| | | | ᠰᠠᠨᠳᠠᠭ ︵ᠪᠠᠷᠤᠭ1825 — ᠪᠠᠷᠤᠭ1860︶᠄ ᠬᠠᠤᠯᠢᠴᠢ ᠰᠠᠨᠳᠠᠭ ᠪᠤᠯ ᠬᠠᠭᠤᠴᠢᠨ ᠲᠦᠰᠢᠶᠡᠲᠦ | ᠬᠠᠨ ᠠᠶᠢᠮᠠᠭ ᠤᠨ ᠭᠤᠪᠢ ᠮᠡᠷᠭᠡᠨ ᠸᠠᠩ ᠤᠨ ᠬᠤᠰᠢᠭᠤᠨ ᠤ ᠬᠠᠷᠢᠶᠠᠳᠤ᠂ ᠤᠳᠤ ᠶᠢᠨ ᠳᠤᠷᠤᠨᠠᠭᠤᠪᠢ ᠠᠶᠢᠮᠠᠭ ᠤᠨ | ᠬᠦᠮᠦᠨ ᠪᠦᠭᠡᠳ19 ᠳ᠋ᠤᠭᠡᠷ ᠵᠠᠭᠤᠨ ᠤ ᠡᠬᠢᠨ ᠤ ᠦᠶ᠎ᠡ ᠳᠤ ᠪᠠᠶᠢᠭᠰᠠᠨ ᠪᠤᠯᠤᠯᠳᠠᠢ ᠮᠠᠯᠴᠢᠨ ᠰᠢᠯᠦᠭᠴᠢᠨ ᠮᠥᠨ᠃ | ᠰᠠᠨᠳᠠᠭ ᠤᠨ ᠬᠤᠱᠤᠩ ᠱᠤᠭ ᠦᠭᠡ ᠰᠢᠯᠦᠭ ᠨᠢ ᠤᠯᠠᠨ ᠳᠤ ᠠᠮᠠ ᠪᠠᠷ ᠳᠠᠮᠵᠢᠬᠤ ᠪᠠ ᠪᠢᠴᠢᠭ ᠤᠨ ᠤᠯᠠᠮᠵᠢᠯᠠᠯ | ᠢᠶᠠᠷ ᠦᠷᠭᠡᠨ ᠳᠡᠯᠭᠡᠷᠡᠭᠰᠡᠨ ᠪᠤᠯᠪᠠᠴᠤ ᠲᠡᠭᠦᠨ ᠤ ᠨᠠᠮᠳᠠᠷ ᠲᠡᠦᠭᠡ ᠶᠢᠨ ᠬᠠᠮᠢᠶᠠᠳᠠᠢ ᠮᠡᠳᠡᠭᠡ ᠳᠤᠩ ᠬᠤᠪᠤᠷ ᠶᠤᠮ᠃ | ᠰᠠᠨᠳᠠᠭ ᠤᠯᠠᠨ ᠨᠡᠶᠢᠲᠡ ᠳᠤ ︽ᠬᠠᠤᠯᠢᠴᠢ ᠰᠠᠨᠳᠠᠭ︾᠂ ︽ᠰᠡᠴᠡᠨ ᠰᠠᠨᠳᠠᠭ︾ ᠭᠡᠳᠡᠭ ᠨᠡᠷ᠎ᠡ ᠪᠠᠷ ᠠᠯᠳᠠᠷᠰᠢᠵᠠᠢ᠃ | ᠡᠭᠦᠨ ᠳᠤ ︽ᠬᠠᠤᠯᠢᠴᠢ ᠰᠠᠨᠳᠠᠭ︾ ᠭᠡᠰᠡᠨ ᠦᠭᠡ ᠶᠢ ᠤᠯᠠᠩᠬᠢ ᠰᠤᠳᠤᠯᠤᠭᠴᠢᠳ ︽ᠦᠯᠢᠭᠡᠷᠴᠢ︾ ᠬᠡᠰᠡᠨ | ᠤᠳᠬ᠎ᠠ ᠲᠠᠢ ᠭᠡᠵᠦ ᠳᠠᠶᠢᠯᠪᠤᠷᠢᠯᠠᠵᠠᠢ᠃ ᠰᠠᠨᠳᠠᠭ ᠤᠨ ᠦᠭᠡ ᠰᠢᠯᠦᠭ ᠤᠨ ᠠᠭᠤᠯᠭ᠎ᠠ ᠦᠵᠡᠯ ᠰᠠᠨᠠᠭ᠎ᠠ ᠨᠢ | ᠶᠡᠷᠦᠩᠬᠡᠢ ᠳᠤ ᠪᠠᠨ ᠮᠠᠯᠴᠢᠨ ᠠᠷᠠᠳ ᠤᠨ ᠠᠮᠢᠳᠤᠷᠠᠯ ᠠᠬᠤᠢ᠂ ᠦᠢᠯᠡᠳᠪᠦᠷᠢᠯᠡᠯ ᠬᠦᠳᠡᠯᠮᠦᠷᠢ ᠲᠠᠢ ᠬᠤᠯᠪᠤᠭᠳᠠᠵᠤ᠂ | ᠪᠠᠶᠢᠭᠠᠯᠢ ᠶᠢᠨ ᠦᠵᠡᠭᠳᠡᠯ᠂ ᠠᠳᠤᠭᠤᠰᠤ ᠠᠮᠢᠳᠠᠨ᠂ ᠳᠠᠪᠤᠨ ᠬᠤᠰᠢᠭᠤ ᠮᠠᠯ ᠤᠨ ᠰᠢᠨᠵᠢ ᠪᠠᠶᠢᠳᠠᠯ ᠢ ᠲᠦᠷᠰᠦᠯᠡᠵᠦ᠂ | ᠹᠸᠤᠳᠠᠯ ᠨᠡᠶᠢᠭᠡᠮ ᠤᠨ ᠲᠤᠷᠤᠶᠢᠳᠠᠯ᠂ ᠨᠤᠶᠠᠳ ᠪᠠᠶᠠᠳ ᠤᠨ ᠵᠠᠩ ᠰᠤᠷᠳᠠᠯ ᠢ ᠶᠤᠭᠳᠠᠯᠠᠨ ᠰᠢᠬᠦᠮᠵᠢᠯᠡᠭᠰᠡᠨ | ᠠᠭᠤᠯᠭ᠎ᠠ ᠰᠠᠨᠠᠭ᠎ᠠ ᠲᠠᠢ ᠪᠠᠶᠢᠳᠠᠭ᠃ ᠵᠢᠱᠢᠶᠡᠯᠡᠪᠡᠯ᠂ ︽ᠬᠠᠪᠤᠷ ᠤᠨ ᠬᠠᠶᠢᠯᠤᠭᠠᠳ ᠤᠷᠤᠰᠴᠤ ᠪᠠᠶᠢᠭ᠎ᠠ ᠴᠠᠰᠤᠨ ᠤ | ᠬᠡᠯᠡᠭᠰᠡᠨ ᠦᠭᠡ︾᠂ ︽ᠰᠠᠯᠬᠢᠨ ᠳᠤ ᠬᠡᠶᠢᠰᠦᠭᠰᠡᠨ ᠬᠠᠮᠬᠤᠤᠯ ᠤᠨ ᠬᠡᠯᠡᠭᠰᠡᠨ ᠦᠭᠡ︾ ᠵᠡᠷᠭᠡ ᠵᠢᠨᠰᠢᠯᠦᠭ ᠢ | ᠦᠩᠭᠡᠨ ᠳᠠᠯ᠎ᠠ ᠠᠴᠠ ᠨᠢ ᠦᠵᠡᠬᠦ ᠳᠤ ᠪᠠᠶᠢᠭᠠᠯᠢ ᠶᠢᠨ ᠦᠵᠡᠭᠳᠡᠯ᠂ ᠴᠠᠰᠤ ᠵᠤᠳ᠂ ᠡᠪᠡᠰᠦ ᠤᠷᠭᠤᠮᠠᠯ ᠤᠨ ᠳᠤᠬᠠᠢ | ᠦᠬᠦᠯᠡᠭᠰᠡᠨ ᠪᠠᠶᠢᠭ᠎ᠠ ᠪᠤᠯᠪᠠᠴᠤ ᠦᠨᠡᠨ ᠳᠤ ᠪᠠᠨ ᠨᠡᠶᠢᠭᠡᠮ ᠤᠨ ᠠᠮᠢᠳᠤᠷᠠᠯ᠂ ᠴᠠᠭ ᠲᠦᠷᠦ ᠶᠢᠨ ᠲᠤᠷᠤᠶᠢᠳᠠᠯ ᠢ | ᠶᠤᠭᠳᠠᠯᠠᠨ ᠲᠦᠷᠰᠦᠯᠡᠭᠰᠡᠨ ᠪᠠᠶᠢᠨ᠎ᠠ᠃ ︽ᠡᠴᠡᠭᠡᠳ ᠬᠡᠪᠳᠡᠵᠦ ᠪᠠᠶᠢᠭ᠎ᠠ ᠤᠬᠤᠨ᠎ᠠ ᠶᠢᠨ ᠬᠡᠯᠡᠭᠰᠡᠨ ᠦᠭᠡ︾᠂ ︽ | ᠬᠤᠷᠠᠭᠠᠨ ᠬᠤᠴᠠ ᠶᠢᠨ ᠬᠡᠯᠡᠭᠰᠡᠨ ᠦᠭᠡ︾᠂ ︽ᠤᠷᠤᠭᠠᠳ ᠬᠤᠴᠤᠷᠤᠭᠰᠠᠨ ᠪᠤᠤᠷ᠎ᠠ ᠶᠢᠨ ᠬᠡᠯᠡᠭᠰᠡᠨ ᠦᠭᠡ︾᠂ | ︽ᠲᠡᠵᠢᠭᠡᠭᠰᠡᠨ ᠨᠤᠬᠠᠢ ᠵᠢᠨᠬᠡᠯᠡᠭᠰᠡᠨ ᠦᠭᠡ︾ ᠵᠡᠷᠭᠡ ᠬᠤᠱᠤᠩ ᠱᠤᠭ ᠰᠢᠯᠦᠭ ᠲᠤ ᠪᠠᠨ ᠲᠡᠵᠢᠭᠡᠪᠦᠷᠢ ᠠᠮᠢᠳᠠᠨ᠂ | ᠳᠠᠪᠤᠨ ᠬᠤᠰᠢᠭᠤ ᠮᠠᠯ ᠤᠨ ᠲᠦᠷᠢ ᠲᠦᠷᠬᠦ᠂ ᠵᠠᠩ ᠪᠠᠶᠢᠳᠠᠯ ᠢ ᠲᠦᠷᠰᠦᠯᠡᠵᠦ᠂ ᠳᠤᠬᠠᠢ ᠶᠢᠨ ᠨᠡᠶᠢᠭᠡᠮ ᠤᠨ | ᠠᠮᠢᠳᠤᠷᠠᠯ ᠤᠨ ᠳᠡᠭᠰᠢ ᠪᠤᠰᠤ ᠦᠵᠡᠭᠳᠡᠯ ᠢ ᠳᠤᠰᠬᠠᠭᠰᠠᠨ ᠪᠠᠶᠢᠳᠠᠭ᠃ ︽ᠠᠩ ᠤᠨ ᠬᠤᠮᠤᠷᠭᠠᠨ ᠳᠤ ᠤᠷᠤᠭᠰᠠᠨ | ᠴᠢᠨ᠋ᠸ᠎ᠠ ᠵᠢᠨᠬᠡᠯᠡᠭᠰᠡᠨ ᠦᠭᠡ︾᠂ ︽ᠬᠠᠴᠢᠨ ᠳᠤ ᠤᠷᠤᠭᠰᠠᠨ ᠵᠡᠭᠡᠷ᠎ᠡ ᠵᠢᠨᠬᠡᠯᠡᠭᠰᠡᠨ ᠦᠭᠡ︾ ᠵᠡᠷᠭᠡ ᠰᠢᠯᠦᠭ ᠲᠤ | ᠤᠷᠢᠲᠦ ᠶᠢᠨ ᠴᠠᠭ ᠤᠨ ᠮᠣᠩᠭᠤᠯᠴᠤᠳ ᠤᠨ ᠠᠩ ᠠᠩᠨᠠᠬᠤ ᠵᠠᠩ ᠵᠠᠩᠰᠢᠯ᠂ ᠠᠮᠢᠳᠤᠷᠠᠯ ᠤᠨ ᠪᠠᠶᠢᠳᠠᠯ ᠢ ᠳᠤᠰᠬᠠᠵᠤ | ᠂ ᠦᠨᠳᠦᠰᠦᠲᠡᠨ ᠤ ᠠᠮᠢᠳᠤᠷᠠᠯ ᠤᠨᠦᠪᠡᠷᠮᠢᠴᠡ ᠤᠨᠴᠠᠯᠢᠭ ᠢ ᠢᠯᠡᠷᠡᠬᠦᠯᠦᠭᠰᠡᠨ ᠪᠠᠶᠢᠳᠠᠭ᠃ ︽ᠪᠣᠳᠤᠭᠤ ᠠᠴᠠ ᠨᠢ | ᠰᠠᠯᠭᠠᠵᠤ ᠵᠢᠩ ᠳᠤ ᠬᠦᠯᠦᠭᠰᠡᠨ ᠢᠩᠭᠡ ᠵᠢᠨᠬᠡᠯᠡᠭᠰᠡᠨ ᠦᠭᠡ︾᠂ ︽ᠡᠬᠡ ᠠᠴᠠ ᠪᠠᠨ ᠰᠠᠯᠤᠭᠰᠠᠨ ᠪᠤᠳᠤᠭᠤ | ᠵᠢᠨᠬᠡᠯᠡᠭᠰᠡᠨ ᠦᠭᠡ︾ ᠵᠡᠷᠭᠡ ᠰᠢᠯᠦᠭ ᠲᠤ ᠡᠨᠡᠷᠢᠩᠬᠦᠢ ᠦᠵᠡᠯ᠂ ᠨᠢᠩᠵᠢᠨ ᠰᠠᠨᠠᠭ᠎ᠠ᠂ ᠬᠦᠮᠦᠡᠯᠢᠭ ᠶᠤᠰᠤ ᠨᠡᠪᠲᠡ | ᠰᠢᠩᠭᠡᠭᠰᠡᠨ ᠪᠠᠶᠢᠳᠠᠭ᠃ ︽ᠰᠠᠶᠢᠨ ᠮᠠᠭᠤ ᠲᠦᠰᠢᠮᠡᠯ ᠪᠢᠴᠢᠭᠡᠴᠢ ᠨᠠᠷ ᠢ ᠬᠡᠯᠡᠭᠰᠡᠨ ᠦᠭᠡ︾᠂ ︽ᠳᠠᠯ᠎ᠠ ᠭᠠᠷᠤᠢ | ᠨᠠᠰᠤᠳᠠᠢ ᠬᠢᠶ᠎ᠠ ᠨᠢᠭᠡᠨ ᠵᠠᠯᠠᠭᠤ ᠡᠬᠡᠨᠡᠷ ᠠᠪᠴᠤ᠂ ᠬᠡᠦᠭᠡᠳ ᠲᠠᠢ ᠪᠤᠯᠭᠠᠭᠰᠠᠨ ᠢ ᠬᠡᠯᠡᠭᠰᠡᠨ ᠦᠭᠡ︾ ᠵᠡᠷᠭᠡ ᠰᠢᠯᠦᠭ | ᠨᠢ ᠹᠸᠤᠳᠠᠯ ᠤᠨ ᠨᠤᠶᠠᠳ ᠲᠦᠰᠢᠮᠡᠯ ᠤᠨ ᠮᠠᠭᠤ ᠮᠠᠭᠤᠬᠠᠢ ᠵᠠᠩ ᠴᠢᠨᠠᠷ᠂ ᠢᠯᠵᠠᠷᠠᠮᠠᠯ ᠠᠮᠢᠳᠤᠷᠠᠯ ᠤᠨ ᠮᠥᠨ | ᠲᠦᠷᠰᠦ ᠶᠢ ᠢᠯᠡᠴᠢᠯᠡᠨ ᠰᠢᠬᠦᠮᠵᠢᠯᠡᠭᠰᠡᠨ ᠢᠯᠡ ᠳᠤᠳᠤ ᠠᠩᠭᠢᠴᠢ ᠴᠢᠨᠠᠷ ᠲᠠᠢ ᠪᠠᠶᠢᠳᠠᠭ᠃ | ᠰᠠᠨᠳᠠᠭ ᠤᠨ ᠦᠭᠡ ᠰᠢᠯᠦᠭ ᠤᠨ ᠤᠷᠠᠯᠢᠭ ᠤᠨ ᠤᠨᠴᠠᠯᠢᠭ ᠭᠡᠪᠡᠯ᠂ 1.