ᠲᠡᠯᠡᠬᠡᠢ ᠳᠤ ᠠᠯᠳᠠᠷᠰᠢᠭᠰᠠᠨ ᠤᠷᠭᠤᠮᠠᠯ ᠤᠨ ᠡᠷᠳᠡᠮᠳᠡᠨ ᠲᠤᠩᠷᠦᠪ — ᠦᠵᠦᠮᠦᠴᠢᠨ ᠤ ᠵᠢᠱᠢᠶᠡᠴᠢ ᠮᠠᠯᠴᠢᠨ ᠲᠤᠩᠷᠦᠪ ᠤᠨ ᠲᠤᠬᠠᠢ ᠲᠡᠮᠳᠡᠭᠯᠡᠯ
ᠨᠡᠶᠢᠲᠡᠯᠡᠭᠰᠡᠨ ᠴᠠᠭ᠄
2018/2/8
                               ᠵᠣᠬᠢᠶᠠᠭᠴᠢ᠄ ᠤᠷᠢᠶᠠᠩᠬᠠᠨ ᠶᠣᠨᠳᠤᠨ          ᠬᠤᠷᠢᠳᠤᠭᠠᠷ ᠵᠠᠭᠤᠨ ᠤ ᠲᠤᠮᠳᠠᠴᠢ ᠪᠠᠷ ᠦᠵᠦᠮᠦᠴᠢᠨ ᠨᠤᠲᠤᠭ ᠲᠠᠭᠠᠨ ᠦᠯᠡᠮᠵᠢ ᠬᠠᠶᠢᠷᠠᠳᠠᠢ᠂ ᠦᠷᠬᠡᠨ ᠠᠭᠤᠳᠠᠮ ᠪᠠᠶᠢᠭᠠᠯᠢ ᠪᠠᠨ ᠦᠷᠦᠴᠡᠨ ᠳᠡᠭᠡᠨ ᠲᠡᠭᠡᠵᠢᠯᠡᠳᠡᠭ᠂ ᠦᠩᠬᠡ ᠶᠢᠨ ᠲᠦᠭᠡᠮᠡᠯ ᠤᠷᠭᠤᠮᠠᠯ ᠢ ᠨᠢ ᠵᠢᠷᠦᠬᠡᠨ ᠳᠡᠭᠡᠨ ᠰᠠᠶᠢᠯᠵᠦ᠂ ᠦᠯ ᠰᠢᠮ᠎ᠡ ᠶᠢ ᠨᠢ ᠤᠶᠤᠨ ᠳᠠᠭᠠᠨ ᠠᠭᠤᠰᠬᠠᠵᠦ᠂ ᠦᠭᠭᠢᠶᠡᠮᠦᠷ ᠭᠡᠰᠢᠭ ᠢ ᠨᠢ ᠨᠡᠭᠦᠳᠡᠯ ᠮᠠᠯᠵᠢᠯ ᠳᠠᠭᠠᠨ ᠠᠮᠢᠳᠤᠯᠢᠭ ᠢᠶᠠᠷ ᠬᠡᠷᠡᠭᠯᠡᠵᠦ ᠢᠷᠡᠭᠰᠡᠨ ᠬᠦᠮᠦᠨ ᠪᠤᠯ ᠤᠤᠯ ᠤᠨ ᠦᠵᠦᠮᠦᠴᠢᠨ ᠪᠠᠷᠠᠭᠤᠨ ᠬᠤᠰᠢᠭᠤ ᠪᠠᠷ ᠨᠤᠲᠤᠭᠳᠠᠢ᠂ ᠲᠡᠯᠭᠡᠷ ᠲᠦᠷᠦ ᠳᠡᠭᠡᠨ ᠵᠢᠱᠢᠶᠡᠴᠢ ᠶᠢᠨ ᠠᠯᠳᠠᠷ ᠢᠶᠠᠨ ᠮᠠᠨᠳᠤᠭᠤᠯᠵᠦ᠂ ᠲᠡᠯᠡᠬᠡᠢ ᠳ᠋ᠠᠬᠢᠨ ᠳᠤ ᠨᠠᠷ᠎ᠠ ᠪᠠᠨ ᠮᠦᠩᠬᠡᠯᠡᠭᠰᠡᠨ ᠰᠢᠷᠠᠨᠤᠳ ᠤᠪᠤᠭᠳᠤ ᠯᠤᠪᠰᠠᠩ ᠤᠨ ᠲᠤᠩᠷᠦᠪ ᠪᠤᠯᠬᠤ ᠶᠤᠮ᠃ ᠲᠤᠩᠷᠦᠪ ᠪᠤᠯ ᠡᠩ ᠤᠨ ᠨᠢᠭᠡᠨ ᠮᠠᠯᠴᠢᠨ ᠪᠦᠭᠡᠳ ᠦᠵᠦᠮᠦᠴᠢᠨ ᠨᠤᠲᠤᠭ ᠤᠨ ᠢᠶᠠᠨ ᠪᠡᠯᠴᠢᠭᠡᠷ ᠠᠴᠠ ᠬᠤᠯᠠᠳᠠᠭᠰᠠᠨ ᠦᠭᠡᠢ ᠦᠰᠦᠭ ᠪᠢᠴᠢᠭ ᠤᠨ ᠮᠡᠳᠡᠯᠬᠡ ᠭᠡᠵᠦ ᠦᠭᠡᠢ ᠪᠤᠯᠪᠠᠴᠦ ᠮᠠᠯᠵᠢᠯ ᠠᠮᠢᠳᠤᠷᠠᠯ ᠠᠴᠠ ᠪᠠᠨ ᠤᠬᠠᠭᠠᠨ ᠬᠤᠷᠠᠮᠳᠤᠭᠤᠯᠵᠦ ᠨᠡᠭᠦᠳᠡᠯ ᠦᠢᠯᠡᠳᠪᠦᠷᠢᠯᠡᠯ ᠠᠴᠠ ᠪᠠᠨ ᠮᠡᠳᠡᠯᠬᠡ ᠬᠤᠷᠤᠶᠢᠯᠠᠭᠰᠠᠭᠠᠷ ᠨᠠᠰᠤᠨ ᠤ ᠲᠤᠮᠳᠠ ᠶᠢ ᠬᠦᠷᠬᠦ ᠳᠤ ᠯᠡ ᠨᠡᠭᠦᠳᠡᠯ ᠮᠠᠯᠵᠢᠯ ᠰᠤᠶᠤᠯ ᠤᠨ ᠲᠠᠯᠠᠢ ᠶᠡᠭᠡ ᠮᠡᠳᠡᠯᠬᠡ ᠲᠠᠢ ᠨᠢᠭᠡᠨ ᠠᠪᠢᠶᠠᠰ ᠪᠢᠯᠢᠭᠳᠡᠨ ᠪᠤᠯᠤᠨ ᠬᠦᠮᠦᠵᠢᠭᠰᠡᠨ ᠢᠶᠠᠷ ᠡᠬᠡ ᠤᠷᠤᠨ ᠦᠯᠦᠭᠡᠢ ᠨᠤᠲᠤᠭ ᠤᠨ ᠢᠶᠠᠨ ᠤᠮᠤᠭᠰᠢᠯ ᠪᠤᠯᠵᠦ᠂ ᠦᠷᠬᠡᠨ ᠶᠡᠭᠡ ᠮᠡᠳᠡᠯᠭᠡ ᠶᠢᠨ ᠰᠠᠩ ᠢᠶᠠᠨ ᠨᠡᠭᠡᠭᠡᠵᠦ ᠲᠡᠯᠡᠬᠡᠢ ᠳ᠋ᠠᠬᠢᠨ ᠤ ᠡᠷᠳᠡᠮᠳᠡᠳ ᠤᠨ ᠪᠢᠰᠢᠷᠡᠯ ᠬᠦᠷᠢᠶᠡᠯᠡᠯ ᠢ ᠤᠯᠵᠦ᠂ ᠦᠯᠡᠮᠵᠢ ᠶᠡᠭᠡ ᠤᠶᠤᠨ ᠤ ᠭᠠᠶᠢᠬᠠᠮᠰᠢᠭ ᠡᠭᠦᠳᠴᠦ ᠶᠠᠪᠤᠭᠰᠠᠨ ᠪᠠᠶᠢᠨ᠎ᠠ᠃ ᠭᠡᠪᠡᠴᠦ ᠲᠤᠬᠠᠢ ᠶᠢᠨ ᠦᠶ᠎ᠡ ᠶᠢᠨ ᠨᠡᠶᠢᠭᠡᠮ ᠰᠤᠶᠤᠯ ᠤᠨ ᠬᠤᠴᠦᠷᠦᠩᠭᠤᠢ ᠠᠴᠠ ᠪᠤᠯᠤᠭᠰᠠᠨ ᠪᠠ ᠨᠡᠩ ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠠᠴᠠ ᠪᠤᠯᠵᠦ᠂ ᠡᠨᠡᠬᠦ ᠶᠡᠭᠡ ᠡᠷᠳᠡᠮᠳᠡᠨ ᠤ ᠮᠠᠨᠢ ᠤᠯᠠ ᠮᠦᠷ ᠨᠢ ᠲᠡᠤᠬᠡ ᠰᠤᠶᠤᠯ ᠤᠨ ᠲᠡᠮᠳᠡᠭᠯᠡᠯ ᠳᠤ ᠲᠡᠮᠡᠢ ᠲᠤᠲᠤᠷᠠᠭ᠎ᠠ ᠦᠭᠡᠢ ᠪᠠᠯᠠᠷᠬᠠᠶᠢᠰᠢᠭᠰᠠᠨ ᠪᠠᠶᠢᠵᠦ᠂ ᠨᠡᠩ ᠲᠡᠭᠦᠨ ᠤ ᠤᠷᠭᠤᠮᠠᠯ ᠤᠨ ᠲᠦᠷᠦᠯ ᠵᠦᠢᠯ ᠤᠨ ᠦᠷᠭᠡᠨ ᠶᠡᠭᠡ ᠮᠡᠳᠡᠯᠭᠡ ᠶᠢᠨ ᠰᠠᠩ ᠪᠠ ᠴᠠᠭ ᠠᠭᠠᠷ ᠤᠨ ᠰᠢᠨᠵᠢᠯᠡᠭᠡᠨ ᠤ ᠭᠦᠨᠴᠡ ᠲᠠᠢ ᠠᠷᠭ᠎ᠠ ᠲᠤᠷᠰᠢᠯᠭ᠎ᠠ ᠨᠢ ᠦᠯᠡᠳᠡᠭᠰᠡᠨ ᠶᠠᠭᠤᠮ᠎ᠠ ᠭᠡᠵᠦ ᠦᠭᠡᠢ ᠲᠠᠮᠳᠤᠷᠠᠭᠰᠠᠨ ᠨᠢ ᠦᠨᠡᠬᠡᠷ ᠬᠠᠷᠠᠮᠰᠠᠯᠳᠠᠢ ᠪᠤᠯᠵᠠᠢ᠃ ᠲᠤᠩᠷᠦᠪ ᠨᠠᠰᠤᠳᠠᠨ ᠤ ᠮᠡᠨᠳᠦᠯᠡᠭᠰᠡᠨ 108 ᠵᠢᠯ ᠤᠨ ᠤᠢ ᠶᠢ ᠲᠤᠷᠠᠰᠬᠠᠬᠤ ᠲᠤᠬᠢᠶᠠᠯᠳᠤᠯ ᠪᠠ ᠤᠯᠠᠨ ᠲᠠᠶᠠᠭᠠᠷ ᠤᠨ ᠬᠦᠰᠡᠯᠳᠡ ᠪᠠᠷ ᠡᠨᠡᠬᠦ ᠨᠤᠲᠤᠭ ᠤᠷᠤᠨ ᠤ ᠡᠷᠳᠡᠮᠳᠡᠨ ᠤ ᠪᠠᠨ ᠶᠡᠭᠡ ᠨᠠᠷ᠎ᠠ ᠠᠯᠳᠠᠷ ᠢ ᠤᠯᠠᠮ ᠲᠤᠲᠤᠷᠠᠭᠤᠯᠬᠤ ᠶᠢᠨ ᠲᠤᠰᠠᠳᠠ᠂ ᠪᠢ ᠲᠤᠩᠷᠦᠪ ᠭᠤᠸᠠᠢ ᠶᠢᠨ ᠲᠤᠬᠠᠢ ᠪᠢᠴᠢᠭ ᠮᠠᠲ᠋ᠧᠷᠢᠶᠠᠯ ᠢ ᠴᠤᠭᠯᠠᠭᠤᠯᠵᠦ᠂ ᠬᠠᠮᠢᠶᠠᠳᠠᠢ ᠬᠦᠮᠦᠰ ᠢ ᠰᠤᠷᠪᠤᠯᠵᠢᠯᠠᠭᠰᠠᠨ ᠢᠶᠠᠨ ᠡᠮᠬᠢᠯᠡᠨ ᠨᠠᠶᠢᠷᠠᠭᠤᠯᠵᠦ᠂ ᠲᠤᠤᠷᠠᠬᠢ ᠮᠡᠳᠦ ᠪᠦᠯᠦᠭ ᠬᠤᠪᠢᠶᠠᠨ ᠤᠶᠢᠯᠠᠭᠠᠭᠰᠠᠨ ᠤ ᠪᠠᠨ ᠬᠢᠷᠢ ᠪᠠᠷ ᠲᠠᠨᠢᠯᠴᠠᠭᠤᠯᠰᠤᠭᠠᠢ᠄          ᠨᠢᠭᠡ ᠯᠤ᠂ ᠲᠤᠩᠷᠦᠪ ᠤᠨ ᠲᠦᠬᠦᠮ ᠨᠠᠮᠳᠠᠷ ᠤᠨ ᠲᠤᠷᠠᠰᠤᠮᠵᠢ              ᠲᠤᠩᠷᠦᠪ ᠪᠤᠯ 1907 ᠤᠨ ᠤ ᠤᠯᠠᠭᠴᠢᠨ ᠮᠤᠭᠠᠢ ᠵᠢᠯ ᠲᠠᠷᠤᠢ ᠪᠠᠳᠠᠷᠠᠭᠤᠯᠳᠦ ᠲᠦᠷᠦ ᠶᠢᠨ ᠭᠤᠴᠢᠨ ᠬᠤᠶᠠᠷ ᠤᠨ ᠳᠤ ᠤᠤᠯ ᠤᠨ ᠦᠵᠦᠮᠦᠴᠢᠨ ᠪᠠᠷᠠᠭᠤᠨ ᠭᠠᠷᠤᠨ ᠬᠤᠰᠢᠭᠤᠨ ᠤ ᠰᠢᠷᠠᠨᠤᠳ ᠰᠤᠮᠤᠨ ᠤ ᠬᠠᠷᠢᠶᠠᠳᠤ ᠰᠢᠷᠠᠨᠤᠳ ᠤᠪᠤᠭᠳᠤ ᠯᠤᠪᠰᠠᠩ ᠤᠨ ᠬᠤᠶᠠᠳᠤᠭᠠᠷ ᠬᠦᠪᠡᠭᠦᠨ ᠪᠤᠯᠤᠨ ᠵᠠᠶᠠᠭᠠᠵᠠᠢ᠃ ᠲᠡᠷᠡ᠂ ᠡᠶᠡᠯᠳᠡᠭ ᠵᠦᠬᠡᠯᠡᠨ ᠵᠠᠩ ᠲᠠᠢ᠂ ᠰᠢᠷ᠎ᠠ ᠪᠤᠷᠤ ᠵᠢᠰᠦ ᠲᠠᠢ᠂ ᠤᠷᠤᠰᠤᠮ᠎ᠠ ᠰᠠᠶᠢᠬᠠᠨ ᠶᠠᠷᠢᠶ᠎ᠠ ᠲᠠᠢ᠂ ᠲᠤᠮᠳᠠ ᠬᠡᠪ ᠤᠨ ᠪᠡᠶ᠎ᠡ ᠲᠠᠢ ᠶᠡᠭᠡ ᠠᠵᠢᠯᠰᠠᠭ ᠬᠦᠮᠦᠨ ᠪᠠᠶᠢᠵᠠᠢ᠃ ᠵᠠᠯᠠᠭᠤ ᠪᠠᠭ᠎ᠠ ᠨᠠᠰᠤᠨ ᠳᠠᠭᠠᠨ ᠠᠮᠢᠳᠤᠷᠠᠯ ᠶᠠᠳᠠᠭᠤ ᠵᠦᠳᠡᠭᠦᠤ ᠪᠠᠶᠢᠭᠰᠠᠨ ᠢᠶᠠᠷ ᠨᠠᠰᠤᠨᠪᠠᠳᠤ᠂ ᠲᠠᠩᠭᠤᠳ ᠤᠨ ᠬᠡᠤᠬᠡᠨ ᠵᠡᠷᠬᠡ ᠪᠠᠶᠠᠨ ᠠᠶᠢᠯ ᠳᠤ ᠬᠦᠴᠦ ᠶᠠᠪᠤᠵᠦ᠂ ᠬᠤᠨᠢᠨ ᠰᠦᠷᠦᠭ ᠭᠤᠤᠯᠳᠠᠭᠤ ᠬᠠᠷᠢᠭᠤᠯᠳᠠᠭ ᠢᠶᠠᠷ ︽ᠬᠤᠨᠢᠴᠢᠨ ᠲᠤᠩᠷᠦᠪ︾ ᠴᠤ ᠭᠡᠳᠡᠭ᠃ ᠵᠠᠷᠢᠮ ᠠᠶᠢᠯ ᠳᠤ 8 — 10 ᠭᠠᠷᠤᠢ ᠵᠢᠯ ᠬᠤᠨᠢᠨ ᠳᠤ ᠬᠦᠴᠦ ᠶᠠᠪᠤᠭᠰᠠᠨ ᠭᠡᠬᠦ ᠪᠦᠭᠡᠳ ᠬᠡᠤᠬᠡᠨ ᠪᠠᠶᠠᠨ ᠤ ᠳᠤ ᠭᠤᠷᠪᠠᠨ ᠵᠢᠯ ᠬᠤᠨᠢ ᠬᠠᠷᠢᠭᠤᠯᠤᠭᠰᠠᠨ ᠭᠡᠵᠦ ᠶᠠᠷᠢᠳᠠᠭ ᠪᠠᠶᠢᠪᠠ᠃ ᠲᠤᠩᠷᠦᠪ ᠵᠠᠯᠠᠭᠤ ᠳᠠᠭᠠᠨ ᠶᠡᠭᠡ ᠰᠡᠴᠡᠨ ᠰᠡᠷᠭᠦᠯᠡᠩ ᠬᠡᠤᠬᠡᠳ ᠪᠠᠶᠢᠭᠰᠠᠨ ᠪᠤᠯᠬᠤᠷ ᠮᠠᠯ ᠮᠠᠯᠵᠢᠬᠤ ᠳᠤ ᠶᠡᠭᠡ ᠤᠷᠮ᠎ᠠ ᠪᠠᠬ᠎ᠠ ᠲᠠᠢ ᠪᠠᠶᠢᠵᠦ᠂ ᠪᠤᠰᠤᠳ ᠠᠴᠠ ᠠᠰᠠᠭᠤᠵᠦ ᠤᠶᠢᠯᠠᠭᠠᠬᠤ ᠠᠴᠠ ᠨᠠᠰᠢ ᠵᠤᠭᠰᠤᠳᠠᠭ ᠦᠭᠡᠢ ᠰᠤᠨᠢᠷᠬᠠᠯ ᠢᠶᠠᠨ ᠪᠡᠶᠡᠯᠡᠭᠦᠯᠳᠡᠭ ᠵᠠᠩᠰᠢᠯ ᠲᠠᠢ ᠪᠠᠶᠢᠵᠠᠢ᠃ ᠲᠡᠷᠡ ᠠᠪᠤ ᠶᠢᠨ ᠢᠶᠠᠨ ᠦᠬᠡ ᠶᠢ ᠬᠢᠨᠠᠮᠠᠭᠠᠢ ᠰᠤᠨᠤᠰᠴᠦ᠂ ᠪᠠᠭ᠎ᠠ ᠠᠴᠠ ᠪᠠᠨ ᠬᠤᠨᠢ ᠬᠠᠷᠢᠭᠤᠯᠬᠤ ᠤᠷ᠎ᠠ ᠲᠡᠮ ᠢ ᠦᠪᠯᠡᠭᠰᠡᠨ ᠲᠦᠯᠦᠪ ᠲᠠᠢ᠂ ᠤᠯᠠᠨ ᠵᠢᠯ ᠤᠨ ᠬᠤᠨᠢ ᠮᠠᠯ ᠬᠠᠷᠢᠭᠤᠯᠬᠤ ᠶᠠᠪᠤᠴᠠ ᠳᠠᠭᠠᠨ ᠲᠡᠷᠡ ᠦᠶ᠎ᠡ ᠶᠢᠨ ᠲᠤᠷᠰᠢᠯᠭ᠎ᠠ ᠲᠠᠢ ᠠᠬᠠᠮᠠᠳ ᠪᠤᠭᠤᠷᠤᠯ ᠤᠳ ᠠᠴᠠ ᠡᠪᠡᠰᠦ ᠪᠡᠯᠴᠢᠭᠡᠷ ᠤᠨ ᠨᠡᠷᠡᠰ᠂ ᠲᠡᠭᠦᠨ ᠤ ᠰᠢᠮ᠎ᠡ ᠴᠢᠨᠠᠷ ᠢ ᠵᠢᠭᠠᠯᠭᠠᠵᠦ᠂ ᠴᠡᠭᠡᠵᠢᠯᠠᠵᠦ ᠲᠤᠭᠳᠠᠭᠠᠳᠠᠭ ᠢᠶᠠᠷ ᠦᠷᠭᠡᠨ ᠶᠡᠭᠡ ᠮᠡᠳᠡᠯᠭᠡ ᠶᠢ ᠡᠵᠡᠮᠰᠢᠭᠰᠡᠨ᠂ ᠶᠡᠭᠡ ᠴᠡᠭᠡᠵᠢ ᠲᠠᠢ ᠬᠦᠮᠦᠨ ᠪᠤᠯᠤᠨ ᠬᠦᠮᠦᠵᠢᠭᠳᠡᠵᠡᠢ᠂ ᠠᠶᠢᠯ ᠳᠤ ᠬᠤᠨᠢ ᠮᠠᠯᠵᠢᠵᠦ ᠪᠠᠶᠢᠭᠠᠳ ᠬᠦᠯᠦᠰᠦᠨ ᠳᠤᠨᠢ ᠬᠤᠨᠢ ᠠᠪᠴᠤ᠂ ᠤᠯᠤᠭᠰᠠᠨ ᠬᠡᠳᠦ ᠪᠠᠨ ᠦᠷᠡᠵᠢᠭᠦᠯᠦᠨ ᠦᠰᠭᠡᠭᠡᠳ ᠬᠦᠳᠡᠯᠮᠦᠷᠢ ᠮᠡᠳᠡᠯᠭᠡ ᠶᠢᠨ ᠢᠶᠠᠨ ᠴᠢᠷᠮᠠᠶᠢᠯᠭ᠎ᠠ ᠪᠠᠷ ᠴᠢᠳᠦᠷ ᠤᠨ ᠮᠤᠷᠢ ᠱᠦᠯᠦᠨ ᠤ ᠬᠤᠨᠢ᠂ ᠰᠠᠭᠠᠯᠢ ᠶᠢᠨ ᠦᠨᠢᠶᠡᠳ ᠲᠠᠢ ᠪᠤᠯᠵᠦ ᠠᠮᠢᠳᠤᠷᠠᠯ ᠢᠶᠠᠨ ᠦᠭᠡᠳᠡᠯᠡᠭᠦᠯᠦᠨ ᠲᠡᠭᠵᠢᠷᠡᠭᠦᠯᠵᠦ ᠶᠠᠪᠤᠭᠰᠠᠨ ᠪᠠᠶᠢᠪᠠ᠃ ᠬᠤᠨᠢᠴᠢᠨ ᠮᠠᠨᠢ ᠲᠦᠴᠢᠭᠡᠳ ᠤᠨ ᠤ ᠲᠤᠮᠳᠠᠴᠢ ᠠᠴᠠ ᠪᠠᠶᠠᠨ ᠮᠠᠯᠴᠢᠳ ᠲᠤ ᠬᠦᠴᠦ ᠶᠠᠪᠤᠬᠤ ᠪᠠᠨ ᠪᠤᠯᠢᠵᠦ᠂ ᠦᠪᠡᠷ ᠤᠨ ᠭᠡᠬᠦ ᠮᠠᠯ ᠬᠦᠷᠦᠩᠬᠡ ᠲᠠᠢ ᠪᠤᠯᠵᠦ᠂ ᠪᠡᠶ᠎ᠡ ᠪᠠᠨ ᠲᠠᠭᠠᠭᠠᠵᠦ ᠠᠮᠢᠳᠤᠷᠠᠬᠤ ᠬᠦᠴᠦᠨ ᠲᠠᠢ ᠪᠤᠯᠵᠠᠢ᠃ ᠲᠡᠷᠡ ᠦᠪᠡᠷ ᠤᠨ ᠬᠤᠨᠢᠨ ᠰᠦᠷᠦᠭ ᠢᠶᠠᠨ ᠦᠰᠭᠡᠵᠦ ᠶᠠᠪᠤᠬᠤ ᠳᠠᠭᠠᠨ ᠦᠵᠦᠮᠦᠴᠢᠨ ᠤ ᠦᠭᠡᠭᠦᠨ ᠰᠡᠭᠦᠯᠳᠦ ᠬᠤᠨᠢ ᠶᠢᠨ ᠲᠡᠭᠡᠳᠦ ᠪᠠᠷᠢᠮᠵᠢᠶ᠎ᠠ ᠪᠠᠷ ᠰᠢᠯᠢᠨ ᠰᠤᠩᠭᠤᠵᠦ᠂ ᠡᠬᠡ ᠮᠠᠯ ᠪᠠ ᠬᠤᠴᠠ ᠶᠢᠨ ᠰᠢᠯᠢᠳᠡᠭ ᠴᠢᠨᠠᠷ ᠢ ᠬᠡᠵᠢᠶᠡᠳᠡ ᠠᠩᠬᠠᠷᠴᠦ ᠮᠠᠯᠵᠢᠳᠠᠭ ᠢᠶᠠᠷ ᠲᠡᠭᠦᠨ ᠤ ᠬᠤᠨᠢ ᠨᠢ ᠨᠤᠭᠤᠰᠤ ᠤᠷᠳᠤ᠂ ᠵᠤ ᠨᠢᠷᠤᠭᠤ ᠲᠡᠭᠰᠢᠬᠡᠨ ᠪᠦᠭᠡᠷᠡᠩᠬᠡᠢ᠂ ᠪᠡᠶ᠎ᠡ ᠰᠡᠭᠦᠯ ᠪᠦᠳᠦᠭᠦᠨ ᠪᠠᠶᠢᠳᠠᠭ ᠤᠨᠴᠠᠯᠢᠭ ᠲᠠᠢ ᠪᠦᠭᠡᠳ ᠬᠠᠷ᠎ᠠ ᠬᠦᠵᠦᠭᠦᠳᠦ ᠪᠤᠶᠤ ᠬᠠᠷᠠᠨᠳᠠᠨ ᠵᠢᠰᠦᠮ ᠤᠨ ᠭᠤᠤᠯᠳᠠᠭᠤ ᠪᠠᠶᠢᠭᠰᠠᠨ ᠪᠠᠶᠢᠵᠠᠢ᠂ ᠦᠬᠡᠷ ᠰᠦᠷᠦᠭ ᠨᠢ ᠤᠯᠠᠭᠠᠨ ᠬᠦᠷᠡᠩ᠂ ᠰᠢᠷ᠎ᠠ ᠲᠠᠯᠠᠨ ᠵᠢᠰᠦᠮ ᠤᠯᠠᠩᠬᠢ ᠲᠤᠭ᠎ᠠ ᠶᠢ ᠡᠵᠡᠯᠡᠵᠦ᠂ ᠲᠤᠯᠤᠭ᠎ᠠ ᠨᠠᠢᠮᠠᠨ ᠠᠴᠢᠯᠭᠠᠨ ᠲᠡᠷᠬᠡ ᠲᠠᠢ ᠠᠷᠪᠠ ᠭᠠᠷᠤᠢ ᠬᠦᠯᠪᠦᠷᠢ ᠶᠢᠨ ᠱᠠᠷ ᠲᠠᠢ ᠬᠠᠮᠢᠭᠠᠰᠢ ᠪᠠᠨ ᠨᠡᠭᠦᠭᠰᠡᠨ ᠴᠤ ᠬᠦᠮᠦᠨ ᠤ ᠭᠠᠷ ᠬᠠᠷᠠᠬᠤ ᠦᠭᠡᠢ ᠪᠤᠯᠵᠠᠢ᠃ ᠭᠡᠳᠡᠯ᠎ᠡ ᠠᠳᠤᠭᠤ ᠶᠡᠭᠡ ᠴᠦᠬᠡᠨ ᠲᠠᠢ ᠠᠶᠢᠯ ᠪᠠᠶᠢᠵᠠᠢ᠂ ᠲᠤᠩᠷᠦᠪ ᠭᠤᠸᠠᠢ ᠬᠤᠶᠠᠷ ᠨᠤᠮᠤᠬᠠᠨ ᠴᠠᠭᠠᠨ ᠰᠠᠷᠠᠯ ᠮᠤᠷᠢ ᠲᠠᠢ᠂ ᠬᠤᠶᠠᠷ ᠬᠤᠸᠠ ᠰᠠᠷᠠᠭᠴᠢ ᠭᠡᠭᠦᠤ ᠲᠠᠢ ᠪᠠᠶᠢᠯ᠎ᠠ ᠭᠡᠳᠡᠭ᠃ ᠲᠡᠷᠡ ᠬᠤᠶᠠᠷ ᠰᠠᠷᠠᠯ ᠮᠤᠷᠢ ᠪᠠᠨ ᠬᠤᠨᠢᠨ ᠳᠠᠭᠠᠨ ᠭᠤᠤᠯᠳᠠᠭᠤ ᠤᠨᠤᠵᠦ᠂ ᠬᠦᠭᠰᠢᠨ ᠤᠳᠤ ᠨᠢ ᠬᠤᠶᠠᠷ ᠰᠠᠷᠠᠭᠴᠢ ᠭᠡᠭᠦᠤ ᠪᠠᠨ ᠤᠨᠤᠵᠦ ᠦᠬᠡᠷ ᠰᠦᠷᠦᠭ ᠲᠡᠭᠡᠨ ᠶᠠᠪᠤᠳᠠᠭ ᠪᠦᠭᠡᠳ ᠤᠷᠤᠢ ᠪᠦᠷᠢ ᠮᠤᠷᠢ ᠲᠠᠯᠪᠢᠵᠦ ᠠᠷᠭᠠᠮᠵᠢᠬᠤ ᠳᠤ ᠬᠡᠤᠬᠡᠨ ᠨᠠᠷᠠᠠᠬᠤᠸᠠᠷ ᠤᠨ ᠬᠢᠨᠢ ᠠᠵᠦ ᠪᠤᠯᠳᠠᠭ ᠪᠠᠶᠢᠵᠠᠢ᠃              ᠲᠦᠴᠢᠨ ᠲᠠᠪᠤᠨ ᠤᠨ ᠳᠤ ᠡᠳᠡᠨᠡᠶᠢᠬᠢᠨ ᠮᠤᠷᠤᠢ ᠨᠠᠭᠤᠷ ᠬᠠᠪᠢ ᠪᠠᠷ ᠨᠠᠮᠤᠷᠵᠢᠵᠦ ᠲᠡᠨᠳᠡ ᠬᠤᠨᠢ ᠪᠠᠨ ᠠᠬᠠᠷᠯᠠᠵᠦ ᠪᠠᠶᠢᠵᠠᠢ᠃ ᠨᠢᠭᠡᠨ ᠡᠳᠦᠷ᠂ ᠶᠠᠫᠤᠨ ᠤ ᠬᠦᠮᠦᠰ ᠬᠦᠷᠢᠶ᠎ᠡ ᠰᠦᠮ᠎ᠡ ᠶᠢᠨ ᠵᠡᠭᠦᠨ ᠡᠮᠦᠨ᠎ᠡ ᠪᠠᠶᠢᠭᠰᠠᠨ ᠤᠷᠤᠨ ᠰᠠᠭᠤᠴᠠ ᠪᠠᠨ ᠭᠠᠯᠳᠠᠵᠦ ᠬᠠᠶᠠᠭᠰᠠᠨ ᠢᠶᠠᠨ ᠬᠡᠳᠦᠨ ᠨᠤᠭᠤᠭᠠᠨ ᠠᠴᠢᠶᠠᠨ ᠤ ᠮᠠᠰᠢᠨ ᠢᠶᠠᠷ ᠢᠶᠠᠨ ᠤᠷᠤᠭᠰᠢ ᠲᠤᠩᠷᠦᠪ ᠤᠨ ᠭᠡᠷ ᠤᠨ ᠬᠠᠵᠠᠭᠤ ᠪᠠᠷ ᠤᠷᠤᠭᠰᠢ ᠲᠤᠭᠤᠰᠤ ᠲᠠᠳᠠᠭᠤᠯᠤᠨ ᠬᠦᠶᠦᠯᠭᠡᠬᠦ ᠨᠢ ᠲᠡᠷᠡ᠃ ᠪᠠᠰᠠ ᠵᠠᠷᠢᠮ ᠬᠦᠮᠦᠨ ᠨᠢ ᠮᠠᠰᠢᠨ ᠳᠠᠭᠠᠨ ᠲᠡᠭᠦᠵᠢᠯᠡᠭᠳᠡᠨ ᠶᠠᠪᠤᠵᠦ ᠪᠠᠶᠢᠬᠤ ᠶᠢ ᠬᠤᠨᠢ ᠠᠬᠠᠷᠯᠠᠵᠦ ᠪᠠᠶᠢᠭᠰᠠᠨ ᠮᠠᠯᠴᠢᠳ ᠰᠤᠨᠢᠷᠬᠠᠨ ᠭᠠᠶᠢᠬᠠᠵᠠᠢ᠃ ᠲᠡᠭᠡᠭᠰᠡᠨ ᠴᠢᠨᠢ ᠤᠷᠤᠢ ᠨᠢ ᠤᠷᠤᠰ ᠤᠨ ᠴᠡᠷᠢᠭ ᠤᠷᠤᠵᠦ ᠢᠷᠡᠭᠰᠡᠨ ᠢ ᠮᠡᠳᠡᠵᠡᠭᠡᠵᠡᠢ᠂ ᠢᠩᠭᠢᠭᠡᠳ ᠶᠡᠭᠡ ᠴᠡᠷᠢᠭ ᠤᠨ ᠬᠦᠯ ᠠᠴᠠ ᠵᠠᠶᠢᠯᠠᠬᠤ ᠪᠠᠷ ᠲᠡᠨᠳᠡ ᠠᠴᠠ ᠪᠠᠨ ᠲᠠᠷᠤᠶᠢᠬᠠᠨ ᠨᠡᠭᠦᠵᠦ᠂ ᠪᠠᠷᠠᠭᠤᠨ ᠶᠡᠭᠡ ᠠᠭᠤᠯᠠ ᠪᠤᠯᠬᠤ ᠤᠩᠭᠤᠨ ᠴᠠᠪᠴᠢᠷ ᠤᠨ ᠶᠡᠭᠡ ᠭᠠᠩᠭ᠎ᠠ ᠭᠤᠤ ᠪᠠᠷ ᠰᠢᠷᠭᠤᠭᠰᠠᠨ ᠠᠴᠠ ᠬᠦᠮᠦᠨ ᠮᠠᠯ ᠨᠢ ᠮᠡᠨᠳᠦ ᠬᠤᠴᠦᠷᠨᠭ᠌ᠰᠠᠨ ᠪᠠᠶᠢᠵᠠᠢ᠃              ᠡᠳᠡᠨᠡᠶᠢᠬᠢᠨ ᠲᠡᠭᠡᠳᠦ ᠠᠴᠠ ᠪᠠᠨ ᠠᠪᠤᠭᠠᠳ ᠵᠠᠩᠭᠢ ᠶᠢᠨ ᠤᠪᠤᠭ᠎ᠠ — ᠴᠠᠭᠠᠨ ᠲᠤᠯᠤᠭᠠᠢ ᠭᠡᠬᠦ ᠭᠠᠵᠠᠷ ᠢᠶᠠᠷ ᠨᠤᠲᠤᠭᠰᠢᠨ ᠤᠨ ᠤᠳᠠᠵᠠᠢ᠃ ᠡᠳᠡᠭᠡᠷ ᠭᠠᠵᠠᠷ ᠤᠨ ᠪᠡᠯᠴᠢᠭᠡᠷ ᠰᠢᠮᠡᠯᠢᠭ᠂ ᠵᠤᠨ ᠪᠤᠯ ᠮᠠᠩᠭᠢᠷ ᠶᠡᠭᠡ ᠤᠷᠭᠤᠳᠠᠭ ᠭᠡᠬᠦ ᠪᠦᠭᠡᠳ ᠤᠯᠠᠭᠠᠨ ᠪᠤᠳᠢᠤᠯ ᠵᠡᠷᠭᠡ ᠨᠠᠷᠢᠪᠴᠢᠳᠠᠢ ᠡᠪᠡᠰᠦ ᠤᠯᠠᠨ ᠲᠦᠷᠦᠯ ᠢᠶᠠᠷ ᠭᠠᠷᠳᠠᠭ᠂ ᠮᠠᠯ ᠳᠤ ᠰᠠᠶᠢᠨ ᠭᠠᠵᠠᠷ ᠭᠡᠵᠦ ᠨᠤᠲᠤᠭᠯᠠᠳᠠᠭ ᠪᠠᠶᠢᠵᠠᠢ᠃ ᠬᠡᠯᠡᠪᠡᠯ ᠡᠳᠡᠨᠡᠶᠢᠬᠢᠨ ᠲᠦᠷᠪᠡ ᠪᠠᠭ ᠤᠨ ᠠᠶᠢᠯ ᠪᠠᠶᠢᠭᠰᠠᠨ ᠢ ᠪᠤᠳᠤᠪᠠᠯ ᠤᠳᠤ ᠶᠢᠨ ᠠᠯᠳᠠᠨᠬᠢᠯᠢ ᠰᠤᠮᠤᠨ ᠤ ᠨᠤᠲᠤᠭ ᠢᠶᠠᠷ ᠪᠠᠶᠢᠪᠠᠯ ᠲᠠᠭᠠᠷᠠᠬᠤ ᠪᠠᠶᠢᠭᠰᠠᠨ᠂ ᠲᠦᠷᠪᠡ ᠪᠠᠭ ᠤᠨ ᠲᠠᠷᠤᠭ᠎ᠠ ᠨᠢ ᠨᠠᠰᠤᠬᠤᠷᠳᠤ ᠭᠡᠳᠡᠭ ᠬᠦᠮᠦᠨ ᠪᠠᠶᠢᠵᠠᠢ᠂ ᠭᠡᠬᠦ ᠳᠤ ᠲᠡᠷᠡ ᠲᠡᠰᠢ ᠪᠠᠨ ᠨᠡᠬᠦᠬᠦ ᠲᠤᠷ᠎ᠠ ᠦᠭᠡᠢ ᠨᠤᠲᠤᠭ ᠲᠠᠭᠠᠨ ᠬᠤᠴᠤᠷᠤᠭᠰᠠᠨ ᠢᠶᠠᠷ ᠠᠷᠪᠠᠨ ᠨᠢᠭᠡᠳᠦᠭᠡᠷ ᠪᠠᠭ ᠲᠤ ᠤᠷᠤᠵᠦ᠂ ᠨᠢᠭᠡᠳᠦᠯ ᠪᠠᠷᠢᠭᠠᠳᠠ ᠶᠢᠨ ᠦᠶ᠎ᠡ ᠳᠤ ᠤᠳᠤ ᠶᠢᠨ ᠠᠮᠤᠭᠤᠯᠠᠩ ᠪᠠᠷᠢᠭᠠᠳᠠ ᠳᠤ ᠬᠠᠷᠢᠶᠠᠯᠠᠭᠳᠠᠭᠰᠠᠨ ᠮᠦᠷᠳᠡᠭᠡᠨ ᠪᠠᠭ᠎ᠠ ᠪᠠᠷᠢᠭᠠᠳᠠ ᠶᠢᠨ ᠲᠠᠷᠤᠭ᠎ᠠ ᠶᠢᠨ ᠡᠭᠦᠷᠭᠡ ᠲᠤᠰᠢᠶᠠᠯ ᠢ ᠬᠠᠷᠢᠭᠤᠴᠠᠵᠦ ᠶᠠᠪᠤᠭᠰᠠᠨ ᠶᠤᠮ᠃ 1958 ᠤᠨ ᠳᠤ 5 ᠵᠠᠭᠤ ᠭᠠᠷᠤᠢ ᠬᠤᠨᠢ ᠂ ᠵᠠᠭᠤ ᠭᠤᠴᠢ ᠭᠠᠷᠤᠢ ᠲᠤᠯᠤᠭᠠᠢ ᠦᠬᠡᠷ ᠢᠶᠠᠷ ᠬᠠᠮᠳᠤ ᠨᠡᠶᠢᠳᠡ ᠳᠤ ᠬᠤᠪᠢ ᠤᠷᠤᠭᠤᠯᠤᠭᠰᠠᠨ ᠶᠤᠮ᠃ ᠬᠠᠪᠰᠤᠷᠤᠯ ᠬᠤᠷᠰᠢᠶ᠎ᠡ ᠪᠠᠶᠢᠭᠤᠯᠬᠤ ᠪᠤᠶᠤ ᠨᠢᠭᠡᠳᠦᠯ ᠪᠠᠷᠢᠭᠠᠳᠠ ᠤᠨ ᠦᠶ᠎ᠡ ᠳᠤ ᠲᠡᠷᠡ ᠬᠤᠪᠢᠰᠬᠠᠯ ᠤᠨ ᠵᠤᠬᠢᠶᠠᠨ ᠪᠠᠶᠢᠭᠤᠯᠬᠤ ᠠᠵᠢᠯ ᠳᠤ ᠢᠳᠡᠪᠬᠢᠳᠡᠢ ᠤᠷᠤᠯᠴᠠᠳᠠᠭ ᠪᠠᠶᠢᠭᠰᠠᠨ ᠢᠶᠠᠷ ᠠᠮᠤᠭᠤᠯᠠᠩ ᠪᠠᠷᠢᠭᠠᠳᠠ ᠶᠢᠨ ︽ᠪᠠᠶ᠋ᠬᠠᠷᠬᠡᠳᠦ ᠬᠤᠷᠰᠢᠶ᠎ᠠ︾ ᠶᠢ ᠠᠩᠬᠠᠯᠠᠨ ᠪᠠᠶᠢᠭᠤᠯᠵᠦ ᠡᠷᠬᠢᠯᠡᠭᠰᠡᠨ ᠭᠡᠳᠡᠭ᠃      ᠲᠠᠪᠢᠨ ᠨᠠᠰᠤ ᠶᠢ ᠲᠦᠬᠦᠵᠦ ᠶᠠᠪᠤᠭ᠎ᠠ ᠦᠶ᠎ᠡ ᠳᠡᠭᠡᠨ ᠲᠡᠷᠡ ᠪᠠᠷ ᠮᠠᠯ ᠮᠠᠯᠵᠢᠬᠤ ᠤᠬᠠᠭᠠᠨ ᠳᠤ ᠨᠡᠪᠳᠡᠷᠡᠭᠰᠡᠨ ᠢᠶᠠᠷ ᠪᠠᠷᠠᠬᠤ ᠦᠭᠡᠢ ᠦᠵᠦᠮᠦᠴᠢᠨ ᠨᠤᠲᠤᠭ ᠤᠨ ᠢᠶᠠᠨ ᠤᠷᠭᠤᠮᠠᠯ ᠤᠨ ᠪᠦᠷᠬᠦᠴᠡ ᠶᠢᠨ ᠪᠠᠶᠢᠳᠠᠯ ᠢ ᠭᠦᠢᠴᠡᠳ ᠲᠠᠨᠢᠨ ᠡᠵᠡᠮᠳᠡᠵᠦ᠂ ᠤᠯᠠᠨ ᠲᠦᠷᠦᠯ ᠤᠨ ᠡᠪᠡᠰᠦ ᠤᠷᠭᠤᠮᠠᠯ ᠢ ᠰᠢᠨᠵᠢᠯᠡᠨ ᠲᠡᠭᠦᠨ ᠤ ᠴᠢᠨᠠᠷ ᠰᠢᠮ᠎ᠡ ᠶᠢ ᠲᠠᠨᠢᠨ ᠠᠪᠴᠤ᠂ ᠶᠠᠮᠠᠷ ᠤᠯᠠᠷᠢᠯ ᠳᠤ ᠶᠠᠮᠠᠷ ᠡᠪᠡᠰᠦ ᠤᠷᠭᠤᠮᠠᠯ ᠬᠡᠷᠬᠢᠨ ᠪᠤᠯᠪᠠᠰᠤᠷᠠᠨ ᠤᠷᠭᠤᠳᠠᠭ᠂ ᠡᠨᠡ ᠦᠶ᠎ᠡ ᠳᠤ ᠶᠠᠮᠠᠷ ᠮᠠᠯ ᠰᠦᠷᠦᠭ ᠡᠨᠡᠬᠦ ᠪᠡᠯᠴᠢᠭᠡᠷ ᠲᠤ ᠵᠤᠬᠢᠴᠠᠳᠠᠭ᠂ ᠮᠠᠯ ᠰᠦᠷᠦᠭ ᠢ ᠬᠡᠷᠬᠢᠨ ᠲᠠᠷᠭᠤᠯᠠᠭᠤᠯᠬᠤ᠂ ᠲᠠᠷᠭᠤ ᠬᠦᠴᠦ ᠶᠢ ᠬᠡᠷᠬᠢᠨ ᠲᠤᠭᠳᠠᠭᠠᠬᠤ᠂ ᠲᠦᠯ ᠮᠠᠯ ᠢ ᠬᠡᠷᠬᠢᠨ ᠲᠤᠰᠬᠤ᠂ ᠴᠠᠭ ᠠᠭᠠᠷ ᠤᠨ ᠬᠤᠪᠢᠷᠠᠯᠳᠠ ᠶᠢ ᠬᠡᠷᠬᠢᠨ ᠰᠡᠷᠡᠵᠦ ᠮᠡᠳᠡᠵᠦ ᠶᠠᠭᠠᠬᠢᠵᠦ ᠵᠤᠬᠢᠴᠠᠭᠤᠯᠤᠨ ᠮᠠᠯᠵᠢᠬᠤ ᠵᠡᠷᠭᠡ ᠤᠯᠠᠨ ᠲᠠᠯ᠎ᠠ ᠪᠠᠷ ᠨᠢᠭᠡᠨᠳᠡ ᠡᠵᠡᠮᠰᠢᠭᠰᠡᠨ ᠪᠤᠯᠪᠠᠰᠤᠷᠠᠩᠭᠤᠢ ᠮᠡᠳᠡᠯᠭᠡ ᠮᠡᠷᠭᠡᠵᠢᠯ ᠲᠠᠢ ᠪᠤᠯᠵᠠᠢ᠃ ᠡᠨᠡ ᠲᠤᠬᠠᠢ ᠲᠡᠭᠦᠨ ᠤ ᠮᠠᠯᠵᠢᠭᠰᠠᠨ ᠬᠤᠨᠢᠨ ᠤ ᠪᠠᠶᠢᠴᠠᠭᠠᠯᠳᠠ ᠠᠴᠠ ᠮᠡᠳᠡᠵᠦ ᠪᠤᠯᠤᠨ᠎ᠠ᠂ ︽ᠵᠡᠭᠦᠨ ᠦᠵᠦᠮᠦᠴᠢᠨ ᠬᠤᠰᠢᠭᠤᠨ ᠤ ᠤᠶᠢᠯᠠᠯᠭ᠎ᠠ︾ ᠳᠤ ᠲᠡᠮᠳᠡᠭᠯᠡᠭᠰᠡᠨ ᠲᠤᠭ᠎ᠠ ᠪᠠᠷᠢᠮᠳᠠ ᠭᠡᠷᠡᠴᠢ ᠪᠤᠯᠤᠨ ᠬᠠᠩᠭᠠᠭᠳᠠᠵᠦ ᠪᠠᠶᠢᠨ᠎ᠠ᠄            1957 ᠤᠨ ᠳᠤ᠂ ᠵᠡᠭᠦᠨ ᠦᠵᠦᠮᠦᠴᠢᠨ ᠬᠤᠰᠢᠭᠤ ᠠᠩᠬ᠎ᠠ ᠤᠳᠠᠭ᠎ᠠ ᠦᠵᠦᠮᠦᠴᠢᠨ ᠬᠤᠨᠢ ᠰᠤᠩᠭᠤᠨ ᠪᠤᠶᠢᠵᠢᠭᠤᠯᠬᠤ ᠠᠵᠢᠯ ᠢ ᠦᠷᠨᠢᠭᠦᠯᠵᠦ᠂ ᠲᠤᠩᠷᠦᠪ ᠤᠨ ᠬᠤᠨᠢ ᠶᠢ ᠰᠤᠩᠭᠤᠨ ᠪᠠᠶᠢᠴᠠᠭᠠᠬᠤ ᠳᠤ᠂ ᠡᠷ᠎ᠡ ᠬᠤᠨᠢ ᠨᠢ 110 ᠺᠢᠯᠦᠭᠷᠡᠮ ︵ᠰᠡᠭᠦᠯ ᠨᠢ 11 ᠺᠢᠯᠤᠭ᠍ᠷᠠᠮ︶᠂ ᠡᠮ᠎ᠡ ᠬᠤᠨᠢ ᠨᠢ 90 ᠺᠢᠯᠦᠭᠷᠡᠮ᠂ ᠬᠤᠷᠠᠭ᠎ᠠ ᠨᠢ 57, 5 ᠺᠢᠯᠦᠭᠷᠠᠮ ᠳᠤ ᠲᠤᠰ ᠲᠤᠰ ᠬᠦᠷᠴᠦ᠂ ᠲᠤᠷᠰᠢᠯᠭᠠᠳᠤ ᠮᠠᠯᠴᠢᠨ ᠢᠶᠠᠷ ᠦᠨᠡᠯᠡᠭᠳᠡᠪᠡ᠂ ᠡᠨᠡ ᠮᠡᠳᠦ ᠪᠠᠷ ᠲᠡᠷᠡ ᠤᠯᠠᠨ ᠤ ᠬᠦᠷᠢᠶᠡᠯᠡᠯ ᠪᠠ ᠲᠡᠭᠡᠳᠦ ᠱᠠᠳᠤᠨ ᠤ ᠦᠨᠡᠯᠡᠯᠳᠡ ᠶᠢ ᠤᠯᠤᠭᠰᠠᠨ ᠢᠶᠠᠷ ᠲᠤᠰ ᠵᠢᠯ ᠳᠡᠭᠡᠨ ᠰᠤᠮᠤ᠂ ᠬᠤᠰᠢᠭᠤᠨ ᠤ ᠬᠦᠳᠡᠯᠮᠦᠷᠢ ᠶᠢᠨ ᠵᠢᠱᠢᠶᠡᠴᠢ ᠪᠠᠷ ᠰᠤᠩᠭᠤᠭᠳᠠᠵᠠᠢ᠃ 1958 ᠤᠨ ᠳᠤ ᠰᠢᠯᠢ ᠶᠢᠨ ᠭᠤᠤᠯ ᠠᠶᠢᠮᠠᠭ ᠤᠨ ᠬᠦᠳᠡᠯᠮᠦᠷᠢ ᠶᠢᠨ ᠵᠢᠱᠢᠶᠡᠴᠢ ᠪᠠᠷ ᠰᠤᠩᠭᠤᠭᠳᠠᠵᠦ᠂ 1959᠂ 1960 ᠤᠨ ᠳᠤ ᠬᠤᠶᠠᠷ ᠵᠢᠯ ᠲᠠᠷᠠᠭᠠᠯᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠦᠳᠡᠯᠮᠦᠷᠢ ᠶᠢᠨ ᠵᠢᠱᠢᠶᠡᠴᠢ ᠪᠠᠷ ᠰᠤᠩᠭᠤᠭᠳᠠᠪᠠ᠃                  ᠬᠤᠶᠠᠷ ᠡᠷᠳᠡᠮᠳᠡᠳ ᠲᠤ ᠮᠡᠳᠡᠷᠡᠭᠳᠡᠭᠰᠡᠨ ᠤᠷᠭᠤᠮᠠᠯ ᠪᠠ ᠴᠠᠭ ᠠᠭᠠᠷ ᠤᠨ ᠮᠡᠷᠭᠡᠵᠢᠯ   1960 ᠤᠨ ᠳᠤ᠂ ᠪᠤᠭᠤᠳᠤ ᠬᠤᠳᠠᠨ ᠳᠤ ᠪᠦᠬᠦ ᠤᠯᠤᠰ ᠤᠨ ᠮᠠᠯ ᠠᠵᠦ ᠠᠬᠤᠢ᠂ ᠡᠪᠡᠰᠦ ᠤᠷᠭᠤᠮᠠᠯ ᠤᠨ ᠰᠤᠳᠤᠯᠤᠯ᠂ ᠴᠠᠭ ᠠᠭᠤᠷ ᠤᠨ ᠰᠢᠨᠵᠢᠯᠡᠭᠡᠨ ᠤ ᠬᠤᠷᠠᠯ ᠢ ᠬᠤᠷᠠᠯᠳᠤᠭᠤᠯᠬᠤ ᠳᠤ᠂ ᠲᠤᠬᠠᠢ ᠶᠢᠨ ᠦᠶ᠎ᠡ ᠳᠤ ᠪᠡᠶ᠎ᠡ ᠪᠠᠷᠤᠭᠳᠠᠢ ᠪᠠᠶᠢᠭᠰᠠᠨ ᠲᠤᠩᠷᠦᠪ ᠭᠤᠸᠠᠢ ᠶᠢ ᠲᠤᠰᠬᠠᠢ ᠨᠢᠰᠭᠡᠯ ᠢᠶᠠᠷ ᠲᠤᠰᠤᠨ ᠠᠪᠠᠴᠢᠵᠦ ᠬᠤᠷᠠᠯ ᠳᠤ ᠤᠷᠤᠯᠴᠠᠭᠤᠯᠤᠭᠰᠠᠨ ᠪᠦᠭᠡᠳ ︽ᠡᠪᠡᠰᠦ ᠤᠷᠭᠤᠮᠠᠯ ᠤᠨ ᠰᠤᠳᠤᠯᠤᠯ᠂ ᠴᠠᠭ ᠠᠭᠤᠷ ᠤᠨ ᠰᠢᠨᠵᠢᠯᠡᠭᠡᠨ ᠤ ᠲᠠᠯ᠎ᠠ ᠶᠢᠨ ᠤᠷᠤᠨ ᠨᠤᠲᠤᠭ ᠤᠨ ᠲᠤᠰᠬᠠᠢ ᠮᠡᠷᠭᠡᠵᠢᠯᠳᠡᠨ︾ ᠤ ᠴᠤᠯᠠ ᠬᠦᠷᠳᠡᠭᠡᠪᠡ᠃              ᠲᠤᠰ ᠵᠢᠯ ᠤᠨ 9 ᠰᠠᠷ᠎ᠠ ᠳᠤ᠂ ᠤᠯᠤᠰ ᠤᠨ ᠤᠷᠭᠤᠮᠠᠯ ᠠᠮᠢᠳᠤ ᠪᠤᠳᠠᠰ ᠤᠨ ᠰᠤᠳᠤᠯᠭᠠᠨ ᠤ ᠬᠤᠷᠠᠯ ᠤᠨ ᠲᠠᠷᠠᠭ᠎ᠠ ᠪᠠᠷ᠂ ᠤᠤᠯ ᠤᠨ ᠵᠦᠪᠯᠡᠯᠳᠦ ᠬᠤᠯᠪᠤᠭᠠᠳᠤ ᠤᠯᠤᠰ ᠤᠨ ᠤᠷᠭᠤᠮᠠᠯ ᠤᠨ ᠡᠷᠳᠡᠮᠳᠡᠨ ᠢᠸᠠᠨᠤᠹ ᠲᠡᠭᠦᠨ ᠢ ᠡᠷᠬᠢᠵᠦ ᠦᠵᠡᠬᠦ ᠪᠠᠷ ᠢᠷᠡᠬᠦ ᠳᠤ ᠠᠮᠤᠭᠤᠯᠠᠩ ᠪᠠᠷᠢᠭᠠᠳᠠ ᠶᠢᠨ ᠪᠤᠷᠤ ᠲᠤᠪᠤᠭ ᠭᠡᠬᠦ ᠭᠠᠵᠠᠷ ᠤᠨ ᠲᠡᠭᠰᠢ ᠰᠠᠶᠢᠬᠠᠨ ᠲᠡᠨᠵᠢᠨ ᠲᠡᠭᠡᠷ᠎ᠡ ᠬᠡᠳᠦᠨ ᠴᠠᠭᠠᠨ ᠮᠤᠩᠭᠤᠯ ᠭᠡᠷ ᠪᠠᠷᠢᠵᠦ ᠦᠪᠡᠳᠡᠭᠰᠢ ᠶᠡᠬᠡᠪᠡᠷ ᠤᠭᠳᠤᠭᠰᠠᠨ ᠪᠠᠶᠢᠪᠠ᠃ ᠭᠠᠳᠠᠭᠠᠳᠤ ᠶᠢᠨ ᠬᠦᠮᠦᠨ ᠤ ᠠᠮᠤᠷ ᠲᠦᠪᠰᠢᠨ ᠢ ᠬᠠᠮᠠᠭᠠᠯᠠᠬᠤ ᠶᠢᠨ ᠲᠤᠯᠠᠳᠠ ᠤᠤᠭᠤᠬᠤ ᠤᠰᠤᠨ ᠤ ᠬᠢᠨᠢ ᠬᠤᠳᠳᠤᠭ ᠲᠡᠭᠡᠷ᠎ᠡ ᠨᠢ ᠬᠦᠷᠳᠡᠯ᠎ᠡ ᠬᠤᠶᠠᠷ ᠬᠦᠮᠦᠨ ᠤ ᠬᠠᠷᠠᠭᠤᠯ ᠵᠤᠭᠰᠤᠭᠠᠵᠦ ᠰᠡᠷᠡᠮᠵᠢᠯᠡᠭᠦᠯᠵᠦ ᠪᠠᠶᠢᠭᠰᠠᠨ ᠭᠡᠨ᠎ᠡ ᠃              ᠡᠷᠳᠡᠮᠳᠡᠨ ᠢᠸᠠᠨᠤᠹ ᠶᠢᠨ ᠪᠠᠷ᠎ᠠ ᠪᠤᠯᠤᠯᠭ᠎ᠠ ᠳᠤ ᠤᠷᠤᠨ ᠤ ᠨᠠᠮ ᠤᠨ ᠬᠤᠷᠢᠶᠠᠨ ᠤ ᠲᠡᠳ᠋ ᠱᠦᠵᠢ ᠸᠠᠩ ᠢ ᠯᠦᠨ᠂ ᠬᠤᠰᠢᠭᠤ ᠨᠠᠮ ᠤᠨ ᠬᠤᠷᠢᠶᠠᠨ ᠤ ᠱᠦᠵᠢ ᠰᠤᠩᠳᠠᠢ᠂ ᠬᠤᠰᠢᠭᠤᠨ ᠤ ᠲᠤᠲᠤᠭᠠᠳᠤ ᠶᠢ ᠬᠠᠮᠠᠭᠠᠯᠠᠬᠤ ᠲᠤᠪᠴᠢᠶᠠᠨ ᠤ ᠲᠠᠷᠤᠭ᠎ᠠ ᠵᠠᠭᠤᠨᠨᠠᠰᠤᠳᠤ᠂ ᠨᠢᠭᠡᠳᠦᠯ ᠤᠨ ᠨᠠᠮ ᠤᠨ ᠬᠤᠷᠢᠶᠠᠨ ᠤ ᠱᠦᠵᠢ ᠬᠢᠴᠢᠶᠡᠯᠳᠦ ᠵᠢᠴᠢ ᠲᠤᠯᠤᠳᠭᠤᠪᠢ ᠨᠢᠭᠡᠳᠦᠯ ᠤᠨ ᠠᠮᠤᠭᠤᠯᠠᠩᠪᠤᠯᠠᠭ ᠪᠠᠷᠢᠭᠠᠳᠠ ᠳᠤ ᠴᠢᠭ᠋ ᠲᠤ ᠰᠠᠭᠤᠭᠰᠠᠨ ᠺᠠᠳᠠᠷ ᠲᠤᠪᠴᠢᠨ ᠨᠠᠷ ᠪᠠᠶᠢᠯᠴᠠᠪᠠ᠃ ᠪᠤᠷᠤ ᠲᠤᠪᠤᠭ ᠲᠤ ᠮᠤᠩᠭᠤᠯ ᠭᠡᠷ ᠪᠠᠷᠢᠵᠦ᠂ ᠡᠳᠦᠷ ᠲᠡᠭᠡᠨ ᠲᠡᠨᠳᠡ ᠠᠵᠢᠯᠯᠠᠵᠦ᠂ ᠤᠷᠤᠢ ᠳᠠᠭᠠᠨ ᠬᠤᠰᠢᠭᠤᠨ ᠲᠦᠪ ᠲᠤ ᠬᠤᠨᠤᠭᠯᠠᠵᠠᠢ᠃ ᠲᠤᠬᠠᠢ ᠶᠢᠨ ᠦᠶ᠎ᠡ ᠳᠤ ᠰᠢᠯᠢ ᠶᠢᠨ ᠭᠤᠤᠯ ᠠᠶᠢᠮᠠᠭ ᠤᠨ ᠴᠠᠭ ᠠᠭᠤᠷ ᠤᠨ ᠲᠤᠪᠴᠢᠶᠠᠨ ᠤ ᠬᠢᠨ ᠪᠠ ᠪᠠᠶᠠᠠᠴᠢᠯᠠᠭᠤ ᠵᠡᠷᠭᠡ ᠬᠦᠮᠦᠨ ᠴᠤᠭ ᠬᠦᠷᠴᠠᠢ᠃ ᠲᠤᠩᠷᠦᠪ ᠭᠤᠸᠠᠢ ᠶᠢᠨ ᠢᠸᠠᠨᠤᠹ ᠲᠠᠢ ᠬᠠᠮᠳᠤᠷᠠᠨ ᠠᠵᠢᠯᠯᠠᠭᠰᠠᠨ ᠨᠢᠭᠡ ᠭᠠᠷᠠᠭ ᠤᠨ ᠦᠢᠯᠡ ᠶᠠᠪᠤᠳᠠᠯ ᠢᠶᠠᠨ ᠢᠩᠭᠢᠵᠦ ᠡᠬᠢᠯᠡᠭᠦᠯᠵᠡᠢ᠃              ᠡᠷᠳᠡᠮᠳᠡᠨ ᠢᠸᠠᠠᠨᠤᠹ ᠨᠡᠶᠢᠳᠡ ᠨᠢᠬᠡ ᠵᠠᠭᠤᠨ ᠵᠢᠷᠠᠨ ᠬᠡᠳᠦᠨ ᠵᠦᠢᠯ ᠤᠨ ᠡᠪᠡᠰᠦ ᠤᠷᠭᠤᠮᠠᠯ ᠤᠨ ᠶᠠᠩᠵᠦ ᠠᠪᠴᠢᠷᠠᠭᠰᠠᠨ ᠪᠦᠭᠡᠳ ᠲᠡᠳᠡᠭᠡᠷ ᠢᠶᠠᠨ ᠮᠤᠳᠤᠨ ᠵᠢᠶᠠᠽᠢ ᠲᠠᠢ ᠲᠤᠮᠤ ᠲᠡᠪᠳᠡᠷ ᠤᠨ ᠴᠠᠭᠠᠰᠤᠨ ᠳᠤ ᠬᠠᠪᠴᠢᠭᠤᠯᠵᠦ ᠪᠠᠶᠢᠯ᠎ᠠ᠃ ᠲᠡᠳᠡ ᠵᠠᠭᠪᠤᠷ ᠢᠶᠠᠨ ᠨᠡᠷᠡᠯᠡᠭᠦᠯᠵᠦ ᠲᠠᠶᠢᠯᠤᠭᠤᠯᠤᠨ᠎ᠠ᠃ ᠲᠡᠳᠡᠨ ᠤ ᠵᠠᠭᠪᠤᠷ ᠲᠤ ᠦᠭᠡᠢ ᠵᠦᠢᠯ ᠢ ᠭᠡᠭᠡᠷ᠎ᠡ ᠠᠴᠠ ᠲᠡᠭᠦᠵᠦ ᠠᠪᠴᠢᠷᠠᠨ᠎ᠠ᠃ ᠢᠩᠭᠢᠭᠡᠳ ᠬᠠᠷᠢᠯᠴᠠᠨ ᠰᠢᠨᠵᠢᠨ᠎ᠡ᠃ ᠲᠡᠳᠡ ᠲᠤᠩᠷᠦᠪ ᠵᠢᠱᠢᠶᠡᠴᠢ ᠲᠠᠢ ᠬᠠᠮᠳᠤ ᠯᠾᠠᠮᠤᠰᠦ᠋ᠷᠦᠩ ᠵᠢᠱᠢᠶᠡᠴᠢ ᠶᠢ ᠤᠷᠤᠭᠤᠯᠤᠭᠰᠠᠨ ᠪᠦᠭᠡᠳ ᠲᠤᠩᠷᠦᠪ ᠵᠢᠱᠢᠶᠡᠴᠢ ᠵᠢᠮᠪᠠ ᠶᠢ ᠱᠠᠪᠢ ᠪᠠᠷ᠂ ᠯᠾᠠᠮᠤᠰᠦ᠋ᠷᠦᠩ ᠵᠢᠱᠢᠶᠡᠴᠢ ᠷᠠᠪᠵᠠᠢ ᠶᠢ ᠱᠠᠪᠢ ᠪᠠᠷ ᠲᠠᠭᠠᠭᠤᠯᠵᠠᠢ᠃ ᠮᠠᠨᠠᠶᠢᠬᠢᠨ ᠤ ᠨᠤᠲᠤᠭ ᠲᠤ ᠤᠷᠭᠤᠳᠠᠭ ᠦᠭᠡᠢ ᠴᠦᠭᠡᠨ ᠬᠡᠳᠦᠬᠡᠨ ᠵᠠᠭᠪᠤᠷ ᠢ ᠭᠠᠷᠭᠠᠪᠠᠯ ᠮᠠᠨ ᠤ ᠠᠳᠡ ᠤᠷᠭᠤᠳᠠᠭ ᠪᠦᠬᠦᠨ ᠢᠶᠠᠨ ᠲᠤᠩᠷᠦᠪ ᠵᠢᠱᠢᠶᠡᠴᠢ ᠠᠯᠳᠠᠯ ᠦᠭᠡᠢ ᠲᠠᠨᠢᠭᠰᠠᠨ ᠢᠶᠠᠷ ᠪᠠᠷᠠᠬᠤ ᠦᠭᠡᠢ ᠲᠡᠳᠡᠨ ᠤ ᠠᠪᠴᠢᠷᠠᠭᠰᠠᠨ ᠵᠠᠭᠪᠤᠷ ᠲᠤ ᠪᠠᠶᠢᠬᠤ ᠦᠭᠡᠢ ᠮᠠᠨ ᠤ ᠨᠤᠲᠤᠭ ᠤᠨ ᠡᠪᠡᠰᠦ ᠤᠷᠭᠤᠮᠠᠯ ᠢ ᠬᠤᠶᠠᠷ ᠵᠠᠭᠤ ᠢᠯᠡᠭᠦᠤ ᠶᠢ ᠨᠡᠮᠡᠵᠦ ᠲᠠᠨᠢᠯᠴᠠᠭᠤᠯᠤᠭᠰᠠᠨ ᠪᠠᠶᠢᠨ᠎ᠠ᠃              ᠲᠡᠷᠡ ᠦᠶ᠎ᠡ ᠳᠤ ᠭᠠᠳᠠᠭᠠᠳᠤ ᠶᠢᠨ ᠡᠷᠳᠡᠮᠳᠡᠨ ᠲᠠᠢ ᠤᠯᠠᠨ ᠬᠦᠮᠦᠨ ᠢ ᠠᠭᠤᠯᠵᠠᠭᠤᠯᠬᠤ ᠦᠭᠡᠢ ᠪᠠᠶᠢᠭᠰᠠᠨ ᠭᠡᠬᠦ ᠪᠦᠭᠡᠳ ᠲᠤᠬᠠᠢ ᠶᠢᠨ ᠦᠶ᠎ᠡ ᠶᠢᠨ ᠨᠢᠭᠡᠳᠦᠯ ᠤᠨ ᠲᠠᠷᠤᠭ᠎ᠠ ᠨᠢ ᠪᠠᠷᠢᠭᠠᠳᠠ ᠶᠢᠨ ᠲᠠᠷᠤᠭ᠎ᠠ ᠶᠢ ᠲᠦᠯᠦᠭᠡᠯᠡᠨ ᠬᠠᠷᠢᠭᠤ ᠮᠡᠳᠡᠭᠦᠯᠦᠯᠳᠡ ᠬᠢᠭᠰᠡᠨ ᠭᠡᠬᠦ ᠶᠤᠮ᠃ ᠢᠸᠠᠨᠤᠹ ᠡᠷᠳᠡᠮᠳᠡᠨ ᠤᠷᠤᠰ ᠨᠤᠲᠤᠭ ᠤᠨ 160 ᠭᠠᠷᠤᠢ ᠡᠪᠡᠰᠦᠨ ᠤ ᠲᠦᠷᠦᠯ ᠵᠦᠢᠯ ᠤᠨ ᠨᠠᠷ᠎ᠠ ᠶᠢ ᠲᠡᠮᠳᠡᠭᠯᠡᠨ ᠵᠢᠷᠤᠭᠯᠠᠭᠰᠠᠨ ᠢᠶᠠᠨ ᠲᠤᠩᠷᠤᠪ ᠲᠤ ᠦᠵᠡᠭᠦᠯᠦᠨ᠂ ︽ᠲᠠᠨ ᠤ ᠡᠨᠡ ᠲᠠᠯ᠎ᠠ ᠨᠤᠲᠤᠭ ᠲᠤ ᠬᠡᠳᠦᠢ ᠤᠷᠭᠤᠮᠠᠯ ᠪᠠᠶᠢᠬᠤ︾ ᠲᠤᠬᠠᠢ ᠠᠰᠠᠭᠤᠨ ᠰᠤᠷᠪᠤᠯᠵᠢᠯᠠᠭᠰᠠᠨ ᠳᠤ ᠲᠡᠷᠡ ᠪᠠᠷ 360 ᠭᠠᠷᠤᠢ ᠡᠪᠡᠰᠦ ᠤᠷᠭᠤᠮᠠᠯ ᠤᠨ ᠨᠠᠷ᠎ᠠ ᠲᠤᠮᠢᠶ᠎ᠠ ᠶᠢ ᠬᠡᠯᠡᠨ ᠭᠠᠷᠭᠠᠭᠰᠠᠨ ᠮᠦᠷᠳᠡᠭᠡᠨ ᠡᠯ᠎ᠡ ᠡᠪᠡᠰᠦᠨ ᠤ ᠴᠢᠨᠠᠷ ᠢ ᠲᠠᠶᠢᠯᠪᠤᠷᠢᠯᠠᠵᠦ᠂ ᠶᠠᠮᠠᠷ ᠬᠦᠷᠦᠰᠦ ᠰᠢᠷᠦᠢ ᠲᠠᠢ ᠭᠠᠵᠠᠷ ᠶᠠᠮᠠᠷ ᠲᠦᠷᠦᠯ ᠤᠨ ᠡᠪᠡᠰᠦ ᠤᠷᠭᠤᠳᠠᠭ᠂ ᠪᠠᠰᠠ ᠲᠠᠪᠤᠨ ᠬᠤᠰᠢᠭᠤ ᠮᠠᠯ ᠶᠠᠮᠠᠷ ᠤᠯᠠᠷᠢᠯ ᠳᠤ ᠠᠯᠢ ᠲᠦᠷᠦᠯ ᠤᠨ ᠡᠪᠡᠰᠦ ᠶᠢ ᠢᠳᠡᠪᠡᠯ ᠵᠤᠬᠢᠬᠤ ᠲᠤᠬᠠᠢ ᠨᠠᠷᠢᠯᠢᠭ ᠶᠠᠷᠢᠭᠰᠠᠨ ᠳᠤ᠂ ᠲᠡᠷᠡ ᠭᠠᠳᠠᠭᠠᠳᠤ ᠶᠢᠨ ᠡᠷᠳᠡᠮᠳᠡᠨ ᠶᠡᠭᠡ ᠪᠢᠰᠢᠷᠠᠵᠦ ︽ᠤᠷᠭᠤᠮᠠᠯ ᠤᠨ ᠲᠠᠯ᠎ᠠ ᠪᠠᠷ ᠬᠢ ᠬᠤᠪᠤᠷᠬᠠᠨ ᠡᠷᠳᠡᠮᠳᠡᠨ︾ ᠭᠡᠵᠦ ᠦᠨᠡᠯᠡᠭᠰᠡᠨ ᠪᠠᠶᠢᠵᠠᠢ᠃ ᠡᠭᠦᠨ ᠠᠴᠠ ᠲᠤᠩᠷᠤᠪ ᠪᠤᠯ ᠡᠩ ᠤᠨ ᠨᠢᠭᠡᠨ ᠮᠠᠯᠴᠢᠨ ᠬᠦᠮᠦᠨ ᠪᠤᠯᠪᠠᠴᠤ᠂ ᠡᠪᠡᠰᠦ ᠤᠷᠭᠤᠮᠠᠯ ᠪᠤᠶᠤ ᠴᠠᠭ ᠠᠭᠤᠷ ᠤᠨ ᠲᠠᠯ᠎ᠠ ᠪᠠᠷ ᠪᠦᠬᠦ ᠤᠯᠤᠰ ᠲᠤ ᠨᠡᠷ᠎ᠡ ᠲᠠᠢ ᠬᠦᠮᠦᠨ ᠪᠠᠶᠢᠭᠰᠠᠨ ᠢᠶᠠᠷ ᠪᠠᠷᠠᠬᠤ ᠦᠭᠡᠢ ᠲᠡᠯᠡᠬᠡᠢ ᠶᠢᠨ ᠡᠷᠳᠡᠮᠳᠡᠳ ᠲᠤ ᠮᠡᠳᠡᠷᠡᠭᠳᠡᠭᠰᠡᠨ ᠠᠯᠳᠠᠷᠳᠠᠢ ᠬᠦᠮᠦᠨ ᠪᠠᠶᠢᠭᠰᠠᠨ ᠢ ᠮᠡᠳᠡᠵᠦ ᠪᠤᠯᠤᠨ᠎ᠠ᠃              ᠲᠤᠩᠷᠦᠪ ᠤᠨ ᠬᠡᠤᠬᠡᠨ ᠨᠠᠷᠠᠠᠬᠤᠸᠠᠷ ᠠᠴᠠ ᠠᠪᠤ ᠶᠢᠨ ᠢᠶᠠᠨ ᠲᠡᠷᠡ ᠦᠶ᠎ᠡ ᠶᠢᠨ ᠪᠠᠶᠢᠳᠠᠯ ᠢ ᠡᠷᠭᠢᠴᠡᠭᠦᠯᠦᠨ ᠬᠡᠯᠡᠬᠦ ᠳᠡᠭᠡᠨ᠄ ︽ᠨᠠᠮᠠᠶᠢ ᠪᠠᠭ᠎ᠠ ᠠᠷᠪᠠ ᠬᠦᠷᠴᠦ ᠪᠠᠶᠢᠬᠤ ᠳᠤ ᠠᠪᠤ ᠲᠠᠢ ᠬᠦᠮᠦᠨ ᠠᠭᠤᠯᠵᠠᠬᠤ ᠪᠠᠷ ᠤᠯᠠᠨ ᠢᠷᠡᠳᠡᠭ ᠪᠠᠶᠢᠭᠰᠠᠨ᠂ ᠮᠠᠨ ᠤ ᠬᠦᠮᠦᠨ ᠬᠦᠴᠦᠨ ᠬᠦᠷᠦᠯᠴᠡᠬᠦ ᠦᠭᠡᠢ ᠲᠤᠯᠠ ᠪᠢ ᠬᠤᠨᠢᠨ ᠳᠤ ᠶᠠᠪᠤᠬᠤ ᠠᠵᠢᠯ ᠲᠠᠢ ᠪᠤᠯᠳᠠᠭ᠂ ᠡᠶᠢᠮᠦ ᠪᠠᠷ ᠲᠡᠳᠡᠭᠡᠷ ᠬᠦᠮᠦᠰ ᠶᠠᠭᠤ ᠶᠠᠷᠢᠯᠴᠠᠳᠠᠭ ᠶᠢ ᠪᠢ ᠮᠡᠳᠡᠳᠡᠭ ᠦᠭᠡᠢ ᠶᠤᠮᠰᠠᠨ᠃ ᠠᠪᠤ ᠮᠢᠨᠢ ᠭᠠᠳᠠᠭᠰᠢ ᠬᠤᠷᠠᠯ ᠳᠤ ᠶᠠᠪᠤᠭᠠᠳ ᠢᠷᠡᠬᠦ ᠳᠡᠭᠡᠨ ᠢᠷᠠᠭᠤ ᠠᠯᠳᠠᠷ ᠤᠨ ᠦᠨᠡᠮᠯᠡᠯ ᠪᠤᠶᠤ ᠠᠯᠳᠠᠨ ᠮᠧᠲᠠᠯ ᠢᠶᠠᠷ ᠡᠩᠬᠡᠷ ᠢᠶᠠᠨ ᠮᠢᠯᠢᠶᠠᠯᠭᠠᠴᠢᠭᠰᠠᠨ ᠢᠷᠡᠳᠡᠭ ᠶᠤᠮᠰᠠᠨ᠂ ᠲᠦᠷᠪᠡᠨ ᠰᠠᠶᠢᠬᠠᠨ ᠮᠧᠲᠠᠯ ᠪᠠᠶᠢᠭᠰᠠᠨ ᠰᠢᠤ᠃ ᠨᠢᠭᠡ ᠮᠧᠲᠠᠯ ᠨᠢ ᠵᠦᠪᠯᠡᠯᠳᠦ ᠶᠢᠨ ᠡᠷᠳᠡᠮᠳᠡᠨ ᠢᠸᠠᠨᠤᠹ ᠠᠴᠠ ᠮᠡᠨ ᠤ ᠬᠤᠰᠢᠭᠤᠨ ᠳᠤ ᠢᠷᠡᠬᠦ ᠳᠡᠭᠡᠨ ᠠᠪᠤ ᠳᠤ ᠬᠦᠷᠭᠡᠭᠰᠡᠨ ᠮᠧᠲᠠᠯ ᠲᠡᠭᠡᠷ᠎ᠡ ᠨᠢ ︿ᠵᠦᠪᠯᠡᠯᠳᠦ ᠲᠤᠮᠳᠠᠳᠤ ᠶᠢᠨ ᠠᠷᠠᠳ ᠲᠦᠮᠡᠨ ᠪᠦᠯᠬᠦᠮᠳᠡᠰᠦᠭᠡᠢ﹀ ᠭᠡᠬᠦ ᠪᠤᠰᠤᠭ᠎ᠠ ᠮᠤᠩᠭᠤᠯ ᠦᠰᠦᠭ  ᠲᠠᠢ ᠪᠠᠶᠢᠭᠰᠠᠨ ᠶᠤᠮ︾ ᠭᠡᠵᠦ ᠶᠠᠷᠢᠵᠦ ᠪᠠᠶᠢᠯ᠎ᠠ᠃    ᠲᠤᠩᠷᠦᠪ ᠪᠤᠯ ᠦᠪᠡᠷ ᠤᠨ ᠰᠤᠷᠤᠭᠰᠠᠨ ᠮᠠᠯ ᠠᠵᠦ ᠠᠬᠤᠢ ᠂ ᠴᠠᠭ ᠠᠭᠤᠷ ᠤᠨ ᠰᠢᠨᠵᠢᠯᠡᠭᠡ᠂ ᠡᠪᠡᠰᠦ ᠤᠷᠭᠤᠮᠠᠯ ᠤᠨ ᠰᠢᠮ᠎ᠡ ᠲᠡᠵᠢᠭᠡᠯ ᠵᠡᠷᠭᠡ ᠮᠡᠳᠡᠯᠭᠡ ᠪᠠᠨ ᠬᠡᠵᠢᠶᠡᠳᠡ ᠵᠠᠯᠠᠭᠤ ᠮᠠᠯᠴᠢᠳ ᠲᠤ ᠬᠢᠴᠢᠶᠡᠯ ᠤᠷᠤᠬᠤ ᠪᠤᠶᠤ ᠮᠠᠯ ᠳᠤ ᠶᠠᠪᠤᠭᠰᠠᠨ ᠴᠤ ᠬᠡᠯᠡᠵᠦ ᠶᠠᠷᠢᠵᠦ ᠤᠯᠠᠮᠵᠢᠯᠠᠨ ᠦᠭᠴᠦ ᠪᠠᠶᠢᠭᠰᠠᠨ ᠪᠦᠭᠡᠳ ᠡᠷᠳᠡᠮ ᠮᠡᠷᠭᠡᠵᠢᠯ ᠢᠶᠠᠨ ᠶᠡᠷᠦ ᠠᠴᠠ ᠬᠦᠮᠦᠨ ᠠᠴᠠ ᠨᠢᠭᠤᠳᠠᠭ ᠦᠭᠡᠢ᠂ ᠬᠤᠶᠢᠴᠢ ᠦᠶ᠎ᠡ ᠳᠡᠭᠡᠨ ᠵᠠᠯᠭᠠᠮᠵᠢᠯᠠᠭᠤᠬᠤ ᠶᠢ ᠰᠠᠨᠠᠭᠠᠴᠢᠯᠠᠳᠠᠭ ᠠᠬᠠᠮᠠᠳ ᠪᠤᠯᠤᠨ᠎ᠠ᠂ ᠡᠨᠡ ᠲᠤᠬᠠᠢ ᠵᠡᠭᠦᠨ ᠦᠵᠦᠮᠦᠴᠢᠨ ᠬᠤᠰᠢᠭᠤᠨ ᠤ ᠡᠩᠬᠡᠵᠢᠷᠭᠠᠯᠠᠩ ᠢᠶᠠᠷ ᠨᠤᠲᠤᠭᠳᠠᠢ ᠭᠠᠴᠢᠳ ᠭᠤ᠂ ᠲᠠᠪᠬᠠᠢ ᠶᠠᠷᠢᠬᠤ ᠳᠠᠭᠠᠨ᠄              ︽1963 ᠤᠨ ᠳᠤ᠂ ᠲᠡᠷᠡ ᠡᠪᠡᠰᠦ ᠤᠷᠭᠤᠮᠠᠯ ᠤᠨ ᠰᠤᠳᠤᠯᠭ᠎ᠠ ᠶᠢᠨ ᠲᠠᠯ᠎ᠠ ᠪᠠᠷ ᠶᠡᠭᠡ ᠤᠷᠤᠯᠳᠤᠯᠭ᠎ᠠ ᠲᠠᠢ ᠬᠦᠮᠦᠨ ᠪᠠᠶᠢᠭᠰᠠᠨ ᠠᠴᠠ ᠭᠡᠷ ᠲᠡᠭᠡᠨ ᠴᠤᠭᠯᠠᠭᠤᠯᠤᠭᠰᠠᠨ ᠦᠨᠦ ᠠᠷᠪᠢᠨ ᠡᠪᠡᠰᠦᠨ ᠤ ᠵᠠᠭᠪᠤᠷ ᠢᠶᠠᠨ ᠨᠢᠭᠡ ᠤᠳᠠᠭ᠎ᠠ ᠬᠠᠰᠢᠶᠠᠳᠤ ᠵᠢᠷᠭᠤᠭᠠᠨ ᠬᠤᠳᠳᠤᠭ ᠭᠡᠬᠦ ᠭᠠᠵᠠᠷ ᠲᠡᠯᠭᠡᠨ ᠦᠵᠡᠭᠦᠯᠦᠯᠭᠡ ᠭᠠᠷᠭᠠᠵᠦ᠂ ᠤᠯᠠᠨ ᠳᠤ ᠲᠠᠶᠢᠯᠪᠤᠷᠢ ᠬᠢᠵᠦ ᠪᠠᠶᠢᠪᠠ᠃ ᠪᠢ ᠨᠢᠭᠡ ᠤᠳᠠᠭ᠎ᠠ ᠲᠡᠭᠡᠵᠦ ᠬᠢᠴᠢᠶᠡᠯ ᠰᠤᠨᠤᠰᠤᠭᠰᠠᠨ ᠤᠳᠠᠭ᠎ᠠ ᠲᠠᠢ ᠶᠤᠮ᠃ ᠦᠨᠳᠦᠷ ᠪᠡᠶ᠎ᠡ ᠲᠠᠢ ᠰᠢᠷ᠎ᠠ ᠡᠪᠦᠬᠡᠨ ᠪᠠᠶᠢᠭᠰᠠᠨ ᠪᠦᠭᠡᠳ ᠮᠡᠳᠡᠯᠭᠡ ᠦᠷᠭᠡᠨ᠂ ᠦᠬᠡ ᠬᠡᠯᠡ ᠤᠷᠤᠰᠤᠮ᠎ᠠ ᠰᠠᠶᠢᠬᠠᠠ ᠶᠠᠷᠢᠶ᠎ᠡ ᠲᠠᠢ᠂ ᠡᠪᠡᠰᠦ ᠤᠷᠭᠤᠮᠠᠯ ᠢ ᠨᠢᠬᠡ ᠨᠢᠭᠡ ᠪᠠᠷ ᠪᠠᠷᠢᠵᠦ᠂ ᠮᠠᠰᠢ ᠨᠠᠷᠢᠨ ᠲᠠᠶᠢᠯᠪᠤᠷᠢ ᠬᠢᠭᠰᠡᠨ ᠪᠠᠶᠢᠵᠦ ᠪᠢᠯᠡ᠃              ᠲᠡᠷᠡ᠂ ᠵᠦᠪᠬᠡᠨ ᠡᠪᠡᠰᠦᠨ ᠤ ᠨᠡᠷ᠎ᠡ ᠳᠠᠨᠢᠳᠠᠭ ᠲᠡᠳᠦᠢ ᠪᠢᠰᠢ ᠤᠷᠭᠤᠮᠠᠯ ᠪᠦᠷᠢ ᠶᠢᠨ ᠰᠦᠯ ᠰᠢᠮ᠎ᠡ ᠲᠡᠵᠢᠭᠡᠯ ᠴᠢᠨᠠᠷ ᠢ ᠳᠠᠨᠢᠳᠠᠭ ᠦᠯᠡᠮᠵᠢ ᠮᠡᠳᠡᠯᠭᠡ ᠶᠢᠨ ᠬᠦᠮᠦᠨ ᠪᠠᠶᠢᠵᠠᠢ᠂ ᠪᠠᠰᠠ ᠮᠠᠯ ᠤᠨ ᠡᠪᠡᠳᠴᠢᠨ ᠭᠡᠮ ᠢ ᠡᠮᠴᠢᠯᠡᠬᠦ ᠳᠤ ᠶᠡᠭᠡ ᠰᠠᠶᠢᠨ ᠭᠡᠵᠦ᠂ ᠲᠡᠷᠡ ᠦᠶ᠎ᠡ ᠶᠢᠨ ᠬᠦᠮᠦᠨ ᠶᠡᠭᠡ ᠬᠦᠷᠳᠡᠭ ᠪᠠᠶᠢᠪᠠ︾ ᠭᠡᠵᠦ ᠡᠷᠭᠢᠴᠡᠭᠦᠯᠵᠡᠢ᠃ ᠡᠭᠦᠨ ᠠᠴᠠ ᠡᠨᠡᠬᠦ ᠠᠬᠠᠮᠠᠳ ᠢᠶᠠᠷ ᠮᠠᠯ ᠤᠨ ᠡᠪᠡᠳᠴᠢᠨ ᠭᠡᠮ ᠢ ᠡᠮᠴᠢᠯᠡᠨ ᠵᠠᠰᠠᠬᠤ ᠵᠡᠷᠭᠡ ᠮᠡᠷᠭᠡᠵᠢᠯ ᠢ ᠪᠤᠯᠪᠠᠰᠤᠷᠠᠩᠭᠤᠢ ᠡᠵᠡᠮᠰᠢᠭᠰᠡᠨ ᠢᠶᠠᠷ ᠦᠯᠦ ᠪᠠᠷᠠᠮ ᠦᠷᠦᠭᠡ ᠰᠠᠭᠠᠬᠠᠯᠳᠠ ᠶᠢᠨ ᠢᠶᠠᠨ ᠮᠠᠯ ᠤᠨ ᠭᠡᠮ ᠬᠢᠵᠢᠭ ᠢ ᠰᠠᠭᠠᠳᠠᠯ ᠦᠭᠡᠢ ᠡᠮᠴᠢᠯᠡᠨ ᠦᠭᠬᠦ ᠶᠢᠨ ᠬᠠᠮᠳᠤ ᠪᠡᠯᠴᠢᠭᠡᠷ ᠤᠰᠤ ᠰᠤᠯᠢᠬᠤ᠂ ᠶᠠᠮᠠᠷ ᠪᠡᠯᠴᠢᠭᠡᠷ ᠲᠤ ᠮᠠᠯᠵᠢᠪᠠᠯ ᠭᠡᠮ ᠬᠢᠵᠢᠭ ᠢ ᠬᠢᠵᠠᠭᠠᠷᠯᠠᠵᠦ ᠴᠢᠳᠠᠬᠤ ᠵᠡᠷᠭᠡ ᠶᠢ ᠬᠡᠯᠡᠵᠦ ᠦᠭᠭᠦᠳᠡᠭ ᠤᠯᠠᠨ ᠳᠠᠭᠠᠨ ᠢᠳᠡᠭᠡᠯ ᠲᠠᠢ ᠶᠡᠭᠡ ᠲᠤᠰᠠᠴᠢ ᠬᠦᠮᠦᠨ ᠶᠠᠪᠤᠭᠰᠠᠨ ᠨᠢ ᠲᠤᠲᠤᠷᠬᠠᠢ ᠪᠠᠶᠢᠨ᠎ᠠ᠃     ︵︽ᠬᠤᠯᠪᠣᠭ᠎ᠠ︾ ᠰᠦᠯᠵᠢᠶ᠎ᠡ ᠳᠠᠬᠢ ᠤᠷᠢᠶᠠᠩᠬᠠᠨ ᠶᠣᠨᠳᠣᠨ ᠤ ᠪᠦᠷᠭᠡ ᠠᠴᠠ ᠰᠢᠯᠵᠢᠭᠦᠯᠪᠡ︶
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号