| | | | | | 2016 ᠤᠨ ᠤ 7 ᠳ᠋ᠤᠭᠠᠷ ᠰᠠᠷ᠎ᠠ ᠶᠢᠨ 17 — 19 ᠤ ᠡᠳᠤᠷ ᠪᠤᠯᠳᠠᠯ᠎ᠠ ᠶᠠᠪᠤᠬᠳᠠᠬᠰᠠᠨ ᠰᠦᠨᠢᠳ | ᠵᠡᠭᠦᠨ ᠬᠤᠰᠢᠭᠤᠨ ᠤ ᠠᠷᠪᠠᠳᠤᠭᠠᠷ ᠬᠤᠭᠤᠴᠠᠭᠠᠨ ᠤ ᠠᠷᠠᠳ ᠤᠨ ᠶᠡᠭᠡ ᠨᠠᠭᠠᠳᠤᠮ ᠤᠨ 1024 ᠪᠦᠭᠡ ᠲᠠᠢ | ᠨᠠᠶᠢᠷ ᠲᠤ ᠵᠡᠭᠦᠨ ᠦᠵᠦᠮᠦᠴᠢᠨ ᠬᠤᠰᠢᠭᠤᠨ ᠤ ᠮᠠᠨᠳᠤᠬᠤᠪᠤᠯᠠᠭ ᠪᠠᠯᠭᠠᠰᠤ ᠪᠠᠷ ᠨᠤᠳᠤᠬᠳᠠᠢ ᠠᠪᠤᠷᠭᠤ | ᠪᠠᠶᠠᠷᠪᠠᠭᠠᠳᠤᠷ ᠠᠷᠪᠠ ᠶᠢᠨ ᠳᠠᠪᠠᠭ᠎ᠠ ᠳᠠᠪᠠᠵᠤ ᠳᠡᠷᠢᠭᠦᠯᠡᠭᠰᠡᠨ ᠶᠤᠮ᠃ ᠡᠨᠡ ᠤᠨ ᠤ ᠠᠩᠬᠠᠳᠤᠭᠠᠷ ᠤᠳᠠᠭᠠᠨ ᠤ | 1024 ᠪᠦᠭᠡ ᠲᠠᠢ ᠶᠡᠭᠡ ᠨᠠᠶᠢᠷ ᠪᠤᠯᠬᠤ ᠳᠤᠰ ᠤᠳᠠᠭᠠᠨ ᠤ ᠨᠠᠶᠢᠷ ᠲᠤ ᠭᠠᠵᠠᠷ ᠭᠠᠵᠠᠷ ᠤᠨ ᠰᠠᠶᠢᠨ ᠪᠦᠭᠡᠴᠢᠳ | ᠬᠤᠷᠠᠨ ᠴᠤᠬᠯᠠᠷᠠᠬᠰᠠᠨ ᠠᠴᠠ ᠨᠠᠶᠢᠷ ᠴᠤ ᠴᠤᠬᠤᠮ ᠤᠯᠠᠨ ᠤ ᠰᠡᠳᠭᠢᠯ ᠢ ᠳᠤᠬᠳᠤᠯᠤᠭᠤᠯᠤᠬᠰᠠᠨ ᠰᠠᠶᠢᠬᠠᠨ ᠨᠠᠶᠢᠷ | ᠪᠤᠯᠵᠤ᠂ ᠪᠦᠭᠡ ᠶᠢᠨ ᠪᠠᠷᠢᠯᠳᠤᠭᠠᠨ ᠴᠤ ᠠᠩᠬᠠᠨ ᠤ ᠨᠤᠭᠤᠯᠤᠭ᠎ᠠ ᠠᠴᠠ ᠪᠠᠨ ᠡᠭᠢᠯᠡᠨ ᠬᠤᠷᠴᠠ ᠰᠢᠷᠦᠭᠦᠨ | ᠶᠠᠪᠤᠬᠳᠠᠵᠤ᠂ ᠠᠩᠬᠠᠨ ᠤ ᠨᠤᠭᠤᠯᠤᠭ᠎ᠠ ᠪᠠᠷ ᠠᠷᠤ ᠬᠤᠷᠴᠢᠨ ᠤ ᠰᠡᠴᠡᠨᠮᠠᠨᠳᠤᠯᠠ᠂ ᠪᠠᠷᠠᠭᠤᠨ ᠦᠵᠦᠮᠦᠴᠢᠨ ᠤ | ᠰᠦᠭᠡ ᠵᠡᠷᠭᠡ ᠰᠠᠶᠢᠨ ᠪᠦᠭᠡᠴᠢᠳ ᠰᠢᠷᠦ᠋ᠢᠳᠠᠬᠰᠠᠨ᠃ ᠡᠨᠡ ᠵᠢᠯ ᠤᠨ ᠨᠠᠶᠢᠷ ᠨᠠᠭᠠᠳᠤᠮ ᠢᠶᠠᠷ ᠭᠢᠯᠠᠷᠠᠳᠠᠯ᠎ᠠ | ᠪᠠᠷᠢᠯᠳᠤᠵᠤ᠂ ᠤᠢᠢᠷᠠᠬᠠᠨ ᠲᠦᠡᠭᠯᠢᠶᠤᠤ ᠬᠤᠳᠠ ᠶᠢᠨ ᠨᠠᠢᠮᠠᠨ ᠬᠤᠰᠢᠭᠤᠨ ᠳᠤ ᠪᠤᠯᠤᠬᠰᠠᠨ ᠡᠯᠡᠰᠤ ᠮᠠᠩᠬᠠᠨ ᠤ | ᠵᠤᠭᠠᠴᠠᠯ ᠤᠨ ᠨᠠᠶᠢᠷ ᠤᠨ 512 ᠪᠦᠭᠡ ᠲᠠᠢ ᠨᠠᠶᠢᠷ ᠤᠨ ᠳᠡᠷᠢᠭᠦᠨ ᠳᠡᠳ᠋ ᠳᠤ ᠳᠡᠪᠢᠭᠰᠡᠨ ᠠᠷᠤ ᠬᠤᠷᠴᠢᠨ ᠤ | ᠮᠦᠡᠭᠭᠡᠲᠦ᠋ᠭᠦᠷᠡᠩ᠂ ᠪᠠᠷᠠᠭᠤᠨ ᠪᠠᠭᠠᠷᠢᠨ ᠤ ᠭᠡᠭᠡᠷᠡᠭᠦ ᠬᠤᠶᠠᠷ ᠭᠤᠷᠪᠠ ᠶᠢᠨ ᠳᠠᠪᠠᠭᠠᠨ ᠳᠤ ᠤᠢᠢᠴᠢᠵᠤ ᠦᠵᠡᠭᠴᠢ | ᠤᠯᠠᠨ ᠢ ᠬᠠᠷᠠᠮᠰᠠᠭᠤᠯᠤᠬᠰᠠᠨ ᠪᠤᠯ ᠵᠡᠭᠦᠨ ᠪᠠᠭᠠᠷᠢᠨ ᠤ ᠠᠯᠳᠠᠨᠰᠦ᠋ᠭᠡ ᠴᠤ ᠪᠠᠷᠠᠭᠤᠨ ᠦᠵᠦᠮᠦᠴᠢᠨ ᠤ ᠰᠠᠨᠢᠴᠢᠷ ᠲᠤ | ᠡᠪᠦᠳᠦᠭ ᠰᠢᠷᠦ᠋ᠢᠳᠠᠬᠰᠠᠨ ᠪᠠᠶᠢᠯ᠎ᠠ᠃ ᠤᠷᠳᠤᠰ ᠨᠤᠳᠤᠭ ᠤᠨ ᠨᠠᠶᠢᠷ ᠠᠴᠠ ᠵᠢᠰᠦᠨ ᠴᠠᠭᠠᠨ ᠭᠦᠯᠦᠭ ᠭᠦᠳᠤᠯᠵᠤ | ᠢᠷᠡᠭᠰᠡᠨ ᠠᠶᠢᠮᠠᠭ ᠤᠨ ᠳᠠᠯᠠᠢ ᠠᠪᠤᠷᠭᠤ ᠴᠠᠭᠠᠨᠵᠠᠭᠠᠨ ᠴᠤ ᠡᠨᠡ ᠨᠠᠶᠢᠷ ᠤᠨ ᠮᠠᠩᠯᠠᠢ ᠳᠤ ᠳᠡᠪᠢᠭᠦ ᠪᠦᠭᠡ ᠶᠢᠨ ᠨᠢᠭᠡᠨ | ᠭᠡᠳᠡᠭ ᠪᠤᠯ ᠤᠯᠠᠨ ᠤ ᠳᠠᠭᠠᠮᠠᠭ᠃ ᠭᠡᠳᠡᠯ᠎ᠡ ᠳᠠᠯᠠᠢ ᠠᠪᠤᠷᠭᠤ ᠮᠢᠨᠢ ᠠᠵᠠ ᠲᠤᠳᠠᠵᠤ᠂ ᠳᠡᠭᠡᠳᠤ ᠭᠤᠴᠢᠨ | ᠬᠤᠶᠠᠷ ᠤᠨ ᠪᠠᠷᠢᠯᠳᠤᠭᠠᠨ ᠳᠠᠭᠠᠨ ᠵᠡᠭᠦᠨ ᠦᠵᠦᠮᠦᠴᠢᠨ ᠤ ᠰᠠᠴᠤᠷᠠ ᠶᠢ ᠠᠴᠢᠬᠤ ᠭᠡᠳ ᠳᠡᠶᠢᠯᠦᠭᠰᠡᠨ ᠦᠭᠡᠢ | ᠬᠠᠶᠠᠬᠳᠠᠬᠰᠠᠨ ᠨᠢ ᠳᠠᠩᠴᠢ ᠬᠠᠷᠠᠮᠰᠠᠯᠳᠠᠢ᠃ ᠰᠦᠨᠢᠳ ᠨᠤᠳᠤᠭ ᠤᠨ ᠰᠤᠳᠤᠨ ᠪᠦᠭᠡ᠂ 512 ᠪᠦᠭᠡ ᠶᠢᠨ ᠮᠠᠩᠯᠠᠢ | ᠠᠯᠳᠠᠨᠳᠤᠭᠤᠯᠭ᠎ᠠ ᠵᠢᠷᠭᠤᠭ᠎ᠠ ᠶᠢᠨ ᠳᠠᠪᠠᠭᠠᠨ ᠳᠤ ᠲᠦᠷᠢᠮᠡᠭᠡᠢ ᠪᠠᠷᠢᠯᠳᠤᠭᠠᠨᠳᠤ ᠭᠠᠯᠰᠠᠩᠷᠠᠰᠢ ᠶᠢ ᠳᠤᠰᠴᠤ | ᠪᠠᠷᠢᠯᠳᠤᠭᠠᠳ ᠡᠪᠦᠳᠦᠭ ᠰᠢᠷᠦ᠋ᠢᠳᠠᠬᠰᠠᠨ ᠳᠤ ︽ᠮᠠᠨ ᠤ ᠠᠯᠳᠠᠨᠳᠤᠭᠤᠯᠭ᠎ᠠ ᠨᠤᠳᠤᠭ ᠤᠨ ᠢᠶᠠᠨ ᠨᠠᠶᠢᠷ ᠤᠨ 1024 | ᠪᠦᠭᠡ ᠶᠢᠨ ᠳᠡᠷᠢᠭᠦᠨ ᠢ ᠠᠪᠴᠢᠬᠠᠳᠠᠭ ᠪᠤᠯᠪᠠᠤ︾ ᠭᠡᠮᠡᠨ ᠬᠠᠷᠠᠵᠤ ᠪᠠᠶᠢᠬᠰᠠᠨ ᠨᠤᠳᠤᠭ ᠤᠨ ᠲᠦᠮᠡᠨ ᠡᠷᠭᠡ ᠦᠭᠡᠢ | ᠬᠠᠷᠠᠮᠰᠠᠯ ᠤᠨ ᠨᠢᠯᠪᠤᠰᠤ ᠪᠦᠮᠪᠦᠷᠢᠭᠦᠯᠵᠤ ᠪᠢᠯᠡ᠃ ᠭᠠᠵᠠᠷ ᠭᠠᠵᠠᠷ ᠤᠨ ᠠᠪᠤᠷᠭᠤ ᠪᠦᠭᠡᠴᠢᠳ ᠢᠡᠭᠭᠢᠵᠤ ᠠᠷᠤ | ᠠᠷᠤ ᠠᠴᠠ ᠪᠠᠨ ᠤᠢᠢᠴᠢᠬᠰᠠᠭᠠᠷ ᠪᠠᠶᠢᠬᠤ ᠳᠤ 1024 ᠪᠦᠭᠡ ᠲᠠᠢ ᠨᠠᠶᠢᠷ ᠲᠤ ᠬᠤᠶᠠᠷ ᠤᠳᠠᠭ᠎ᠠ ᠳᠡᠷᠢᠭᠦᠯᠡᠭᠰᠡᠨ | ᠪᠠᠶᠠᠷᠪᠠᠭᠠᠳᠤᠷ ᠠᠪᠤᠷᠭᠤ᠂ ᠪᠠᠳᠤᠵᠢᠷᠭᠠᠯ ᠠᠷᠰᠯᠠᠨ ᠬᠤᠶᠠᠷ ᠯᠠᠪᠳᠠᠭᠤᠨ ᠪᠠᠷᠢᠯᠳᠤᠵᠤ᠂ ᠳᠠᠭᠠᠷᠠᠬᠰᠠᠨ ᠤᠨᠤᠭ᠎ᠠ | ᠪᠦᠭᠦᠨ ᠢᠶᠠᠨ ᠰᠠᠭᠠᠳ ᠦᠭᠡᠢ ᠳᠠᠪᠠᠭᠰᠠᠭᠠᠷ ᠪᠠᠶᠢᠭᠠᠳ ᠳᠡᠷᠢᠭᠦᠨ ᠳᠡᠳ᠋ ᠤᠨ ᠪᠠᠷᠢᠯᠳᠤᠭᠠᠨ ᠳᠤ ᠵᠤᠯᠭᠠᠯ᠎ᠠ᠃ | ᠠᠶᠢᠮᠠᠭ ᠤᠨ ᠠᠷᠰᠯᠠᠨ ᠪᠠᠳᠤᠵᠢᠷᠭᠠᠯ ᠭᠦᠯ ᠨᠢ ᠭᠡᠮᠳᠦᠭᠰᠡᠨ ᠠᠴᠠ ᠪᠦᠭᠦᠯᠢ ᠲᠦᠷᠪᠡᠨ ᠰᠠᠷ᠎ᠠ ᠠᠮᠠᠷᠠᠵᠤ᠂ ᠰᠤᠷᠢᠭ᠎ᠠ | ᠪᠤᠯᠪᠠᠰᠤᠷᠠᠯ ᠳᠤ ᠤᠷᠤᠯᠴᠠᠬᠰᠠᠨ ᠦᠭᠡᠢ ᠪᠦᠭᠡᠳ ᠨᠠᠶᠢᠷ ᠨᠠᠭᠠᠳᠤᠮ ᠢᠶᠠᠷ ᠭᠦᠷᠦᠭᠰᠡᠨ ᠦᠭᠡᠢ ᠰᠤᠪᠢᠯᠠᠵᠤ ᠰᠢᠷᠬ᠎ᠠ ᠨᠢ | ᠰᠠᠶᠢᠨ ᠪᠤᠯᠬᠤ ᠪᠠᠷ ᠤᠢᠢᠷ᠎ᠠ ᠶᠢᠨ ᠬᠤᠭᠤᠴᠠᠭᠠᠨ ᠠᠴᠠ ᠰᠠᠶ᠋ᠢ ᠡᠭᠢᠯᠡᠨ ᠨᠠᠶᠢᠷ ᠨᠠᠭᠠᠳᠤᠮ ᠢᠶᠠᠷ ᠪᠠᠷᠢᠯᠳᠦᠵᠤ᠂ ᠤᠳᠤ | ᠪᠤᠯᠳᠠᠯ᠎ᠠ ᠵᠢᠷᠭᠤᠭᠠᠨ ᠨᠠᠶᠢᠷ ᠲᠤ ᠪᠠᠷᠢᠯᠳᠤᠵᠤ ᠶᠠᠪᠤᠭ᠎ᠠ ᠶᠤᠮ᠃ ᠳᠡᠭᠡᠯ᠎ᠡ ᠴᠤ ᠭᠡᠰᠡᠨ ᠬᠠᠭᠤᠴᠢᠨ ᠭᠦᠮᠦᠨ ᠬᠠᠰᠢᠯᠠ | ᠤᠨᠳᠤᠤ ᠪᠠᠶᠢᠵᠤ᠂ ᠪᠠᠷᠢᠯᠳᠤᠬᠰᠠᠨ ᠨᠠᠶᠢᠷ ᠲᠠᠭᠠᠨ ᠳᠡᠭᠡᠳᠤ ᠲᠦᠷᠪᠡ ᠠᠴᠠ ᠪᠠᠭᠤᠭ᠎ᠠ ᠦᠭᠡᠢ ᠶᠠᠪᠤᠭ᠎ᠠ ᠪᠦᠭᠡᠳ ᠡᠨᠡ | ᠨᠠᠶᠢᠷ ᠲᠤ ᠴᠤ ᠤᠯᠠᠨ ᠰᠠᠶᠢᠬᠠᠨ ᠪᠦᠭᠡ ᠶᠢ ᠡᠪᠦᠳᠦᠭ ᠰᠢᠷᠦ᠋ᠢᠳᠠᠭᠤᠯᠵᠤ᠂ ᠠᠪᠤᠷᠭᠤ ᠪᠠᠶᠠᠷᠪᠠᠭᠠᠳᠤᠷ ᠲᠠᠢ ᠳᠡᠷᠢᠭᠦᠨ | ᠳᠡᠳ᠋ ᠶᠢ ᠪᠤᠯᠢᠶᠠᠯᠴᠠᠬᠤ ᠪᠠᠷ ᠪᠠᠶᠢᠭ᠎ᠠ ᠨᠢ ᠡᠨᠡ ᠪᠢᠯᠡ᠃ ᠡᠳᠡ ᠬᠤᠶᠠᠷ ᠤᠨ ᠭᠡᠨ ᠨᠢᠭᠡ ᠨᠢ ᠠᠪᠤᠬᠰᠠᠨ ᠴᠤ ᠪᠦᠷ | 1024 ᠪᠦᠭᠡ ᠲᠠᠢ ᠨᠠᠶᠢᠷ ᠲᠤ ᠭᠤᠷᠪᠠᠳᠡᠭᠢ ᠤᠳᠠᠭ᠎ᠠ ᠪᠠᠨ ᠳᠡᠷᠢᠭᠦᠯᠡᠭᠰᠡᠨ ᠭᠠᠶᠢᠬᠠᠮᠰᠢᠬ ᠢ ᠡᠭᠦᠳᠭᠦ ᠪᠤᠯᠤᠨ᠎ᠠ᠃ | ᠳᠡᠶᠢᠮᠤ ᠳᠡᠭᠡᠨ ︽ᠪᠢᠳᠡᠭᠡᠢ ᠯᠡ ᠭᠡᠨᠡᠳᠡᠭᠡᠳ ᠤᠢᠢᠴᠢᠬᠠᠶᠠ︾ ᠭᠡᠵᠤ ᠬᠤᠶᠠᠷ ᠪᠦᠭᠡ ᠮᠠᠨᠢ ᠠᠷᠠᠢ ᠳᠡᠩᠳᠡᠭᠦᠦ | ᠭᠡᠷᠰᠤᠯᠡᠨ᠂ ᠨᠢᠭᠡ ᠯᠡ ᠰᠢᠭᠤᠳᠴᠤ ᠦᠭᠭᠦ ᠦᠭᠡᠢ ᠪᠠᠶᠢᠬᠰᠠᠭᠠᠷ ᠪᠠᠷᠢᠯᠳᠤᠭᠠᠨ ᠤ ᠴᠠᠭ ᠳᠤᠯᠵᠤ᠂ ᠤᠯᠠᠨ ᠳᠠᠭᠢᠵᠤ | ᠪᠠᠷᠢᠴᠠ ᠰᠤᠩᠭᠤᠬᠰᠠᠨ ᠤ ᠡᠴᠤᠰ ᠲᠤ ᠪᠠᠶᠠᠷᠪᠠᠭᠠᠳᠤᠷ ᠠᠪᠤᠷᠭᠤ ᠪᠠᠳᠤᠵᠢᠷᠭᠠᠯ ᠢᠶᠠᠨ ᠬᠠᠶᠠᠵᠤ᠂ ᠠᠷᠪᠠ ᠶᠢᠨ | ᠳᠠᠪᠠᠭ᠎ᠠ ᠳᠠᠪᠠᠵᠤ ᠳᠡᠷᠢᠭᠦᠯᠡᠭᠰᠡᠨ ᠢᠶᠠᠷ ᠭᠤᠷᠪᠠᠳᠡᠭᠢ ᠤᠳᠠᠭ᠎ᠠ ᠪᠠᠨ ᠮᠢᠩᠭᠠᠨ ᠪᠦᠭᠡ ᠲᠠᠢ ᠨᠠᠶᠢᠷ ᠤᠨ ᠮᠠᠩᠯᠠᠢ ᠪᠤᠯᠵᠤ | ᠪᠢᠯᠡ᠃ ᠲᠦᠴᠢᠨ ᠨᠠᠰᠤᠨ ᠤ ᠲᠦᠷᠦᠭᠡ ᠰᠢᠭᠦᠷᠴᠤ ᠶᠠᠪᠤᠭ᠎ᠠ ᠠᠪᠤᠷᠭᠤ ᠪᠠᠶᠠᠷᠪᠠᠭᠠᠳᠤᠷ ᠮᠢᠨᠢ ᠡᠨᠡ ᠵᠢᠯ ᠤᠨ | ᠳᠤᠮᠤᠬᠠᠨ ᠨᠠᠶᠢᠷ ᠨᠠᠭᠠᠳᠤᠮ ᠢᠶᠠᠷ ᠴᠤᠬᠤᠮ ᠭᠦ ᠦᠡᠭᠭᠡ ᠲᠠᠢ ᠪᠠᠷᠢᠯᠳᠤᠵᠤ᠂ ᠤᠬᠤᠷᠬᠠᠨ ᠰᠠᠷ᠎ᠠ ᠭᠠᠷᠤᠢ ᠶᠢᠨ | ᠬᠤᠭᠤᠴᠠᠭᠠᠨ ᠳᠤ 512 ᠪᠦᠭᠡ ᠲᠠᠢ ᠨᠠᠶᠢᠷ ᠲᠤ ᠨᠢᠭᠡ ᠳᠡᠷᠢᠭᠦᠯᠡᠵᠤ᠂ 256 ᠪᠦᠭᠡ ᠲᠠᠢ ᠨᠠᠶᠢᠷ ᠲᠤ ᠭᠤᠷᠪᠠ | ᠳᠡᠷᠢᠭᠦᠯᠡᠭᠰᠡᠨ ᠪᠦ᠋ᠭᠡᠳ ᠡᠨᠡ ᠤᠳᠠᠭ᠎ᠠ 1024 ᠪᠦᠭᠡ ᠲᠠᠢ ᠨᠠᠶᠢᠷ ᠲᠤ ᠳᠠᠭᠢᠨᠳᠠ ᠳᠡᠷᠢᠭᠦᠯᠡᠭᠰᠡᠨ ᠢᠶᠠᠷ 1024 | ᠪᠦᠭᠡ ᠲᠠᠢ ᠨᠠᠶᠢᠷ ᠲᠤ ᠭᠤᠷᠪᠠ ᠳᠡᠷᠢᠭᠦᠯᠡᠵᠤ᠂ 512 ᠪᠦᠭᠡ ᠲᠠᠢ ᠨᠠᠶᠢᠷ ᠲᠤ 6 ᠳᠡᠷᠢᠭᠦᠯᠡᠨ᠂ 256 ᠪᠦᠭᠡ ᠲᠠᠢ | ᠨᠠᠶᠢᠷ ᠲᠤ 31 ᠤᠳᠠᠭ᠎ᠠ ᠳᠡᠷᠢᠭᠦᠯᠡᠵᠤ᠂ ᠶᠡᠭᠡ ᠪᠠᠭ᠎ᠠ ᠨᠠᠶᠢᠷ ᠨᠠᠭᠠᠳᠤᠮ ᠢᠶᠠᠷ 500 ᠭᠠᠷᠤᠢ ᠤᠳᠠᠭ᠎ᠠ | ᠳᠡᠷᠢᠭᠦᠯᠡᠭᠰᠡᠨ ᠳᠠᠪᠳᠠᠬᠳᠠᠰᠢ ᠦᠭᠡᠢ ᠭᠠᠶᠢᠬᠠᠮᠰᠢᠬ ᠢ ᠡᠭᠦᠳᠴᠤ ᠶᠠᠪᠤᠨ᠎ᠠ᠃ ᠳᠡᠶᠢᠮᠤ ᠳᠡᠭᠡᠨ ᠠᠷᠠᠳ ᠤᠯᠠᠨ ᠮᠢᠨᠢ ︽ | ᠠᠪᠤᠷᠭᠤ ᠬᠠᠰᠢᠯᠠ ᠠᠪᠤᠷᠭᠤ ᠡ︾ ᠭᠡᠮᠡᠨ ᠪᠠᠭᠠᠳᠤᠨ ᠪᠢᠰᠢᠷᠡᠵᠤ᠂ ᠪᠠᠭᠠᠷᠬᠠᠨ ᠱᠠᠬᠰᠢᠵᠤ ᠶᠠᠪᠤᠨᠠᠮ᠃ | | | | | |