| | | | ᠯᠤᠪᠰᠠᠩᠴᠦ᠋ᠯᠳᠤᠮ ︵1740 —1810︶᠄ ︽ᠴᠠᠬᠠᠷ ᠬᠡᠪᠰᠢ︾ ᠭᠡᠵᠦ ᠤᠯᠠᠨ᠎ᠠ ᠠᠯᠳᠠᠷᠰᠢᠭᠰᠠᠨ | ᠯᠤᠪᠰᠠᠩᠴᠦ᠋ᠯᠳᠦᠮ ᠪᠤᠯ ᠠᠯᠳᠠᠷᠲᠤ ᠤᠳᠬ᠎ᠠ ᠵᠤᠬᠢᠶᠠᠯᠴᠢ᠂ ᠨᠡᠷᠡᠲᠦ ᠤᠷᠴᠢᠭᠤᠯᠤᠭᠴᠢ᠂ ᠲᠦᠪᠡᠳᠴᠢ ᠡᠷᠳᠡᠮᠳᠡᠨ᠂ | ᠬᠡᠪᠯᠡᠯ ᠤᠨ ᠤᠬᠠᠭᠠᠨᠳᠠᠨ᠂ ᠮᠤᠩᠭᠤᠯ ᠠᠨᠠᠭᠠᠬᠤ ᠤᠬᠠᠭᠠᠨ ᠤ ᠰᠠᠭᠤᠷᠢᠯᠠᠭᠴᠢ᠂ ᠵᠢᠷᠤᠬᠠᠢ ᠶᠢᠨ ᠤᠬᠠᠭᠠᠨᠳᠠᠨ᠂ | ᠪᠤᠷᠬᠠᠨ ᠱᠠᠰᠢᠨ ᠤ ᠭᠦᠨ ᠤᠬᠠᠭᠠᠨᠳᠠᠨ ᠮᠥᠨ᠃ | ᠯᠤᠪᠰᠠᠩᠴᠦ᠋ᠯᠳᠦᠮ 1740 ᠤᠨ ᠤ 8 ᠰᠠᠷ᠎ᠠ ᠶᠢᠨ 3 ᠤ ᠡᠳᠦᠷ ᠳᠤᠳᠤᠭᠠᠳᠤ ᠴᠠᠬᠠᠷ ᠨᠠᠢᠮᠠᠨ | ᠬᠤᠰᠢᠭᠤᠨ ᠤ ᠬᠦᠪᠡᠭᠡᠳᠤ ᠴᠠᠭᠠᠨ ᠬᠤᠰᠢᠭᠤᠨ ᠤ ᠰᠠᠶᠢᠬᠠᠨ ᠨᠠᠭᠤᠷ ᠤᠨ ᠬᠦᠪᠡᠭᠡᠨ ᠳᠤ ᠣᠶᠢᠭᠤᠳ ᠤᠪᠤᠭᠳᠠᠨ ᠤ | ᠭᠡᠷ ᠲᠤ ᠤᠤᠭᠠᠨ ᠬᠦᠪᠡᠬᠦᠨ ᠨᠢ ᠪᠤᠯᠵᠤ ᠮᠡᠨᠳᠤᠯᠠᠵᠠᠢ᠃ ᠡᠴᠢᠭᠡ ᠶᠢᠨ ᠬᠢᠨᠢ ᠨᠡᠷ᠎ᠡ ᠴᠧᠭᠤᠨᠵᠠᠯ᠂ ᠡᠭᠡ ᠶᠢᠨ ᠬᠢᠨᠢ | ᠨᠡᠷ᠎ᠡ ᠬᠠᠯᠵᠠᠨᠬᠦᠦ ᠭᠡᠳᠡᠭ᠃ ᠠᠬ᠎ᠠ ᠳᠡᠬᠦᠦ ᠨᠠᠢᠮᠠᠭᠤᠯᠠ᠂ ᠭᠤᠷᠪᠠᠨ ᠬᠦᠦ ᠳᠡᠭᠦᠦ᠂ ᠲᠦᠷᠪᠡᠨ ᠬᠡᠦᠬᠡᠨ ᠳᠡᠬᠦᠦ ᠲᠠᠢ | ᠃ ᠯᠤᠪᠰᠠᠩᠴᠦ᠋ᠯᠳᠦᠮ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ᠂ ᠤᠢ ᠪᠢᠯᠢᠭ ᠬᠤᠷᠴᠠ᠂ ᠰᠤᠷᠬᠤ ᠳᠤ | ᠪᠠᠬ᠎ᠠ ᠲᠠᠢ ᠪᠠᠶᠢᠭᠰᠠᠨ ᠶᠤᠮ᠃ ᠳᠣᠯᠣᠭᠠᠨ ᠨᠠᠰᠤᠳᠠᠢ ᠳᠤ ᠪᠠᠨ ᠠᠪᠠᠭ᠎ᠠ ᠠᠬ᠎ᠠ ᠭᠡᠽᠣᠯ ᠢᠶᠠᠷ ᠢᠶᠠᠨ ᠮᠤᠩᠭᠤᠯ | ᠪᠢᠴᠢᠭ ᠵᠢᠭᠠᠯᠭᠠᠵᠤ᠂ ᠮᠥᠨ ᠵᠢᠯ ᠳᠤ ᠪᠠᠨ ᠪᠤᠰᠣᠳ ᠢ ᠳᠤᠰᠠᠯᠠᠭᠴᠢ ᠪᠤᠳᠢ ᠲᠢᠪ ᠰᠦᠮ᠎ᠡ ᠶᠢᠨ ᠴᠠᠶᠢᠪᠠ | ᠬᠤᠳᠤᠭᠳᠤ ᠡᠷᠳᠡᠨᠢ ᠯᠤᠪᠰᠠᠩᠫᠧᠷᠠᠩᠯᠠᠢ ᠳᠤ ᠱᠠᠪᠢ ᠪᠤᠯᠵᠤ᠂ ᠳᠠᠷᠠᠭ᠎ᠠ ᠨᠢ ᠳᠤᠯᠤᠭᠠᠨ ᠨᠠᠭᠤᠷ ᠤᠨ ᠰᠦᠮ᠎ᠡ ᠬᠢᠭᠡᠳ | ᠶᠦᠩ ᠡᠾᠧ ᠬᠦᠩ ᠤᠨ ᠰᠦᠮ᠎ᠡ ᠵᠡᠷᠭᠡ ᠪᠠᠷ ᠶᠠᠪᠤᠵᠤ᠂ ᠲᠦᠪᠡᠳ ᠬᠡᠯᠡᠨ ᠳᠤ ᠴᠠᠭᠠᠷᠠᠨ ᠪᠤᠯᠪᠠᠰᠤᠷᠠᠵᠤ᠂ ᠣᠯᠠᠨ | ᠳᠤᠭᠠᠨ ᠤ ᠨᠤᠮ ᠵᠤᠬᠢᠶᠠᠯ ᠢ ᠤᠷᠴᠢᠭᠤᠯᠵᠤ ᠵᠤᠬᠢᠶᠠᠭᠰᠠᠨ ᠪᠠᠶᠢᠨ᠎ᠠ᠃ ᠡᠭᠦᠨ ᠢᠶᠠᠷ ᠪᠠᠷᠠᠬᠤ ᠦᠭᠡᠢ᠂ | ᠯᠤᠪᠰᠠᠩᠴᠦ᠋ᠯᠳᠦᠮ ᠦᠪᠡᠷ ᠤᠨ ᠬᠡᠶᠢᠳ ᠬᠦᠪᠡᠭᠡᠳᠦ ᠰᠢᠷ᠎ᠠ ᠬᠤᠰᠢᠭᠤᠨ ᠤ ᠴᠠᠭᠠᠨ ᠠᠭᠤᠯᠠ ᠶᠢᠨ ᠰᠦᠮ᠎ᠡ ᠳᠤ | ᠮᠤᠩᠭᠤᠯ ᠮᠤᠳᠤᠨ ᠪᠠᠷ ᠤᠨ ᠬᠡᠪᠯᠡᠯ ᠤᠨ ᠦᠢᠯᠡᠰ ᠢ ᠡᠭᠦᠳᠦᠨ ᠪᠠᠶᠢᠭᠤᠯᠵᠤ᠂ ᠦᠯᠡᠮᠵᠢ ᠤᠯᠠᠨ ᠨᠤᠮ ᠵᠤᠬᠢᠶᠠᠯ ᠢ | ᠪᠠᠷᠯᠠᠨ ᠬᠡᠪᠯᠡᠭᠰᠡᠨ ᠶᠤᠮ᠃ ᠴᠠᠬᠠᠷ ᠬᠡᠪᠰᠢ ᠯᠤᠪᠰᠠᠩᠴᠦ᠋ᠯᠳᠦᠮ ᠪᠤᠯ ᠦᠯᠡᠮᠵᠢ ᠣᠯᠠᠨ ᠪᠦᠲᠦᠭᠡᠯ ᠲᠠᠢ ᠵᠤᠬᠢᠶᠠᠯᠴᠢ | ᠪᠤᠯᠤᠨ᠎ᠠ᠃ ᠲᠡᠷᠡ ᠨᠠᠰᠤᠨ ᠳᠤᠷᠰᠢᠳᠠ ᠶᠢᠨ ᠵᠤᠬᠢᠶᠠᠨ ᠪᠦᠲᠦᠭᠡᠬᠦ ᠦᠢᠯᠡᠳᠦᠯᠭᠡ ᠶᠢᠨ ᠳᠤᠮᠳᠠ ᠪᠠᠨ ᠱᠠᠰᠢᠨ ᠤ | ᠪᠢᠰᠢᠯᠭᠠᠯ᠂ ᠠᠨᠠᠭᠠᠬᠤ ᠤᠬᠠᠭᠠᠨ ᠤ ᠨᠤᠮ ᠢ ᠪᠢᠴᠢᠭᠰᠡᠨ ᠠᠴᠠ ᠭᠠᠳᠠᠨ᠎ᠠ ᠠᠷᠠᠳ ᠤᠨ ᠵᠠᠩ ᠦᠢᠯᠡ ᠳᠤ | ᠬᠤᠯᠪᠤᠭᠳᠠᠭᠰᠠᠨ ᠢᠷᠠᠭᠤ ᠨᠠᠶᠢᠷᠠᠭ ᠪᠤᠯᠤᠨ ᠰᠤᠷᠭᠠᠯ ᠰᠢᠯᠦᠭ ᠤᠳ ᠢ ᠤᠯᠠᠨ ᠳᠤᠭ᠎ᠠ ᠪᠠᠷ ᠵᠤᠬᠢᠶᠠᠵᠠᠢ᠃ ᠡᠭᠦᠨ ᠳᠤ | ᠂ ︽ᠳ᠋ᠤᠰᠢᠨᠵᠢ ᠶᠢᠨ ᠳᠤᠮᠤᠭ︾᠂ ︽ᠽᠦᠩᠺᠠᠸ᠎ᠠ ᠶᠢᠨ ᠳᠤᠮᠤᠭ︾᠂ ︽ᠳᠠᠵᠢᠳ ᠤᠨ ᠳᠤᠮᠤᠭ︾᠂ ︽ | ᠭᠡᠨᠳᠦᠨᠰᠦ᠋ᠷᠦᠩ ᠤᠨ ᠳᠤᠮᠤᠭ︾᠂ ︽ᠲᠦᠷᠪᠡᠨ ᠮᠠᠬᠠᠷᠠᠨᠽᠠ︾᠂ ︽ᠨᠠᠮᠰᠠᠷᠠᠢ ᠶᠢᠨ ᠳᠤᠮᠤᠭ︾᠂ ︽ᠪᠢᠭᠠᠷ | ᠬᠠᠭᠠᠨ ᠤ ᠳᠤᠮᠤᠭ︾᠂ ︽ᠳᠤᠯᠤᠭᠠᠨ ᠢᠳᠡᠷᠭᠡᠨ ᠪᠦᠰᠡᠬᠦᠢ ᠶᠢᠨ ᠳᠤᠭᠤᠵᠢ︾ ᠵᠡᠷᠭᠡ ᠤᠷᠠᠨ ᠰᠠᠶᠢᠬᠠᠨ ᠳᠤᠮᠤᠭ᠂ | ᠳᠤᠭᠤᠵᠢ ᠶᠢᠨ ᠵᠤᠬᠢᠶᠠᠯ ᠤᠳ ᠢ ᠲᠦᠪᠡᠳ ᠮᠤᠩᠭᠤᠯ ᠬᠤᠶᠠᠷ ᠬᠡᠯᠡ ᠪᠠᠷ ᠵᠤᠬᠢᠶᠠᠭᠰᠠᠨ ᠪᠤᠶᠤ ᠤᠷᠴᠢᠭᠤᠯᠤᠨ | ᠨᠠᠶᠢᠷᠠᠭᠤᠯᠤᠭᠰᠠᠨ ᠶᠤᠮ᠃ ᠡᠳᠡᠭᠡᠷ ᠪᠦᠬᠦ ᠵᠦᠢᠯ ᠢ ᠨᠢ ᠨᠡᠶᠢᠯᠡᠭᠦᠯᠦᠭᠡᠳ ︽ᠴᠠᠬᠠᠷ ᠬᠡᠪᠰᠢ ᠯᠤᠪᠰᠠᠩᠴᠦ᠋ᠯᠳᠦᠮ ᠤᠨ | ᠰᠦᠩᠪᠦᠮ︾ ᠭᠡᠳᠡᠭ ᠪᠠ ᠲᠡᠷᠡ ᠨᠢ ᠨᠡᠶᠢᠲᠡ ᠳᠤ ᠪᠠᠨ ᠠᠷᠪᠠᠨ ᠪᠤᠳᠢ ᠪᠠᠶᠢᠳᠠᠭ᠃ ︽ᠰᠦᠩᠪᠦᠮ︾ ᠳᠤ | ᠣᠷᠣᠭᠠᠳᠤᠢ ᠵᠤᠬᠢᠶᠠᠯ ᠪᠠᠰᠠ ᠪᠠᠶᠢᠨ᠎ᠠ᠃ ᠲᠡᠭᠦᠨ ᠤ ᠪᠦᠲᠦᠭᠡᠯ ᠳᠤ ᠱᠠᠰᠢᠨ ᠤ ᠵᠤᠬᠢᠶᠠᠯ ᠵᠤᠩᠬᠢᠯᠠᠬᠤ ᠪᠠᠶᠢᠷᠢ ᠶᠢ | ᠡᠵᠡᠯᠡᠬᠦ ᠪᠤᠯᠪᠠᠴᠤ ᠤᠷᠠᠨ ᠵᠤᠬᠢᠶᠠᠯ ᠤᠨ ᠪᠦᠲᠦᠭᠡᠯ ᠴᠦ ᠵᠤᠬᠢᠬᠤ ᠪᠠᠶᠢᠷᠢ ᠶᠢ ᠡᠵᠡᠯᠡᠨ᠎ᠡ᠃ᠯᠤᠪᠰᠠᠩᠴᠦ᠋ᠯᠳᠦᠮ ᠤᠨ | ᠤᠷᠠᠨ ᠵᠤᠬᠢᠶᠠᠯ ᠤᠨ ᠪᠦᠲᠦᠭᠡᠯ ᠢ ᠠᠭᠤᠯᠭ᠎ᠠ ᠶᠢᠨ ᠬᠢᠨᠢ ᠦᠨᠳᠦᠰᠦᠨ ᠴᠢᠭᠯᠡᠯ ᠪᠠ ᠦᠪᠡᠷᠮᠢᠴᠡ ᠰᠢᠨᠵᠢ ᠪᠠᠷ ᠨᠢ | ᠬᠡᠲᠦᠨ ᠵᠦᠢᠯ ᠳᠤ ᠬᠤᠪᠢᠶᠠᠵᠤ ᠪᠤᠯᠤᠨ᠎ᠠ᠃ | 1. ᠠᠷᠠᠳ ᠤᠨ ᠠᠮᠠᠨ ᠦᠯᠢᠭᠡᠷ ᠤᠨ ᠴᠣᠮᠣᠷᠯᠢᠭ — ᠯᠤᠪᠰᠠᠩᠴᠦ᠋ᠯᠳᠦᠮ ᠵᠤᠬᠢᠶᠠᠨ ᠪᠦᠲᠦᠭᠡᠬᠦ | ᠦᠢᠯᠡᠳᠦᠯᠭᠡ ᠶᠢᠨ ᠳᠤᠮᠳᠠ ᠪᠠᠨ ︽ᠰᠠᠶᠢᠳᠤᠷ ᠨᠤᠮᠯᠠᠭᠰᠠᠨ ᠡᠷᠳᠡᠨᠢ ᠶᠢᠨ ᠰᠠᠩ ᠰᠣᠪᠠᠰᠢᠳᠠᠢ︾᠂ ︽ᠠᠷᠠᠳ ᠢ | ᠳᠡᠵᠢᠭᠡᠬᠦ ᠷᠠᠰᠢᠶᠠᠨ ᠤ ᠳᠤᠰᠤᠯ ᠨᠡᠷᠡᠲᠦ ᠱᠠᠰᠳᠢᠷ︾ ᠵᠡᠷᠭᠡ ᠡᠨᠡᠳᠬᠡᠭ ᠲᠦᠪᠡᠳ ᠤᠨ ᠰᠤᠷᠭᠠᠯ ᠤᠨ ᠰᠢᠯᠦᠭ ᠢ | ᠨᠠᠶᠢᠷᠠᠭᠤᠯᠤᠨ ᠤᠷᠴᠢᠭᠤᠯᠬᠤ ᠶᠢᠨ ᠬᠠᠮᠳᠤ ᠮᠥᠨ ᠲᠡᠬᠦᠨ ᠲᠠᠢ ᠤᠳᠬ᠎ᠠ ᠲᠤᠬᠢᠷᠠᠯᠴᠠᠭᠰᠠᠨ ᠡᠨᠡᠳᠬᠡᠭ ᠲᠦᠪᠡᠳ ᠤᠨ | ᠠᠮᠠᠨ ᠦᠯᠢᠭᠡᠷ ᠢᠶᠠᠷ ︽ᠰᠠᠶᠢᠳᠤᠷ ᠨᠤᠮᠯᠠᠭᠰᠠᠨ ᠡᠷᠳᠡᠨᠢ ᠶᠢᠨ ᠰᠠᠩ ᠰᠣᠪᠠᠰᠢᠳᠠᠢ︾ ᠶᠢᠨ ᠳᠠᠶᠢᠯᠪᠤᠷᠢ ᠪᠤᠯᠬᠤ — ︽ | ᠰᠠᠶᠢᠨ ᠨᠤᠮᠯᠠᠯᠳᠤ ᠡᠷᠳᠡᠨᠢ ᠶᠢᠨ ᠰᠠᠩ ᠰᠣᠪᠠᠰᠢᠲᠠᠢ ᠶᠢᠨ ᠳᠠᠶᠢᠯᠪᠤᠷᠢ ᠴᠢᠨᠳᠠᠮᠤᠨᠢ ᠶᠢᠨ ᠲᠦᠯᠬᠢᠬᠦᠷ︾᠂ ︽ᠠᠷᠠᠳ ᠢ | ᠳᠡᠵᠢᠭᠡᠬᠦ ᠷᠠᠰᠢᠶᠠᠨ ᠤ ᠳᠤᠰᠤᠯ ᠨᠡᠷᠡᠲᠦ ᠱᠠᠰᠳᠢᠷ︾ ᠤᠨ ᠳᠠᠶᠢᠯᠪᠣᠷᠢ ᠪᠤᠯᠬᠤ — ︽ᠠᠷᠠᠳ ᠢ ᠳᠡᠵᠢᠭᠡᠬᠦ ᠷᠠᠰᠢᠶᠠᠨ | ᠤ ᠳᠤᠰᠤᠯ ᠨᠡᠷᠡᠲᠦ ᠱᠠᠰᠳᠢᠷ ᠤᠨ ᠳᠠᠶᠢᠯᠪᠤᠷᠢ ᠴᠢᠨᠳᠠᠮᠤᠨᠢ ᠶᠢᠨ ᠴᠢᠮᠡᠭ︾ ᠢ ᠮᠣᠩᠭᠤᠯ ᠬᠡᠯᠡ ᠳᠡᠭᠡᠷ᠎ᠡ ᠨᠠᠶᠢᠷᠠᠭᠤᠯᠤᠨ | ᠣᠷᠴᠢᠭᠤᠯᠵᠠᠢ᠃ ᠲᠡᠭᠦᠨ ᠤ ᠤᠷᠴᠢᠭᠤᠯᠭ᠎ᠠ ᠨᠢ ᠤᠷᠠᠨ ᠪᠦᠭᠡᠳ ᠤᠭ ᠵᠤᠬᠢᠶᠠᠯ ᠳᠤ ᠬᠦᠰᠢᠬᠦᠨ ᠢᠶᠠᠷ ᠪᠠᠷᠢᠭᠳᠠᠭ᠎ᠠ | ᠦᠭᠡᠢ᠂ ᠪᠦᠲᠦᠭᠡᠯᠴᠢ ᠠᠪᠢᠶᠠᠰ ᠴᠢᠳᠠᠪᠤᠷᠢ ᠪᠠᠨ ᠪᠦᠷᠢᠨ ᠪᠠᠳᠠᠷᠠᠭᠤᠯᠵᠤ ᠴᠢᠳᠠᠵᠠᠢ᠃ | 2. ᠢᠳᠬᠠᠯ ᠰᠤᠷᠭᠠᠯ ᠤᠨ ᠰᠢᠯᠦᠭ — ᠯᠤᠪᠰᠠᠩᠴᠦ᠋ᠯᠳᠦᠮ ᠠᠬᠤᠢ ᠠᠮᠢᠳᠤᠷᠠᠯ ᠤᠨ ᠬᠡᠷᠡᠭ ᠤᠴᠢᠷ ᠤᠨ | ᠳᠤᠬᠠᠢ ᠦᠵᠡᠯ ᠳᠠᠨᠢᠯᠳᠠ ᠪᠠᠨ ᠢᠯᠡᠷᠬᠡᠶᠢᠯᠡᠵᠦ ᠰᠠᠨᠠᠭ᠎ᠠ ᠰᠡᠳᠬᠢᠯᠭᠡ ᠪᠠᠨ ᠢᠯᠡᠳᠭᠡᠭᠰᠡᠨ ᠪᠤᠶᠤ ᠰᠠᠶᠢᠨ ᠰᠠᠶᠢᠬᠠᠨ ᠢ | ᠮᠠᠭᠳᠠᠵᠤ᠂ ᠮᠠᠭᠤ ᠮᠠᠭᠤᠬᠠᠢ ᠶᠢ ᠵᠢᠭᠰᠢᠨ᠂ ᠠᠷᠠᠳ ᠢᠷᠭᠡᠳ ᠲᠤ ᠵᠤᠷᠢᠭᠤᠯᠤᠭᠰᠠᠨ ᠢᠳᠬᠠᠯ ᠰᠤᠷᠭᠠᠯ ᠤᠨ | ᠴᠢᠨᠠᠷᠳᠠᠢ ᠢᠷᠠᠭᠤ ᠨᠠᠶᠢᠷᠠᠭ ᠢ ᠤᠯᠠᠨ ᠳᠤᠭ᠎ᠠ ᠪᠠᠷ ᠵᠤᠬᠢᠶᠠᠭᠰᠠᠨ ᠪᠠᠶᠢᠨ᠎ᠠ᠃ ᠡᠭᠦᠨ ᠳᠤ ︽ᠴᠠᠬᠠᠷ ᠬᠡᠪᠰᠢ | ᠯᠤᠪᠰᠠᠩᠴᠦ᠋ᠯᠳᠦᠮ ᠤᠨ ᠰᠤᠷᠭᠠᠯ︾᠂ ︽ᠰᠡᠳᠬᠢᠯ ᠳᠤᠷ ᠬᠠᠳᠠᠭᠠᠯᠠᠬᠤ ᠰᠢᠯᠦᠭ︾᠂ ︽ᠤᠶᠤᠨ ᠳᠤᠷ | ᠳᠤᠭᠳᠠᠭᠠᠬᠤ ᠰᠢᠯᠦᠭ︾᠂ ︽ᠰᠡᠳᠭᠢᠯ ᠳᠤᠷ ᠦᠬᠦᠯᠡᠭᠰᠡᠨ ᠳᠤᠷᠠᠳᠤᠯᠭ᠎ᠠ ᠰᠢᠯᠦᠭ︾᠂ ︽ᠦᠨᠳᠦᠷ ᠶᠡᠭᠡ ᠵᠡᠷᠬᠡ | ᠶᠢ ᠬᠦᠰᠡᠬᠦ ᠶᠢ ᠢᠳᠬᠠᠬᠤ ᠶᠢᠨ ᠰᠤᠷᠭᠠᠯ︾᠂ ︽ᠵᠠᠷᠯᠢᠭ ᠤᠨ ᠡᠭᠡᠰᠢᠭᠯᠡᠯ︾ ᠵᠡᠷᠬᠡ ᠰᠢᠯᠦᠭ ᠤᠳ ᠪᠠᠭᠳᠠᠨ᠎ᠠ᠃3. | ᠵᠠᠩ ᠦᠢᠯᠡ ᠳᠤ ᠬᠤᠯᠪᠤᠭᠳᠠᠭᠰᠠᠨ ᠰᠢᠯᠦᠭ — ᠯᠤᠪᠰᠠᠩᠴᠦ᠋ᠯᠳᠦᠮ ᠪᠤᠷᠬᠠᠨ ᠤ ᠨᠤᠮ ᠢ ᠪᠢᠰᠢᠯᠭᠠᠨ ᠨᠤᠮᠯᠠᠬᠤ᠂ | ᠰᠦᠮ᠎ᠡ ᠬᠡᠶᠢᠳ ᠪᠠᠶᠢᠭᠤᠯᠵᠤ ᠱᠠᠪᠢ ᠬᠦᠮᠦᠵᠢᠬᠦᠯᠬᠦ ᠵᠡᠷᠭᠡ ᠠᠵᠢᠯ ᠳᠤ ᠴᠦᠬᠦᠷᠡᠯ ᠦᠭᠡᠢ ᠵᠢᠳᠬᠦᠬᠦ ᠳᠤ ᠪᠠᠨ ᠵᠠᠩ | ᠦᠢᠯᠡ ᠳᠤ ᠬᠤᠯᠪᠤᠭᠳᠠᠯ ᠪᠦᠬᠦᠢ ᠤᠯᠠᠨ ᠳᠤᠭᠠᠨ ᠤ ᠰᠢᠯᠦᠭ ᠵᠤᠬᠢᠶᠠᠯ ᠪᠢᠴᠢᠭᠰᠡᠨ ᠪᠠᠶᠢᠨ᠎ᠠ᠃ ᠡᠬᠦᠨ ᠤ ᠵᠠᠷᠢᠮ ᠨᠢ | ᠪᠤᠷᠬᠠᠨ ᠱᠠᠰᠢᠨ ᠤ ᠳᠠᠬᠢᠯᠭ᠎ᠠ ᠶᠤᠰᠤᠯᠠᠯ ᠳᠤ ᠵᠤᠷᠢᠭᠤᠯᠤᠭᠳᠠᠭᠰᠠᠨ ᠪᠠᠶᠢᠬᠤ ᠳᠤ᠂ ᠵᠠᠷᠢᠮ ᠨᠢ ᠠᠷᠠᠳ ᠤᠨ ᠵᠠᠩ | ᠦᠢᠯᠡ ᠲᠠᠢ ᠬᠤᠯᠪᠤᠭᠳᠠᠭᠰᠠᠨ ᠢᠷᠠᠭᠤ ᠨᠠᠶᠢᠷᠠᠭ ᠤᠳ ᠪᠠᠶᠢᠳᠠᠭ᠃ ᠵᠢᠱᠢᠶᠡᠯᠡᠪᠡᠯ᠂ ︽ᠰᠦᠯᠳᠡ ᠳᠡᠭᠷᠢ ᠶᠢᠨ | ᠦᠴᠢᠭ ᠳᠠᠬᠢᠯᠭ᠎ᠠ︾᠂ ︽ᠯᠤᠤᠰ ᠳᠠᠬᠢᠬᠤ ᠪᠠ ᠯᠤᠤᠰ ᠤᠨ ᠰᠠᠩ︾᠂ ︽ᠨᠤᠳᠤᠭ ᠳᠠᠬᠢᠬᠤ ᠶᠤᠰᠤᠨ︾᠂ ︽ | ᠭᠠᠯ ᠳᠠᠬᠢᠬᠤ ᠶᠤᠰᠤᠨ︾᠂ ︽ᠤᠪᠤᠭ᠎ᠠ ᠪᠤᠰᠬᠠᠬᠤ ᠶᠤᠰᠣᠨ︾᠂ ︽ᠨᠠᠰᠤᠨ ᠤ ᠳᠠᠯᠠᠯᠭ᠎ᠠ ᠠᠪᠬᠤ ᠶᠤᠰᠤᠨ︾ | ᠵᠡᠷᠭᠡ ᠤᠯᠠᠨ ᠪᠠᠶᠢᠳᠠᠭ᠃ ᠴᠠᠬᠠᠷ ᠬᠡᠪᠰᠢ ᠯᠤᠪᠰᠠᠩᠴᠦ᠋ᠯᠳᠦᠮ ᠨᠢᠭᠡ ᠨᠠᠰᠤᠨ ᠤ ᠪᠠᠨ ᠬᠠᠳᠠᠭᠤᠵᠢᠯᠳᠠᠢ ᠴᠢᠷᠮᠠᠶᠢᠯᠭ᠎ᠠ | ᠪᠠᠷ ᠳᠠᠮᠵᠢᠵᠦ᠂ ᠮᠤᠩᠭᠤᠯ ᠦᠨᠳᠦᠰᠦᠲᠡᠨ ᠤ ᠤᠳᠬ᠎ᠠ ᠰᠣᠶᠤᠯ ᠤᠨ ᠬᠦᠭᠵᠢᠯ ᠳᠤ ᠭᠡᠷᠡᠯ ᠭᠢᠯᠪᠠᠭ᠎ᠠ ᠰᠠᠴᠣᠷᠠᠭᠰᠠᠨ | ᠬᠤᠪᠢ ᠨᠡᠮᠡᠷᠢ ᠦᠵᠡᠬᠦᠯᠦᠭᠰᠡᠨ ᠢᠶᠠᠷ ᠢᠶᠠᠨ ᠤᠯᠤᠰ ᠤᠨ ᠳᠤᠳᠤᠭᠠᠳᠤ ᠭᠠᠳᠠᠭᠠᠳᠤ ᠳᠤ ᠠᠯᠳᠠᠷᠰᠢᠭᠰᠠᠨ ᠪᠠᠶᠢᠨ᠎ᠠ᠃ | | |