ᠢᠩᠴᠠᠩ ᠬᠤᠷᠤᠭ᠎ᠠ ᠶᠢᠨ ᠬᠡᠰᠢᠭ ᠲᠤᠷ ᠬᠠᠷᠢᠭᠤᠯᠣᠭᠴᠢ ᠰᠦᠮ᠎ᠡ ᠶᠢᠨ ᠭᠡᠷᠡᠯᠲᠦ ᠬᠦᠰᠢᠶᠡᠨ ᠤ ᠪᠢᠴᠢᠭ ︵ᠨᠢᠭᠡ︶
ᠨᠡᠶᠢᠲᠡᠯᠡᠭᠰᠡᠨ ᠴᠠᠭ᠄
2019/11/25
                                    ﹇ᠶᠣᠸᠠᠨ ᠣᠯᠣᠰ﹈     ᠴᠧᠩ ᠵᠢᠣᠢ ᠹᠦ᠋     ᠵᠣᠬᠢᠶᠠᠪᠠᠢ                                     ᠪᠤᠷᠵᠢᠭᠢᠨ ᠰᠤᠭᠳᠤᠷᠵᠠᠪ   ᠤᠷᠴᠢᠭᠤᠯᠤᠨ ᠲᠠᠶᠢᠯᠪᠤᠷᠢᠯᠠᠪᠠ                                     ᠢᠩᠴᠠᠩ ᠬᠡᠮᠡᠬᠦ ᠬᠤᠳᠠ ᠴᠣᠭᠴᠠᠯᠠᠭᠳᠠᠭᠠᠳ ﹇ᠨᠢᠭᠡᠨᠳᠡᠶᠢᠶ᠎ᠠ﹈ ᠲᠦᠴᠢᠨ ᠨᠢᠭᠡᠨ ᠣᠨ ᠪᠣᠯᠵᠣᠬᠤᠢ᠂ ᠲᠡᠭᠡᠳᠦ【 ᠬᠠᠶᠢᠰᠠᠩ ᠬᠠᠭᠠᠨ】 ᠶᠢᠨ ᠪᠡᠶ᠎ᠡ ᠪᠠᠷ ᠬᠠᠭᠠᠨ ᠰᠠᠭᠤᠷᠢᠨ᠎ᠠ ᠰᠠᠭᠠᠳᠠᠭᠰᠠᠨ ᠲᠣᠭᠳᠠᠮ【 ᠠᠩᠬ᠎ᠠ】 ᠳᠤᠷ  ᠢᠶᠠᠨ ᠰᠠᠩᠭᠠᠷᠠᠭ ᠪᠠᠬᠢ【 ᠭᠦᠩᠵᠦ】 ᠶᠢ ᠬᠠᠭᠠᠨ ᠤ ᠡᠭᠡᠴᠢ ᠶᠡᠭᠡ ᠡᠬᠡᠴᠢᠮᠡᠳ ᠪᠠᠬᠢ【ᠭᠦᠩᠵᠦ】ᠬᠡᠮᠡᠨ ᠡᠷᠭᠦᠮᠵᠢᠯᠡᠭᠰᠡᠨ᠎ᠡ ᠬᠦᠪᠡᠭᠦᠨ ᠢᠨᠦ ᠠᠷᠭᠠᠰᠢᠷᠢ ⑤ ᠬᠡᠮᠡᠭᠴᠢ ᠪᠠᠷ ᠦᠶ᠎ᠡ  ᠵᠠᠯᠭᠠᠮᠵᠢᠯᠠᠨ ᠯᠣ᠋ ᠸᠠᠩ ᠡᠷᠭᠦᠮᠵᠢᠯᠡᠭᠳᠡᠪᠡᠢ ᠃ ᠵᠠᠷᠯᠢᠭ ᠪᠠᠭᠤᠭᠰᠠᠨ ᠲᠡᠷᠡ ᠡᠳᠦᠷ᠂ ᠡᠵᠡᠨ【ᠰᠠᠩᠭᠠᠷᠠᠭ ᠪᠠᠬᠢ】 ᠢᠶᠠᠷ ᠸᠠᠩ【ᠯᠣ᠋ ᠸᠠᠩ ᠠᠷᠭᠠᠰᠢᠷᠢ 】 ᠲᠤᠷ ᠦᠭᠦᠯᠡᠷᠦᠨ᠄ ᠢᠩᠴᠠᠩ ᠨᠣᠳᠤᠭ ᠬᠡᠮᠡᠭᠴᠢ ᠲᠣᠯᠭᠤᠷ ᠣᠷᠢᠳᠣᠰ【 ᠲᠠᠶᠢᠽᠦ ᠴᠢᠩᠭᠢᠰ】ᠬᠠᠭᠠᠨ ᠠᠴᠠ ᠡᠭᠦᠰᠭᠡᠨ ﹇ᠡᠷᠭᠦᠮᠵᠢᠯᠡᠵᠦ﹈  ᠰᠣᠷᠪᠣᠯᠵᠢ ᠣᠷᠢᠳᠣᠰ【 ᠰᠢᠽᠦ ᠬᠤᠪᠢᠯᠠᠢ ᠰᠡᠴᠢᠨ ᠬᠠᠭᠠᠨ 】 ᠠᠴᠠ ﹇ᠡᠬᠢᠯᠡᠭᠦᠯᠦᠨ ᠴᠣᠭᠴᠠᠯᠠᠵᠦ﹈᠂ ᠬᠡᠰᠢᠭᠳᠦ ᠲᠡᠭᠡᠳᠣᠰ ᠬᠠᠭᠠᠨ【 ᠴᠢᠩᠭᠢᠮ】⑥ ﹇ ᠢ ᠲᠠᠮᠵᠢᠭᠠᠳ﹈᠂ ᠡᠶᠡᠪᠡᠷᠭᠦ ᠲᠡᠭᠡᠳᠦᠰ ᠬᠠᠭᠠᠨ【ᠲᠠᠷᠮᠠᠪᠠᠯᠠ】⑦ ᠤ ᠦᠶ᠎ᠡ ᠳᠤᠷ ﹇ᠬᠦᠷᠦᠭᠡᠳ﹈ ᠬᠤᠳᠠ ᠪᠣᠯᠵᠣ ᠪᠦᠳᠦᠪᠡᠢ᠃ ᠡᠳᠦᠭᠡ ᠶᠢᠨ ᠲᠡᠭᠷᠢ ᠶᠢ ᠲᠦᠷᠢᠮᠯᠡᠵᠦ ᠪᠣᠭᠳᠠ ᠶᠢ ᠮᠠᠨᠳᠣᠭᠤᠯᠣᠭᠰᠠᠨ᠂ ᠨᠢᠭᠦᠯᠡᠰᠦᠩᠭᠦᠢ ᠦᠷᠦᠰᠢᠶᠡᠯᠳᠦ ᠴᠢᠭᠡᠴᠢ ᠶᠣᠰᠣᠳᠦ᠂ ᠬᠤᠳᠣᠭᠳᠦ ᠡᠰᠢᠳᠦ ᠡᠰᠡᠷᠸ᠎ᠠ ᠲᠡᠭᠡᠳᠦ ᠬᠠᠲᠤᠨ【ᠳ᠋ᠠᠵᠢ ᠬᠠᠳᠣᠨ】⑧ ᠪᠠᠷ ᠪᠣᠯᠪᠠᠰᠦ ᠮᠠᠭᠠᠳᠳᠠᠶᠢᠶ᠎ᠠ ᠡᠨᠡ ᠣᠷᠣᠨ ᠠᠴᠠ ᠴᠣᠯᠭᠤᠷᠠᠭᠰᠠᠨ ᠠᠨᠦ ᠪᠦᠯᠦᠭᠡ᠃                         ᠲᠡᠭᠡᠳᠦ ᠪᠠᠷ ᠦᠨᠡᠨᠴᠢ ᠪᠠᠳᠦ ᠲᠣᠳᠣᠨᠦ ᠡᠯᠢᠭᠡᠰᠡᠭ ᠤᠨ ᠨᠠᠶᠢᠷ ᠢ ᠳᠡᠭᠡᠳᠣᠯᠡᠨ᠂ ᠪᠣᠳᠣᠭᠡᠭᠴᠢ ᠲᠡᠭᠡᠳᠣᠰ【 ᠴᠧᠩᠽᠣᠩ ᠲᠡᠮᠣᠷ ᠬᠠᠭᠠᠨ】⑨᠂ ᠴᠣᠭᠳᠦ ᠲᠡᠭᠡᠳᠣᠰ 【 ᠦᠽᠦ᠋ᠩ ᠬᠠᠶᠢᠰᠠᠩ ᠬᠠᠭᠠᠨ】⑩ ᠤᠨ ᠦᠨᠡᠨ  ᠢᠶᠠᠷ ᠵᠠᠬᠢᠭᠰᠠᠨ ᠰᠠᠨᠠᠭ᠎ᠠ ᠶᠢ ᠲᠡᠭᠡᠳᠦᠯᠡᠭᠰᠡᠨ ᠢᠶᠠᠷ ᠦᠨᠦᠳᠦᠷ ﹇ ᠤᠨ ᠬᠡᠰᠢᠭ ᠰᠣᠶᠣᠷᠬᠠᠯ﹈ ᠠᠭᠰᠠᠨ ᠪᠣᠢ ᠢ ᠎ᠠ᠃ ᠬᠡᠰᠢᠭ ᠲᠤᠷ ᠬᠠᠷᠢᠭᠤᠯᠣᠯ ᠬᠢᠰᠣᠭᠡᠢ ᠬᠡᠮᠡᠪᠡᠰᠦ᠂ ᠭᠠᠭᠴᠠᠬᠦ ᠪᠣᠷᠬᠠᠨ ᠳᠤᠷ ᠰᠦᠰᠦᠭᠯᠡᠪᠡᠰᠦ ᠵᠦᠢ ᠲᠣᠯᠠ ᠣᠨᠣᠯᠳᠦ ᠶᠡᠭᠡ ﹇ᠵᠾᠢ ᠳ᠋ᠠ 至大﹈ ᠬᠡᠮᠡᠬᠦᠢ ᠶᠢᠨ ᠬᠤᠶᠠᠳᠣᠭᠠᠷ ᠣᠨ ︵1309︶ ᠳᠤᠷ ᠪᠣᠷᠬᠠᠨ ᠰᠦᠮ᠎ᠡ ᠶᠢ ᠲᠣᠰᠣᠪᠯᠡᠨ ᠵᠢᠷᠣᠵᠦ᠂ ᠣᠷᠳᠣᠨ ᠤ ᠵᠡᠭᠦᠨ ᠳᠤᠷ ᠪᠠᠶᠢᠭᠤᠯᠣᠭᠠᠳ ᠬᠡᠰᠢᠭ ᠲᠤᠷ ᠬᠠᠷᠢᠭᠤᠯᠣᠭᠴᠢ ᠬᠡᠮᠡᠨ ᠨᠡᠷᠡᠶᠢᠳᠦᠯᠣᠭᠡ᠃                         ᠲᠡᠶᠢᠨᠬᠦ ᠰᠦᠮ᠎ᠡ ᠶᠢ ᠪᠦᠲᠦᠭᠡᠰᠦᠭᠡᠢ ᠬᠡᠮᠡᠨ ᠬᠦᠴᠣᠯᠡᠨ ᠵᠢᠳᠭᠦᠭᠰᠡᠨ᠎ᠡ ᠲᠡᠳᠣᠢ ᠪᠦᠳᠣᠵᠣᠬᠦᠢ᠃ ᠦᠰᠦᠭ ᠰᠡᠶᠢᠯᠦᠭᠰᠡᠨ ᠬᠦᠰᠢᠶ᠎ᠡ ᠶᠢ ᠪᠣᠰᠬᠠᠵᠣ᠂ ᠬᠡᠮᠵᠢᠶᠡᠯᠡᠰᠢ ᠦᠭᠡᠢ ᠬᠠᠷᠢᠭᠤᠯᠣᠯ ᠢᠶᠠᠨ ᠢᠯᠡᠳᠳᠡ ᠢᠯᠡᠷᠬᠡᠶᠢᠯᠡᠰᠣᠭᠡᠢ ᠬᠡᠮᠡᠵᠦ ᠲᠦᠰᠢᠮᠡᠯ ᠨᠠᠳᠠ ᠶᠢ ᠦᠭᠡᠰ ᠢ ᠪᠢᠴᠢᠭᠳᠦᠨ ᠬᠡᠮᠡᠨ ᠲᠡᠭᠡᠳᠦ ᠪᠠᠷ ᠵᠠᠷᠯᠢᠭ ᠪᠣᠯᠣᠭᠰᠠᠨ᠎ᠠ᠂ ᠲᠦᠰᠢᠮᠡᠯ ᠵᠢᠣᠢ ᠹᠦ᠋ ᠪᠠᠷ ᠬᠡᠴᠢᠶᠡᠩᠭᠦᠶᠢᠯᠡᠨ ᠬᠦᠯᠢᠶᠡᠵᠦ ᠠᠷᠢᠭᠤᠳᠬᠠᠨ ᠪᠢᠴᠢᠪᠡᠢ᠃                         ᠲᠣᠯᠭᠤᠷ ᠣᠷᠢᠳᠣᠰ【 ᠲᠠᠶᠢᠽᠦ ᠴᠢᠩᠭᠢᠰ ᠬᠠᠭᠠᠨ】 ᠪᠠᠷ ᠠᠩᠬ᠎ᠠ ᠮᠠᠨᠳᠤᠬᠤᠶ᠎ᠠ᠂ ᠯᠣ᠋ ᠭᠠᠵᠠᠷ【ᠣᠳᠣᠬᠢ ᠱᠠᠨᠳᠦ᠋ᠩ ᠮᠣᠵᠢ】 ᠤᠨ ᠣᠷᠤᠭ ᠲᠦᠷᠣᠯ ᠤᠨ ᠴᠣᠭᠳᠦ ᠸᠠᠩ ᠠᠯᠴᠣ⒆ ᠨᠣᠶᠠᠨ ᠪᠠᠷ ᠵᠠᠷᠯᠢᠭ ᠢ ᠲᠠᠭᠠᠨ ᠬᠦᠴᠣᠯᠡᠨ ᠵᠢᠳᠭᠦᠭᠡᠳ᠂ ᠦᠷᠯᠦᠭ ᠭᠠᠪᠢᠶ᠎ᠠ ᠪᠠᠶᠢᠭᠤᠯᠣᠭᠰᠠᠨ᠎ᠠ᠂ ᠬᠤᠪᠢ ᠨᠣᠳᠤᠭ ᠬᠦᠷᠳᠡᠭᠡᠭᠰᠡᠨ ᠪᠦᠭᠡᠳ ᠦᠶ᠎ᠡ ᠣᠯᠠᠷᠢᠨ ᠣᠷᠤᠭ ᠰᠠᠭᠤᠬᠤ ᠪᠣᠯᠵᠤᠭ᠎ᠠ ᠶᠢ ᠲᠣᠭᠳᠠᠭᠠᠭᠰᠠᠨ ᠢᠶᠠᠷ᠂ ᠲᠡᠶᠢᠨᠬᠦ ᠴᠢᠭᠡᠴᠢ ᠶᠣᠰᠣᠳᠦ ᠡᠶᠡᠪᠡᠷᠭᠦ ᠪᠣᠭᠳᠠ ᠬᠦᠷᠣᠨ ᠬᠠᠳᠣᠨ【 ᠴᠠᠮᠪᠢ ᠬᠠᠳᠣᠨ】⑿ ᠢ ᠮᠠᠨ ᠤ ᠰᠣᠷᠪᠣᠯᠵᠢ ᠣᠷᠢᠳᠣᠰ【 ᠰᠢᠼᠦ ᠬᠤᠪᠢᠯᠠᠢ ᠰᠡᠴᠡᠨ ᠬᠠᠭᠠᠨ】 ᠪᠠᠷ ᠬᠠᠳᠣᠨ ᠪᠣᠯᠭᠠᠨ ᠲᠠᠳᠠᠯᠤᠭ᠎ᠠ᠃                         ᠲᠣᠯᠭᠤᠷ ᠣᠷᠢᠳᠣᠰ ᠤᠨ ᠣᠴᠢ ᠰᠡᠴᠡᠬᠡᠨ ᠪᠠᠬᠢ【 ᠭᠦᠩᠵᠦ 】⒀ ᠪᠠᠷ ᠸᠠᠩ ᠤᠨ ᠬᠦᠪᠡᠭᠦᠨ ᠨᠠᠴᠢᠨ ⒁ ᠯᠤᠭ᠎ᠠ ᠭᠡᠷᠯᠡᠪᠡᠢ᠃ ᠣᠨᠣᠯᠳᠣ ᠲᠡᠷᠢᠭᠦᠨ【 ᠵᠾᠢ ᠶᠣᠸᠠᠨ 至元】ᠬᠡᠮᠡᠬᠦᠢ ᠶᠢᠨ ᠨᠠᠢᠮᠠᠳᠤᠭᠠᠷ ᠣᠨ ︵1271︶ ᠳᠤᠷ ᠢᠩᠴᠠᠩ ᠬᠤᠷᠤᠭ᠎ᠠ ᠶᠢ ᠡᠬᠢᠯᠡᠨ ᠪᠠᠶᠢᠭᠤᠯᠵᠦ᠂ ᠬᠦᠪᠡᠭᠦᠨ ᠲᠡᠮᠣᠷ ⒂ᠬᠡᠮᠡᠭᠴᠢ ᠶᠢ ᠡᠷᠭᠦᠮᠵᠢᠯᠡᠨ᠂ ᠬᠠᠭᠠᠨ【 ᠬᠤᠪᠢᠯᠠᠢ ᠰᠡᠴᠢᠨ ᠬᠠᠭᠠᠨ】 ᠤ ᠣᠳᠬᠠᠨ ᠦᠬᠢᠨ ᠨᠠᠩᠭᠠᠴᠢᠨ ᠪᠠᠬᠢ【 ᠭᠦᠩᠵᠦ】⒃ ᠯᠦᠭᠡ ᠭᠡᠷᠯᠡᠭᠦᠯᠪᠡᠢ᠃ ᠲᠦᠳᠡᠯ ᠦᠭᠡᠢ ᠬᠤᠷᠤᠭ᠎ᠠ ᠬᠡᠮᠡᠬᠦᠢ ᠶᠢ ᠠᠨᠦ ᠲᠡᠪᠰᠢᠭᠦᠯᠣᠭᠡᠳ ᠴᠦᠯᠬᠡ ⒄ ᠪᠣᠯᠭᠠᠯᠤᠭ᠎ᠠ᠃                           ᠠᠷᠪᠠᠨ ᠲᠦᠷᠪᠡᠳᠦᠭᠡᠷ ᠣᠨ ︵1277︶ ᠳᠤᠷ᠂ ᠲᠡᠮᠣᠷ ᠬᠡᠮᠡᠭᠴᠢ ᠪᠠᠷ ᠣᠮᠠᠷᠠᠰᠢ ᠲᠠᠶᠢᠯᠠᠵᠦ᠂ ᠦᠷᠯᠦᠭ ᠭᠠᠪᠢᠶ᠎ᠠ ᠪᠠᠶᠢᠭᠤᠯᠣᠭᠰᠠᠨ᠎ᠠ᠂ ᠠᠯᠳᠠᠷᠳᠦ ᠨᠣᠶᠠᠨ ᠬᠡᠮᠡᠭᠰᠡᠨ ᠴᠤᠯᠠ ᠪᠠᠷ ᠰᠣᠶᠣᠷᠬᠠᠭᠳᠠᠪᠠᠢ᠃                         ᠢᠵᠠᠭᠤᠷ ᠪᠠᠳᠣ【 ᠶᠣᠸᠠᠨ ᠵᠧᠨ元贞】ᠬᠡᠮᠡᠬᠦᠢ ᠶᠢᠨ ᠠᠩᠬᠠᠳᠣᠭᠠᠷ ᠣᠨ ︵1295︶ ᠳᠤᠷ  ᠵᠢᠨᠢᠩ ︵济宁︶ ᠸᠠᠩ ᠬᠡᠮᠡᠨ ᠡᠷᠭᠦᠮᠵᠢᠯᠡᠭᠳᠡᠭᠰᠡᠨ ᠲᠣᠯᠠ᠂ ᠡᠵᠡᠨ ᠪᠠᠷ ᠬᠠᠭᠠᠨ ᠤ ᠠᠪᠠᠭ᠎ᠠ ᠡᠭᠡᠴᠢ ᠯᠣ᠋ ᠭᠠᠵᠠᠷ ᠤᠨ ᠶᠡᠭᠡ ᠡᠬᠡᠴᠢᠮᠡᠳ ᠪᠠᠬᠢ【 ᠭᠦᠩᠵᠦ】ᠬᠡᠮᠡᠨ ᠡᠷᠭᠦᠮᠵᠢᠯᠡᠭᠳᠡᠭᠰᠡᠨ ᠪᠦᠭᠡᠳ ᠬᠦᠪᠡᠭᠦᠨ ᠢᠨᠦ ᠳ᠋ᠢᠶᠠᠪᠠᠯᠠ⒅ ᠬᠡᠮᠡᠭᠴᠢ ᠰᠠᠩᠭᠠᠷᠠᠭ ᠪᠠᠬᠢ ᠯᠤᠭ᠎ᠠ ᠭᠡᠷᠯᠡᠵᠦᠬᠦᠢ᠃ ᠰᠠᠩᠭᠠᠷᠠᠭ ᠪᠠᠬᠢ ᠪᠣᠯᠪᠠᠰᠦ ᠡᠳᠦᠬᠡ ᠶᠢᠨ ᠡᠰᠡᠷᠸ᠎ᠠ ᠲᠡᠭᠡᠳᠦ ᠭᠦᠷᠦᠨ ᠬᠠᠳᠣᠨ ︵ᠳ᠋ᠠᠵᠢ ᠪᠦᠯᠣᠭᠡ︶ ᠤ ᠭᠤᠷᠪᠠᠨ ᠬᠡᠣᠬᠡᠳ ᠤᠨ ᠬᠢᠨᠢ ᠲᠣᠮᠳᠠᠬᠢ ᠠᠨᠦ ᠪᠣᠯᠣᠮᠣᠢ᠃ ᠶᠡᠭᠡ ᠡᠷᠳᠡᠮᠳᠦ ᠬᠡᠮᠡᠬᠦᠢ ᠶᠢᠨ ᠠᠷᠪᠠᠨ ᠨᠢᠭᠡᠳᠦᠭᠡᠷ ᠣᠨ ︵1307︶ ᠳᠤᠷ ᠴᠣᠭᠳᠦ ᠲᠡᠭᠡᠳᠦᠰ ︵ᠦᠽᠦ᠋ᠩ 武宗᠂ ᠬᠠᠶᠢᠰᠠᠩ ᠬᠠᠭᠠᠨ︶ ᠪᠠᠷ ᠬᠠᠭᠠᠨ ᠰᠠᠭᠤᠷᠢᠨ᠎ᠠ ᠰᠠᠭᠠᠳᠠᠭᠠᠳ ﹇ᠰᠠᠩᠭᠠᠷᠠᠭ ᠪᠠᠬᠢ ᠶᠢ﹈ ᠶᠢ ᠬᠠᠭᠠᠨ ᠤ ᠡᠭᠡᠴᠢ ᠶᠡᠭᠡ ᠡᠭᠡᠴᠢᠮᠡᠳ ᠪᠠᠬᠢ ᠬᠡᠮᠡᠨ ᠡᠷᠭᠦᠮᠵᠢᠯᠡᠵᠦ᠂ ᠳ᠋ᠢᠶᠠᠪᠠᠯᠠ ᠶᠢ ᠯᠣ᠋ ᠸᠠᠩ ᠬᠡᠮᠡᠨ ᠡᠷᠭᠦᠮᠵᠢᠯᠡᠪᠡᠢ᠃ ᠡᠳᠦᠭᠡ ᠪᠣᠯᠬᠤᠶ᠎ᠠ ᠸᠠᠩ ᠤᠨ ᠰᠠᠭᠤᠷᠢᠨ ᠢ ᠵᠠᠯᠭᠠᠮᠵᠢᠯᠠᠭᠰᠠᠳ ᠬᠡᠮᠡᠪᠡᠰᠦ ᠡᠪᠦᠭᠡ ᠠᠴᠠ ᠪᠠᠨ ᠠᠪᠣᠭᠠᠳ ᠵᠢᠴᠢ ᠳᠤᠷ ᠢᠶᠠᠨ ᠬᠦᠷᠳᠡᠯ᠎ᠡ ᠨᠢᠭᠡᠨᠳᠡ ᠲᠠᠪᠣᠨ ᠦᠶ᠎ᠡ ᠪᠣᠯᠵᠣᠬᠤᠢ᠃ ᠨᠣᠳᠤᠭ ᠠᠨᠦ ᠨᠡᠩᠳᠡ ᠶᠡᠬᠡᠰᠴᠦ᠂ ᠬᠡᠷᠬᠢᠮ ᠢᠨᠦ ᠣᠯᠠᠮ ᠲᠠᠪᠰᠢᠭᠠᠳ᠂ ᠬᠡᠰᠢᠭ ᠬᠦᠷᠳᠡᠭᠡᠯ ᠢᠨᠦ ᠠᠳᠠᠪᠠᠰᠢ ᠵᠣᠵᠠᠭᠠᠷᠠᠪᠠᠢ᠃ ᠬᠡᠰᠢᠭ ᠲᠤᠷ ᠢᠨᠦ ᠬᠠᠷᠢᠭᠤᠯᠣᠯ ᠬᠢᠰᠦᠭᠡᠢ ᠬᠡᠮᠡᠬᠦᠶ᠎ᠡ ᠬᠠᠷᠢᠶᠠᠳᠦ ᠠᠯᠪᠠᠳᠦ ᠪᠠᠷ ᠸᠠᠩ ᠤᠨ ᠵᠠᠰᠠᠭ ᠲᠤᠷ ᠲᠣᠰᠠᠯᠠᠵᠦ᠂ ᠢᠪᠡᠭᠡᠯ ᠳᠤᠷ ᠢᠨᠦ ᠲᠠᠬᠢᠮᠳᠠᠭᠤ【ᠠᠴᠢᠯᠠᠯ】 ᠶᠢ ᠭᠦᠢᠴᠢᠳᠭᠡᠰᠦᠬᠡᠢ ᠬᠡᠮᠡᠬᠦᠯ᠎ᠡ ᠨᠣᠶᠠᠳ ᠲᠦᠰᠢᠮᠡᠳ ᠪᠠᠷ ᠲᠦᠷᠦ ᠵᠠᠰᠠᠭ ᠢ ᠲᠡᠳᠭᠦᠭᠰᠡᠨ ᠪᠠᠶᠢᠯᠤᠭ᠎ᠠ᠃                         ᠡᠭᠡᠨᠡᠭᠳᠡ ᠬᠤᠩᠭᠢᠷᠠᠳ ᠣᠪᠣᠭᠳᠠᠨ ᠳᠤᠷ ᠡᠷᠳᠡᠨ ᠳᠡᠭᠡᠨ ﹇ᠦᠷᠡᠵᠢᠨ ᠲᠡᠯᠭᠡᠷᠡᠵᠦ ᠦᠷᠨᠢᠨ ᠪᠣᠵᠠᠭᠠᠶᠢᠷᠠᠭᠰᠠᠨ﹈ ᠲᠦᠱᠠᠨ⒆ ᠮᠡᠳᠦ ᠭᠠᠵᠠᠷ︔ ﹇ᠦᠩ ᠰᠢᠮᠡᠯᠢᠭ ᠪᠠᠶᠠᠨ ᠲᠠᠩᠰᠤᠭ﹈ ᠶᠢᠣᠰᠦᠩ⒇ ᠮᠡᠳᠦ ᠨᠣᠳᠤᠭ ᠣᠷᠣᠨ ᠠᠭᠰᠠᠨ ᠬᠡᠮᠡᠪᠡᠴᠦ ᠲᠡᠭᠵᠢᠷᠡᠨ ᠦᠭᠡᠳᠡᠯᠡᠭᠦᠢ ᠳᠤᠷ ᠬᠠᠷᠠᠬᠠᠨ ᠲᠣᠯᠢᠮᠠᠭᠳᠠᠭᠰᠠᠨ ᠠᠵᠣᠭᠤ᠃                         ᠰᠦᠮ᠎ᠡ ᠶᠢ ᠲᠡᠭᠦᠨᠴᠢᠯᠡᠨ ᠪᠠᠶᠢᠭᠤᠯᠣᠭᠰᠠᠨ‌ᠠᠨᠦ ᠲᠡᠭᠡᠳᠦ ᠬᠠᠭᠠᠨ ᠤ ᠬᠡᠰᠢᠭ ᠲᠤᠷ ᠬᠠᠷᠢᠭᠤᠯᠣᠯ ᠢ ᠠᠨᠦ ᠭᠦᠢᠴᠡᠳᠭᠡᠨ ᠰᠢᠳᠣᠷᠭᠤ ᠲᠠᠬᠢᠮᠳᠠᠭᠤ【ᠠᠴᠢᠯᠠᠯ】 ᠪᠠᠨ ᠢᠯᠡᠳᠭᠡᠭᠰᠡᠨ ᠢᠨᠦ ᠪᠦᠯᠦᠭᠡ᠃ ᠲᠣᠭᠠᠩ ᠲᠢᠩᠬᠢᠮ ᠤᠨ ᠴᠢᠬᠢᠨ ᠭᠡᠷ᠂ ᠵᠣᠭᠤᠭ【 ᠬᠤᠭᠤᠯᠠ】 ᠤᠨ ᠦᠷᠦᠭᠡ᠂ ᠴᠠᠢ ᠶᠢᠨ ᠮᠣᠬᠤᠯᠠᠭ᠂ ᠰᠠᠩ ᠬᠦᠮᠦᠷᠭᠡ ᠲᠡᠷᠢᠭᠦᠳᠡᠨ ᠢ ᠠᠪᠰᠠᠷ ᠴᠣᠮᠬᠠᠨ ᠪᠠᠶᠢᠭᠤᠯᠵᠣ᠂ ᠰᠣᠳᠣᠷ ᠪᠢᠴᠢᠭ ᠬᠠᠳᠠᠭᠠᠯᠠᠬᠤ ᠦᠷᠦᠬᠡ᠂ ᠭᠡᠷᠡᠯᠳᠦ ᠬᠦᠰᠢᠶ᠎ᠡ ᠪᠣᠰᠬᠠᠬᠤ ᠲᠠᠭᠳᠣ ᠲᠡᠷᠢᠭᠦᠳᠡᠳ ᠤᠨ ᠦᠵᠡᠮᠵᠢ ᠪᠠᠶᠢᠳᠠᠯ ᠦᠩᠭᠡ ᠢᠯᠭᠠᠷᠠᠨ ᠰᠣᠯᠣᠩᠭᠠᠷᠠᠵᠦ᠂ ᠵᠢᠭᠳᠡᠷᠡᠨ ᠰᠦᠯᠵᠢᠯᠳᠣᠭᠡᠳ ᠠᠳᠠᠪᠠᠰᠢ ᠰᠦᠷ ᠵᠢᠪᠬᠤᠯᠠᠩᠳᠠᠢ ᠪᠦᠯᠦᠭᠡ᠃ ᠡᠷᠭᠢᠨ ᠲᠣᠭᠤᠷᠢᠨ ᠢ ᠭᠤᠷᠢᠶᠠᠯᠠᠨ【 ᠭᠤᠷᠢᠶ᠎ᠠ —— ᠰᠦᠮ᠎ᠡ ᠶᠢᠨ ᠬᠡᠷᠡᠮ 】 ᠬᠦᠷᠢᠶᠡᠯᠡᠵᠦ᠂ ᠦᠪᠴᠢ ᠳᠤᠨᠢ ᠦᠩᠭᠡᠯᠡᠨ ᠴᠢᠮᠡᠭᠯᠡᠭᠡᠳ ᠨᠢᠭᠡᠨ ᠰᠢᠷᠬᠡᠭ ᠣᠨᠢ᠂ ᠦᠷᠣᠭᠡᠰᠣᠨ ᠴᠢᠯᠠᠭᠤ ᠶᠢ ᠴᠣ᠋ ᠭᠡᠰᠡᠨ ᠡᠷᠬᠡᠨ᠋ᠦ᠋ᠭᠡᠢ ᠦᠪᠡᠷᠳᠡᠭᠡᠨ ᠭᠠᠷᠭᠠᠵᠦ ᠨᠢᠭᠡᠨ ᠡᠷ᠎ᠡ ᠶᠢᠨ ᠬᠦᠴᠣᠨ ᠪᠠ ᠭᠠᠭᠴᠠ ᠬᠦᠮᠣᠨ ᠤ ᠠᠯᠪᠠ ᠪᠠᠷ ᠴᠦ ᠢᠷᠭᠡᠳ ᠢ ᠡᠰᠡ ᠵᠦᠳᠡᠭᠡᠯᠦᠭᠡ᠂ ᠰᠦᠮ᠎ᠡ ᠰᠠᠩ ᠳᠤᠷ ᠢᠶᠠᠨ ᠬᠤᠸᠠᠷᠬᠠᠴᠣᠳ ᠢ ᠰᠣᠩᠭᠤᠨ ᠲᠡᠪᠰᠢᠭᠦᠯᠵᠦ᠂ ᠨᠠᠮᠠᠨᠴᠢᠯᠠᠯ ᠵᠠᠯᠪᠠᠷᠢᠯ ᠳᠤᠷ ᠢᠶᠠᠨ ᠬᠢᠴᠢᠶᠡᠭᠰᠡᠳ ᠢ ᠠᠨᠦ ᠰᠡᠴᠡᠨ ᠪᠢᠯᠢᠭᠳᠡᠨ ᠬᠡᠮᠡᠯᠦᠬᠡ᠃                         ᠡᠵᠡᠨ ᠤ ᠪᠡᠶ᠎ᠡ ᠴᠦ ᠡᠨᠡ ᠰᠦᠮ᠎ᠡ ᠳᠤᠷ ᠢᠶᠠᠨ ﹇ᠵᠢᠳᠭᠦᠷᠦᠨ﹈᠂ ᠲᠡᠳᠡᠭᠡᠷ ᠱᠠᠪᠢᠨᠠᠷ ᠢ ᠡᠳᠣᠷᠵᠢᠨ ᠲᠣᠳᠣᠮᠳᠠᠵᠦ᠂ ᠪᠣᠶᠠᠨ ᠨᠣᠮ ᠳᠤᠷ ᠬᠢᠴᠢᠶᠡᠯᠭᠡᠨ ᠢᠷᠣᠭᠡᠯ ᠦᠴᠢᠯ【 ᠦᠴᠢᠯ ᠬᠡᠮᠡᠭᠴᠢ ᠲᠡᠭᠷᠢ ᠭᠠᠵᠠᠷ ᠬᠢᠭᠡᠳ ᠲᠡᠭᠡᠳᠦᠰ ᠤᠨ ᠰᠦᠮ᠎ᠡ ᠳᠡᠭᠡᠨ ᠲᠠᠬᠢᠯ ᠡᠷᠭᠦᠬᠦ ᠳᠤ ᠣᠩᠰᠢᠬᠤ ᠮᠠᠭᠳᠠᠭᠠᠯ ᠰᠢᠯᠦᠭ】ᠣᠩᠰᠢᠭᠤᠯᠵᠣ᠂ ᠨᠣᠮ ᠤᠨ ᠲᠠᠭᠤᠨ ᠢ ᠪᠢᠯᠬᠠᠭᠤᠯᠬᠤᠶ᠎ᠠ ᠣᠯᠠᠨ ᠪᠣᠷᠬᠠᠨ ᠭᠡᠷᠡᠯᠳᠡᠭᠦᠯᠦᠨ ᠵᠠᠯᠠᠷᠠᠵᠣ᠂ ᠨᠦᠭᠴᠢᠭᠰᠡᠨ ᠲᠡᠭᠡᠳᠦᠰ ᠪᠠᠷ ᠮᠣᠷᠢᠯᠠᠨ ᠰᠠᠭᠠᠳᠠᠭᠠᠳ ᠬᠠᠭᠠᠨ ᠤ ᠣᠳᠣᠮ᠂ ᠸᠠᠩ ᠤᠨ ᠣᠭᠰᠠᠭᠠᠳᠠᠳ ᠤᠨ ᠬᠡᠰᠢᠭ ᠪᠣᠶᠠᠨ ᠨᠡᠩᠳᠡ ᠲᠡᠯᠭᠡᠷᠡᠬᠦᠢ ᠶᠢᠨ ᠲᠣᠯᠠᠳᠠ ᠰᠦᠮ᠎ᠡ ᠶᠢ ᠢᠨᠦ ᠭ᠊ ᠬᠡᠰᠢᠭ ᠲᠤᠷ ᠬᠠᠷᠢᠭᠤᠯᠣᠭᠴᠢ ᠬᠡᠮᠡᠭᠰᠡᠨ᠎ᠡ ᠴᠢᠪ ᠬᠡᠮᠡᠨ ᠲᠠᠭᠠᠯᠠᠯ ᠳᠤᠷ ᠠᠨᠦ ᠵᠤᠬᠢᠴᠠᠭᠰᠠᠨ ᠪᠦᠯᠣᠭᠡ᠃                           ᠠᠰᠣᠷᠣ ᠬᠡᠴᠢᠶᠡᠩᠭᠦᠶᠢᠯᠡᠯᠳᠡᠶᠢᠶ᠎ᠠ ᠪᠣᠭᠳᠠ ᠳᠡᠭᠡᠳᠣᠰ ᠬᠠᠭᠠᠳ ᠡᠵᠡᠳ ᠤᠨ ᠮᠢᠨᠢ ᠬᠡᠰᠢᠭ ᠢᠨᠦ ᠡᠷᠢᠬᠡᠰ【 ᠨᠠᠷᠠ᠂ ᠰᠠᠷᠠ᠂ ᠣᠳᠣᠨ ᠭᠠᠷᠠᠭ ᠵᠡᠷᠭᠡ ᠲᠡᠭᠷᠢ ᠶᠢᠨ ᠴᠣᠭᠴᠠᠰ】 ᠯᠦᠭᠡ ᠰᠠᠴᠠᠭᠤᠷᠠᠨ᠂ ᠢᠪᠡᠭᠡᠯ ᠢᠨᠦ ᠡᠳᠣᠭᠡᠨ【ᠡᠬᠡ ᠭᠠᠵᠠᠷ】 ᠯᠦᠭᠡ ᠵᠡᠷᠭᠡᠴᠡᠭᠦᠯᠣᠨ ᠲᠦᠭᠡᠮᠡᠯ ᠶᠡᠭᠡ ᠨᠢᠭᠦᠯᠡᠰᠦᠩᠭᠦᠢ ᠡᠨᠡᠷᠢᠯ ᠢᠨᠦ ᠪᠣᠷᠬᠠᠨ ᠯᠤᠭ᠎ᠠ ᠠᠳᠠᠯᠢ ᠬᠤᠪᠢᠳᠦ ᠪᠣᠯᠣᠭᠰᠠᠨ ᠤ ᠲᠣᠯᠠ ᠬᠠᠭᠠᠨ ᠤ ᠡᠭᠡᠴᠢ ᠬᠢᠭᠡᠳ ᠵᠠᠯᠭᠠᠮᠵᠢᠯᠠᠭᠴᠢ ᠸᠠᠩ ᠪᠠᠷ ᠲᠠᠬᠢᠮᠳᠠᠭᠤ ᠰᠠᠨᠠᠭ᠎ᠠ  ᠶᠤᠭᠠᠨ ᠦᠨᠢᠳᠡ ᠪᠠᠳᠣᠳᠬᠠᠨ᠂ ᠠᠴᠢᠯᠠᠯᠳᠦ ᠰᠡᠳᠭᠢᠯ ᠶᠦᠭᠡᠨ ᠲᠦᠭᠡᠮᠠᠯ ᠲᠡᠯᠭᠡᠷᠡᠭᠦᠯᠦᠨ᠂ ᠪᠣᠷᠬᠠᠨ ᠤ ᠬᠦᠯᠬᠡᠨ  ᠳᠤᠷ ᠰᠦᠰᠦᠭᠯᠡᠨ ᠨᠠᠮᠠᠨᠴᠢᠯᠠᠵᠦ᠂ ᠪᠣᠭᠳᠠ ᠬᠠᠭᠠᠳ ᠤᠨ ᠲᠣᠳᠣᠨᠦ ᠡᠯᠢᠭᠡᠰᠡᠭ ᠤᠨ ᠶᠣᠰᠣᠨ ᠤ ᠲᠦᠭᠡᠮᠡᠯ ᠬᠠᠩᠭᠠᠯ  ᠳᠤᠷ ᠵᠤᠬᠢᠴᠠᠭᠤᠯᠵᠤᠬᠤᠢ᠃                         ᠲᠡᠶᠢᠨᠬᠦ ᠲᠦᠰᠢᠮᠡᠯ ᠬᠦᠪᠡᠭᠦᠳ ᠤᠨ ᠬᠠᠷᠢᠭᠤᠯᠣᠯ ᠮᠠᠭᠳᠠᠭᠤ ᠶᠢᠨ ᠦᠨᠡᠨᠴᠢ ᠢᠨᠦ ᠴᠦᠭᠦᠷᠡᠰᠢ ᠦᠭᠡᠢ᠂ ᠬᠠᠭᠠᠳᠦ ᠭᠦᠷᠦᠨ ᠮᠦᠩᠬᠡ ᠪᠠᠳᠦ ᠣᠷᠣᠰᠢᠬᠤᠢ ᠳᠤᠷ ᠲᠣᠰᠠᠯᠠᠨ᠂ ᠲᠦᠷᠦ ᠣᠯᠣᠰ ᠤᠨ ᠢᠶᠠᠨ ᠲᠦᠪᠰᠢᠨ ᠠᠮᠦᠭᠤᠯᠠᠩ ᠢ ᠪᠠᠳᠣᠯᠠᠪᠠᠰᠦ ᠡᠯᠡ ᠠᠮᠣᠭᠤᠯᠠᠩᠳᠠᠨ ᠬᠡᠮᠡᠵᠦ ᠪᠣᠯᠬᠤ ᠪᠣᠢ ᠢ ᠎ᠡ᠃                               ᠲᠦᠰᠢᠮᠡᠯ ᠵᠢᠣᠢ ᠹᠦ᠋ ᠪᠠᠷ ᠬᠡᠴᠢᠶᠡᠩᠭᠦᠶᠢᠯᠡᠨ ᠨᠠᠮᠠᠨᠴᠢᠯᠠᠵᠦ ᠵᠠᠯᠪᠠᠷᠢᠨ ᠮᠦᠷᠭᠦᠵᠦ ᠦᠴᠢᠯ ᠶᠦᠭᠡᠨ ᠲᠡᠪᠰᠢᠭᠦᠯᠦᠨ ᠦᠭᠦᠯᠡᠷᠣᠨ᠄                             ᠡᠷᠳᠡ ᠲᠣᠯᠭᠤᠷ ᠣᠷᠢᠳᠣᠰ【 ᠲᠠᠶᠢᠽᠦ ᠴᠢᠩᠭᠢᠰ ᠬᠠᠭᠠᠨ】 ᠤᠨ ᠦᠶ᠎ᠡ ᠳᠤᠷ᠂                           ᠰᠠᠭᠤᠷᠢᠨ ᠣᠷᠣᠨ ᠳᠤᠷ ᠯᠣᠦ ᠮᠠᠨᠳᠣᠯᠤᠭ᠎ᠠ︔                         ᠬᠢᠴᠢᠶᠡᠩᠭᠦᠶᠢᠯᠡᠯᠲᠠᠶᠢᠶ᠎ᠠ ᠬᠤᠩᠭᠢᠷᠠᠳ ᠣᠪᠣᠭᠳᠠᠨ ᠢᠶᠠᠷ᠂                         ᠰᠦᠷ ᠵᠢᠪᠬᠤᠯᠠᠩᠳᠠᠢ ᠪᠠᠷ ᠰᠢᠳᠣᠷᠭᠤᠯᠣᠨ ᠪᠠᠭᠠᠳᠣᠷᠯᠠᠪᠠᠢ᠃                               ᠲᠤᠲᠤᠷᠠᠲᠦ ᠣᠷᠣᠨ ᠢ ᠲᠤᠭᠲᠠᠭᠠᠬᠤᠢ ᠳᠤᠷ ᠬᠠᠮᠵᠢᠨ᠂                         ᠠᠭᠯᠠᠭ ᠴᠦᠯ ᠳᠤᠷ ᠴᠡᠷᠢᠭᠯᠡᠬᠦᠢ ᠳᠤᠷ ᠲᠣᠰᠠᠯᠠᠭᠰᠠᠨ ᠢᠶᠠᠷ︔                           ᠦᠶ᠎ᠡ ᠣᠯᠠᠷᠢᠨ ᠣᠷᠤᠭ ᠪᠣᠯᠰᠣᠭᠠᠢ ᠭᠡᠮᠡᠨ ᠬᠠᠭᠠᠨ ᠢᠶᠠᠷ ᠪᠣᠯᠵᠣᠵᠦ᠂                           ᠬᠤᠪᠢ ᠨᠣᠳᠤᠭ ᠢ ᠠᠨᠦ ᠲᠣᠳᠣᠷᠬᠠᠢ ᠰᠣᠶᠣᠷᠬᠠᠯᠤᠭ᠎ᠠ᠃                               ᠠᠯᠳᠠᠨ ᠣᠷᠣᠭᠳᠠᠨ ᠴᠢᠭᠡᠴᠢ ᠮᠡᠷᠭᠡᠳ ᠪᠣᠯᠬᠤᠶ᠎ᠠ᠂                         ᠮᠠᠨ ᠤ ᠰᠣᠷᠪᠣᠯᠵᠢ ᠣᠷᠢᠳᠣᠰ【 ᠰᠢᠼᠦ ᠬᠤᠪᠢᠯᠠᠢ ᠰᠡᠴᠡᠨ‌ᠬᠠᠭᠠᠨ】 ᠲᠤᠷ ᠬᠦᠷᠦᠭᠡᠳ︔                         ᠨᠠᠷᠠᠨ ᠮᠠᠨᠳᠠᠯᠳᠦ ᠣᠷᠴᠢᠯᠠᠩ ᠲᠡᠯᠡᠬᠡᠢ ᠶᠢ᠂                         ᠡᠷᠳᠡᠮ ᠢᠶᠠᠷ ᠢᠯᠠᠭᠠᠳ ᠡᠨᠡᠷᠢᠯ ᠢᠶᠠᠷ ᠰᠢᠯᠣᠭᠤᠳᠬᠠᠪᠠᠢ᠃                               ᠢᠩᠴᠠᠩ【 ᠬᠠᠷᠢᠭᠤᠯᠣᠯ ᠢᠶᠠᠷ ᠮᠠᠨᠳᠣᠬᠤ】ᠭᠠᠵᠠᠷ ᠤᠨ ᠬᠦᠷᠰᠢ ᠰᠠᠭᠠᠬᠠᠯᠳᠠ᠂                           ᠯᠣ᠋ ᠭᠠᠵᠠᠷ ᠤᠨ ᠸᠠᠩ ᠡᠷᠭᠦᠮᠵᠢᠯᠡᠭᠳᠡᠭᠡᠳ︔                         ᠲᠠᠭᠠᠯᠳᠠ ᠣᠷᠳᠣᠨ ᠬᠡᠰᠢᠭ ᠲᠳᠷ ᠰᠣᠶᠣᠷᠬᠠᠭᠳᠠᠭᠰᠠᠨ ᠢᠶᠠᠷ᠂                           ᠦᠶ᠎ᠡ ᠣᠯᠠᠷᠢᠨ ᠦᠷᠨᠢᠨ ᠲᠡᠭᠵᠢᠷᠡᠪᠡᠢ᠃                             ᠬᠤᠳᠠ ᠵᠠᠯᠭᠠᠯᠳᠣᠨ ᠪᠠᠯᠭᠠᠳ ᠡᠩᠨᠡᠷᠡᠬᠦᠶ᠎ᠡ᠂                         ᠰᠢᠮᠡᠳᠦ ᠣᠷᠣᠨ ᠬᠠᠷᠢᠯᠴᠢᠨ ᠮᠦᠴᠦᠭᠡᠷᠬᠡᠨ︔                         ᠨᠣᠶᠠᠨ ᠲᠦᠰᠢᠨ ᠲᠣᠰᠢᠶᠠᠯ ᠬᠤᠪᠢᠯᠠᠬᠤᠶ᠎ᠠ᠂                         ᠬᠡᠯᠬᠢᠶ᠎ᠡ ᠪᠠᠷ ᠲᠣᠳᠣᠮᠳᠠᠨ ᠬᠦᠲᠦᠯᠪᠦᠷᠢ ᠪᠠᠷ ᠡᠵᠡᠮᠳᠡᠪᠡᠢ᠃                                 ᠭᠤᠪᠠᠢ ᠬᠡᠬᠡᠨᠴᠢᠷ ᠬᠠᠭᠠᠨ ᠤ ᠡᠭᠡᠴᠢ ᠪᠠᠷ᠂                         ᠦᠪᠡᠷ ᠤᠨ ᠪᠡᠶ᠎ᠠ ᠪᠠᠷ ᠠᠷᠪᠢᠯᠠᠨ ᠭᠠᠮᠨᠠᠵᠦ︔                         ᠬᠠᠭᠠᠨ ᠤ ᠲᠡᠭᠦᠦ ᠬᠠᠭᠠᠨ ᠤ ᠠᠬ᠎ᠠ ᠪᠠᠷ᠂                         ᠡᠪᠦᠭᠡ ᠲᠡᠭᠡᠳᠦᠰ ᠤᠨ ᠦᠢᠯᠡ ᠶᠢ ᠵᠠᠯᠭᠠᠮᠵᠢᠯᠠᠪᠠᠢ᠃                               ᠲᠡᠭᠦᠨᠴᠢᠯᠠᠨ ᠪᠣᠭᠳᠠ ᠡᠬᠡ ᠳᠤᠷ ᠬᠦᠷᠳᠡᠯ᠎ᠡ᠂                         ᠬᠡᠰᠢᠭ ᠢᠶᠠᠷ ᠣᠳᠣᠷᠢᠳᠣᠨ ᠡᠨᠡᠷᠢᠯ ᠢᠶᠠᠷ ᠲᠡᠳᠭᠦᠭᠰᠡᠨ ᠠᠪᠠᠴᠦ︔                           ᠲᠦᠭᠡᠮᠡᠯ ᠦᠷᠦᠰᠢᠶᠡᠯ ᠢ ᠬᠠᠷᠢᠭᠤᠯᠣᠨ ᠡᠰᠡ ᠴᠢᠳᠠᠬᠤᠢ ᠶᠢᠨ ᠲᠣᠯᠠᠳᠠ᠂                           ᠪᠣᠷᠬᠠᠨ ᠨᠣᠮ ᠳᠤᠷ ᠰᠦᠰᠦᠭᠯᠡᠨ ᠲᠠᠭᠠᠳᠬᠠᠰᠣᠭᠠᠢ ᠬᠡᠮᠡᠨ︔                               ᠡᠳ᠋ ᠠᠭᠤᠷᠰᠣᠨ ᠢ ᠡᠷᠢᠨ ᠴᠣᠭᠯᠠᠭᠤᠯᠵᠦ᠂                         ᠡᠯᠳᠡᠪ ᠣᠷᠠᠴᠣᠳ ᠢ ᠣᠷᠢᠨ ᠡᠯᠰᠡᠵᠦ︔                         ᠬᠤᠳᠠ ᠬᠦᠷᠢᠶᠡᠨ ᠤ ᠲᠦᠪ ᠲᠣᠮᠳᠠᠬᠢ᠂                         ᠣᠷᠳᠣᠨ ᠬᠠᠷᠰᠢ ᠶᠢᠨ ᠠᠰ ᠵᠡᠭᠦᠨ ᠳᠤᠷ︔                             ᠲᠦᠯᠦᠪᠯᠡᠭᠰᠡᠨ ᠵᠢᠷᠤᠭ ᠢᠶᠠᠷ ᠢᠶᠠᠨ ᠲᠡᠬᠦᠨᠴᠢᠯᠡᠨ ᠪᠠᠶᠢᠭᠤᠯᠵᠦ᠂                           ᠦᠪᠡᠷᠰᠡᠳ ᠤᠨ ᠢᠶᠠᠨ ᠰᠡᠳᠬᠢᠯ ᠢᠶᠠᠨ ᠲᠡᠶᠢᠨᠬᠦ ᠬᠤᠷᠢᠶᠠᠩᠭᠤᠶᠢᠯᠠᠭᠠᠳ︔                           ᠨᠣᠶᠢᠷᠰᠣᠭᠰᠠᠨ ᠬᠠᠭᠠᠳ ᠲᠤᠷ ᠢᠶᠠᠨ ᠲᠠᠶᠢᠯᠭ᠎ᠠ ᠡᠷᠭᠦᠨ᠂                         ᠲᠠᠬᠢᠮᠳᠠᠭᠤ ᠡᠯᠪᠡᠷᠢᠯ ᠢᠶᠠᠨ ᠲᠦᠭᠡᠮᠡᠯ ᠢᠯᠡᠷᠡᠭᠦᠯᠪᠡᠢ᠃                               ᠨᠢᠰᠬᠦ ᠲᠠᠭᠳᠦ ᠰᠡᠬᠦᠶᠢᠨ ᠰᠦᠮᠪᠦᠷᠯᠡᠵᠦ᠂                         ᠭᠠᠷᠪᠠ【 ᠡᠰᠡᠷᠭᠦᠯᠡᠨ ᠲᠦᠷᠪᠡᠯᠡᠵᠢᠯᠡᠵᠦ ᠪᠠᠷᠢᠭᠰᠠᠨ ᠣᠯᠠᠨ ᠲᠠᠰᠣᠯᠭ᠎ᠠ ᠲᠠᠢ ᠣᠷᠣᠨ ᠰᠠᠭᠤᠴᠠ】ᠦᠷᠦᠬᠡ ᠲᠣᠭᠤᠷᠢᠨ ᠪᠠᠭᠰᠢᠷᠠᠯᠳᠣᠵᠣ︔                         ᠰᠢᠩᠬᠤᠨ ᠰᠠᠷᠠᠪᠴᠢ ᠴᠢᠮᠡᠭᠳᠣ ᠪᠠᠭᠠᠨ᠎ᠠ ᠳᠤᠷ᠂                         ᠣᠳᠣᠨ ᠮᠡᠴᠢᠳ ᠬᠢᠯᠠᠰᠣᠨ ᠲᠦᠭᠡᠭᠡᠮᠤᠢ︔                             ᠣᠯᠠᠪᠢᠷ ᠲᠣᠶᠠᠭ᠎ᠠ ᠰᠠᠷᠠᠪᠴᠢᠨ᠎ᠠ ᠬᠦᠰᠢᠭᠯᠡᠨ᠂                         ᠣᠳᠠᠨ ᠮᠦᠴᠢᠷ ᠲᠤᠷ ᠣᠨᠢᠶᠠᠷ ᠴᠡᠩᠬᠡᠷᠯᠡᠭᠡᠳ︔                         ᠲᠡᠭᠡᠪᠣᠷ ᠠᠳᠠᠷ ᠲᠤᠷ ᠦᠳᠡᠰᠢ ᠶᠢᠨ ᠪᠣᠷᠣᠭᠠᠨ ᠠᠰᠬᠠᠷᠠᠨ᠂                           ᠪᠠᠳᠠᠷ【 ᠡᠨᠡᠳᠬᠡᠭ ᠤᠨ ᠣᠷᠣᠨ ᠳᠤᠷ ᠣᠷᠭᠤᠳᠠᠭ ᠪᠠᠳᠠᠷ ᠮᠣᠳᠣᠨ ᠤ ᠨᠠᠪᠴᠢ】 ᠤᠨ ᠰᠣᠳᠣᠷ ᠡᠷᠳᠡᠯᠡᠨ ᠣᠩᠰᠢᠭᠳᠠᠮᠣᠢ᠃                             ᠪᠢᠯᠢᠭᠳᠦ ᠨᠠᠷᠠᠨ ᠭᠡᠷᠡᠯᠳᠣᠨ ᠲᠣᠶᠠᠭᠠᠷᠠᠵᠦ᠂                         ᠦᠯᠵᠡᠶᠢᠲᠦ ᠵᠢᠪᠠᠷ ᠡᠶᠡᠪᠡᠷᠬᠦ ᠢᠯᠪᠢᠨ︔                         ᠬᠦᠬᠡᠮᠳᠦᠭ ᠨᠠᠷᠠᠰᠣᠨ ᠣᠭ᠍ᠶᠣᠷᠠᠨ ᠴᠡᠯᠭᠡᠷᠡᠵᠦ᠂                         ᠨᠣᠮᠢᠨ ᠲᠠᠯᠠᠢ ᠲᠣᠩᠭᠠᠯᠠᠭᠰᠢᠨ ᠲᠠᠪᠠᠯᠭᠠᠯᠠᠮᠤᠢ︔                               ᠪᠣᠷᠬᠠᠨ ᠤ ᠢᠪᠡᠭᠡᠯ ᠢ ᠴᠡᠭᠡᠯ ᠳᠡᠭᠡᠨ ᠬᠠᠳᠠᠭᠠᠯᠠᠬᠤᠶ᠎ᠠ᠂                         ᠦᠯᠡᠮᠵᠢ ᠬᠡᠰᠢᠭ ᠪᠠᠳᠮᠠᠷᠠᠨ ᠲᠡᠯᠭᠡᠷᠡᠮᠣᠢ︔                         ᠰᠢᠳᠣᠯᠭᠡ ᠪᠢᠰᠢᠷᠡᠯ ᠡᠭᠡᠨᠡᠭᠳᠡ ᠪᠠᠲᠤᠳᠬᠤᠶ᠎ᠠ᠂                         ᠠᠭᠤᠯᠠ ᠰᠦᠮᠪᠦᠷᠯᠡᠨ ᠣᠰᠣᠨ ᠮᠡᠯᠮᠡᠯᠵᠢᠨᠡᠮ᠃                               ᠪᠣᠭᠳᠠ ᠡᠬᠡ ᠪᠠᠷ ᠠᠰᠢᠳᠠ ᠣᠷᠣᠰᠢᠨ᠂                         ᠬᠠᠭᠠᠨ ᠤ ᠬᠤᠳᠤᠭ ᠦᠨᠢᠷ ᠲᠡᠯᠭᠡᠷᠡᠭᠡᠳ︔                         ᠪᠣᠷᠬᠠᠨ ᠤ ᠨᠣᠮ ᠲᠦᠭᠡᠮᠡᠯ ᠬᠡᠶᠢᠭᠡᠨ᠂                         ᠬᠠᠭᠠᠨ ᠤ ᠶᠣᠰᠣᠨ ᠭᠠᠵᠢᠰᠢᠭᠦᠢ ᠪᠣᠯᠳᠣᠭᠠᠢ᠃                                    ᠬᠠᠮᠤᠭ ᠪᠠᠶᠠᠰᠬᠤᠯᠠᠩᠳᠣ【 ᠬᠤᠸᠠᠩ ᠴᠢᠩ】ᠬᠡᠮᠡᠬᠦᠢ ᠶᠢᠨ ᠠᠩᠬᠠᠳᠣᠭᠠᠷ ᠣᠨ ︵1312︶  ᠳᠤᠷ ᠪᠢᠴᠢᠪᠡᠢ  ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号