ᠮᠡᠷᠭᠡᠨ ᠭᠡᠭᠡᠨ ᠯᠤᠪᠰᠠᠩᠳᠠᠮᠪᠢᠵᠠᠯᠰᠠᠨ
ᠨᠡᠶᠢᠲᠡᠯᠡᠭᠰᠡᠨ ᠴᠠᠭ᠄
2019/1/15
       ᠮᠡᠷᠭᠡᠨ ᠭᠡᠭᠡᠨ ᠯᠤᠪᠰᠠᠩᠳᠠᠮᠪᠢᠵᠠᠯᠰᠠᠨ ︵1717 —1766︶᠄ 18 ᠳ᠋ᠤᠭᠠᠷ ᠵᠠᠭᠤᠨ ᠤ ᠦᠶ᠎ᠡ ᠶᠢᠨ ᠰᠢᠯᠢᠳᠡᠭ ᠢᠷᠠᠭᠤ ᠨᠠᠶᠢᠷᠠᠭᠴᠢ᠂ ᠬᠡᠯᠡᠨ ᠤ ᠡᠷᠳᠡᠮᠳᠡᠨ᠂ ᠰᠤᠷᠭᠠᠨ ᠬᠦᠮᠦᠵᠢᠯ ᠤᠨ ᠵᠢᠳᠭᠦᠯᠲᠡᠨ᠂ ᠠᠨᠠᠭᠠᠬᠤ ᠤᠬᠠᠭᠠᠨᠳᠠᠨ᠂ ᠳᠠᠭᠤᠤ ᠬᠦᠭᠵᠢᠮ ᠤᠨ ᠨᠡᠷᠡᠲᠦ ᠵᠤᠬᠢᠶᠠᠭᠴᠢ᠂ ᠲᠡᠦᠬᠡᠴᠢᠨ ᠪᠦᠭᠡᠳ ᠠᠯᠳᠠᠷᠲᠤ ᠤᠷᠴᠢᠭᠤᠯᠤᠭᠴᠢ ᠮᠥᠨ᠃ ᠲᠡᠷᠡ ᠪᠠᠷ ᠮᠤᠩᠭᠤᠯ᠂ ᠲᠦᠪᠡᠳ᠂ ᠬᠢᠲᠠᠳ᠂ ᠮᠠᠨᠵᠤ᠂ ᠰᠠᠨᠰᠺᠷᠢᠲ ᠵᠡᠷᠭᠡ ᠤᠯᠠᠨ ᠬᠡᠯᠡᠨ ᠳᠤ ᠳᠡᠭᠰᠢ ᠴᠠᠭᠠᠷᠠᠭᠰᠠᠨ ᠶᠡᠭᠡ ᠪᠢᠴᠢᠭ ᠤᠨ ᠬᠦᠮᠦᠨ ᠪᠠᠶᠢᠵᠤ᠂ ᠥᠪᠡᠷᠤᠨ ᠪᠦᠲᠦᠭᠡᠯᠴᠢ ᠬᠦᠳᠡᠯᠮᠦᠷᠢ ᠶᠢᠨ ᠡᠯᠪᠡᠭ ᠬᠤᠷᠢᠶᠠᠯᠳᠠ ᠎ ᠪᠠᠷ ᠢᠶᠠᠨ ᠦᠨᠳᠦᠰᠦᠲᠡᠨ ᠤ ᠪᠠᠨ ᠰᠤᠶᠤᠯ ᠤᠨ ᠲᠡᠦᠬᠡᠨ ᠳᠤ ᠬᠢᠯᠠᠯᠵᠠᠭᠰᠠᠨ ᠨᠢᠭᠡᠨ ᠬᠠᠭᠤᠳᠠᠰᠤ ᠶᠢ ᠨᠡᠮᠡᠷᠢᠯᠡᠭᠰᠡᠨ ᠶᠤᠮ᠃ ᠮᠡᠷᠭᠡᠨ ᠭᠡᠭᠡᠨ ᠨᠢ ᠲᠡᠬᠦᠨ ᠤ ᠡᠷᠭᠦᠮᠵᠢᠯᠡᠭᠰᠡᠨ ᠨᠡᠷ᠎ᠡ ᠮᠥᠨ᠃ ᠯᠤᠪᠰᠠᠩᠳᠠᠮᠪᠢᠵᠠᠯᠰᠠᠨ1717 ᠤᠨ ᠳᠤ ᠤᠣᠯ ᠤᠨ ᠤᠯᠠᠭᠠᠨᠴᠠᠪ ᠤᠨ ᠴᠢᠭᠤᠯᠭᠠᠨ ᠤ ᠤᠷᠠᠳ ᠤᠨ ᠳᠤᠮᠳᠠᠳᠤ ᠭᠦᠩ ᠤᠨ ᠬᠤᠰᠢᠭᠤᠨ ︵ᠤᠳᠤ ᠶᠢᠨ ᠪᠠᠶᠠᠨᠨᠠᠭᠤᠷ ᠬᠤᠳᠠ ᠶᠢᠨ ᠤᠷᠠᠳ ᠤᠨ ᠳᠤᠮᠳᠠᠳᠤ ᠬᠤᠰᠢᠭᠤ︶᠎ ᠤ ᠯᠤᠪᠵᠠᠩ ᠭᠡᠮᠡᠬᠦ ᠬᠦᠮᠦᠨ ᠤ ᠬᠦᠪᠡᠬᠦᠨ ᠪᠤᠯᠵᠤ ᠵᠠᠶᠠᠭᠠᠵᠠᠢ᠃ ᠨᠢᠯᠬ᠎ᠠ ᠪᠠᠭ᠎ᠠ ᠪᠠᠶᠢᠬᠤ ᠳᠤᠨᠢ ᠤᠷᠠᠳ ᠤᠨ ᠪᠠᠷᠠᠭᠤᠨ ᠬᠦᠩ ᠤᠨ ᠬᠤᠰᠢᠭᠤᠨ ︵ᠤᠳᠤ ᠶᠢᠨ ᠤᠷᠠᠳ ᠎ ᠤᠨ ᠡᠮᠦᠨᠡᠲᠦ ᠬᠤᠰᠢᠭᠤ︶᠎ ᠤ ᠬᠤᠰᠢᠭᠤ ᠬᠡᠶᠢᠳ ᠤᠨ ᠮᠡᠷᠭᠡᠨ ᠭᠡᠭᠡᠨ ᠢᠶᠠᠷ ᠳᠤᠳᠤᠯᠠᠭᠳᠠᠵᠤ᠂1721 ᠤᠨ ᠳᠤ ᠳᠤᠰ ᠰᠦᠮ᠎ᠡ ᠳᠤ ᠵᠠᠯᠠᠭᠳᠠᠪᠠ᠃ ᠮᠡᠷᠭᠡᠨ ᠰᠦᠮ᠎ᠡ ᠳᠤ ᠢᠷᠡᠭᠰᠡᠨ ᠤ ᠪᠠᠨ ᠳᠠᠷᠠᠭ᠎ᠠ ᠲᠡᠷᠡ ᠪᠠᠷ ᠳᠤᠰ ᠬᠡᠶᠢᠳ ᠤᠨ ᠠᠩᠬᠠᠳᠤᠭᠠᠷ ᠲᠦᠷᠢ ᠶᠢᠨ ᠴᠣᠷᠵᠢ ᠪᠠᠭᠰᠢ᠂ ᠡᠷᠳᠡᠨᠢ ᠮᠡᠷᠭᠡᠨ ᠬᠦᠦᠰᠢ ᠦᠭᠯᠢᠬᠦᠨᠳᠠᠯᠠᠢ ᠵᠡᠷᠭᠡ ᠲᠡᠷᠡ ᠦᠶ᠎ᠡ ᠶᠢᠨ ᠶᠡᠭᠡ ᠡᠷᠳᠡᠮᠳᠡᠳ ᠢ ᠱᠠᠪᠢᠯᠠᠨ ᠳᠠᠭᠠᠵᠤ ᠪᠤᠷᠬᠠᠨ ᠤ ᠱᠠᠰᠢᠨ ᠤ ᠤᠨᠤᠯ ᠤᠬᠠᠭᠠᠨ ᠢ ᠪᠠᠭᠳᠠᠭᠠᠭᠰᠠᠨ ᠠᠯᠢ ᠤᠯᠠᠨ ᠳᠠᠯ᠎ᠠ ᠶᠢᠨ ᠡᠷᠳᠡᠮ ᠮᠡᠳᠡᠯᠭᠡ ᠶᠢ ᠦᠳᠳᠡᠷ ᠲᠦᠷᠭᠡᠨ ᠰᠤᠷᠴᠤ ᠡᠵᠡᠮᠰᠢᠭᠰᠡᠨ ᠪᠠᠶᠢᠨ᠎ᠠ᠃ ᠲᠡᠷᠡ ᠦᠭᠯᠢᠬᠦᠨᠳᠠᠯᠠᠢ ᠲᠠᠨ ᠠᠴᠠ ᠳᠤᠶᠢᠨ ᠰᠠᠬᠢᠯ ᠬᠦᠷᠲᠡᠵᠦ᠂ ᠤᠳᠠᠯ ᠦᠭᠡᠢ ᠬᠡᠰᠦᠯ ᠰᠠᠬᠢᠯ ᠬᠦᠷᠲᠡᠭᠡᠳ᠂ ᠬᠤᠷᠢᠭᠠᠳ ᠨᠠᠰᠤᠨ ᠤ ᠦᠶ᠎ᠡ ᠳᠤ ᠪᠠᠨ ᠳᠤᠯᠤᠨ ᠨᠠᠭᠤᠷ ᠲᠤ ᠬᠦᠷᠴᠦ ᠪᠡᠭᠡᠵᠢᠩ ᠤᠨ ᠠᠷᠢᠭᠤᠨ ᠰᠠᠭᠤᠷᠢᠨ ᠬᠡᠶᠢᠳ ᠤᠨ ᠰᠢᠷᠡᠭᠡᠲᠦ ᠯᠠᠮᠠ ᠷᠢᠬᠦᠸᠠᠨ ᠬᠤᠳᠤᠭᠳᠤ ᠲᠠᠨ ᠠᠴᠠ ᠬᠡᠯᠦᠩ ᠰᠠᠬᠢᠯ ᠰᠣᠷᠴᠠᠢ᠃ ᠲᠡᠷᠡ ᠪᠠᠷ ᠪᠠᠰᠠ ᠬᠦᠬᠡᠨᠠᠭᠤᠷ᠂ ᠲᠦᠪᠡᠳ ᠵᠡᠷᠭᠡ ᠤᠯᠠᠨ ᠭᠠᠵᠠᠷ ᠲᠤ ᠬᠦᠷᠴᠦ ᠪᠤᠷᠬᠠᠨ ᠤ ᠱᠠᠰᠢᠨ ᠤ ᠤᠬᠠᠭᠠᠨ ᠢ ᠪᠦᠬᠦ ᠳᠠᠯ᠎ᠠ ᠪᠠᠷ᠂ ᠨᠠᠷᠢᠨ ᠰᠢᠰᠲ᠋ᠧᠮ ᠲᠠᠢ ᠰᠤᠷᠤᠯᠴᠠᠵᠤ ᠰᠣᠳᠤᠯᠤᠨ ᠡᠷᠲᠡᠨ ᠤ ᠡᠨᠡᠳᠬᠡᠭ ᠤᠨ ᠳᠠᠪᠤᠨ ᠶᠡᠭᠡ ᠤᠬᠠᠭᠠᠨ ᠳᠤ ᠴᠠᠭᠠᠷᠠᠭᠰᠠᠨ ᠪᠠᠶᠢᠨ᠎ᠠ᠃ ᠴᠢᠩ ᠤᠯᠤᠰ ᠤᠨ ᠳᠡᠭᠷᠢ ᠳᠡᠳᠭᠦᠭᠴᠢ ᠶᠢᠨ ᠭᠤᠴᠢᠨ ᠨᠢᠭᠡᠳᠦᠭᠡᠷ ᠤᠨ ︵1766︶᠎ ᠤ ᠵᠤᠨ ᠤ ᠳᠤᠮᠳᠠᠳᠤ ᠰᠠᠷ᠎ᠠ ᠶᠢᠨ ᠰᠢᠨ᠎ᠡ ᠶᠢᠨ ᠨᠢᠭᠡᠨ ᠳᠤ ᠳᠠᠪᠢᠨ ᠨᠠᠰᠤᠳᠠᠢ ᠳᠠᠭᠠᠯᠠᠯ ᠳᠡᠭᠦᠰᠴᠡᠢ᠃ ᠮᠡᠷᠭᠡᠨ ᠭᠡᠭᠡᠨ ᠤ ᠵᠤᠬᠢᠶᠠᠯ ᠪᠦᠲᠦᠭᠡᠯ ᠤᠳ ᠨᠢ ᠠᠯᠢ ᠡᠷᠳᠡ18 ᠳ᠋ᠤᠭᠠᠷ ᠵᠠᠭᠤᠨ ᠤ ᠳᠠᠯᠠᠭᠠᠳ ᠤᠨ ᠠᠴᠠ ᠡᠬᠢᠯᠡᠨ ᠪᠡᠭᠡᠵᠢᠩ ᠵᠡᠷᠭᠡ ᠬᠤᠳᠠᠨ ᠳᠤ ᠪᠠᠷᠯᠠᠭᠳᠠᠵᠦ ᠬᠡᠪᠯᠡᠭᠳᠡᠭᠰᠡᠨ ᠪᠦᠭᠡᠳ ᠡᠭᠦᠨ ᠳᠤ1774 ᠤᠨ ᠳᠤ ︽ᠦᠯᠵᠡᠢ ᠪᠠᠳᠠᠷᠠᠭᠰᠠᠨ ᠰᠦᠮ᠎ᠡ ᠶᠢᠨ ᠴᠦᠨᠰ ᠪᠢᠤᠸᠠᠳ᠋ ᠶᠢᠨ ᠭᠠᠷᠴᠠᠭ ᠤᠷᠤᠰᠢᠪᠠ︾ ᠭᠡᠮᠡᠬᠦ ᠨᠠᠶᠠᠨ ᠬᠤᠪᠢ ᠵᠤᠬᠢᠶᠠᠯ ᠢᠶᠠᠷ ᠪᠦᠷᠢᠯᠳᠦᠭᠰᠡᠨ ᠮᠤᠳᠤᠨ ᠪᠠᠷ ᠤᠨ ᠵᠤᠬᠢᠶᠠᠯ ᠤᠨ ᠳᠡᠭᠦᠪᠦᠷᠢ᠂ ᠤᠷᠴᠢᠭᠤᠯᠭ᠎ᠠ ᠶᠢᠨ ᠪᠦᠲᠦᠭᠡᠯ ︽ᠰᠠᠶᠢᠨ ᠦᠭᠡ ᠳᠤ ᠡᠷᠳᠡᠨᠢ ᠶᠢᠨ ᠰᠠᠩ ᠰᠤᠪᠾᠡᠰᠢᠳᠠ ᠭᠡᠮᠡᠭᠳᠡᠬᠦ ᠱᠠᠰᠳᠢᠷ ᠤᠷᠤᠰᠢᠪᠠ︾ ︵18 ᠳ᠋ᠤᠭᠠᠷ ᠵᠠᠭᠤᠨ ᠤ ᠵᠢᠷᠠ ᠳᠠᠯᠠᠭᠠᠳ ᠤᠨ︾ ᠭᠡᠮᠡᠬᠦ ᠮᠤᠳᠤᠨ ᠪᠠᠷ ᠤᠨ ᠰᠤᠳᠤᠷ᠂ ᠮᠥᠨ ᠠᠳᠠᠯᠢᠪᠳᠤᠷ ᠴᠠᠭ ᠲᠤ ᠪᠠᠷᠯᠠᠭᠳᠠᠭᠰᠠᠨ ᠴᠠᠮ ᠪᠦᠵᠢᠭ ᠤᠨ ᠠᠭᠤᠯᠭ᠎ᠠ ᠪᠦᠬᠦᠢ ︽ᠠᠯᠮᠠᠰ ᠡᠷᠢᠬᠡ︾ ᠭᠡᠮᠡᠬᠦ ᠵᠤᠬᠢᠶᠠᠯ ᠪᠠ1780 ᠤᠨ ᠳᠤ ᠪᠡᠭᠡᠵᠢᠩ ᠬᠤᠳᠠᠨ ᠳᠤ ᠪᠠᠷᠯᠠᠭᠳᠠᠭᠰᠠᠨ ᠮᠡᠷᠭᠡᠨ ᠭᠡᠭᠡᠨ ᠳᠠᠨ ᠤ ᠪᠦᠷᠢᠨ ᠵᠤᠬᠢᠶᠠᠯ ︽ᠸᠴᠢᠷ ᠲᠾᠡᠷᠡ ᠮᠡᠷᠭᠡᠨ ᠲᠢᠶᠠᠨᠴᠢ ᠪᠯᠠᠮ᠎ᠠ ᠶᠢᠨ ᠭᠡᠭᠡᠨ ᠤ ᠪᠤᠮ ᠵᠠᠷᠯᠢᠭ ᠭᠡᠮᠡᠭᠳᠡᠬᠦ ᠤᠷᠤᠰᠢᠪᠠ︾ ︵ᠲᠦᠷᠪᠡᠨ ᠪᠤᠳᠢ᠂129 ᠬᠤᠪᠢ ᠵᠤᠬᠢᠶᠠᠯ︶ ᠭᠡᠬᠦ ᠮᠤᠳᠤᠨ ᠪᠠᠷ ᠤᠨ ᠰᠤᠳᠤᠷ ᠵᠡᠷᠭᠡ ᠶᠢ ᠳᠤᠷᠠᠳᠤᠨ ᠳᠡᠮᠳᠡᠭᠯᠡᠬᠦ ᠶᠤᠰᠤᠳᠠᠢ᠃ ᠳᠤᠬᠠᠢ ᠎ ᠶᠢᠨ ᠦᠶ᠎ᠡ ᠳᠤ ᠪᠠᠨ ᠵᠦᠪᠬᠡᠨ ᠨᠡᠶᠢᠭᠡᠮ ᠤᠨ ᠪᠠᠶᠢᠷᠢ ᠰᠠᠭᠤᠷᠢ ᠪᠠᠷ ᠢᠶᠠᠨ ᠲᠡᠲᠦᠢ ᠪᠢᠰᠢ᠂ ᠬᠠᠷᠢᠨ ᠦᠯᠡᠮᠵᠢ ᠤᠯᠠᠨ ᠵᠤᠬᠢᠶᠠᠯ ᠪᠦᠲᠦᠭᠡᠯ ᠢᠶᠠᠷ ᠢᠶᠠᠨ ︽ᠸᠴᠢᠷ ᠳ᠋ᠾᠠᠷᠠ ᠮᠡᠷᠭᠡᠨ ᠲᠢᠶᠠᠨᠴᠢ ᠶᠢᠨ ᠭᠡᠭᠡᠨ︾ ᠭᠡᠮᠡᠬᠦ ᠴᠣᠯᠠ ᠬᠦᠷᠲᠡᠭᠰᠡᠨ ᠮᠡᠷᠭᠡᠨ ᠭᠡᠭᠡᠨ ᠤ ᠵᠤᠬᠢᠶᠠᠯ ᠪᠦᠲᠦᠭᠡᠯ ᠨᠢ ᠲᠡᠦᠭᠡ᠂ ᠤᠷᠠᠨ ᠵᠤᠬᠢᠶᠠᠯ᠂ ᠬᠡᠯᠡ ᠰᠢᠨᠵᠢᠯᠡᠯ᠂ ᠰᠤᠷᠬᠤ ᠪᠢᠴᠢᠭ᠂ ᠵᠢᠷᠤᠬᠠᠢ᠂ ᠡᠮ ᠡᠮᠨᠡᠯᠭᠡ᠂ ᠤᠷᠴᠢᠭᠤᠯᠭ᠎ᠠ᠂ ᠱᠠᠰᠢᠨ ᠰᠢᠲᠦᠯᠭᠡ᠂ ᠳᠠᠭᠤᠤ ᠬᠦᠭᠵᠢᠮ ᠵᠡᠷᠭᠡ ᠤᠯᠠᠨ ᠳᠠᠯ᠎ᠠ ᠳᠤ ᠪᠠᠭᠳᠠᠵᠤ ᠬᠠᠷᠢᠶᠠᠯᠠᠭᠳᠠᠨ᠎ᠠ᠃1. ᠲᠡᠦᠬᠡ ᠨᠠᠮᠳᠠᠷ ᠤᠨ ᠳᠤᠬᠠᠢ ᠵᠤᠬᠢᠶᠠᠯ ᠳᠤ ︽ᠠᠯᠳᠠᠨ ᠲᠤᠪᠴᠢ︾ ᠨᠡᠷᠡᠲᠦ ᠱᠠᠰᠳᠢᠷ ᠪᠤᠢ᠃2. ᠬᠡᠯᠡ ᠰᠢᠨᠵᠢᠯᠡᠯ᠂ ᠰᠤᠷᠬᠤ ᠪᠢᠴᠢᠭ ᠤᠨ ᠳᠠᠯ᠎ᠠ ᠪᠠᠷ ︽ᠠ ᠠᠩᠬ᠎ᠠ︾᠂ ︽ᠴᠠᠭᠠᠨ ᠳᠤᠯᠤᠭᠠᠢ ᠎ ᠶᠢᠨ ᠬᠤᠪᠢᠯᠭᠠᠯ︾ ᠪᠠ ︽ᠮᠡᠷᠭᠡᠨ ᠭᠡᠭᠡᠨ ᠤ ᠵᠤᠬᠢᠶᠠᠭᠰᠠᠨ ᠰᠢᠯᠦᠭ︾ ᠭᠡᠮᠡᠬᠦ ᠬᠡᠦᠬᠡᠳ ᠤᠨ ᠰᠤᠷᠬᠤ ᠪᠢᠴᠢᠭ ᠵᠡᠷᠭᠡ ᠪᠤᠢ᠃3. ᠤᠷᠠᠨ ᠵᠤᠬᠢᠶᠠᠯ ᠤᠨ ᠳᠠᠯ᠎ᠠ ᠪᠠᠷ ︽ᠠᠯᠳᠠᠨ ᠲᠤᠪᠴᠢ︾ ᠭᠡᠳᠡᠭ ᠲᠡᠦᠬᠡ ᠤᠷᠠᠨ ᠵᠤᠬᠢᠶᠠᠯ ᠢ ᠬᠤᠤᠰᠯᠠᠭᠤᠯᠤᠭᠰᠠᠨ ᠰᠢᠨᠵᠢᠲᠡᠢ ᠵᠤᠬᠢᠶᠠᠯ ᠪᠠᠶᠢᠬᠤ ᠠᠴᠠ ᠭᠠᠳᠠᠨ᠎ᠠ ᠦᠯᠡᠮᠵᠢ ᠳᠤᠭᠠᠨ ᠤ ᠢᠷᠠᠭᠤ ᠨᠠᠶᠢᠷᠠᠭ ᠪᠤᠢ᠃ ᠡᠳᠡᠭᠡᠷ ᠢᠷᠠᠭᠤ ᠨᠠᠶᠢᠷᠠᠭ ᠤᠨ ᠵᠤᠬᠢᠶᠠᠯ ᠨᠢ ᠪᠠᠰᠠ ᠰᠤᠷᠭᠠᠯ ᠰᠢᠯᠦᠭ᠂ ᠢᠷᠦᠭᠡᠯ ᠮᠠᠭᠳᠠᠭᠠᠯ᠂ ᠰᠠᠩ ᠳᠠᠯᠠᠯᠭ᠎ᠠ᠂ ᠳᠠᠬᠢᠯᠭ᠎ᠠ ᠳᠠᠶᠢᠯᠭ᠎ᠠ ᠵᠡᠷᠭᠡ ᠤᠯᠠᠨ ᠵᠦᠢᠯ ᠤᠨ ᠲᠦᠷᠦᠯ ᠵᠠᠨᠠᠷ ᠢ ᠪᠠᠭᠳᠠᠭᠠᠳᠠᠭ᠃⑴ ᠰᠤᠷᠭᠠᠯ ᠰᠢᠯᠦᠭ ᠭᠡᠪᠡᠯ᠂ ︽ᠤᠰᠤᠨ ᠪᠤᠯᠤᠷ ᠭᠡᠮᠡᠬᠦ ᠠᠯᠳᠠᠨ ᠰᠤᠷᠭᠠᠯ︾᠂ ︽ᠮᠡᠷᠭᠡᠨ ᠭᠡᠭᠡᠨ ᠲᠠᠨ ᠤ ᠵᠤᠬᠢᠶᠠᠭᠰᠠᠨ ᠳᠤᠮᠤᠭ ᠰᠢᠯᠦᠭ ᠤᠨ ᠪᠢᠴᠢᠭ ᠳᠡᠪᠳᠡᠷ ᠣᠷᠤᠰᠢᠪᠠ︾᠂ ︽ᠤᠷᠠᠳ ᠤᠨ ᠬᠤᠰᠢᠭᠤᠨ ᠤ ᠮᠡᠷᠭᠡᠨ ᠭᠡᠭᠡᠨ ᠲᠠᠨ ᠤ ᠵᠤᠬᠢᠶᠠᠭᠰᠠᠨ ᠰᠤᠷᠭᠠᠯ︾ ᠂ ︽ᠣᠷᠠᠳ ᠤᠨ ᠮᠡᠷᠭᠡᠨ ᠭᠡᠭᠡᠨ ᠲᠠᠨ ᠤ ᠵᠤᠬᠢᠶᠠᠭᠰᠠᠨ ᠱᠠᠰᠳᠢᠷ ᠰᠣᠳᠤᠷ ᠤᠷᠤᠰᠢᠪᠠᠢ︾᠂ ︽ᠠᠪᠤᠷᠠᠭᠴᠢ ᠪᠤᠭᠳᠠᠰᠤᠨ ᠡᠯ᠎ᠡ ᠵᠡᠷᠭᠡ ᠶᠢᠨ ᠰᠤᠶᠤᠷᠬᠠᠯ ᠢ ᠠᠮᠢᠳᠠᠨ ᠤ ᠬᠡᠯᠡ ᠰᠡᠳᠭᠢᠯ ᠢ ᠨᠡᠭᠡᠭᠡᠭᠴᠢ ᠠᠯᠳᠠᠨ ᠲᠦᠯᠬᠢᠬᠦᠷ ᠭᠡᠮᠡᠬᠦᠢ ᠎ ᠶᠢᠨ ᠱᠠᠰᠳᠢᠷ ᠪᠢᠴᠢᠭ︾᠂ ︽ᠵᠢᠷᠤᠮ ᠶᠤᠰᠤᠨ ᠤ ᠰᠤᠷᠭᠠᠯ︾ ᠵᠡᠷᠭᠡ ᠪᠤᠢ᠃⑵ ᠰᠢᠯᠦᠭ ᠳᠠᠭᠤᠤ ᠭᠡᠪᠡᠯ᠂ ᠠᠯᠳᠠᠷ ᠴᠤᠤᠳᠠᠢ ︽ᠨᠠᠶᠠᠨ ᠨᠢᠭᠡᠨ ᠡᠬᠢᠲᠦ︾ ᠭᠡᠵᠦ ᠪᠤᠢ᠃ ︽ᠨᠠᠶᠠᠨ ᠨᠢᠭᠡᠨ ᠡᠬᠢᠲᠦ︾ ᠰᠢᠯᠦᠭ ᠳᠠᠭᠤᠤ ᠶᠢ ᠠᠭᠤᠯᠭ᠎ᠠ ᠎ ᠪᠠᠷ ᠨᠢ ᠶᠡᠭᠡ ᠲᠦᠯᠦᠪ ᠲᠦᠷᠪᠡᠨ ᠵᠦᠢᠯ ᠳᠤ ᠬᠤᠪᠢᠶᠠᠨ᠎ᠠ᠃① ᠰᠤᠷᠭᠠᠯ ᠴᠡᠭᠡᠷᠯᠡᠯ ᠤᠨ ᠳᠠᠭᠤᠤ — ᠵᠢᠱᠢᠶᠡᠯᠡᠪᠡᠯ ᠂ ︽ᠴᠣᠭᠴᠠᠯᠠᠭᠰᠠᠨ ᠪᠤᠶᠠᠨ︾᠂ ︽ᠪᠣᠷᠤᠩ ᠬᠠᠨ ᠤ ᠪᠤᠷᠭᠠᠰᠤ︾᠂ ︽ᠲᠦᠪ ᠤᠬᠠᠭᠠᠨ ᠪᠢᠯᠢᠭ︾᠂ ︽ᠠᠪᠤᠷᠠᠯ ᠳᠡᠭᠡᠲᠦ ᠭᠤᠷᠪᠠᠯ ᠪᠤᠭᠳᠠ︾᠂ ︽ᠬᠠᠪᠤᠷ ᠬᠡᠰᠬᠦ ᠳᠤᠯᠠᠭᠠᠨ︾᠂ ︽ᠬᠤᠪᠢ ᠰᠠᠶᠢᠲᠤ ᠶᠢᠨ ᠢᠷᠦᠭᠡᠯ︾᠂ ︽ᠴᠠᠭ᠎ᠠ ᠎ ᠶᠢᠨ ᠦᠷ᠎ᠡ︾᠂ ︽ᠡᠷᠡᠴᠡᠰ ᠤᠨ ᠰᠢᠯᠢ ᠳᠠᠬᠢ ᠦᠨᠳᠦᠷ ᠮᠤᠨᠠ︾᠂ ︽ᠮᠠᠩᠯᠠᠢ ᠭᠤᠷᠪᠠᠨ ᠡᠷᠳᠡᠨᠢ︾ ᠵᠡᠷᠭᠡ ᠪᠤᠢ᠃② ᠠᠪᠤ ᠡᠵᠢ ᠪᠠᠨ ᠳᠤᠷᠠᠰᠣᠮᠵᠢᠯᠠᠵᠤ ᠦᠷ᠎ᠡ ᠬᠡᠦᠬᠡᠳ ᠢᠶᠠᠨ ᠰᠠᠨᠠᠭᠰᠠᠨ ᠳᠠᠭᠤᠤ — ᠵᠢᠱᠢᠶᠡᠯᠡᠪᠡᠯ᠂ ︽ᠴᠠᠭᠠᠨ ᠰᠢᠷᠭ᠎ᠠ︾᠂ ︽ᠤᠭᠳᠠᠷᠭᠤᠢ ᠶᠢᠨ ᠳᠤᠯᠤᠭᠠᠨ ᠪᠤᠷᠬᠠᠨ︾᠂ ︽ᠡᠷᠬᠢᠨ ᠳᠡᠭᠡᠲᠦ ᠭᠤᠷᠪᠡᠨ ᠪᠤᠭᠳᠠ︾᠂ ︽ᠡᠷᠬᠢᠮ ᠳᠡᠭᠡᠲᠦ ᠪᠯᠠᠮ᠎ᠠ︾᠂ ︽ᠳᠠᠯ᠎ᠠ ᠳᠤᠭᠤᠢ ᠰᠠᠷᠠ︾᠂ ︽ᠠᠷᠣᠨ ᠳᠠᠯ᠎ᠠ ᠶᠢᠨ ᠠᠷᠴᠠ︾᠂ ︽ᠪᠠᠶᠠᠨ ᠬᠠᠩᠭᠠᠢ︾᠂ ︽ᠴᠤᠯᠮᠤᠨ ᠠᠮᠳᠤ ᠬᠡᠬᠡᠷ︾ ᠵᠡᠷᠭᠡ ᠪᠤᠢ᠃③ ᠨᠤᠳᠤᠭ ᠤᠰᠤ᠂ ᠠᠭᠳᠠ ᠬᠦᠯᠦᠭ ᠢᠶᠠᠨ ᠮᠠᠭᠳᠠᠭᠰᠠᠨ ᠳᠠᠭᠤᠤ — ᠵᠢᠱᠢᠶᠡᠯᠡᠪᠡᠯ᠂ ︽ᠮᠤᠨᠠ ᠬᠠᠨ ᠤ ᠤᠨᠠᠭ᠎ᠠ — ᠡᠬᠦᠯᠡᠨ ᠬᠦᠬᠡ︾᠂ ︽ᠬᠠᠨ ᠠᠭᠤᠯᠠᠨ ᠤ ᠡᠪᠦᠷ ᠲᠤ︾᠂ ︽ᠰᠢᠯᠢ ᠳᠡᠭᠡᠷ᠎ᠡ ᠨᠢ ᠤᠨᠠᠭᠠᠯᠠᠭᠰᠠᠨ︾ ᠵᠡᠷᠭᠡ ᠪᠤᠯ ᠲᠦᠯᠦᠭᠡᠯᠡᠬᠦ ᠴᠢᠨᠠᠷᠳᠠᠢ ᠪᠤᠯᠤᠨ᠎ᠠ᠃④ ᠳᠤᠮᠤ ᠰᠦᠮ᠎ᠡ ᠬᠡᠶᠢᠳ ᠪᠠ ᠪᠤᠷᠬᠠᠨ ᠤ ᠱᠠᠰᠢᠨ ᠤ ᠭᠤᠤᠯ ᠭᠤᠤᠯ ᠵᠢᠳᠭᠦᠯᠲᠡᠨ ᠨᠡᠷ ᠢ ᠮᠠᠭᠳᠠᠭᠰᠠᠨ ᠳᠠᠭᠤᠤ — ᠵᠢᠱᠢᠶᠡᠯᠡᠪᠡᠯ᠂ ︽ᠳᠡᠭᠡᠲᠦ ᠱᠠᠬᠵᠠᠮᠤᠨᠢ︾᠂ ︽ᠮᠠᠩᠨᠠᠢ ᠭᠤᠷᠪᠡᠨ ᠪᠤᠭᠳᠠ︾᠂ ︽ᠨᠤᠮᠤᠨ ᠡᠵᠡᠨ ᠽᠦᠩᠺᠠᠸ᠎ᠠ︾᠂ ︽ᠠᠪᠤᠷᠠᠯ ᠳᠡᠭᠡᠲᠦ ᠭᠤᠷᠪᠠᠨ ᠪᠤᠭᠳᠠ︾᠂ ︽ᠠᠴᠢᠲᠤ ᠪᠤᠭᠳᠠ ᠽᠦᠩᠺᠠᠸ᠎ᠠ︾᠂ ︽ᠬᠤᠳᠠᠯᠠ ᠭᠤᠷᠪᠠᠨ ᠪᠤᠭᠳᠠ︾᠂ ︽ᠸᠴᠢᠷ ᠳ᠋ᠾᠠᠷ᠎ᠠ ᠶᠢᠨ ᠭᠡᠭᠡᠨ ᠪᠤᠭᠳᠠ︾᠂ ︽ᠢᠯᠠᠭᠤᠭᠴᠢ ᠡᠷᠬᠡᠲᠦ ᠳᠠᠯᠠᠢ ᠪᠯᠠᠮ᠎ᠠ︾ ᠵᠡᠷᠭᠡ ᠪᠤᠢ᠃⑶ ᠠᠷᠠᠳ ᠤᠨ ᠵᠠᠩ ᠦᠢᠯᠡ ᠶᠢᠨ ᠰᠢᠯᠦᠭ ᠭᠡᠪᠡᠯ᠂ ︽ᠭᠠᠯ ᠤᠨ ᠢᠷᠦᠭᠡᠯ ᠤᠷᠤᠰᠢᠪᠠᠢ︾᠂ ︽ᠡᠵᠡᠨ ᠴᠢᠩᠭᠢᠰ ᠤᠨ ᠰᠠᠩ︾ ᠪᠠ ︽ᠳᠡᠭᠦᠰ ᠴᠣᠭᠳᠤ ᠮᠤᠨᠠ ᠶᠢᠨ ᠬᠠᠭᠠᠨ ᠤ ᠳᠡᠯᠭᠡᠷᠡᠩᠬᠦᠢ ᠦᠴᠢᠭ ᠳᠠᠬᠢᠯ ᠣᠷᠤᠰᠢᠪᠠ︾ ᠭᠡᠮᠡᠬᠦ ᠭᠤᠷᠪᠠᠨ ᠵᠤᠬᠢᠶᠠᠯ ᠨᠢ ᠲᠦᠯᠦᠭᠡᠯᠡᠬᠦ ᠴᠢᠨᠠᠷᠳᠠᠢ ᠶᠤᠮ᠃⑷ ᠡᠮ ᠡᠮᠨᠡᠯᠭᠡ ᠶᠢᠨ ᠰᠢᠯᠦᠭ ᠭᠡᠪᠡᠯ᠂ ︽ᠠᠮᠢᠳᠠᠨ ᠤ ᠭᠤᠷᠪᠠᠨ ᠬᠤᠤᠷ ᠤᠨ ᠨᠢᠰᠧᠨᠨᠢᠰ ᠤᠨ ᠠᠶᠤᠯ ᠠᠴᠠ ᠦᠷᠡᠯᠡᠭᠰᠡᠨ ᠲᠦᠷᠪᠡᠨ ᠡᠪᠡᠳᠴᠢᠨ ᠢ ᠠᠷᠢᠯᠭᠠᠬᠤ ᠶᠢᠨ ᠠᠷᠭ᠎ᠠ ᠳᠤᠷ ᠤᠬᠠᠬᠰᠠᠨ ᠡᠮ ᠎ ᠤᠨ ᠵᠦᠢᠯ ᠢ ᠲᠤᠪᠴᠢᠯᠠᠨ ᠠᠶᠢᠯᠠᠳᠤᠭᠰᠠᠨ ᠢ ᠬᠤᠷᠢᠶᠠᠨ ᠮᠡᠳᠡᠬᠦᠯᠬᠦᠢ ᠶᠢᠨ ᠳᠤᠯᠠ ᠨᠠᠶᠢᠷᠠᠯᠭ᠎ᠠ ᠶᠢᠨ ᠵᠦᠢᠯ ᠢ ᠨᠢᠭᠳᠠᠯᠠᠨ ᠪᠢᠴᠢᠭᠰᠡᠨ ᠪᠢᠴᠢᠭ︾᠂ ︽ᠡᠮ ᠠᠳᠢᠰᠯᠠᠬᠤ ᠨᠤᠮ ᠤᠷᠤᠰᠢᠪᠠᠢ︾᠂ ︽ᠠᠨᠠᠭᠠᠬᠤ ᠤᠬᠠᠭᠠᠨ ᠤ ᠳᠤᠷᠰᠢᠯᠭᠠᠳᠤ ᠵᠤᠷ ᠤᠨ ᠠᠮᠠᠨ ᠤᠩᠰᠢᠯᠭ᠎ᠠ︾ ᠵᠡᠷᠭᠡ ᠵᠤᠬᠢᠶᠠᠯ ᠪᠤᠢ᠃ 4. ᠱᠠᠰᠢᠨ ᠰᠢᠲᠦᠯᠭᠡ ᠶᠢᠨ ᠵᠤᠬᠢᠶᠠᠯ ᠳᠤᠨᠢ ᠪᠤᠷᠬᠠᠨ ᠪᠤᠳᠢᠰᠠᠳ᠋ᠸ᠎ᠠ ᠪᠠ ᠪᠤᠷᠬᠠᠨ ᠤ ᠱᠠᠰᠢᠨ ᠤ ᠨᠡᠷᠡᠲᠦ ᠵᠢᠳᠭᠦᠯᠲᠡᠨ ᠨᠠᠷ ᠤᠨ ᠳᠤᠬᠠᠢ ᠪᠢᠴᠢᠭᠰᠡᠨ ᠰᠠᠩ ᠳ᠋ᠤᠾᠷᠮ᠎ᠠ᠂ ᠨᠠᠮᠠᠨᠴᠢᠯᠠᠯ ᠬᠠᠷᠢᠭᠤᠯᠭ᠎ᠠ᠂ ᠤᠬᠢᠶᠠᠯ ᠮᠠᠨᠳᠠᠯ᠂ ᠳᠠᠯᠠᠯᠭ᠎ᠠ ᠳᠠᠭᠤᠳᠠᠯᠭ᠎ᠠ᠂ ᠮᠠᠭᠳᠠᠭᠠᠯ ᠳᠠᠬᠢᠯᠭ᠎ᠠ᠂ ᠦᠴᠢᠭ ᠰᠠᠴᠤᠯᠢ ᠵᠡᠷᠭᠡ ᠶᠢ ᠪᠠᠭᠳᠠᠭᠠᠳᠠᠭ᠃ 5. ᠮᠡᠷᠭᠡᠨ ᠭᠡᠭᠡᠨ ᠤ ᠤᠷᠴᠢᠭᠤᠯᠤᠭᠰᠠᠨ ᠵᠤᠬᠢᠶᠠᠯ ᠭᠡᠵᠦ ᠳᠤᠩ ᠤᠯᠠᠨ ᠪᠤᠢ᠃ ᠡᠬᠦᠨ ᠳᠤ ︽ᠰᠣᠪᠠᠰᠢᠳᠠᠢ︾᠎ ᠠᠴᠠ ᠭᠠᠳᠠᠨ᠎ᠠ ᠮᠣᠩᠭᠤᠯ ᠬᠡᠯᠡ ᠪᠠᠷ ᠬᠤᠷᠠᠯ ᠬᠤᠷᠠᠬᠤ ᠬᠡᠷᠡᠭᠴᠡᠭᠡ ᠎ ᠶᠢ ᠬᠠᠩᠭᠠᠬᠤ ᠳᠤ ᠵᠤᠷᠢᠭᠤᠯᠤᠨ ᠤᠷᠴᠢᠭᠤᠯᠤᠭᠰᠠᠨ ︽ᠲᠦᠷᠪᠡᠨ ᠦᠨᠳᠦᠰᠦ︾᠂ ︽ᠳᠤᠯᠤᠭᠠᠨ ᠳᠤᠭᠰᠢᠳ︾ ᠵᠡᠷᠭᠡ ᠱᠠᠰᠢᠨ ᠤ ᠤᠯᠠᠨ ᠨᠤᠮ ᠰᠤᠳᠤᠷ ᠪᠤᠢ ᠪᠦᠭᠡᠳ ᠡᠬᠦᠨ ᠤ ᠳᠤᠳᠤᠷ᠎ᠠ ᠲᠡᠷᠡ ᠥᠪᠡᠷ ᠢᠶᠠᠨ ᠳᠠᠬᠢᠵᠦ ᠵᠤᠬᠢᠶᠠᠨ ᠨᠠᠶᠢᠷᠠᠭᠤᠯᠤᠭᠰᠠᠨ ᠵᠦᠢᠯᠡᠰ ᠴᠦ ᠤᠯᠠᠨ ᠪᠤᠢ᠃ 6. ᠮᠡᠷᠭᠡᠨ ᠭᠡᠭᠡᠨ ᠤ ᠤᠳᠤᠨ ᠵᠢᠷᠤᠬᠠᠢ ᠶᠢᠨ ᠳᠤᠬᠠᠢ ᠵᠤᠬᠢᠶᠠᠵᠤ ᠨᠠᠶᠢᠷᠠᠭᠤᠯᠤᠭᠰᠠᠨ ᠨᠤᠮ ᠴᠦ ᠬᠡᠲᠦ ᠬᠡᠲᠦᠨ ᠬᠤᠪᠢ ᠪᠠᠶᠢᠭ᠎ᠠ ᠶᠤᠮ᠃
 
ᠢᠷᠡᠯᠲᠡ᠄ ᠨᠠ᠊ · ᠰᠠᠶᠢᠰᠢᠶᠠᠯᠲᠦ ᠶᠢᠨ ᠡᠷᠬᠢᠯᠡᠨ ᠨᠠᠶᠢᠷᠠᠭᠤᠯᠤᠭᠰᠠᠨ ︽ᠮᠤᠩᠭᠤᠯ ᠤᠷᠠᠨ ᠵᠤᠬᠢᠶᠠᠯ ᠤᠨ ᠳᠡᠦᠭᠡ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号