| | | | ᠳᠠᠨᠽᠠᠨᠷᠠᠪᠵᠠᠢ ︵1803 —1856︶᠄19 ᠳ᠋ᠤᠭᠡᠷ ᠵᠠᠭᠤᠨ ᠤ ᠦᠶ᠎ᠡ ᠶᠢᠨ ᠠᠯᠳᠠᠷᠳᠤ ᠢᠷᠠᠭᠤ | ᠨᠠᠶᠢᠷᠠᠭᠴᠢ᠂ ᠵᠦᠴᠦᠭᠡ ᠶᠢᠨ ᠵᠤᠬᠢᠶᠠᠯᠴᠢ ᠪᠤᠯᠬᠤ ᠪᠦᠭᠡᠳ ᠳᠠᠪᠰᠢᠯᠳᠤ ᠰᠤᠶᠤᠯ ᠤᠨ ᠵᠢᠳᠭᠦᠯᠲᠡᠨ ᠮᠥᠨ᠃ | ᠳᠠᠨᠽᠠᠨᠷᠠᠪᠵᠠᠢ ᠰᠠᠶᠢᠰᠢᠶᠠᠯᠳᠤ ᠢᠷᠦᠭᠡᠯᠲᠦ ᠶᠢᠨ ᠨᠠᠢᠮᠠᠳᠤᠭᠠᠷ ᠤᠨ ︵1803 ᠤᠨ︶ ᠳᠤ ᠬᠠᠭᠤᠴᠢᠨ ᠲᠦᠰᠢᠶᠡᠲᠦ | ᠬᠠᠨ ᠠᠶᠢᠮᠠᠭ ᠤᠨ ᠭᠤᠪᠢ ᠮᠡᠷᠭᠡᠨ ᠸᠠᠩ ᠤᠨ ᠬᠤᠰᠢᠭᠤᠨ ︵ᠤᠳᠤᠬᠢ ᠮᠤᠩᠭᠤᠯ ᠤᠯᠤᠰ ᠤᠨ ᠳᠤᠷᠤᠨᠠᠭᠤᠪᠢ | ᠠᠶᠢᠮᠠᠭ︶ ᠤ ᠰᠢᠪᠠᠭᠤᠨ ᠱᠠᠩᠳᠠ ᠶᠢᠨ ᠳᠡᠷᠭᠡᠳᠡᠬᠢ ᠶᠠᠳᠠᠭᠤ ᠠᠷᠠᠳ ᠳᠤᠯᠳᠤᠶᠢᠲᠤ ︵ᠳᠤᠯᠳᠤᠢ ᠪᠠᠷᠢᠵᠤ ᠪᠤᠰᠣᠳ | ᠠᠴᠠ ᠭᠤᠶᠤᠴᠢᠯᠠᠵᠤ ᠶᠠᠪᠤᠳᠠᠭ ᠳᠤᠯᠠ ᠳᠡᠭᠡᠵᠦ ᠨᠡᠷᠡᠯᠡᠵᠡᠢ︶ ᠶᠢᠨ ᠭᠡᠷ ᠲᠤ ᠲᠦᠷᠦᠵᠡᠢ᠃ ᠡᠴᠢᠭᠡ ᠡᠬᠡ ᠨᠢ | ᠲᠤᠶᠢᠯ ᠤᠨ ᠶᠠᠳᠠᠭᠤ ᠤᠴᠢᠷ ᠠᠴᠠ ᠭᠤᠶᠤᠯᠭ᠎ᠠ ᠪᠠᠷ ᠠᠮᠢᠳᠤᠷᠠᠵᠤ ᠪᠠᠶᠢᠭᠰᠠᠨ ᠶᠤᠮ᠃ ᠳᠠᠨᠽᠠᠨᠷᠠᠪᠵᠠᠢ ᠪᠠᠭ᠎ᠠ ᠠᠴᠠ | ᠪᠠᠨ ᠰᠡᠴᠡᠨ ᠰᠡᠷᠭᠦᠯᠡᠩ ᠬᠤᠷᠴᠠ ᠤᠬᠠᠭᠠᠨ ᠲᠠᠢ᠂ ᠰᠤᠷᠬᠤ ᠳᠤ ᠬᠢᠴᠢᠶᠡᠩᠬᠦᠢ ᠬᠡᠦᠭᠡᠳ ᠪᠠᠶᠢᠪᠠ᠃ ᠵᠢᠷᠭᠤᠭᠠᠨ | ᠨᠠᠰᠤᠳᠠᠢ ᠳᠤ ᠪᠠᠨ ᠣᠩᠭᠢ ᠶᠢᠨ ᠭᠤᠤᠯ ᠤᠨ ᠢᠰᠢ — ᠳ᠋ᠤᠨᠢᠯᠬᠦᠨᠳᠤᠪ ᠭᠡᠭᠴᠢ ᠠᠴᠠ ᠰᠠᠬᠢᠯ ᠬᠦᠷᠲᠡᠵᠦ ᠪᠠᠨᠳᠢ | ᠪᠤᠯᠵᠤ᠂ ᠳᠤᠯᠤᠭᠠᠨ ᠨᠠᠰᠤᠳᠠᠢ ᠠᠴᠠ ᠪᠠᠨ ᠳᠠᠭᠤᠤ ᠰᠢᠯᠦᠭ ᠵᠤᠬᠢᠶᠠᠵᠤ᠂ ᠭᠠᠶᠢᠬᠠᠮᠰᠢᠭᠳᠤ ᠠᠪᠢᠶᠠᠰ ᠪᠢᠯᠢᠭ ᠲᠠᠢ | ᠪᠠᠨ ᠢᠯᠡᠷᠡᠬᠦᠯᠦᠭᠰᠡᠨ ᠭᠡᠳᠡᠭ᠃ ᠨᠠᠢᠮᠠᠨ ᠨᠠᠰᠤᠳᠠᠢ ᠳᠤ ᠪᠠᠨ ᠭᠤᠪᠢ ᠶᠢᠨ ᠨᠤᠶᠠᠨ ᠬᠤᠳᠤᠭᠳᠤ ᠶᠢᠨ ᠳᠠᠪᠤᠳᠤᠭᠠᠷ | ᠲᠦᠷᠢ ᠪᠠᠷ ᠡᠷᠭᠦᠮᠵᠢᠯᠡᠭᠳᠡᠵᠦ᠂ ᠬᠤᠳᠤᠭᠳᠤ ᠶᠢᠨ ᠰᠢᠷᠡᠭᠡᠨ ᠳᠤ ᠵᠠᠯᠠᠭᠳᠠᠨ ᠰᠠᠭᠤᠭᠰᠠᠨ ᠭᠡᠳᠡᠭ᠃ ᠦᠬᠡᠷ ᠵᠢᠯ | ︵1817 ᠤᠨ︶ ᠲᠦᠪᠡᠳ ᠤᠨ ᠰᠢᠯᠦᠭᠴᠢ ᠷᠤᠮᠪᠠ — ᠭᠠᠯᠳᠠᠨᠵᠠᠮᠰᠤ ᠶᠢᠨ ᠰᠢᠯᠦᠭ ᠢ ᠰᠤᠨᠢᠷᠬᠠᠨ ᠰᠤᠳᠤᠯᠵᠤ | ᠪᠠᠶᠢᠭᠰᠠᠨ ᠪᠠ ᠦᠪᠦᠷ ᠮᠤᠩᠭᠤᠯ ᠤᠨ ᠪᠡᠳᠺᠡᠷ ᠴᠤᠶᠢᠯᠤᠩ ᠬᠡᠶᠢᠳ ᠲᠤ ᠰᠠᠭᠤᠵᠤ ᠪᠤᠳ᠋ᠳ᠋ᠾᠠ ᠶᠢᠨ ᠬᠦᠨ ᠤᠬᠠᠭᠠᠨ | ᠤ ᠨᠤᠮ ᠰᠤᠷᠴᠤ ᠪᠠᠶᠢᠪᠠ᠃26 ᠨᠠᠰᠤᠨ ᠠᠴᠠ ᠪᠠᠨ ᠲᠤᠶᠢᠩᠬᠤᠷ ᠳᠠᠴᠠᠩ᠂ ᠭᠠᠯᠪᠠ ᠶᠢᠨ ᠭᠤᠷᠪᠠᠨ ᠬᠡᠶᠢᠳ | ᠪᠠᠶᠢᠭᠤᠯᠵᠤ ᠲᠡᠭᠦᠨ ᠳᠤ ᠪᠠᠨ ᠬᠤᠷᠠᠯᠳᠤᠬᠤ ᠪᠤᠯᠵᠤ᠂ ᠰᠤᠳᠤᠷ ᠳ᠋ᠠᠨᠳᠠᠷᠠ ᠳᠤ ᠤᠯᠠᠮ ᠰᠠᠶᠢᠵᠢᠷᠠᠵᠤ᠂ ᠱᠠᠰᠢᠨ ᠤ | ᠬᠦᠨ ᠤᠬᠠᠭᠠᠨ᠂ ᠵᠠᠩ ᠦᠢᠯᠡ ᠬᠢᠬᠡᠳ ᠶᠤᠰᠤ ᠭᠤᠷᠢᠮ ᠢ ᠴᠦ ᠰᠠᠶᠢᠨ ᠮᠡᠳᠡᠳᠡᠭ ᠪᠤᠯᠵᠠᠢ᠃ ᠳᠠᠨᠽᠠᠨᠷᠠᠪᠵᠠᠢ ᠢᠳᠡᠷ | ᠨᠠᠰᠤᠨ ᠳᠤ ᠪᠠᠨ ᠳᠤᠬᠠᠢ ᠶᠢᠨ ᠦᠶ᠎ᠡ ᠶᠢᠨ ᠬᠠᠯᠬ᠎ᠠ ᠶᠢᠨ ᠤᠯᠠᠨ ᠬᠤᠰᠢᠭᠤ ᠨᠤᠳᠤᠭ ᠢᠶᠠᠷ ᠠᠶᠠᠯᠠᠵᠤ ᠪᠠᠶᠢᠭᠰᠠᠨ | ᠳᠡᠲᠦᠢ ᠦᠭᠡᠢ ᠦᠪᠥᠷ ᠮᠣᠩᠭᠤᠯ᠂ ᠪᠡᠭᠡᠵᠢᠩ ᠵᠡᠷᠭᠡ ᠭᠠᠵᠠᠷ ᠢᠶᠠᠷ ᠴᠦ ᠵᠤᠷᠴᠢᠵᠤ᠂ ᠬᠠᠷᠠᠭ᠎ᠠ ᠳᠠᠶᠢᠯᠵᠤ ᠨᠡᠶᠢᠭᠡᠮ | ᠤᠨ ᠪᠠᠶᠢᠳᠠᠯ ᠲᠠᠢ ᠳᠠᠨᠢᠯᠴᠠᠵᠤ ᠪᠠᠶᠢᠪᠠ᠃ ᠳᠠᠨᠽᠠᠨᠷᠠᠪᠵᠠᠢ ᠱᠠᠠᠰᠢᠨ ᠤ ᠦᠵᠡᠯ ᠤᠨ ᠬᠤᠪᠢ ᠳᠤ ᠤᠯᠠᠭᠠᠨ ᠤ ᠴᠢᠭᠯᠡᠯ | ᠢ ᠪᠠᠷᠢᠮᠳᠠᠯᠠᠵᠤ᠂ ᠰᠢᠷ᠎ᠠ ᠶᠢᠨ ᠱᠠᠰᠢᠨ ᠤ ᠰᠠᠨᠸᠠᠷᠳᠠᠨ ᠨᠠᠷ ᠲᠠᠢ ᠦᠵᠡᠯ ᠨᠤᠮᠯᠠᠯ ᠤᠨ ᠳᠠᠯ᠎ᠠ ᠪᠠᠷ ᠤᠨᠳᠤᠤ ᠪᠠᠶᠢᠭᠰᠠᠨ | ᠶᠤᠮ᠃ ᠶᠠᠭ ᠡᠭᠦᠨ ᠠᠴᠠ ᠪᠤᠯᠵᠤ ᠲᠡᠷᠡ ᠦᠶ᠎ᠡ ᠶᠢᠨ ᠰᠢᠷ᠎ᠠ ᠶᠢᠨ ᠱᠠᠰᠢᠨ ᠤ ᠶᠡᠬᠡᠰ ᠯᠠᠮᠠ ᠨᠠᠷ ᠤᠨ ᠳᠤᠳᠤᠷ᠎ᠠ | ᠨᠡᠷ᠎ᠡ ᠬᠦᠨᠲᠦ ᠮᠠᠭᠤ ᠲᠠᠢ ᠪᠠᠶᠢᠵᠤ ︽ᠦᠨᠦᠬᠢ ᠭᠠᠶᠢᠬᠠᠯ︾᠂ ︽ᠰᠤᠭᠳᠤᠭᠤ ᠷᠠᠪᠵᠠᠢ︾ ᠭᠡᠮᠡᠬᠦ ᠬᠤᠴᠢ ᠨᠡᠷ᠎ᠡ ᠶᠢ | ᠵᠡᠭᠦᠭᠰᠡᠨ ᠪᠠᠶᠢᠳᠠᠭ᠃ ᠳᠠᠨᠽᠠᠨᠷᠠᠪᠵᠠᠢ ᠳᠤᠬᠠᠢ ᠶᠢᠨ ᠦᠶ᠎ᠡ ᠶᠢᠨ ᠵᠠᠷᠢᠮ ᠬᠠᠷ᠎ᠠ ᠰᠢᠷ᠎ᠠ ᠳᠤᠮᠤ ᠬᠡᠷᠭᠡᠮ ᠳᠤᠰᠢᠶᠠᠯᠳᠠᠨ | ᠬᠦᠮᠦᠰ ᠲᠤ ᠬᠠᠪᠴᠢᠭᠳᠠᠨ ᠭᠠᠳᠠᠭᠤᠷᠴᠢᠯᠠᠭᠳᠠᠵᠤ ᠠᠮᠢ ᠪᠠᠨ ᠴᠦ ᠬᠤᠤᠷᠯᠠᠭᠤᠯᠬᠤ ᠰᠢᠬᠠᠮ ᠪᠠᠶᠢᠳᠠᠯ ᠳᠤ | ᠬᠦᠷᠦᠭᠰᠡᠨ ᠤᠳᠠᠭ᠎ᠠ ᠲᠠᠢ ᠪᠠᠶᠢᠳᠠᠭ ᠴᠦ ᠠᠮᠢᠳᠤᠷᠠᠯ ᠤᠨ ᠢᠶᠠᠨ ᠡᠴᠦᠰ ᠤᠨ ᠮᠦᠴᠡ ᠬᠦᠷᠲᠡᠯ᠎ᠡ ᠰᠢᠯᠦᠭ ᠵᠣᠬᠢᠶᠠᠯ | ᠢᠶᠠᠨ ᠪᠢᠴᠢᠵᠦ ᠶᠠᠪᠤᠭᠰᠠᠭᠠᠷ ᠲᠦᠭᠡᠮᠡᠯ ᠡᠯᠪᠡᠭᠲᠦ ᠶᠢᠨ ᠵᠢᠷᠭᠤᠳᠤᠭᠠᠷ ᠤᠨ ︵1856︶ ᠳᠤ ᠤᠳᠠᠢ ᠳᠤ ᠮᠦᠷᠬᠦᠵᠦ | ᠪᠤᠴᠠᠬᠤ ᠵᠠᠮ ᠳᠤ ᠪᠠᠨ ᠨᠠᠰᠤ ᠪᠠᠷᠠᠪᠠ᠃ ᠳᠠᠨᠽᠠᠨᠷᠠᠪᠵᠠᠢ ᠮᠣᠩᠭᠤᠯ ᠲᠦᠪᠡᠳ ᠬᠡᠯᠡᠨ ᠤ ᠪᠤᠯᠪᠠᠰᠤᠷᠠᠯ ᠲᠠᠢ᠂ | ᠦᠷᠭᠡᠨ ᠮᠡᠳᠡᠯᠭᠡ ᠲᠠᠢ ᠪᠠᠶᠢᠭᠰᠠᠨ ᠳᠤᠯᠠ᠂ ᠮᠣᠩᠭᠤᠯ ᠠᠷᠠᠳ ᠤᠨ ᠠᠮᠠᠨ ᠵᠤᠬᠢᠶᠠᠯ ᠪᠠ ᠪᠢᠴᠢᠭ ᠤᠨ ᠵᠤᠬᠢᠶᠠᠯ ᠤᠨ | ᠦᠪ ᠤᠯᠠᠮᠵᠢᠯᠠᠯ ᠢ ᠴᠢᠳᠠᠮᠠᠭᠠᠢ ᠡᠵᠡᠮᠰᠢᠵᠦ ᠮᠠᠰᠢ ᠣᠯᠠᠨ ᠳᠠᠭᠤᠤ᠂ ᠰᠢᠯᠦᠭ᠂ ᠰᠤᠷᠭᠠᠯ᠂ ᠢᠷᠦᠭᠡᠯ ᠮᠠᠭᠳᠠᠭᠠᠯ᠂ | ᠨᠠᠭᠠᠳᠤᠮ ᠤᠨ ᠰᠢᠯᠦᠭ ᠵᠤᠬᠢᠶᠠᠭᠰᠠᠨ ᠪᠠᠶᠢᠳᠠᠭ᠃ ᠲᠡᠭᠦᠨ ᠤ ᠳᠤᠳᠤᠷ᠎ᠠ ᠠᠴᠠ ︽ᠤᠷᠢᠬᠠᠨ ᠬᠤᠩᠭᠤᠷ︾᠂ ︽ | ᠡᠷᠳᠡᠮ ᠲᠡᠬᠦᠰ ᠪᠢᠨᠳᠠᠷᠢᠶ᠎ᠠ︾᠂ ︽ᠰᠠᠯᠵᠤ ᠶᠠᠳᠠᠬᠤ ᠰᠡᠳᠬᠢᠯ︾᠂ ︽ᠰᠡᠷᠭᠦᠯᠡᠩ ᠵᠠᠩ ᠲᠠᠢ ᠴᠠᠭᠠᠨ ᠢᠶᠠᠨ︾᠂ ︽ | ᠦᠯᠡᠮᠵᠢ ᠶᠢᠨ ᠴᠢᠨᠠᠷ︾᠂ ︽ᠨᠠᠢᠮᠠᠨ ᠵᠦᠭ ᠲᠤ ᠪᠠᠨ︾᠂ ︽ᠬᠦᠪᠴᠢ ᠶᠢᠨ ᠦᠨᠳᠦᠷ︾᠂ ︽ᠭᠠᠯᠪᠠ ᠶᠢᠨ | ᠮᠠᠭᠳᠠᠭᠠᠯ︾᠂ ︽ᠲᠦᠷᠦᠵᠦ ᠦᠰᠭᠡᠭᠰᠡᠨ ᠬᠦᠷᠦᠭᠡᠰᠦ ᠡᠵᠢ︾ ᠵᠡᠷᠭᠡ ᠤᠶᠠᠩᠭ᠎ᠠ ᠶᠢᠨ ᠳᠠᠭᠤᠤ ᠰᠢᠯᠦᠭ᠂ ︽ᠴᠠᠭ | ᠤᠨ ᠵᠢᠮ᠎ᠡ ᠶᠢ ᠳᠤᠳᠤᠷᠠᠭᠤᠯᠤᠭᠴᠢ ᠴᠠᠭᠠᠰᠣᠨ ᠰᠢᠪᠠᠭᠤ︾᠂ ︽ᠰᠡᠳᠬᠢᠯ ᠢ ᠠᠮᠠᠷᠠᠭᠠᠭᠴᠢ︾᠂ ︽ᠤᠯᠠᠨ | ᠬᠦᠭᠰᠢᠳ ᠬᠡᠦᠬᠡᠳ ᠤᠨ ᠬᠡᠯᠡᠯᠴᠡᠳᠡᠭ ᠦᠭᠡᠰ ᠤᠨ ᠳᠤᠪᠴᠢ︾ ︵ᠪᠠᠰᠠ ︽ᠵᠠᠯᠠᠭᠤᠰ ᠦᠬᠢᠳ ᠬᠦᠪᠡᠬᠦᠳ ᠲᠡᠭᠡᠨ | ᠵᠠᠬᠢᠭᠰᠠᠨ ᠦᠭᠡᠰ ᠤᠨ ᠲᠤᠪᠴᠢ︾ ᠭᠡᠳᠡᠭ︶᠂ ︽ᠬᠠᠪᠤᠷ ᠴᠠᠭ ᠤᠨ ᠵᠤᠭ᠎ᠠ︾᠂ ︽ᠶᠢᠷᠲᠢᠨᠴᠦ ᠠᠪᠠᠭ᠋ᠠᠢ ᠶᠢᠨ | ᠵᠢᠮ᠎ᠡ︾ ᠵᠡᠷᠭᠡ ᠰᠤᠷᠭᠠᠯ ᠤᠳ ᠨᠢ ᠠᠷᠠᠳ ᠤᠨ ᠳᠤᠳᠤᠷ᠎ᠠ ᠳᠠᠷᠬᠠᠵᠤ ᠶᠡᠬᠡᠲᠡ ᠠᠯᠳᠠᠷᠰᠢᠭᠰᠠᠨ ᠶᠤᠮ᠃ | ᠳᠠᠨᠽᠠᠨᠷᠠᠪᠵᠠᠢ ᠪᠤᠯ ᠯᠠᠮᠠ ᠭᠠᠷᠤᠯ ᠲᠠᠢ᠂ ︽ᠨᠤᠶᠠᠨ ᠬᠤᠳᠤᠭᠳᠤ︾ ᠠᠯᠳᠠᠷ ᠲᠠᠢ ᠱᠠᠰᠢᠨ ᠤ | ᠵᠢᠳᠭᠦᠯᠲᠡᠨ ᠬᠦᠮᠦᠨ ᠮᠥᠨ᠃ ᠳᠡᠭᠦᠨ ᠤ ᠰᠢᠯᠦᠭ ᠵᠤᠬᠢᠶᠠᠯ ᠳᠤᠨᠢ ᠹᠸᠤᠳᠠᠯ ᠤᠨ ᠲᠦᠷᠦ ᠱᠠᠰᠢᠨ ᠢ ᠵᠠᠰᠠᠵᠤ | ᠪᠠᠳᠤᠳᠬᠠᠬᠤ ᠰᠢᠨᠵᠢ ᠲᠠᠢ᠂ ᠱᠠᠰᠢᠨ ᠤ ᠰᠦᠰᠦᠭ ᠪᠢᠰᠢᠷᠡᠯ ᠢ ᠰᠤᠷᠳᠠᠯᠴᠢᠯᠠᠭᠰᠠᠨ ᠱᠠᠰᠢᠨ ᠤ ᠨᠤᠮᠯᠠᠯ ᠤᠨ ᠰᠢᠯᠦᠭ᠂ | ᠰᠤᠷᠭᠠᠯ ᠰᠢᠯᠦᠭ ᠨᠡᠯᠢᠶᠡᠳ ᠪᠠᠶᠢᠳᠠᠭ᠃ ᠵᠢᠱᠢᠶᠡᠯᠡᠪᠡᠯ᠂ ︽ᠠᠪᠤᠷᠠᠯ ᠭᠤᠷᠪᠠᠨ ᠴᠤᠬᠠᠭ︾᠂ ︽ᠳᠤᠮᠤᠭᠳᠤ | ᠣᠷᠴᠢᠯᠠᠩ ᠳᠤ︾᠂ ︽ᠰᠠᠷᠠᠭᠤᠯ ᠳᠤᠩᠭᠠᠯᠠᠭ︾᠂ ︽ᠳᠡᠬᠦᠰ ᠴᠣᠭᠳᠤ︾᠂ ︽ᠬᠦᠮᠦᠨ ᠤ ᠨᠢᠭᠡ ᠨᠠᠰᠤ ᠪᠠᠷ︾᠂ | ︽ᠠᠪᠤᠷᠠᠯ ᠪᠦᠬᠦᠳᠡ ᠲᠦᠷᠦᠭᠴᠢ︾ ᠵᠡᠷᠭᠡ ᠤᠯᠠᠨ ᠰᠢᠯᠦᠭ ᠪᠤᠢ᠃ ᠳᠠᠨᠽᠠᠨᠷᠠᠪᠵᠠᠢ ᠶᠢᠨ ᠰᠢᠯᠦᠭ ᠰᠤᠷᠭᠠᠯ ᠤᠨ | ᠤᠷᠠᠯᠢᠭ ᠤᠨ ᠤᠨᠴᠠᠯᠢᠭ ᠭᠡᠪᠡᠯ᠂ ᠬᠡᠯᠡ ᠬᠡᠯᠡᠯᠭᠡ ᠡᠩ ᠤᠨ ᠮᠦᠷᠲᠡᠭᠡᠨ ᠤᠶᠢᠯᠠᠭᠠᠮᠵᠢᠳᠠᠢ᠂ ᠤᠳᠬ᠎ᠠ ᠬᠦᠨ᠂ | ᠰᠠᠨᠠᠭ᠎ᠠ ᠳᠤᠳᠤᠷᠬᠠᠢ ᠪᠠᠶᠢᠭ᠎ᠠ ᠳᠤᠯᠠ ᠠᠷᠠᠳ ᠤᠯᠠᠨ ᠤ ᠳᠤᠷ᠎ᠠ ᠪᠠᠬ᠎ᠠ ᠶᠢ ᠳᠠᠳᠠᠬᠤ ᠠᠮᠢᠳᠤᠷᠠᠬᠤ ᠬᠦᠴᠦᠨ ᠲᠠᠢ | ᠪᠠᠶᠢᠳᠠᠭ᠃ ᠰᠢᠯᠦᠭ ᠳᠠᠭᠤᠤ ᠳᠤ ᠪᠠᠨ ᠠᠷᠠᠳ ᠤᠨ ᠠᠮᠠᠨ ᠢᠷᠠᠭᠤ ᠨᠠᠶᠢᠷᠠᠭ ᠤᠨ ᠠᠳᠠᠯᠢᠳᠬᠠᠯ ᠵᠦᠢᠷᠯᠡᠯ ᠤᠨ | ᠤᠷᠠᠨ ᠲᠦᠷᠰᠦᠯᠡᠯ ᠤᠨ ᠠᠷᠭ᠎ᠠ ᠶᠢ ᠴᠢᠳᠠᠮᠠᠭᠠᠢ ᠠᠰᠢᠭᠯᠠᠵᠤ ᠪᠦᠲᠦᠭᠡᠯᠴᠢ ᠪᠠᠷ ᠬᠦᠭᠵᠢᠬᠦᠯᠵᠡᠢ᠃ ᠲᠡᠷᠡ ᠡᠷᠲᠡᠨ ᠤ | ᠰᠤᠩᠭᠤᠳᠠᠭ ᠢᠷᠠᠭᠤ ᠨᠠᠶᠢᠷᠠᠭ ᠤᠨ ᠰᠢᠯᠦᠭᠯᠡᠬᠦ ᠵᠠᠷᠴᠢᠮ ᠢ ᠵᠠᠯᠭᠠᠮᠵᠢᠯᠠᠭᠰᠠᠨ ᠰᠠᠭᠤᠷᠢᠨ ᠳᠡᠭᠡᠷ᠎ᠡ᠂ ᠮᠤᠩᠭᠤᠯ ᠰᠢᠯᠦᠭ | ᠤᠨ ᠪᠠᠶᠢᠭᠤᠯᠤᠯᠲᠡ ᠵᠤᠬᠢᠶᠠᠮᠵᠢ ᠬᠡᠯᠪᠡᠷᠢ ᠳᠤ ᠰᠢᠨ᠎ᠡ ᠶᠢ ᠡᠷᠢᠯᠬᠢᠯᠡᠵᠦ᠂ ᠦᠪᠡᠷ ᠤᠨ ᠥᠪᠡᠷᠮᠢᠴᠡ ᠤᠨᠴᠠᠯᠢᠭ ᠢ ᠪᠤᠢ | ᠪᠤᠯᠭᠠᠭᠰᠠᠨ ᠶᠤᠮ᠃ ᠲᠡᠷᠡ ᠮᠤᠩᠭᠤᠯ ᠲᠦᠪᠡᠳ ᠬᠡᠯᠡ ᠪᠠᠷ ᠵᠤᠬᠢᠶᠠᠭᠰᠠᠨ ᠤᠯᠠᠨ ᠰᠢᠯᠦᠭ ᠲᠡᠭᠡᠨ ᠡᠨᠡᠳᠬᠡᠭ | ᠲᠦᠪᠡᠳ ᠤᠨ ᠤᠷᠠᠨ ᠵᠤᠬᠢᠶᠠᠯ᠂ ᠢᠷᠠᠭᠤ ᠨᠠᠶᠢᠷᠠᠭ ᠤᠨ ᠤᠨᠤᠯ ᠢ ᠴᠢᠳᠠᠮᠠᠭᠠᠢ ᠠᠰᠢᠭᠯᠠᠵᠤ᠂ ᠲᠡᠭᠦᠨ ᠢ ᠦᠪᠡᠷ ᠤᠨ | ᠦᠨᠳᠦᠰᠦᠲᠡᠨ ᠤ ᠦᠪᠡᠷᠮᠢᠴᠡ ᠪᠠᠶᠢᠳᠠᠯ ᠳᠤ ᠵᠤᠬᠢᠴᠠᠭᠤᠯᠤᠨ ᠬᠡᠷᠡᠭᠯᠡᠭᠰᠡᠨ ᠪᠢᠯᠡ᠃ ᠲᠡᠭᠦᠨ ᠤ ᠰᠢᠯᠦᠭ ᠵᠤᠬᠢᠶᠠᠮᠵᠢ | ᠨᠢ ᠡᠨᠡᠳᠬᠡᠭ ᠲᠦᠪᠡᠳ ᠤᠨ ᠤᠯᠠᠮᠵᠢᠯᠠᠯᠳᠤ ᠬᠡᠯᠪᠡᠷᠢ ᠶᠢ ᠳᠠᠭᠠᠵᠤ ᠮᠦᠷᠬᠦᠯ ᠵᠠᠯᠪᠠᠷᠢᠯ ᠤᠨ ᠦᠭᠡ ᠪᠠᠷ ᠳᠠᠭᠤᠰᠳᠠᠭ | ᠤᠨᠴᠠᠯᠢᠭ ᠲᠠᠢ᠃ ᠳᠠᠨᠽᠠᠨᠷᠠᠪᠵᠠᠢ ᠢᠷᠠᠭᠤ ᠨᠠᠶᠢᠷᠠᠭ ᠲᠤ ᠪᠠᠨ ᠠᠯᠳᠠᠷᠲᠠᠢ ᠪᠠᠷ ᠦᠯᠦ ᠪᠠᠷᠠᠨ ᠪᠠᠰᠠ ᠵᠦᠴᠦᠭᠡ ᠳᠤ | ᠪᠠᠨ ᠠᠪᠢᠶᠠᠰ ᠲᠠᠢ ᠪᠠᠶᠢᠳᠠᠭ᠃ ᠲᠡᠷᠡ ᠲᠦᠪᠡᠳ ᠤᠨ ᠳ᠋ᠠᠩᠹᠤᠤ ᠯᠤᠪᠰᠠᠩᠳᠠᠮᠪᠢᠵᠠᠯᠰᠠᠨ ᠤ ᠵᠤᠬᠢᠶᠠᠭᠰᠠᠨ ︽ᠰᠠᠷᠠᠨ | ᠬᠦᠬᠦᠭᠡ ᠶᠢᠨ ᠳᠤᠭᠤᠵᠢ︾ ᠶᠢ ᠰᠡᠳᠤᠪᠯᠠᠵᠤ ︽ᠰᠠᠷᠠᠨ ᠬᠦᠬᠦᠭᠡ ᠶᠢᠨ ᠨᠠᠮᠳᠠᠷ︾ ᠭᠡᠬᠦ ᠮᠤᠩᠭᠤᠯ ᠵᠦᠴᠦᠭᠡ ᠶᠢ | ᠨᠠᠶᠢᠷᠠᠭᠤᠯᠤᠨ ᠵᠤᠬᠢᠶᠠᠵᠤ ᠵᠦᠴᠦᠭᠡ ᠪᠤᠯᠭᠠᠨ ᠳᠤᠭᠯᠠᠭᠤᠯᠵᠤ ᠪᠠᠶᠢᠵᠠᠢ᠃ ᠲᠡᠬᠦᠨ ᠤ ᠤᠷᠠᠨ ᠪᠦᠲᠦᠭᠡᠯ ᠢ ᠮᠤᠩᠭᠤᠯ | ᠤᠯᠤᠰ ᠤᠨᠴ᠊᠂ ᠳᠠᠮᠳᠢᠨᠰᠦ᠋ᠷᠦᠩ ᠠᠴᠠ ︽ᠹᠸᠤᠳᠠᠯ ᠤᠨ ᠪᠦᠭᠴᠢᠮ ᠨᠡᠶᠢᠭᠡᠮ ᠳᠤ ᠰᠡᠷᠢᠬᠦᠨ ᠰᠠᠯᠬᠢ ᠶᠢ | ᠰᠡᠩᠬᠢᠨᠡᠬᠦᠯᠵᠦ᠂ ᠨᠠᠮ ᠭᠦᠮ ᠳᠠᠯ᠎ᠠ ᠳᠤ ᠢᠷᠠᠭᠤ ᠳᠠᠭᠤᠤ ᠶᠢ ᠬᠠᠩᠬᠢᠨᠠᠭᠤᠯᠵᠤ᠂ ᠪᠦᠬᠦ ᠨᠤᠶᠢᠷᠮᠤᠭ ᠠᠮᠢᠳᠤᠷᠠᠯ ᠢ | ᠰᠡᠷᠢᠭᠡᠨ ᠳᠤᠯᠬᠢᠯᠠᠭᠤᠯᠵᠤ ᠪᠠᠶᠢᠭᠰᠠᠨ ᠶᠤᠮ︾ ᠭᠡᠵᠦ ᠦᠨᠡᠯᠡᠵᠡᠢ᠃ | | |