ᠤᠷᠠᠳ ᠬᠦᠦᠰᠢ ᠪᠢᠯᠢᠬᠦᠨᠳᠠᠯᠠᠢ
ᠨᠡᠶᠢᠲᠡᠯᠡᠭᠰᠡᠨ ᠴᠠᠭ᠄
2019/1/14
       ᠤᠷᠠᠳ ᠬᠦᠦᠰᠢ ᠪᠢᠯᠢᠬᠦᠨᠳᠠᠯᠠᠢ᠄ 17᠂ 18 ᠳ᠋ᠤᠭᠠᠷ ᠵᠠᠭᠤᠨ ᠤ ᠦᠶ᠎ᠡ ᠶᠢᠨ ᠬᠡᠯᠡ ᠰᠢᠨᠵᠢᠯᠡᠯ ᠤᠨ ᠤᠬᠠᠭᠠᠨᠲᠠᠨ᠂ ᠠᠯᠳᠠᠷᠲᠤ ᠤᠷᠴᠢᠭᠤᠯᠤᠭᠴᠢ᠂ ᠤᠷᠠᠨ ᠵᠤᠬᠢᠶᠠᠯᠴᠢ᠂ ᠢᠷᠠᠭᠤ ᠨᠠᠶᠢᠷᠠᠭᠴᠢ ᠪᠠ ᠬᠡᠪᠯᠡᠯ ᠤᠨ ᠦᠢᠯᠡᠰ ᠎ ᠤᠨ ᠭᠠᠷᠮᠠᠭᠠᠢ ᠵᠢᠳᠭᠦᠯᠲᠡᠨ ᠮᠥᠨ᠃ ᠪᠢᠯᠢᠬᠦᠨᠳᠠᠯᠠᠢ ᠶᠢᠨ ᠨᠡᠷ᠎ᠡ ᠶᠢ ᠲᠦᠪᠡᠳ ᠬᠡᠯᠡᠨ᠎ᠡ ᠰᠢᠷᠠᠪᠵᠠᠮᠰᠤ᠂ ᠰᠠᠨᠰᠺᠷᠢᠲ ᠎ ᠢᠶᠠᠷ ᠫᠠᠷᠠᠵᠠᠨ᠎ᠠ ᠰᠠᠭᠠᠷᠠ ︵ᠪᠤᠶᠤ ᠫᠷᠠᠵᠠᠩ ᠰᠡᠭᠡᠷ᠎ᠡ᠂ ᠪᠠᠰᠠ ᠫᠠᠷᠠᠨ᠋ᠽ ᠰᠠᠮᠤᠳᠠᠷ᠎ᠠ᠂ ᠫᠠᠷ᠎ᠠ ᠨᠴ ᠰᠠᠮᠤᠳᠠᠷ᠎ᠠ ᠭᠡᠵᠦ ᠴᠦ ᠲᠡᠮᠳᠡᠭᠯᠡᠵᠦ ᠪᠤᠢ︶ ᠭᠡᠵᠦ ᠤᠯᠠᠨ ᠰᠤᠷᠪᠤᠯᠵᠢ ᠪᠢᠴᠢᠭ ᠲᠤ ᠲᠡᠮᠳᠡᠭᠯᠡᠵᠦ ᠪᠠᠶᠢᠨ᠎ᠠ᠃ ᠲᠡᠷᠡ ᠪᠠᠷ 1670 ‍ᠭᠠᠳ ᠤᠨ ᠤ ᠦᠶ᠎ᠡ ᠪᠠᠷ ᠤᠣᠯ ᠤᠨ ᠤᠯᠠᠭᠠᠨᠴᠠᠪ ᠤᠨ ᠴᠢᠭᠤᠯᠭᠠᠨ ᠤ ᠤᠷᠠᠳ ᠤᠨ ᠪᠠᠷᠠᠭᠤᠨ ᠭᠦᠩ ᠤᠨ ᠬᠤᠰᠢᠭᠤᠨ ︵ᠣᠳᠤ ᠶᠢᠨ ᠪᠠᠶᠠᠨᠨᠠᠭᠤᠷ ᠬᠤᠳᠠ ᠶᠢᠨ ᠤᠷᠠᠳ ᠤᠨ ᠡᠮᠦᠨᠡᠲᠦ ᠬᠤᠰᠢᠭᠤ︶᠎ ᠤ ᠵᠢᠭᠤᠴᠢᠳ ᠤᠨ ᠰᠣᠮᠤᠨ ᠤ ᠲᠤᠶᠢᠨ ᠳᠤᠭᠮᠢᠳ ᠤᠨ ᠬᠠᠷᠢᠶᠠᠲᠤ ᠪᠤᠯᠬᠤ ᠨᠢᠭᠡᠨ ᠡᠩ ᠤᠨ ᠬᠠᠷᠠᠴᠣ ᠠᠷᠠᠳ ᠤᠨ ᠭᠡᠷ ᠲᠤ ᠮᠡᠨᠳᠦᠯᠡᠵᠡᠢ᠃ ᠪᠢᠯᠢᠬᠦᠨᠳᠠᠯᠠᠢ ᠎ ᠪᠠᠷ ᠠᠩᠬ᠎ᠠ ᠬᠤᠶᠠᠳᠤᠭᠠᠷ ᠲᠦᠷᠢ ᠶᠢᠨ ᠵᠠᠩᠵᠠ ᠬᠤᠳᠤᠭᠲᠤ ᠠᠭᠸᠠᠩᠯᠤᠪᠰᠠᠩᠴᠤᠶᠢᠳᠤᠨ᠂ ᠤᠷᠠᠳ ᠤᠨ ᠮᠡᠷᠭᠡᠨ ᠭᠡᠭᠡᠨ ᠳ᠋ᠢᠨ᠋ᠸ᠎ᠠ᠂ ᠤᠷᠠᠳ ᠬᠦᠦᠰᠢ ᠦᠭᠯᠢᠬᠦᠨᠳᠠᠯᠠᠢ ᠵᠡᠷᠭᠡ ᠳᠤᠬᠠᠢ ᠶᠢᠨ ᠦᠶ᠎ᠡ ᠶᠢᠨ ᠲᠦᠪᠡᠳ ᠮᠤᠩᠭᠤᠯ ᠤᠨ ᠨᠡᠷᠡᠲᠦ ᠯᠠᠮᠠ ᠡᠷᠳᠡᠮᠲᠡᠨ ᠨᠠᠷ ᠢ ᠱᠠᠪᠢᠯᠠᠨ ᠳᠠᠭᠠᠵᠤ ᠰᠣᠶᠤᠯ ᠤᠨ ᠮᠦᠷ ᠢ ᠰᠢᠮᠲᠡᠨ ᠬᠦᠭᠡᠭᠡᠭᠰᠡᠨ ᠪᠦᠭᠡᠳ ᠬᠤᠷᠢᠨ ᠬᠡᠲᠦᠨ ᠨᠠᠰᠤ ᠬᠦᠷᠬᠦ ᠳᠤ ᠨᠢᠭᠡᠨᠳᠡ ᠮᠣᠩᠭᠤᠯ᠂ ᠲᠦᠪᠡᠳ᠂ ᠰᠠᠨᠰᠺᠷᠢᠲ᠂ ᠮᠠᠨᠵᠤ᠂ ᠬᠢᠲᠡᠳ ᠵᠡᠷᠭᠡ ᠬᠡᠲᠦ ᠬᠡᠲᠦᠨ ᠤᠯᠤᠰ ᠦᠨᠳᠦᠰᠦᠲᠡᠨ ᠤ ᠦᠭᠡ ᠬᠡᠯᠡ ᠦᠰᠦᠭ ᠪᠢᠴᠢᠭ ᠲᠤ ᠲᠡᠭᠰᠢ ᠴᠠᠭᠠᠷᠠᠭᠰᠠᠨ ᠪᠠᠶᠢᠨ᠎ᠠ᠃ ᠲᠡᠷᠡ ᠪᠠᠷ ᠶᠠᠭ ᠡᠶᠢᠮᠦᠷᠬᠦ ᠤᠨᠴᠠᠭᠠᠢ ᠨᠦᠬᠦᠴᠡᠯ ᠢ ᠪᠦᠷᠢᠯᠳᠦᠬᠦᠯᠦᠭᠰᠡᠨ ᠠᠴᠠ ᠪᠤᠯᠵᠤ ᠮᠠᠨᠵᠤ ᠴᠢᠩ ᠤᠯᠤᠰ ᠤᠨ ᠡᠩᠭᠡ ᠠᠮᠤᠭᠤᠯᠠᠩ ᠬᠠᠭᠠᠨ ᠪᠤᠯᠤᠨ ᠵᠠᠩᠵᠠ ᠬᠤᠲᠤᠭᠳᠤ ᠠᠩᠸᠠᠩᠯᠤᠪᠰᠠᠩᠴᠤᠶᠢᠳᠤᠨ ᠨᠠᠷ ᠤᠨ ᠢᠲᠡᠭᠡᠯ ᠢ ᠭᠦᠨ ᠤᠯᠵᠤ 17 ᠳ᠋ᠤᠭᠠᠷ ᠵᠠᠭᠤᠨ ᠤ ᠡᠴᠦᠰ ᠪᠤᠶᠤ 18 ᠳ᠋ᠤᠭᠠᠷ ᠵᠠᠭᠤᠨ ᠤ ᠡᠬᠢᠨ ᠨᠦ᠋ᠭᠦᠳ‌‍ᠲ᠋ᠣ ᠵᠠᠷᠯᠢᠭ ᠢ ᠬᠦᠯᠢᠶᠡᠨ ᠨᠡᠶᠢᠰᠯᠡᠯ ᠬᠤᠳᠠᠨ ᠳᠤ ᠬᠦᠷᠴᠦ ᠲᠤᠰᠢᠶᠠᠯ ᠬᠦᠯᠢᠶᠡᠭᠰᠡᠨ ᠶᠤᠮ᠃ ᠬᠤᠵᠢᠮ ᠨᠢ ᠲᠡᠷᠡ ᠪᠠᠷ ᠪᠡᠭᠡᠵᠢᠩ ᠬᠤᠳᠠ ᠶᠢᠨ ᠶᠠᠮᠠᠳᠠᠺᠠ ᠶᠢᠨ ᠰᠦᠮ᠎ᠡ ᠂ ᠰᠦᠩ ᠵᠸᠦ ᠰᠧ ᠪᠤᠯᠤᠨ ᠵᠢᠩ ᠵᠤ᠋ ᠰᠧ ᠵᠡᠷᠭᠡ ᠰᠦᠮ᠎ᠡ ᠬᠡᠶᠢᠳ ᠤᠨ ᠳ᠋ᠠ ᠯᠠᠮᠠ ᠶᠢᠨ ᠰᠢᠷᠡᠭᠡᠨ ᠳᠤ ᠰᠠᠭᠤᠵᠤ᠂ ᠡᠳᠡᠭᠡᠷ ᠬᠡᠶᠢᠳ ᠤᠨ ᠪᠤᠳ᠋ᠳ᠋ᠾᠠ ᠶᠢᠨ ᠱᠠᠰᠢᠨ ᠤ ᠪᠦᠬᠦ ᠦᠢᠯᠡ ᠶᠢ ᠬᠦᠢᠴᠡᠳᠭᠡᠵᠦ ᠪᠠᠶᠢᠭᠰᠠᠨ ᠶᠤᠮ᠃ 1715 ᠤᠨ ᠤ ᠤᠷᠴᠢᠮ ᠠᠴᠠ 1750 ‍ᠭᠠᠳ ᠤᠨ ᠪᠤᠯᠳᠠᠯᠠᠬᠢ ᠬᠤᠭᠤᠴᠠᠭᠠᠨ ᠳᠤ ᠲᠡᠷᠡ ᠪᠠᠰᠠ ᠪᠡᠭᠡᠵᠢᠩ ᠤᠨ ᠲᠠᠩᠭᠤᠳ ᠪᠢᠴᠢᠭ ᠤᠨ ᠰᠤᠷᠭᠠᠭᠤᠯᠢ ᠶᠢᠨ ᠳᠡᠳ᠋ ᠰᠤᠷᠭᠠᠭᠴᠢ᠂ ᠮᠣᠩᠭᠤᠯ ᠪᠢᠴᠢᠭ ᠤᠨ ᠰᠤᠷᠭᠠᠭᠤᠯᠢ ᠶᠢᠨ ᠳᠡᠳ᠋ ᠰᠤᠷᠭᠠᠭᠴᠢ ᠪᠠᠭᠰᠢ᠂ ᠮᠥᠨ ᠳᠤᠬᠠᠢ ᠶᠢᠨ ᠦᠶ᠎ᠡ ᠳᠤ ᠮᠠᠨᠵᠤ ᠴᠢᠩ ᠤᠯᠤᠰ ᠤᠨ ᠮᠣᠳᠤᠨ ᠪᠠᠷ ᠤᠨ ᠬᠡᠪᠯᠡᠯ ᠤᠨ ᠲᠦᠪ ᠪᠠᠶᠢᠭᠰᠠᠨ ᠠᠷᠢᠭᠤᠨ ᠰᠠᠭᠤᠷᠢᠨ ᠬᠡᠶᠢᠳ ︵ᠵᠢᠩ ᠵᠸᠦ ᠰᠧ ᠰᠦᠮ᠎ᠡ︶᠎ ᠤᠨ ᠮᠤᠳᠤᠨ ᠪᠠᠷ ᠤᠨ ᠬᠡᠪᠯᠡᠯ ᠤᠨ ᠠᠵᠢᠯ ᠢ ᠨᠡᠶᠢᠭᠡᠮᠯᠡᠨ ᠬᠠᠮᠢᠶᠠᠷᠬᠤ ᠶᠡᠷᠦᠩᠬᠡᠢ ᠮᠡᠳᠡᠭᠴᠢ ᠵᠡᠷᠭᠡ ᠠᠯᠢ ᠤᠯᠠᠨ ᠠᠵᠢᠯ ᠳᠤᠰᠢᠶᠠᠯ ᠢ ᠡᠭᠦᠷᠭᠡᠯᠡᠵᠦ ᠪᠠᠶᠢᠪᠠ ᠃ ᠪᠢᠯᠢᠬᠦᠨᠳᠠᠯᠠᠢ ᠪᠤᠯ ᠮᠣᠩᠭᠤᠯ ᠦᠨᠳᠦᠰᠦᠲᠡᠨ ᠤ ᠰᠤᠶᠤᠯ ᠭᠡᠭᠡᠷᠡᠯ ᠤᠨ ᠦᠢᠯᠡᠰ ᠤᠨ ᠲᠦᠯᠦᠭᠡ ᠴᠦᠬᠦᠷᠡᠯᠳᠡ ᠦᠭᠡᠢ ᠴᠢᠷᠮᠠᠶᠢᠨ ᠠᠵᠢᠯᠯᠠᠵᠤ᠂ ᠳᠤᠩ ᠶᠡᠭᠡ ᠭᠠᠪᠢᠶ᠎ᠠ ᠵᠢᠳᠭᠦᠯ ᠲᠠᠢ ᠶᠠᠪᠤᠭᠰᠠᠨ ᠶᠡᠭᠡ ᠡᠷᠳᠡᠮᠳᠡᠨ ᠮᠥᠨ᠃ ᠵᠢᠱᠢᠶᠡᠯᠡᠪᠡᠯ᠄ ︽ᠪᠤᠭᠳᠠ ᠵᠤᠤ ᠠᠳᠢᠱᠠ ᠲᠦᠪᠡᠳ ᠤᠷᠤᠨ᠎ᠠ ᠵᠠᠯᠠᠷᠠᠭᠰᠠᠨ ᠨᠠᠮᠳᠠᠷ︾᠂ ︽ᠮᠠᠳᠠᠷ᠎ᠠ ᠴᠦᠩᠰᠢ ᠬᠠᠨ ᠬᠦᠪᠡᠬᠦᠨ ᠤ ᠳᠤᠭᠤᠵᠢ︾᠂ ︽ᠵᠤᠤ ᠠᠳᠢᠱᠠ ᠡᠨᠡᠳᠬᠡᠭ ᠲᠤᠷ ᠬᠡᠷᠬᠢᠵᠦ ᠱᠠᠰᠢᠨ ᠢ ᠳᠡᠯᠭᠡᠷᠡᠬᠦᠯᠦᠭᠰᠡᠨ ᠪᠠ ᠠᠯᠳᠠᠨ ᠲᠢᠪ ᠲᠤᠷ ᠤᠳᠤᠭᠰᠠᠨ ᠤ ᠳᠤᠭᠤᠵᠢ︾᠂ ︽ᠰᠢᠳᠢᠲᠡᠨ ᠤ ᠡᠷᠬᠡᠲᠦ ᠮᠢᠳᠷᠡᠽᠣᠬᠢ ᠶᠢᠨ ᠭᠠᠳᠠᠭᠠᠳᠤ ᠳᠤᠳᠤᠭᠠᠳᠤ ᠎ ᠶᠢᠨ ᠨᠢᠭᠤᠴᠠ ᠭᠤᠷᠪᠠᠨ ᠴᠡᠳᠢᠭ︾᠂ ︽ᠳᠤᠯᠤᠭᠠᠨ ᠰᠠᠶᠢᠪᠠᠷ ᠲᠤ ᠤᠳᠤᠭᠰᠠᠳ ᠲᠤᠷ ᠳᠠᠬᠢᠯ ᠡᠷᠭᠦᠬᠦ ᠵᠠᠩ ᠦᠢᠯᠡ ᠶᠢ ᠨᠡᠶᠢᠴᠡᠭᠦᠯᠦᠭᠰᠡᠨ ᠡᠷᠬᠡᠲᠦ ᠶᠢᠨ ᠬᠠᠭᠠᠨ ᠭᠡᠮᠡᠬᠦ ᠰᠤᠳᠤᠷ︾᠂ ︽ᠤᠱᠠᠨᠳᠠᠷ᠎ᠠ︾ ︵︽ᠤᠱᠠᠨᠳᠠᠷ᠎ᠠ ᠬᠠᠭᠠᠨ ᠤ ᠳᠤᠭᠤᠵᠢ︾︶ ᠵᠡᠷᠭᠡ ᠪᠤᠯ ᠲᠡᠬᠦᠨ ᠤ ᠣᠷᠴᠢᠭᠤᠯᠤᠭᠰᠠᠨ ᠲᠦᠪᠡᠳ ᠪᠠ ᠡᠨᠡᠳᠬᠡᠭ ᠤᠨ ᠪᠦᠲᠦᠭᠡᠯ ᠪᠤᠯᠬᠤ ᠪᠦᠭᠡᠳ ᠮᠥᠨ ᠦᠵᠦᠮᠦᠴᠢᠨ ᠬᠦᠩ ᠭᠤᠮᠪᠤᠵᠠᠪ ᠤᠨ ᠵᠤᠬᠢᠶᠠᠵᠤ ᠨᠠᠶᠢᠷᠠᠭᠤᠯᠤᠭᠰᠠᠨ ︽ᠡᠨᠡᠳᠬᠡᠭ — ᠲᠦᠪᠡᠳ ᠬᠡᠯᠡ ᠬᠢᠯᠪᠠᠷ ᠰᠤᠷᠬᠤ ᠪᠢᠴᠢᠭ︾ ᠭᠡᠮᠡᠬᠦ ᠰᠠᠨᠰᠺᠷᠢᠲ᠂ ᠲᠦᠪᠡᠳ᠂ ᠮᠣᠩᠭᠤᠯ ᠭᠤᠷᠪᠠᠨ ᠬᠡᠯᠡᠨ ᠤ ᠬᠠᠷᠢᠴᠠᠭᠤᠯᠤᠭᠰᠠᠨ ᠲᠤᠮᠤᠬᠠᠨ ᠳᠤᠯᠢ ᠪᠢᠴᠢᠭ ᠵᠡᠷᠭᠡ ᠶᠢ ᠬᠠᠪᠰᠤᠷᠤᠨ ᠬᠢᠨᠠᠵᠤ ᠪᠠᠷᠯᠠᠭᠤᠯᠤᠭᠰᠠᠨ ᠪᠢᠯᠡ᠃ ᠤᠨᠴᠠᠭᠠᠶᠢᠯᠠᠨ ᠳᠡᠮᠳᠡᠭᠯᠡᠬᠦᠰᠢᠲᠡᠢ ᠨᠢ᠂ ᠲᠡᠷᠡ ᠪᠠᠷ 1717 —1720 ᠤᠨ ᠤ ᠬᠤᠭᠤᠷᠤᠨᠳᠤ ᠵᠠᠷᠯᠢᠭ ᠬᠦᠯᠢᠶᠡᠨ108 ᠪᠤᠳᠢ ᠪᠦᠬᠦᠢ ︽ᠭᠠᠨᠵᠤᠤᠷ︾ ᠰᠣᠳᠤᠷ ᠢ ᠳᠠᠬᠢᠨ ᠰᠢᠬᠦᠨ ᠬᠢᠨᠠᠵᠤ ᠪᠦᠷᠢᠳᠭᠡᠨ ᠪᠠᠷᠯᠠᠭᠤᠯᠬᠤ ᠠᠵᠢᠯ ᠪᠠ 1741 —1742 ᠤᠨ ᠤ ᠬᠤᠭᠤᠷᠤᠨᠳᠤ ︽ᠭᠠᠨᠵᠤᠤᠷ︾᠂ ︽ᠳ᠋ᠠᠨᠵᠤᠤᠷ︾᠎ ᠤᠨ ᠠᠭᠤᠯᠭ᠎ᠠ ᠶᠢᠨ ᠳᠤᠪᠴᠢᠯᠠᠯ᠂ ᠡᠷᠲᠡᠨ ᠤ ᠡᠨᠡᠳᠬᠡᠭ ᠤᠨ ᠳᠠᠪᠤᠨ ᠶᠡᠭᠡ ᠤᠬᠠᠭᠠᠨ ᠤ ᠮᠤᠩᠭᠤᠯ ᠤᠷᠴᠢᠭᠤᠯᠭ᠎ᠠ ᠶᠢᠨ ᠠᠩᠬᠠᠨ ᠤ ᠭᠠᠷ ᠎ ᠤᠨ ᠠᠪᠤᠯᠭ᠎ᠠ ᠪᠤᠯᠬᠤ ︽ᠮᠡᠷᠭᠡᠳ ᠭᠠᠷᠬᠤ ᠶᠢᠨ ᠤᠷᠤᠨ ᠨᠡᠷᠡᠲᠦ ᠳᠤᠭᠳᠠᠭᠠᠭᠰᠠᠨ ᠳᠠᠭᠶᠠᠭ︾᠂ ᠮᠥᠨ ︽ᠯᠢᠰᠢ ᠎ ᠶᠢᠨ ᠤᠷᠲᠦ ᠬᠠᠷᠰᠢ︾ ᠵᠡᠷᠭᠡ ᠶᠢ ᠨᠠᠶᠢᠷᠠᠭᠤᠯᠵᠤ ᠪᠠᠷᠯᠠᠬᠤ ᠠᠵᠢᠯ ᠳᠤ ᠭᠤᠤᠯᠯᠠᠵᠤ ᠤᠷᠤᠯᠴᠠᠨ ᠪᠤᠳᠠᠳᠠᠢ ᠬᠠᠷᠢᠭᠤᠴᠠᠵᠤ ᠪᠡᠶᠡᠯᠡᠭᠦᠯᠵᠡᠢ᠃        1742 —1749 ᠤᠨ ᠤ ᠬᠤᠭᠤᠷᠤᠨᠳᠤ ᠲᠡᠷᠡ ᠪᠠᠷ 225 ᠪᠤᠳᠢ ᠪᠦᠬᠦᠢ ︽ᠳ᠋ᠠᠨᠵᠤᠤᠷ︾ ᠰᠣᠳᠤᠷ ᠎ ᠢ ᠮᠣᠩᠭᠤᠯᠴᠢᠯᠠᠵᠤ ᠪᠠᠷᠯᠠᠬᠤ ᠲᠤᠮᠤ ᠠᠵᠢᠯ ᠢ ᠭᠤᠤᠯᠴᠢᠯᠠᠨ ᠤᠷᠤᠯᠴᠠᠵᠤ ᠬᠦᠢᠴᠡᠳᠭᠡᠭᠰᠡᠨ ᠪᠦᠭᠡᠳ ᠡᠷᠲᠡᠨ ᠤ ᠪᠤᠭᠳᠠ ᠡᠷᠳᠡᠮᠳᠡᠨ ᠴᠣᠶᠢᠵᠢᠠᠤᠳᠰᠠᠷ ᠪᠠᠨᠳᠢᠳᠠ ᠶᠢᠨ ᠤᠷᠴᠢᠭᠤᠯᠤᠭᠰᠠᠨ ︽ᠪᠤᠳᠢᠴᠠᠷ᠎ᠠ — ᠠᠸᠠᠳᠠᠷ᠎ᠠ︾ ᠵᠡᠷᠭᠡ ᠨᠤᠮ ᠰᠤᠳᠤᠷ ᠢ ᠳᠠᠬᠢᠨ ᠰᠢᠬᠦᠵᠦ ᠵᠠᠰᠠᠭᠠᠳ ᠬᠡᠪᠯᠡᠵᠦ ᠭᠠᠷᠭᠠᠭᠰᠠᠨ ᠪᠠᠶᠢᠨ᠎ᠠ᠃ ᠲᠡᠶᠢᠮᠦ ᠠᠴᠠ ᠪᠢᠯᠢᠬᠦᠨᠳᠠᠯᠠᠢ ᠪᠤᠯ ᠮᠤᠩᠭᠤᠯ ᠦᠨᠳᠦᠰᠦᠲᠡᠨ ᠤ ᠠᠯᠳᠠᠷᠲᠦ ᠤᠷᠴᠢᠭᠤᠯᠤᠭᠴᠢ ᠪᠤᠯᠬᠤ ᠪᠦᠭᠡᠳ ᠨᠡᠷ᠎ᠡ ᠨᠢ ᠨᠢᠳᠡᠷ ᠲᠤ ᠪᠠᠨ ᠨᠡᠶᠢᠴᠡᠭᠰᠡᠨ ︽ᠤᠷᠠᠳ ᠬᠦᠦᠰᠢ︾ ᠮᠥᠨ᠃ ᠲᠡᠷᠡ ᠪᠠᠷ ᠬᠡᠯᠡ ᠰᠢᠨᠵᠢᠯᠡᠯ ᠤᠨ ᠤᠬᠠᠭᠠᠨᠳᠠᠨ ᠪᠤᠯᠤᠭᠰᠠᠨ ᠤ ᠬᠤᠪᠢ ᠳᠤ᠂ ︽ᠵᠢᠷᠦᠬᠡᠨ ᠳᠤᠯᠳᠤ ᠶᠢᠨ ᠬᠤᠷᠢᠶᠠᠩᠭᠤᠢ︾ ᠭᠡᠬᠦ ᠮᠤᠩᠭᠤᠯ ᠬᠡᠯᠡ ᠵᠦᠢ ᠶᠢᠨ ᠪᠢᠴᠢᠭ᠂ ︽ᠲᠦᠪᠡᠳ ᠬᠡᠯᠡᠨ ᠤ ᠰᠢᠨ᠎ᠡ ᠬᠠᠭᠤᠴᠢᠨ ᠠᠶᠠᠯᠭᠤᠰ ᠤᠨ ᠢᠯᠭᠠᠯ ᠢ ᠦᠵᠡᠬᠦᠯᠦᠭᠴᠢ ᠰᠠᠶᠢᠨ ᠦᠭᠡᠲᠦ ᠯᠢᠰᠢ ᠶᠢᠨ ᠤᠷᠲᠤ ᠬᠠᠷᠰᠢ ᠭᠡᠮᠡᠭᠳᠡᠬᠦ ᠤᠷᠤᠰᠢᠪᠠ︾ ᠭᠡᠬᠦ ᠰᠠᠨᠰᠺᠷᠢᠲ᠂ ᠲᠦᠪᠡᠳ᠂ ᠮᠤᠩᠭᠤᠯ ᠭᠤᠷᠪᠠᠨ ᠬᠡᠯᠡᠨ ᠤ ᠬᠠᠷᠢᠴᠠᠭᠤᠯᠤᠭᠰᠠᠨ ᠲᠤᠮᠤᠬᠠᠨ ᠳᠤᠯᠢ ᠬᠤᠶᠠᠷ ᠲᠤᠮᠤ ᠪᠦᠲᠦᠭᠡᠯ ᠲᠠᠢ ᠪᠠᠶᠢᠳᠠᠭ᠃ ᠲᠡᠷᠡ ᠪᠠᠷ ᠢᠷᠠᠭᠤ ᠨᠠᠶᠢᠷᠠᠭ᠂ ᠲᠡᠦᠬᠡ᠂ ᠤᠷᠠᠨ ᠵᠤᠬᠢᠶᠠᠯ ᠤᠨ ᠳᠠᠯ᠎ᠠ ᠎ ᠪᠠᠷ ᠴᠦ ᠶᠡᠬᠡᠬᠡᠨ ᠤᠷᠤᠯᠳᠤᠯᠭ᠎ᠠ ᠪᠦᠲᠦᠭᠡᠯ ᠭᠠᠷᠭᠠᠭᠰᠠᠨ ᠶᠤᠮ᠃ ᠲᠡᠬᠦᠨ ᠤ ᠵᠤᠬᠢᠶᠠᠭᠰᠠᠨ ︽ᠪᠤᠭᠳᠠ ᠨᠠᠶᠢᠴᠢ ᠳᠤᠶᠢᠨ ᠬᠤᠳᠤᠭᠳᠤ ᠳ᠋ᠠᠯᠠᠢ ᠮᠠᠨᠽᠤᠰᠢᠷᠢ ᠶᠢᠨ ᠳ᠋ᠤᠮᠤᠭ ᠳᠤᠳᠤᠷᠬᠠᠶ᠎ᠠ ᠬᠡᠶᠢᠬᠦᠯᠦᠭᠴᠢ ᠴᠢᠨᠳᠠᠮᠤᠨᠢ ᠡᠷᠢᠭᠡ ᠭᠡᠮᠡᠭᠳᠡᠬᠦ ᠤᠷᠤᠰᠢᠪᠠ︾ ᠭᠡᠬᠦ ᠪᠦᠲᠦᠭᠡᠯ ᠨᠢ 18 ᠳ᠋ᠤᠭᠠᠷ ᠵᠠᠭᠤᠨ ᠤ ᠦᠶ᠎ᠡ ᠵᠢᠨ‌‍ᠲ᠋ᠡᠦᠬᠡᠨ ᠤᠷᠠᠨ ᠵᠤᠬᠢᠶᠠᠯ ᠤᠨ ᠰᠢᠯᠢᠳᠡᠭ ᠳᠤᠷᠠᠰᠬᠠᠯ ᠪᠢᠴᠢᠭ ᠪᠤᠯᠵᠠᠢ᠃
 
ᠢᠷᠡᠯᠲᠡ᠄ ᠨᠠ᠊ · ᠰᠠᠶᠢᠰᠢᠶᠠᠯᠲᠦ ᠶᠢᠨ ᠡᠷᠬᠢᠯᠡᠨ ᠨᠠᠶᠢᠷᠠᠭᠤᠯᠤᠭᠰᠠᠨ ︽ᠮᠤᠩᠭᠤᠯ ᠤᠷᠠᠨ ᠵᠤᠬᠢᠶᠠᠯ ᠤᠨ ᠳᠡᠦᠭᠡ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号