| | | | ᠬᠦᠢᠲᠡᠨ ᠤ ᠡᠷᠴᠢ ᠴᠢᠩᠭᠠᠷᠠᠭᠰᠠᠨ ᠬᠦᠬᠡᠬᠡ ᠡᠪᠦᠯ ᠤᠨ 1 ᠳ᠋ᠤᠭᠡᠷ ᠰᠠᠷ᠎ᠠ ᠶᠢᠨ 16 ᠤ ᠡᠳᠦᠷ᠂ ᠦᠷ᠎ᠠ | ᠲᠠᠢ ᠬᠦᠮᠦᠨ ᠤ ᠠᠴᠢᠯᠠᠯ ᠬᠠᠶᠢᠷ᠎ᠠ ᠶᠢᠨ ᠠᠭᠤᠤ ᠶᠡᠭᠡ ᠶᠢ ᠮᠡᠳᠡᠷᠡᠭᠦᠯᠦᠭᠰᠡᠨ ᠨᠢᠭᠡᠨ ᠰᠠᠶᠢᠬᠠᠨ ᠦᠢᠯᠡ ᠠᠵᠢᠯᠯᠠᠭ᠎ᠠ | ᠪᠠᠭᠠᠷᠢᠨ ᠨᠤᠲᠤᠭ ᠲᠤ ᠶᠤᠰᠤᠯᠠᠯ ᠲᠡᠭᠦᠯᠳᠡᠷ ᠶᠠᠪᠤᠭᠳᠠᠭᠰᠠᠨ ᠶᠤᠮ᠃ ᠠᠪᠤ ᠡᠵᠢ ᠪᠠᠨ ᠠᠴᠢᠯᠠᠨ ᠬᠦᠨᠳᠦᠯᠡᠬᠦ᠂ | ᠲᠦᠷᠦᠬᠦᠯᠵᠦ ᠦᠰᠭᠡᠭᠰᠡᠨ ᠦᠨᠳᠦᠷ ᠶᠡᠭᠡ ᠠᠴᠢ ᠶᠢ ᠨᠢ ᠬᠠᠷᠢᠭᠤᠯᠬᠤ ᠪᠤᠯ ᠦᠷ᠎ᠠ ᠬᠡᠤᠬᠡᠳ ᠪᠤᠯᠤᠭᠰᠠᠳ ᠤᠨ ᠬᠢᠨᠢ | ᠠᠷᠢᠭᠤᠨ ᠲᠠᠷᠬᠠᠨ ᠡᠭᠦᠷᠭᠡ ᠪᠠᠶᠢᠭ᠎ᠠ ᠶᠤᠮ᠃ ᠲᠡᠷᠡ ᠯᠡ ᠵᠠᠩ ᠵᠢᠷᠤᠮ ᠢ ᠪᠠᠷᠢᠵᠦ ᠪᠠᠭᠠᠷᠢᠨ ᠨᠤᠲᠤᠭ ᠤᠨ ᠰᠤᠳᠤᠨ | ᠬᠦᠪᠡᠭᠦᠨ᠂ ᠦᠪᠦᠷ ᠮᠤᠩᠭᠤᠯ ᠤᠷᠤᠨ ᠤ ᠠᠪᠤᠷᠭᠤ ᠴᠤᠯᠠᠲᠠᠨ᠂ ᠮᠢᠩᠭᠠᠨ ᠪᠦᠬᠡ ᠲᠠᠢ ᠨᠠᠶᠢᠷ ᠤᠨ ᠬᠤᠶᠠᠷ ᠤᠳᠠᠭ᠎ᠠ | ᠶᠢᠨ ᠲᠡᠷᠢᠬᠦᠨ ᠭᠡᠭᠡᠷᠡᠬᠦ ᠮᠠᠨᠢ ᠠᠬ᠎ᠠ ᠲᠡᠭᠦᠦ ᠭᠤᠷᠪᠠᠭᠤᠯᠠ ᠪᠠᠨ ᠠᠴᠢᠲᠦ ᠠᠪᠤ ᠡᠨᠡᠷᠢᠯᠲᠦ ᠡᠵᠢ ᠶᠢᠨ ᠢᠶᠠᠨ 61 | ᠨᠠᠰᠤᠨ ᠤ ᠵᠢᠯ ᠵᠢᠷᠭᠢᠭᠰᠡᠨ ᠪᠠᠶᠠᠷ ᠢ ᠦᠪᠡᠳᠡᠭᠰᠢ ᠶᠡᠬᠡᠪᠡᠷ ᠲᠡᠮᠳᠡᠭᠯᠡᠨ ᠬᠢᠵᠦ᠂ 128 ᠬᠦᠴᠦᠲᠦ ᠪᠦᠬᠡ | ᠪᠠᠷᠢᠯᠳᠤᠭᠤᠯᠤᠭᠰᠠᠨ ᠶᠤᠮ᠃ ᠲᠤᠰ ᠤᠳᠠᠭᠠᠨ ᠤ ᠨᠠᠶᠢᠷ ᠲᠤ ᠦᠪᠦᠷ ᠮᠤᠩᠭᠤᠯ ᠤᠷᠤᠨ ᠤ ᠴᠢᠨᠰᠠᠭ᠎ᠠ ᠰᠠᠶᠢᠲᠠᠢ | ᠠᠪᠤᠷᠭᠤ ᠪᠦᠬᠡᠴᠤᠳ ᠵᠤᠳᠤᠭᠯᠠᠨ ᠪᠠᠷᠢᠯᠳᠤᠵᠦ ᠲᠦᠪ ᠭᠤᠤᠯᠴᠢ᠂ ᠰᠢᠲᠤᠷᠭᠤ ᠪᠠᠷᠢᠯᠳᠤᠭᠠᠨ ᠢᠶᠠᠷ ᠢᠶᠠᠨ | ᠦᠵᠡᠭᠴᠢᠳ ᠲᠦᠮᠡᠨ ᠢᠶᠠᠨ ᠪᠠᠶᠠᠰᠬᠠᠭᠰᠠᠨ ᠪᠢᠯᠡ᠃ ᠪᠦᠬᠡ ᠶᠢᠨ ᠪᠠᠷᠢᠯᠳᠤᠭᠠᠨ ᠳᠤ ᠪᠠᠭᠠᠷᠢᠨ ᠪᠠᠷᠠᠭᠤᠨ ᠬᠤᠰᠢᠭᠤᠨ | ᠤ ᠴᠢᠩᠵᠤᠷᠢᠭ ᠲᠡᠷᠢᠬᠦᠯᠡᠵᠦ᠂ ᠪᠠᠷᠠᠭᠤᠨ ᠦᠵᠦᠮᠦᠴᠢᠨ ᠬᠤᠰᠢᠭᠤᠨ ᠤ ᠴᠠᠭᠠᠨᠵᠠᠭᠠᠨ ᠲᠡᠳ᠋ᠯᠡᠨ᠂ ᠪᠠᠭᠠᠷᠢᠨ ᠪᠠᠷᠠᠭᠤᠨ | ᠬᠤᠰᠢᠭᠤᠨ ᠤ ᠲᠡᠷᠭᠡᠯ ᠭᠤᠳᠠᠭᠠᠷᠯᠠᠵᠦ᠂ ᠠᠷᠤ ᠬᠤᠷᠴᠢᠨ ᠬᠤᠰᠢᠭᠤᠨ ᠤ ᠠᠷᠤᠬᠠᠠᠪᠠᠭᠠᠲᠤᠷ ᠲᠦᠳᠦᠭᠡᠷ ᠲᠤ | ᠲᠤᠳᠤᠷᠠᠵᠠᠢ᠃ ︵ᠰᠤᠷᠪᠤᠯᠵᠢᠯᠠᠭᠴᠢ ᠠᠳᠢᠶ᠎ᠠ᠂ ᠴᠢᠮᠡᠭᠡᠯᠡᠭᠴᠢ ᠬᠦᠰᠡᠯᠡᠩ ᠮᠡᠳᠡᠭᠡᠯᠡᠪᠡ︶ |