| | ᠲᠦᠪ ᠤᠨ ᠴᠥᠬᠡᠨ ᠲᠣᠭᠠᠳᠤ ᠦᠨᠳᠦᠰᠦᠳᠡᠨ ᠤ | ᠲᠣᠬᠤᠨᠢᠭᠤᠯᠬᠤ ᠪᠦᠯᠭᠦᠮ ᠢ ᠤᠭᠳᠤᠭᠰᠠᠨ ᠲᠤᠷᠠᠳᠬᠠᠯ | | ᠠ᠊᠂ ᠪᠠᠶᠠᠷ | ᠰᠡᠴᠡᠨᠴᠤᠭᠳᠤ | | | ᠮᠠᠨ ᠤ ᠠᠪᠤ ᠤᠷᠢᠯᠭ᠎ᠠ ᠪᠠᠷ ᠤᠯᠠᠭᠠᠨᠬᠤᠳᠠ ᠳᠤ ᠪᠤᠯᠤᠭᠰᠠᠨ ᠥᠪᠦᠷ ᠮᠣᠩᠭᠤᠯ ᠤᠨ ᠥᠪᠡᠷᠳᠡᠬᠡᠨ | ᠵᠠᠰᠠᠬᠤ ᠣᠷᠤᠨ ᠪᠠᠶᠢᠭᠤᠯᠤᠭᠳᠠᠭᠰᠠᠨ ᠲᠠᠪᠤᠨ ᠵᠢᠯ ᠤᠨ ᠣᠢ ᠶᠢ ᠪᠡᠯᠬᠡᠯᠡᠭᠦ ᠨᠠᠶᠢᠷ ᠳᠤ ᠣᠷᠤᠯᠴᠠᠭᠠᠳ᠂ ᠭᠤᠤᠯ ᠤᠨ | ᠠᠶᠢᠯ ᠭᠠᠴᠠᠭᠠᠨ ᠳᠠᠭᠠᠨ ᠪᠤᠴᠠᠨ ᠢᠷᠡᠵᠦ᠂ ᠮᠠᠯᠴᠢᠨ ᠲᠦᠮᠡᠨ ᠳᠡᠭᠡᠨ ᠲᠡᠷᠡ ᠤᠳᠠᠭᠠᠨ ᠤ ᠨᠠᠶᠢᠷ ᠤᠨ ᠭᠦᠷ | ᠭᠦᠭᠵᠢᠶᠡᠨ ᠲᠠᠢ ᠪᠠᠶᠢᠳᠠᠯ ᠢ ᠲᠤᠷᠠᠰᠤᠨ ᠶᠠᠷᠢᠵᠤ᠂ ᠣᠯᠠᠨ ᠢᠶᠠᠷ ᠢᠶᠠᠨ ᠪᠠᠶᠠᠷ ᠪᠠᠭ᠋ᠠᠳᠤᠯ ᠤᠨ ᠲᠤᠮᠳᠠ ᠱᠣᠩᠪᠠᠵᠤ | ᠪᠠᠶᠢᠳᠠᠯ᠎ᠠ᠂ ᠬᠤᠰᠢᠭᠤᠨ ᠤ ᠵᠠᠰᠠᠭ ᠤᠨ ᠣᠷᠳᠤᠨ ᠤ ᠪᠥᠬᠡ ︵ᠪᠠᠭᠠᠷᠢᠨ ᠪᠠᠷᠠᠭᠤᠨ ᠬᠤᠰᠢᠭᠤᠨ ᠤ ᠴᠠᠭᠠᠨ ᠤᠰᠤ | ᠨᠤᠳᠤᠭ ᠲᠠᠢ᠂ ᠲᠤᠮᠳᠠᠳᠤ ᠤᠯᠤᠰ ᠤᠨ ᠨᠡᠶᠢᠬᠡᠮ ᠤᠨ ᠰᠢᠨᠵᠢᠯᠡᠭᠦ ᠣᠬᠠᠭᠠᠨ ᠤ ᠭᠦᠷᠢᠶᠡᠯᠡᠩ ᠤᠨ ᠴᠦᠬᠡᠨ ᠲᠤᠭᠠᠳᠤ | ᠦᠨᠳᠦᠰᠦᠳᠡᠨ ᠤ ᠰᠣᠳᠤᠯᠬᠤ ᠭᠠᠵᠠᠷ ᠤᠨ ᠰᠣᠳᠤᠯᠤᠭᠴᠢ ᠪᠠᠶᠢᠪᠠ︶ ᠵᠡᠷᠬᠡ ᠬᠤᠶᠠᠷ ᠺᠠᠳ᠋ᠷ ᠭᠤᠤᠯ ᠤᠨ ᠠᠶᠢᠯ | ᠭᠠᠴᠠᠭᠠᠨ ᠳᠤ ᠭᠦᠷᠦᠯᠴᠡᠨ ᠢᠷᠡᠵᠦ᠂ ᠪᠠᠰᠠ ᠨᠢᠬᠡᠨ ᠪᠠᠶᠠᠷᠳᠤ ᠴᠢᠮᠡᠭᠡ ᠲᠤᠭᠤᠯᠭᠠᠪᠠ᠃ ᠪᠦᠬᠡ ᠠᠪᠤ ᠳᠤ ᠲᠤᠩ | ᠪᠠᠶᠠᠷᠳᠠᠢ ᠪᠠᠷ᠄ ︽ᠲᠠ ᠲᠦᠷᠦᠭᠦᠬᠡᠨ ᠥᠪᠦᠷ ᠮᠣᠩᠭᠤᠯ ᠤᠨ ᠨᠠᠶᠢᠷ ᠲᠤ ᠣᠷᠤᠯᠴᠠᠭᠠᠳ ᠢᠷᠡᠯ᠎ᠡ᠂ ᠣᠳᠤ ᠪᠠᠰᠠ | ᠨᠢᠬᠡᠨ ᠪᠠᠶᠠᠷᠳᠤ ᠤᠴᠢᠷ ᠢ ᠬᠡᠯᠡᠵᠦ ᠥᠭᠭᠦᠶ᠎ᠡ᠂ ᠮᠠᠣ ᠲᠡᠷᠢᠭᠦᠯᠡᠭᠴᠢ ᠶᠢᠨ ᠲᠤᠮᠢᠯᠠᠭᠰᠠᠨ ᠲᠦᠪ ᠤᠨ ᠴᠥᠬᠡᠨ | ᠲᠤᠭᠠᠳᠤ ᠥᠨᠳᠦᠰᠦᠳᠡᠨ ᠤ ᠲᠣᠬᠤᠨᠢᠭᠤᠯᠬᠤ ᠪᠦᠯᠭᠦᠮ ᠮᠠᠨ ᠤ ᠠᠶᠢᠮᠠᠭ ᠲᠤ ᠲᠣᠬᠤᠨᠢᠭᠤᠯᠬᠤ ᠪᠠᠷ ᠢᠷᠡᠨ᠎ᠡ᠂ | ᠠᠶᠢᠮᠠᠭ ᠬᠤᠰᠢᠭᠤᠨ ᠠᠴᠠ ᠲᠠᠨ ᠤ ᠭᠠᠴᠠᠭ᠎ᠠ ᠶᠢ ᠰᠤᠩᠭᠤᠵᠤ ᠲᠣᠬᠤᠨᠢᠭᠤᠯᠬᠤ ᠪᠦᠯᠭᠦᠮ ᠢ ᠢᠷᠡᠭᠦᠯᠭᠦ ᠪᠠᠷ | ᠲᠤᠭᠳᠠᠭᠰᠠᠨ ᠰᠢᠦ︾ ᠬᠡᠭᠦ ᠳᠤ᠂ ᠮᠠᠨ ᠤ ᠠᠪᠤ ᠪᠠᠶᠠᠷᠯᠠᠬᠤ ᠶᠢᠨ ᠲᠦᠢᠯ ᠪᠤᠯᠵᠤ᠂ ︽ᠡᠨᠡ ᠦᠨᠡᠬᠡᠷ ᠪᠠᠶᠠᠷ ᠲᠡᠬᠡᠷ᠎ᠡ | ᠪᠠᠶᠠᠷ ᠪᠤᠯᠵᠤ᠂ ᠪᠠᠮᠪᠠᠷ ᠲᠡᠬᠡᠷ᠎ᠡ ᠰᠢᠭᠦᠷ ᠪᠤᠯᠵᠡᠢ︾ ᠬᠡᠳ᠂ ᠤᠭᠳᠤᠬᠤ ᠶᠢ ᠶᠠᠭᠠᠬᠢᠵᠦ ᠰᠡᠶᠢᠳᠦᠷ ᠪᠡᠯᠡᠳᠬᠡᠭᠦ ᠶᠢ | ᠬᠤᠰᠢᠭᠤᠨ ᠤ ᠺᠠᠳ᠋ᠷ ᠠᠴᠠ ᠯᠠᠪᠯᠠᠨ ᠠᠰᠠᠭᠤᠪᠠ᠃ | ᠭᠤᠤᠯ ᠤᠨ ᠠᠶᠢᠯ ᠭᠠᠴᠠᠭ᠎ᠠ ᠨᠢ ᠪᠠᠭᠠᠷᠢᠨ ᠵᠡᠭᠦᠨ ᠭᠠᠷᠤᠨ ᠬᠤᠰᠢᠭᠤᠨ ᠤ ᠴᠭᠠᠨᠬᠠᠳᠠ ᠰᠤᠮᠤ ᠶᠢᠨ ᠢᠶᠠᠨ | ᠲᠤᠮᠤ ᠭᠠᠴᠠᠭ᠎ᠠ ᠪᠠᠶᠢᠵᠤ᠂ ᠭᠤᠤᠯ ᠤᠨ ᠠᠶᠢᠯ᠂ ᠪᠤᠳᠠ ᠶᠢᠨ ᠠᠶᠢᠯ᠂ ᠠᠭᠤᠯᠵᠠᠷ ᠤᠨ ᠠᠶᠢᠯ᠂ ᠱᠠᠩᠰᠢ ᠶᠢᠨ ᠲᠠᠯ᠎ᠠ | ᠂ ᠴᠠᠭᠠᠨ ᠰᠤᠳᠠᠯ᠂ ᠠᠶᠢᠰ ᠤᠨ ᠠᠶᠢᠯ ᠢ ᠪᠠᠭᠳᠠᠭᠠᠭᠰᠠᠨ ᠴᠤᠯ ᠮᠠᠯᠵᠢᠬᠤ ᠭᠠᠴᠠᠭ᠎ᠠ ᠶᠣᠮ᠃ ᠠᠯᠢ ᠡᠷᠳᠡ ᠳᠤ | ᠪᠠᠭᠠᠷᠢᠨ ᠵᠡᠭᠦᠨ ᠭᠠᠷᠤᠨ ᠬᠤᠰᠢᠭᠤ ᠪᠠᠶᠢᠭᠤᠯᠤᠭᠳᠠᠬᠤ ᠦᠶ᠎ᠡ ᠳᠤ᠂ ᠠᠶᠢᠯ ᠲᠤᠰᠬᠤ ᠲᠠᠢ ᠪᠣᠯᠤᠭᠰᠠᠨ ᠭᠤᠷᠪᠠᠨ | ᠵᠠᠭᠤ ᠢᠯᠡᠭᠦᠦ ᠵᠢᠯ ᠤᠨ ᠲᠡᠦᠬᠡ ᠲᠠᠢ ᠭᠠᠴᠠᠭ᠎ᠠ ᠲᠤᠰᠬᠤᠨ ᠪᠢᠯᠡ᠃ ᠴᠢᠯᠦᠬᠡᠯᠡᠭᠳᠡᠭᠰᠡᠨ ᠤ ᠲᠠᠷᠠᠭ᠎ᠠ᠂ ᠪᠡᠶ᠎ᠡ | ᠥᠨᠳᠡᠶᠢᠭᠰᠡᠨ ᠮᠠᠯᠴᠢᠳ ᠮᠠᠯ ᠠᠵᠤ ᠠᠬᠤᠢ ᠪᠠᠨ ᠭᠦᠭᠵᠢᠭᠦᠯᠵᠦ᠂ ᠮᠠᠯ ᠰᠦᠷᠦᠭ ᠢᠶᠠᠨ ᠦᠨᠢᠷ ᠥᠰᠬᠡᠬᠡᠳ ᠬᠤᠯᠠ | ᠣᠶᠢᠷ᠎ᠠ ᠳᠠᠭᠠᠨ ᠠᠯᠳᠠᠷᠰᠢᠪᠠ᠃ ᠡᠷᠦᠬᠡ ᠪᠦᠷᠢ ᠤᠨᠤᠭᠠᠨ ᠤ ᠬᠡᠳᠦᠨ ᠮᠣᠷᠢ᠂ ᠬᠤᠨᠢ᠂ ᠦᠬᠡᠷ ᠲᠠᠢ᠂ ᠵᠤᠰᠠᠯᠠᠩ | ᠳᠤ ᠭᠠᠷᠬᠤ ᠳᠤ ᠮᠣᠩᠭᠤᠯ ᠬᠡᠷ ᠲᠠᠢ᠂ ᠡᠪᠦᠯᠵᠢᠶᠡᠨ ᠳᠤ ᠰᠠᠭᠤᠬᠤ ᠳᠤ ᠰᠢᠪᠠᠷ ᠪᠠᠶᠢᠰᠢᠩ ᠲᠠᠢ ᠪᠤᠯᠤᠭᠰᠠᠨ ᠪᠠᠶᠢᠵᠠᠢ | ᠃ ᠦᠩ ᠰᠢᠮᠡᠯᠢᠭ ᠪᠡᠯᠴᠢᠬᠡᠷ ᠨᠤᠳᠤᠭ᠂ ᠦᠵᠡᠮᠵᠢᠳᠦ ᠰᠠᠶᠢᠬᠠᠨ ᠠᠭᠤᠯᠠ ᠣᠰᠤ ᠨᠢ ᠭᠦᠮᠦᠰ ᠤᠨ ᠰᠡᠳᠬᠢᠯ ᠢ | ᠲᠠᠳᠠᠵᠤ ᠪᠠᠶᠢᠭᠰᠠᠨ ᠣᠷᠤᠨ ᠶᠤᠮ᠃ ᠡᠳᠡᠬᠡᠷ ᠪᠦᠭᠦᠨ ᠨᠢ ᠠᠶᠢᠮᠠᠭ ᠬᠤᠰᠢᠭᠤᠨ ᠤ ᠠᠩᠬᠠᠷᠤᠯ ᠢ ᠲᠠᠳᠠᠵᠤ | ᠪᠠᠶᠢᠭᠰᠠᠨ ᠪᠦᠬᠡᠳ ᠡᠯ᠎ᠡ ᠱᠠᠳᠤᠨ ᠤ ᠵᠠᠰᠠᠭ ᠤᠨ ᠭᠠᠵᠠᠷ ᠤᠨ ᠬᠠᠶᠢᠷ᠎ᠠ ᠬᠠᠯᠠᠮᠵᠢᠯᠠᠯ ᠢ ᠭᠦᠷᠳᠡᠵᠦ ᠪᠠᠶᠢᠪᠠ᠃ | ᠲᠦᠪ ᠤᠨ ᠴᠦᠬᠡᠨ ᠲᠤᠭᠠᠳᠤ ᠥᠨᠳᠦᠰᠦᠳᠡᠨ ᠤ ᠲᠤᠬᠤᠨᠢᠭᠤᠯᠬᠤ ᠪᠦᠯᠭᠦᠮ ᠭᠤᠤᠯ ᠤᠨ ᠠᠶᠢᠯ | ᠭᠠᠴᠠᠭᠠᠨ ᠤ ᠮᠠᠯᠴᠢᠨ ᠲᠦᠮᠡᠨ ᠢ ᠪᠤᠯᠭᠤᠨ ᠲᠤᠬᠤᠨᠢᠭᠤᠯᠤᠭᠰᠠᠨ ᠶᠠᠪᠤᠳᠠᠯ ᠪᠤᠯ ᠥᠪᠡᠷᠳᠡᠬᠡᠨ ᠵᠠᠰᠠᠬᠤ ᠣᠷᠤᠨ | ᠪᠠᠶᠢᠭᠤᠯᠤᠭᠳᠠᠵᠤ᠂ ᠤᠯᠤᠰ ᠴᠢᠯᠦᠬᠡᠯᠡᠭᠳᠡᠭᠰᠡᠨ ᠤ ᠲᠠᠷᠠᠭᠠᠬᠢ ᠲᠣᠰ ᠭᠠᠴᠠᠭᠠᠨ ᠤ ᠲᠡᠦᠬᠡᠨ ᠲᠡᠬᠡᠷᠡᠬᠢ ᠮᠠᠷᠳᠠᠭᠳᠠᠰᠢ | ᠦᠬᠡᠢ ᠴᠢᠬᠤᠯᠠ ᠶᠠᠪᠤᠳᠠᠯ ᠪᠤᠯᠬᠤ ᠪᠠᠷ ᠪᠠᠷᠠᠬᠤ ᠦᠬᠡᠢ᠂ ᠠᠶᠢᠮᠠᠭ ᠬᠤᠰᠢᠭᠤᠨ ᠤ ᠲᠡᠦᠬᠡᠨ ᠲᠡᠬᠡᠷᠡᠬᠢ ᠴᠢᠬᠤᠯᠠ | ᠶᠠᠪᠤᠳᠠᠯ ᠪᠤᠯᠬᠤ ᠶᠤᠮ᠃ | ᠬᠤᠰᠢᠭᠤᠨ ᠤ ᠺᠠᠳ᠋ᠷᠴᠤᠳ ᠤᠨ ᠬᠠᠪᠰᠤᠷᠤᠯᠭ᠎ᠠ ᠪᠠᠷ᠂ ᠮᠠᠨ ᠤ ᠠᠪᠤ ᠲᠦᠪ ᠤᠨ ᠴᠥᠬᠡᠨ ᠲᠤᠭᠠᠳᠤ | ᠦᠨᠳᠦᠰᠦᠳᠡᠨ ᠤ ᠲᠤᠬᠤᠨᠢᠭᠤᠯᠬᠤ ᠪᠦᠯᠭᠦᠮ ᠢ ᠤᠭᠳᠤᠬᠤ ᠪᠡᠯᠡᠳᠬᠡᠯ ᠠᠵᠢᠯ ᠢ ᠪᠣᠳᠠᠳᠠᠢ ᠪᠠᠷ ᠭᠠᠷᠳᠠᠨ ᠵᠣᠬᠢᠶᠠᠨ | ᠪᠠᠶᠢᠭᠤᠯᠵᠤ ᠬᠢᠵᠡᠢ᠃ ᠠᠪᠤ 1947 ᠣᠨ ᠳᠤ ᠨᠠᠮ ᠳᠤ ᠣᠷᠣᠵᠣ᠂ ᠭᠠᠴᠠᠭᠠᠨ ᠲᠠᠷᠤᠭ᠎ᠠ ᠪᠤᠯᠵᠤ᠂ ᠭᠠᠴᠠᠭᠠᠨ ᠤ | ᠠᠵᠢᠯ ᠢ ᠬᠢᠯᠠᠯᠵᠢᠳᠠᠯᠠ ᠰᠠᠶᠢᠬᠠᠨ ᠭᠦᠢᠴᠡᠳᠬᠡᠵᠦ᠂ ᠰᠣᠮᠤ ᠬᠤᠰᠢᠭᠤᠨ ᠤ ᠮᠠᠭᠳᠠᠭᠠᠯ ᠰᠠᠶᠢᠰᠢᠶᠠᠯ ᠢ ᠣᠯᠠᠨᠳᠠ | ᠣᠯᠵᠤ ᠪᠠᠶᠢᠭᠰᠠᠨ ᠲᠤᠯᠠ᠂ ᠡᠨᠡ ᠤᠳᠠᠭᠠᠨ ᠤ ᠤᠭᠳᠣᠬᠤ ᠠᠵᠢᠯᠯᠠᠭ᠎ᠠ ᠶᠢ ᠰᠠᠶᠢᠳᠤᠷ ᠭᠦᠢᠴᠡᠳᠬᠡᠭᠦ ᠢᠳᠡᠬᠡᠯ ᠲᠠᠢ | ᠪᠠᠶᠢᠯ᠎ᠠ᠃ ᠭᠠᠴᠠᠭᠠᠨ ᠤ ᠪᠠᠨ ᠨᠦᠭᠦᠴᠡᠯ ᠪᠣᠯᠤᠯᠴᠠᠭ᠎ᠠ ᠶᠢᠨ ᠬᠡᠮᠵᠢᠶ᠎ᠡ ᠪᠠᠷ ᠮᠤᠩᠭᠤᠯ ᠦᠨᠳᠦᠰᠦᠳᠡᠨ ᠤ ᠪᠠᠨ | ᠣᠨᠴᠠᠯᠢᠭ᠂ ᠣᠷᠤᠨ ᠨᠣᠳᠤᠭ ᠤᠨ ᠢᠶᠠᠨ ᠣᠨᠴᠠᠯᠢᠭ ᠢ ᠲᠣᠪᠤᠶᠢᠯᠭᠠᠨ᠂ ᠴᠢᠯᠦᠬᠡᠯᠡᠭᠳᠡᠭᠰᠡᠨ ᠤ ᠲᠠᠷᠠᠭᠠᠬᠢ ᠮᠠᠯᠴᠢᠨ | ᠲᠦᠮᠡᠨ ᠤ ᠦᠢᠯᠡᠳᠪᠦᠷᠢᠯᠡᠯ ᠠᠮᠢᠳᠤᠷᠠᠯ ᠤᠨ ᠪᠠᠶᠠᠷ ᠪᠠᠶᠠᠰᠤᠯ᠂ ᠰᠢᠨ᠎ᠡ ᠬᠤᠪᠢᠷᠠᠯᠳᠠ ᠶᠢ ᠵᠠᠪᠠᠯ ᠲᠦᠪ ᠤᠨ | ᠲᠤᠬᠤᠨᠢᠭᠤᠯᠬᠤ ᠪᠦᠯᠭᠦᠮ ᠤᠨ ᠨᠦᠭᠦᠳ ᠲᠤ ᠬᠠᠷᠠᠭᠤᠯᠵᠤ᠂ ᠮᠠᠤ ᠲᠡᠷᠢᠭᠦᠯᠡᠭᠴᠢ ᠳᠤ ᠰᠣᠨᠤᠷᠳᠠᠭᠤᠯᠤᠶᠠ ᠬᠡᠵᠦ | ᠪᠤᠳᠤᠯᠬᠢᠯᠠᠵᠠᠢ᠃ ᠪᠡᠯᠡᠳᠬᠡᠯ ᠠᠵᠢᠯ ᠤᠨ ᠬᠠᠮᠤᠭ ᠲᠡᠷᠢᠭᠦᠨ ᠳᠤ᠂ ᠮᠣᠷᠢᠳᠡᠨ ᠤ ᠡᠩᠨᠡᠭᠡ ᠶᠢ ᠵᠤᠬᠢᠶᠠᠨ ᠪᠠᠶᠢᠭᠤᠯᠪᠠ᠃ | ᠭᠠᠴᠠᠭᠠᠨ ᠤ ᠪᠠᠨ ᠤᠶᠠᠭ᠎ᠠ ᠮᠣᠷᠢ ᠲᠠᠢ᠂ ᠰᠠᠶᠢᠪᠤᠷ ᠵᠢᠷᠤᠭ᠎ᠠ ᠮᠣᠷᠢ ᠲᠠᠢ ᠡᠷᠦᠬᠡ ᠠᠴᠠ ᠭᠤᠴᠢ ᠰᠢᠬᠠᠮ ᠮᠤᠷᠢ | ᠰᠤᠩᠭᠤᠵᠤ᠂ ᠮᠣᠷᠢᠳᠡᠨ ᠤ ᠡᠮᠦᠰᠬᠡᠯ ᠵᠠᠰᠠᠯ ᠢ ᠵᠡᠭᠦᠭᠦ ᠮᠠᠯᠠᠭᠠᠢ ᠠᠴᠠ ᠡᠮᠦᠰᠭᠦ ᠭᠤᠳᠤᠯ ᠭᠦᠷᠳᠡᠯ᠎ᠡ ᠮᠤᠩᠭᠤᠯ | ᠦᠨᠳᠦᠰᠦᠳᠡᠨ ᠤ ᠬᠤᠪᠴᠠᠰᠤ ᠵᠠᠰᠠᠯ ᠲᠠᠢ ᠪᠠᠶᠢᠬᠤ ᠬᠡᠷᠡᠭᠳᠡᠢ ᠬᠡᠮᠡᠨ ᠱᠠᠭᠠᠷᠳᠠᠨ ᠪᠡᠯᠡᠳᠬᠡᠯᠬᠡᠵᠡᠢ᠃ ᠪᠠᠰᠠ ᠬᠡᠳᠦ | ᠤᠳᠠᠭ᠎ᠠ ᠮᠣᠷᠢᠳᠠᠨ ᠤ ᠡᠩᠨᠡᠬᠡᠨ ᠤ ᠵᠢᠭᠰᠠᠨ ᠶᠠᠪᠤᠬᠤ ᠰᠣᠷᠢᠯᠳᠠ ᠬᠢᠯᠬᠡᠪᠡ᠃ ᠲᠠᠷᠠᠭ᠎ᠠ ᠨᠢ ᠪᠦᠷᠢᠶ᠎ᠡ ᠪᠢᠰᠬᠢᠭᠦᠷ ᠤᠨ | ᠠᠩᠬᠢ ᠪᠠᠶᠢᠭᠤᠯᠵᠤ᠂ ᠬᠢᠯᠤᠪᠠᠷ ᠵᠤᠤ ᠪᠠ ᠯᠠᠮᠠ ᠶᠢᠨ ᠰᠦᠮ᠎ᠡ ᠶᠢᠨ ᠬᠤᠷᠢ ᠰᠢᠬᠠᠮ ᠯᠠᠮᠠ ᠨᠠᠷ ᠢ ᠤᠷᠢᠵᠤ᠂ ᠯᠠᠮᠠ | ᠨᠠᠷ ᠤᠨ ᠵᠠᠩᠴᠢ᠂ ᠪᠦᠷᠢᠶ᠎ᠡ ᠪᠢᠰᠬᠢᠭᠦᠷ᠂ ᠴᠠᠩ ᠬᠡᠩᠬᠡᠷᠬᠡ ᠬᠠᠷᠠᠩᠭ᠎ᠠ ᠵᠡᠷᠬᠡ ᠶᠢ ᠪᠦᠷᠢᠳᠦᠭᠦᠯᠵᠦ᠂ ᠰᠧᠳᠡᠶᠢᠪᠠᠽᠠᠷ | ᠤᠨ ᠨᠤᠳᠤᠭ ᠤᠨ ᠬᠤᠧᠠ ᠶᠢᠨ ᠵᠡᠭᠦᠨ ᠰᠣᠭᠤ ᠳᠤ ᠲᠤᠬᠢᠷᠠᠭᠤᠯᠤᠭᠠᠳ᠂ ᠲᠦᠪ ᠤᠨ ᠲᠤᠬᠤᠨᠢᠭᠤᠯᠬᠤ ᠪᠦᠯᠭᠦᠮ | ᠰᠢᠷᠭ᠎ᠠ ᠶᠢᠨ ᠭᠤᠣᠯ ᠢ ᠭᠠᠳᠤᠯᠠᠵᠤ ᠭᠠᠷᠣᠮᠠᠭᠴᠠ ᠥᠪᠡᠳᠡᠭᠰᠢ ᠶᠡᠭᠡ ᠪᠠᠷ ᠭᠦᠭᠵᠢᠮ ᠡᠭᠦᠰᠬᠡᠭᠦ ᠪᠠᠷ ᠲᠦᠪᠬᠢᠨᠡᠭᠦᠯᠵᠡᠢ | ᠃ ᠲᠦᠪ ᠤᠨ ᠲᠣᠬᠤᠨᠢᠭᠤᠯᠬᠤ ᠪᠦᠯᠭᠦᠮ ᠤᠨ ᠨᠦᠭᠦᠳ ᠲᠤ ᠪᠡᠯᠡᠭᠯᠡᠨ ᠡᠮᠦᠰᠦᠭᠦᠯᠭᠦ ᠮᠣᠩᠭᠤᠯ ᠲᠡᠷᠯᠢᠭ ᠪᠡᠯᠡᠳᠬᠡᠪᠡ᠃ | ᠲᠤᠰ ᠭᠠᠴᠠᠭ᠎ᠠ ᠶᠢᠨ ᠤᠷᠠᠨ ᠣᠶᠤᠳᠠᠯᠴᠢᠨ ᠴᠠᠭᠠᠨᠰᠤᠩᠭᠠ᠂ ᠠᠯᠳᠠᠨᠬᠤᠸᠠᠷ᠂ ᠴᠢᠮᠡᠭ᠂ ᠷᠠᠪᠳᠠᠨ ︵ᠭᠤᠣᠯ ᠤᠨ | ᠠᠶᠢᠯ ) ᠢ ᠰᠤᠩᠭᠤᠵᠤ᠂ ᠮᠣᠩᠭᠤᠯ ᠲᠡᠷᠯᠢᠭ ᠣᠶᠤᠭᠤᠯᠬᠤ ᠠᠵᠢᠯ ᠢ ᠱᠠᠯᠠᠪᠳᠠᠨ ᠭᠦᠢᠴᠡᠳᠬᠡᠯᠬᠡᠪᠡ᠃ ᠲᠡᠳᠡᠨᠦᠰ | ᠦᠢᠯᠡ ᠤᠳᠠᠰᠤᠨ ᠳᠠᠭᠠᠨ ᠰᠠᠶᠢᠨ ᠲᠤᠯᠠ ᠭᠠᠷ ᠢᠶᠠᠷ ᠤᠷᠠᠯᠠᠬᠤ ᠮᠠᠰᠢᠨ ᠢᠶᠠᠷ ᠣᠶᠤᠬᠤ ︵ᠷᠠᠪᠳᠠᠨ ᠳᠤ ᠣᠶᠤᠳᠠᠯ | ᠤᠨ ᠮᠠᠰᠢᠨ ᠲᠠᠢ ᠪᠠᠶᠢᠭᠰᠠᠨ︶ ᠶᠢ ᠬᠤᠣᠰᠯᠠᠭᠤᠯᠵᠤ᠂ ᠲᠦᠪ ᠤᠨ ᠲᠤᠬᠤᠨᠢᠭᠤᠯᠬᠤ ᠪᠦᠯᠭᠦᠮ ᠭᠦᠷᠴᠦ ᠢᠷᠡᠭᠦ ᠠᠴᠠ | ᠡᠮᠦᠨ᠎ᠡ ᠲᠤᠯᠤᠭᠠᠨ ᠡᠳᠦᠷ ᠤᠨ ᠲᠤᠳᠤᠷ᠎ᠠ ᠣᠶᠤᠵᠤ ᠭᠠᠷᠭᠠᠭᠰᠠᠨ ᠶᠤᠮ᠃ ᠤᠭᠳᠤᠬᠤ ᠬᠤᠷᠠᠯ ᠤᠨ ᠲᠠᠶᠢᠰᠠ ᠶᠢ | ᠵᠠᠰᠠᠪᠠ᠃ ᠭᠤᠷᠪᠠᠨ ᠬᠤᠸᠠ ᠶᠢᠨ ᠵᠡᠭᠦᠨ ᠡᠩᠬᠡᠷ ᠤᠨ ᠲᠡᠭᠰᠢ ᠭᠠᠵᠠᠷ ᠢ ᠰᠤᠩᠭᠤᠨ ᠵᠤᠴᠢᠨ ᠢ ᠤᠭᠳᠤᠵᠤ | ᠪᠠᠭᠤᠯᠭᠠᠬᠤ ᠭᠤᠷᠪᠠᠨ ᠮᠣᠩᠭᠤᠯ ᠬᠡᠷ᠂ ᠬᠤᠶᠠᠷ ᠴᠠᠴᠠᠷ ᠮᠠᠶᠢᠬᠠᠨ ᠪᠤᠰᠬᠠᠵᠤ᠂ ᠬᠤᠷᠠᠯ ᠤᠨ ᠲᠠᠶᠢᠰᠠ᠂ ᠺᠢᠨᠣ᠋ | ᠭᠠᠷᠭᠠᠬᠤ ᠲᠠᠯᠠᠪᠠᠢ᠂ ᠮᠣᠷᠢ ᠤᠨᠤᠭ᠎ᠠ ᠮᠠᠰᠢᠨ ᠲᠡᠷᠬᠡ ᠵᠤᠭᠰᠤᠭᠠᠬᠤ ᠭᠠᠵᠠᠷ ᠢ ᠡᠪᠯᠢᠭ ᠲᠣᠬᠢᠷᠠᠭᠤᠯᠵᠤ᠂ ᠡᠵᠢ | ᠨᠠᠭᠤᠷ ᠤᠨ ᠲᠠᠪᠤᠰᠤᠨ ᠠᠶᠠᠨ ᠠᠴᠠ ᠪᠤᠴᠠᠵᠤ ᠢᠷᠡᠭᠰᠡᠨ ᠭᠤᠷᠪᠠᠨ ᠭᠦᠳᠦᠯᠦᠬᠡ ᠭᠤᠴᠢᠨ ᠬᠠᠰᠠᠭ ᠲᠡᠷᠬᠡ ᠶᠢ | ᠭᠤᠤᠯ ᠬᠤᠷᠠᠯ ᠤᠨ ᠲᠠᠶᠢᠰᠠ ᠶᠢᠨ ᠵᠡᠭᠦᠨ ᠲᠠᠯ᠎ᠠ ᠳᠤ ᠵᠢᠭᠳᠡᠷᠡᠭᠦᠯᠦᠨ ᠪᠠᠭᠤᠯᠭᠠᠵᠠᠢ᠃ ᠰᠢᠬᠢᠷ ᠪᠣᠣᠪᠤ᠂ ᠠᠷᠢᠬᠢ | ᠲᠠᠮᠠᠬᠢ᠂ ᠴᠠᠭᠠᠨ ᠢᠳᠡᠬᠡᠨ᠂ ᠵᠠᠷᠤᠬᠤ ᠬᠤᠨᠢ ᠪᠠ ᠪᠤᠳᠠᠭ᠎ᠠ ᠶᠢ ᠪᠦᠷᠢᠨ ᠪᠡᠯᠡᠳᠭᠡᠵᠦ᠂ ᠲᠤᠰ ᠭᠠᠴᠠᠭᠠᠨ ᠤ | ᠮᠠᠯᠴᠢᠳ ᠭᠠᠴᠠᠭᠠᠨ ᠤ ᠣᠷᠢᠶᠠᠯᠭ᠎ᠠ ᠶᠢ ᠴᠣᠤᠷᠢᠶᠠᠳᠤᠨ ᠥᠪᠡᠷ ᠤᠨ ᠰᠠᠶᠢᠨ ᠲᠤᠷ᠎ᠠ ᠠᠴᠠ ᠪᠠᠨ ᠬᠤᠷᠤᠳ ᠰᠠᠭᠠᠯᠢ | ᠪᠠᠨ ᠲᠦᠪ ᠤᠨ ᠲᠤᠬᠤᠨᠢᠭᠤᠯᠬᠤ ᠪᠦᠯᠭᠦᠮ ᠢ ᠤᠭᠳᠣᠬᠤ ᠳᠤ ᠵᠣᠷᠢᠭᠤᠯᠵᠤ᠂ ᠭᠤᠷᠪᠠᠨ ᠮᠤᠩᠭᠤᠯ ᠬᠡᠷ ᠢ | ᠲᠦᠭᠦᠷᠳᠡᠯ᠎ᠡ ᠭᠦᠷᠬᠡᠵᠦ ᠥᠭᠭᠦᠭᠰᠡᠨ ᠬᠡᠳᠡᠭ᠃ ᠲᠦᠪ ᠤᠨ ᠲᠤᠬᠤᠨᠢᠭᠤᠯᠬᠤ ᠪᠦᠯᠭᠦᠮ ᠢ ᠤᠭᠳᠤᠬᠤ ᠪᠠᠶᠠᠷ ᠭᠦᠦᠷ | ᠤᠨ ᠠᠭᠤᠷ ᠠᠮᠢᠰᠬᠤᠯ ᠢ ᠨᠡᠮᠡᠭᠳᠡᠭᠦᠯᠭᠦ ᠶᠢᠨ ᠲᠦᠯᠦᠬᠡ᠂ ᠨᠤᠳᠤᠭ ᠤᠨ ᠲᠠᠭᠤᠴᠢᠳ ᠲᠤᠳᠤᠷ᠎ᠠ ᠠᠴᠠ ᠲᠦᠷᠪᠡᠨ | ᠨᠡᠷ᠎ᠡ ᠲᠠᠭᠤᠴᠢᠳ ᠢ ᠰᠤᠩᠭᠤᠵᠤ᠂ ᠤᠷᠳᠤ ᠶᠢᠨ ᠲᠠᠭᠤᠤ ᠶᠢ ᠪᠡᠯᠡᠳᠬᠡᠯᠭᠡᠪᠡ᠃ ᠡᠭᠦᠨ ᠠᠴᠠ ᠭᠠᠳᠠᠨ᠎ᠠ ᠲᠦᠪ ᠤᠨ | ᠲᠤᠬᠤᠨᠢᠭᠤᠯᠬᠤ ᠪᠦᠯᠭᠦᠮ ᠢ ᠤᠭᠳᠤᠬᠤ ᠶᠠᠪᠤᠴᠠ ᠳᠠᠬᠢ ᠦᠢᠯᠡᠴᠢᠯᠡᠭᠦ ᠠᠵᠢᠯ ᠢ ᠲᠤᠰᠬᠠᠢ ᠭᠦᠮᠦᠰ ᠢᠶᠠᠷ | ᠬᠠᠷᠢᠭᠤᠴᠠᠭᠤᠯᠵᠤ᠂ ᠲᠦᠪ ᠤᠨ ᠲᠤᠬᠤᠨᠢᠭᠤᠯᠬᠤ ᠪᠦᠯᠭᠦᠮ ᠢ ᠤᠭᠳᠤᠬᠤ ᠠᠵᠢᠯᠯᠠᠭᠠᠨ ᠢ ᠵᠣᠬᠢᠶᠠᠨ ᠪᠠᠶᠢᠭᠤᠯᠤᠯᠳᠠ | ᠲᠠᠢ᠂ ᠣᠷᠤᠨ ᠭᠠᠵᠠᠷ ᠤᠨ ᠣᠨᠴᠠᠯᠢᠭ᠂ ᠣᠯᠠᠨ ᠲᠦᠮᠡᠨᠴᠢ ᠴᠢᠨᠠᠷ ᠲᠠᠢ ᠪᠠᠶᠢᠬᠤ ᠶᠢ ᠰᠠᠶᠢᠳᠤᠷ | ᠨᠠᠶᠢᠳᠠᠪᠤᠷᠢᠵᠢᠭᠤᠯᠪᠠ᠃ ᠰᠠᠷ᠎ᠠ ᠰᠢᠬᠠᠮ ᠤᠨ ᠪᠡᠯᠡᠳᠬᠡᠯ ᠢᠶᠠᠷ ᠲᠠᠮᠵᠢᠨ ᠡᠯ᠎ᠡ ᠵᠦᠢᠯ ᠤᠨ ᠠᠵᠢᠯ ᠢ ᠨᠠᠷᠢᠨ ᠨᠢᠮᠪᠠᠢ | ᠲᠣᠬᠢᠷᠠᠭᠤᠯᠵᠤ᠂ ᠲᠦᠪ ᠤᠨ ᠲᠤᠬᠤᠨᠢᠭᠤᠯᠬᠤ ᠪᠦᠯᠭᠦᠮ ᠢ ᠥᠪᠡᠳᠡᠭᠰᠢ ᠶᠡᠬᠡᠪᠡᠷ ᠤᠭᠳᠤᠬᠤ ᠶᠣᠰᠤᠯᠠᠯ ᠢ | ᠪᠡᠶᠡᠯᠡᠭᠦᠯᠭᠦ ᠳᠤ ᠢᠳᠡᠬᠡᠯ ᠲᠡᠭᠦᠯᠳᠡᠷ ᠪᠤᠯᠪᠠ᠃ | 1952 ᠣᠨ ᠤ ᠠᠷᠭ᠎ᠠ ᠶᠢᠨ ᠤᠯᠠᠷᠢᠯ ᠤᠨ 7 ᠰᠠᠷ᠎ᠠ ᠶᠢᠨ 18 ᠤ ᠡᠳᠦᠷ᠂ ᠲᠦᠪ ᠤᠨ | ᠲᠤᠬᠤᠨᠢᠭᠤᠯᠬᠤ ᠪᠦᠯᠭᠦᠮ ᠠᠶᠢᠮᠠᠭ ᠤᠨ ᠵᠠᠬᠢᠷᠭ᠎ᠠ ᠶᠢᠨ ᠰᠠᠭᠤᠭ᠎ᠠ ᠭᠠᠵᠠᠷ ᠯᠢᠨᠳᠦ᠋ᠩ ᠠᠴᠠ ᠴᠠᠭᠠᠨᠬᠠᠳᠠ ᠨᠤᠳᠤᠭ ︵ | ᠨᠠᠢᠮᠠᠳᠤᠭᠠᠷ ᠨᠤᠳᠤᠭ︶ ᠤᠨ ᠭᠤᠤᠯ ᠤᠨ ᠠᠶᠢᠯ ᠭᠠᠴᠠᠭ᠎ᠠ ᠵᠦᠭ ᠴᠢᠭᠯᠡᠪᠡ᠃ ᠲᠦᠪ ᠤᠨ ᠴᠦᠬᠡᠨ ᠲᠣᠭᠠᠳᠤ | ᠦᠨᠳᠦᠰᠦᠳᠡᠨ ᠤ ᠲᠤᠬᠤᠨᠢᠭᠤᠯᠬᠤ ᠪᠦᠯᠭᠦᠮ ᠨᠢ ᠫᠣᠩᠰᠤᠭ ᠭᠤᠸᠠᠢ ᠪᠠᠷ ᠬᠤᠪᠢᠶᠠᠷᠢ ᠪᠦᠯᠭᠦᠮ ᠤᠨ ᠲᠠᠷᠤᠭ᠎ᠠ | ᠪᠤᠯᠭᠠᠵᠤ᠂ ᠪᠠᠭᠠᠷᠢᠨ ᠵᠡᠭᠦᠨ ᠬᠤᠰᠢᠭᠤᠨ ᠤ ᠬᠤᠰᠢᠭᠤ ᠵᠠᠰᠠᠭ ᠤᠨ ᠲᠠᠷᠤᠭ᠎ᠠ ᠪᠠᠶᠢᠭᠠᠯᠢ ᠭᠤᠸᠠᠢ ᠶᠢᠨ ᠪᠠᠷ᠎ᠠ | ᠪᠤᠯᠤᠯᠭ᠎ᠠ ᠲᠠᠢ᠂ ᠺᠢᠨᠣ᠋ ᠭᠠᠷᠭᠠᠬᠤ ᠠᠩᠬᠢ᠂ ᠤᠷᠠᠯᠢᠭ ᠤᠨ ᠠᠩᠬᠢ᠂ ᠠᠵᠢᠯᠯᠠᠬᠤ ᠠᠩᠬᠢ ᠶᠢᠨ ᠪᠦᠷᠢᠯᠳᠦᠭᠦᠨ ᠲᠠᠢ | ᠬᠠᠮᠳᠤ ᠨᠢᠬᠡ ᠵᠢᠫᠥ᠋ ᠲᠡᠷᠬᠡ᠂ ᠨᠢᠬᠡ ᠵᠠᠳᠠᠭᠠᠢ ᠮᠠᠰᠢᠨ ᠲᠡᠷᠬᠡ ᠪᠠᠷ ᠯᠢᠨᠳᠦ᠋ᠩ ᠵᠡᠬᠡᠯᠢ ᠠᠴᠠ ᠭᠦᠳᠡᠭᠡ ᠲᠠᠯ᠎ᠠ ᠶᠢᠨ | ᠲᠠᠷᠳᠠᠩ ᠵᠠᠮ ᠢᠶᠠᠷ ᠲᠠᠪᠬᠢᠭᠤᠯᠵᠤ ᠠᠶᠢᠰᠤᠢ᠃ ᠫᠤᠩᠰᠤᠭ ᠭᠤᠸᠠᠢ ᠵᠠᠮ ᠲᠠᠭᠤ ᠶᠢᠨ ᠡᠪᠡᠰᠦ ᠪᠡᠯᠴᠢᠬᠡᠷ᠂ ᠮᠠᠯ | ᠰᠦᠷᠦᠭ᠂ ᠠᠭᠤᠯᠠ ᠣᠰᠤ᠂ ᠭᠦᠳᠡᠭᠡ ᠲᠠᠯ᠎ᠠ ᠶᠢᠨ ᠦᠵᠡᠰᠭᠦᠯᠡᠩ ᠢ ᠪᠠᠭ᠋ᠠᠷᠬᠠᠨ ᠪᠠᠶᠢᠭᠠᠯᠢ ᠲᠠᠷᠤᠭ᠎ᠠ ᠶᠢᠨ | ᠲᠠᠨᠢᠯᠴᠠᠭᠤᠯᠭ᠎ᠠ ᠳᠤ ᠪᠠᠶᠢᠨ ᠪᠠᠶᠢᠨ ᠲᠤᠯᠤᠭᠠᠢ ᠲᠣᠬᠢᠵᠤ᠂ ᠴᠢᠯᠦᠬᠡᠯᠡᠭᠳᠡᠭᠰᠡᠨ ᠤ ᠲᠠᠷᠠᠭᠠᠬᠢ ᠴᠦᠬᠡᠨ ᠲᠤᠭᠠᠳᠤ | ᠦᠨᠳᠦᠰᠦᠳᠡᠨ ᠤ ᠭᠠᠵᠠᠷ ᠣᠷᠤᠨ ᠤ ᠮᠠᠯᠴᠢᠨ ᠠᠷᠠᠳ ᠤᠨ ᠦᠢᠯᠡᠳᠪᠦᠷᠢᠯᠡᠯ ᠠᠮᠢᠳᠤᠷᠠᠯ ᠳᠤ ᠢᠳᠡᠬᠡᠯ ᠲᠦᠭᠦᠷᠡᠩ | ᠪᠠᠶᠢᠭ᠎ᠠ ᠶᠢ ᠲᠡᠭᠦᠨ ᠤ ᠬᠠᠯᠠᠭᠤᠨ ᠲᠤᠳᠤᠨᠤ ᠢᠨᠢᠶᠡᠮᠰᠦᠭᠯᠡᠯ ᠳᠤ ᠨᠢ ᠲᠤᠳᠤᠬᠠᠨ ᠬᠠᠷᠠᠭᠳᠠᠵᠤ ᠪᠠᠶᠢᠯ᠎ᠠ ︵ᠫᠣᠩᠰᠤᠭ | [1905 ᠣᠨ — — 1991 ᠣᠨ ] ᠵᠢᠷᠢᠮ ᠠᠶᠢᠮᠠᠭ ᠤᠨ ᠬᠤᠷᠴᠢᠨ ᠵᠡᠭᠦᠨ ᠭᠠᠷᠤᠨ ᠡᠮᠦᠨᠡᠳᠦ ᠬᠤᠰᠢᠭᠤᠨ ᠤ | ᠭᠦᠮᠦᠨ ︵ᠣᠳᠤ ᠶᠢᠨ ᠯᠢᠶᠣᠤᠨᠢᠩ ᠮᠤᠵᠢ ᠶᠢᠨ ᠵᠠᠩ ᠡᠦ ᠰᠢᠶᠠᠨ ᠤ ᠳ᠋ᠠ ᠽᠢ ᠵᠢᠶᠠᠽᠢ ᠰᠢᠶᠠᠩ ᠤᠨ ᠵᠠᠯᠠᠨ ᠠᠶᠢᠯ | ᠤᠨ ᠭᠦᠮᠦᠨ︶᠂ 1925 ᠣᠨ ᠳᠤ ᠥᠪᠦᠷ ᠮᠣᠩᠭᠤᠯ ᠤᠨ ᠠᠷᠠᠳ ᠤᠨ ᠬᠤᠪᠢᠰᠬᠠᠯᠳᠤ ᠨᠠᠮ ᠳᠤ ᠣᠷᠤᠵᠤ᠂ | 1928 ᠣᠨ ᠳᠤ ᠵᠦᠪᠯᠡᠯᠳᠦ ᠶᠢᠨ ᠡᠪ ᠬᠠᠮᠳᠤ ᠨᠠᠮ ᠳᠤ ᠣᠷᠤᠵᠤ᠂ 1929 ᠣᠨ ᠳᠤ ᠮᠦᠰᠺᠸᠠ ᠳᠤ ᠴᠢᠦᠢ | ᠴᠢᠦ ᠪᠠᠢ ᠶᠢᠨ ᠲᠠᠨᠢᠯᠴᠠᠭᠤᠯᠭ᠎ᠠ ᠪᠠᠷ ᠵᠦᠪᠯᠡᠯᠳᠦ ᠶᠢᠨ ᠡᠪ ᠬᠠᠮᠳᠤ ᠨᠠᠮ ᠤᠨ ᠬᠡᠰᠢᠭᠦᠨ ᠠᠴᠠ ᠲᠤᠮᠳᠠᠳᠤ ᠤᠯᠤᠰ | ᠤᠨ ᠡᠪ ᠬᠠᠮᠳᠤ ᠨᠠᠮ ᠳᠤ ᠤᠷᠤᠪᠠ᠃ 1949 ᠣᠨ ᠳᠤ᠂ ᠠᠩᠬᠠᠳᠤᠭᠠᠷ ᠤᠳᠠᠭᠠᠨ ᠤ ᠪᠦᠭᠦ ᠤᠯᠤᠰ ᠤᠨ ᠠᠷᠠᠳ | ᠤᠨ ᠤᠯᠤᠰ ᠲᠦᠷᠦ ᠶᠢᠨ ᠵᠦᠪᠯᠡᠯᠬᠡᠨ ᠤ ᠬᠤᠷᠠᠯ ᠳᠤ ᠣᠷᠤᠯᠴᠠᠵᠤ᠂ 1958 ᠣᠨ ᠪᠤᠯᠳᠠᠯ᠎ᠠ ᠲᠦᠪ ᠤᠨ | ᠦᠨᠳᠦᠰᠦᠳᠡᠨ ᠤ ᠬᠡᠷᠡᠭ ᠡᠷᠬᠢᠯᠡᠭᠦ ᠵᠦᠪᠯᠡᠯ ᠤᠨ ᠵᠤᠷᠭᠠᠨ ᠤ ᠲᠠᠷᠤᠭ᠎ᠠ ᠪᠠᠷ ᠠᠵᠢᠯᠯᠠᠵᠤ᠂ ᠥᠪᠦᠷ ᠮᠣᠩᠭᠤᠯ ᠳᠤ | ᠠᠵᠢᠯ ᠰᠢᠯᠵᠢᠭᠰᠡᠨ ᠤ ᠲᠠᠷᠠᠭ᠎ᠠ ᠣᠷᠤᠨ ᠤ ᠲᠤᠳᠤᠭᠠᠳᠤ ᠶᠢ ᠬᠠᠮᠠᠭᠠᠯᠠᠬᠤ ᠬᠡᠯᠳᠡᠰ ᠤᠨ ᠲᠠᠷᠤᠭ᠎ᠠ᠂ ᠵᠠᠮ | ᠬᠠᠷᠢᠯᠴᠠᠭᠠᠨ ᠤ ᠬᠡᠯᠳᠡᠰ ᠤᠨ ᠲᠠᠷᠤᠭ᠎ᠠ᠂ ᠣᠷᠤᠨ ᠤ ᠠᠷᠠᠳ ᠤᠨ ᠵᠦᠪᠯᠡᠯ ᠤᠨ ᠲᠡᠳ᠋ ᠲᠡᠷᠢᠭᠦᠯᠡᠭᠴᠢ ︵ᠵᠠᠰᠠᠭ ᠤᠨ | ᠣᠷᠳᠤᠨ ᠤ ᠲᠡᠳ᠋ ᠲᠡᠷᠢᠭᠦᠯᠡᠭᠴᠢ︶᠂ ᠣᠷᠤᠨ ᠤ ᠤᠯᠤᠰ ᠲᠦᠷᠦ ᠶᠢᠨ ᠵᠦᠪᠯᠡᠯᠬᠡᠨ ᠤ ᠲᠡᠳ᠋ ᠲᠡᠷᠢᠭᠦᠯᠡᠭᠴᠢ᠂ ᠨᠠᠷᠢᠨ | ᠪᠢᠴᠢᠭ ᠤᠨ ᠲᠠᠷᠤᠭ᠎ᠠ ᠵᠡᠷᠬᠡ ᠴᠢᠬᠤᠯᠠ ᠲᠤᠰᠢᠶᠠᠯ ᠢ ᠬᠠᠷᠢᠭᠤᠴᠠᠵᠤ ᠪᠠᠶᠢᠪᠠ᠃ 1978 ᠣᠨ ᠳᠤ ᠥᠪᠦᠷ | ᠮᠣᠩᠭᠤᠯ ᠤᠨ ᠥᠪᠷᠳᠡᠬᠡᠨ ᠵᠠᠰᠠᠬᠤ ᠣᠷᠤᠨ ᠤ ᠤᠯᠤᠰ ᠲᠦᠷᠦ ᠶᠢᠨ ᠵᠦᠪᠯᠡᠯᠬᠡᠨ ᠤ ᠲᠡᠳ᠋ ᠲᠡᠷᠢᠭᠦᠯᠡᠭᠴᠢ᠂ ᠪᠦᠭᠦ | ᠤᠯᠤᠰ ᠤᠨ ᠲᠠᠪᠤᠳᠤᠭᠠᠷ ᠬᠤᠭᠤᠴᠠᠭᠠᠨ ᠤ ᠤᠯᠤᠰ ᠲᠦᠷᠦ ᠶᠢᠨ ᠵᠦᠪᠯᠡᠯᠬᠡᠨ ᠤ ᠬᠡᠰᠢᠭᠦᠨ ᠢᠶᠠᠷ ᠰᠤᠩᠭᠤᠭᠳᠠᠵᠠᠢ᠃ | 1983 ᠣᠨ ᠳᠤ ᠣᠳᠤᠷᠢᠳᠬᠤ ᠠᠵᠢᠯ ᠤᠨ ᠪᠠᠶᠢᠷᠢ ᠠᠴᠠ ᠪᠠᠨ ᠰᠠᠯᠵᠠᠢ︶᠃ | ᠣᠩᠭᠤᠴᠠ ᠶᠢᠨ ᠠᠶᠢᠯ ᠤᠨ ᠪᠠᠷᠠᠭᠤᠨ ᠵᠣ ᠲᠡᠬᠡᠷ᠎ᠡ ᠮᠤᠷᠢ ᠤᠨᠤᠭ᠎ᠠ ᠪᠠᠨ ᠠᠯᠢ ᠡᠷᠳᠡ ᠪᠡᠯᠡᠳᠬᠡᠬᠡᠳ | ᠭᠦᠯᠢᠶᠡᠵᠦ ᠪᠠᠶᠢᠭᠰᠠᠨ ᠣᠯᠠᠨ ᠮᠣᠷᠢᠳᠠᠨ ᠮᠠᠰᠢᠨ ᠲᠡᠷᠬᠡᠨ ᠤ ᠪᠠᠷ᠎ᠠ ᠶᠢ ᠣᠯᠵᠤ ᠬᠠᠷᠠᠮᠠᠭᠴᠠ ︽ᠢᠷᠡᠯ᠎ᠡ᠂ ᠢᠷᠡᠯ᠎ᠡ︾ | ᠬᠡᠮᠡᠯᠴᠡᠨ ᠣᠯᠠᠨ ᠮᠣᠷᠢᠳᠠᠨ ᠠᠪᠤ ᠶᠢᠨ ᠲᠠᠭᠠᠭᠤᠯᠭ᠎ᠠ ᠪᠠᠷ ᠲᠦᠪ ᠤᠨ ᠲᠤᠬᠤᠨᠢᠭᠤᠯᠬᠤ ᠪᠦᠯᠭᠦᠮ ᠤᠨ ᠵᠠᠬ᠎ᠠ ᠳᠤ | ᠲᠠᠪᠬᠢᠭᠤᠯᠤᠨ ᠭᠦᠷᠴᠦ᠂ ᠭᠠᠷ ᠠᠳᠬᠤᠯᠴᠠᠨ ᠮᠡᠨᠳᠦᠴᠢᠯᠡᠵᠦ᠂ ᠬᠠᠳᠠᠭ ᠡᠷᠭᠦᠨ ᠰᠠᠭᠠᠯᠢ ᠶᠢᠨ ᠠᠷᠢᠬᠢ ᠰᠦᠩᠨᠡᠨ | ᠪᠠᠷᠢᠵᠤ᠂ ᠮᠠᠯᠴᠢᠨ ᠠᠷᠠᠳ᠂ ᠨᠤᠳᠤᠭ ᠤᠰᠤᠨ ᠤ ᠬᠢᠨᠢ ᠬᠠᠯᠠᠭᠤᠨ ᠢᠶᠠᠷ ᠤᠭᠳᠤᠵᠤ ᠪᠠᠶᠢᠬᠤ ᠰᠡᠳᠬᠢᠯᠬᠡ ᠪᠠᠨ | ᠢᠯᠡᠳᠬᠡᠯ᠎ᠡ᠃ ᠵᠢᠫᠥ᠋ ᠲᠡᠷᠬᠡᠨ ᠠᠴᠠ ᠪᠠᠭᠤᠨ ᠢᠷᠡᠭᠦ ᠫᠣᠩᠰᠤᠭ ᠲᠠᠷᠤᠭ᠎ᠠ ᠶᠢ ᠬᠡᠳᠦᠨ ᠮᠣᠷᠢᠳᠡᠨ ᠭᠠᠷᠳᠠᠨ ᠲᠤᠰᠴᠤ | ᠠᠪᠤᠭᠠᠳ ᠭᠠᠵᠠᠷ ᠲᠡᠭᠡᠷ᠎ᠡ ᠪᠠᠭᠤᠯᠭᠠᠯ ᠦᠬᠡᠢ ᠲᠡᠭᠦᠷᠴᠦ᠂ ᠵᠠᠮ ᠡᠯᠭᠦᠨ ᠲᠠᠪᠬᠢᠭᠤᠯᠪᠠ᠃ ᠲᠦᠪ ᠤᠨ | ᠲᠣᠬᠤᠨᠢᠭᠤᠯᠬᠤ ᠪᠦᠯᠭᠦᠮ ᠤᠨ ᠬᠢᠨ ᠤ ᠪᠣᠰᠣᠳ ᠭᠦᠮᠦᠰ ᠢ ᠰᠠᠭᠤᠯᠭᠠᠭᠰᠠᠨ ᠮᠠᠰᠢᠨ ᠲᠡᠷᠬᠡ ᠨᠣᠭᠤᠭᠠᠨ ᠲᠠᠯ᠎ᠠ ᠪᠠᠷ | ᠵᠢᠷᠪᠡᠯᠵᠢᠭᠦᠯᠦᠨ ᠲᠠᠪᠬᠢᠬᠤ ᠳᠤ ᠣᠯᠠᠨ ᠮᠣᠷᠢᠳᠠᠨ ᠮᠠᠰᠢᠨ ᠲᠡᠷᠬᠡ ᠲᠠᠢ ᠤᠷᠤᠯᠳᠤᠵᠤ᠂ ᠲᠡᠮᠢ ᠤᠳᠠᠭᠰᠠᠨ ᠦᠬᠡᠢ | ᠭᠥᠳᠦᠯ ᠵᠣ ᠶᠢ ᠲᠠᠪᠠᠨ᠂ ᠰᠢᠷᠭ᠎ᠠ ᠶᠢᠨ ᠭᠤᠣᠯ ᠤᠨ ᠭᠥᠪᠡᠬᠡᠨ ᠳᠤ ᠭᠦᠷᠴᠦ ᠢᠷᠡᠭᠦ ᠳᠤ᠂ ᠲᠦᠪ ᠤᠨ | ᠲᠤᠬᠤᠨᠢᠭᠤᠯᠬᠤ ᠪᠦᠯᠭᠦᠮ ᠪᠠ ᠬᠤᠰᠢᠭᠤ ᠵᠠᠰᠠᠭ ᠤᠨ ᠪᠠᠷ᠎ᠠ ᠪᠤᠯᠤᠭᠰᠠᠳ ᠲᠡᠷᠬᠡᠨ ᠠᠴᠠ ᠪᠠᠨ ᠪᠠᠭᠤᠵᠠᠭᠠᠵᠤ᠂ ᠲᠦᠪ | ᠤᠨ ᠲᠣᠬᠤᠨᠢᠭᠤᠯᠬᠤ ᠪᠦᠯᠭᠦᠮ ᠢ ᠤᠭᠳᠤᠬᠤ ᠪᠠᠷ ᠭᠦᠷᠦᠯᠴᠡᠨ ᠢᠷᠡᠭᠰᠡᠨ ᠮᠠᠯᠴᠢᠳ ᠲᠠᠢ ᠭᠠᠷ ᠠᠳᠬᠤᠨ | ᠮᠡᠨᠳᠦᠴᠢᠯᠡᠯ ᠭᠦᠷᠬᠡᠵᠦ ᠯᠡ ᠪᠠᠶᠢᠯ᠎ᠠ︔ ᠭᠤᠤᠯ ᠬᠤᠷᠠᠯ ᠤᠨ ᠲᠠᠯᠠᠪᠤᠷ ᠭᠦᠷᠳᠡᠯᠡᠬᠢ ᠭᠤᠷᠪᠠᠨ ᠭᠠᠵᠠᠷ ᠤᠨ ᠵᠠᠮ ᠢ | ᠮᠠᠯᠴᠢᠳ ᠲᠠᠢ ᠬᠠᠮᠳᠤ ᠶᠠᠪᠠᠭᠠᠨ ᠠᠯᠬᠤᠵᠤ᠂ ᠬᠠᠯᠠᠭᠤᠨ ᠲᠤᠳᠤᠨᠤ ᠪᠠᠷ ᠶᠠᠷᠢᠯᠴᠠᠨ᠎ᠠ︔ ᠯᠠᠮᠠ ᠨᠠᠷ ᠤᠨ ᠭᠦᠭᠵᠢᠮ | ᠤᠨ ᠠᠩᠬᠢ ᠴᠦ ᠪᠦᠷᠢᠶ᠎ᠡ ᠪᠢᠰᠬᠢᠭᠦᠷ ᠭᠦᠩᠬᠢᠨᠡᠭᠦᠯᠵᠦ᠂ ᠬᠠᠷᠠᠩᠭ᠎ᠠ ᠬᠡᠩᠬᠡᠷᠬᠡ ᠲᠡᠯᠡᠳᠦᠨ ᠠᠶ᠎ᠠ ᠭᠦᠭᠵᠢᠮ ᠡᠭᠦᠰᠬᠡᠪᠡ | ︔ ᠤᠭᠠᠯᠵᠠᠯᠠᠨ ᠤᠷᠤᠰᠬᠤ ᠰᠢᠷᠭ᠎ᠠ ᠶᠢᠨ ᠭᠤᠤᠯ ᠤᠨ ᠲᠤᠩᠭᠠᠯᠠᠭ ᠤᠷᠤᠰᠬᠠᠯ ᠨᠢ ᠮᠠᠯᠴᠢᠨ ᠲᠦᠮᠡᠨ ᠤ ᠤᠷᠳᠤ | ᠬᠠᠳᠠᠭ ᠢᠶᠠᠨ ᠲᠡᠯᠬᠡᠨ ᠲᠤᠳᠤᠨᠤ ᠭᠦᠮᠦᠨ ᠢᠶᠠᠨ ᠤᠭᠳᠤᠬᠤ ᠰᠢᠭ᠋ ᠦᠵᠡᠭᠳᠡᠨ᠎ᠡ︔ ᠭᠤᠤᠯ ᠤᠨ ᠬᠤᠶᠠᠷ ᠭᠦᠪᠡᠬᠡᠨ ᠤ | ᠨᠣᠭᠤᠭᠠᠨ ᠬᠡᠪᠢᠰ ᠰᠢᠭ ᠲᠠᠯ᠎ᠠ ᠲᠡᠬᠡᠷ᠎ᠡ ᠥᠩᠬᠡᠡ ᠶᠢᠨ ᠴᠡᠴᠡᠭ ᠬᠤᠸᠠᠷ ᠠᠯᠠᠭᠯᠠᠨ ᠨᠠᠬᠢᠯᠵᠠᠨ᠎ᠠ︔ ᠮᠠᠯ ᠰᠦᠷᠦᠭ | ᠢᠷᠠᠶᠢᠨ ᠪᠡᠯᠴᠢᠵᠦ᠂ ᠬᠠᠶᠠ ᠪᠠᠰᠠ ᠤᠷᠭ᠎ᠠ ᠲᠤᠬᠤᠶᠢᠯᠠᠭᠰᠠᠨ ᠮᠠᠯᠴᠢᠳ ᠬᠠᠳᠠᠷᠢᠭᠤᠯᠤᠨ ᠲᠠᠪᠬᠢᠬᠤ ᠬᠠᠷᠠᠭᠳᠠᠨ᠎ᠠ︔ | ᠭᠤᠤᠯ ᠤᠨ ᠪᠠᠷᠠᠭᠤᠨ ᠭᠦᠪᠡᠭᠡ ᠠᠴᠠ ᠲᠦᠪ ᠤᠨ ᠲᠤᠬᠤᠨᠢᠭᠤᠯᠬᠤ ᠪᠦᠯᠭᠦᠮ ᠢ ᠤᠭᠳᠤᠬᠤ ᠪᠠᠷ ᠢᠷᠡᠭᠰᠡᠨ | ᠬᠤᠰᠢᠭᠤ ᠰᠤᠮᠤ ᠭᠠᠴᠠᠭ᠎ᠠ ᠶᠢᠨ ᠨᠦᠭᠦᠳ ᠲᠤᠰ ᠭᠠᠴᠠᠭ᠎ᠠ ᠶᠢᠨ ᠮᠠᠯᠴᠢᠨ ᠲᠦᠮᠡᠨ᠂ ᠣᠶᠢᠷ᠎ᠠ ᠬᠠᠪᠢ ᠶᠢᠨ ᠠᠶᠢᠯ | ᠭᠠᠴᠠᠭᠠᠨ ᠠᠴᠠ ᠭᠦᠷᠦᠯᠴᠡᠨ ᠢᠷᠡᠭᠰᠡᠨ ᠮᠠᠯᠴᠢᠨ ᠲᠠᠷᠢᠶᠠᠴᠢᠨ ᠰᠧᠳᠡᠶᠢᠪᠠᠽᠠᠷ ᠤᠨ ᠨᠤᠳᠤᠭ ᠤᠨ ᠵᠡᠭᠦᠨ ᠰᠤᠭᠤ ᠳᠤ | ᠭᠦᠮᠦᠨ ᠤ ᠲᠠᠯᠠᠢ ᠪᠤᠯᠵᠤ ︽ᠮᠠᠤ ᠲᠡᠷᠢᠭᠦᠯᠡᠭᠴᠢ ᠲᠦᠮᠡᠨ ᠨᠠᠰᠤᠯᠠᠳᠤᠭᠠᠢ︕︾᠂ ︽ᠡᠪ ᠬᠠᠮᠳᠤ ᠨᠠᠮ | ᠮᠠᠨᠳᠤᠳᠣᠭᠠᠢ︕︾ ︽ᠮᠠᠤ ᠲᠡᠷᠢᠭᠦᠯᠡᠭᠴᠢ ᠶᠢᠨ ᠲᠣᠮᠢᠯᠠᠭᠰᠠᠨ ᠲᠦᠪ ᠤᠨ ᠲᠤᠬᠤᠨᠢᠭᠤᠯᠬᠤ ᠪᠦᠯᠭᠦᠮ ᠢ ᠪᠠᠶᠠᠷᠯᠠᠨ | ᠤᠭᠳᠤᠶ᠎ᠠ︕︾ ᠬᠡᠭᠦ ᠵᠡᠷᠬᠡ ᠣᠷᠢᠶ᠎ᠠ ᠶᠢ ᠪᠠᠶᠢᠨ ᠪᠠᠶᠢᠨ ᠣᠣᠬᠠᠶᠢᠯᠠᠨ ᠬᠠᠰᠬᠢᠷᠠᠬᠤ ᠳᠤ ᠰᠧᠳᠡᠶᠢᠪᠠᠽᠠᠷ ᠤᠨ | ᠨᠤᠳᠤᠭ ᠤᠨ ᠬᠤᠸᠠ ᠶᠢᠨ ᠵᠡᠭᠦᠨ ᠬᠠᠵᠠᠭᠤ ᠶᠢᠨ ᠯᠠᠮᠠ ᠨᠠᠷ ᠤᠨ ᠪᠦᠷᠢᠶ᠎ᠡ ᠪᠢᠰᠬᠢᠭᠦᠷ᠂ ᠴᠠᠩ ᠬᠡᠩᠬᠡᠷᠬᠡ ᠶᠢᠨ | ᠭᠦᠭᠵᠢᠮ ᠭᠦᠩᠬᠢᠨᠡᠨ ᠮᠠᠯᠴᠢᠳ ᠤᠨ ᠤᠷᠢᠶ᠎ᠠ ᠬᠠᠰᠬᠢᠷᠠᠬᠤ ᠲᠠᠭᠠᠤ ᠲᠠᠢ ᠭᠦᠭ ᠨᠡᠶᠢᠯᠡᠨ ᠨᠣᠳᠤᠭ ᠤᠨ ᠬᠡᠶᠢᠮᠦᠷᠢ | ᠰᠦᠯᠳᠡ ᠶᠢ ᠤᠷᠠᠶᠢᠯᠠᠨ ᠲᠠᠭᠤᠳᠠᠬᠤ ᠰᠢᠭ᠋ ᠪᠠᠶᠢᠯ᠎ᠠ︔ ᠲᠦᠪ ᠤᠨ ᠲᠤᠬᠤᠨᠢᠭᠤᠯᠬᠤ ᠪᠦᠯᠭᠦᠮ ᠤᠨ ᠬᠤᠶᠠᠷ ᠵᠠᠬ᠎ᠠ | ᠪᠠᠷ ᠣᠯᠠᠨ ᠮᠣᠷᠢᠳᠠᠳ ᠰᠠᠶᠢᠪᠤᠷ ᠵᠢᠷᠤᠭ᠎ᠠ ᠪᠠᠨ ᠭᠠᠶᠢᠬᠠᠭᠤᠯᠵᠤ᠂ ᠠᠪᠤ ᠶᠢᠨ ᠭᠦᠷᠡᠩ ᠵᠢᠷᠤᠭ᠎ᠠ ᠮᠣᠷᠢ ᠤᠯᠠᠨ | ᠮᠣᠷᠢᠳᠡᠨ ᠤ ᠬᠠᠮᠤᠭ ᠡᠮᠦᠨ᠎ᠡ ᠰᠣᠮᠤᠳᠠᠨ ᠭᠠᠷᠴᠤ᠂ ᠨᠠᠮᠠᠰᠬᠢᠨ ᠰᠤᠨᠵᠤ ᠭᠦᠯ ᠠᠯᠳᠠᠯ ᠦᠬᠡᠢ ᠬᠡᠰᠬᠢᠭᠳᠡᠯ ᠠᠯᠬᠤᠮ | ᠢᠶᠠᠨ ᠰᠢᠷᠦᠭᠦᠰᠬᠡᠵᠦ ᠤᠷᠭᠤᠭ᠎ᠠ ᠵᠢᠷᠤᠭ᠎ᠠ ᠪᠠᠨ ᠭᠠᠶᠢᠬᠠᠭᠤᠯᠤᠨ᠎ᠠ︔ ᠠᠪᠤ ᠭᠦᠬᠡ ᠴᠠᠮᠴᠠ ᠶᠢᠨ ᠭᠠᠳᠠᠭᠤᠷ ᠬᠠᠷ᠎ᠠ | ᠤᠣᠵᠢ ᠰᠤᠭᠰᠤᠷᠠᠨ ᠡᠮᠦᠰᠴᠦ᠂ ᠮᠣᠷᠢᠨ ᠲᠡᠬᠡᠷ᠎ᠡ ᠮᠠᠳᠠᠶᠢᠨ ᠰᠠᠭᠤᠭᠠᠳ ᠴᠣᠯᠪᠤᠭᠤᠷ ᠢ ᠰᠤᠯᠠᠬᠠᠨ ᠲᠠᠳᠠᠵᠤ᠂ | ᠮᠣᠷᠢᠨ ᠲᠠᠰᠢᠭᠤᠷ ᠢ ᠭᠠᠷ ᠤᠨ ᠠᠶ᠎ᠠ ᠪᠠᠷ ᠡᠷᠬᠢᠯᠳᠦᠭᠦᠯᠵᠦ᠂ ᠣᠯᠠᠨ ᠲᠠᠢ ᠪᠠᠨ ᠬᠠᠮᠳᠤ ᠡᠨᠡᠭᠦ ᠴᠠᠭ ᠮᠦᠴᠡ ᠶᠢᠨ | ᠵᠢᠷᠭᠠᠯ ᠢ ᠡᠳ᠋ᠯᠡᠨ᠎ᠡ᠃ | ᠲᠦᠪ ᠤᠨ ᠲᠤᠬᠤᠨᠢᠭᠤᠯᠬᠤ ᠪᠦᠯᠭᠦᠮ ᠪᠠ ᠪᠠᠷ᠎ᠠ ᠪᠤᠯᠤᠭᠰᠠᠳ ᠭᠤᠷᠪᠠᠨ ᠬᠤᠸᠠ ᠶᠢᠨ ᠡᠩᠬᠡᠷ ᠤᠨ | ᠭᠤᠤᠯ ᠬᠤᠷᠠᠯ ᠤᠨ ᠲᠠᠯᠠᠪᠤᠷ ᠲᠠᠬᠢ ᠮᠤᠩᠭᠤᠯ ᠬᠡᠷ ᠲᠤ ᠪᠠᠭᠤᠵᠤ᠂ ᠮᠤᠩᠭᠤᠯ ᠬᠡᠷ ᠤᠨ ᠡᠭᠦᠳᠡᠨ ᠳᠤ ᠠᠯᠢ ᠡᠷᠳᠡ | ᠭᠦᠯᠢᠶᠡᠵᠦ ᠪᠠᠶᠢᠭᠰᠠᠨ ᠰᠡᠪᠵᠡᠢ ︵ᠷᠠᠪᠳᠠᠨ ᠤ ᠲᠡᠭᠦᠦ︶᠂ ᠢᠮᠵᠢᠳᠮᠠ ︵ᠰᠤᠭᠤ ᠶᠢᠨ ᠠᠶᠢᠯ︶᠂ ᠷᠠᠪᠳᠠᠨ ︵ | ᠲᠤᠮᠳᠠ ᠠᠶᠢᠯ︶᠂ ᠴᠢᠮᠡᠭ ︵ᠬᠤᠸᠠ ᠶᠢᠨ ᠪᠠᠷᠠᠭᠤᠨ ᠰᠤᠭᠤ︶ ᠵᠡᠷᠬᠡ ᠨᠤᠳᠤᠭ ᠤᠨ ᠲᠠᠭᠤᠴᠢᠳ ︽ᠬᠡᠬᠡᠷ᠎ᠡ | ᠬᠠᠯᠳᠠᠷ︾᠂ ︽ᠡᠭᠦᠯᠡᠨ ᠭᠦᠬᠡ︾ ᠵᠡᠷᠬᠡ ᠪᠠᠭᠠᠷᠢᠨ ᠤ ᠣᠷᠳᠤ ᠶᠢᠨ ᠲᠠᠭᠤᠤ ᠶᠢ ᠬᠠᠩᠬᠢᠨᠠᠭᠤᠯᠵᠤ᠂ ᠵᠠᠮᠰᠤ ︵ | ᠰᠤᠭᠤ ᠶᠢᠨ ᠠᠶᠢᠯ︶᠂ ᠪᠦᠷᠢᠨᠳᠡᠭᠦᠰ ︵ᠬᠠᠷ᠎ᠠ ᠡᠷᠬᠢ︶ ᠬᠤᠶᠠᠷ ᠬᠤᠭᠤᠷᠴᠢ ᠲᠦᠷᠪᠡᠨ ᠣᠳᠠᠰᠤᠳᠤ ᠬᠤᠭᠤᠷ | ᠭᠦᠭᠵᠢᠮᠳᠡᠵᠦ᠂ ᠮᠤᠩᠭᠤᠯ ᠬᠡᠷ ᠤᠨ ᠴᠠᠢ ᠶᠢᠨ ᠰᠢᠷᠡᠭᠡ ᠶᠢ ᠥᠷᠦᠮ᠎ᠡ ᠬᠤᠷᠣᠳ᠂ ᠰᠢᠷ᠎ᠠ ᠲᠣᠰᠤ᠂ ᠠᠭᠠᠷᠣᠤᠯ | ᠴᠦᠴᠦᠬᠡᠢ᠂ ᠬᠠᠭᠤᠷᠤᠭᠰᠠᠨ ᠪᠤᠳᠠᠭ᠎ᠠ᠂ ᠪᠤᠣᠪᠤ ᠰᠢᠬᠢᠷ ᠢᠶᠠᠷ ᠥᠷᠦᠨ ᠵᠠᠰᠠᠵᠤ᠂ ᠠᠯᠳᠠᠨᠬᠤᠸᠠᠷ᠂ ᠯᠠᠶᠢᠰᠢᠶᠣᠤ᠂ | ᠢᠨᠯᠠᠨᠽᠦ᠋ᠢ᠂ ᠮᠠᠨᠳᠠᠭᠠᠷ᠂ ᠭᠤᠣᠱᠠ᠂ ᠽᠠᠨᠳᠠᠨᠴᠡᠴᠡᠭ ᠨᠠᠷ ᠨᠤᠳᠤᠭ ᠤᠨ ᠰᠢᠷ᠎ᠠ ᠴᠠᠢ ᠪᠠᠨ ᠭᠦᠨᠳᠦᠳᠦ ᠵᠣᠴᠢᠨ ᠳᠤ | ᠠᠶᠠᠭᠠᠯᠠᠬᠤ ᠵᠠᠭᠤᠷ᠎ᠠ ᠳᠤ ᠲᠦᠪ ᠤᠨ ᠲᠤᠬᠤᠨᠢᠭᠤᠯᠬᠤ ᠪᠦᠯᠭᠦᠮ ᠤᠨ ᠲᠠᠷᠤᠭ᠎ᠠ ᠫᠤᠩᠰᠤᠭ ᠭᠤᠸᠠᠢ ᠮᠠᠯᠴᠢᠳ ᠤᠨ | ᠠᠵᠢᠯ ᠠᠮᠢᠳᠤᠷᠠᠯ ᠤᠨ ᠲᠤᠬᠠᠢ ᠭᠦᠦᠷ ᠨᠠᠷᠬᠢᠶᠠᠨ ᠲᠠᠢ ᠵᠣᠭᠤᠭᠳᠠᠵᠤ ᠡᠬᠢᠯᠡᠯ᠎ᠡ᠃ | ᠲᠦᠪ ᠤᠨ ᠲᠤᠬᠤᠨᠢᠭᠤᠯᠬᠤ ᠪᠦᠯᠭᠦᠮ ᠤᠨ ᠲᠤᠬᠤᠨᠢᠭᠤᠯᠬᠤ ᠬᠤᠷᠠᠯ ᠡᠬᠢᠯᠡᠪᠡ᠃ ᠪᠦᠯᠭᠦᠮ ᠤᠨ ᠲᠠᠷᠤᠭ᠎ᠠ | ᠫᠤᠩᠰᠤᠭ ᠭᠤᠸᠠᠢ ᠠᠴᠠ ᠲᠦᠪ ᠤᠨ ᠲᠤᠬᠤᠨᠢᠭᠤᠯᠬᠤ ᠵᠠᠬᠢᠳᠠᠯ ᠢ ᠣᠩᠰᠢᠭᠰᠠᠨ ᠪᠦᠬᠡᠳ ᠶᠠᠷᠢᠶ᠎ᠠ ᠲᠠᠯᠪᠢᠵᠣ᠂ | ᠶᠠᠷᠢᠶᠠᠨ ᠤ ᠪᠠᠨ ᠬᠠᠮᠤᠭ ᠲᠦᠷᠦᠭᠦᠨ ᠳᠤ ᠮᠠᠣ ᠲᠡᠷᠢᠭᠦᠯᠡᠭᠴᠢ ᠮᠠᠯᠴᠢᠨ ᠲᠦᠮᠡᠨ ᠤ ᠰᠠᠶᠢᠨ ᠰᠠᠶᠢᠬᠠᠨ ᠠᠮᠤᠷ ᠮᠡᠨᠳᠦ | ᠶᠢ ᠠᠰᠠᠭᠤᠵᠤ ᠪᠠᠶᠢᠬᠤ ᠶᠢ ᠲᠠᠮᠵᠢᠭᠤᠯᠤᠨ ᠶᠠᠷᠢᠶ᠎ᠠ ᠪᠠᠨ ᠡᠬᠢᠯᠡᠭᠦᠯᠪᠡ᠃ ᠫᠣᠩᠰᠤᠭ ᠭᠤᠸᠠᠢ ᠶᠠᠷᠢᠶᠠᠨ ᠳᠠᠭᠠᠨ ᠡᠨᠡ | ᠤᠳᠠᠭᠠᠨ ᠤ ᠲᠦᠪ ᠤᠨ ᠲᠤᠬᠤᠨᠢᠭᠤᠯᠬᠤ ᠪᠦᠯᠭᠦᠮ ᠤᠨ ᠠᠵᠢᠯ ᠤᠨ ᠵᠣᠷᠢᠯᠭ᠎ᠠ᠂ ᠲᠦᠪ ᠤᠨ ᠵᠠᠰᠠᠭ ᠤᠨ ᠣᠷᠳᠤᠨ | ᠠᠴᠠ ᠴᠦᠬᠡᠨ ᠲᠤᠭᠠᠳᠤ ᠦᠨᠳᠦᠰᠦᠳᠡᠨ ᠤ ᠭᠠᠵᠠᠷ ᠣᠷᠤᠨ ᠢ ᠬᠠᠯᠠᠮᠵᠢᠯᠠᠵᠤ ᠪᠠᠶᠢᠭ᠎ᠠ ᠪᠠᠶᠢᠳᠠᠯ᠂ ᠴᠦᠬᠡᠨ ᠲᠤᠭᠠᠳᠤ | ᠦᠨᠳᠦᠰᠦᠳᠡᠨ ᠤ ᠭᠠᠵᠠᠷ ᠣᠷᠣᠨ ᠤ ᠭᠤᠤᠯ ᠡᠭᠦᠷᠬᠡ᠂ ᠲᠦᠪ ᠤᠨ ᠵᠠᠰᠠᠭ ᠤᠨ ᠣᠷᠳᠤᠨ ᠠᠴᠠ ᠴᠦᠬᠡᠨ ᠲᠤᠭᠠᠳᠤ | ᠦᠨᠳᠦᠰᠦᠳᠡᠨ ᠳᠤ ᠠᠪᠴᠦ ᠪᠠᠶᠢᠭ᠎ᠠ ᠲᠦᠷᠦ ᠶᠢᠨ ᠪᠤᠳᠤᠯᠭ᠎ᠠ᠂ ᠬᠤᠶᠢᠰᠢᠳᠠ ᠶᠢᠨ ᠦᠢᠯᠡᠳᠪᠦᠷᠢᠯᠡᠯ ᠠᠮᠢᠳᠤᠷᠠᠯ ᠤᠨ | ᠬᠢᠷᠢ ᠲᠦᠪᠰᠢᠨ ᠢᠶᠠᠨ ᠲᠡᠬᠡᠭᠰᠢᠯᠡᠭᠦᠯᠭᠦ ᠲᠤᠬᠠᠢ ᠠᠷᠭ᠎ᠠ ᠬᠡᠮᠵᠢᠶ᠎ᠡ ᠵᠡᠷᠬᠡ ᠲᠠᠯ᠎ᠠ ᠪᠠᠷ ᠭᠤᠤᠯᠳᠠᠯᠭ᠎ᠠ ᠲᠠᠢ ᠶᠠᠷᠢᠵᠤ | ᠭᠠᠷᠣᠯ᠎ᠠ᠃ ᠫᠣᠩᠰᠤᠭ ᠭᠤᠸᠠᠢ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠶᠢ ᠲᠦᠯᠦᠬᠡᠯᠡᠵᠦ | ︽ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠦᠨᠳᠦᠰᠦᠳᠡᠨ ᠨᠦᠭᠦᠳ ᠪᠦᠯᠭᠦᠮᠳᠡᠳᠦᠬᠡᠢ︕︾ ᠬᠡᠰᠡᠨ | ᠮᠠᠤ ᠲᠡᠷᠢᠭᠦᠯᠡᠭᠴᠢ ᠶᠢᠨ ᠪᠢᠴᠢᠬᠡᠰᠦ ᠲᠠᠢ ᠮᠠᠩᠨᠤᠭ ᠲᠤᠭ ᠢ ᠭᠤᠤᠯ ᠤᠨ ᠠᠶᠢᠯ ᠭᠠᠴᠠᠭᠠᠨ ᠤ ᠲᠠᠷᠤᠭ᠎ᠠ ᠠᠭᠰᠠᠨ | ᠮᠠᠨ ᠤ ᠠᠪᠤ ︵ᠣᠪᠤᠤ︶ ᠳᠤ ᠭᠠᠷᠳᠠᠭᠤᠯᠪᠠ᠃ ᠠᠪᠤ ᠮᠠᠩᠨᠤᠭ ᠲᠤᠭ ᠢ ᠭᠠᠷᠳᠠᠬᠤ ᠳᠠᠭᠠᠨ ᠲᠤᠭ ᠤᠨ ᠠᠯᠳᠠᠨ | ᠴᠠᠴᠤᠭ ᠢ ᠮᠠᠩᠨᠠᠢ ᠳᠠᠭᠠᠨ ᠲᠤᠯᠭᠠᠨ ᠭᠦᠨᠳᠦᠯᠡᠬᠡᠳ᠂ ᠬᠤᠷᠠᠯ ᠤᠨ ᠲᠠᠯᠠᠪᠤᠷ ᠲᠤ ᠪᠠᠶᠢᠭ᠎ᠠ ᠮᠠᠯᠴᠢᠨ ᠲᠦᠮᠡᠨ ᠳᠤ | ᠲᠤᠭ ᠢ ᠲᠡᠬᠡᠭᠰᠢ ᠡᠷᠭᠦᠨ ᠪᠠᠷᠠᠯᠠᠭᠠᠭᠤᠯᠪᠠ᠃ ᠬᠤᠰᠢᠭᠤ ᠵᠠᠰᠠᠭ ᠤᠨ ᠪᠠᠶᠢᠭᠠᠯᠢ ᠲᠠᠷᠤᠭ᠎ᠠ ᠬᠤᠰᠢᠭᠤ ᠰᠤᠮᠤ ᠭᠠᠴᠠᠭ᠎ᠠ | ᠵᠢᠴᠢ ᠮᠠᠯᠴᠢᠳ ᠢᠶᠠᠨ ᠲᠦᠯᠦᠬᠡᠯᠡᠵᠦ᠂ ᠨᠠᠮ ᠤᠨ ᠲᠦᠪ ᠬᠤᠷᠢᠶ᠎ᠠ᠂ ᠮᠠᠤ ᠲᠡᠷᠢᠭᠦᠯᠡᠭᠴᠢ ᠳᠤ ᠰᠡᠳᠬᠢᠯ ᠤᠨ ᠭᠦᠨ | ᠠᠴᠠ ᠪᠠᠨ ᠲᠠᠯᠠᠷᠬᠠᠵᠤ᠂ ᠲᠦᠪ ᠤᠨ ᠲᠤᠬᠤᠨᠢᠭᠤᠯᠬᠤ ᠪᠦᠯᠭᠦᠮ ᠤᠨ ᠬᠠᠯᠠᠮᠵᠢᠯᠠᠯ ᠢ ᠭᠦᠰᠡᠷᠳᠡᠭᠦᠯᠭᠦ ᠦᠬᠡᠢ ᠪᠠᠷ | ᠮᠠᠯᠵᠢᠬᠤ ᠣᠷᠤᠨ ᠢᠶᠠᠨ ᠪᠦᠳᠦᠬᠡᠨ ᠪᠠᠶᠢᠭᠤᠯᠬᠤ ᠢᠳᠡᠬᠡᠯ ᠵᠣᠷᠢᠭ ᠢᠶᠠᠨ ᠢᠯᠡᠳᠬᠡᠭᠰᠡᠨ ᠪᠠᠶᠢᠨ᠎ᠠ᠃ | ᠬᠤᠷᠠᠯ ᠤᠨ ᠲᠠᠷᠠᠭ᠎ᠠ᠂ ᠲᠦᠪ ᠤᠨ ᠲᠤᠬᠤᠨᠢᠭᠤᠯᠬᠤ ᠪᠦᠯᠭᠦᠮ ᠨᠢ ᠵᠤᠰᠠᠯᠠᠩ ᠤᠨ ᠮᠠᠯᠴᠢᠨ ᠡᠷᠦᠬᠡ ᠪᠠᠷ | ᠭᠦᠷᠴᠦ᠂ ᠦᠢᠯᠡᠳᠪᠦᠷᠢᠯᠡᠯ ᠢᠶᠠᠨ ᠭᠦᠭᠵᠢᠭᠦᠯᠵᠦ᠂ ᠠᠮᠢᠳᠣᠷᠠᠯ ᠢᠶᠠᠨ ᠲᠡᠬᠡᠭᠰᠢᠯᠡᠭᠦᠯᠦᠭᠰᠡᠨ ᠪᠠᠶᠢᠳᠠᠯ ᠢ ᠣᠶᠢᠯᠠᠭᠠᠵᠠᠢ᠃ | ᠢᠯᠠᠩᠭᠤᠶ᠎ᠠ ᠭᠤᠤᠯ ᠤᠨ ᠠᠶᠢᠯ ᠭᠠᠴᠠᠭᠠᠨ ᠤ ᠮᠠᠯᠴᠢᠨ ᠲᠦᠮᠡᠨ ᠤ ᠣᠶᠣᠨ ᠰᠠᠨᠠᠭᠠᠨ ᠤ ᠲᠦᠷᠰᠦ ᠪᠠᠶᠢᠳᠠᠯ᠂ ᠮᠠᠯ | ᠠᠵᠤ ᠠᠬᠤᠢ ᠶᠢᠨ ᠲᠤᠭᠳᠠᠭᠤᠨ ᠥᠰᠦᠯᠳᠡ ᠪᠠ ᠴᠢᠯᠦᠬᠡᠯᠡᠯᠳᠡ ᠪᠠᠨ ᠣᠯᠤᠭᠰᠠᠨ ᠮᠠᠯᠴᠢᠨ ᠲᠦᠮᠡᠨ ᠤ ᠠᠮᠢᠳᠤᠷᠠᠯ | ᠢᠶᠠᠨ ᠪᠤᠰᠬᠠᠵᠤ ᠪᠠᠶᠢᠭ᠎ᠠ ᠪᠠᠶᠢᠳᠠᠯ ᠨᠢ ᠲᠦᠪ ᠤᠨ ᠲᠤᠬᠤᠨᠢᠭᠤᠯᠬᠤ ᠪᠦᠯᠭᠦᠮ ᠳᠤ ᠮᠠᠰᠢ ᠰᠠᠶᠢᠨ ᠰᠠᠭᠤᠭᠳᠠᠯ | ᠥᠭᠴᠦ᠂ ᠫᠣᠩᠰᠤᠭ ᠲᠠᠷᠤᠭ᠎ᠠ ᠶᠡᠭᠡ ᠯᠡ ᠰᠡᠳᠬᠢᠯ ᠬᠠᠨᠤᠮᠵᠢᠳᠠᠢ ᠪᠠᠶᠢᠭᠰᠠᠨ ᠢᠶᠠᠨ ᠰᠤᠷᠪᠤᠯᠵᠢᠯᠠᠭᠴᠢ ᠶᠢᠨ | ᠰᠤᠷᠪᠤᠯᠵᠢᠯᠠᠭ᠎ᠠ ᠳᠤ ᠰᠡᠳᠬᠢᠯ ᠲᠤᠭᠳᠤᠯᠣᠨ ᠲᠤᠷᠠᠰᠤᠨ ᠶᠠᠷᠢᠵᠤ ᠪᠠᠶᠢᠪᠠ᠃ ᠲᠦᠪ ᠤᠨ ᠲᠤᠬᠤᠨᠢᠭᠤᠯᠬᠤ ᠪᠦᠯᠭᠦᠮ | ᠤᠨ ᠡᠮᠨᠡᠯᠬᠡ ᠶᠢᠨ ᠠᠩᠬᠢ ᠶᠢᠨ ᠡᠮᠴᠢ ᠨᠠᠷ ᠠᠴᠠ ᠬᠡᠰᠡᠭ ᠪᠦᠯᠦᠭ ᠮᠠᠯᠴᠢᠳ ᠲᠤ ᠪᠡᠶ᠎ᠡ ᠶᠢᠨ ᠪᠠᠶᠢᠴᠠᠭᠠᠯᠳᠠ ᠬᠢᠵᠦ᠂ | ᠡᠮ ᠲᠠᠩ ᠥᠭᠴᠦ᠂ ᠡᠪᠡᠦᠴᠢᠨ ᠲᠠᠬᠤᠯ ᠢ ᠰᠡᠷᠬᠡᠶᠢᠯᠡᠭᠦ ᠲᠤᠬᠠᠢ ᠶᠡᠷᠦ ᠶᠢᠨ ᠮᠡᠳᠡᠯᠬᠡ ᠶᠢ ᠲᠦᠭᠦᠮ ᠲᠦᠳᠡ | ᠲᠠᠶᠢᠯᠪᠤᠷᠢᠯᠠᠯ ᠬᠢᠵᠦ ᠥᠭᠴᠡᠢ᠃ ᠡᠨᠡ ᠨᠢ ᠪᠠᠷᠤᠭ ᠲᠤᠰ ᠭᠠᠴᠠᠭᠠᠨ ᠤ ᠮᠠᠯᠴᠢᠨ ᠲᠦᠮᠡᠨ ᠤ ᠬᠠᠮᠤᠭ ᠠᠩᠬᠠᠨ ᠤ | ᠪᠡᠶ᠎ᠡ ᠶᠢᠨ ᠡᠷᠡᠭᠦᠯ ᠴᠢᠬᠢᠷᠠᠭ ᠤᠨ ᠪᠠᠶᠢᠴᠠᠭᠠᠯᠳᠠ ᠬᠡᠵᠦ ᠬᠡᠯᠡᠵᠦ ᠪᠤᠯᠬᠤ ᠶᠤᠮ᠃ ᠲᠦᠪ ᠤᠨ ᠲᠤᠬᠤᠨᠢᠭᠤᠯᠬᠤ | ᠪᠦᠯᠭᠦᠮ ᠤᠨ ᠵᠢᠷᠤᠭᠴᠢᠨ ᠭᠤᠮᠪᠤ ︵ᠰᠡᠭᠦᠯᠡᠷ ᠨᠢ ᠪᠡᠬᠡᠵᠢᠩ ᠤᠨ ᠣᠷᠠᠨ ᠵᠢᠷᠤᠭᠴᠢᠨ ᠤ ᠨᠡᠶᠢᠬᠡᠮᠯᠢᠭ ᠤᠨ | ᠲᠡᠷᠢᠭᠦᠯᠡᠭᠴᠢ ᠪᠠᠶᠢᠵᠤ ᠥᠩᠬᠡᠷᠡᠭᠰᠡᠨ︶ ᠪᠠ ᠵᠢᠩᠭᠤ ᠨᠠᠷ ᠤᠨ ᠮᠠᠯᠴᠢᠳ ᠲᠤ ᠵᠢᠷᠤᠵᠤ ᠥᠭᠭᠦᠭᠰᠡᠨ ᠪᠤᠷᠤ ᠵᠢᠷᠤᠭ ᠨᠢ | ᠲᠡᠷᠡᠬᠡᠨ ᠵᠢᠯ ᠪᠤᠯᠳᠠᠯ᠎ᠠ ᠬᠠᠳᠠᠭᠠᠯᠠᠭᠳᠠᠵᠤ ᠪᠠᠶᠢᠪᠠ᠃ ᠲᠤᠰ ᠡᠳᠦᠷ ᠤᠨ ᠥᠳᠡ ᠶᠢᠨ ᠬᠤᠶᠢᠨ᠎ᠠ ᠲᠦᠪ ᠤᠨ | ᠲᠤᠬᠤᠨᠢᠭᠤᠯᠬᠤ ᠪᠦᠯᠭᠦᠮ ᠤᠨ ᠭᠤᠤᠯ ᠪᠦᠷᠢᠯᠳᠦᠭᠦᠨ ᠨᠢ ᠯᠢᠨᠳᠦ᠋ᠩ ᠵᠦᠭ ᠪᠣᠴᠠᠪᠠ᠃ | ᠣᠷᠤᠢ ᠨᠢ ᠲᠦᠪ ᠤᠨ ᠲᠤᠬᠤᠨᠢᠭᠤᠯᠬᠤ ᠪᠦᠯᠭᠦᠮ ᠤᠨ ᠣᠷᠠᠯᠢᠭ ᠤᠨ ᠠᠩᠬᠢ ᠠᠴᠠ ᠮᠠᠯᠴᠢᠳ ᠲᠤ ︽ | ᠥᠪᠦᠷ ᠮᠣᠩᠭᠤᠯ ᠤᠨ ᠠᠷᠠᠳ ᠲᠦᠮᠡᠨ ᠤ ᠢᠯᠠᠯᠳᠠ︾ ᠬᠡᠭᠦ ᠺᠢᠨᠣ᠋ ᠶᠢ ᠰᠣᠨᠢᠷᠬᠠᠭᠤᠯᠪᠠ᠃ ᠡᠨᠡ ᠺᠢᠨᠣ᠋ ᠪᠣᠯ ᠮᠣᠩᠭᠤᠯ | ᠦᠨᠳᠦᠰᠦᠳᠡᠨ ᠤ ᠰᠡᠳᠦᠪ ᠢᠶᠠᠷ ᠰᠡᠳᠦᠪᠯᠡᠭᠰᠡᠨ ᠥᠪᠦᠷ ᠮᠣᠩᠭᠤᠯ ᠤᠨ ᠠᠩᠬᠠᠨ ᠤ ᠺᠢᠨᠣ᠋ ᠶᠤᠮ᠃ ᠺᠢᠨᠣ᠋ ᠶᠢᠨ ᠭᠤᠤᠯ | ᠪᠠᠭᠠᠳᠤᠷ ᠨᠢ ᠥᠩᠬᠡᠷᠡᠭᠰᠡᠨ ᠨᠡᠶᠢᠬᠡᠮ ᠤᠨ ᠬᠤᠶᠠᠷ ᠵᠠᠯᠠᠭᠤ ᠲᠦᠳᠦᠪ᠂ ᠣᠶᠤᠨᠴᠢᠮᠡᠭ ᠨᠠᠷ ᠤᠨ ᠬᠤᠪᠢᠰᠬᠠᠯᠴᠢ | ᠪᠤᠯᠤᠨ ᠥᠰᠦᠨ ᠪᠣᠶᠢᠵᠠᠭᠰᠠᠨ ᠢ ᠬᠠᠷᠠᠭᠤᠯᠤᠭᠰᠠᠨ ᠺᠢᠨᠣ᠋ ᠪᠠᠶᠢᠯ᠎ᠠ᠃ ᠺᠢᠨᠣ᠋ ᠶᠢ ᠠᠩᠬ᠎ᠠ ᠰᠣᠨᠢᠷᠬᠠᠭᠰᠠᠨ ᠮᠠᠯᠴᠢᠳ ᠲᠤ | ᠶᠠᠭᠤ ᠨᠢ ᠪᠤᠯᠪᠠᠴᠤ ᠬᠠᠴᠢᠨ ᠰᠤᠨᠢᠷᠬᠠᠯᠳᠠᠢ᠂ ᠺᠢᠨᠣ᠋ ᠭᠠᠷᠭᠠᠬᠤ ᠦᠶᠡᠰ ᠤᠨ ᠴᠠᠬᠢᠯᠭᠠᠨ ᠳ᠋ᠧᠩ ᠤᠨ ᠲᠤᠸᠠᠯᠠᠬᠤ ᠨᠢ | ᠭᠦᠮᠦᠰ ᠢ ᠪᠦᠷ ᠰᠣᠴᠢᠭᠠᠭᠰᠠᠨ ᠬᠡᠳᠡᠭ᠃ ᠲᠡᠷᠡ ᠣᠷᠣᠢ ᠬᠡᠳᠦᠨ ᠮᠢᠩᠭᠠᠨ ᠭᠦᠮᠦᠨ ᠴᠤᠭᠯᠠᠷᠠᠵᠤ᠂ ᠺᠢᠨᠣ᠋ ᠶᠢᠨ | ᠮᠡᠷᠬᠡᠵᠢᠯ᠂ ᠺᠢᠨᠣ᠋ ᠶᠢᠨ ᠷᠢᠳᠢ ᠰᠢᠳᠢ ᠶᠢ ᠱᠠᠭᠰᠢᠨ ᠮᠠᠭᠳᠠᠵᠠᠭᠠᠵᠤ ᠪᠠᠶᠢᠭᠰᠠᠨ ᠢ ᠣᠳᠤ ᠪᠤᠯᠳᠠᠯ᠎ᠠ ᠨᠠᠰᠤᠳᠠᠶᠢᠴᠤᠳ | ᠶᠠᠷᠢᠳᠠᠭ ᠶᠤᠮ᠃ | ᠲᠦᠪ ᠤᠨ ᠲᠤᠬᠤᠨᠢᠭᠤᠯᠬᠤ ᠪᠦᠯᠭᠦᠮ ᠤᠨ ᠬᠢᠨᠢ ᠭᠠᠴᠠᠭᠠᠨ ᠤ ᠤᠳᠤᠷᠢᠳᠤᠯᠭ᠎ᠠ ᠪᠠ ᠭᠤᠤᠯ ᠬᠤᠷᠠᠯ ᠤᠨ | ᠲᠠᠯᠠᠪᠤᠷ ᠲᠤ ᠦᠢᠯᠡᠴᠢᠯᠡᠭᠰᠡᠨ ᠮᠠᠯᠴᠢᠳ ᠲᠤ ᠴᠡᠷᠢᠭ ᠤᠨ ᠮᠠᠯᠠᠭᠠᠢ ᠵᠡᠭᠦᠭᠰᠡᠨ ᠮᠠᠤ ᠲᠡᠷᠢᠭᠦᠯᠡᠭᠴᠢ ᠶᠢᠨ ᠵᠡᠰ ᠭᠦᠷᠦᠭ | ᠢ ᠲᠤᠷᠠᠰᠬᠠᠯ ᠪᠤᠯᠭᠠᠨ ᠪᠡᠯᠡᠭᠯᠡᠵᠦ ᠥᠭᠴᠡᠢ᠃ | ᠲᠦᠪ ᠤᠨ ᠲᠤᠬᠤᠨᠢᠭᠤᠯᠬᠤ ᠪᠦᠯᠭᠦᠮ ᠨᠢ ᠨᠢᠬᠡ ᠡᠳᠦᠷ ᠤᠨ ᠲᠤᠬᠤᠨᠢᠭᠤᠯᠬᠤ ᠠᠵᠢᠯᠯᠠᠭᠠᠨ ᠢᠶᠠᠷ | ᠲᠠᠮᠵᠢᠭᠤᠯᠵᠤ᠂ ᠨᠠᠮ ᠤᠨ ᠲᠦᠪ ᠬᠤᠷᠢᠶ᠎ᠠ᠂ ᠮᠠᠤ ᠲᠡᠷᠢᠭᠦᠯᠡᠭᠴᠢ ᠶᠢᠨ ᠬᠠᠶᠢᠷ᠎ᠠ ᠬᠠᠯᠠᠮᠵᠢ ᠶᠢ ᠮᠠᠯᠴᠢᠨ ᠲᠦᠮᠡᠨ ᠤ | ᠰᠡᠳᠬᠢᠯ ᠤᠨ ᠭᠦᠨ ᠳᠤ ᠭᠦᠷᠬᠡᠵᠦ᠂ ᠮᠠᠯᠴᠢᠳ ᠤᠨ ᠲᠤᠮᠳᠠ ᠮᠠᠰᠢ ᠶᠡᠭᠡ ᠲᠤᠰᠬᠠᠯ ᠭᠠᠷᠴᠤ᠂ ᠰᠤᠶᠣᠯ ᠤᠷᠠᠯᠢᠭ ᠢ | ᠴᠢᠬᠤᠯᠴᠢᠯᠠᠬᠤ᠂ ᠠᠮᠢᠳᠤᠷᠠᠯ ᠦᠢᠯᠡᠳᠪᠦᠷᠢᠯᠡᠯ ᠢᠶᠠᠨ ᠭᠦᠭᠵᠢᠭᠦᠯᠭᠦ ᠪᠠ ᠡᠷᠡᠭᠦᠯ ᠴᠢᠬᠢᠷᠠᠭ ᠢ ᠠᠩᠬᠠᠷᠬᠤ ᠵᠡᠷᠬᠡ ᠲᠠᠯ᠎ᠠ | ᠪᠠᠷ ᠲᠤᠩ ᠰᠠᠶᠢᠨ ᠨᠥᠯᠦᠬᠡ ᠪᠠ ᠦᠢᠯᠡᠳᠦᠯ ᠢ ᠪᠤᠢ ᠪᠤᠯᠭᠠᠵᠤ ᠥᠭᠴᠡᠢ᠃ ᠨᠡᠩ ᠴᠢᠬᠤᠯᠠ ᠨᠢ ᠭᠤᠤᠯ ᠤᠨ ᠠᠶᠢᠯ | ᠭᠠᠴᠠᠭ᠎ᠠ ᠶᠢᠨ ᠮᠠᠯᠴᠢᠳ ᠨᠤᠳᠤᠭ ᠤᠰᠤ ᠪᠠᠨ ᠪᠦᠳᠦᠬᠡᠨ ᠪᠠᠶᠢᠭᠤᠯᠬᠤ᠂ ᠥᠢᠯᠡᠳᠪᠦᠷᠢᠯᠡᠯ ᠢᠶᠠᠨ ᠭᠦᠭᠵᠢᠭᠦᠯᠵᠦ | ᠡᠷᠦᠬᠡ ᠬᠡᠷ ᠤᠨ ᠠᠮᠢᠳᠤᠷᠠᠯ ᠢᠶᠠᠨ ᠥᠬᠡᠳᠡ ᠡᠰᠡᠷᠡᠭ ᠪᠤᠯᠭᠠᠬᠤ ᠳᠤ ᠮᠠᠰᠢ ᠶᠡᠭᠡ ᠲᠦᠯᠬᠢᠴᠡ ᠭᠦᠴᠦ ᠪᠤᠯᠤᠭᠰᠠᠨ | ᠪᠠᠶᠢᠨ᠎ᠠ᠃ ᠡᠭᠦᠨ ᠢᠶᠠᠷ ᠪᠠᠷᠠᠬᠤ ᠥᠬᠡᠢ ᠲᠦᠪ ᠤᠨ ᠲᠤᠬᠤᠨᠢᠭᠤᠯᠬᠤ ᠪᠦᠯᠭᠦᠮ ᠢ ᠤᠭᠳᠣᠬᠤ ᠠᠵᠢᠯ ᠨᠢ ᠡᠮᠬᠢ | ᠲᠢᠭᠯᠢᠮ ᠲᠠᠢ ᠶᠠᠪᠤᠭᠳᠠᠵᠤ᠂ ᠭᠤᠤᠯ ᠤᠨ ᠠᠶᠢᠯ ᠭᠠᠴᠠᠭ᠎ᠠ ᠪᠠ ᠤᠶᠢᠷ᠎ᠠ ᠬᠠᠪᠢ ᠶᠢᠨ ᠭᠠᠴᠠᠭ᠎ᠠ ᠨᠤᠳᠤᠭ ᠤᠨ ᠰᠢᠨ᠎ᠡ | ᠬᠤᠪᠢᠷᠠᠯᠳᠠ ᠶᠢ ᠭᠦᠢᠴᠡᠳ ᠲᠤᠰᠬᠠᠵᠤ᠂ ᠴᠦᠬᠡᠨ ᠲᠤᠭᠠᠳᠤ ᠦᠨᠳᠦᠰᠦᠳᠡᠨ ᠤ ᠤᠷᠤᠨ ᠭᠠᠵᠠᠷ ᠤᠨ ᠬᠤᠶᠢᠰᠢᠳᠠ | ᠶᠢᠨ ᠭᠦᠭᠵᠢᠯᠳᠡ ᠶᠢᠨ ᠭᠦᠰᠡᠯ ᠡᠷᠡᠮᠡᠯᠵᠢᠯᠡᠯ ᠢ ᠬᠠᠷᠠᠭᠤᠯᠬᠤ ᠱᠠᠭᠠᠷᠳᠠᠯᠭ᠎ᠠ ᠳᠤ ᠭᠦᠷᠴᠦ ᠴᠢᠳᠠᠭᠰᠠᠨ ᠪᠠᠶᠢᠨ᠎ᠠ᠃ | 1952 ᠣᠨ ᠳᠤ ᠲᠦᠪ ᠤᠨ ᠲᠤᠬᠤᠨᠢᠭᠤᠯᠬᠤ ᠪᠦᠯᠭᠦᠮ ᠤᠨ ᠭᠤᠤᠯ ᠤᠨ ᠠᠶᠢᠯ ᠭᠠᠴᠠᠭ᠎ᠠ ᠶᠢᠨ | ᠮᠠᠯᠴᠢᠳ ᠢ ᠲᠤᠬᠤᠨᠢᠭᠤᠯᠤᠭᠰᠠᠨ ᠨᠢ ᠭᠤᠤᠯ ᠤᠨ ᠠᠶᠢᠯ ᠭᠠᠴᠠᠭᠠᠨ ᠤ ᠬᠤᠯᠠ ᠤᠶᠢᠷ᠎ᠠ ᠳᠠᠬᠢ ᠨᠡᠷ᠎ᠡ ᠴᠣᠤ ᠶᠢ ᠨᠢ | ᠮᠠᠨᠳᠤᠭᠤᠯᠵᠤ᠂ ᠮᠠᠯᠴᠢᠨ ᠲᠦᠮᠡᠨ ᠳᠤ ᠥᠩᠬᠡ ᠬᠡᠷᠡᠯ ᠨᠡᠮᠡᠷᠢᠯᠡᠵᠦ᠂ ᠨᠤᠳᠤᠭ ᠤᠰᠤᠨ ᠳᠤ ᠬᠡᠶᠢᠮᠤᠷᠢ ᠰᠦᠯᠳᠡ | ᠪᠤᠰᠬᠠᠵᠤ᠂ ᠲᠡᠦᠬᠡᠨ ᠳᠤ ᠰᠢᠨ᠎ᠡ ᠬᠠᠭᠤᠳᠠᠰᠤ ᠲᠡᠮᠳᠡᠭᠯᠡᠭᠰᠡᠨ ᠶᠠᠪᠤᠳᠠᠯ ᠮᠦᠨ᠃ ᠴᠢᠯᠦᠬᠡᠯᠡᠭᠳᠡᠬᠡᠳ ᠲᠡᠮᠢ | ᠤᠳᠠᠭᠠᠳᠤᠢ᠂ ᠤᠯᠤᠰ ᠪᠠᠶᠢᠭᠤᠯᠤᠭᠳᠠᠭᠠᠳ ᠬᠡᠳᠦᠬᠡᠨ ᠵᠢᠯ ᠪᠤᠯᠵᠤ ᠪᠠᠶᠢᠭ᠎ᠠ ᠨᠦᠭᠦᠴᠡᠯ ᠢᠶᠠᠷ ᠪᠠᠰᠠ ᠲᠡᠶᠢᠮᠦ ᠰᠠᠶᠢᠨ | ᠪᠢᠰᠢ ᠭᠠᠵᠠᠷ ᠣᠷᠤᠨ ᠳᠤ᠂ ᠡᠶᠢᠮᠦ ᠶᠡᠭᠡ ᠬᠡᠪᠴᠢᠶ᠎ᠡ ᠪᠠᠷ ᠲᠦᠪ ᠤᠨ ᠲᠤᠬᠤᠨᠢᠭᠤᠯᠬᠤ ᠪᠦᠯᠭᠦᠮ ᠢ ᠤᠭᠳᠤᠬᠤ ᠬᠡᠵᠦ | ᠦᠨᠡᠬᠡᠷ ᠬᠢᠯᠪᠠᠷ ᠪᠤᠰᠤ ᠶᠠᠪᠤᠳᠠᠯ ᠶᠤᠮ᠃ ᠨᠢᠬᠡ ᠲᠠᠯ᠎ᠠ ᠪᠠᠷ ᠴᠢᠯᠦᠬᠡᠯᠡᠭᠳᠡᠭᠰᠡᠨ ᠤ ᠲᠠᠷᠠᠭ᠎ᠠ᠂ ᠭᠤᠤᠯ ᠤᠨ ᠠᠶᠢᠯ | ᠭᠠᠴᠠᠭᠠᠨ ᠤ ᠦᠢᠯᠡᠳᠪᠦᠷᠢᠯᠡᠯ ᠠᠮᠢᠳᠤᠷᠠᠯ ᠨᠡᠯᠢᠶᠡᠳ ᠲᠦᠷᠬᠡᠨ ᠵᠦᠭᠰᠢᠷᠡᠵᠦ᠂ ᠵᠤᠬᠢᠶᠠᠨ ᠪᠠᠶᠢᠭᠤᠯᠤᠯᠳᠠ ᠶᠢᠨ | ᠭᠦᠴᠦᠨ ᠪᠤᠵᠠᠭᠠᠶᠢᠷᠠᠵᠤ᠂ ᠮᠠᠯᠴᠢᠨ ᠲᠦᠮᠡᠨ ᠤ ᠤᠬᠠᠮᠰᠠᠷ ᠢᠯᠡᠷᠬᠡᠢ ᠲᠡᠬᠡᠭᠰᠢᠯᠡᠯᠳᠡ ᠲᠠᠢ ᠪᠤᠯᠤᠭᠰᠠᠨ ᠲᠠᠢ ᠨᠢᠭᠳᠠ | ᠬᠤᠯᠪᠤᠭ᠎ᠠ ᠲᠠᠢ ᠶᠤᠮ᠃ ᠨᠦᠭᠦᠬᠡ ᠲᠠᠯ᠎ᠠ ᠪᠠᠷ ᠬᠤᠰᠢᠭᠤ ᠵᠠᠰᠠᠭ ᠠᠴᠠ ᠲᠦᠪ ᠤᠨ ᠲᠤᠬᠤᠨᠢᠭᠤᠯᠬᠤ ᠪᠦᠯᠭᠦᠮ ᠤᠨ | ᠲᠤᠬᠤᠨᠢᠭᠤᠯᠬᠤ ᠠᠵᠢᠯᠯᠠᠭᠠᠨ ᠢ ᠭᠤᠤᠯ ᠤᠨ ᠠᠶᠢᠯ ᠭᠠᠴᠠᠭ᠎ᠠ ᠳᠤ ᠰᠤᠩᠭᠤᠭᠰᠠᠨ ᠨᠢ ᠲᠤᠰ ᠭᠠᠴᠠᠭ᠎ᠠ ᠶᠢᠨ ᠠᠵᠢᠯ | ᠳᠤ ᠶᠡᠷᠦᠨᠢ ᠢᠳᠡᠬᠡᠯ ᠬᠠᠨᠤᠮᠵᠢ ᠲᠠᠢ ᠪᠠᠶᠢᠳᠠᠭ ᠠᠴᠠ ᠰᠠᠭᠤᠷᠢᠯᠠᠭᠰᠠᠨ ᠶᠤᠮ᠃ ᠨᠢᠬᠡ ᠵᠢᠱᠢᠶ᠎ᠠ ᠲᠤᠷᠠᠳᠪᠠᠯ᠂ ᠲᠦᠪ | ᠤᠨ ᠲᠤᠬᠤᠨᠢᠬᠤᠯᠬᠤ ᠪᠦᠯᠭᠦᠮ ᠭᠤᠤᠯ ᠤᠨ ᠠᠶᠢᠯ ᠭᠠᠴᠠᠭᠠᠨ ᠳᠤ ᠭᠦᠷᠴᠦ ᠢᠷᠡᠭᠦ ᠶᠢ ᠰᠣᠨᠤᠰᠤᠭᠠᠳ ᠲᠤᠰ | ᠭᠠᠴᠠᠭ᠎ᠠ ᠶᠢᠨ ᠮᠠᠯᠴᠢᠳ ᠬᠡᠳᠦᠨ ᠡᠳᠦᠷ ᠤᠨ ᠡᠮᠦᠨ᠎ᠡ ᠥᠪᠡᠷ ᠤᠨ ᠰᠠᠶᠢᠨ ᠲᠤᠷ᠎ᠠ ᠠᠴᠠ ᠪᠠᠨ ᠬᠤᠷᠣᠳ ᠲᠣᠰᠤ᠂ | ᠰᠦ ᠰᠠᠭᠠᠯᠢ ᠪᠠᠨ ᠭᠦᠷᠬᠡᠵᠦ᠂ ᠭᠤᠷᠪᠠᠨ ᠮᠤᠩᠭᠤᠯ ᠬᠡᠷ ᠪᠠᠭᠳᠠᠵᠤ ᠶᠠᠳᠠᠳᠠᠯ᠎ᠠ ᠪᠡᠯᠡᠳᠬᠡᠵᠦ ᠥᠭᠭᠦᠭᠰᠡᠨ ᠬᠡᠳᠡᠭ᠃ | ᠬᠡᠳᠦᠢ ᠵᠢᠯ ᠤᠨ ᠲᠠᠷᠠᠭ᠎ᠠ᠂ ᠠᠪᠤ ᠠᠴᠠ ᠡᠨᠡ ᠤᠳᠠᠭᠠᠨ ᠤ ᠲᠦᠪ ᠤᠨ ᠲᠤᠬᠤᠨᠢᠭᠤᠯᠬᠤ ᠪᠦᠯᠭᠦᠮ ᠢ ᠤᠭᠳᠤᠬᠤ | ᠦᠶᠡᠰ ᠤᠨ ᠪᠠᠶᠢᠳᠠᠯ ᠢ ᠡᠷᠬᠢᠴᠡᠭᠦᠯᠵᠦ ᠶᠠᠷᠢᠬᠤ ᠳᠠᠭᠠᠨ᠄ ︽ᠮᠠᠨ ᠤ ᠭᠠᠴᠠᠭᠠᠨ ᠤ ᠮᠠᠯᠴᠢᠳ ᠤᠨ ᠲᠤᠣᠭᠠᠷᠠᠪᠠᠯ | ᠲᠠᠭᠤᠨ ᠨᠢᠬᠡᠳᠡᠢ᠂ ᠲᠤᠭᠳᠤᠷᠠᠪᠠᠯ ᠭᠦᠴᠦᠨ ᠨᠢᠬᠡᠳᠡᠢ ᠪᠠᠶᠢᠳᠠᠭ ᠨᠢ ᠨᠢᠭᠡᠨ ᠰᠠᠶᠢᠨ ᠣᠯᠠᠮᠵᠢᠯᠠᠯ ᠲᠠᠳᠬᠠᠯ ᠶᠤᠮ᠂ | ᠣᠳᠤ ᠴᠦ ᠬᠡᠰᠠᠨ ᠬᠡᠬᠡᠵᠦ ᠣᠷᠬᠢᠭᠳᠠᠭᠤᠯᠵᠤ ᠪᠤᠯᠬᠤ ᠦᠬᠡᠢ ᠰᠢᠦ︾ ᠬᠡᠵᠦ ᠶᠠᠷᠢᠵᠤ ᠪᠠᠶᠢᠭᠰᠠᠨ ᠶᠤᠮ᠃ | ᠲᠦᠪ ᠤᠨ ᠲᠤᠬᠤᠨᠢᠭᠤᠯᠬᠤ ᠪᠦᠯᠭᠦᠮ ᠤᠨ ᠭᠤᠤᠯ ᠤᠨ ᠠᠶᠢᠯ ᠭᠠᠴᠠᠭᠠᠨ ᠳᠤ ᠢᠷᠡᠭᠰᠡᠨ ᠨᠢ ᠣᠳᠤ | ᠠᠴᠠ ᠵᠢᠷᠠᠨ ᠲᠤᠯᠤᠭᠠᠨ ᠵᠢᠯ ᠤᠨ ᠡᠮᠦᠨᠡᠬᠢ ᠤᠴᠢᠷ ᠪᠤᠯᠵᠠᠢ᠃ ᠲᠤᠬᠠᠢ ᠶᠢᠨ ᠦᠶ᠎ᠡ ᠳᠤ᠂ ᠡᠨᠡᠭᠦ ᠴᠢᠮᠡᠭᠡ ᠨᠢ | ᠣᠶᠢᠷ᠎ᠠ ᠬᠠᠪᠢ ᠶᠢᠨ ᠭᠠᠴᠠᠭ᠎ᠠ ᠲᠤᠰᠬᠤᠨ᠂ ᠮᠠᠯᠵᠢᠬᠤ ᠲᠠᠷᠢᠶᠠᠯᠠᠬᠤ ᠣᠷᠤᠨ ᠴᠢᠨᠠᠭᠰᠢᠯᠠᠭᠠᠳ ᠬᠤᠰᠢᠭᠤ ᠠᠶᠢᠮᠠᠭ | ᠣᠷᠤᠨ ᠤ ᠬᠢᠵᠠᠭᠠᠷ ᠲᠤ ᠲᠠᠮᠵᠢᠭᠳᠠᠨ ᠲᠦᠬᠡᠵᠦ᠂ ᠵᠢᠷᠠᠨ ᠲᠤᠯᠤᠭᠠᠨ ᠵᠢᠯ ᠤᠨ ᠲᠠᠷᠠᠭᠠᠬᠢ ᠥᠨᠦᠳᠦᠷ ᠪᠤᠯᠳᠠᠯ᠎ᠠ | ᠮᠠᠯᠴᠢᠳ ᠤᠨ ᠲᠤᠮᠳᠠ ᠶᠠᠷᠢᠭᠳᠠᠬᠤ ᠭᠤᠶᠤ ᠰᠠᠶᠢᠬᠠᠨ ᠲᠤᠷᠠᠳᠬᠠᠯ ᠵᠤᠭᠤᠭ ᠪᠤᠯᠤᠭᠰᠠᠭᠠᠷ ᠪᠠᠶᠢᠨ᠎ᠠ᠃ | | 2018 ᠣᠨ ᠤ 11 ᠰᠠᠷ᠎ᠠ ᠶᠢᠨ 28 ᠤ ᠡᠳᠦᠷ ᠪᠢᠷᠠᠭᠤ ᠳᠤ | | | | | | | | | |