ᠭᠡᠰᠢᠭᠲᠡᠨ ᠤ ᠰᠤᠶᠣᠯ᠂ ᠰᠣᠶᠣᠯ ᠤᠨ ︽ᠭᠡᠰᠢᠭᠳᠡᠨ︾ ︵ᠳᠣᠣᠷᠠᠳᠤ︶
ᠨᠡᠶᠢᠲᠡᠯᠡᠭᠰᠡᠨ ᠴᠠᠭ᠄
2023/3/30
     ᠰᠤᠶᠤᠯ ᠪᠣᠯ ᠨᠢᠭᠡ ᠦᠨᠳᠦᠰᠦᠲᠡᠨ ᠤ ᠠᠮᠢᠨ ᠳᠠᠷᠬᠠᠯᠠᠭ᠎ᠠ᠂ ᠪᠠᠲᠤ ᠬᠠᠮᠠᠭᠠᠯᠠᠯᠲᠠ ᠪᠤᠯᠬᠤ ᠪᠥᠭᠡᠳ ᠴᠠᠭ ᠬᠤᠭᠤᠴᠠᠭ᠎ᠠ ᠥᠩᠭᠡᠷᠡᠬᠦ ᠲᠤᠲᠤᠮ ᠢᠶᠠᠨ ᠦᠨ᠎ᠡ ᠨᠢ ᠥᠰᠴᠦ ᠵᠢᠩ ᠨᠢ ᠨᠡᠮᠡᠭᠳᠡᠳᠡᠭ ᠶᠤᠮ᠃ ᠡᠶᠢᠮᠦ ᠶᠢᠨ ᠤᠴᠢᠷ ᠦᠶ᠎ᠡ ᠦᠶ᠎ᠡ ᠶᠢᠨ ᠤᠬᠠᠭᠠᠨᠲᠤ ᠮᠡᠷᠭᠡᠳ ᠡᠭᠦᠨ ᠢ ᠤᠬᠠᠭᠠᠷᠠᠨ ᠮᠡᠲᠡᠵᠦ᠂ ᠰᠣᠶᠣᠯ ᠢᠶᠠᠷ ᠢᠶᠠᠨ ᠥᠪᠡᠷᠮᠢᠴᠡ ᠠᠮᠢᠳᠤᠷᠠᠬᠤ ᠶᠢᠨ ᠡᠷᠬᠢᠮ ᠢ ᠮᠡᠲᠡᠷᠡᠵᠦ᠂ ᠦᠷ᠎ᠡ ᠬᠡᠦᠬᠡᠳ ᠲᠡᠭᠡᠨ ᠥᠪᠯᠡᠵᠦ᠂ ᠨᠡᠷ᠎ᠡ ᠲᠥᠷᠥ ᠶᠢᠨ ᠬᠡᠷᠡᠭ ᠪᠣᠯᠭᠠᠨ ᠵᠢᠳᠭᠦᠭᠰᠡᠭᠡᠷ ᠢᠷᠡᠭᠰᠡᠨ ᠶᠤᠮ᠂ ᠭᠡᠰᠢᠭᠳᠡᠨ ᠨᠤᠲᠤᠭ ᠤᠨ ᠰᠣᠶᠣᠯ ᠤᠨ ᠲᠤᠬᠠᠢ ᠰᠣᠷᠪᠤᠯᠵᠢᠯᠠᠭ᠎ᠠ ᠮᠣᠩᠭᠤᠯ ᠰᠣᠶᠣᠯ  ᠤᠨ    ᠵᠢᠳᠬᠦᠯᠲᠡᠳ ᠢᠶᠠᠷ ᠢᠩᠭᠢᠵᠦ ᠦᠷᠭᠦᠯᠵᠢᠯᠡᠵᠦ ᠪᠠᠶᠢᠨ᠎ᠠ᠃      ᠭᠡᠰᠢᠭᠳᠡᠨ ᠨᠤᠲᠤᠭ ᠤᠨ ᠰᠣᠶᠤᠯ ᠨᠢ ᠨᠡᠭᠦᠳᠡᠯ ᠮᠠᠯᠵᠢᠯ ᠤᠨ ᠠᠮᠢᠳᠤᠷᠠᠯ ᠢᠶᠠᠷ ᠰᠠᠭᠤᠷᠢ ᠪᠤᠯᠭᠠᠭᠰᠠᠨ ᠮᠣᠩᠭᠤᠯ ᠬᠠᠭᠠᠨᠳᠤ ᠤᠯᠤᠰ ᠤᠨ ᠣᠷᠳᠣᠨ ᠤ ᠰᠣᠶᠣᠯ ᠪᠣᠯᠣᠨ᠎ᠠ᠃ ᠬᠥᠳᠡᠭᠡ ᠣᠷᠣᠨ ᠨᠤᠲᠤᠭ ᠲᠤ ᠬᠠᠭᠠᠨ ᠤ ᠣᠷᠳᠣᠨ ᠬᠠᠷᠰᠢ ᠶᠢᠨ ᠰᠣᠶᠣᠯ ᠪᠠᠶᠢᠳᠠᠭ ᠨᠢ ᠭᠡᠰᠢᠭᠳᠡᠨ ᠤ ᠰᠣᠶᠣᠯ ᠢ ᠦᠨ᠎ᠡ ᠳᠤ ᠭᠦᠷᠭᠡᠳᠡᠭ ᠨᠢᠭᠡᠨ ᠰᠣᠳᠣᠨ ᠤᠨᠴᠠᠯᠢᠭ᠃ ᠡᠨᠡ ᠨᠢ ᠬᠤᠩᠭᠢᠷᠠᠳ ᠠᠶᠢᠮᠠᠭ ᠤᠨ   ᠬᠠᠭᠠᠨ ᠤ ᠬᠠᠳᠠᠮ᠂ ᠠᠯᠲᠠᠨ ᠣᠷᠣᠭᠲᠠᠨ ᠤ ᠨᠠᠭᠠᠴᠤ ᠪᠣᠯᠤᠭᠰᠠᠨ ᠠᠴᠠ ᠡᠬᠢᠯᠡᠳᠡᠭ ᠪᠥᠭᠡᠳ  ᠬᠠᠭᠠᠨ ᠤ ᠬᠠᠳᠤᠨ᠂ ᠭᠦᠩᠵᠦ ᠨᠢ ᠣᠷᠳᠣᠨ ᠤ ᠰᠣᠶᠣᠯ ᠢ ᠭᠡᠰᠢᠭᠳᠡᠨ ᠨᠤᠲᠤᠭ ᠲᠤ ᠤᠯᠠᠮᠵᠢᠯᠠᠨ᠂ ᠬᠠᠭᠠᠨ ᠤ ᠰᠢᠳᠠᠷ ᠬᠠᠮᠠᠭᠠᠯᠠᠬᠤ ᠭᠡᠰᠢᠭᠳᠡᠨ ᠴᠡᠷᠢᠭ ᠨᠢ ᠬᠠᠭᠠᠨ ᠤ ᠣᠷᠳᠣᠨ ᠤ ᠰᠤᠶᠤᠯ  ᠢ ᠭᠡᠰᠢᠭᠲᠡᠨ ᠳᠤ ᠠᠪᠴᠢᠷᠠᠭᠰᠠᠨ ᠪᠠᠶᠢᠨ᠎ᠠ᠃ ᠡᠭᠦᠨ ᠳᠤ ᠭᠡᠰᠢᠭᠳᠡᠨ ᠲᠠᠪᠤᠨ ᠬᠠᠶᠢᠷᠬᠠᠨ ᠢᠶᠠᠨ ᠰᠢᠭ᠋ ᠡᠶᠢᠮᠦ ᠲᠠᠪᠤᠨ ᠤᠨᠴᠠᠯᠢᠭ ᠭᠡᠰᠢᠭᠳᠡᠨ ᠨᠤᠲᠤᠭ ᠤᠨ ᠬᠥᠮᠥᠰ ᠤᠨ ᠣᠶᠣᠨ ᠲᠠᠷᠢᠬᠢᠨ ᠳᠤ ᠰᠡᠬᠦᠶᠢᠵᠦ ᠪᠠᠶᠢᠨ᠎ᠠ ᠭᠡᠵᠦ ᠡᠷᠳᠡᠮᠲᠦ ᠦᠭᠦᠯᠡᠨ᠎ᠡ᠃      ᠨᠢᠭᠡ᠂ ᠭᠡᠰᠢᠭᠳᠡᠨ ᠮᠣᠩᠭᠤᠯᠴᠤᠳ ᠤᠨ ᠬᠡᠯᠡ ᠠᠪᠢᠶ᠎ᠠ ᠨᠢ ᠴᠡᠪᠡᠷ ᠲᠣᠳᠣ᠂ ᠴᠠᠬᠠᠷ ᠠᠮᠠᠨ ᠠᠶᠠᠯᠭᠤᠨ ᠳᠤ ᠪᠠᠭᠲᠠᠳᠠᠭ ᠢᠶᠠᠷ ᠪᠠᠷᠢᠮᠵᠢᠶ᠎ᠠ ᠠᠪᠢᠶ᠎ᠠ ᠶᠤᠮ᠂ ᠭᠡᠰᠢᠭᠳᠡᠨ ᠨᠤᠲᠤᠭ ᠠᠴᠠ ᠬᠡᠯᠡᠨ ᠤ ᠡᠷᠳᠡᠮᠲᠡᠨ ᠨᠡᠯᠢᠶᠡᠳ ᠴᠤᠯᠭᠤᠷᠠᠨ ᠭᠠᠷᠪᠠ᠃      ᠣᠷᠴᠢᠨ᠂ ᠣᠳᠣ ᠦᠶ᠎ᠡ ᠳᠤ ᠪᠤᠷᠬᠠᠨ ᠱᠠᠰᠢᠨ ᠤ ᠤᠬᠠᠭᠠᠨᠳᠠᠨ᠂ ᠬᠡᠯᠡᠨ ᠤ ᠡᠷᠳᠡᠮᠲᠡᠨ ᠰᠠᠮᠪᠤᠤ ︽ᠮᠣᠩᠭᠤᠯ ᠬᠡᠯᠡᠨ ᠵᠦᠢ︾ ᠭᠡᠬᠦ ᠨᠣᠮ ᠪᠢᠴᠢᠪᠡ᠃ ᠪᠤᠷᠬᠠᠨ ᠱᠠᠰᠢᠨ ᠤ ᠤᠬᠠᠭᠠᠨᠲᠠᠨ᠂ ᠬᠡᠯᠡᠨ ᠤ ᠡᠷᠳᠡᠮᠲᠡᠨ ᠳ᠋ᠧᠯᠢᠭᠵᠦᠩᠨᠡᠢ ︽ᠮᠣᠩᠭᠤᠯ ᠬᠡᠯᠡᠨ ᠤ ᠭᠤᠣᠯ ᠶᠣᠰᠣᠨ ᠢ ᠳᠤᠲᠤᠳᠬᠠᠭᠴᠢ ᠲᠣᠯᠢ︾ ᠭᠡᠬᠦ ᠨᠣᠮ ᠪᠢᠴᠢᠪᠡ᠃ ᠮᠣᠩᠭᠤᠯ ᠦᠨᠳᠦᠰᠦᠲᠡᠨ  ᠤ ᠰᠣᠶᠣᠯ ᠰᠣᠷᠭᠠᠨ ᠬᠥᠮᠥᠵᠢᠯ ᠤᠨ ᠶᠡᠭᠡ ᠭᠠᠪᠢᠶᠠᠳᠠᠨ ᠷᠣᠯᠭᠠᠷᠵᠠᠪ ︽ᠮᠣᠩᠭᠤᠯ ᠬᠢᠳᠡᠳ ᠲᠣᠯᠢ︾ ᠶᠢ ᠪᠢᠴᠢᠪᠡ᠃ ᠮᠣᠩᠭᠤᠯ ᠬᠡᠯᠡ ᠪᠢᠴᠢᠭ ᠤᠨ ᠶᠡᠭᠡ ᠪᠠᠭᠰᠢ᠂ ᠠᠯᠳᠠᠷᠲᠤ ᠡᠷᠳᠡᠮᠲᠡᠨ ᠡᠷᠲᠡᠨᠢᠲᠦᠭ᠌ᠳᠠᠬᠤ ᠪᠠᠷ ︽ᠮᠣᠩᠭᠤᠯ ᠦᠰᠦᠭ  ᠤᠨ ᠰᠢᠨ᠎ᠡ ᠲᠣᠯᠢ︾ ᠭᠡᠬᠦ ᠨᠣᠮ ᠪᠢᠴᠢᠪᠡ᠃ ᠡᠭᠦᠨ ᠠᠴᠠ ᠭᠠᠳᠠᠨ᠎ᠠ ᠡᠨᠡ ᠨᠤᠲᠤᠭ ᠤᠨ ᠮᠣᠩᠭᠤᠯ  ᠦᠨᠳᠦᠰᠦᠲᠡᠨ  ᠤ ᠰᠣᠶᠣᠯ ᠰᠣᠷᠭᠠᠨ ᠬᠥᠮᠥᠵᠢᠯ ᠤᠨ ᠶᠡᠭᠡ ᠭᠠᠪᠢᠶᠠᠲᠠᠨ ᠮᠤᠷᠤᠩᠭ᠎ᠠ᠂ ᠮᠣᠩᠭᠤᠯ ᠳᠥᠪᠡᠳ ᠬᠡᠯᠡᠨ᠎ᠡ ᠨᠡᠪᠲᠡᠷᠡᠭᠰᠡᠨ ᠯᠾᠠᠷᠠᠮᠪᠠ ᠵᠠᠮᠢᠶᠠᠨᠴᠢᠮᠪᠢ᠂ ᠠᠯᠳᠠᠷᠲᠤ ᠮᠤᠩᠭᠤᠯᠴᠢ ᠡᠷᠳᠡᠮᠲᠡᠨ ᠴ᠊ · ᠭᠡᠰᠢᠭᠳᠦᠭ᠌ᠳᠠᠬᠤ᠂ ᠰᠠᠮᠫᠢᠯᠨᠣᠷᠪᠤ ᠵᠡᠷᠭᠡ ᠪᠤᠢ᠃ ᠲᠡᠶᠢᠮᠦ ᠠᠴᠠ ᠭᠡᠰᠢᠭᠳᠡᠨ ᠨᠤᠲᠤᠭ ᠪᠣᠯ ᠡᠬᠡ ᠬᠡᠯᠡᠨ ᠤ ᠡᠷᠳᠡᠮᠲᠡᠳ ᠤᠨ ᠥᠯᠥᠭᠡᠢ ᠭᠡᠬᠦ ᠳᠤ ᠠᠭᠲᠠᠮᠠᠷ ᠦᠭᠡᠢ᠃      ᠮᠤᠷᠤᠩᠭ᠎ᠠ ︵1884—1944︶᠂ ᠭᠡᠰᠢᠭᠳᠡᠨ ᠨᠤᠲᠤᠭ ᠲᠠᠢ᠂ ᠶᠣᠣᠰᠢᠷ᠎ᠠ ᠣᠪᠣᠭ ᠲᠠᠢ᠂ ᠮᠣᠩᠭᠤᠯ ᠦᠨᠳᠦᠰᠦᠲᠡᠨ ᠤ ᠰᠣᠶᠤᠯ ᠰᠣᠷᠭᠠᠨ ᠬᠥᠮᠥᠵᠢᠯ ᠤᠨ ᠶᠡᠭᠡ ᠭᠠᠪᠢᠶᠠᠲᠠᠨ᠂ 1915 ᠣᠨ ᠳᠤ ᠭᠡᠰᠢᠭᠳᠡᠨ ᠳᠤ ᠮᠣᠩᠭᠤᠯ ᠰᠤᠷᠭᠠᠭᠤᠯᠢ ᠪᠠᠶᠢᠭᠤᠯᠵᠤ᠂ 1925 ᠣᠨ ᠳᠤ ᠴᠡᠷᠢᠭ ᠤᠨ ᠨᠣᠶᠠᠳ ᠤᠨ ᠰᠤᠷᠭᠠᠭᠤᠯᠢ ᠪᠠᠶᠢᠭᠤᠯᠤᠨ 1926 ᠣᠨ ᠳᠤ ᠴᠢᠭᠤᠯᠠᠯᠲᠤ ᠬᠠᠭᠠᠯᠭ᠎ᠠ ᠳᠤ ᠮᠣᠩᠭᠤᠯ ᠪᠢᠴᠢᠭ ᠣᠷᠴᠢᠭᠤᠯᠵᠤ ᠲᠠᠷᠤᠮᠠᠯᠯᠠᠬᠤ ᠬᠤᠷᠢᠶ᠎ᠠ ᠪᠠᠶᠢᠭᠤᠯᠪᠠ᠃ ︽ᠥᠪᠥᠷ ᠠᠷᠠᠳ ᠤᠨ ᠨᠠᠮ︾ ᠢ ᠡᠭᠦᠰᠬᠡᠨ ᠪᠠᠶᠢᠭᠤᠯᠵᠤ ᠦᠨᠳᠦᠰᠦᠲᠡᠨ ᠤ ᠥᠪᠡᠷᠲᠡᠭᠡᠨ ᠵᠠᠰᠠᠬᠤ ᠪᠠ ᠴᠢᠯᠥᠭᠡᠯᠡᠯᠲᠡ ᠰᠡᠬᠡᠭᠡᠷᠡᠯ ᠶᠢᠨ ᠲᠥᠯᠥᠭᠡ ᠨᠠᠰᠤᠨ ᠲᠤᠷᠰᠢ ᠲᠡᠮᠡᠴᠡᠪᠡ᠃ 2017 ᠣᠨ ᠤ 9 ᠰᠠᠷ᠎ᠠ ᠶᠢᠨ 5 ᠤ ᠡᠳᠦᠷ ᠲᠡᠭᠦᠨ ᠤ ᠬᠦᠷᠡᠯ ᠭᠦᠷᠥᠭ ᠢ ᠪᠢᠷᠠᠭᠤ ᠶᠢᠨ ᠮᠣᠩᠭᠤᠯ ᠪᠠᠭ᠎ᠠ ᠰᠤᠷᠭᠠᠭᠤᠯᠢ ᠶᠢᠨ ᠬᠦᠷᠢᠶᠡᠨ᠎ᠡ ᠪᠣᠰᠬᠠᠪᠠ᠃ ᠮᠤᠷᠤᠩᠭ᠎ᠠ ᠶᠢᠨ ᠵᠢᠭᠡ ᠣᠮᠪᠣᠯ ᠥᠬᠢᠨ ᠲᠠᠶᠢᠸᠠᠨ ᠤ ᠠᠯᠳᠠᠷᠲᠤ ᠰᠢᠯᠦᠭᠴᠢᠨ ᠰᠢ᠊ · ᠮᠥᠷᠡᠨ ᠪᠠᠷ ᠲᠡᠭᠦᠨ ᠤ ᠭᠦᠷᠡᠯ ᠬᠥᠷᠥᠭ ᠲᠤ ︽ᠰᠣᠷᠭᠠᠨ ᠬᠥᠮᠥᠵᠢᠯ ᠯᠡ ᠦᠨᠳᠦᠰᠦᠲᠡᠨ ᠤ ᠪᠣᠯᠪᠠᠰᠤᠷᠠᠯ ᠢ ᠳᠡᠭᠡᠭᠰᠢᠯᠡᠭᠦᠯᠵᠦ ᠴᠢᠳᠠᠨ᠎ᠠ᠂ ᠰᠣᠷᠭᠠᠨ ᠬᠥᠮᠥᠵᠢᠯ ᠯᠡ ᠦᠨᠳᠦᠰᠦᠲᠡᠨ ᠤ  ᠤᠯᠠᠮᠵᠢᠯᠠᠯ ᠢ ᠰᠡᠷᠭᠦᠭᠡᠵᠦ ᠴᠢᠳᠠᠨ᠎ᠠ᠂ ᠰᠣᠷᠭᠠᠨ ᠬᠥᠮᠥᠵᠢᠯ ᠯᠡ ᠦᠨᠳᠦᠰᠦᠲᠡᠨ ᠤ ᠰᠣᠶᠤᠯ ᠢ ᠬᠥᠭᠵᠢᠭᠦᠯᠵᠦ ᠴᠢᠳᠠᠨ᠎ᠠ︾ ᠭᠡᠰᠡᠨ ᠪᠢᠴᠢᠭᠡᠰᠦ ᠪᠢᠴᠢᠪᠡ᠃      ᠷᠣᠯᠭᠠᠷᠵᠠᠪ ︵1888—1941 )᠂ ᠴᠢᠩᠭᠢᠰ ᠬᠠᠭᠠᠨ ᠤ ᠠᠯᠲᠠᠨ ᠣᠷᠤᠭ ᠤᠨ ᠬᠤᠶᠢᠴᠢᠰ᠃ ᠴᠢᠩ ᠤᠯᠤᠰ ᠤᠨ ᠰᠡᠭᠦᠯᠴᠢ᠂ ᠳᠤᠮᠳᠠᠳᠤ ᠢᠷᠭᠡᠨ ᠤᠯᠤᠰ ᠤᠨ ᠦᠶ᠎ᠡ ᠳᠤ ᠥᠪᠥᠷ ᠮᠣᠩᠭᠤᠯ ᠤᠨ ᠭᠡᠰᠢᠭᠳᠡᠨ ᠬᠤᠰᠢᠭᠤᠨ  ᠤ 12 ᠳ᠋ᠤᠭᠠᠷ ᠦᠶ᠎ᠡ ᠶᠢᠨ ᠵᠠᠰᠠᠭ᠂ ᠬᠠᠭᠤᠷᠮᠠᠭ ᠮᠠᠨᠵᠤ ᠤᠯᠤᠰ ᠤᠨ ᠬᠢᠩᠭᠠᠨ ᠪᠠᠷᠠᠭᠤᠨ ᠮᠤᠵᠢ ᠶᠢᠨ ᠳᠠᠷᠤᠭ᠎ᠠ ᠪᠠᠶᠢᠪᠠ᠃ ᠮᠣᠩᠭᠤᠯ ᠤᠨ ᠬᠠᠯᠬ᠎ᠠ ᠠᠶᠢᠮᠠᠭ ᠲᠤᠰᠠᠭᠠᠷ ᠲᠣᠭᠲᠠᠨᠢᠭᠰᠠᠨ᠂ ᠴᠢᠩ ᠬᠦᠷᠦᠨ ᠮᠥᠭᠦᠭᠰᠡᠨ᠂ ᠳᠤᠮᠳᠠᠳᠤ ᠢᠷᠭᠡᠨ ᠤᠯᠤᠰ ᠪᠠᠶᠢᠭᠤᠯᠤᠭᠳᠠᠭᠰᠠᠨ᠂ ᠠᠶᠢᠰᠢᠨ ᠭᠢᠦᠷᠤ ᠫᠦ᠋ ᠢ ᠶᠢᠨ ᠬᠠᠭᠤᠷᠮᠠᠭ ᠮᠠᠨᠵᠤ ᠪᠤᠢ ᠪᠣᠯᠤᠭᠰᠠᠨ᠂  ᠤᠮᠠᠷᠠᠲᠤ ᠶᠢᠨ ᠴᠡᠷᠢᠭ ᠤᠨ ᠡᠷᠭᠡᠳᠡᠨ ᠨᠦᠭᠦᠳ ᠤᠨ ᠰᠠᠮᠠᠭᠤᠨ ᠲᠠᠶᠢᠨ ᠳᠡᠭᠳᠡᠭᠰᠡᠨ ᠵᠡᠷᠭᠡ ᠥᠢᠮᠡᠭᠡᠨ ᠶᠡᠬᠡᠲᠠᠢ ᠬᠤᠪᠢᠰᠤᠯ ᠶᠡᠬᠡᠲᠠᠢ ᠤᠨᠴᠠᠭᠠᠢ ᠲᠡᠦᠬᠡᠨ ᠴᠠᠭ ᠦᠶ᠎ᠡ ᠳᠤ᠂ ᠲᠡᠷᠡᠪᠠᠷ ᠮᠣᠩᠭᠤᠯ ᠦᠨᠳᠦᠰᠦᠲᠡᠨ ᠶᠦᠭᠡᠨ ᠰᠡᠷᠡᠭᠡᠨ ᠤᠬᠠᠮᠰᠠᠷᠯᠠᠭᠤᠯᠬᠤ᠂ ᠰᠡᠷᠭᠦᠭᠡᠨ ᠮᠠᠨᠳᠤᠭᠤᠯᠬᠤ ᠵᠠᠮ ᠢ ᠭᠠᠭᠴᠠ ᠦᠵᠦᠭᠦᠷᠲᠦ ᠰᠡᠳᠬᠢᠯ ᠢᠶᠠᠷ ᠡᠷᠢᠯᠬᠢᠯᠡᠨ᠂ ᠰᠣᠶᠤᠯ ᠪᠣᠯᠪᠠᠰᠤᠨ᠂ ᠰᠣᠷᠭᠠᠨ ᠬᠥᠮᠥᠵᠢᠯ ᠢᠶᠠᠷ ᠮᠣᠩᠭᠤᠯᠴᠤᠳ ᠢᠶᠠᠨ ᠤᠷᠢᠶᠠᠯᠠᠨ ᠭᠡᠭᠡᠷᠡᠭᠦᠯᠵᠦ᠂ ᠰᠡᠷᠭᠦᠭᠡᠨ ᠮᠠᠨᠳᠤᠭᠤᠯᠬᠤ ᠭᠡᠮᠡᠨ ᠨᠠᠰᠤᠨ ᠲᠤᠷᠰᠢ ᠲᠡᠮᠡᠴᠡᠭᠰᠡᠨ ᠶᠤᠮ᠃ ᠡᠭᠦᠨ ᠳᠤ ᠮᠣᠩᠭᠤᠯ ᠬᠡᠪᠯᠡᠯ ᠤᠨ ᠬᠤᠷᠢᠶ᠎ᠠ ᠪᠠᠶᠢᠭᠤᠯᠤᠨ᠂ ᠮᠣᠩᠭᠤᠯ ᠰᠡᠳᠬᠦᠯ ᠡᠷᠭᠢᠯᠡᠨ ᠨᠣᠮ ᠵᠣᠬᠢᠶᠠᠯ ᠬᠡᠪᠯᠡᠭᠦᠯᠵᠦ ᠲᠠᠷᠬᠠᠭᠠᠬᠤ᠂ ᠮᠣᠩᠭᠤᠯ ᠦᠰᠦᠭ ᠪᠢᠴᠢᠭ ᠢ ᠲᠦᠷᠢᠮᠵᠢᠭᠦᠯᠬᠦ᠂ ᠵᠣᠬᠢᠶᠠᠯ ᠪᠦᠲᠦᠭᠡᠯ ᠵᠣᠬᠢᠶᠠᠵᠤ ᠣᠷᠴᠢᠭᠤᠯᠬᠤ᠂ ᠮᠣᠩᠭᠤᠯ ᠰᠤᠷᠭᠠᠭᠤᠯᠢ ᠪᠠᠶᠢᠭᠤᠯᠤᠨ ᠬᠢᠴᠢᠶᠡᠯ ᠤᠨ ᠪᠢᠴᠢᠭ ᠨᠠᠶᠢᠷᠠᠭᠤᠯᠬᠤ ᠵᠡᠷᠭᠡ ᠠᠵᠢᠯᠯᠠᠭ᠎ᠠ ᠪᠠᠷ ᠢᠶᠠᠨ ᠡᠬᠡ ᠣᠷᠣᠨ ᠢᠶᠠᠨ ᠬᠠᠶᠢᠷᠠᠯᠠᠬᠤ ᠤᠭᠰᠠᠭᠠᠲᠠᠨ ᠢᠶᠠᠨ ᠬᠠᠮᠠᠭᠠᠯᠠᠬᠤ᠂ ᠡᠷᠬᠡ ᠴᠢᠯᠦᠭᠡ ᠠᠷᠠᠳᠴᠢᠯᠠᠯ ᠢ ᠲᠡᠮᠡᠴᠡᠨ ᠣᠯᠬᠤ᠂ ᠪᠡᠶ᠎ᠡ ᠪᠠᠨ ᠳᠠᠭᠠᠭᠠᠵᠤ ᠡᠷᠬᠡ ᠮᠡᠳᠡᠬᠦ᠂ ᠡᠷᠡᠭᠲᠡᠢ ᠡᠮᠡᠭᠲᠡᠢ ᠡᠷᠬᠡ ᠲᠡᠭᠰᠢ ᠪᠠᠶᠢᠬᠤ ᠲᠤᠬᠠᠢ ᠠᠷᠠᠳᠴᠢᠯᠠᠯ ᠤᠨ ᠦᠵᠡᠯ ᠰᠠᠨᠠᠭ᠎ᠠ ᠶᠢ ᠢᠳᠡᠪᠬᠢᠲᠡᠢ ᠤᠬᠠᠭᠤᠯᠤᠭᠰᠠᠨ ᠢᠶᠠᠷ ᠦᠯᠦ ᠪᠠᠷᠠᠮ᠂ ᠣᠳᠣᠨ ᠣᠷᠣᠨ ᠭᠠᠵᠠᠷ ᠵᠦᠢ᠂ ᠬᠠᠤᠯᠢ ᠴᠠᠭᠠᠵᠠ᠂ ᠰᠢᠨᠵᠢᠯᠡᠬᠦ ᠤᠬᠠᠭᠠᠨ ᠮᠡᠷᠭᠡᠵᠢᠯ ᠤᠨ ᠮᠡᠳᠡᠯᠭᠡ ᠶᠢ ᠳᠡᠯᠭᠡᠷᠡᠭᠦᠯᠦᠨ᠂ ᠮᠣᠩᠭᠤᠯ ᠦᠨᠳᠦᠰᠦᠲᠡᠨ ᠤ ᠰᠣᠶᠣᠯ ᠪᠣᠯᠪᠠᠰᠤᠨ᠂ ᠰᠣᠷᠭᠠᠨ ᠬᠥᠮᠥᠵᠢᠯ ᠤᠨ ᠦᠢᠯᠡᠰ ᠲᠤ ᠪᠠᠯᠠᠷᠠᠰᠢ ᠦᠭᠡᠢ ᠭᠠᠪᠢᠶ᠎ᠠ ᠵᠢᠳᠬᠦᠯ ᠲᠠᠢ ᠶᠠᠪᠤᠭᠰᠠᠨ ᠪᠢᠯᠡ᠃      2017 ᠣᠨ ᠤ 9 ᠰᠠᠷ᠎ᠠ ᠶᠢᠨ 18 ᠤ ᠡᠳᠦᠷ ᠮᠣᠩᠭᠤᠯ ᠦᠨᠳᠦᠰᠦᠲᠡᠨ ᠤ ᠰᠣᠶᠣᠯ ᠰᠣᠷᠭᠠᠨ ᠬᠥᠮᠥᠵᠢᠯ  ᠤᠨ ᠶᠡᠭᠡ ᠭᠠᠪᠢᠶᠠᠳᠠᠨ ᠷᠣᠯᠭᠠᠷᠵᠠᠪ ᠤᠨ ᠬᠦᠷᠡᠯ ᠭᠦᠷᠥᠭ ᠢ ᠪᠢᠷᠠᠭᠤ ᠶᠢᠨ ᠮᠣᠩᠭᠤᠯ ᠳᠤᠮᠳᠠᠳᠤ ᠰᠤᠷᠭᠠᠭᠤᠯᠢ ᠶᠢᠨ ᠬᠦᠷᠢᠶᠡᠨ᠎ᠡ ᠪᠣᠰᠬᠠᠵᠤ᠂ ᠲᠡᠭᠦᠨ ᠤ ᠵᠣᠬᠢᠶᠠᠯ ᠪᠦᠲᠦᠭᠡᠯ ᠤᠨ ᠲᠤᠬᠠᠢ ᠡᠷᠳᠡᠮ ᠰᠢᠨᠵᠢᠯᠡᠭᠡᠨ ᠤ ᠬᠤᠷᠠᠯ ᠢ ᠬᠤᠷᠠᠯᠳᠤᠭᠤᠯᠪᠠ᠃ 2018 ᠣᠨ ᠳᠤ ᠷᠣᠯᠭᠠᠷᠵᠠᠪ ᠤᠨ ᠬᠠᠭᠤᠴᠢᠨ ᠰᠠᠭᠤᠴᠠ ᠶᠢ ᠵᠠᠰᠠᠨ ᠰᠢᠨᠡᠳᠬᠡᠪᠡ᠃      ᠡᠷᠳᠡᠨᠢᠳᠦᠭ᠌ᠳᠠᠬᠤ ︵1916—2001︶᠂ ᠭᠡᠰᠢᠭᠳᠡᠨ ᠨᠤᠲᠤᠭ ᠲᠠᠢ᠂ ᠮᠣᠩᠭᠤᠯ ᠬᠡᠯᠡ ᠪᠢᠴᠢᠭ ᠤᠨ ᠶᠡᠭᠡ ᠪᠠᠭᠰᠢ᠂ ᠤᠳᠬ᠎ᠠ ᠵᠣᠬᠢᠶᠠᠯᠴᠢ᠂ ᠮᠣᠩᠭᠤᠯ ᠬᠡᠯᠡ ᠪᠢᠴᠢᠭ ᠤᠨ ᠠᠵᠢᠯ ᠤᠨ ᠭᠠᠷᠮᠠᠭᠠᠢ ᠵᠢᠳᠬᠦᠯᠲᠡᠨ᠃ 20 ᠳ᠋ᠤᠭᠠᠷ ᠵᠠᠭᠤᠨ ᠤ ᠲᠥᠴᠢᠭᠡᠳ ᠣᠨ ᠠᠴᠠ ᠮᠣᠩᠭᠤᠯ ᠬᠡᠯᠡ  ᠪᠢᠴᠢᠭ ᠢ ᠰᠤᠳᠤᠯᠬᠤ ᠠᠵᠢᠯ ᠢᠶᠠᠨ ᠡᠬᠢᠯᠡᠭᠦᠯᠵᠦ᠂ ᠮᠣᠩᠭᠤᠯ ᠬᠡᠯᠡ ᠪᠢᠴᠢᠭ ᠤᠨ ᠰᠤᠳᠤᠯᠤᠯ ᠢ ᠬᠡᠯᠡ ᠪᠢᠴᠢᠭ ᠤᠨ ᠤᠬᠠᠭᠠᠨ ᠠᠴᠠ ᠬᠡᠯᠡ ᠰᠢᠨᠵᠢᠯᠡᠯ ᠤᠨ ᠰᠢᠨ᠎ᠡ ᠱᠠᠲᠤᠨ᠎ᠠ ᠠᠬᠢᠭᠤᠯᠪᠠ᠃ ᠢᠨᠵᠠᠨᠨᠠᠰᠢ ᠶᠢᠨ ᠵᠣᠬᠢᠶᠠᠯ ᠪᠦᠲᠦᠭᠡᠯ ᠢ ᠡᠷᠢᠨ ᠴᠤᠭᠯᠠᠭᠤᠯᠵᠤ᠂ ᠡᠮᠬᠢᠳᠬᠡᠨ ᠬᠡᠪᠯᠡᠭᠦᠯᠵᠦ᠂ ᠡᠷᠬᠢᠮᠯᠡᠨ ᠰᠤᠳᠤᠯᠤᠭᠰᠠᠨ ᠨᠢ ᠮᠣᠩᠭᠤᠯ ᠤᠨ ᠣᠶᠢᠷ᠎ᠠ ᠦᠶ᠎ᠡ ᠶᠢᠨ ᠤᠳᠬ᠎ᠠ ᠵᠣᠬᠢᠶᠠᠯ ᠤᠨ ᠲᠡᠦᠬᠡ ᠰᠤᠳᠤᠯᠤᠯ ᠤᠨ ᠰᠠᠭᠤᠷᠢ ᠶᠢ ᠴᠣᠭᠴᠠᠯᠠᠪᠠ᠃ ᠣᠯᠠᠨ ᠵᠢᠯ ᠤᠳᠤᠷᠢᠳᠬᠤ ᠪᠠᠶᠢᠷᠢᠨ᠎ᠠ ᠠᠵᠢᠯᠯᠠᠵᠤ᠂ ᠮᠣᠩᠭᠤᠯ ᠬᠡᠯᠡ ᠪᠢᠴᠢᠭ ᠤᠨ ᠠᠵᠢᠯ ᠤᠨ ᠵᠥᠪ ᠴᠢᠭᠯᠡᠯᠲᠡ᠂ ᠵᠥᠪ ᠪᠣᠳᠣᠯᠭ᠎ᠠ ᠶᠢᠨ ᠲᠥᠯᠥᠭᠡ ᠪᠤᠴᠠᠯᠲᠠ ᠦᠭᠡᠢ ᠴᠢᠷᠮᠠᠶᠢᠵᠤ᠂ ᠪᠦᠭᠦ ᠨᠠᠰᠤ ᠪᠠᠨ ᠮᠣᠩᠭᠤᠯ ᠬᠡᠯᠡ ᠪᠢᠴᠢᠭ ᠤᠨ ᠦᠢᠯᠡᠰ ᠲᠤ ᠵᠣᠷᠢᠭᠤᠯᠤᠭᠰᠠᠨ ᠪᠢᠯᠡ᠃      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠤᠨ ᠬᠡᠷᠡᠭ ᠡᠷᠬᠢᠯᠡᠬᠦ ᠵᠥᠪᠯᠡᠯ᠂ ᠭᠡᠰᠢᠭᠳᠡᠨ ᠬᠤᠰᠢᠭᠤᠨ ᠤ ᠵᠠᠰᠠᠭ ᠤᠨ ᠣᠷᠳᠣᠨ ᠬᠠᠮᠲᠤᠷᠠᠨ 2010 ᠣᠨ ᠳᠤ ᠡᠷᠲᠠᠨᠢᠲᠦᠭ᠌ᠳᠠᠬᠤ ᠶᠢᠨ ᠬᠥᠷᠡᠯ ᠭᠦᠷᠥᠭ ᠢ ᠪᠢᠷᠠᠭᠤ ᠶᠢᠨ ᠮᠣᠩᠭᠤᠯ ᠳᠤᠮᠳᠠᠳᠤ ᠰᠤᠷᠭᠠᠭᠤᠯᠢ ᠶᠢᠨ ᠭᠦᠷᠢᠶᠡᠨ᠎ᠡ ᠪᠣᠰᠬᠠᠵᠤ᠂ ᠵᠣᠬᠢᠶᠠᠯ ᠪᠦᠲᠦᠭᠡᠯ ᠢ ᠨᠢ ᠭᠡᠪᠯᠡᠨ ᠨᠡᠶᠢᠲᠡᠯᠡᠵᠦ᠂ ᠰᠤᠳᠤᠯᠤᠨ ᠶᠠᠷᠢᠯᠴᠠᠬᠤ ᠬᠤᠷᠠᠯ ᠢ ᠵᠣᠬᠢᠶᠠᠨ ᠪᠠᠶᠢᠭᠤᠯᠪᠠ᠃ 2015 ᠣᠨ ᠳᠤ ᠲᠡᠭᠦᠨ ᠤ ᠮᠡᠨᠳᠦᠯᠡᠭᠰᠡᠨ 100 ᠵᠢᠯ ᠤᠨ ᠣᠢ ᠶᠢ ᠳᠤᠷᠠᠰᠬᠠᠬᠤ ᠬᠤᠷᠠᠯ ᠢ ᠬᠦᠭᠡᠬᠤᠲᠠᠨ᠎ᠠ ᠵᠣᠬᠢᠶᠠᠨ ᠪᠠᠶᠢᠭᠤᠯᠪᠠ᠃      ᠴ᠊ · ᠭᠡᠰᠢᠭᠲᠦᠭ᠌ᠳᠠᠬᠤ ︵1940 —2022︶᠂ ᠭᠡᠰᠢᠭᠳᠡᠨ ᠨᠤᠲᠤᠭ ᠲᠠᠢ᠂    ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠫᠷᠣᠹᠧᠰᠰᠣᠷ᠂ ᠳ᠋ᠣᠺᠲ᠋ᠣᠷᠠᠨᠲ ᠤᠨ ᠵᠢᠯᠣᠭᠤᠳᠣᠭᠴᠢ ᠪᠠᠭᠰᠢ᠂ ᠠᠯᠳᠠᠷᠲᠤ ᠡᠷᠳᠡᠮᠲᠡᠨ᠂ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ︽ᠠᠯᠳᠠᠨ ᠭᠠᠳᠠᠰᠤ︾ ᠭᠠᠪᠢᠶᠠᠨ ᠤ ᠣᠳᠣᠨ ᠤ ᠡᠵᠡᠨ ᠂ ᠮᠣᠩᠭᠤᠯ ᠤᠯᠤᠰ ᠤᠨ ᠰᠢᠨᠵᠢᠯᠡᠬᠦ  ᠤᠬᠠᠭᠠᠨ ᠤ ᠠᠺᠠᠳᠧᠮᠢ ᠶᠢᠨ ᠠᠷᠠᠳ ᠤᠨ ᠤᠷᠠᠨ ᠵᠣᠬᠢᠶᠠᠯᠴᠢ᠂ ᠠᠺᠠᠳᠧᠮᠢᠴᠢ ︽ᠴ᠊ · ᠳᠠᠮᠳᠢᠨᠰᠦ᠋ᠷᠦᠩ︾ ᠨᠡᠷᠡᠮᠵᠢᠲᠦ ᠱᠠᠩᠨᠠᠯ ᠢᠶᠠᠷ ᠱᠠᠩᠨᠠᠭᠳᠠᠵᠤ ᠥᠩᠭᠡᠷᠡᠪᠡ᠃ ᠣᠯᠠᠨ  ᠤᠯᠤᠰ ᠤᠨ ᠮᠣᠩᠭᠤᠯᠴᠢ ᠡᠷᠳᠡᠮᠲᠡᠳ ᠤᠨ ᠬᠤᠯᠪᠣᠭᠠᠨ ᠤ ᠵᠥᠪᠯᠡᠯᠳᠦᠭᠦ ᠲᠣᠪᠴᠢᠶᠠᠨ ᠤ ᠭᠡᠰᠢᠭᠦᠨ᠂ ᠶᠠᠫᠤᠨ ᠤᠯᠤᠰ ᠤᠨ ᠸᠠᠰᠧᠳᠠ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠲᠥᠪ ᠤᠨ ᠵᠣᠴᠢᠨ ᠫᠷᠣᠹᠧᠰᠰᠣᠷ ᠵᠡᠷᠭᠡ ᠨᠡᠶᠢᠭᠡᠮ ᠤᠨ ᠲᠤᠰᠢᠶᠠᠯ ᠲᠠᠢ᠃ ︽ᠡᠷᠲᠡᠨ ᠤ ᠮᠣᠩᠭᠤᠯ ᠰᠢᠯᠦᠭ ᠤᠨ ᠲᠡᠭᠦᠪᠦᠷᠢ︾ ᠵᠡᠷᠭᠡ 10 ᠨᠣᠮ ᠪᠦᠲᠦᠭᠡᠯ ᠲᠠᠢ᠃      ᠰᠠᠮᠫᠢᠯᠨᠣᠷᠪᠤ ︵1947—2002︶᠂ ᠬᠡᠰᠢᠭᠲᠡᠨ ᠨᠤᠲᠤᠭ ᠲᠠᠢ᠂ ᠮᠣᠩᠭᠤᠯ ᠵᠠᠩ ᠦᠢᠯᠡ ᠰᠤᠳᠤᠯᠤᠯ  ᠤᠨ ᠨᠡᠷᠡᠲᠦ ᠡᠷᠳᠡᠮᠲᠡᠨ᠂ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠳᠡᠳ᠋ ᠫᠷᠣᠹᠧᠰᠰᠣᠷ᠂ ᠠᠰᠫᠢᠷᠠᠨᠲ  ᠤᠨ ᠵᠢᠯᠣᠭᠤᠳᠣᠭᠴᠢ ᠪᠠᠭᠰᠢ᠃ ︽ᠮᠣᠩᠭᠤᠯ ᠵᠠᠩ ᠦᠢᠯᠡ ᠶᠢᠨ ᠲᠣᠶᠢᠮᠣ︾᠂ ︽ᠮᠣᠩᠭᠤᠯ ᠦᠨᠳᠦᠰᠦᠲᠡᠨ ᠤ ᠢᠳᠡᠭᠡᠨ ᠤᠮᠳᠠᠭᠠᠨ ᠤ ᠰᠣᠶᠤᠯ︾᠂ ︽ᠨᠡᠭᠦᠳᠡᠯ  ᠮᠡᠯᠵᠢᠯ ᠤᠨ ᠰᠣᠶᠣᠯ ᠵᠦᠢ︾᠂ ︽ᠮᠣᠩᠭᠤᠯᠴᠤᠳ ᠤᠨ ᠡᠷᠡᠭᠦᠯ ᠠᠮᠢᠳᠤᠷᠠᠬᠤᠢ ᠤᠯᠠᠮᠵᠢᠯᠠᠯᠲᠤ ᠰᠤᠶᠤᠯ︾᠂ ︽ᠮᠣᠩᠭᠤᠯ ᠵᠦᠢᠷ ᠰᠡᠴᠡᠨ ᠦᠭᠡ ᠶᠢᠨ ᠴᠢᠭᠤᠯᠭᠠᠨ︾᠂ ︽ᠣᠶᠢᠷᠠᠳ ᠵᠠᠩ ᠦᠢᠯᠡ︾ ᠵᠡᠷᠭᠡ ᠨᠣᠮ ᠪᠦᠲᠦᠭᠡᠯ ᠲᠠᠢ᠂ ᠣᠯᠠᠨ ᠤᠯᠤᠰ ᠤᠨ ᠬᠤᠯᠪᠣᠭᠠᠲᠤ ᠪᠠᠶᠢᠭᠤᠯᠤᠯᠭ᠎ᠠ ᠶᠢᠨ ᠰᠣᠶᠤᠯ᠂ ᠰᠢᠨᠵᠢᠯᠡᠬᠦ ᠤᠬᠠᠭᠠᠨ᠂ ᠰᠣᠷᠭᠠᠨ ᠬᠥᠮᠥᠵᠢᠯ ᠤᠨ ᠵᠣᠬᠢᠶᠠᠨ ᠪᠠᠶᠢᠭᠤᠯᠤᠯᠲᠠ ᠶᠢᠨ ᠲᠤᠰᠬᠠᠢ ᠣᠷᠢᠭᠰᠠᠨ ᠫᠷᠣᠹᠧᠰᠰᠣᠷ ᠵᠡᠷᠭᠡ ᠨᠡᠶᠢᠭᠡᠮ ᠤᠨ ᠲᠤᠰᠢᠶᠠᠯ ᠲᠠᠢ ᠪᠠᠶᠢᠵᠠᠢ᠃      ᠬᠤᠶᠠᠷ᠂ ᠬᠡᠰᠢᠭᠲᠡᠨ ᠮᠣᠩᠭᠤᠯᠴᠤᠳ ᠭᠡᠷ ᠤᠨ ᠰᠤᠷᠭᠠᠯ ᠰᠠᠶᠢᠲᠠᠢ᠃      ᠬᠡᠰᠢᠭᠲᠡᠨ᠂ ᠶᠤᠸᠠᠨ ᠭᠦᠷᠦᠨ ᠤ ᠦᠶ᠎ᠡ ᠳᠤ ᠬᠤᠩᠭᠢᠷᠠᠳ ᠠᠶᠢᠮᠠᠭ ᠨᠢ ᠬᠠᠭᠠᠨ ᠤ ᠬᠠᠳᠤᠳ ᠢ ᠬᠥᠮᠥᠵᠢᠭᠦᠯᠳᠡᠭ ᠰᠠᠭᠤᠷᠢᠨ ᠰᠢᠭ᠋ ᠪᠠᠶᠢᠪᠠ᠃ ᠬᠠᠳᠤᠳ ᠢ ᠬᠡᠷᠬᠢᠨ ᠰᠣᠩᠭᠤᠳᠠᠭ ᠢ ︽ᠮᠠᠷᠺᠤ ᠫᠣᠯᠤ ᠶᠢᠨ ᠵᠢᠭᠤᠯᠴᠢᠯᠠᠯ ᠤᠨ ᠲᠡᠮᠳᠡᠭᠯᠡᠯ︾ ᠳᠤ 4 ᠵᠢᠯ ᠪᠣᠯᠬᠤ ᠪᠥᠷᠢ ᠳᠤ 400 ᠥᠬᠢᠳ ᠢ ᠰᠣᠩᠭᠤᠨ ᠬᠠᠮᠤᠭ ᠰᠡᠭᠦᠯ ᠳᠤ 12 ᠥᠬᠢᠨ ᠦᠯᠡᠳᠡᠭᠡᠵᠦ ᠬᠠᠭᠠᠨ ᠤ ᠣᠷᠳᠣᠨ ᠳᠤ ᠣᠷᠣᠭᠤᠯᠤᠨ ᠰᠢᠯᠢᠵᠦ ᠰᠣᠩᠭᠤᠬᠤ ᠬᠡᠮᠡᠨ ᠮᠠᠰᠢ ᠨᠠᠷᠢᠨ ᠲᠣᠳᠣᠷᠬᠠᠢ ᠲᠡᠮᠳᠡᠭᠯᠡᠵᠡᠢ᠃      ᠭᠤᠷᠪᠠ᠂ ᠭᠡᠰᠢᠭᠲᠡᠨ ᠳᠤ ᠳᠡᠯᠭᠡᠷᠡᠭᠰᠡᠨ ᠮᠣᠩᠭᠤᠯ ᠠᠷᠠᠳ ᠤᠨ ᠤᠷᠲᠤ ᠶᠢᠨ ᠳᠠᠭᠤᠤ᠂ ᠪᠣᠭᠤᠨᠢ ᠳᠠᠭᠤᠤ᠂ ᠴᠤᠭᠤᠷ ᠳᠠᠭᠤᠤ᠂ ᠨᠠᠢᠮᠠᠨ ᠠᠶᠠᠯᠭᠤ᠂ ᠠᠰᠠᠷ ᠵᠡᠷᠭᠡ ᠳᠠᠭᠤᠤ ᠬᠥᠭᠵᠢᠮ ᠨᠢ ᠪᠥᠷ ᠣᠷᠳᠣᠨ ᠤ ᠳᠠᠭᠤᠤ ᠬᠥᠭᠵᠢᠮ  ᠤᠨ ᠤᠨᠴᠠᠯᠢᠭ ᠲᠠᠢ᠃      ᠳᠥᠷᠪᠡ᠂ ᠬᠡᠰᠢᠭᠲᠡᠨ ᠤ ᠰᠦ ᠰᠠᠭᠠᠯᠢ ᠪᠤᠯᠪᠠᠰᠤᠷᠠᠭᠤᠯᠬᠤ ᠮᠡᠷᠭᠡᠵᠢᠯ ᠥᠨᠳᠥᠷ ᠲᠦᠪᠰᠢᠨ ᠳᠤ ᠪᠠᠶᠢᠵᠠᠢ᠃      ᠭᠡᠰᠢᠭᠳᠡᠨ ᠨᠢ ᠶᠤᠸᠠᠨ ᠤᠯᠤᠰ᠂ ᠴᠢᠩ ᠤᠯᠤᠰ ᠤᠨ ᠦᠶ᠎ᠡ ᠳᠤ ᠬᠠᠭᠠᠨ ᠤ ᠰᠦᠷᠦᠭ ᠢ ᠮᠠᠯᠵᠢᠨ᠂ ᠣᠷᠳᠣᠨ ᠤ ᠰᠦ ᠰᠠᠭᠠᠯᠢ ᠶᠢ ᠬᠠᠩᠭᠠᠳᠠᠭ ᠭᠠᠵᠠᠷ ᠪᠠᠶᠢᠭᠰᠠᠨ ᠠᠴᠠ ᠰᠦ ᠰᠠᠭᠠᠯᠢ ᠪᠣᠯᠪᠠᠰᠤᠷᠠᠭᠤᠯᠬᠤ ᠤᠷ᠎ᠠ ᠮᠡᠷᠭᠡᠵᠢᠯ ᠨᠢ ᠨᠠᠷᠢᠯᠢᠭ᠂ ᠥᠪᠡᠷ ᠤᠨ ᠭᠡᠰᠡᠨ ᠤᠨᠴᠠᠯᠢᠭ ᠲᠠᠢ᠃      1906 ᠣᠨ ᠳᠤ ᠶᠠᠫᠤᠨ ᠬᠥᠮᠥᠨ ᠮᠢᠰᠢᠮᠡ᠂ ᠺᠠᠢ ᠦᠨ ᠭᠡᠰᠢᠭᠳᠡᠨ ᠰᠦ ᠰᠠᠭᠠᠯᠢ ᠪᠤᠯᠪᠠᠰᠤᠷᠠᠭᠤᠯᠬᠤ ᠣᠷ᠎ᠠ ᠮᠡᠷᠭᠡᠵᠢᠯ ᠢ ᠰᠤᠷᠴᠤ ᠶᠠᠫᠤᠨ ᠳᠤ ᠪᠠᠨ ᠬᠠᠷᠢᠵᠤ ᠺᠠᠷᠦ᠋ᠫᠢᠰ ᠬᠦᠨᠡᠰᠦᠨ ᠤ ᠺᠣᠮᠫᠠᠨᠢ ᠪᠠᠶᠢᠭᠤᠯᠵᠤ᠂ ᠭᠡᠰᠢᠭᠳᠡᠨ ᠰᠦ ᠰᠠᠭᠠᠯᠢ ᠪᠤᠯᠪᠠᠰᠤᠷᠠᠭᠤᠯᠬᠤ ᠤᠷ᠎ᠠ ᠮᠡᠷᠭᠡᠵᠢᠯ ᠢ ᠳᠡᠯᠡᠬᠡᠢ ᠳ᠋ᠠᠭᠢᠨ᠎ᠠ ᠤᠯᠠᠮᠵᠢᠯᠠᠪᠠ᠃      ᠲᠠᠪᠤ᠂ ᠪᠠᠶᠢᠴᠠ ᠶᠢᠨ ᠴᠣᠮᠪᠤᠩ ᠲᠤᠭᠤᠷᠠᠶᠢᠲᠤ ᠠᠳᠤᠭᠤ᠃ ᠭᠡᠰᠢᠭᠲᠡᠨ ᠤ ᠪᠠᠶᠢᠴᠠ ᠬᠠᠪᠢ ᠪᠠᠷ ᠨᠢᠭᠤᠭᠳᠠᠵᠤ ᠦᠯᠡᠳᠡᠭᠰᠡᠨ ᠭᠡᠰᠢᠭᠳᠡᠨ ᠴᠡᠷᠢᠭ ᠤᠨ ᠤᠨᠤᠭ᠎ᠠ ᠪᠣᠯᠣᠨ᠎ᠠ᠂ ᠲᠤᠰ ᠠᠳᠤᠭᠤ ᠨᠢ ᠥᠪᠥᠷ ᠮᠣᠩᠭᠤᠯ ᠤᠨ 3 ᠰᠢᠯᠢᠳᠡᠭ ᠨᠤᠲᠤᠭ ᠤᠨ ᠡᠭᠦᠯᠳᠡᠷ ᠤᠨ ᠠᠳᠤᠭᠤ ᠶᠢᠨ ᠨᠢᠭᠡ ᠪᠣᠯᠣᠨ᠎ᠠ᠃      ᠦᠨᠳᠦᠰᠦᠲᠡᠨ ᠶᠠᠰᠤᠲᠠᠨ ᠤ ᠲᠡᠦᠬᠡ ᠰᠤᠶᠤᠯ ᠭᠡᠵᠦ ᠶᠡᠭᠡ ᠦᠨ᠎ᠡ ᠲᠠᠢ ᠵᠦᠢᠯ᠃ ᠲᠡᠷᠡ ᠮᠠᠨᠢ ᠪᠢᠳᠡᠨ ᠤ ᠥᠨᠳᠡᠶᠢᠨ ᠪᠣᠰᠬᠤ ᠳᠤ ᠲᠠᠶᠠᠭ ᠪᠣᠯᠵᠤ᠂ ᠥᠭᠡᠳᠡᠯᠡᠵᠦ ᠤᠷᠤᠭᠰᠢᠯᠠᠬᠤ ᠳᠤ ᠬᠠᠶ᠋ᠢᠭ ᠪᠤᠯᠳᠠᠭ᠃ ᠪᠢᠳᠡ ᠥᠩᠭᠡᠷᠡᠭᠰᠡᠨ ᠲᠡᠦᠬᠡ ᠪᠠᠨ ᠮᠡᠳᠡᠵᠦ ᠤᠬᠠᠭᠠᠷᠠᠪᠠᠯ ᠰᠠᠶ᠋ᠢ ᠢᠷᠡᠭᠡᠳᠦᠢ ᠶᠠᠮᠠᠷ ᠪᠠᠶᠢᠳᠠᠭ ᠤᠨ ᠲᠤᠬᠠᠢ ᠤᠬᠠᠨ ᠮᠡᠳᠡᠵᠦ ᠴᠢᠳᠠᠬᠤ ᠶᠤᠮ᠃ ᠲᠡᠶᠢᠮᠦ ᠶᠢᠨ ᠤᠴᠢᠷ᠂ ᠨᠡᠶᠢᠲᠡ ᠮᠣᠩᠭᠤᠯᠴᠤᠳ ᠤᠨ ᠰᠣᠶᠣᠯ ᠤᠨ ᠲᠣᠮᠣ ᠣᠷᠳᠣᠨ ᠬᠠᠷᠰᠢ ᠶᠢᠨ ᠴᠢᠮᠬᠢ ᠰᠢᠷᠣᠢ ᠰᠥᠭᠦᠮ ᠮᠣᠳᠣ ᠪᠣᠯᠤᠭᠰᠠᠨ ᠣᠷᠣᠨ ᠨᠤᠲᠤᠭ ᠤᠨ ᠲᠡᠦᠬᠡ ᠰᠣᠶᠤᠯ ᠠᠴᠠ ᠪᠠᠨ ᠡᠬᠢᠯᠡᠨ ᠰᠠᠶᠢᠨ ᠮᠠᠳᠡᠵᠦ᠂ ᠦᠯᠡᠳᠡᠭᠡᠵᠦ ᠬᠠᠳᠠᠭᠠᠯᠠᠵᠤ᠂ ᠥᠪᠯᠡᠭᠦᠯᠵᠦ ᠤᠯᠠᠮᠵᠢᠯᠠᠵᠤ ᠪᠠᠳᠠᠷᠠᠭᠤᠯᠵᠤ ᠮᠠᠨᠳᠤᠭᠤᠯᠵᠤ ᠪᠠᠶᠢᠬᠤ ᠬᠡᠷᠡᠭᠲᠡᠢ ᠶᠤᠮ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号