎ᠠ ᠶᠡᠭᠡ ᠰᠦᠷ ᠵᠢᠪᠬᠤᠯᠠᠩᠳᠣ ᠪᠠᠶᠢᠳᠠᠯ ᠢ ᠵᠢᠰᠢᠨ ᠮᠡᠳᠡᠵᠦ ᠪᠣᠯᠬᠤ ᠶᠣᠮ᠃ ᠲᠣᠰ ᠰᠦᠮ᠎ᠡ ᠶᠢᠨ ᠭᠡᠷᠡᠯᠳᠣ ᠬᠦᠰᠢᠶ᠎ᠡ ᠠᠨᠦ ᠠᠯᠢ ᠬᠡᠳᠦᠶᠢᠨ ᠠᠯᠠᠭ᠎ᠠ ᠪᠣᠯᠣᠭᠰᠠᠨ ᠪᠣᠯᠪᠠᠴᠣ ᠬᠦᠰᠢᠶ᠎ᠡ ᠶᠢᠨ ᠪᠢᠴᠢᠭ ᠨᠢ ᠬᠠᠷᠢᠨᠴᠣ ᠪᠦᠬᠦ ᠣᠳᠬ᠎ᠠ ᠪᠠᠷ ᠢᠶᠠᠨ ᠴᠢᠩ ᠣᠯᠣᠰ ᠤᠨ ᠲᠡᠭᠷᠢ ᠲᠡᠳᠭᠦᠴᠢ ᠬᠠᠭᠠᠨ ᠤ ᠦᠶ᠎ᠡ ᠳᠠᠬᠢ ᠰᠢᠣᠸᠠᠨ ᠬᠤᠸᠠ ᠰᠢᠶᠠᠨ ᠤ ᠮᠡᠳᠡᠭᠴᠢ ᠠᠭᠰᠠᠨ ᠬᠤᠸᠠᠩ ᠺᠧ ᠷᠦᠨ黄可润 ᠬᠡᠮᠡᠭᠴᠢ ᠶᠢᠨ ᠲᠣᠭᠤᠷᠪᠢᠨ ᠪᠢᠴᠢᠭᠰᠡᠨ ︽ᠪᠣᠭᠤᠮᠳᠠ ᠶᠢᠨ ᠠᠷᠣ ᠶᠢᠨ ᠭᠤᠷᠪᠠᠨ ᠲᠢᠩᠬᠢᠮ ᠤᠨ ᠲᠡᠮᠳᠡᠭᠯᠡᠯ 口北三厅志︾ ᠬᠡᠮᠡᠬᠦ ᠣᠶᠢᠯᠠᠯᠭ᠎ᠠ ᠪᠢᠴᠢᠭ ᠲᠤᠷ ᠵᠣᠯ  ᠢᠶᠠᠷ ᠬᠤᠷᠢᠶᠠᠮᠵᠢᠯᠠᠭᠳᠠᠨ ᠣᠷᠣᠭᠰᠠᠨ ᠠᠴᠠ ᠮᠠᠨ ᠤ ᠦᠶ᠎ᠡ ᠳᠤᠷ ᠦᠪᠯᠡᠭᠳᠡᠵᠦᠬᠦᠢ᠃ ᠡᠳᠦᠬᠡ ᠡᠨᠡ ᠪᠢᠴᠢᠭ ᠤᠨ ᠲᠣᠳᠣᠷᠠᠬᠢ ᠣᠣᠯ ᠭᠡᠷᠡᠯᠳᠣ ᠬᠦᠰᠢᠶᠡᠨ ᠤ ᠪᠢᠴᠢᠭ ᠢ ᠪᠦᠬᠦᠨ ᠢᠶᠠᠷ ᠨᠢ ᠰᠡᠶᠢᠷᠡᠭᠦᠯᠦᠨ ᠠᠪᠴᠣ ᠪᠦᠬᠦ ᠣᠳᠬ᠎ᠠ ᠪᠠᠷ  ᠨᠢ ᠦᠰᠦᠭ ᠲᠠᠷᠠᠭᠠᠯᠠᠨ ᠮᠣᠩᠭᠤᠯᠴᠢᠯᠠᠵᠣ ᠵᠣᠬᠢᠬᠤ ᠲᠠᠶᠢᠯᠪᠣᠷᠢ ᠬᠠᠳᠠᠭᠠᠳ ᠣᠯᠠᠨ ᠤ ᠬᠦᠷᠳᠡᠭᠡᠯ ᠪᠣᠯᠭᠠᠪᠠᠢ᠃                   ③ ᠴᠧᠩ ᠵᠢᠣᠢ ᠹᠦ᠋ 程钜夫 —— ︵1249 —— 1318︶᠂ ᠶᠣᠸᠠᠨ ᠣᠯᠣᠰ  ᠤᠨ ᠲᠦᠰᠢᠮᠡᠯ ᠪᠦᠭᠡᠳ ᠣᠳᠬ᠎ᠠ ᠵᠣᠬᠢᠶᠠᠯᠴᠢ᠃ ᠣᠣᠯ ᠨᠡᠷ᠎ᠡ ᠨᠢ ᠸᠧᠨ ᠬᠠᠢ ︵文海︶᠂ ᠡᠨᠡ ᠨᠡᠷ᠎ᠡ ᠶᠢᠨ ᠲᠣᠳᠣᠷᠠᠬᠢ ︽ᠬᠠᠢ海︾ ᠬᠡᠬᠦ ᠦᠰᠦᠭ ᠨᠢ ᠶᠣᠸᠠᠨ ᠣᠯᠣᠰ ᠤᠨ ᠭᠤᠷᠪᠠᠳᠣᠭᠠᠷ ᠦᠶ᠎ᠡ ᠶᠢᠨ ᠬᠠᠭᠠᠨ ᠴᠣᠭᠳᠣ ᠲᠡᠭᠡᠳᠦᠰ ᠬᠠᠶᠢᠰᠠᠩ ︵武宗海山︶ ᠬᠠᠭᠠᠨ ᠤ ᠨᠡᠷ᠎ᠡ ᠪᠣᠯᠬᠤ ︽ᠬᠠᠢ︾ ᠦᠰᠦᠭ ᠯᠦᠭᠡ ᠦᠰᠦᠭ ᠢᠵᠢᠯᠰᠢᠭᠰᠡᠨ ᠲᠣᠯᠠ ᠴᠡᠭᠡᠷᠯᠡᠵᠦ ᠵᠢᠣᠢ ᠹᠦ᠋ ︵钜夫︶ ᠭᠡᠳᠡᠭ ᠡᠷᠭᠦᠭᠰᠡᠨ ᠨᠡᠷ᠎ᠡ ᠪᠠᠷ ᠢᠶᠠᠨ ᠶᠠᠪᠣᠪᠠ᠃ ᠴᠣᠯᠠ ᠠᠨᠦ ᠠᠷᠢᠭᠤᠨ ᠠᠰᠠᠷ᠂ ᠪᠠᠰᠠ ᠨᠢᠭᠡᠨ ᠴᠣᠯᠠ ᠠᠨᠦ ᠠᠯᠣᠰ ᠤᠨ ᠦᠷᠦᠬᠡ ᠬᠡᠮᠡᠳᠡᠭ᠃ ᠵᠢᠶᠠᠨᠴᠠᠩ ︵建昌᠂ ᠣᠳᠣᠬᠢ ᠵᠢᠶᠠᠩᠰᠢ ᠮᠣᠵᠢ ᠶᠢᠨ ᠨᠠᠨᠴᠧᠩ ᠬᠤᠳᠠ 江西省南城︶ ᠭᠠᠵᠠᠷ ᠤᠨ ᠬᠦᠮᠦᠨ᠂ ᠲᠡᠭᠡᠳᠣ ᠶᠢᠨ ᠨᠣᠳᠤᠭ ᠨᠢ ᠬᠤᠢ ᠵᠸᠦ ︵徽州᠂ ᠣᠳᠣᠬᠢ ᠠᠨᠾᠣᠢ ᠮᠣᠵᠢ ᠶᠢᠨ ᠬᠤᠢ ᠱᠧ ᠰᠢᠶᠠᠨ安徽省徽歙县︶ ᠭᠠᠵᠠᠷ ᠪᠣᠯᠬᠤ ᠶᠣᠮ᠃ ᠲᠡᠭᠦᠨ ᠤ ᠠᠪᠠᠭ᠎ᠠ ᠨᠢ ᠴᠧᠩ ᠹᠧᠢ ᠴᠢᠩ ︵程飞卿︶ ᠬᠡᠮᠡᠭᠴᠢ ᠰᠦᠩ ᠣᠯᠣᠰ ᠤᠨ ᠦᠶ᠎ᠡ ᠳᠤᠷ ᠵᠢᠶᠠᠨᠴᠠᠩ ᠭᠠᠵᠠᠷ ᠤᠨ ᠨᠡᠶᠢᠳᠡᠯᠡᠨ ᠰᠢᠳᠭᠡᠭᠴᠢ ᠲᠦᠰᠢᠮᠡᠯ ᠰᠠᠭᠤᠵᠣ ᠪᠠᠶᠢᠪᠠ᠂ ᠶᠣᠸᠠᠨ ᠣᠯᠣᠰ ᠤᠨ ᠣᠨᠣᠯᠳᠣ ᠲᠡᠷᠢᠬᠦᠨ ᠬᠡᠮᠡᠬᠦᠢ ᠶᠢᠨ ᠠᠷᠪᠠᠨ ᠭᠤᠷᠪᠠᠳᠣᠭᠠᠷ ᠣᠨ ︵ᡁᠢ ᠶᠣᠸᠠᠨ至元 1276︶  ᠳᠤᠷ ᠴᠧᠩ ᠹᠧᠢ ᠴᠢᠩ ᠬᠡᠮᠡᠭᠴᠢ ᠵᠢᠶᠠᠨᠴᠠᠩ ᠭᠠᠵᠠᠷ ᠢᠶᠠᠨ ᠡᠷᠭᠦᠨ ᠶᠣᠸᠠᠨ ᠣᠯᠣᠰ ᠲᠤᠷ ᠪᠠᠭᠤᠵᠣ ᠦᠭᠭᠦᠭᠰᠡᠨ ᠪᠦᠭᠡᠳ ᠦᠪᠡᠷ ᠤᠨ ᠠᠰᠠᠷᠠᠭᠰᠠᠨ ᠬᠦᠪᠡᠬᠦᠨ ᠴᠧᠩ ᠵᠢᠣᠢ ᠹᠦ᠋ ᠪᠠᠨ ᠪᠠᠷᠢᠴᠠᠭᠠᠨ ᠤ ᠬᠦᠪᠡᠭᠦᠨ ᠪᠣᠯᠭᠠᠨ ᠮᠣᠩᠭᠤᠯ  ᠳᠤ ᠬᠦᠷᠭᠡᠭᠰᠡᠨ᠎ᠡ ᠬᠤᠪᠢᠯᠠᠢ ᠰᠡᠴᠡᠨ ᠬᠠᠭᠠᠨ ᠠᠴᠠ ᠡᠨᠡ ᠬᠦᠪᠡᠭᠦᠨ ᠢ ᠰᠦᠷ ᠢ ᠠᠯᠳᠠᠷᠰᠢᠭᠤᠯᠬᠤ ᠵᠠᠩᠵᠣᠨ ᠢᠶᠠᠷ ᠲᠣᠮᠢᠯᠠᠭᠰᠠᠨ ᠪᠦᠭᠡᠳ ᠬᠡᠰᠢᠭᠳᠡᠨ ᠴᠡᠷᠢᠭ ᠤᠨ ᠮᠢᠩᠭᠠᠳᠣ ᠶᠢᠨ ᠨᠣᠶᠠᠨ ᠪᠣᠯᠭᠠᠪᠠᠢ᠃ ᠨᠢᠭᠡᠨ ᠡᠳᠦᠷ ᠴᠧᠩ ᠵᠢᠣᠢ ᠹᠦ᠋ ᠵᠠᠷᠯᠢᠭ ᠢᠶᠠᠷ ᠬᠠᠭᠠᠨ ᠯᠤᠭ᠎ᠠ ᠪᠠᠷᠠᠭᠠᠳᠠᠭᠰᠠᠨ ᠳᠤᠷ ᠬᠤᠪᠢᠯᠠᠢ ᠰᠡᠴᠡᠨ ᠬᠠᠭᠠᠨ ᠲᠡᠭᠦᠨ ᠠᠴᠠ ᠵᠢᠶᠠ ᠰᠧ ᠳ᠋ᠣᠦ ᠬᠡᠮᠡᠭᠴᠢ ᠶᠠᠮᠠᠷ ᠰᠢᠣᠬᠠᠨ ᠬᠦᠮᠦᠨ ᠪᠣᠯᠬᠤ ᠪᠣᠢ ᠬᠡᠮᠡᠨ ᠠᠰᠠᠭᠤᠭᠰᠠᠨ ᠳᠤᠷ ᠡᠮᠬᠢ ᠲᠢᠭᠯᠢᠮ ᠲᠠᠢ ᠮᠦᠷᠳᠡᠭᠡᠨ ᠮᠠᠰᠢ ᠲᠣᠳᠣᠷᠬᠠᠢ ᠬᠠᠷᠢᠭᠤᠯᠪᠠ᠃ ᠬᠠᠭᠠᠨ ᠪᠠᠷ ᠲᠡᠭᠦᠨ ᠢ ᠲᠠᠭᠠᠯᠠᠵᠣ ᠪᠢᠷ ᠴᠠᠭᠠᠰᠣ ᠦᠭᠭᠦᠭᠰᠡᠨ ᠳᠤᠷ ᠲᠡᠳᠣᠢ ᠬᠤᠷᠢ ᠭᠠᠷᠣᠢ ᠬᠠᠭᠤᠳᠠᠰᠣ ᠪᠢᠴᠢᠭᠡᠳ ᠲᠡᠪᠰᠢᠭᠦᠯᠪᠡ᠃ ᠬᠭᠠᠨ ᠪᠠᠷ ᠮᠠᠰᠢᠳᠠ ᠪᠠᠶᠠᠰᠴᠣ ᠰᠢᠳᠠᠷ ᠲᠦᠰᠢᠮᠡᠳ ᠲᠡᠭᠡᠨ᠄ ︽ᠮᠡᠬᠦᠰ ᠪᠢ ᠡᠨᠡ ᠬᠦᠮᠦᠨ ᠢ ᠰᠢᠨᠵᠢᠬᠦᠯ᠎ᠡ ᠦᠨᠡᠨᠬᠦ ᠡᠷᠬᠢᠮᠰᠦᠭ ᠲᠦᠪᠯᠡᠭᠦᠨ᠂ ᠦᠭᠡ ᠦᠭᠦᠯᠡᠯ ᠢ ᠢᠨᠦ ᠰᠣᠨᠣᠰᠬᠤᠯ᠎ᠠ ᠦᠨᠡᠨᠴᠢ ᠰᠢᠳᠣᠷᠭᠤ ᠰᠡᠴᠡᠨ ᠬᠡᠬᠡᠨ ᠪᠦᠭᠡᠳ ᠰᠡᠭᠡᠭᠡᠷᠡᠭᠰᠡᠨ ᠡᠷᠬᠡᠳᠡᠨ ᠪᠣᠯᠬᠤ ᠠᠨᠦ ᠢᠯᠡᠷᠬᠡᠢ ᠲᠣᠯᠠ ᠲᠡᠬᠦᠨ ᠢ ᠪᠢᠴᠢᠭ ᠤᠨ ᠮᠡᠷᠭᠡᠳ ᠤᠨ ᠬᠦᠷᠢᠶᠡᠯᠡᠩ ᠳᠤᠷ ᠲᠦᠪᠬᠢᠨᠡᠭᠦᠯᠦᠨ ᠲᠦᠰᠢᠳᠦᠬᠡᠢ︾ ᠬᠡᠮᠡᠵᠦᠬᠦᠢ᠃ ᠣᠨᠣᠯᠳᠣ ᠲᠡᠷᠢᠭᠦᠨ ᠬᠡᠮᠡᠬᠦᠢ ᠶᠢᠨ ᠬᠤᠷᠢᠳᠣᠭᠠᠷ ᠣᠨ ︵ᡁᠢ ᠶᠣᠸᠠᠨ至元 1283︶ ᠠᠴᠠ ᠬᠤᠶᠢᠰᠢ ᠪᠢᠴᠢᠭ ᠤᠨ ᠮᠡᠷᠭᠡᠳ ᠤᠨ ᠬᠦᠷᠢᠶᠡᠯᠡᠩ ᠤᠨ ᠮᠡᠷᠭᠡᠳ ᠤᠨ ᠴᠢᠭᠤᠯᠭᠠᠨ ᠤ ᠵᠢᠰᠢᠶᠠᠯᠠᠭᠴᠢ ᠲᠡᠳ᠋ ᠪᠢᠴᠢᠭ ᠤᠨ ᠰᠠᠶᠢᠳ ︵翰林集贤 直学士︶᠂ ᠵᠢᠭᠦᠷ ᠤᠨ ᠬᠢᠶ᠎ᠠ ᠪᠢᠴᠢᠭᠡᠴᠢ ︵侍御史︶ ᠵᠡᠷᠭᠡ ᠲᠣᠰᠢᠶᠠᠯ ᠳᠤᠷ ᠲᠦᠰᠢᠭᠳᠡᠪᠡ᠃ ᠲᠡᠷᠡ  ᠪᠠᠷ ᠵᠠᠷᠯᠢᠭ ᠬᠦᠯᠢᠶᠡᠨ ᠬᠦᠬᠡᠮᠦ᠋ᠷᠡᠨ ᠤ ᠡᠮᠦᠨᠡᠳᠦ ᠣᠷᠣᠨ ᠢᠶᠠᠷ ᠡᠷᠳᠡᠮᠳᠡᠨ ᠮᠡᠷᠭᠡᠳ ᠢ ᠰᠣᠷᠪᠣᠯᠵᠢᠯᠠᠨ ᠶᠠᠪᠤᠵᠦ ᠵᠣᠣ ᠮᠧᠩ ᠹᠦ᠋赵 孟頫 ᠵᠡᠷᠬᠡ ᠬᠦᠮᠦᠰ ᠢ ᠲᠦᠷᠦ ᠳᠤ ᠡᠷᠭᠦᠨ ᠪᠠᠳᠣᠯᠠᠭᠰᠠᠨ ᠶᠣᠮ᠃ ᠣᠨᠣᠯᠳᠣ ᠲᠡᠷᠢᠬᠦᠨ ᠤ ᠬᠤᠷᠢᠨ ᠵᠢᠷᠭᠤᠳᠣᠭᠠᠷ ᠣᠨ ︵1289︶ ᠳᠤᠷ ᠲᠡᠷᠢᠭᠦᠯᠡᠭᠴᠢ ᠰᠠᠶᠢᠳ ᠰᠠᠩᠭ᠎ᠠ ︵桑哥︶ ᠬᠡᠮᠡᠭᠴᠢ ᠲᠠᠢ ᠡᠪᠳᠡᠷᠡᠯᠴᠡᠭᠰᠡᠨ ᠠᠴᠠ ᠪᠣᠯᠵᠣ ᠰᠠᠩᠭ᠎ᠠ ᠬᠡᠮᠡᠭᠴᠢ ᠪᠠᠷ ᠲᠦᠷᠦ ᠳᠤᠷ ᠠᠶᠢᠯᠠᠳᠬᠠᠯ ᠲᠡᠪᠰᠢᠭᠦᠯᠵᠦ ᠴᠧᠩ ᠵᠢᠣᠢ ᠹᠦ᠋  ᠶᠢ ᠲᠣᠨᠢᠯᠭᠠᠳᠣᠭᠠᠢ ᠬᠡᠮᠡᠭᠰᠡᠨ ᠪᠣᠯᠪᠠᠴᠣ ᠬᠤᠪᠢᠯᠠᠢ ᠰᠡᠴᠡᠨ ᠬᠠᠭᠠᠨ ᠡᠰᠡ ᠵᠦᠪᠰᠢᠶᠡᠷᠡᠪᠡ᠃ ᠣᠨᠣᠯᠳᠣ ᠲᠡᠷᠢᠬᠦᠨ ᠤ ᠭᠤᠴᠢᠳᠣᠭᠠᠷ ᠣᠨ ︵1293︶ ᠠᠴᠠ ᠰᠡᠭᠦᠯᠡᠷ ᠮᠢᠨ ᠬᠠᠢ ᠳ᠋ᠣᠣᠯᠢ ︵闽海道︶᠂ ᠠᠭᠤᠯᠠᠨ ᠡᠮᠦᠨᠡᠬᠢ ᠮᠦᠷᠡᠨ ᠤ ᠠᠷᠣ ᠶᠢᠨ ᠳ᠋ᠣᠣᠯᠢ ︵山南江北 道︶᠂ ᠵᠧᠵᠢᠶᠠᠩ ᠤᠨ ᠵᠡᠭᠦᠨᠳᠡᠬᠢ ᠲᠠᠯᠠᠢ ᠶᠢᠨ ᠪᠠᠷᠠᠭᠤᠨ ᠳ᠋ᠣᠣᠯᠢ ︵浙江东海右道︶ ᠶᠢᠨ ᠵᠠᠰᠠᠭ ᠢᠶᠠᠨ ᠠᠷᠢᠭᠤᠳᠬᠠᠨ ᠴᠡᠭᠡᠷ ᠢ ᠰᠣᠷᠪᠣᠯᠵᠢᠯᠠᠬᠤ ᠲᠦᠰᠢᠮᠡᠯ ︵肃政廉访使︶ ᠵᠡᠷᠭᠡ ᠲᠥᠰᠢᠶᠠᠯ ᠳᠤᠷ ᠲᠦᠰᠢᠪᠡᠢ᠃ ᠲᠡᠷᠡ ᠪᠠᠷ ︽ᠪᠦᠳᠦᠭᠡᠭᠴᠢ ᠲᠡᠭᠡᠳᠦᠰ ︵ᠲᠡᠮᠦᠷ ᠬᠠᠭᠠᠨ︶ ᠤᠨ ᠮᠠᠭᠠᠳ ᠬᠠᠣᠯᠢ成宗实录︾᠂ ︽ᠴᠣᠭᠳᠣ ᠲᠡᠭᠡᠳᠦᠰ ︵ᠬᠠᠶᠢᠰᠠᠩ ᠬᠠᠭᠠᠨ︶  ᠤᠨ ᠮᠠᠭᠠᠳ ᠬᠠᠣᠯᠢ武宗实录︾ ᠵᠡᠷᠭᠡ ᠰᠣᠳᠣᠷ ᠪᠢᠴᠢᠭ ᠢ ᠡᠷᠬᠢᠯᠡᠨ ᠲᠣᠭᠤᠷᠪᠢᠭᠰᠠᠨ ᠠᠴᠠ ᠭᠠᠳᠠᠨ᠎ᠠ ᠪᠠᠰᠠ ᠭᠤᠴᠢᠨ ᠪᠣᠳᠢ ᠪᠦᠬᠦᠢ ︽ᠠᠷᠢᠭᠤᠨ ᠠᠰᠠᠷ ᠤᠨ ᠬᠤᠷᠢᠶᠠᠮᠵᠢ雪楼集︾ ᠬᠡᠮᠡᠭᠰᠡᠨ ᠵᠣᠬᠢᠶᠠᠯ ᠤᠨ ᠬᠤᠷᠢᠶᠠᠮᠵᠢ ᠲᠠᠢ ᠪᠢᠯᠠ⑴᠃ ᠶᠣᠸᠠᠨ ᠣᠯᠣᠰ ᠤᠨ ᠦᠷᠦᠰᠢᠶᠡᠯᠳᠦ ᠲᠡᠭᠡᠳᠦᠰ ︵ᠷᠸᠠᠽᠦᠩ仁 宗︶ ᠠᠶᠤᠷᠪᠠᠷᠸᠠᠳᠠ ᠬᠠᠭᠠᠨ ᠤ ᠠᠷᠪᠢᠳᠬᠨ ᠢᠪᠡᠭᠡᠭᠴᠢ ︵ᠶᠠᠨ ᠶᠢᠦ延祐︶ ᠬᠡᠮᠡᠬᠦᠢ ᠶᠢᠨ ᠲᠠᠪᠣᠳᠣᠭᠠᠷ ᠣᠨ ︵1318︶ ᠳᠤ ᠨᠣᠳᠤᠭ ᠲᠠᠭᠠᠨ ᠡᠪᠡᠳᠴᠢᠨ ᠢᠶᠠᠷ ᠬᠠᠯᠢᠪᠠᠢ᠂ ᠲᠠᠯᠠᠨ ᠨᠢᠭᠡᠨ ᠨᠠᠰᠣᠯᠠᠵᠣᠬᠤᠢ᠃ ᠨᠦᠭᠴᠢᠭᠰᠡᠨ᠎ᠡ ᠴᠦ᠋ ᠭᠠᠵᠠᠷ ᠤᠨ ᠬᠡᠷᠬᠢᠮᠳᠡᠨ ︵楚国公︶ ᠬᠡᠮᠡᠨ ᠡᠷᠭᠦᠮᠵᠢᠯᠡᠵᠦ᠂ ᠨᠡᠬᠡᠨ ᠡᠷᠭᠦᠮᠵᠢᠯᠡᠭᠰᠡᠨ ᠴᠣᠯᠠ ᠶᠢ ᠠᠨᠦ ᠪᠢᠴᠢᠭ ᠤᠨ ᠰᠣᠳᠣᠨ ︵ᠸᠧᠨ ᠰᠢᠶᠠᠨ文宪︶⑵ ᠬᠡᠮᠡᠯᠦᠭᠡ᠃ ᠴᠧᠩ ᠵᠢᠣᠢ ᠹᠦ᠋ ᠪᠣᠯᠪᠠᠰᠣ ᠶᠣᠸᠠᠨ ᠣᠯᠣᠰ  ᠤᠨ ᠡᠮᠦᠨᠡᠬᠢ ᠦᠶ᠎ᠡ ᠶᠢᠨ ᠬᠤᠪᠢᠯᠠᠢ ᠰᠡᠴᠡᠨ᠂ ᠲᠡᠮᠦᠷ᠂ ᠬᠠᠶᠢᠰᠠᠩ᠂ ᠠᠶᠣᠷᠪᠠᠷᠸᠠᠳᠠ ᠵᠡᠷᠬᠡ ᠲᠦᠷᠪᠡᠨ ᠬᠠᠭᠠᠨ  ᠳᠤᠷ ᠠᠯᠭᠠᠰᠠᠯ ᠦᠭᠡᠢ ᠦᠢᠯᠡᠴᠢᠯᠡᠭᠰᠡᠨ ᠰᠢᠳᠣᠷᠭᠤ ᠵᠢᠷᠣᠮᠳᠣ ᠡᠷᠳᠡᠮᠳᠡᠨ ᠰᠠᠶᠢᠳ ᠪᠢᠯᠠ᠃                         ※ ᠠᠰᠢᠭᠯᠠᠭᠰᠠᠨ ᠰᠣᠷᠪᠣᠯᠵᠢ ᠪᠢᠴᠢᠭ                         ⑴ ︽ᠶᠣᠸᠠᠨ ᠣᠯᠣᠰ ᠤᠨ ᠰᠣᠳᠣᠷ᠂ ᠴᠧᠩ ᠵᠢᠦᠢ ᠹᠦ᠋ ᠶᠢᠨ ᠱᠠᠰᠳᠢᠷ ︵元史᠂程钜 夫传︶︾                         ⑵ ︽ ᠶᠢᠨ ᠣᠯᠣᠰ ᠤᠨ ᠪᠢᠴᠢᠭ᠂ ᠰᠦᠸᠧ ᠵᠢᠩ ᠤᠨ ᠱᠠᠰᠳᠢᠷ ︵晋书᠂索靖传︶︾                         ④ ᠰᠠᠩᠭᠠᠷᠠᠭ ᠪᠠᠬᠢ【 ᠪᠠᠬᠢ —— ᠭᠦᠩᠵᠦ】 祥哥剌吉公主 —— ︵1283 —— 1331︶᠂ ᠶᠣᠸᠠᠨ ᠣᠯᠣᠰ ᠤᠨ ᠰᠣᠷᠪᠣᠯᠵᠢ ᠣᠷᠢᠳᠣᠰ ᠬᠤᠪᠢᠯᠠᠢ ᠰᠡᠴᠡᠨ ᠬᠠᠭᠠᠨ ᠤ ᠵᠢᠴᠢ ᠣᠮᠪᠣᠯ ᠦᠬᠢᠨ᠂ ᠲᠠᠶᠠ ᠬᠦᠪᠡᠭᠦᠨ ᠴᠢᠩᠬᠢᠮ ᠤᠨ ᠣᠮᠪᠣᠯ ᠦᠬᠢᠨ᠂ ᠴᠢᠩᠬᠢᠮ ᠤᠨ ᠬᠤᠶᠠᠳᠣᠭᠠᠷ ᠬᠦᠪᠡᠭᠦᠨ ᠲᠠᠷᠮᠠᠪᠠᠯᠠ ᠶᠢᠨ ᠬᠤᠩᠭᠢᠷᠠᠳ ᠣᠪᠣᠭᠳᠣ ᠳ᠋ᠠᠵᠢ ᠬᠠᠳᠣᠨ ᠠᠴᠠ ᠮᠡᠨᠳᠦᠯᠡᠭᠰᠡᠨ ᠦᠬᠢᠨ᠂ ᠲᠠᠷᠮᠠᠪᠠᠯᠠ ᠶᠢᠨ ᠬᠤᠩᠭᠢᠷᠠᠳ ᠣᠪᠣᠭᠳᠣ ᠳ᠋ᠠᠵᠢ ᠬᠠᠳᠣᠨ ᠠᠴᠠ ᠮᠡᠨᠳᠦᠯᠡᠭᠰᠡᠨ ᠬᠤᠶᠠᠳᠣᠭᠠᠷ ᠬᠦᠪᠡᠭᠦᠨ ᠴᠣᠭᠳᠣ ᠲᠡᠭᠡᠳᠦᠰ ᠬᠠᠶᠢᠰᠠᠩ ᠬᠠᠭᠠᠨ ᠤ ᠡᠬᠡ ᠨᠢᠭᠡᠳᠣ ᠦᠬᠢᠨ ᠲᠡᠭᠦᠦ᠂ ᠲᠠᠷᠮᠠᠪᠠᠯᠠ ᠶᠢᠨ ᠳ᠋ᠠᠵᠢ ᠬᠠᠳᠣᠨ ᠠᠴᠠ ᠮᠡᠨᠳᠣᠯᠡᠭᠰᠡᠨ ᠭᠤᠷᠪᠠᠳᠣᠭᠠᠷ ᠬᠦᠪᠡᠭᠦᠨ ᠦᠷᠦᠰᠢᠶᠡᠯᠳᠣ ᠲᠡᠭᠡᠳᠣᠰ ᠠᠶᠣᠷᠪᠠᠷᠸᠠᠳᠠ ᠬᠠᠭᠠᠨ ᠤ ᠡᠬᠡ ᠨᠢᠭᠡᠳᠣ ᠡᠭᠡᠴᠢ᠂ ᠶᠣᠸᠠᠨ ᠣᠯᠣᠰ ᠤᠨ ᠡᠯᠪᠡᠷᠢᠯᠳᠣ ᠲᠡᠭᠡᠳᠣᠰ ᠲᠦᠭᠳᠡᠮᠦᠷ ᠬᠠᠭᠠᠨ ᠤ ᠲᠦᠷᠦᠭᠰᠡᠨ ᠠᠪᠠᠭ᠎ᠠ ᠡᠭᠡᠴᠢ ᠢᠨᠦ ᠪᠣᠯᠬᠤ ᠪᠦᠭᠡᠳ ᠬᠠᠳᠠᠮ ᠡᠬᠡ ᠢᠨᠦ ᠪᠣᠯᠣᠮᠣᠢ᠃ ᠪᠢᠴᠢᠭ ᠰᠣᠳᠣᠷ ᠵᠢᠷᠤᠭ ᠣᠷᠠᠯᠠᠯ ᠳᠤ ᠪᠠᠭ᠋ᠠᠳᠠᠢ ᠪᠠᠶᠢᠵᠣ ᠮᠠᠰᠢ ᠣᠯᠠᠨ ᠪᠢᠴᠢᠭ ᠰᠣᠳᠣᠷ ᠢ ᠬᠤᠷᠢᠶᠠᠨ ᠬᠠᠳᠠᠭᠠᠯᠠᠭᠰᠠᠨ ᠮᠦᠷᠳᠡᠭᠡᠨ ︽ᠬᠠᠭᠠᠨ ᠤ ᠡᠭᠡᠴᠢ ᠶᠢᠨ ᠰᠣᠳᠣᠷ ᠪᠢᠴᠢᠭ︾ ᠬᠡᠮᠡᠭᠰᠡᠨ ᠲᠠᠮᠠᠭ᠎ᠠ ᠲᠠᠢ ᠪᠠᠶᠢᠭᠰᠠᠨ ᠲᠣᠯᠠ ᠲᠡᠣᠬᠡᠨ ᠲᠡᠭᠡᠷᠡᠬᠢ ᠠᠩᠬᠠᠳᠠᠭᠴᠢ ᠡᠮᠡᠭᠳᠠᠢ ᠨᠣᠮ ᠤᠨ ᠰᠠᠩᠴᠢ ᠪᠣᠯᠣᠭᠰᠠᠨ ᠪᠠᠶᠢᠯᠤᠭ᠎ᠠ᠃ ᠲᠡᠷᠡ  ᠪᠠᠷ ᠶᠣᠸᠠᠨ ᠣᠯᠣᠰ ᠤᠨ ᠬᠦᠷᠬᠡᠨ ᠳ᠋ᠢᠶᠠᠪᠠᠯᠠ ᠯᠤᠭ᠎ᠠ ᠭᠡᠷᠯᠡᠵᠦ ᠬᠦᠪᠡᠬᠦᠨ ᠠᠷᠭᠠᠰᠢᠷᠢ ᠬᠡᠮᠡᠭᠴᠢ ᠶᠢ ᠮᠡᠨᠳᠦᠯᠡᠪᠡᠢ᠃ 1307 ᠣᠨ ᠳᠤᠷ ᠶᠣᠸᠠᠨ ᠣᠯᠣᠰ ᠤᠨ ᠴᠣᠭᠳᠣ ᠲᠡᠭᠡᠳᠣᠰ ᠬᠠᠶᠢᠰᠠᠩ ᠬᠠᠭᠠᠨ ᠰᠠᠭᠤᠷᠢᠨ ᠵᠠᠯᠭᠠᠮᠵᠢᠯᠠᠭᠰᠠᠨ ᠤ  ᠪᠠᠨ ᠲᠠᠷᠠᠭ᠎ᠠ ᠰᠠᠩᠭᠠᠷᠠᠭ ᠪᠠᠬᠢ ᠶᠢ ︽ᠬᠠᠭᠠᠨ ᠤ ᠦᠬᠢᠨ ᠲᠡᠭᠦᠦ᠂ ᠯᠣ᠋ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶︾ ᠬᠡᠮᠡᠨ ᠡᠷᠭᠦᠮᠵᠢᠯᠡᠭᠰᠡᠨ ᠪᠦᠭᠡᠳ ᠲᠡᠭᠦᠨ ᠤ ᠬᠦᠷᠭᠡᠨ ᠳ᠋ᠢᠶᠠᠪᠠᠯᠠ ᠬᠡᠮᠡᠭᠴᠢ ᠶᠢ ᠯᠣ᠋ ᠭᠠᠵᠠᠷ ᠤᠨ ᠸᠠᠩ ᠬᠡᠮᠡᠨ ᠡᠷᠭᠦᠮᠵᠢᠯᠡᠪᠡᠢ᠃ 1311 ᠣᠨ ᠳᠤᠷ ᠬᠠᠶᠢᠰᠠᠩ ᠬᠠᠭᠠᠨ ᠲᠡᠭᠷᠢ ᠪᠣᠯᠣᠭᠰᠠᠨ ᠤ ᠰᠢᠯᠳᠠᠭᠠᠨ ᠦᠷᠦᠰᠢᠶᠡᠯᠳᠦ ᠲᠡᠭᠡᠳᠦᠰ ᠠᠶᠣᠷᠪᠠᠷᠸᠠᠳᠠ ᠬᠡᠮᠡᠭᠴᠢ ᠬᠠᠭᠠᠨ ᠰᠠᠭᠤᠷᠢᠨ᠎ᠠ ᠰᠠᠭᠠᠳᠠᠭᠠᠳ ᠰᠠᠩᠭᠠᠷᠠᠭ ᠪᠠᠬᠢ ᠶᠢ ︽ᠬᠠᠭᠠᠨ ᠤ ᠡᠭᠡᠴᠢ᠂ ᠯᠣ᠋ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶︾ ᠬᠡᠮᠡᠨ ᠲᠡᠪᠰᠢᠭᠦᠯᠦᠨ ᠡᠷᠭᠦᠮᠵᠢᠯᠡᠪᠡᠢ᠃ ᠬᠤᠵᠢᠮ ᠠᠨᠦ ᠲᠡᠭᠦᠨ ᠤ ᠠᠴᠢ ᠬᠦᠪᠡᠭᠦᠨ ᠡᠯᠪᠡᠷᠢᠯᠳᠣ ᠲᠡᠭᠡᠳᠣᠰ ᠲᠦᠭᠳᠡᠮᠦᠷ ᠬᠡᠮᠡᠭᠴᠢ ᠪᠠᠷ ᠬᠠᠭᠠᠨ ᠰᠠᠭᠤᠷᠢᠨ᠎ᠠ ᠰᠠᠭᠠᠳᠠᠭᠠᠳ ᠰᠠᠩᠭᠠᠷᠠᠭ ᠪᠠᠬᠢ ᠶᠢ ︽ᠬᠠᠭᠠᠨ ᠤ ᠠᠪᠠᠭ᠎ᠠ ᠡᠭᠡᠴᠢ᠂ ᠯᠣ᠋ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶︾ ᠬᠡᠮᠡᠨ ᠲᠡᠪᠰᠢᠭᠦᠯᠦᠨ ᠡᠷᠭᠦᠮᠵᠢᠯᠡᠪᠡᠢ᠃ ᠰᠠᠩᠭᠠᠷᠠᠭ ᠪᠠᠬᠢ ᠦᠪᠡᠷ ᠤᠨ ᠣᠨᠴᠠᠭᠠᠢ ᠭᠠᠷᠣᠯ ᠡᠭᠦᠰᠦᠯ ᠪᠠ ᠪᠠᠶᠢᠷᠢ ᠰᠠᠭᠤᠷᠢ ᠠᠴᠠ ᠪᠠᠨ ᠪᠣᠯᠵᠣ ᠪᠢᠴᠢᠭ ᠰᠣᠳᠣᠷ ᠵᠢᠷᠤᠭ ᠲᠣᠪᠬᠢᠮᠠᠯ ᠳᠤᠷ ᠲᠤᠩ ᠲᠣᠷ᠎ᠠ ᠰᠣᠨᠢᠷᠬᠠᠯ ᠲᠠᠢ ᠪᠠᠶᠢᠵᠣ᠂ ᠡᠨᠡᠬᠦ ᠲᠣᠷ᠎ᠠ ᠰᠠᠨᠢᠷᠬᠠᠯ ᠨᠢ ᠲᠡᠭᠦᠨ ᠢ ᠦᠯᠡᠮᠵᠢ ᠣᠯᠠᠨ ᠪᠢᠴᠢᠭ ᠰᠣᠳᠣᠷ ᠢ ᠬᠤᠷᠢᠶᠠᠵᠣ ᠬᠠᠳᠠᠭᠠᠯᠠᠬᠤ ᠪᠣᠯᠭᠠᠭᠰᠠᠨ ᠪᠠᠶᠢᠯᠤᠭ᠎ᠠ᠃ ᠲᠡᠬᠦᠨ ᠤ ᠬᠠᠳᠠᠭᠠᠯᠠᠮᠵᠢ ᠨᠣᠮ ᠤᠨ ᠲᠣᠳᠣᠷ᠎ᠠ ᠠᠪᠠ ᠬᠤᠮᠣᠷᠭ᠎ᠠ ᠶᠢᠨ ᠪᠢᠴᠢᠭ ᠵᠢᠷᠤᠭ ᠲᠡᠶᠢᠯᠣᠩᠬᠡᠢ ᠪᠠᠶᠢᠳᠠᠭ ᠠᠴᠠ ᠭᠠᠳᠠᠨ᠎ᠠ ᠱᠠᠰᠢᠨ ᠰᠣᠷᠳᠠᠬᠤᠨ᠂ ᠠᠭᠤᠯᠠ ᠣᠰᠣ᠂ ᠴᠡᠴᠡᠭ ᠰᠢᠪᠠᠭᠤ᠂ ᠪᠢᠷ ᠪᠡᠭᠡᠰ᠂ ᠬᠤᠯᠣᠰᠣ ᠵᠡᠭᠡᠰᠦ᠂ ᠬᠦᠮᠦᠨ ᠮᠣᠷᠢ᠂ ᠲᠡᠷᠭᠡ ᠬᠦᠰᠭᠡ᠂ ᠵᠢᠭᠠᠰᠣ ᠵᠢᠭᠠᠷᠬᠠᠢ᠂ ᠠᠷᠢᠶᠠᠳᠠᠨ ᠭᠦᠷᠦᠭᠡᠰᠦ ᠵᠡᠷᠭᠡ ᠣᠯᠠᠨ ᠲᠠᠯ᠎ᠠ ᠶᠢ ᠬᠠᠮᠣᠷᠣᠭᠰᠠᠨ ᠰᠣᠳᠣᠷ ᠪᠢᠴᠢᠭ ᠤᠳ ᠠᠭᠰᠠᠨ ᠪᠣᠶᠣ᠃ ᠶᠣᠸᠠᠨ ᠣᠯᠣᠰ ᠤᠨ ᠨᠡᠷᠡᠳᠦ ᠣᠳᠬ᠎ᠠ ᠵᠣᠬᠢᠶᠠᠯᠴᠢ ᠪᠦᠭᠡᠳ ᠠᠰᠠᠷᠠᠨ ᠣᠩᠰᠢᠭᠴᠢ ᠡᠷᠳᠡᠮᠳᠡᠨ ᠶᠣᠸᠠᠨ ᠵᠢᠣᠸᠠᠢ ︵袁桷︶ ᠬᠡᠮᠡᠭᠴᠢ ᠡᠷᠳᠡᠮᠳᠡᠨ ᠠᠴᠠ ᠲᠣᠰᠬᠠᠶᠢᠯᠠᠨ ᠲᠡᠭᠦᠨ ᠳᠤᠷ ︽ᠯᠣ᠋ ᠭᠠᠵᠠᠷ ᠤᠨ ᠶᠡᠭᠡ ᠡᠬᠡᠴᠢᠮᠡᠳ ᠪᠠᠬᠢ ᠶᠢᠨ ᠪᠢᠴᠢᠭ ᠵᠢᠷᠤᠭ ᠤᠨ ᠲᠡᠮᠳᠡᠭᠯᠡᠯ 鲁国大长公主书画记︾ ᠬᠡᠮᠡᠭᠰᠡᠨ ᠵᠣᠬᠢᠶᠠᠯ ᠢ ᠲᠣᠭᠤᠷᠪᠢᠨ ᠪᠢᠴᠢᠵᠣ᠂ ᠦᠪᠡᠷ ᠤᠨ ᠢᠶᠠᠨ ᠵᠣᠬᠢᠶᠠᠯ ︽ᠠᠷᠢᠭᠤᠨ ᠵᠢᠰᠣᠳᠣ ᠣᠪᠰᠢ ᠶᠢᠨ ᠵᠣᠬᠢᠶᠠᠯ ᠤᠨ ᠬᠤᠷᠢᠶᠠᠮᠵᠢ 清容居士集︾ ᠬᠡᠮᠡᠭᠰᠡᠨ ᠵᠣᠬᠢᠶᠠᠯ ᠳᠠᠭᠠᠨ ᠬᠤᠷᠢᠶᠠᠮᠵᠢᠯᠠᠨ ᠣᠷᠣᠭᠤᠯᠣᠭᠰᠠᠨ ᠪᠢᠯᠠ᠃ ᠰᠠᠩᠭᠠᠷᠠᠭ ᠪᠠᠬᠢ ᠬᠡᠳᠦᠶᠢᠪᠡᠷ ᠲᠦᠴᠢᠨ ᠶᠢᠰᠦᠬᠡᠨ ᠨᠠᠰᠣᠯᠠᠭᠰᠠᠨ ᠪᠣᠯᠪᠠᠴᠣ ᠲᠡᠭᠦᠨ ᠤ ᠪᠢᠴᠢᠭ ᠤᠨ ᠰᠣᠶᠣᠯ ᠤᠨ ᠲᠡᠣᠬᠡᠨ ᠳᠤᠷ ᠦᠵᠡᠭᠦᠯᠦᠭᠰᠡᠨ ᠬᠤᠪᠢ ᠨᠡᠮᠡᠷᠢ ᠨᠢ ᠦᠨᠢᠳᠡ ᠪᠠᠯᠠᠷᠠᠰᠢ ᠦᠭᠡᠢ ᠶᠣᠮ᠃                     ⑤ ᠠᠷᠭᠠᠰᠢᠷᠢ 阿礼嘉世立 —— ︵︖ —— 1333︶᠂ ᠶᠣᠸᠠᠨ ᠣᠯᠣᠰ  ᠤᠨ ᠬᠦᠷᠭᠡᠰ᠃ ᠡᠭᠦᠨ ᠢ ᠬᠢᠳᠠᠳ ᠰᠣᠳᠣᠷ ᠲᠤᠷ᠄ ︵阿儿加失里,阿剌哥识里 ,阿里嘉室利,阿里嘉实利,阿里加失立︶ ᠬᠡᠮᠡᠨ ᠣᠯᠠᠨ ᠶᠠᠩᠵᠣ ᠪᠠᠷ ᠭᠠᠯᠢᠭᠯᠠᠨ ᠪᠢᠴᠢᠳᠡᠭ᠃ ᠡᠴᠢᠭᠡ ᠢᠨᠦ ᠯᠣ᠋ ᠸᠠᠩ ᠳ᠋ᠢᠶᠠᠪᠠᠯᠠ᠂ ᠡᠬᠡ ᠢᠨᠦ ᠰᠠᠩᠭᠠᠷᠠᠭ ᠪᠠᠬᠢ᠃ ᠣᠨᠣᠯᠳᠣ ᠶᠡᠭᠡ ︵至大︶ ᠬᠡᠮᠡᠬᠦᠢ ᠶᠢᠨ ᠲᠦᠷᠪᠡᠳᠦᠭᠡᠷ ᠣᠨ ︵1311︶ ᠳᠤᠷ ᠦᠶ᠎ᠡ ᠣᠯᠠᠷᠢᠨ ᠯᠣ᠋ ᠸᠠᠩ ᠡᠷᠭᠦᠮᠵᠢᠯᠡᠭᠳᠡᠪᠡ⑴᠃ ᠣᠬᠠᠭᠠᠨᠳᠣ ᠲᠡᠭᠡᠳᠣᠰ ᠲᠣᠭᠤᠭᠠᠨᠳᠡᠮᠣᠷ ᠬᠠᠭᠠᠨ ᠤ ᠣᠨᠣᠯᠳᠣ ᠡᠶᠡᠪᠡᠷᠬᠦ ︵ᠵᠾᠢ ᠱᠦᠨ至顺︶ ᠬᠡᠮᠡᠬᠦ ᠶᠢᠨ ᠣᠨ ︵1333 —— 1338︶ ᠨᠤᠭᠤᠳ ᠲᠤᠷ ᠬᠡᠴᠢᠶᠡᠩᠬᠦᠢ ᠨᠠᠶᠢᠷᠠᠮᠳᠠᠭᠤ ᠮᠡᠷᠭᠡᠨ ᠠᠮᠣᠭᠤᠯᠠᠩ ᠪᠠᠬᠢ ᠬᠡᠮᠡᠬᠦ ᠴᠣᠯᠠ ᠪᠠᠷ ᠰᠣᠶᠣᠷᠬᠠᠭᠳᠠᠭᠰᠠᠨ⑵ ᠡᠶᠡᠪᠡᠷ ᠲᠡᠭᠡᠳᠣᠰ ᠲᠠᠷᠮᠠᠪᠠᠯᠠ ᠶᠢᠨ ᠦᠬᠢᠨ⑶ ᠲᠣᠷᠵᠢᠪᠠᠯᠠ ︵肃雍贤宁公主朵 儿只班︶ ᠯᠤᠭ᠎ᠠ ᠭᠡᠷᠯᠡᠪᠡᠢ᠃ ᠣᠬᠠᠭᠠᠨᠳᠣ ᠬᠠᠭᠠᠨ ᠲᠣᠭᠤᠭᠠᠨᠳᠡᠮᠦᠷ ᠤᠨ ᠡᠰᠢ ᠶᠣᠰᠣᠳᠣ ︵ᠶᠤᠸᠠᠨ ᠲᠦᠩ元统︶ ᠬᠡᠮᠡᠬᠦᠢ ᠶᠢᠨ ᠠᠩᠬᠠᠳᠣᠭᠠᠷ ᠣᠨ ︵1333︶ ᠳᠤᠷ ᠨᠦᠭᠴᠢᠪᠡᠢ⑷᠃ ᠠᠷᠭᠠᠰᠢᠷᠢ ᠸᠠᠩ ᠪᠠᠷ ᠢᠩᠴᠠᠩ ᠴᠦᠯᠬᠡ ︵应 昌路 ᠬᠡᠰᠢᠭᠳᠡᠨ ᠬᠤᠰᠢᠭᠤᠨ ᠤ ᠲᠠᠯᠠᠶᠢᠨᠣᠭᠤᠷ ᠤᠨ ᠪᠠᠷᠠᠭᠤᠨ ᠡᠮᠦᠨ᠎ᠡ︶ ᠬᠢᠭᠡᠳ ᠲᠡᠭᠦᠰ ᠠᠮᠣᠭᠤᠯᠠᠩ ᠴᠦᠯᠬᠡ ︵ᠴᠢᠣᠸᠠᠨ ᠨᠢᠩ ᠯᠣ᠋全宁路 ᠣᠩᠨᠢᠭᠤᠳ ᠬᠤᠰᠢᠭᠤᠨ ᠤ ᠲᠦᠪ ᠪᠣᠷᠣᠬᠤᠳᠠ︶ ᠶᠢᠨ ᠬᠤᠭᠤᠷᠣᠨᠳᠣ ᠣᠯᠠᠷᠢᠯ ᠰᠡᠯᠬᠦᠨ ᠨᠣᠳᠣᠭᠰᠢᠵᠣ ᠠᠭᠰᠠᠨ⑸ ᠠᠵᠢ᠃                           ※ ᠠᠰᠢᠭᠯᠠᠭᠰᠠᠨ ᠰᠣᠷᠪᠣᠯᠵᠢ ᠪᠢᠴᠢᠭ                         ⑴︽ᠶᠣᠸᠠᠨ ᠣᠯᠣᠰ ᠤᠨ ᠰᠣᠳᠣᠷ᠂ ᠳ᠋ᠢᠢ ᠰᠡᠴᠢᠨ ᠤ ᠱᠠᠰᠳᠢᠷ︾                         ⑵ ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠤᠷᠢᠨ ᠭᠤᠷᠪᠠᠳᠣᠭᠠᠷ ᠪᠣᠳᠢ︾                           ⑶ᠬᠣ᠋ ᠽᠣ᠋ ᠭᠤᠸᠠᠩ ᠤᠨ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ ᠠᠴᠢᠯᠠᠯ ᠤᠨ ᠭᠡᠷᠡᠯᠳᠣ ᠬᠦᠰᠢᠶᠡᠨ ᠤ ᠪᠢᠴᠢᠭ︾                         ⑷ᠲᠦ᠋ ᠵᠢᠢ ᠶᠢᠨ ︽ᠮᠣᠩᠭᠤᠯ ᠤᠨ ᠲᠡᠣᠬᠡᠨ ᠲᠡᠮᠳᠡᠭᠯᠡᠯ᠂ ᠬᠤᠷᠢᠨ ᠭᠤᠷᠪᠠᠳᠣᠭᠠᠷ ᠪᠣᠳᠢ︾                           ⑸ᠬᠣ᠋ ᠽᠣ᠋ ᠭᠤᠸᠠᠩ ᠤᠨ ︽ᠯᠣ᠋ ᠸᠠᠩ ᠰᠠᠩᠭᠠᠪᠠᠯᠠ ᠶᠢᠨ ᠠᠭᠤᠣ ᠭᠠᠪᠢᠶ᠎ᠠ ᠣᠳᠣᠮᠳᠣ ᠠᠴᠢᠯᠠᠯ ᠤᠨ ᠭᠡᠷᠡᠯᠳᠣ ᠬᠦᠰᠢᠶᠡᠨ ᠤ ᠪᠢᠴᠢᠭ︾    
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号