ᠬᠡᠯᠪᠡᠷᠢ ᠨᠢ ᠴᠢᠯᠦᠭᠡᠲᠡᠢ᠂ ᠬᠡᠯᠡ | ᠬᠡᠯᠡᠯᠭᠡ ᠨᠢ ᠠᠮᠠᠨ ᠶᠠᠷᠢᠶᠠᠨ ᠤ ᠪᠦᠭᠡᠳ ᠤᠷᠠᠨ ᠲᠦᠷᠰᠦᠯᠢᠭ ᠪᠠᠶᠢᠳᠠᠭ᠃2. ᠬᠡᠯᠡ ᠨᠠᠶᠢᠷᠠᠭᠤᠯᠭ᠎ᠠ ᠪᠠ ᠤᠷᠠᠨ | ᠲᠦᠷᠰᠦᠯᠡᠯ ᠤᠨ ᠳᠠᠯ᠎ᠠ ᠪᠠᠷ18 —19 ᠳ᠋ᠤᠭᠡᠷ ᠵᠠᠭᠤᠨ ᠤ ᠦᠶ᠎ᠡ ᠶᠢᠨ ᠪᠢᠴᠢᠭ ᠤᠨ ᠢᠷᠠᠭᠤ ᠨᠠᠶᠢᠷᠠᠭ ᠢ ᠪᠤᠳᠤᠪᠠᠯ | ᠦᠪᠡᠷᠮᠢᠴᠡ ᠤᠨᠴᠠᠯᠢᠭ ᠲᠠᠢ ᠪᠠᠶᠢᠳᠠᠭ᠃ ᠲᠡᠬᠦᠨ ᠤ ᠰᠢᠯᠦᠭ ᠲᠤ ᠴᠤᠬᠤᠮ ᠮᠠᠯᠴᠢᠨ ᠠᠷᠠᠳ ᠤᠨ ᠬᠠᠷᠠᠰᠤ ᠶᠠᠷᠢᠶᠠᠨ | ᠤ ᠬᠡᠯᠡ ᠶᠢ ᠬᠡᠷᠡᠭᠯᠡᠵᠦ᠂ ᠠᠳᠠᠯᠢᠳᠬᠠᠯ ᠵᠦᠢᠷᠯᠡᠯ ᠮᠡᠲᠦ ᠶᠢᠨ ᠤᠷᠠᠨ ᠴᠢᠮᠡᠭᠯᠡᠯ᠂ ᠲᠦᠷᠰᠦᠯᠡᠯ ᠢ ᠲᠡᠳᠦᠶᠢᠯᠡ | ᠴᠢᠬᠤᠯᠠᠴᠢᠯᠠᠳᠠᠭ ᠪᠤᠰᠤ᠂ ᠬᠠᠷᠢᠨ ᠶᠡᠭᠡ ᠲᠦᠯᠦᠪ ᠬᠦᠮᠦᠨᠴᠢᠯᠡᠯ ᠠᠮᠢᠳᠤᠴᠢᠯᠠᠯ ᠤᠨ ᠠᠷᠭ᠎ᠠ ᠪᠠᠷ ᠰᠠᠨᠠᠭ᠎ᠠ ᠪᠠᠨ | ᠢᠯᠡᠳᠭᠡᠳᠡᠭ᠃ ᠬᠠᠤᠯᠢᠴᠢ ᠰᠠᠨᠳᠠᠭ ᠪᠤᠯ ᠠᠮᠢᠳᠤᠷᠠᠯ ᠤᠨ ᠠᠷᠰᠠᠷ ᠦᠵᠡᠭᠳᠡᠯ ᠢ ᠬᠢᠷᠠᠬᠠᠢ ᠨᠢᠲᠦ ᠪᠠᠷ ᠠᠵᠢᠭᠯᠠᠵᠤ | ᠤᠬᠤᠷ ᠡᠷᠴᠢᠮᠲᠡᠢ ᠮᠦᠷ ᠪᠠᠳᠠᠭ᠂ ᠤᠷᠠᠨ ᠱᠤᠭᠳᠠᠢ ᠦᠭᠡ ᠪᠠᠷ ᠴᠢᠳᠠᠮᠠᠭᠠᠢ ᠲᠦᠷᠰᠦᠯᠡᠳᠡᠭ ᠠᠪᠢᠶᠠᠰᠯᠢᠭ ᠢᠷᠠᠭᠤ | ᠨᠠᠶᠢᠷᠠᠭᠴᠢ᠂ ᠪᠡᠯᠡᠨ ᠰᠢᠯᠦᠭᠴᠢ ᠮᠥᠨ᠃ | | | | |