ᠦᠷᠡᠭᠳᠡᠭᠰᠡᠨ ᠪᠠᠭᠠᠳᠤᠷ ᠲᠡᠯᠭᠡᠷ ᠤᠨ ᠲᠤᠬᠠᠢ ᠡᠷᠬᠢᠴᠡᠬᠦᠯᠦᠯ
ᠨᠡᠶᠢᠲᠡᠯᠡᠭᠰᠡᠨ ᠴᠠᠭ᠄
2018/12/4
                                           —— ᠬᠦᠸᠧ ᠫᠸᠢ ᠶᠢᠨ                                                                          ᠨᠢᠭᠡ                     ᠮᠢᠨᠦ ᠤᠭ ᠨᠤᠳᠤᠭ ᠪᠤᠯ ᠦᠪᠤᠷ ᠮᠤᠩᠭᠤᠯ ᠤᠨ ᠵᠢᠷᠢᠮ ᠠᠶᠢᠮᠠᠭ ᠤᠨ ᠵᠠᠩᠭᠤᠳᠠᠢ ︵章武︶ ᠭᠡᠳᠡᠭ ᠭᠠᠵᠠᠷ ᠪᠤᠯᠤᠨ᠎ᠠ᠃ ᠨᠠᠮᠠᠢᠢ 19 ᠨᠠᠰᠤᠳᠠᠢ ᠵᠢᠯ ︵1934 ᠤᠨ ᠤ ᠵᠤᠨ︶ ᠨᠢᠭᠡᠨ ᠡᠳᠦᠷ ᠠᠪᠤ ᠨᠠᠳᠠ ᠶᠢ ᠲᠠᠭᠤᠳᠠᠭᠠᠳ᠄ ᠨᠠᠭᠠᠴᠦ ᠡᠭᠡ ᠴᠢᠨᠢ ᠡᠪᠡᠳᠴᠢᠯᠡᠭᠡᠳ ᠴᠢᠮᠠᠢᠢ ᠤᠴᠢᠵᠦ ᠦᠵᠡ ᠭᠡᠵᠦ ᠴᠢᠮᠡᠭᠡ ᠢᠷᠡᠬᠦᠯᠵᠠᠢ᠂ ᠴᠢ ᠪᠡᠯᠡᠳᠭᠡᠵᠦ ᠪᠠᠶᠢᠭᠠᠷᠠᠢ᠂ ᠮᠠᠷᠭᠠᠰᠢ ᠠᠪᠤ ᠲᠠᠢ ᠪᠠᠨ ᠬᠠᠮᠳᠦ ᠬᠤᠳᠠ ᠤᠷᠤᠶ᠎ᠠ︾ ᠭᠡᠵᠦ ᠭᠡᠯᠡᠭᠰᠡᠨ ᠳᠤ ᠪᠢ ᠰᠤᠨᠤᠰᠤᠭᠠᠳ ᠮᠠᠰᠢ ᠪᠠᠶᠠᠷᠯᠠᠪᠠ᠃  ᠲᠠᠷᠠᠭ᠎ᠠ ᠡᠳᠦᠷ ᠨᠢ ᠪᠢ ᠠᠪᠤ ᠪᠠᠨ ᠲᠠᠭᠠᠵᠦ ᠢᠨᠢᠶᠠᠩ ︵ᠨᠠᠭᠠᠴᠦ ᠡᠭᠡ︶᠎ ᠤᠨ ᠭᠡᠷ ᠲᠤ ᠤᠴᠢᠪᠠ᠃ ᠢᠨᠢᠶᠠᠩ ᠤᠨ ᠭᠡᠷ ᠲᠤ ᠤᠴᠢᠭᠠᠳ ᠰᠠᠶ᠋ᠢ ᠡᠶᠢᠮᠦ ᠶᠠᠪᠤᠳᠠᠯ ᠪᠢᠰᠢ ᠭᠡᠳᠡᠭ ᠢ ᠮᠡᠳᠡᠯ᠎ᠡ᠃ ᠢᠨᠢᠶᠠᠩ ᠡᠪᠡᠳᠴᠢᠯᠡᠭᠰᠡᠨ ᠦᠭᠡᠢ᠂ ᠶᠠᠭ ᠨᠠᠳᠠ ᠳᠤ ᠬᠤᠷᠢᠮᠯᠠᠬᠤ ᠬᠤᠪᠴᠠᠰᠦ ᠤᠶᠤᠵᠦ ᠦᠭᠴᠦ ᠪᠠᠶᠢᠵᠠᠢ᠃ ᠪᠢ ᠰᠤᠨᠤᠰᠤᠭᠠᠳ ᠤᠬᠢᠯᠠᠴᠢᠬᠠᠪᠠ᠃ ᠡᠨᠡ ᠦᠶ᠎ᠡ ᠳᠤ ᠠᠪᠤ ᠨᠠᠳᠠ ᠳᠤ ᠦᠨᠡᠨ ᠤᠴᠢᠷ ᠢ ᠭᠡᠯᠡᠵᠦ ᠦᠭᠬᠦᠯ᠎ᠡ᠃ ᠮᠢᠨᠦ ᠠᠬ᠎ᠠ ᠬᠠᠰᠪᠠᠭᠠᠨ᠎ᠠ ︵ᠲᠤᠬᠠᠢ ᠶᠢᠨ ᠦᠶ᠎ᠡ ᠳᠤ ᠵᠧᠩ ᠵᠢᠶᠠ ᠲᠦᠨ ᠳᠠᠬᠢ ᠮᠤᠩᠭᠤᠯ ᠮᠤᠷᠢᠳᠦ ᠴᠡᠷᠢᠭ ᠲᠤ ᠪᠠᠶᠢᠪᠠ︶᠎ ᠶᠢᠨ ᠴᠧᠨ ᠤᠪᠤᠭ ᠲᠠᠢ ᠨᠠᠶᠢᠵᠠ  ︵ᠫᠤᠩᠰᠤᠭ︶ ᠎ ᠶᠢᠨ ᠨᠢᠭᠡᠨ ᠬᠠᠮᠳᠦ ᠰᠤᠷᠤᠭᠴᠢ ᠨᠢ ᠪᠡᠭᠡᠵᠢᠩ ᠳᠤ ᠰᠤᠷᠤᠯᠴᠠᠵᠦ ᠪᠠᠶᠢᠨ᠎ᠠ᠂ ᠴᠧᠨ ᠤ ᠲᠠᠨᠢᠯᠴᠠᠭᠤᠯᠭ᠎ᠠ ᠪᠠᠷ ᠠᠪᠤ᠂ ᠠᠬ᠎ᠠ ᠬᠤᠶᠠᠭᠤᠯᠠ ᠡᠵᠡᠨ ᠮᠡᠳᠡᠵᠦ ᠨᠠᠳᠠ ᠶᠢ ᠡᠨᠡ ᠬᠦ ᠰᠤᠷᠤᠭᠴᠢ ᠲᠠᠢ ᠬᠤᠷᠢᠮᠯᠠᠭᠤᠯᠬᠤ ᠪᠠᠷ ᠪᠤᠯᠵᠠᠢ᠃ ᠨᠠᠮᠠᠢᠢ ᠪᠠᠶᠠᠰᠬᠠᠬᠤ ᠶᠢᠨ ᠲᠤᠰᠠᠳᠠ ᠠᠪᠤ ᠨᠠᠳᠠ ᠳᠤ ᠡᠨᠡ ᠰᠤᠷᠤᠭᠴᠢ ᠡᠷᠳᠡᠮ ᠮᠡᠳᠡᠯᠭᠡ ᠬᠦᠨ᠂ ᠵᠠᠩ ᠴᠢᠨᠠᠷ ᠨᠢ ᠰᠠᠶᠢᠨ ᠭᠡᠬᠦ ᠮᠡᠳᠦ ᠪᠠᠷ ᠡᠯ᠎ᠡ ᠲᠠᠯ᠎ᠠ ᠶᠢᠨ ᠪᠠᠶᠢᠳᠠᠯ ᠢ ᠨᠢ ᠨᠢᠭᠡᠨ ᠵᠡᠷᠭᠡ ᠪᠤᠳᠠᠳᠠᠶᠢᠴᠢᠯᠠᠨ ᠲᠠᠨᠢᠯᠴᠠᠭᠤᠯᠵᠦ ᠦᠭᠪᠡ᠂ ᠪᠢ ᠲᠡᠷᠡ ᠲᠠᠷᠤᠢ ᠳᠤᠨᠢ ᠶᠠᠭᠠᠬᠢᠬᠤ ᠪᠠᠨ ᠤᠯᠵᠦ ᠶᠠᠳᠠᠨ ᠲᠡᠳᠡᠨ ᠤ ᠱᠠᠭᠠᠷᠳᠠᠯᠭ᠎ᠠ ᠶᠢᠨ ᠲᠤᠤᠷ᠎ᠠ ᠵᠦᠪᠰᠢᠶᠡᠷᠡᠴᠢᠭᠡᠪᠡ᠃ ᠢᠨᠢᠶᠡᠩ ᠤᠨ ᠭᠡᠷ ᠲᠤ ᠲᠠᠪᠤ ᠵᠢᠷᠭᠤᠭᠠᠨ ᠡᠳᠦᠷ ᠰᠠᠭᠤᠭᠠᠳ ᠴᠧᠨ ᠠᠪᠤᠭᠠᠢ᠂ ᠠᠪᠤ᠂ ᠠᠬ᠎ᠠ ᠪᠤᠯᠤᠨ ᠨᠠᠳᠠ ᠲᠠᠢ ᠲᠦᠷᠪᠡᠬᠦᠯᠡ ᠪᠡᠭᠡᠵᠢᠩ ᠳᠤ ᠤᠴᠢᠪᠠ᠃ ᠵᠠᠮ ᠵᠠᠭᠤᠷ᠎ᠠ ᠶᠠᠷᠰᠢᠭ ᠲᠦᠪᠡᠭ ᠠᠴᠠ ᠵᠠᠶᠢᠯᠠᠰᠬᠢᠬᠤ ᠶᠢᠨ ᠲᠦᠯᠦᠭᠡ ᠪᠢᠳᠡ ᠴᠦᠮ ᠮᠤᠩᠭᠤᠯ ᠬᠤᠪᠴᠠᠰᠦ ᠡᠮᠦᠰᠦᠨ᠂ ᠪᠢ ᠨᠢᠭᠡᠨ ᠡᠪᠡᠳᠴᠢᠳᠡᠨ ᠢᠶᠠᠷ ᠤᠪᠯᠠᠵᠦ ᠵᠠᠰᠠᠭᠠᠳ ᠤᠳᠠᠢ ᠳᠤ ᠶᠠᠪᠤᠬᠤ ᠮᠦᠷᠬᠦᠯᠴᠢᠨ ᠪᠤᠯᠵᠦ ᠵᠠᠮᠨᠠᠪᠠ᠃               ᠪᠡᠭᠡᠵᠢᠩ ᠳᠤ ᠬᠦᠷᠦᠭᠡᠳ ᠪᠢᠳᠡ ᠮᠢ ᠱᠢ ᠶᠡᠭᠡ ᠵᠡᠭᠡᠯᠢ ︵米市大街︶᠎ ᠶᠢᠨ ᠨᠢᠭᠡᠨ ᠨᠡᠶᠢᠳᠡ ᠶᠢᠨ ᠪᠠᠭᠤᠳᠠᠯ ᠳᠤ ᠪᠠᠭᠤᠪᠠ᠃ ᠡᠨᠡ ᠨᠢ ᠲᠡᠯᠭᠡᠷ ᠤᠨ ᠤᠷᠢᠳᠴᠢᠯᠠᠨ ᠲᠤᠬᠢᠷᠠᠭᠤᠯᠤᠭᠰᠠᠨ ᠭᠠᠵᠠᠷ ᠪᠠᠶᠢᠵᠠᠢ᠃ ᠲᠡᠯᠭᠡᠷ ᠪᠤᠯ ᠲᠠᠷᠤᠢ ᠨᠠᠳᠠ ᠲᠠᠢ ᠬᠤᠷᠢᠮᠯᠠᠬᠤ ᠭᠡᠰᠡᠨ ᠬᠦᠮᠦᠨ ᠮᠦᠨ᠃ ᠲᠡᠷᠡ ᠦᠶ᠎ᠡ ᠳᠤ ᠲᠡᠯᠭᠡᠷ ᠬᠤᠸᠠ ᡁᠢ ᠠᠨ ︵华治安︶ ᠭᠡᠳᠡᠭ ᠦᠭᠡᠷ᠎ᠡ ᠨᠡᠷ᠎ᠡ ᠲᠠᠢ ᠪᠠᠶᠢᠵᠠᠢ᠃ ᠬᠤᠵᠢᠮ ᠨᠢ ᠪᠢ ᠭᠠᠴᠢᠭᠳᠠᠯ ᠠᠴᠠ ᠵᠠᠶᠢᠯᠠᠵᠦ ᠲᠡᠬᠦᠨ ᠤ ᠤᠭ ᠨᠤᠳᠤᠭ ᠲᠤ ᠤᠴᠢᠭᠠᠳ ᠰᠠᠶ᠋ᠢ ᠲᠡᠬᠦᠨ ᠤ ᠵᠢᠩᠬᠢᠨᠢ ᠨᠡᠷ᠎ᠡ ᠨᠢ ᠲᠡᠯᠭᠡᠷ ᠭᠡᠳᠡᠭ ᠢ ᠮᠡᠳᠡᠵᠡᠢ᠃  ᠪᠢᠳᠡ ᠡᠨᠡ ᠬᠦ ᠨᠡᠶᠢᠳᠡ ᠶᠢᠨ ᠪᠠᠭᠤᠳᠠᠯ ᠳᠤ ᠭᠠᠷᠠᠭ ᠰᠢᠬᠠᠮ ᠰᠠᠭᠤᠵᠦ᠂ ᠬᠤᠪᠴᠠᠰᠦ ᠬᠤᠨᠠᠷ ᠤᠶᠤᠵᠦ᠂ ᠬᠤᠷᠢᠮᠯᠠᠬᠤ ᠭᠡᠷᠡᠭᠰᠡᠯ ᠢᠶᠠᠨ ᠪᠡᠯᠡᠳᠭᠡᠵᠦ᠂ ᠬᠤᠸᠠ ᠽᠢ ᠠᠨ ᠵᠠᠯᠭᠠᠭ᠎ᠠ ᠮᠠᠨ ᠢ ᠡᠷᠬᠢᠵᠦ ᠦᠵᠡᠵᠦ ᠪᠠᠶᠢᠪᠠ᠃ ᠡᠨᠡ ᠬᠦᠮᠦᠨ ᠬᠤᠷᠢᠨ ᠲᠠᠪᠤ ᠵᠢᠷᠭᠤᠭᠠᠳᠠᠢ᠂ ᠦᠨᠳᠦᠷ ᠪᠡᠶ᠎ᠡ ᠲᠠᠢ᠂ ᠲᠦᠬᠦᠷᠢᠭ ᠴᠢᠷᠠᠢ ᠲᠠᠢ᠂ ᠴᠤᠭᠳᠦ ᠬᠠᠷᠠᠴᠠ᠂ ᠦᠷᠭᠡᠨ ᠮᠦᠷᠦ ᠲᠠᠢ᠂ ᠬᠤᠶᠢᠱᠠ ᠦᠩᠭᠡ ᠶᠢᠨ ᠤᠷᠳᠦ ᠴᠠᠮᠴᠠ ᠡᠮᠦᠰᠦᠨ ᠰᠤᠷᠤᠭᠴᠢ ᠮᠠᠶ᠋ᠢᠭ ᠢᠶᠠᠷ ᠵᠠᠰᠠᠵᠦ᠂ ᠦᠨᠡᠭᠡᠷ ᠠᠪᠤ ᠶᠢᠨ ᠭᠡᠯᠡᠳᠡᠭ ᠰᠢᠭ ᠴᠢᠳᠠᠪᠤᠷᠢᠳᠠᠨ ᠬᠦᠮᠦᠨ ᠤ ᠪᠠᠶᠢᠳᠠᠯ ᠲᠠᠢ᠃ ᠬᠤᠷᠢᠮ ᠭᠡᠵᠦ ᠶᠠᠮᠠᠷ ᠴᠤ ᠶᠤᠰᠤᠯᠠᠯ ᠬᠢᠭᠰᠡᠨ ᠦᠭᠡᠢ᠃ ᠨᠢᠭᠡᠨ ᠡᠳᠦᠷ ᠴᠧᠨ ᠠᠪᠤᠭᠠᠢ ᠮᠠᠨ ᠢ ᠲᠠᠭᠤᠳᠠᠵᠦ ᠰᠢ ᠳ᠋ᠠᠨ ︵西单︶᠎ ᠳᠤ ᠬᠦᠷᠦᠭᠡᠳ ᠪᠤᠤ ᠶᠤᠸᠠᠢ ᠴᠢᠩ ︵包悦卿︶᠎ ᠤᠨ ᠭᠡᠷ ᠲᠤ ᠤᠴᠢᠵᠦ ︵ᠪᠤᠤ ᠪᠤᠯ ᠮᠤᠩᠭᠤᠯ ᠲᠦᠪᠡᠳ ᠤᠨ ᠦᠪᠡᠷᠳᠡᠭᠡᠨ ᠵᠠᠰᠠᠬᠤ ᠪᠡᠭᠡᠵᠢᠩ ᠳᠠᠬᠢ ᠭᠡᠷᠡᠭ ᠡᠷᠬᠢᠯᠡᠬᠦ ᠭᠠᠵᠠᠷ ᠤᠨ ᠲᠠᠷᠤᠭ᠎ᠠ᠂ ᠲᠡᠯᠭᠡᠷ ᠤᠨ ᠢᠯᠡ ᠬᠠᠮᠠᠭᠠᠯᠠᠬᠤ ᠬᠦᠮᠦᠨ︶᠂ ᠠᠪᠤ ᠨᠠᠮᠠᠢᠢ ᠪᠤᠤ ᠶᠢᠨ ᠬᠦᠭᠰᠢᠨ ᠢ ᠬᠠᠭᠤᠷᠠᠢ ᠡᠭᠡ ᠲᠠᠨᠢᠭᠤᠯᠪᠠ᠃ ᠲᠡᠷᠡ ᠨᠢ ᠲᠠᠪᠢᠭᠠᠳ ᠨᠠᠰᠤᠳᠠᠢ᠂ ᠮᠤᠩᠭᠤᠯ ᠦᠨᠳᠦᠰᠦᠳᠡᠨ ᠤ ᠵᠠᠰᠠᠯ ᠲᠠᠢ ︵ᠪᠠᠰᠠ ᠵᠠᠷᠢᠮ ᠳᠠᠭᠠᠨ ᠰᠢᠨ᠎ᠡ ᠮᠠᠶ᠋ᠢᠭ ᠢᠶᠠᠷ ᠵᠠᠰᠠᠳᠠᠭ︶ ᠶᠤᠮ᠂ ᠲᠡᠷᠡ ᠨᠠᠳᠠ ᠳᠤ ᠲᠤᠩ ᠬᠠᠯᠠᠭᠤᠮᠰᠤᠭ ᠪᠠᠶᠢᠳᠠᠭ᠃ ᠨᠠᠮᠠᠢᠢ ᠰᠦᠬᠦᠳᠭᠡᠵᠦ ᠮᠦᠷᠬᠦᠬᠦᠯᠦᠭᠡᠳ ᠬᠠᠭᠤᠷᠠᠢ ᠡᠭᠡ ᠲᠠᠨᠢᠭᠤᠯᠵᠦ᠂ ᠪᠤᠤ ᠨᠠᠳᠠ ᠶᠢ ᠬᠠᠭᠤᠷᠠᠢ ᠭᠡᠦᠭᠡᠨ ᠪᠤᠯᠭᠠᠵᠦ ᠦᠬᠢᠨ ᠭᠡᠮᠡᠨ ᠲᠠᠭᠤᠳᠠᠵᠦ᠂ ᠨᠡᠯᠢᠶᠡᠳ ᠤᠯᠠᠨ ᠵᠤᠴᠢᠨ ᠤᠷᠢᠵᠦ᠂ ᠲᠡᠯᠭᠡᠷ ᠪᠢᠳᠡ ᠬᠤᠶᠠᠭᠤᠯᠠ ᠶᠢᠨ ᠬᠤᠷᠢᠮ ᠤᠨ ᠶᠤᠰᠤᠯᠠᠯ ᠢ ᠤᠷᠤ ᠲᠤᠤᠷ᠎ᠠ ᠨᠢ ᠲᠤᠩᠬᠠᠭᠯᠠᠪᠠ᠃ ᠦᠳᠡᠰᠢ ᠨᠢ ᠲᠡᠯᠭᠡᠷ ᠪᠢᠳᠡ ᠬᠤᠶᠠᠭᠤᠯᠠ ᠠᠪᠤ᠂ ᠲᠠᠨᠢᠭᠰᠠᠨ ᠠᠪᠤ ᠡᠵᠢ ᠪᠤᠯᠤᠨ ᠠᠬ᠎ᠠ ᠳᠤ ᠮᠦᠷᠬᠦᠨ ᠶᠤᠰᠤᠯᠠᠵᠦ᠂ ᠬᠤᠷᠢᠮ ᠤᠨ ᠶᠤᠰᠦ ᠶᠢ ᠬᠦᠢᠴᠡᠳᠭᠡᠪᠡ᠃               ᠮᠠᠨ ᠤ ᠬᠤᠷᠢᠮ ᠤᠨ ᠭᠡᠷ ᠪᠤᠯ ᠱᠢ ᠳ᠋ᠠᠨ ᠵᠡᠭᠡᠯᠢ ᠤᠷᠴᠢᠮ ᠤᠨ ᠨᠡᠶᠢᠳᠡ ᠶᠢᠨ ᠪᠠᠭᠤᠳᠠᠯ ᠪᠦᠭᠡᠳ ᠡᠯᠦᠢ ᠬᠤᠭᠤᠰᠤᠨ᠂ ᠨᠢᠭᠡ ᠤᠷᠤ᠂ ᠨᠢᠭᠡ ᠰᠢᠷᠡᠭᠡ᠂ ᠬᠤᠶᠠᠷ ᠰᠠᠨᠳᠠᠯᠢ ᠲᠠᠢ᠂ ᠬᠤᠸᠠ ᡁᠢ ᠠᠨ ᠳᠤ ᠨᠢᠭᠡ ᠬᠠᠭᠤᠴᠢᠪᠳᠤᠷ ᠤᠳᠠ ᠮᠤᠳᠤᠨ ᠨᠤᠮ ᠤᠨ ᠠᠪᠳᠠᠷ᠎ᠠ᠂ ᠨᠡᠯᠢᠶᠡᠳ ᠪᠢᠴᠢᠭ ᠤᠨ ᠭᠡᠷᠡᠭᠰᠡᠯ ᠲᠠᠢ᠃ ᠡᠶᠢᠮᠦ ᠲᠦᠬᠦᠮ ᠬᠢᠯᠪᠡᠷ ᠲᠤᠯᠠ ᠠᠪᠤ ᠨᠠᠳᠠ ᠳᠤ᠄ ︽ᠲᠡᠷᠡ ᠪᠤᠯ ᠨᠢᠭᠡᠨ ᠶᠠᠳᠠᠭᠤ ᠰᠤᠷᠤᠭᠴᠢ᠂ ᠡᠳᠦᠭᠡ ᠬᠦᠴᠢᠷ ᠲᠠᠢ ᠪᠤᠯᠪᠠᠴᠦ᠂ ᠬᠤᠵᠢᠮ ᠵᠤᠯ ᠵᠢᠷᠭᠠᠯ ᠲᠠᠢ ᠶᠠᠪᠤᠬᠤ ᠶᠤᠮ︾ ᠭᠡᠵᠦ ᠲᠠᠬᠢᠨ ᠲᠠᠪᠳᠠᠨ ᠶᠠᠷᠢᠵᠦ ᠪᠠᠶᠢᠯ᠎ᠠ᠃ ᠦᠨᠡᠨᠳᠡᠭᠡᠨ ᠪᠢ ᠡᠳᠡᠭᠡᠷ ᠢ ᠶᠠᠭᠤᠮᠠᠨ ᠳᠤ ᠪᠤᠳᠤᠭᠰᠠᠨ ᠦᠭᠡᠢ᠂ ᠭᠠᠭᠴᠠᠬᠦ ᠬᠦᠮᠦᠨ ᠨᠢ ᠨᠠᠳᠠ ᠳᠤ ᠰᠠᠶᠢᠨ ᠪᠤᠯ ᠪᠤᠯᠴᠢᠬᠠᠨ᠎ᠠ ᠭᠡᠵᠦ ᠪᠤᠳᠤᠵᠦ ᠪᠠᠶᠢᠪᠠ᠃                                                                            ᠬᠤᠶᠠᠷ                       ᠬᠤᠷᠢᠮᠯᠠᠭᠠᠳ ᠤᠳᠠᠭᠠᠳᠤᠢ ᠪᠠᠷ ᠠᠪᠤ᠂ ᠠᠬ᠎ᠠ᠂ ᠴᠧᠨ ᠠᠪᠤᠭᠠᠢ ᠨᠠᠷ ᠪᠦᠷ ᠶᠠᠪᠤᠴᠢᠬᠠᠯ᠎ᠠ᠃ ᠭᠤᠷᠪᠠᠨ ᠭᠠᠷᠠᠭ ᠰᠢᠬᠠᠮ ᠦᠩᠭᠡᠷᠡᠭᠡᠳ ᠨᠢᠭᠡᠨ ᠡᠳᠦᠷ ᠬᠤᠸᠠ ᡁᠢ ᠠᠨ ᠭᠠᠳᠠᠨ᠎ᠠ ᠠᠴᠠ ᠬᠠᠷᠢᠵᠦ ᠢᠷᠡᠬᠦ ᠳᠡᠭᠡᠨ ᠬᠤᠰᠤᠭᠤᠷ᠂ ᠭᠠᠤᠯᠢᠨ ᠰᠢᠨᠠᠭ᠎ᠠ᠂ ᠳ᠋ᠠᠢ ︵ᠭᠠᠩᠰᠠ︶᠎ ᠶᠢᠨ ᠲᠤᠯᠤᠭᠠᠢ᠂ ᠮᠤᠳᠤᠨ ᠠᠶᠠᠭ᠎ᠠ᠂ ᠡᠮᠡᠭᠳᠡᠢ ᠶᠢᠨ ᠲᠤᠯᠤᠭᠠᠢ ᠶᠢᠨ ᠵᠠᠰᠠᠯ ᠮᠡᠳᠦ ᠶᠢᠨ ᠮᠠᠯᠴᠢᠳ ᠤᠨ ᠡᠳᠦᠷ ᠲᠤᠳᠤᠮ ᠤᠨ ᠭᠡᠷᠡᠭᠯᠡᠭᠡᠨ ᠤ ᠡᠳ᠋ ᠨᠡᠯᠢᠶᠡᠳ ᠠᠪᠴᠦ ᠢᠷᠡᠵᠡᠢ᠃ ᠪᠢ᠄ ︽ᠡᠳᠡᠭᠡᠷ ᠶᠠᠭᠤᠮᠠᠰ ᠢᠶᠠᠷ ᠶᠠᠭᠠᠬᠢᠬᠤ ᠪᠤᠢ︖︾ ᠭᠡᠵᠦ ᠠᠰᠠᠭᠤᠭᠰᠠᠨ ᠳᠤ ︽ᠵᠠᠩᠵᠢᠶᠠᠺᠸᠦ ︵ᠴᠢᠭᠤᠯᠤᠯᠳᠦ ᠬᠠᠭᠠᠯᠭ᠎ᠠ︶᠎ ᠳᠤ ᠤᠴᠢᠵᠦ ᠮᠠᠶᠢᠮᠠᠢ ᠬᠢᠶ᠎ᠠ︾ ᠭᠡᠵᠦ ᠲᠡᠷᠡ ᠭᠡᠯᠡᠪᠡ᠃ ᠪᠢ ᠮᠠᠰᠢ ᠭᠠᠶᠢᠬᠠᠵᠦ᠄ ︽ᠲᠠ ᠴᠢᠨᠢ ᠰᠤᠷᠤᠭᠴᠢ ᠬᠦᠮᠦᠨ ᠪᠢᠰᠢ ᠤᠤ᠂ ᠰᠤᠷᠤᠭᠴᠢ ᠮᠦᠷᠳᠡᠭᠡᠨ ᠮᠠᠶᠢᠮᠠᠶᠢᠴᠢᠨ ᠶᠤᠮ ᠤᠤ︖︾ ᠭᠡᠪᠡᠯ ᠲᠡᠷᠡ ᠶᠠᠭᠤᠮ᠎ᠠ ᠪᠠᠨ ᠲᠢᠭᠯᠢᠬᠦ ᠶᠢᠨ ᠬᠠᠮᠳᠦ ᠦᠭᠡ ᠶᠢ ᠲᠠᠭᠠᠭᠤᠯᠤᠨ ᠲᠤᠯᠤᠭᠠᠢ ᠲᠤᠬᠢᠵᠦ ᠲᠡᠭᠡᠭᠰᠢ ᠬᠠᠷᠠᠯ ᠦᠭᠡᠢ ᠤᠷᠤᠯᠳᠤᠵᠦ ᠪᠠᠶᠢᠭᠰᠠᠨ ᠢᠶᠠᠨ ᠪᠠᠶᠢᠰᠬᠢᠭᠡᠳ ᠨᠠᠳᠠ ᠳᠤ ᠲᠠᠶᠢᠯᠪᠤᠷᠢᠯᠠᠬᠤ ᠮᠠᠶ᠋ᠢᠭ ᠲᠠᠢ ᠪᠠᠷ᠄ ︽ᠭᠡᠷ ᠨᠤᠳᠤᠭ ᠠᠴᠠ ᠨᠠᠳᠠ ᠶᠢ ᠪᠢᠴᠢᠭ ᠦᠵᠡᠬᠦᠯᠬᠦ ᠳᠤ ᠵᠤᠭᠤᠰ ᠢᠶᠠᠷ ᠲᠡᠳᠬᠦᠵᠦ ᠲᠡᠶᠢᠯᠬᠦ ᠦᠭᠡᠢ᠂ ᠪᠢ ᠪᠠᠭ᠎ᠠ ᠰᠠᠭ᠎ᠠ ᠠᠷᠠᠯᠵᠢᠶ᠎ᠠ ᠬᠢᠶ᠎ᠡ᠂ ᠢᠩᠬᠢᠵᠦ ᠬᠢᠵᠦ ᠪᠠᠶᠢᠭ᠎ᠠ ᠬᠦᠮᠦᠰ ᠪᠡᠭᠡᠵᠢᠩ ᠳᠤ ᠴᠦᠭᠡᠨ ᠪᠤᠰᠦ ᠪᠠᠶᠢᠨ᠎ᠠ ᠰᠢᠦ︾ ᠭᠡᠯ᠎ᠡ᠃               ᠲᠡᠬᠦᠨ ᠤ ᠡᠨᠡ ᠤᠳᠠᠭ᠎ᠠ ᠶᠢᠨ ᠠᠷᠠᠯᠵᠢᠶ᠎ᠠ ᠬᠢᠭᠰᠡᠨ ᠬᠤᠭᠤᠴᠠᠭ᠎ᠠ ᠮᠠᠰᠢ ᠤᠷᠳᠦ᠂ ᠨᠢᠭᠡ ᠶᠠᠪᠤᠭᠰᠠᠨ ᠴᠢᠨᠢ ᠬᠠᠭᠠᠰ ᠵᠢᠯ ᠢᠯᠡᠬᠦᠦ ᠪᠤᠯᠪᠠ᠃ ᠴᠠᠭᠠᠨ ᠰᠠᠷ᠎ᠠ ᠤᠶᠢᠷᠠᠳᠤᠭᠠᠳ ᠰᠠᠶ᠋ᠢ ᠬᠠᠷᠢᠵᠦ ᠢᠷᠡᠵᠠᠢ᠃ ᠲᠡᠷᠡ ᠢᠷᠡᠬᠦ ᠦᠶ᠎ᠡ ᠳᠡᠭᠡᠨ ᠬᠤᠪᠴᠠᠰᠤᠯᠠᠭᠰᠠᠨ ᠨᠢ ᠶᠠᠪᠤᠬᠤ ᠦᠶ᠎ᠡ ᠲᠠᠢ ᠪᠠᠨ ᠨᠢᠭᠡ ᠯᠠ ᠠᠳᠠᠯᠢ᠂ ᠨᠢᠭᠡᠨ ᠵᠠᠬ᠎ᠠ ᠲᠤᠮᠦ ᠲᠡᠪᠡᠯ ᠡᠮᠦᠰᠴᠦ᠂ ᠨᠢᠭᠤᠷ ᠲᠦᠬᠦᠷᠡᠩ ᠬᠤᠤᠵᠠ ᠤᠷᠭᠤᠭᠠᠳ ᠡᠭᠡᠭᠡ ᠯᠠ ᠲᠤᠮᠦ ᠯᠠᠮᠠᠬᠠᠢ ᠰᠢᠭ᠋᠂ ᠭᠡᠷ ᠲᠤ ᠤᠷᠤᠵᠦ ᠢᠷᠡᠮᠡᠭᠴᠡ᠄ ︽ᠡᠨᠡ ᠤᠳᠠᠭ᠎ᠠ ᠦᠨᠡᠭᠡᠷ ᠭᠤᠶᠤᠮᠰᠤᠭ ᠪᠤᠯᠴᠢᠬᠠᠵᠠᠢ ᠰᠢᠦ︾ ᠭᠡᠳ ᠬᠠᠳᠠᠭᠠᠨᠠᠳᠠᠯ᠎ᠠ ᠢᠨᠢᠶᠡᠵᠦ ᠯᠠ ᠪᠠᠶᠢᠭᠰᠠᠨ᠃               ᠲᠡᠷᠡ ᠬᠠᠷᠢᠵᠦ ᠢᠷᠡᠭᠰᠡᠨ ᠤ ᠬᠤᠶᠠᠳᠤᠭᠠᠷ ᠡᠳᠦᠷ ᠫᠤᠩᠰᠤᠭ᠂ ᠵᠠᠶᠠᠭᠠᠳᠠᠢ᠂ ᠪᠢᠯᠢᠭᠳᠦ ᠨᠠᠷ ᠪᠦᠷ ᠢᠷᠡᠵᠡᠭᠡᠪᠡ᠃ ᠡᠳᠡᠭᠡᠷ ᠬᠦᠮᠦᠰ ᠤᠨ ᠲᠤᠳᠤᠷ᠎ᠠ ᠴᠧᠨ ᠨᠦᠬᠦᠷ ᠠᠴᠠ ᠪᠤᠰᠤᠳ ᠶᠢ ᠨᠢ ᠪᠢ ᠲᠠᠨᠢᠬᠤ ᠦᠭᠡᠢ᠃ ᠬᠤᠸᠠ ᡁᠢ ᠠᠨ᠄ ᠡᠳᠡ ᠨᠠᠷ ᠪᠤᠯ ᠮᠠᠨ ᠤ ᠬᠦᠳᠡᠭᠡ ᠨᠤᠳᠤᠭ ᠢᠶᠠᠷ ᠶᠠᠪᠤᠳᠠᠭ ᠬᠠᠨᠢᠳᠠᠳ ᠪᠤᠯᠤᠨ᠎ᠠ᠂ ᠦᠨᠦᠳᠦᠷ ᠪᠢᠳᠡ ᠤᠯᠵᠠ ᠪᠠᠨ ᠬᠤᠪᠢᠶᠠᠯᠴᠠᠨ᠎ᠠ᠂ ᠴᠢ ᠲᠡᠯᠭᠡᠬᠦᠷ ᠲᠤ ᠤᠴᠢᠭᠠᠳ ᠪᠠᠭ᠎ᠠ ᠰᠠᠭ᠎ᠠ ᠶᠠᠭᠤᠮ᠎ᠠ ᠬᠤᠳᠠᠯᠳᠤᠨ ᠠᠪᠤᠭᠠᠳ ᠠᠬ᠎ᠠ ᠲᠡᠬᠦᠦ ᠨᠠᠷ ᠢ ᠵᠤᠴᠢᠯᠠᠭᠠᠷᠠᠢ︾ ᠭᠡᠪᠡ᠃ ᠪᠢ ᠶᠠᠭᠤᠮ᠎ᠠ ᠬᠤᠳᠠᠯᠳᠤᠨ ᠠᠪᠤᠭᠠᠳ ᠬᠠᠷᠢᠵᠦ ᠢᠷᠡᠬᠦ ᠳᠤ ᠲᠡᠳᠡ ᠮᠦᠨ ᠬᠦ ᠲᠤᠭᠤᠷᠢᠨ ᠰᠠᠭᠤᠯᠴᠠᠭᠠᠳ ᠶᠠᠮᠠᠷ ᠨᠢᠭᠡᠨ ᠶᠠᠭᠤᠮ᠎ᠠ ᠶᠠᠷᠢᠯᠴᠠᠵᠦ ᠨᠢᠭᠡ ᠨᠢᠭᠡ ᠪᠠᠷ ᠢᠶᠠᠨ ᠨᠢᠳᠤᠷᠭ᠎ᠠ ᠵᠠᠩᠬᠢᠳᠤᠨ ᠤᠮᠤᠭ ᠭᠢᠯᠢᠩ ᠨᠢ ᠪᠠᠳᠠᠷᠠᠵᠦ᠂ ᠤᠷᠬᠢᠯᠤᠭᠰᠨ ᠠᠭᠤᠷ ᠨᠢ ᠲᠡᠯᠪᠡᠷᠡᠮᠡᠷ᠂ ᠶᠠᠭ ᠯᠠ ᠤᠯᠵᠠ ᠪᠠᠨ ᠪᠤᠯᠢᠶᠠᠯᠴᠠᠨ ᠵᠤᠳᠤᠯᠴᠠᠮᠠᠷ ᠪᠠᠶᠢᠭ᠎ᠠ ᠰᠢᠭ᠋᠃ ᠨᠠᠳᠠ ᠶᠢ ᠬᠠᠷᠢᠵᠦ ᠢᠷᠡᠭᠰᠡᠨ ᠢ ᠦᠵᠡᠮᠡᠭᠴᠡ ᠲᠡᠳᠡ ᠨᠠᠷ ᠤᠨ ᠴᠢᠷᠠᠢ ᠨᠢ ᠦᠭᠡᠷᠡᠳᠡᠨ ᠪᠠᠶᠢᠳᠠᠯ ᠨᠢ ᠤᠨᠳᠤᠤ ᠪᠤᠯᠪᠠ᠃ ︽ᠡᠳᠡᠭᠡᠷ ᠮᠠᠶᠢᠮᠠᠶᠢᠴᠢᠳ ᠤᠯᠴᠢᠬᠠᠵᠠᠢ ᠭᠡᠵᠢ ᠤᠤ ︖ ᠡᠰᠡᠬᠦᠯ᠎ᠡ ᠠᠯᠳᠠᠴᠢᠬᠠᠭᠰᠠᠨ ᠶᠤᠮ ᠤᠤ︾ ᠭᠡᠵᠦ ᠪᠢ ᠲᠤᠩ ᠭᠠᠶᠢᠬᠠᠰᠢ ᠠᠯᠳᠠᠪᠠ᠃               ᠬᠤᠸᠠ ᡁᠢ ᠠᠨ ᠡᠮᠦᠰᠴᠦ ᠵᠡᠬᠦᠬᠦ ᠪᠠᠨ ᠢᠮᠠᠭᠳᠠ ᠰᠤᠯᠢᠵᠦ᠂ ᠵᠠᠷᠢᠮ ᠳᠠᠭᠠᠨ ᠮᠠᠯᠴᠢᠨ ᠶᠠᠩᠵᠤᠳᠠᠢ᠂ ᠵᠠᠷᠢᠮ ᠳᠠᠭᠠᠨ ᠬᠤᠳᠠ ᠶᠢᠨ ᠠᠷᠠᠯᠵᠢᠶᠠᠴᠢᠨ ᠤ ᠶᠠᠩᠵᠤᠳᠠᠢ᠂ ᠵᠠᠷᠢᠮ ᠦᠶ᠎ᠡ ᠳᠤ ᠡᠸᠦ᠋ᠷᠦᠫᠠ ᠮᠠᠶ᠋ᠢᠭ ᠢᠶᠠᠷ ᠵᠠᠰᠠᠳᠠᠭ ᠪᠤᠯᠪᠠᠴᠦ ᠤᠯᠠᠩᠬᠢ ᠳᠠᠭᠠᠨ ᠰᠤᠷᠤᠭᠴᠢ ᠶᠢᠨ ᠬᠤᠪᠴᠠᠰᠦ ᠡᠮᠦᠰᠳᠡᠭ᠃ ᠡᠬᠢᠨ ᠳᠡᠭᠡᠨ ᠪᠢ ᠲᠡᠬᠦᠨ ᠢ ᠵᠠᠯᠠᠭᠤ ᠬᠦᠮᠦᠨ ᠲᠤᠯᠠ ᠭᠤᠶᠤᠯᠠᠵᠦ ᠪᠠᠶᠢᠨ᠎ᠠ ᠭᠡᠵᠦ ᠪᠤᠳᠤᠳᠠᠭ᠃ ᠬᠤᠵᠢᠮ ᠨᠢ ᠠᠵᠢᠭᠯᠠᠬᠤ ᠲᠤᠳᠤᠮ ᠶᠠᠩᠵᠤᠯᠠᠵᠦ ᠵᠠᠰᠠᠵᠦ ᠪᠠᠶᠢᠭ᠎ᠠ ᠪᠢᠰᠢ ᠬᠠᠷᠢᠨ ᠶᠠᠮᠠᠷ ᠨᠢᠭᠡᠨ ᠬᠦᠮᠦᠨ ᠠᠴᠠ ᠨᠢᠭᠤᠨ ᠲᠠᠯᠳᠠᠯᠠᠵᠦ ᠪᠠᠶᠢᠭ᠎ᠠ ᠰᠢᠭ᠋᠂ ᠡᠬᠦᠨ ᠳᠤ ᠯᠠᠪ ᠨᠢᠭᠡᠨ ᠤᠴᠢᠷ ᠪᠠᠶᠢᠬᠤ ᠰᠢᠭ᠋ ᠪᠤᠳᠤᠭᠳᠠᠯ᠎ᠠ᠃  ᠨᠢᠭᠡᠨ ᠭᠠᠷᠠᠭ ᠤᠨ ᠡᠳᠦᠷ ᠲᠡᠷᠡ ᠡᠸᠦ᠋ᠷᠦᠫᠡ ᠮᠠᠶ᠋ᠢᠭ ᠢᠶᠠᠷ ᠬᠤᠪᠴᠠᠰᠤᠯᠠᠵᠦ ᠨᠠᠮᠠᠢᠢ ᠲᠠᠭᠠᠭᠤᠯᠤᠨ ᠪᠸᠢ ᠬᠠᠢ ᠴᠡᠴᠡᠷᠯᠢᠭ ᠲᠤ ᠤᠴᠢᠪᠠ᠃ ᠪᠢᠳᠡ ᠴᠠᠭᠠᠨ ᠰᠤᠪᠤᠷᠭ᠎ᠠ ᠶᠢ ᠲᠤᠭᠤᠷᠢᠵᠦ ᠰᠠᠶ᠋ᠢ ᠨᠠᠭᠤᠷ ᠤᠨ ᠬᠦᠪᠡᠭᠡᠨ ᠳᠤ ᠬᠦᠷᠦᠮᠡᠭᠴᠡ ᠲᠡᠷᠡ ᠭᠡᠨᠡᠳᠳᠡ ᠨᠠᠳᠠ ᠳᠤ᠄ ︽ᠴᠢ ᠠᠳᠡ ᠬᠦᠯᠢᠶᠡᠵᠦ ᠪᠠᠢ᠂ ᠪᠢ ᠬᠤᠶᠢᠨ᠎ᠠ ᠤᠴᠢᠭᠠᠳ ᠪᠡᠶ᠎ᠡ ᠵᠠᠰᠠᠭᠠᠳ ᠢᠷᠡᠶ᠎ᠡ︾ ᠭᠡᠳ ᠶᠠᠪᠤᠭᠰᠠᠨ ᠴᠢᠨᠢ ᠬᠤᠶᠠᠷ ᠴᠠᠭ ᠢᠯᠡᠬᠦᠦ ᠤᠳᠠᠳᠠᠯ᠎ᠠ ᠬᠦᠯᠢᠶᠡᠭᠡᠳ ᠢᠷᠡᠭᠰᠡᠨ ᠦᠭᠡᠢ ᠳᠤ ᠶᠠᠮᠠᠷ ᠨᠢᠭᠡᠨ ᠭᠡᠷᠡᠭ ᠭᠠᠷᠴᠢᠬᠠᠭᠰᠠᠨ ᠮᠠᠭᠠᠳ ᠭᠡᠵᠦ ᠪᠤᠳᠤᠭᠠᠳ ᠪᠢ ᠬᠤᠶᠢᠨ᠎ᠠ ᠠᠴᠠ ᠨᠢ ᠤᠴᠢᠵᠦ ᠲᠡᠬᠦᠨ ᠢ ᠡᠷᠢᠪᠡᠯ ᠶᠡᠷᠦ ᠤᠯᠳᠠᠬᠤ ᠦᠭᠡᠢ ᠲᠤᠯᠠ ᠶᠠᠭ ᠪᠠᠴᠢᠮᠳᠠᠨ ᠰᠠᠨᠳᠤᠷᠴᠦ ᠪᠠᠶᠢᠳᠠᠯ᠎ᠠ ᠲᠡᠷᠡ ᠬᠠᠷᠢᠨ ᠦᠭᠡᠷ᠎ᠡ ᠬᠦᠮᠦᠨ ᠲᠠᠢ ᠶᠠᠷᠢᠯᠴᠠᠭᠰᠠᠭᠠᠷ ᠢᠷᠡᠬᠦ ᠨᠢ ᠬᠠᠷᠠᠭᠳᠠᠨ᠎ᠠ᠃ ᠪᠢ ᠠᠭᠤᠯᠵᠠᠮᠠᠭᠴᠠ ︽ᠶᠠᠭᠤ ᠬᠢᠬᠦ ᠪᠠᠷ ᠶᠠᠪᠤᠪᠠ︖︾ ᠭᠡᠵᠦ ᠠᠰᠠᠭᠤᠬᠤ ᠳᠤ ᠲᠡᠷᠡ ᠲᠤᠤᠷ᠎ᠠ ᠨᠢ ᠶᠠᠭᠠᠷᠠᠵᠦ ︽ᠡᠨᠡ ᠪᠤᠯ ᠵᠠᠩᠭᠤᠶᠢᠳᠠ᠂ ᠪᠢᠳᠡ ᠶᠠᠭ ᠮᠠᠶᠢᠮᠠᠢ ᠭᠡᠯᠡᠯᠴᠡᠵᠦ ᠪᠠᠶᠢᠨ᠎ᠠ︾ ᠭᠡᠯ᠎ᠡ᠃ ᠪᠢ ᠨᠢᠳᠦ ᠰᠢᠷᠪᠢᠨ ᠠᠵᠢᠭᠯᠠᠵᠦ ᠦᠵᠡᠪᠡᠯ ᠪᠠᠰᠠ ᠴᠤ ᠨᠢᠭᠡᠨ ᠵᠠᠯᠠᠭᠤ ᠬᠦᠮᠦᠨ᠂ ᠦᠨᠡᠭᠡᠷ ᠠᠷᠠᠯᠵᠢᠶᠠᠴᠢᠨ ᠤ ᠮᠠᠶ᠋ᠢᠭ ᠢᠶᠠᠷ ᠬᠤᠪᠴᠠᠰᠤᠯᠠᠵᠠᠢ᠃ ᠬᠤᠵᠢᠮ ᠨᠢ ᠲᠡᠷᠡ ᠪᠤᠯ ᠬᠠᠢ ᠹᠧᠩ᠂ ᠮᠦᠨ ᠴᠤ ᠮᠤᠰᠺᠧᠨ ᠶᠢᠨ ᠲᠤᠷᠤᠨᠠᠳᠠᠬᠢᠨ ᠤ ᠶᠡᠭᠡ ᠰᠤᠷᠭᠠᠭᠤᠯᠢ ᠶᠢᠨ ᠰᠤᠷᠤᠭᠴᠢ᠂ ᠮᠠᠨ ᠤ ᠨᠠᠮ ᠤᠨ ᠮᠤᠰᠺᠧᠨ ᠳᠤ ᠪᠤᠯᠤᠭᠰᠠᠨ ᠵᠢᠷᠭᠤᠳᠤᠭᠠᠷ ᠤᠳᠠᠭ᠎ᠠ ᠶᠢᠨ ᠲᠦᠯᠦᠭᠡᠯᠡᠭᠴᠢᠳ ᠤᠨ ᠬᠤᠷᠠᠯ ᠤᠨ ᠲᠦᠯᠦᠭᠡᠯᠡᠭᠴᠢ ᠮᠦᠨ ᠭᠡᠳᠡᠭ ᠢ ᠮᠡᠳᠡᠵᠡᠢ᠃               ︽ᠬᠤᠸᠠ ᡁᠢ ᠠᠨ ᠡ᠂ ᠲᠠ ᠦᠨᠡᠭᠡᠷ ᠠᠷᠠᠯᠵᠢᠶ᠎ᠠ ᠭᠢᠳᠡᠭ ᠬᠦᠮᠦᠨ ᠭᠡᠵᠢ ᠤᠤ︖︾ ᠭᠡᠵᠦ ᠲᠤᠰ ᠡᠳᠦᠷ ᠤᠨ ᠤᠷᠤᠢ ᠨᠢ ᠲᠡᠬᠦᠨ ᠠᠴᠠ ᠯᠠᠪᠯᠠᠨ ᠠᠰᠠᠭᠤᠭᠰᠠᠨ ᠳᠤ ᠲᠡᠷᠡ ᠨᠡᠯᠢᠶᠡᠳ ᠤᠳᠠᠳᠠᠯ᠎ᠠ ᠲᠤᠭᠤᠢ ᠪᠠᠶᠢᠭᠰᠠᠨ ᠢᠶᠠᠨ᠄ ︽᠎ ᠶᠢᠨ ︵锦︶ ᠪᠢ ᠴᠢᠮ᠎ᠠ ᠠᠴᠠ ᠠᠰᠠᠭᠤᠶ᠎ᠠ᠂ ᠤᠳᠦ ᠬᠦᠮᠦᠨ ᠬᠦᠮᠦᠨ ᠤ ᠬᠤᠭᠤᠷᠤᠨᠳᠦ ᠡᠷᠭᠡ ᠲᠡᠭᠰᠢ ᠪᠠᠶᠢᠨᠠᠤ᠂ ᠦᠭᠡᠢ ᠤᠤ︖ ᠡᠳ᠋ ᠪᠠᠶᠠᠯᠢᠭ ᠢ ᠡᠬᠦᠳᠦᠨ ᠪᠦᠳᠦᠭᠡᠭᠴᠢ ᠠᠵᠢᠯᠴᠢᠨ᠂ ᠲᠠᠷᠢᠶᠠᠴᠢᠨ ᠮᠠᠯᠴᠢᠳ ᠡᠳᠦᠷ ᠰᠦᠨᠢ ᠦᠭᠡᠢ ᠠᠵᠢᠯᠯᠠᠭᠠᠳ ᠨᠢᠭᠡ ᠨᠠᠰᠤᠨ ᠳᠠᠭᠠᠨ ᠶᠠᠭᠤ ᠴᠤ ᠤᠯᠳᠠᠭ ᠦᠭᠡᠢ ᠶᠠᠳᠠᠭᠤ ᠬᠤᠭᠤᠰᠤᠨ᠂ ᠭᠡᠳᠡᠯ᠎ᠡ ᠡᠳᠦᠷᠵᠢᠨ ᠶᠠᠳᠠᠭᠤᠴᠤᠳ ᠤᠨ ᠲᠤᠯᠤᠭᠠᠢ ᠲᠡᠭᠡᠷ᠎ᠡ ᠲᠠᠷᠤᠯᠠᠵᠦ ᠪᠠᠶᠠᠨ ᠲᠠᠩᠰᠤᠭ ᠠᠮᠢᠳᠤᠷᠠᠳᠠᠭ ᠪᠠᠶᠠᠳ ᠨᠤᠶᠠᠳ ᠪᠠᠶᠢᠨ᠎ᠠ︔ ᠰᠢᠨᠤᠬᠠᠢ ᠬᠤᠳᠠᠯᠳᠤᠭᠠᠴᠢᠳ᠂ ᠬᠠᠷᠬᠢᠰ ᠪᠠᠶᠠᠳ᠂ ᠭᠠᠳᠠᠭᠠᠳᠦ ᠶᠢᠨ ᠬᠦᠷᠦᠩᠭᠡᠳᠡᠨ ᠪᠠᠶᠢᠨ᠎ᠠ᠃ ᠡᠳᠡᠭᠡᠷ ᠨᠢ ᠡᠷᠭᠡ ᠲᠡᠭᠰᠢ ᠤᠤ᠂ ᠭᠤᠤᠯᠴᠢ ᠤᠤ︖︾ ᠭᠡᠵᠦ ᠭᠡᠯᠡᠯ᠎ᠡ᠃ ᠦᠨᠡᠭᠡᠷ ᠬᠠᠴᠢᠨ᠂ ᠮᠢᠨᠦ ᠠᠰᠠᠭᠤᠭᠰᠠᠨ ᠢ ᠲᠡᠷᠡ ᠬᠠᠷᠢᠭᠤᠯᠤᠭᠰᠠᠨ ᠴᠤ ᠦᠭᠡᠢ ᠪᠠᠷ ᠭᠡᠳᠡᠷᠬᠦ ᠬᠠᠷᠢᠨ ᠨᠠᠳᠠ ᠠᠴᠠ ᠠᠰᠠᠭᠤᠴᠢᠬᠠᠪᠠ᠃ ᠲᠡᠷᠡ ᠵᠠᠯᠭᠠᠭᠠᠳ᠄ ︽ᠡᠨᠡᠬᠦ ᠭᠤᠤᠯᠴᠢ ᠪᠤᠰᠦ᠂ ᠡᠷᠭᠡ ᠲᠡᠭᠰᠢ ᠪᠢᠰᠢ ᠨᠢ ᠲᠤᠮᠳᠠᠳᠦ ᠤᠯᠤᠰ ᠲᠤ ᠪᠠᠶᠢᠬᠤ ᠪᠦᠭᠡᠳ ᠭᠠᠳᠠᠭᠠᠳᠦ ᠤᠯᠤᠰ ᠲᠤ ᠴᠤ ᠪᠠᠶᠢᠨ᠎ᠠ᠃ ᠬᠠᠷᠢᠨ ᠵᠠᠷᠢᠮ ᠤᠯᠤᠰ ᠡᠶᠢᠮᠦᠷᠬᠦᠦ ᠡᠷᠭᠡ ᠲᠡᠭᠰᠢ ᠪᠤᠰᠦ ᠶᠠᠪᠤᠳᠠᠯ ᠢ ᠤᠰᠠᠳᠬᠠᠵᠦ ᠬᠦᠳᠡᠯᠮᠦᠷᠢᠴᠢᠨ ᠠᠷᠠᠳ ᠤᠯᠤᠰ ᠤᠨ ᠡᠵᠡᠨ ᠪᠤᠯᠵᠦ ᠪᠠᠶᠢᠨ᠎ᠠ᠃ ᠮᠠᠨ ᠤ ᠵᠠᠯᠠᠭᠤ ᠬᠦᠮᠦᠰ ᠰᠠᠶᠢᠳᠦᠷ ᠰᠤᠷᠤᠯᠴᠠᠨ ᠮᠡᠳᠡᠯᠭᠡ ᠡᠵᠡᠮᠰᠢᠨ ᠲᠡᠳᠡᠭᠡᠷ ᠲᠡᠷᠢᠬᠦᠨ ᠤ ᠤᠯᠤᠰ ᠠᠴᠠ ᠰᠤᠷᠤᠯᠴᠠᠬᠤ ᠭᠡᠷᠡᠭᠳᠡᠢ᠃ ᠮᠠᠨ ᠤ ᠡᠨᠡᠬᠦ ᠡᠷᠭᠡ ᠲᠡᠭᠰᠢ ᠪᠤᠰᠦ ᠤᠯᠤᠰ ᠢᠶᠠᠨ ᠦᠭᠡᠷᠡᠴᠢᠯᠡᠬᠦ ᠭᠡᠷᠡᠭᠳᠡᠢ᠃ ᠢᠷᠡᠭᠡᠳᠦᠢ ᠳᠤ ᠬᠦᠮᠦᠨ ᠪᠦᠬᠦᠨ ᠢ ᠰᠠᠶᠢᠨ ᠰᠠᠶᠢᠬᠠᠨ ᠠᠮᠢᠳᠤᠷᠠᠭᠤᠯᠬᠤ ᠭᠡᠷᠡᠭᠳᠡᠢ︾ ᠭᠡᠵᠦ ᠭᠡᠯᠡᠭᠡᠳ : ︽ᠡᠳᠡᠭᠡᠷ ᠦᠭᠡ ᠶᠢ ᠲᠠ ᠰᠤᠨᠤᠰᠤᠭᠰᠠᠨ ᠪᠤᠯ ᠪᠤᠯᠴᠢᠬᠠᠨ᠎ᠠ᠂ ᠪᠤᠰᠤᠳ ᠲᠤ ᠭᠡᠯᠡᠬᠦ ᠭᠡᠷᠡᠭ ᠦᠭᠡᠢ᠂ ᠮᠢᠨᠦ ᠶᠠᠪᠤᠳᠠᠯ ᠢ ᠲᠠ ᠬᠤᠵᠢᠮ ᠠᠰᠠᠭᠤᠬᠤ ᠭᠡᠷᠡᠭ ᠦᠭᠡᠢ︾ ᠭᠡᠵᠠᠢ᠃         1935 ᠤᠨ ᠤ ᠪᠡᠭᠡᠵᠢᠩ ᠬᠤᠳᠠ ᠴᠢᠰᠦᠨ ᠭᠤᠤᠯ ᠤᠷᠤᠰᠴᠦ᠂ ᠮᠠᠩᠭᠤᠰ ᠤᠨ ᠠᠭᠤᠷ ᠲᠡᠭᠳᠡᠵᠦ᠂ ᠵᠢᠶᠠᠩ ᠵᠢᠶᠧ ᠱᠢ ᠶᠢᠨ ︽ᠬᠠᠷᠢ ᠲᠠᠢ ᠡᠶᠡᠳᠡᠵᠦ ᠲᠤᠳᠤᠭᠠᠳᠦ ᠶᠢ ᠲᠠᠷᠤᠩᠭᠤᠶᠢᠯᠠᠬᠤ︾ ᠲᠡᠷᠰᠯᠡᠬᠦᠦ ᠲᠦᠷᠦ ᠶᠢᠨ ᠪᠤᠳᠤᠯᠭ᠎ᠠ ᠶᠢ ᠶᠠᠪᠤᠭᠤᠯᠵᠦ᠂ ᠵᠢᠳᠠᠨ ᠦᠵᠦᠬᠦᠷ ᠢᠶᠠᠨ ᠡᠪ ᠬᠠᠮᠳᠤᠴᠤᠳ ᠪᠤᠯᠤᠨ ᠡᠭᠡ ᠤᠷᠤᠨᠴᠢ ᠬᠦᠮᠦᠰ ᠲᠤ ᠴᠢᠭᠯᠡᠬᠦᠯᠪᠡ᠃ ᠡᠮᠦᠨ᠎ᠡ ᠨᠤᠭᠤᠭ᠎ᠠ ᠶᠢᠨ ᠬᠦᠷᠢᠶᠡᠯᠡᠩ ︵南菜园︶᠎ ᠳᠤ ᠡᠳᠦᠷ ᠪᠦᠷᠢ ᠬᠤᠪᠢᠰᠬᠠᠯᠴᠢᠳ ᠡᠳᠦᠢ ᠲᠡᠳᠦᠢ ᠬᠢᠳᠤᠭᠳᠠᠨ ᠠᠯᠠᠭᠳᠠᠵᠦ ᠪᠠᠶᠢᠪᠠ᠃ ᠪᠢ ᠭᠡᠳᠦᠶᠢᠪᠡᠷ ᠬᠤᠸᠠ ᡁᠢ ᠠᠨ ᠤ ᠡᠪ ᠬᠠᠮᠳᠦ ᠨᠠᠮ ᠤᠨ ᠭᠡᠰᠢᠬᠦᠨ ᠭᠡᠳᠡᠭ ᠢ ᠮᠡᠳᠡᠬᠦ ᠦᠭᠡᠢ ᠪᠤᠯᠪᠠᠴᠦ ᠲᠡᠬᠦᠨ ᠤ ᠡᠳᠦᠷ ᠪᠦᠷᠢ ᠶᠠᠪᠤᠵᠦ ᠰᠠᠭᠤᠬᠤ ᠨᠢ ᠮᠡᠳᠡᠭᠳᠡᠬᠦ ᠦᠭᠡᠢ ᠪᠠᠶᠢᠳᠠᠭ ᠨᠢ ᠦᠨᠡᠭᠡᠷ ᠨᠠᠳᠠ ᠶᠢ ᠰᠡᠳᠬᠢᠯ ᠵᠤᠪᠠᠨᠢᠭᠤᠯᠳᠠᠭ ᠪᠠᠶᠢᠨ᠎ᠠ᠃         ᠪᠠᠶᠢᠳᠠᠯ ᠪᠠᠴᠢᠮ ᠪᠤᠯᠵᠦ ᠲᠡᠬᠦᠨ ᠤ ᠠᠵᠢᠯᠯᠠᠭ᠎ᠠ ᠨᠢ ᠶᠡᠷᠦᠮᠳᠡᠭ ᠪᠦᠭᠡᠳ ᠨᠠᠷᠢᠨ ᠨᠢᠭᠤᠴᠠ ᠪᠤᠯᠪᠠ᠃ ᠭᠠᠳᠠᠭᠰᠢ ᠭᠠᠷᠤᠭᠠᠳ ᠪᠤᠴᠠᠵᠦ ᠢᠷᠡᠬᠦ ᠪᠦᠷᠢ ᠪᠠᠭᠤᠳᠠᠯ ᠢᠶᠠᠨ ᠰᠤᠯᠢᠵᠦ ᠭᠡᠷ ᠢᠶᠠᠨ ᠨᠡᠬᠦᠯᠭᠡᠳᠡᠭ᠃ ᠲᠡᠭᠡᠬᠦ ᠳᠡᠭᠡᠨ ᠨᠡᠬᠦᠬᠦ ᠪᠦᠷᠢ ᠴᠦᠮ ᠰᠢᠯᠳᠠᠭ ᠲᠠᠢ ᠪᠠᠶᠢᠵᠦ᠂ ᠵᠠᠷᠤᠳᠠᠯ ᠠᠷᠪᠢᠯᠠᠬᠤ ᠪᠢᠰᠢ ᠪᠤᠯ ᠦᠢᠮᠡᠭᠡᠨ ᠱᠤᠤᠬᠢᠶᠠᠨ ᠠᠴᠠ ᠵᠠᠶᠢᠯᠠᠬᠤ᠂ ᠭᠡᠷ ᠨᠢ ᠪᠠᠭ᠎ᠠ ᠭᠡᠳᠡᠯ᠎ᠡ ᠭᠡᠷᠡᠯ ᠭᠡᠭᠡ ᠮᠠᠭᠤᠳᠠᠢ ᠭᠡᠳᠡᠭ᠃ ᠤᠳᠠᠭ᠎ᠠ ᠪᠦᠷᠢ ᠬᠠᠷᠢᠵᠦ ᠢᠷᠡᠬᠦ ᠳᠡᠭᠡᠨ ᠭᠡᠨ ᠭᠡᠨ ᠭᠡᠷ ᠲᠤ ᠢᠷᠡᠭᠰᠡᠨ ᠤᠤ ᠭᠡᠵᠦ ᠠᠰᠠᠭᠤᠵᠦ ᠯᠠ ᠪᠠᠶᠢᠯ᠎ᠠ᠃ ᠲᠡᠬᠦᠨ ᠲᠠᠢ ᠵᠠᠯᠭᠠᠭᠠᠳ ᠠᠭᠤᠯᠵᠠᠳᠠᠭ ᠫᠤᠩᠰᠤᠭ᠂ ᠪᠠᠢ ᠬᠠᠢ ᠹᠧᠩ ᠠᠴᠠ ᠭᠠᠳᠠᠨ᠎ᠠ ᠪᠠᠰᠠ ᠵᠠᠶᠠᠭᠠᠳᠠᠢ᠂ ᠪᠢᠯᠢᠭᠳᠦ᠂ ᠦᠯᠵᠡᠶᠢᠸᠠᠴᠢᠷ᠂ ᠪᠤᠶᠠᠨ᠂ ᠬᠤ᠋ ᠹᠧᠩ ᠱᠠᠨ ︵ᠪᠡᠭᠡᠵᠢᠩ ᠶᠡᠭᠡ ᠰᠤᠷᠭᠠᠭᠤᠯᠢ ᠶᠢᠨ ᠰᠤᠷᠤᠭᠴᠢ᠂ ᠪᠢᠳᠡ ᠲᠡᠬᠦᠨ ᠢ ᠬᠤ᠋ ᠰᠢᠶᠠᠨᠱᠧᠩ ᠭᠡᠳᠡᠭ︶᠂ ᠮᠧᠩ ᠠᠪᠤᠭᠠᠢ ︵老孟 ᠭᠡᠳᠡᠭ᠂ ᠨᠡᠷ᠎ᠡ ᠶᠢ ᠨᠢ ᠮᠡᠳᠡᠬᠦ ᠦᠭᠡᠢ︶᠂ ᠪᠠᠰᠠ ᠨᠢᠭᠡᠨ ᠡᠮᠡᠭᠳᠡᠢ ᠮᠠᠨᠢᠯᠠ ︵ᠲᠠᠭᠤᠷ ᠬᠦᠮᠦᠨ᠂ ᠪᠤᠤ ᠶᠤᠸᠠᠢ ᠴᠢᠩ ᠤᠨ ᠭᠡᠷᠡᠭ ᠡᠷᠬᠢᠯᠡᠬᠦ ᠭᠠᠵᠠᠷ ᠤᠨ ᠴᠠᠬᠢᠯᠭᠠᠨ ᠮᠡᠳᠡᠭᠡᠴᠢᠨ︶ ᠪᠠᠶᠢᠵᠦ᠂ ᠪᠢᠯᠢᠭᠳᠦ ᠲᠡᠷᠡ ᠦᠶ᠎ᠡ ᠳᠤ ᠵᠤᠤ ᠹᠧᠩ ᠴᠧᠩ ᠭᠡᠳᠡᠭ ᠬᠤᠳᠤᠩ ᠦᠨᠳᠦᠰᠦᠳᠡᠨ ᠤ ᠨᠡᠷ᠎ᠡ ᠪᠠᠷ ᠶᠠᠪᠤᠵᠦ ᠪᠠᠶᠢᠵᠠᠢ᠃ ᠲᠡᠳᠡ ᠨᠠᠷ ᠶᠡᠷᠦ ᠨᠢ ᠴᠤᠭ ᠲᠠᠭᠠᠨ ᠢᠷᠡᠵᠡᠭᠡᠳᠡᠭ ᠪᠢᠰᠢ᠂ ᠠᠯᠢ ᠴᠤ ᠤᠳᠠᠭ᠎ᠠ ᠬᠤᠶᠠᠷ ᠭᠤᠷᠪᠠ ᠯᠠ ᠪᠠᠶᠢᠳᠠᠭ᠃ ᠲᠡᠳᠡ ᠢᠷᠡᠬᠦ ᠪᠦᠷᠢ ᠬᠤᠸᠠ ᡁᠢ ᠠᠨ ᠨᠠᠳᠠ ᠶᠢ ᠶᠠᠭᠤᠮ᠎ᠠ ᠬᠤᠳᠠᠯᠳᠤᠨ ᠠᠪᠤᠭᠤᠯᠬᠤ ᠪᠠᠷ ᠭᠠᠷᠭᠠᠳᠠᠭ᠃ ᠡᠬᠢᠨ ᠳᠡᠭᠡᠨ ᠪᠢ ᠦᠨᠡᠭᠡᠷ ᠶᠠᠭᠤᠮ᠎ᠠ ᠬᠤᠳᠠᠯᠳᠤᠨ ᠠᠪᠴᠢᠷᠠᠳᠠᠭ ᠪᠠᠶᠢᠭᠰᠠᠨ᠂ ᠭᠡᠳᠡᠯ᠎ᠡ ᠬᠤᠳᠠᠯᠳᠤᠨ ᠠᠪᠴᠢᠷᠠᠭᠰᠠᠨ ᠶᠠᠭᠤᠮ᠎ᠠ ᠶᠢ ᠲᠡᠳᠡ ᠶᠡᠷᠦᠨᠢ ᠭᠡᠷᠡᠭᠯᠡᠳᠡᠭ ᠦᠭᠡᠢ᠂ ᠶᠠᠭ ᠯᠠ ᠲᠡᠶᠢᠮᠦ ᠤᠴᠢᠷ ᠦᠭᠡᠢ ᠯᠠ ᠰᠢᠭ ᠪᠠᠶᠢᠳᠠᠭ᠃ ᠰᠡᠬᠦᠯᠡᠷ ᠨᠢ ᠶᠠᠭᠤᠮ᠎ᠠ ᠬᠤᠳᠠᠯᠳᠤᠨ ᠠᠪᠬᠤ ᠶᠢ ᠪᠢ ᠲᠡᠮᠡᠢ ᠴᠢᠬᠤᠯᠠᠴᠢᠯᠠᠳᠠᠭ ᠦᠭᠡᠢ ᠪᠤᠯᠵᠠᠢ᠃ ᠵᠠᠷᠢᠮ ᠳᠠᠭᠠᠨ ᠠᠪᠴᠢᠷᠠᠵᠦ ᠵᠠᠷᠢᠮ ᠳᠠᠭᠠᠨ ᠭᠠᠷᠤᠭᠠᠳ ᠶᠠᠪᠤᠴᠢᠬᠠᠳᠠᠭ᠂ ᠬᠠᠷᠢᠨ ᠵᠦᠭᠡᠷ ᠲᠤᠭᠤᠷᠢᠬᠤ ᠪᠢᠰᠢ᠂ ᠠᠶᠤᠵᠦ ᠡᠮᠢᠶᠡᠵᠦ ᠪᠠᠶᠢᠭᠠᠳ ᠲᠡᠳᠡᠨ ᠳᠤ ᠬᠠᠷᠠᠭᠤᠯ ᠵᠤᠭᠰᠤᠵᠦ ᠦᠭᠳᠡᠭ᠃ ᠪᠤᠶᠠᠨ ᠨᠦᠬᠦᠷ ᠪᠤᠯ ᠪᠤᠤ ᠶᠤᠸᠠᠢ ᠴᠢᠩ ᠤᠨ ᠭᠡᠷᠡᠭ ᠡᠷᠬᠢᠯᠡᠬᠦ ᠭᠠᠵᠠᠷ ᠤᠨ ᠴᠠᠬᠢᠯᠭᠠᠨ ᠮᠡᠳᠡᠭᠡᠨ ᠤ ᠠᠵᠢᠯᠳᠠᠨ ᠪᠠᠶᠢᠵᠦ᠂ ᠮᠠᠨ ᠤ ᠭᠡᠷ ᠤᠨ ᠪᠠᠶᠢᠩᠭᠤ ᠵᠤᠴᠢᠨ ᠶᠤᠮ᠃ ᠲᠡᠷᠡ ᠮᠠᠨᠤᠰ ᠲᠠᠢ ᠭᠡᠯᠡᠯᠴᠡᠬᠦ ᠦᠭᠡᠢ ᠦᠭᠡ ᠭᠡᠵᠦ ᠦᠭᠡᠢ᠂ ᠭᠡᠳᠡᠯ᠎ᠡ ᠪᠤᠦ ᠶᠤᠸᠠᠢ ᠴᠢᠩ ᠤᠨ ᠲᠡᠷᠭᠡᠳᠡ ᠬᠤᠸᠠ ᡁᠢ ᠠᠨ ᠪᠤᠯᠤᠨ ᠪᠤᠶᠠᠨ ᠬᠤᠶᠠᠭᠤᠯᠠ ᠶᠠᠭ ᠯᠠ ᠦᠯᠦ ᠲᠠᠨᠢᠭᠰᠠᠳ ᠠᠳᠠᠯᠢ ᠭᠡᠨ ᠨᠢ ᠴᠤ ᠭᠡᠳ ᠦᠭᠡ ᠲᠤᠤᠭᠠᠷᠬᠤ ᠦᠭᠡᠢ᠂ ᠴᠤᠬᠤᠮ ᠶᠠᠮᠠᠷ ᠤᠴᠢᠷ ᠪᠤᠢ ᠭᠡᠪᠡᠯ᠂ ᠬᠤᠵᠢᠮ ᠨᠢ ᠤᠶᠢᠯᠭᠠᠭᠰᠠᠨ ᠢᠶᠠᠷ᠂ ᠪᠤᠶᠠᠨ ᠪᠤᠯ ᠨᠡᠷ᠎ᠡ ᠲᠡᠭᠡᠷ᠎ᠡ ᠪᠠᠨ ᠮᠤᠩᠭᠤᠯ ᠲᠦᠪᠡᠳ ᠤᠨ ᠦᠪᠡᠷᠳᠡᠭᠡᠨ ᠵᠠᠰᠠᠬᠤ ᠭᠡᠷᠡᠭ ᠡᠷᠬᠢᠯᠡᠬᠦ ᠭᠠᠵᠠᠷ ᠲᠤ ᠠᠵᠢᠯᠯᠠᠳᠠᠭ ᠪᠤᠯᠪᠠᠴᠦ ᠭᠡᠷᠡᠭ ᠲᠡᠭᠡᠷ᠎ᠡ ᠪᠠᠨ ᠲᠡᠯᠭᠡᠷ ᠤᠨ ᠬᠤᠯᠪᠤᠭᠠᠴᠢᠨ ᠪᠠᠶᠢᠵᠦ᠂ ᠪᠤᠤ ᠶᠤᠸᠠᠢ ᠴᠢᠩ ᠭᠡᠳᠦᠶᠢᠪᠡᠷ ︽ᠦᠪᠤᠷ ᠠᠷᠠᠳ ᠤᠨ ᠨᠠᠮ︾᠎ ᠤᠨ ᠪᠦᠷᠢᠯᠳᠦᠬᠦᠨ ᠪᠤᠯᠪᠠᠴᠦ ᠬᠤᠸᠠ ᡁᠢ ᠠᠨ ᠲᠡᠳᠡᠨ ᠤ ᠬᠢᠵᠦ ᠪᠠᠶᠢᠭ᠎ᠠ ᠶᠠᠪᠤᠳᠠᠯ ᠢ ᠲᠡᠷᠡ ᠪᠦᠬᠦᠨ ᠢ ᠮᠡᠳᠡᠳᠡᠭ ᠪᠢᠰᠢ ᠪᠠᠶᠢᠵᠠᠢ᠃               ᠨᠢᠭᠡᠨ ᠡᠳᠦᠷ ᠤᠨ ᠦᠳᠡ ᠶᠢᠨ ᠬᠤᠶᠢᠨ᠎ᠠ ᠮᠠᠨᠢᠯᠠ ᠮᠤᠬᠤᠷᠳᠠᠵᠦ ᠵᠤᠪᠠᠭᠰᠠᠨ ᠪᠠᠶᠢᠳᠠᠯ ᠲᠠᠢ ᠶᠠᠭᠠᠷᠠᠯᠳᠠᠶᠢᠬᠠᠨ ᠮᠠᠨ ᠤ ᠳᠤ ᠬᠤᠸᠠ ᡁᠢ ᠠᠨ ᠢ ᠡᠷᠢᠵᠦ ᠢᠷᠡᠪᠡ᠃ ᠭᠡᠬᠦ ᠳᠤ ᠬᠤᠸᠠ ᡁᠢ ᠠᠨ ᠶᠠᠭ ᠭᠡᠷ ᠲᠡᠭᠡᠨ ᠪᠠᠶᠢᠭᠰᠠᠨ ᠦᠭᠡᠢ᠃ ᠪᠠᠶᠢᠳᠠᠯ ᠠᠴᠠ ᠨᠢ ᠦᠵᠡᠬᠦ ᠳᠤ ᠴᠢᠬᠤᠯᠠ ᠤᠴᠢᠷ ᠲᠠᠢ ᠯᠠ ᠰᠢᠭ᠋᠂ ᠨᠠᠳᠠ ᠠᠴᠠ ᠠᠰᠠᠭᠤᠬᠤ ᠳᠤᠨᠢ ᠪᠢ : ︽ᠲᠡᠷᠡ ᠬᠠᠮᠢᠭ᠎ᠠ ᠶᠠᠪᠤᠭᠰᠠᠨ᠂ ᠭᠡᠵᠢᠶ᠎ᠡ ᠢᠷᠡᠬᠦ ᠶᠢ ᠨᠢ ᠮᠡᠳᠡᠬᠦ ᠦᠭᠡᠢ︾ ᠭᠡᠵᠦ ᠭᠡᠯᠡᠬᠦ ᠳᠤ ᠲᠡᠷᠡ ᠬᠦᠯᠢᠶᠡᠵᠦ ᠶᠠᠳᠠᠨ ᠨᠢᠭᠡᠨ ᠬᠠᠭᠤᠳᠠᠰᠦ ᠪᠢᠴᠢᠭ ᠦᠯᠡᠳᠡᠭᠡᠨ᠂ ᠡᠨᠡ ᠬᠠᠭᠤᠳᠠᠰᠦ ᠪᠢᠴᠢᠭ ᠢ ᠲᠡᠬᠦᠨ ᠠᠴᠠ ᠦᠭᠡᠷ᠎ᠡ ᠭᠡᠨ ᠳᠤ ᠴᠤ ᠭᠠᠷᠳᠠᠭᠤᠯᠵᠦ ᠪᠤᠯᠬᠤ ᠦᠭᠡᠢ ᠭᠡᠵᠦ ᠲᠠᠬᠢᠨ ᠲᠠᠪᠳᠠᠨ ᠵᠠᠬᠢᠵᠦ ᠭᠡᠯᠡᠵᠦ ᠪᠠᠶᠢᠪᠠ᠃ ᠲᠡᠷᠡ ᠪᠢᠴᠢᠭ ᠤᠨ ᠬᠠᠭᠤᠳᠠᠰᠤᠨ ᠲᠡᠭᠡᠷ᠎ᠡ ᠨᠢ ᠬᠠᠷᠠᠨᠳᠠ ᠪᠠᠷ ︽青鸟速回盼君在即︾ ᠭᠡᠵᠦ ᠪᠢᠴᠢᠵᠠᠢ᠃ ᠶᠠᠮᠠᠷ ᠤᠳᠬ᠎ᠠ ᠎ ᠲᠠᠢ ᠶᠢ ᠨᠢ ᠪᠢ ᠤᠶᠢᠯᠭᠠᠵᠦ ᠶᠠᠳᠠᠪᠠ᠃ ᠰᠢᠷ᠎ᠠ ᠪᠦᠷᠦᠢ ᠪᠤᠯᠬᠤ ᠦᠶᠡᠰ ᠬᠤᠸᠠ ᡁᠢ ᠠᠨ ᠬᠠᠷᠢᠵᠦ ᠢᠷᠡᠪᠡ᠃ ᠴᠢᠷᠠᠢ ᠳᠤᠨᠢ ᠬᠦᠨᠳᠦ ᠪᠠᠴᠢᠮ ᠪᠠᠶᠢᠳᠠᠯ ᠲᠠᠢ᠂ ᠭᠡᠷ ᠲᠤ ᠤᠷᠤᠵᠦ ᠢᠷᠡᠮᠡᠭᠴᠡ᠄ ︽ᠨᠠᠳᠠ ᠶᠢ ᠬᠦᠮᠦᠨ ᠡᠷᠢᠵᠦ ᠢᠷᠡᠭᠰᠡᠨ ᠤᠤ︖︾ ᠭᠡᠵᠦ ᠠᠰᠠᠭᠤᠬᠤ ᠳᠤ ᠬᠠᠭᠤᠳᠠᠰᠦ ᠪᠢᠴᠢᠭ ᠢ ᠨᠢ ᠪᠢ ᠲᠡᠬᠦᠨ ᠳᠤ ᠭᠠᠷᠳᠠᠭᠤᠯᠬᠤ ᠳᠤ ᠲᠡᠷᠡ ᠦᠵᠡᠵᠦ ᠪᠠᠷᠠᠮᠠᠭᠴᠠ ᠵᠠᠵᠢᠯᠵᠦ ᠢᠳᠡᠴᠢᠭᠡᠳ ᠶᠠᠭᠤ ᠴᠤ ᠭᠡᠯᠡᠭᠰᠡᠨ ᠦᠭᠡᠢ ᠪᠠᠷ ᠶᠠᠪᠤᠴᠢᠬᠠᠪᠠ᠃ ᠡᠨᠡ ᠶᠠᠪᠤᠭᠰᠠᠨ ᠢᠶᠠᠷ ᠢᠶᠠᠨ ᠭᠤᠷᠪᠠᠨ ᠡᠳᠦᠷ ᠪᠤᠯᠤᠭᠠᠳ ᠰᠠᠶ᠋ᠢ ᠬᠠᠷᠢᠵᠦ ᠢᠷᠡᠪᠡ᠃ ᠲᠡᠬᠦᠨ ᠤ ᠴᠢᠷᠠᠢ ᠨᠢ ᠬᠤᠵᠠᠶᠢᠵᠦ᠂ ᠭᠡᠳᠦᠨ ᠡᠳᠦᠷ ᠨᠤᠶᠢᠷ ᠬᠤᠭᠤᠯᠠ ᠦᠭᠡᠢ ᠶᠠᠩᠵᠦ ᠲᠠᠢ᠃ ᠪᠢ ᠲᠡᠬᠦᠨ ᠠᠴᠠ ᠶᠠᠮᠠᠷ ᠭᠡᠷᠡᠭ ᠭᠠᠷᠤᠭᠰᠠᠨ ᠪᠤᠢ ᠭᠡᠵᠦ ᠠᠰᠠᠭᠤᠪᠠᠯ ᠲᠡᠷᠡ ᠨᠡᠯᠢᠶᠡᠳ ᠪᠤᠳᠤᠯᠬᠢᠯᠠᠭᠠᠳ᠄ ︽ᠮᠠᠨᠢᠯᠠ ᠶᠢᠨ ᠭᠡᠷ ᠠᠴᠠ ᠨᠢ ᠬᠦᠮᠦᠨ ᠢᠷᠡᠵᠡᠢ᠂ ᠪᠡᠶ᠎ᠡ ᠶᠢᠨ ᠭᠡᠷᠡᠴᠢ ᠦᠨᠡᠮᠯᠡᠯ ᠦᠭᠡᠢ ᠲᠤᠯᠠ ᠴᠠᠭᠳᠠᠭᠠᠨ ᠤ ᠭᠠᠵᠠᠷ ᠬᠤᠷᠢᠭᠳᠠᠴᠢᠬᠠᠯ᠎ᠠ᠂ ᠪᠢ ᠲᠡᠬᠦᠨ ᠳᠤ ᠬᠠᠪᠰᠤᠷᠴᠦ ᠬᠦᠶᠦᠵᠦ ᠦᠭᠬᠦᠭᠡᠳ ᠲᠦᠩᠭᠡᠵᠢ ᠭᠠᠷᠭᠠᠵᠦ ᠠᠪᠤᠯ᠎ᠠ︾ ᠭᠡᠵᠦ ᠭᠡᠯᠡᠪᠡ᠃ ᠭᠡᠳᠡᠯ᠎ᠡ ᠲᠡᠷᠡ ᠪᠤᠬᠢᠨᠢᠳᠦᠨ ᠤᠶᠢᠳᠴᠦ ᠪᠠᠶᠢᠬᠤ ᠨᠢ ᠢᠯᠡᠭᠡᠨ᠃ ᠴᠤᠬᠤᠮ ᠶᠠᠮᠠᠷ ᠤᠴᠢᠷ ᠪᠤᠯᠴᠢᠬᠠᠪᠠ ᠭᠡᠵᠦ ᠰᠡᠬᠦᠯᠡᠷ ᠨᠢ ᠪᠢ ᠮᠠᠨᠢᠯᠠ ᠠᠴᠠ ᠠᠰᠠᠭᠤᠭᠰᠠᠨ ᠳᠤ ᠲᠡᠷᠡ ᠮᠢᠨᠦ ᠦᠭᠡ ᠶᠢ ᠠᠷᠭᠠᠴᠠᠭᠠᠵᠦ᠄ ︽ᠮᠠᠨ ᠤ ᠨᠢᠭᠡ ᠬᠠᠨᠢᠳᠠᠨ ᠤ ᠨᠢᠭᠡ ᠪᠦᠯᠦᠭ ᠲᠠᠸᠠᠷ ᠢ ᠵᠠᠩ ᠪᠸᠢ ᠰᠢᠶᠠᠨ ᠳᠤ ᠵᠦᠭᠡᠭᠡᠪᠤᠷᠢᠯᠡᠬᠦ ᠭᠡᠳ ᠵᠠᠮ ᠵᠠᠭᠤᠷ᠎ᠠ ᠲᠤᠨᠤᠭᠠᠴᠢᠳ ᠲᠠᠢ ᠬᠠᠷᠭᠤᠵᠠᠢ᠂ ᠵᠤᠯ ᠢᠶᠠᠷ ᠬᠦᠮᠦᠨ ᠪᠢᠳᠡᠨ ᠳᠤ ᠤᠷᠢᠳᠴᠢᠯᠠᠨ ᠴᠢᠮᠡᠭᠡ ᠬᠦᠷᠭᠡᠭᠰᠡᠨ ᠲᠤᠯᠠ ᠬᠤᠸᠠ ᡁᠢ ᠠᠨ ᠲᠡᠷᠡ ᠭᠡᠳᠦᠨ ᠡᠳᠦᠷ ᠡᠨᠡ ᠶᠠᠪᠤᠳᠠᠯ ᠤᠨ ᠲᠦᠯᠦᠭᠡ ᠬᠦᠶᠦᠵᠦ᠂ ᠬᠠᠷᠢᠴᠠᠭ᠎ᠠ ᠪᠠᠨ ᠲᠦᠰᠢᠭᠯᠡᠨ ᠦᠭᠡᠷ᠎ᠡ ᠵᠠᠮ ᠢᠶᠠᠷ ᠵᠦᠭᠡᠭᠡᠪᠤᠷᠢᠯᠡᠨ ᠶᠠᠪᠤᠭᠤᠯᠪᠠ︾ ᠭᠡᠳ ᠪᠠᠭ᠎ᠠ ᠪᠠᠶᠢᠰᠬᠢᠭᠠᠳ ᠮᠠᠰᠢ ᠪᠠᠭ᠋ᠠᠳᠤᠭᠰᠠᠨ ᠪᠠᠶᠢᠳᠠᠯ ᠲᠠᠢ ᠪᠠᠷ : ︽ᠠᠢ᠂ ᠮᠠᠨ ᠤ ᠬᠤᠸᠠ ᡁᠢ ᠠᠨ ᠦᠨᠡᠭᠡᠷ ᠶᠡᠭᠡ ᠴᠢᠳᠠᠪᠤᠷᠢᠳᠠᠨ ᠶᠤᠮ︾ ᠭᠡᠯ᠎ᠡ᠃ ᠡᠨᠡ ᠶᠠᠪᠤᠳᠠᠯ ᠴᠤᠬᠤᠮ ᠶᠠᠮᠠᠷ ᠤᠴᠢᠷ ᠪᠤᠯᠬᠤ ᠶᠢ ᠡᠳᠦᠭᠡ ᠪᠤᠯᠳᠠᠯ᠎ᠠ ᠤᠨᠢᠰᠤᠭ᠎ᠠ ᠪᠠᠶᠢᠭᠰᠠᠭᠠᠷ ᠶᠤᠮ᠃                                                                              ᠭᠤᠷᠪᠠ                       ᠬᠤᠸᠠ ᡁᠢ ᠠᠨ ᠠᠮᠢᠳᠤᠷᠠᠯ ᠤᠨ ᠲᠠᠯ᠎ᠠ ᠪᠠᠷ ᠮᠠᠰᠢ ᠪᠤᠷᠤᠭᠵᠢᠭᠤᠨ᠂ ᠡᠩ ᠤᠨ ᠡᠳᠦᠷ ᠪᠦᠳᠦᠬᠦᠯᠢᠭ ᠬᠤᠭᠤᠯᠠ ᠰᠢᠩᠭᠡᠨ ᠴᠠᠢ ᠪᠠᠷ ᠦᠯ ᠵᠠᠯᠭᠠᠵᠦ ︽ᠠᠮᠢᠳᠤᠷᠠᠯ ᠳᠤ ᠡᠷᠭᠡᠪᠰᠢ ᠠᠷᠪᠢᠯᠠᠨ ᠭᠠᠮᠨᠠᠵᠦ ᠵᠤᠭᠤᠰ ᠪᠠᠭ᠎ᠠ ᠵᠠᠷᠤᠬᠤ ᠭᠡᠷᠡᠭᠳᠡᠢ︾ ᠭᠡᠳᠡᠭ ᠶᠤᠮ᠃ ᠵᠠᠷᠢᠮ ᠳᠠᠭᠠᠨ ᠪᠠᠰᠠ ᠲᠤᠩ ᠬᠠᠷᠠᠮ ᠦᠭᠡᠢ ᠪᠠᠶᠢᠵᠦ᠂ ᠭᠠᠳᠠᠭᠰᠢ ᠭᠠᠷᠬᠤ ᠪᠤᠶᠤ ᠬᠠᠷᠢᠯᠴᠠᠭᠠᠨ ᠳᠤ ᠶᠠᠪᠤᠬᠤ ᠳᠠᠭᠠᠨ ᠲᠡᠭᠡᠳᠦ ᠮᠠᠶ᠋ᠢᠭ ᠤᠨ ᠰᠠᠭᠤᠳᠠᠯ ᠤᠨ ᠮᠠᠰᠢᠨ ᠳᠤ ᠰᠠᠭᠤᠵᠦ ᠬᠦᠷᠭᠡᠯᠭᠡᠬᠦ ᠪᠤᠶᠤ ᠲᠤᠰᠤᠭᠤᠯᠳᠠᠭ ᠪᠠᠶᠢᠯ᠎ᠠ᠃  1935 ᠤᠨ ᠤ 10 ᠰᠠᠷ᠎ᠠ ᠶᠢᠨ ᠰᠡᠬᠦᠯᠴᠢ ᠪᠠᠷ᠂ ᠮᠢᠨᠦ ᠶᠡᠭᠡ ᠭᠡᠦᠭᠡᠨ ᠢ ᠬᠦᠩᠭᠡᠵᠢᠭᠰᠡᠨ ᠤ ᠬᠤᠷᠢᠭᠠᠳ ᠡᠳᠦᠷ ᠤᠨ ᠨᠠᠭᠠᠭᠤᠷ ᠴᠠᠭᠠᠭᠤᠷ ᠲᠡᠷᠡ ᠬᠠᠷᠢᠭᠠᠳ ᠢᠷᠡᠯ᠎ᠡ᠃ ᠵᠢᠵᠢᠭ ᠮᠠᠰᠢᠨ ᠨᠡᠶᠢᠳᠡ ᠶᠢᠨ ᠪᠠᠭᠤᠳᠠᠯ ᠤᠨ ᠡᠬᠦᠳᠡᠨ ᠳᠤ ᠬᠦᠷᠭᠡᠵᠦ ᠢᠷᠡᠬᠦ ᠳᠤ ᠶᠠᠮᠠᠷ ᠬᠦᠮᠦᠨ ᠢᠷᠡᠪᠡ ᠭᠡᠵᠦ ᠪᠢ ᠶᠠᠭᠠᠷᠠᠪᠴᠢᠯᠠᠨ ᠭᠠᠷᠪᠠᠯ ᠨᠢᠭᠡᠨ ᠡᠸᠦ᠋ᠷᠦᠫᠡ ᠬᠤᠪᠴᠠᠰᠦ ᠲᠠᠢ ᠪᠤᠭᠴᠦ ᠰᠤᠭᠤᠪᠴᠢᠯᠠᠭᠰᠠᠨ ᠬᠦᠮᠦᠨ ᠲᠡᠷᠭᠡᠨ ᠠᠴᠠ ᠭᠠᠷᠴᠦ ᠢᠷᠡᠪᠡ᠃ ᠤᠶᠢᠷᠠᠳᠤᠭᠠᠳ ᠦᠵᠡᠪᠡᠯ ᠲᠡᠷᠡ ᠮᠠᠨᠢ ᠪᠠᠶᠢᠵᠠᠢ᠃ ᠲᠡᠷᠡ ᠲᠡᠷᠭᠡᠨ ᠬᠦᠯᠦᠰᠦ ᠮᠦᠩᠬᠦ ᠪᠠᠨ ᠦᠭᠬᠦ ᠶᠢᠨ ᠬᠠᠮᠳᠦ ᠨᠠᠳᠠ ᠳᠤ ᠶᠠᠭᠠᠷᠠᠨ᠄ ︽ᠡᠨᠡ ᠤᠳᠠᠭ᠎ᠠ ᠶᠠᠪᠤᠳᠠᠯ ᠪᠦᠳᠦᠮᠵᠢᠳᠠᠢ᠂ ᠵᠤᠭᠤᠰ ᠤᠯᠴᠢᠬᠠᠯ᠎ᠠ᠂ ᠪᠠᠭ᠎ᠠ ᠵᠤᠭᠤᠰ ᠵᠠᠷᠤᠬᠤ ᠳᠤ ᠶᠠᠭᠠᠬᠢᠬᠤ ᠪᠤᠢ ᠳ᠋ᠠ︾ ᠭᠡᠵᠦ ᠲᠠᠶᠢᠯᠪᠤᠷᠢᠯᠠᠨ ᠭᠡᠯᠡᠯ᠎ᠡ᠃               ᠭᠡᠷ ᠲᠤ ᠤᠷᠤᠭᠰᠠᠨ ᠤ ᠲᠠᠷᠠᠭ᠎ᠠ ᠲᠡᠷᠡ ᠲᠠᠬᠢᠵᠦ᠄ ︽ᠡᠨᠡ ᠭᠠᠵᠠᠷ ᠲᠤᠩ ᠠᠶᠤᠮᠰᠢᠭᠳᠠᠢ ᠵᠢᠪᠡᠬᠦᠨ ᠬᠠᠷᠠᠭᠳᠠᠵᠦ ᠪᠤᠯᠬᠤ ᠪᠠᠨ ᠪᠤᠯᠢᠴᠢᠬᠠᠯ᠎ᠠ᠂ ᠴᠠᠭᠳᠠᠭ᠎ᠠ ᠪᠤᠯᠤᠨ ᠮᠠᠭᠤ ᠨᠤᠬᠠᠳ ᠪᠦᠷ ᠴᠢᠮᠠᠢᠢ ᠡᠷᠢᠵᠦ ᠶᠠᠷᠰᠢᠭᠯᠠᠨ᠎ᠠ︾ ᠭᠡᠵᠦ ᠨᠦᠬᠦᠪᠦᠷᠢᠯᠡᠨ ᠭᠡᠯᠡᠪᠡ᠃ ᠲᠡᠬᠦᠨ ᠤ ᠠᠮᠢᠳᠤᠷᠠᠯ ᠡᠮᠬᠢ ᠴᠡᠭᠴᠡᠳᠠᠢ ᠪᠤᠯᠪᠠᠴᠦ ᠲᠤᠭᠳᠠᠪᠤᠷᠢ ᠦᠭᠡᠢ ᠪᠠᠶᠢᠳᠠᠭ᠃ ᠨᠠᠭᠠᠰᠢ ᠴᠠᠭᠠᠰᠢ ᠶᠠᠪᠤᠬᠤ ᠵᠤᠴᠢᠳ ᠲᠠᠢ ᠠᠭᠤᠯᠵᠠᠬᠤ ᠠᠴᠠ ᠭᠠᠳᠠᠨ᠎ᠠ ᠦᠳᠡ ᠶᠢᠨ ᠡᠮᠦᠨ᠎ᠡ ᠪᠤᠯ ᠦᠷᠬᠦᠯᠵᠢ ᠭᠡᠷ ᠎ ᠲᠡᠭᠡᠨ ᠪᠠᠶᠢᠵᠦ᠂ ᠨᠠᠳᠠ ᠳᠤ ᠰᠤᠶᠤᠯ ᠤᠨ ᠬᠢᠴᠢᠶᠡᠯ ᠨᠦᠬᠦᠪᠤᠷᠢᠯᠡᠵᠦ ᠦᠭᠳᠡᠭ᠃ ᠦᠳᠡ ᠶᠢᠨ ᠬᠤᠶᠢᠨ᠎ᠠ ᠭᠠᠳᠠᠭᠰᠢ ᠭᠠᠷᠳᠠᠭ᠃ ᠬᠢᠴᠢᠶᠡᠯ ᠤᠷᠤᠬᠤ ᠪᠠᠷ ᠶᠠᠪᠤᠯ᠎ᠠ ᠭᠡᠵᠦ ᠭᠡᠯᠡᠬᠦ ᠶᠤᠮ᠂ ᠴᠤᠬᠤᠮ ᠶᠠᠭᠤ ᠬᠢᠳᠡᠭ ᠢ ᠨᠢ ᠪᠢ ᠨᠢᠭᠤᠷᠳᠠᠵᠦ ᠦᠵᠡᠭᠡ ᠦᠭᠡᠢ᠃ ᠲᠡᠷᠡ ᠵᠠᠷᠢᠮ ᠳᠠᠭᠠᠨ ᠮᠠᠰᠢᠨ ᠲᠡᠷᠭᠡ ᠵᠢᠯᠤᠭᠤᠳᠬᠤ ᠶᠢ ᠰᠤᠷᠴᠦ ᠪᠠᠶᠢᠳᠠᠭ᠃ ᠨᠢᠭᠡ ᠤᠳᠠᠭ᠎ᠠ ᠲᠡᠷᠡ ᠬᠠᠷᠢᠵᠦ ᠢᠷᠡᠭᠡᠳ ᠨᠠᠳᠠ ᠳᠤ᠄ ︽ᠦᠨᠦᠳᠦᠷ ᠪᠢ ᠪᠠᠰᠠ ᠮᠠᠰᠢᠨ ᠲᠡᠷᠭᠡ ᠵᠢᠯᠤᠭᠤᠳᠬᠤ ᠶᠢ ᠰᠤᠷᠬᠤ ᠪᠠᠷ ᠤᠴᠢᠪᠠ᠃ ᠲᠤᠰᠤᠨ ᠨᠡᠭᠡᠭᠡᠯᠳᠡ ᠶᠢ ᠨᠡᠭᠡᠭᠡᠵᠦ ᠴᠢᠳᠠᠭᠠᠳ ᠬᠠᠭᠠᠭᠠᠵᠦ ᠴᠢᠳᠠᠭᠰᠠᠨ ᠦᠭᠡᠢ᠂ ᠭᠡᠷᠡᠮ ᠳᠤ ᠲᠤᠯᠴᠢᠬᠠᠭᠠᠳ ᠦ ᠦ ᠭᠡᠵᠦ ᠵᠤᠭᠰᠤᠯ ᠦᠭᠡᠢ ᠲᠤᠤᠭᠠᠷᠴᠦ ᠡᠰᠡᠯ᠎ᠡ ᠭᠡᠷᠡᠮ ᠢ ᠮᠦᠷᠬᠦᠵᠦ ᠨᠤᠷᠠᠭᠠᠬᠤ ᠰᠢᠬᠠᠯ᠎ᠠ︾ ᠭᠡᠵᠦ ᠢᠨᠢᠶᠡᠮᠰᠦᠭᠯᠡᠨ ᠶᠠᠷᠢᠵᠦ ᠪᠠᠶᠢᠯ᠎ᠠ᠃ ᠦᠳᠡᠰᠢ ᠳᠡᠭᠡᠨ ᠪᠤᠯ ᠨᠤᠮ ᠦᠵᠡᠵᠦ ᠶᠠᠭᠤᠮ᠎ᠠ ᠪᠢᠴᠢᠨ᠂ ᠵᠠᠬᠢᠳᠠᠯ ᠴᠢᠮᠡᠭᠡ ᠬᠢᠨᠠᠨ ᠤᠩᠰᠢᠳᠠᠭ᠃ ᠨᠢᠭᠡ ᠤᠳᠠᠭ᠎ᠠ ᠰᠦᠨᠢ ᠶᠢᠨ ᠬᠦᠨ ᠪᠤᠯᠬᠤ ᠳᠤ ᠲᠡᠷᠡ ᠪᠠᠷᠤᠭ ᠨᠠᠳᠠ ᠶᠢ ᠤᠨᠳᠠᠭᠰᠠᠨ ᠭᠡᠵᠦ ᠪᠤᠳᠤᠭᠠᠳ᠂ ᠦᠵᠡᠵᠦ ᠪᠠᠷᠠᠭᠰᠠᠨ ᠵᠠᠬᠢᠳᠠᠯ ᠤᠨ ᠬᠠᠭᠤᠳᠠᠰᠤᠨ᠎ᠠ ᠪᠠᠭ᠎ᠠ ᠡᠮ ᠲᠤᠰᠤᠭᠠᠭᠠᠳ ᠰᠢᠨᠡᠭᠡᠨ ᠢᠯᠡᠷᠡᠭᠰᠡᠨ ᠮᠦᠷ ᠮᠦᠷ ᠦᠰᠦᠭ ᠢ ᠰᠡᠳᠬᠢᠯ ᠲᠠᠯᠪᠢᠨ ᠦᠵᠡᠵᠦ ᠪᠠᠶᠢᠬᠤ ᠶᠢ ᠪᠢ ᠤᠯᠤᠭᠠᠳ ᠦᠵᠡᠪᠡ᠃ ︽ᠡᠨᠡ ᠴᠢᠨᠢ ᠶᠠᠭᠠᠬᠢᠭᠰᠠᠨ ᠪᠤᠢ︖︾ ᠭᠡᠵᠦ ᠪᠢ ᠲᠡᠬᠦᠨ ᠠᠴᠠ ᠠᠰᠠᠭᠤᠪᠠᠯ ᠲᠡᠷᠡ ᠵᠢᠭᠠᠬᠠᠨ ᠪᠤᠳᠤᠯᠬᠢᠯᠠᠭᠰᠠᠨ ᠢᠶᠠᠨ᠄ ︽ᠡᠨᠡ ᠪᠤᠯ ᠮᠠᠨ ᠤ ᠰᠤᠷᠤᠭᠰᠠᠨ ᠬᠢᠮᠢ ᠶᠢᠨ ᠬᠢᠴᠢᠶᠡᠯ᠂ ᠡᠨᠡ ᠵᠠᠬᠢᠳᠠᠯ ᠪᠤᠯ ᠬᠠᠮᠳᠦ ᠰᠤᠷᠤᠭᠴᠢ ᠶᠢᠨ ᠵᠠᠬᠢᠳᠠᠯ᠂ ᠨᠠᠳᠠ ᠶᠢ ᠰᠢᠯᠭᠠᠵᠦ ᠦᠵᠡᠵᠦ ᠪᠠᠶᠢᠨ᠎ᠠ᠂ ᠪᠢ ᠪᠠᠰᠠ ᠠᠳᠠᠯᠢ ᠠᠷᠭ᠎ᠠ ᠪᠠᠷ ᠲᠡᠬᠦᠨ ᠳᠤ ᠵᠠᠬᠢᠳᠠᠯ ᠪᠢᠴᠢᠵᠦ ᠪᠠᠶᠢᠨ᠎ᠠ︾ ᠭᠡᠵᠦ ᠭᠡᠯᠡᠭᠡᠳ ᠦᠨᠡᠭᠡᠷ ᠪᠢᠴᠢᠯ᠎ᠡ᠃ ᠭᠡᠳᠦᠶᠢᠪᠡᠷ ᠲᠡᠶᠢᠮᠦ ᠪᠤᠯᠪᠠᠴᠦ ᠲᠡᠬᠦᠨ ᠳᠤ ᠶᠠᠭᠠᠷᠠᠵᠦ ᠪᠠᠴᠢᠮᠳᠠᠭᠰᠠᠨ ᠪᠠᠶᠢᠳᠠᠯ ᠪᠠᠶᠢᠬᠤ ᠶᠢ ᠪᠢ ᠦᠵᠡᠵᠦ ᠭᠠᠷᠤᠯ᠎ᠠ᠃ ᠲᠡᠬᠦᠨ ᠤ ᠤᠬᠠᠭᠠᠨ ᠰᠠᠨᠠᠭ᠎ᠠ ᠨᠢ ᠪᠡᠶ᠎ᠡ ᠳᠡᠭᠡᠨ ᠦᠭᠡᠢ ᠰᠢᠭ ᠯᠠ᠃ ᠡᠬᠦᠨ ᠠᠴᠠ ᠲᠡᠬᠦᠨ ᠢ ᠶᠠᠭᠠᠬᠢᠯ᠎ᠠ ᠭᠡᠳ ᠰᠤᠷᠤᠭᠴᠢ ᠪᠢᠰᠢ᠂ ᠠᠷᠠᠯᠵᠢᠶᠠᠴᠢᠨ ᠪᠠᠰᠠ ᠪᠢᠰᠢ ᠭᠡᠵᠦ ᠰᠡᠵᠢᠭ ᠲᠦᠷᠦᠵᠦ ᠲᠡᠬᠦᠨ ᠤ ᠬᠢᠵᠦ ᠪᠠᠶᠢᠭ᠎ᠠ ᠶᠠᠪᠤᠳᠠᠯ ᠳᠤ ᠰᠠᠨᠠᠭ᠎ᠠ ᠵᠤᠪᠠᠵᠦ ᠠᠶᠤᠳᠠᠭ ᠪᠢᠯᠡ᠃ ᠲᠡᠬᠦᠨ ᠤ ᠵᠠᠩ ᠴᠢᠨᠠᠷ ᠠᠭᠤᠵᠢᠮ ᠲᠠᠯᠪᠢᠭᠤ᠂ ᠬᠤᠯᠠ ᠶᠢ ᠪᠤᠳᠤᠯᠬᠢᠯᠠᠳᠠᠭ᠃ ᠲᠡᠷᠡ ᠶᠡᠷᠦ ᠨᠢ ᠲᠠᠮᠠᠬᠢ ᠲᠠᠳᠠᠳᠠᠭ ᠦᠭᠡᠢ ᠶᠤᠮ᠃ ᠪᠢ ᠤᠤᠯ ᠨᠢ ᠲᠠᠮᠠᠬᠢ ᠲᠠᠳᠠᠳᠠᠭ ᠪᠠᠶᠢᠵᠠᠢ᠂ ᠲᠡᠷᠡ ᠲᠠᠮᠠᠬᠢᠨ ᠤᠳᠤᠭ᠎ᠠ ᠶᠢ ᠦᠵᠡᠮᠡᠭᠴᠡ ᠬᠡᠵᠢᠶᠡᠳᠡ ᠭᠠᠷ ᠢᠶᠠᠨ ᠰᠠᠵᠢᠯᠠᠵᠦ ᠵᠠᠶᠢᠯᠠᠭᠤᠯᠳᠠᠭ ᠪᠤᠯᠬᠤᠷ ᠬᠤᠵᠢᠮ ᠨᠢ ᠪᠢ ᠲᠠᠮᠠᠬᠢ ᠲᠠᠳᠠᠬᠤ ᠪᠠᠨ ᠵᠤᠭᠰᠤᠭᠰᠠᠨ ᠶᠤᠮ᠃               ᠲᠡᠷᠡ ᠬᠦᠭᠵᠢᠮ ᠳᠤ ᠪᠠᠭ᠋ᠠᠳᠠᠢ᠃ ᠮᠠᠨ ᠤ ᠳᠤ ᠨᠢᠭᠡ ᠷᠠᠳᠢᠤ᠋ ᠮᠠᠰᠢᠨ ᠪᠠᠶᠢᠳᠠᠭ᠃ ᠲᠡᠬᠦᠨ ᠤ ᠦᠷᠬᠦᠯᠵᠢ ᠰᠤᠨᠤᠰᠬᠤ ᠲᠤᠷᠠᠳᠠᠢ ᠬᠦᠭᠵᠢᠮ ᠨᠢ ︽ᠲᠠᠷᠳᠠᠩ ᠵᠠᠮ ︵大路歌︶︾᠂ ︽ᠬᠤᠰᠢᠭᠤᠴᠢ ᠶᠢᠨ ᠲᠠᠭᠤᠯᠠᠯ ︵先锋歌︶︾᠂ ︽ᠡᠦ ᠭᠤᠸᠠᠩ ᠠᠶ᠎ᠠ ︵误光曲︶︾᠂ ︽ᠰᠢᠩ ᠰᠢᠩ ᠠᠶ᠎ᠠ ︵星星 曲︶︾ ᠵᠡᠷᠭᠡ ᠪᠤᠯᠤᠨ᠎ᠠ᠃ ᠤᠷᠤᠢ ᠶᠢᠨ ᠬᠤᠭᠤᠯᠠᠨ ᠤ ᠲᠠᠷᠠᠭ᠎ᠠ ᠳ᠋ᠧᠩ ᠠᠰᠠᠭᠠᠬᠤ ᠠᠴᠠ ᠡᠮᠦᠨ᠎ᠡ ᠮᠠᠨᠤᠰ ᠬᠠᠮᠳᠦ ᠰᠠᠭᠤᠵᠦ ᠰᠤᠨᠤᠰᠳᠠᠭ᠃ ᠲᠡᠷᠡ ᠰᠤᠨᠤᠰᠬᠤ ᠶᠢᠨ ᠲᠠᠭᠠᠤ ᠨᠠᠳᠠ ᠳᠤ ᠶᠠᠷᠢᠵᠦ ᠦᠭᠳᠡᠭ ᠰᠠᠨ᠃ ᠵᠠᠷᠢᠮ ᠳᠠᠭᠠᠨ ᠲᠡᠷᠡ ᠨᠢᠳᠦ ᠪᠠᠨ ᠠᠨᠢᠵᠦ ᠨᠠᠮ ᠰᠠᠭᠤᠵᠦ ᠰᠤᠨᠤᠰᠳᠠᠭ᠂ ᠬᠠᠶᠠ ᠳᠠᠭᠠᠨ ᠪᠠᠰᠠ ᠨᠢᠭᠡ ᠪᠦᠯᠦᠭ ᠵᠠᠯᠠᠭᠤ ᠰᠤᠷᠤᠭᠴᠢᠳ ᠢ ᠲᠠᠭᠠᠭᠤᠯᠤᠨ ᠠᠪᠴᠢᠷᠠᠵᠦ ᠬᠠᠮᠳᠦ ᠰᠤᠨᠤᠰᠳᠠᠭ᠃ ᠤᠯᠠᠨ ᠢᠶᠠᠷ ᠢᠶᠠᠨ ᠰᠤᠨᠤᠰᠬᠤ ᠶᠢᠨ ᠵᠡᠷᠭᠡ ᠪᠠᠷ ᠬᠠᠮᠳᠦ ᠳᠠᠭᠠᠨ ᠲᠠᠭᠤᠯᠠᠴᠢᠬᠠᠳᠠᠭ᠃ ᠵᠠᠷᠢᠮ ᠨᠢ ᠰᠡᠳᠬᠢᠯᠭᠡ ᠪᠠᠨ ᠲᠠᠷᠤᠵᠦ ᠶᠠᠳᠠᠨ ᠪᠦᠵᠢᠭᠯᠡᠵᠦ᠂ ᠶᠠᠭ ᠯᠠ ᠵᠢᠵᠢᠭ ᠨᠠᠭᠠᠳᠤᠮ ᠤᠨ ᠭᠠᠵᠠᠷ ᠰᠢᠭ᠋ ᠬᠦᠭᠵᠢᠶᠡᠨ ᠨᠠᠷᠬᠢᠶᠠᠨ ᠢᠶᠠᠷ ᠪᠢᠯᠬᠠᠳᠠᠭ᠃ ᠭᠡᠪᠡᠴᠦ ᠡᠶᠢᠮᠦ ᠨᠠᠷᠬᠢᠶᠠᠨ ᠬᠦᠷ ᠨᠢ ᠦᠷᠬᠦᠯᠵᠢ ᠶᠢᠨ ᠶᠠᠪᠤᠳᠠᠯ ᠪᠢᠰᠢ ᠶᠤᠮ᠃ ᠬᠤᠸᠠ ᡁᠢ ᠠᠨ ᠭᠡᠷ ᠲᠡᠭᠡᠨ ᠪᠠᠶᠢᠬᠤ ᠦᠭᠡᠢ ᠦᠶᠡᠰ ᠨᠠᠳᠠ ᠶᠢ ᠦᠷᠬᠦᠯᠵᠢ ᠢᠷᠡᠵᠦ ᠬᠠᠷᠠᠭᠠᠯᠵᠠᠳᠠᠭ ᠨᠢ ᠪᠢᠯᠢᠭᠳᠦ ︵ᠪᠢᠯᠢᠭᠪᠡᠭᠠᠳᠤᠷ︶ ᠪᠤᠯᠤᠨ ᠵᠠᠶᠠᠭᠠᠳᠠᠢ ᠨᠦᠬᠦᠷ ᠪᠤᠯᠤᠨ᠎ᠠ᠃ 1935 ᠤᠨ ᠤ 10 ᠰᠠᠷ᠎ᠠ ᠳᠤ ᠪᠢ ᠶᠡᠭᠡ ᠭᠡᠦᠭᠡᠨ ᠢᠶᠠᠨ ᠬᠦᠩᠭᠡᠵᠢᠬᠦ ᠦᠶᠡᠰ ᠬᠤᠸᠠ ᡁᠢ ᠠᠨ ᠭᠡᠷ ᠲᠡᠭᠡᠨ ᠪᠠᠶᠢᠭᠰᠠᠨ ᠦᠭᠡᠢ ᠲᠤᠯᠠ ᠪᠢᠯᠢᠭᠳᠦ ᠶᠢᠨ ᠡᠮᠡᠭᠳᠡᠢ ᠨᠢ ᠶᠡᠭᠡᠭᠡᠨ ᠲᠤᠰᠠ ᠪᠤᠯᠤᠭᠰᠠᠨ ᠶᠤᠮ᠃ ᠵᠠᠷᠢᠮ ᠳᠠᠭᠠᠨ ᠪᠢ ᠡᠪᠡᠳᠴᠢᠯᠡᠭᠡᠳ ᠡᠮᠡᠨᠡᠯᠭᠡ ᠳᠤ ᠤᠷᠤᠪᠠᠯ ᠭᠡᠦᠭᠡᠳ ᠢᠶᠠᠨ ᠪᠢᠯᠢᠭᠳᠦ ᠶᠢᠨ ᠳᠤ ᠬᠤᠴᠤᠷᠭᠠᠳᠠᠭ ᠶᠤᠮ᠃                                                                              ᠲᠦᠷᠪᠡ                       1937 ᠤᠨ ᠤ ︽7 · 1︾᠎ ᠤ ᠭᠡᠷᠡᠭ ᠬᠤᠪᠢᠰᠤᠯ ᠤᠨ ᠡᠮᠦᠨᠡᠭᠡᠨ᠂ ᠴᠠᠭ ᠤᠨ ᠪᠠᠶᠢᠳᠠᠯ ᠬᠦᠨᠳᠦ ᠨᠤᠴᠢᠳᠠᠢ ᠪᠠᠶᠢᠪᠠ᠃ ᠮᠠᠨ ᠳᠤ ᠡᠷᠦᠭᠡ ᠠᠮᠠ ᠶᠢᠨ ᠲᠠᠩᠰᠠ ᠦᠭᠡᠢ ᠲᠤᠯᠠ ᠨᠡᠶᠢᠳᠡ ᠶᠢᠨ ᠪᠠᠭᠤᠳᠠᠯ ᠳᠤ ᠰᠠᠭᠤᠵᠦ ᠴᠢᠳᠠᠬᠤ ᠦᠭᠡᠢ ᠪᠤᠯᠵᠦ ᠰᠢ ᠳ᠋ᠠᠨ ᠤ ᠨᠠᠶᠢᠷᠠᠮᠳᠠᠯ ᠵᠡᠭᠡᠯᠢ ︵西单和平街︶ ᠤᠷᠴᠢᠮ ᠤᠨ ᠠᠷᠠᠳ ᠤᠨ ᠭᠡᠷ ᠲᠤ ᠰᠠᠭᠤᠯ᠎ᠠ᠃ ᠴᠤᠤ ᠳ᠋ᠸᠦ ᠭᠤᠳᠤᠮᠵᠢ ︵抄豆胡同︶᠂ ᠫᠢ ᠺᠦ᠋ ᠭᠤᠳᠤᠮᠵᠢ ︵皮裤胡同︶᠂ ᠫᠢ ᠴᠠᠢ ᠭᠤᠳᠤᠮᠵᠢ ︵劈柴胡同︶ ᠵᠡᠷᠭᠡ ᠭᠠᠵᠠᠷ ᠪᠦᠷ ᠰᠠᠭᠤᠵᠦ ᠦᠩᠭᠡᠷᠡᠵᠡᠢ᠃ ᠠᠷᠠᠳ ᠤᠨ ᠭᠡᠷ ᠲᠤ ᠰᠠᠭᠤᠬᠤ ᠳᠠᠭᠠᠨ ᠪᠢᠳᠡ ᠰᠤᠷᠤᠭᠴᠢ ᠶᠢᠨ ᠡᠷᠦᠭᠡ ᠠᠮᠠ ᠪᠠᠷ ᠪᠦᠷᠢᠳᠭᠡᠬᠦᠯᠵᠦ ᠪᠠᠶᠢᠯ᠎ᠠ᠃ ᠴᠠᠭ ᠤᠨ ᠪᠠᠶᠢᠳᠠᠯ ᠤᠨ ᠪᠠᠴᠢᠮ ᠪᠤᠯᠤᠨ ᠲᠠᠷᠤᠯᠳᠠ ᠠᠴᠠ ᠪᠤᠯᠵᠦ ᠡᠨᠡ ᠬᠤᠭᠤᠴᠠᠭᠠᠨ ᠳᠤ ᠬᠤᠸᠠ ᡁᠢ ᠠᠨ ᠤ ᠪᠤᠳᠤᠯ ᠤᠨᠴᠠᠭᠠᠢ ᠬᠦᠨᠳᠦ ᠪᠠᠴᠢᠮ ᠪᠠᠶᠢᠯ᠎ᠠ᠃ ᠲᠤᠬᠠᠢ ᠶᠢᠨ ᠦᠶ᠎ᠡ ᠳᠤ ᠬᠤᠶᠠᠳᠤᠭᠠᠷ ᠭᠡᠦᠭᠡᠳ ᠢᠶᠠᠨ ᠵᠢᠷᠮᠦᠰᠦᠯᠡᠭᠡᠳ ᠨᠢᠭᠡᠨᠳᠡ ᠭᠤᠷᠪᠠᠨ ᠰᠠᠷ᠎ᠠ ᠪᠤᠯᠤᠭᠰᠠᠨ ᠪᠠᠶᠢᠵᠠᠢ᠃ ᠲᠡᠷᠡ᠂ ᠡᠳᠦᠷ ᠲᠡᠭᠡᠨ ᠪᠠᠷᠤᠭᠳᠠᠢ ᠳᠤ ᠭᠡᠷ ᠲᠡᠭᠡᠨ ᠪᠠᠶᠢᠳᠠᠭ ᠦᠭᠡᠢ᠂ ᠤᠷᠤᠢ ᠳᠠᠭᠠᠨ ᠴᠤ 10 ᠴᠠᠭ ᠤᠨ ᠦᠶᠡᠰ ᠢᠶᠠᠷ ᠰᠠᠶ᠋ᠢ ᠬᠠᠷᠢᠵᠦ ᠢᠷᠡᠳᠡᠭ᠃               ᠨᠢᠭᠡ ᠡᠳᠦᠷ ᠲᠡᠷᠡ ᠭᠠᠳᠠᠭᠰᠢ ᠭᠠᠷᠤᠭᠰᠠᠨ ᠦᠭᠡᠢ᠂ ᠦᠷᠯᠦᠭᠡ ᠶᠢᠨ ᠬᠤᠭᠤᠯᠠᠨ ᠤ ᠲᠠᠷᠠᠭ᠎ᠠ᠄ ︽ᠡᠨᠡ ᠡᠳᠦᠷ ᠪᠢᠳᠡ ᠶᠠᠭᠤ ᠴᠤ ᠬᠢᠬᠦ ᠭᠡᠷᠡᠭ ᠦᠭᠡᠢ᠂ ᠭᠡᠰᠢᠭᠡ ︵ᠶᠡᠭᠡ ᠭᠡᠦᠭᠡᠨ︶᠎ ᠪᠠᠨ ᠲᠠᠭᠠᠭᠤᠯᠵᠦ ᠴᠡᠴᠡᠷᠯᠢᠭ ᠲᠤ ᠨᠢᠭᠡ ᠡᠳᠦᠷ ᠨᠠᠭᠠᠳᠬᠤ ᠪᠠᠷ ᠤᠴᠢᠶ᠎ᠠ︾ ᠭᠡᠳ ᠲᠡᠬᠦᠨ ᠤ ᠦᠷᠬᠦᠯᠵᠢ ᠡᠮᠦᠰᠳᠡᠭ ᠦᠭᠡᠢ ︵ᠪᠢᠳᠡ ᠬᠤᠷᠢᠮᠯᠠᠬᠤ ᠦᠶ᠎ᠡ ᠳᠤ ᠡᠮᠦᠰᠦᠭᠰᠡᠨ ᠶᠤᠰᠤᠯᠠᠯ ᠤᠨ ᠬᠤᠪᠴᠠᠰᠦ︶ ᠨᠢᠭᠡᠨ ᠬᠦᠶᠦᠭᠡᠨ ᠬᠤᠶᠢᠱᠠ ᠦᠩᠭᠡ ᠲᠠᠢ ᠤᠷᠳᠦ ᠬᠤᠪᠴᠠᠰᠦ ᠪᠠᠨ ᠡᠮᠦᠰᠴᠦ ᠨᠢᠭᠡᠨ ᠵᠡᠷᠭᠡ ᠵᠠᠰᠠᠭᠠᠳ ᠪᠢᠳᠡ ᠲᠢᠶᠠᠨ ᠲᠠᠨ ︵天坛︶ ᠴᠡᠴᠡᠷᠯᠢᠭ ᠲᠤ ᠬᠦᠷᠪᠡ᠃ 6 ᠰᠠᠷ᠎ᠠ ᠶᠢᠨ ᠠᠭᠤᠷ ᠠᠮᠢᠰᠬᠤᠯ ᠪᠦᠭᠴᠢᠮ᠎ᠡ ᠬᠠᠯᠠᠭᠤᠨ ᠲᠤᠯᠠ ᠪᠢᠳᠡ ᠭᠡᠦᠭᠡᠳ ᠢᠶᠠᠨ ᠲᠠᠭᠠᠭᠤᠯᠵᠦ ᠬᠦᠨ ᠰᠢᠭᠤᠢ ᠲᠤᠳᠤᠭᠤᠷ ᠵᠤᠭᠠᠴᠠᠨ ᠲᠤᠭᠤᠷᠢᠪᠠ᠃ ᠶᠢᠨ᠂ ᠪᠢᠳᠡ ᠬᠤᠷᠢᠮᠯᠠᠭᠠᠳ ᠭᠤᠷᠪᠠᠨ ᠵᠢᠯ ᠢᠯᠡᠬᠦᠦ ᠪᠤᠯᠤᠭᠰᠠᠨ ᠪᠤᠯᠪᠠᠴᠦ ᠪᠢ ᠭᠡᠷ ᠢᠶᠠᠨ ᠬᠠᠷᠠᠭᠠᠯᠵᠠᠭᠰᠠᠨ ᠢᠶᠠᠷ ᠲᠤᠩ ᠬᠦᠷᠦᠯᠴᠡᠬᠦ ᠦᠭᠡᠢ᠂ ᠴᠢᠮ᠎ᠡ ᠪᠠᠨ ᠪᠠᠭ᠎ᠠ ᠪᠤᠰᠦ ᠬᠦᠴᠢᠷ ᠠᠮᠰᠠᠭᠤᠯᠤᠯ᠎ᠠ᠂ ᠭᠡᠪᠡᠴᠦ ᠮᠠᠨ ᠤ ᠲᠤᠮᠳᠠᠳᠦ ᠶᠢᠨ ᠠᠷᠠᠳ ᠲᠦᠮᠡᠨ ᠤᠨᠴᠠᠭᠠᠶᠢᠯᠠᠨ ᠮᠠᠨ ᠤ ᠮᠤᠩᠭᠤᠯ ᠦᠨᠳᠦᠰᠦᠳᠡᠨ ᠢᠶᠠᠨ ᠨᠡᠩ ᠰᠠᠶᠢᠨ ᠰᠠᠶᠢᠬᠠᠨ ᠠᠮᠢᠳᠤᠷᠠᠭᠤᠯᠬᠤ ᠶᠢᠨ ᠲᠦᠯᠦᠭᠡ ᠪᠢ ᠪᠠᠰᠠ ᠤᠳᠠᠯ ᠦᠭᠡᠢ ᠴᠢᠮ᠎ᠠ ᠪᠠᠨ ᠤᠷᠬᠢᠭᠠᠳ ᠶᠠᠪᠤᠨ᠎ᠠ᠂ ᠲᠡᠷᠡ ᠮᠦᠷᠳᠡᠭᠡᠨ ᠡᠨᠡ ᠤᠳᠠᠭ᠎ᠠ ᠨᠡᠩ ᠴᠤ ᠬᠤᠯᠠ ᠶᠠᠪᠤᠵᠦ ᠤᠷᠳᠦ ᠬᠤᠭᠤᠴᠠᠭ᠎ᠠ ᠭᠡᠷᠡᠭᠰᠡᠨ᠎ᠡ᠂ ᠴᠢ ᠮᠢᠨᠢ ᠭᠡᠷ ᠎ ᠲᠡᠭᠡᠨ ᠢᠯᠡᠬᠦᠦ ᠬᠦᠴᠢᠷ ᠠᠮᠰᠠᠬᠤ ᠪᠤᠯᠤᠨ᠎ᠠ︾ ᠭᠡᠵᠦ ᠭᠡᠯᠡᠬᠦ ᠶᠢᠨ ᠲᠠᠭᠠᠤ ᠶᠠᠪᠤᠵᠦ ᠯᠠ ᠪᠠᠶᠢᠯ᠎ᠠ᠃ ᠲᠡᠷᠡ ᠡᠩ ᠤᠨ ᠦᠶ᠎ᠡ ᠳᠤ ᠨᠠᠳᠠ ᠳᠤ ᠶᠡᠷᠦ ᠨᠢ ᠡᠶᠢᠮᠦ ᠦᠭᠡ ᠭᠡᠯᠡᠳᠡᠭ ᠦᠭᠡᠢ ᠪᠤᠯᠬᠤᠷ ᠪᠢ ᠰᠤᠨᠤᠰᠤᠭᠠᠳ ᠮᠠᠰᠢᠳᠠ ᠭᠠᠶᠢᠬᠠᠪᠠ᠃ ᠲᠡᠷᠡ ᠵᠠᠯᠭᠠᠭᠠᠳ ᠭᠡᠯᠡᠭᠰᠡᠨ ᠨᠢ᠄ ︽ᠮᠠᠨ ᠤ ᠤᠯᠤᠰ ᠤᠳᠦ ᠨᠢᠭᠡᠨᠳᠡ ᠮᠦᠬᠦᠵᠦ ᠰᠡᠭᠡᠬᠦ ᠶᠢᠨ ᠦᠶ᠎ᠡ ᠳᠤ ᠲᠤᠯᠵᠦ᠂ ᠶᠠᠫᠤᠨ ᠲᠡᠭᠡᠷᠡᠮᠴᠢᠳ ᠵᠡᠬᠦᠨ ᠬᠤᠶᠢᠳᠦ ᠤᠷᠤᠨ ᠢ ᠡᠵᠡᠯᠡᠵᠦ᠂ ᠤᠮᠠᠷᠠᠳᠦ ᠤᠷᠤᠨ ᠵᠦᠭ ᠰᠢᠬᠠᠵᠦ ᠪᠠᠶᠢᠨ᠎ᠠ᠃ ᠪᠦᠬᠦ ᠤᠯᠤᠰ ᠦᠵᠡᠵᠦ ᠪᠠᠶᠢᠳᠠᠯ᠎ᠠ ᠬᠠᠷᠢ ᠶᠢᠨ ᠲᠦᠷᠢᠮᠡᠭᠡᠶᠢᠯᠡᠯ ᠲᠤᠤᠷ᠎ᠠ ᠲᠠᠯᠬᠢᠭᠳᠠᠬᠤ ᠪᠤᠯᠤᠯ᠎ᠠ᠂ ᠡᠬᠦᠨ ᠢ ᠪᠠᠭ᠎ᠠ ᠭᠡᠦᠭᠡᠳ ᠬᠦᠷᠳᠡᠯ᠎ᠡ ᠲᠤᠳᠤᠷᠬᠠᠢ ᠦᠵᠡᠵᠦ ᠭᠠᠷᠴᠠᠢ᠃ ᠭᠡᠪᠡᠴᠦ ᠭᠤᠮᠢᠨᠳᠠᠩ ᠤᠨ ᠲᠡᠷᠰᠯᠡᠬᠦᠴᠦᠳ ᠤᠯᠤᠰ ᠢᠶᠠᠨ ᠬᠤᠳᠠᠯᠳᠤᠨ ᠦᠨᠳᠦᠰᠦᠳᠡᠨ ᠢᠶᠠᠨ ᠮᠦᠬᠦᠭᠡᠵᠦ᠂ ᠦᠪᠡᠷ ᠤᠨ ᠨᠤᠶᠠᠷᠬᠠᠯ ᠢᠶᠠᠨ ᠬᠠᠮᠠᠭᠠᠯᠠᠬᠤ ᠶᠢᠨ ᠲᠦᠯᠦᠭᠡ ᠶᠠᠫᠤᠨ ᠢ ᠡᠰᠡᠷᠬᠦᠴᠡᠬᠦ ᠳᠤ ᠨᠠᠵᠠᠭᠠᠶᠢᠷᠠᠵᠦ᠂ ᠲᠡᠳᠡᠨ ᠤ ︿ᠭᠠᠳᠠᠨᠠᠬᠢ ᠳᠤ ᠨᠠᠶᠢᠷ ᠲᠠᠯᠪᠢᠨ ᠲᠤᠳᠤᠭᠠᠳᠦ ᠶᠢ ᠲᠦᠪᠰᠢᠳᠭᠡᠬᠦ﹀ ᠲᠡᠷᠰᠯᠡᠬᠦᠦ ᠵᠠᠰᠠᠭ ᠠᠴᠠ ᠫᠤᠤ ᠶᠢᠨ ᠠᠮᠠ ᠪᠠᠨ ᠡᠪ ᠬᠠᠮᠳᠦ ᠨᠠᠮ ᠪᠤᠯᠤᠨ ᠤᠯᠤᠰ ᠢᠶᠠᠨ ᠬᠠᠶᠢᠷᠠᠯᠠᠭᠴᠢ ᠠᠬ᠎ᠠ ᠲᠡᠬᠦᠦ ᠨᠠᠷ ᠲᠤ ᠬᠠᠨᠳᠤᠭᠤᠯᠵᠦ ᠪᠠᠶᠢᠨ᠎ᠠ᠃ ᠮᠠᠨ ᠤ ᠡᠳᠡᠭᠡᠷ ᠬᠠᠯᠠᠭᠤᠨ ᠴᠢᠰᠦ ᠲᠠᠢ ᠬᠠᠳᠠᠨ ᠵᠤᠷᠢᠭ ᠲᠠᠢ ᠵᠠᠯᠠᠭᠤᠴᠤᠳ ᠬᠠᠷᠠᠵᠦ ᠪᠠᠶᠢᠭᠠᠳ ᠬᠠᠮᠢᠶᠠᠷᠬᠤ ᠦᠭᠡᠢ ᠪᠤᠯᠤᠨ᠎ᠠ ᠤᠤ︖︾ ᠭᠡᠪᠡ᠃ ᠠᠶᠠᠨᠳᠠᠭᠠᠨ ᠪᠤᠯᠬᠤ ᠶᠠᠪᠤᠳᠠᠯ ᠨᠢ ᠡᠴᠦᠰ ᠎ ᠲᠡᠭᠡᠨ ᠪᠤᠯᠴᠢᠬᠠᠯ᠎ᠠ᠃ ᠠᠩᠬᠠᠨ ᠳᠠᠭᠠᠨ ᠪᠢᠳᠡ ᠲᠡᠬᠦᠨ ᠤ ᠲᠤᠬᠠᠢ ᠲᠤᠩ ᠰᠡᠵᠢᠭ ᠲᠦᠷᠦᠵᠦ ᠪᠠᠶᠢᠭᠰᠠᠨ ᠮᠢᠨᠢ ᠡᠳᠦᠭᠡ ᠪᠦᠷᠢᠮᠦᠰᠦᠨ ᠪᠤᠳᠠᠳᠦ ᠶᠠᠪᠤᠳᠠᠯ ᠪᠤᠯᠪᠠ᠃ ᠲᠡᠷᠡ ᠶᠠᠷᠢᠬᠤ ᠲᠤᠮᠳᠠ ᠮᠠᠰᠢ ᠤᠯᠠᠨ ᠡᠪ ᠬᠠᠮᠳᠦ ᠨᠠᠮ ᠤᠨ ᠭᠡᠰᠢᠬᠦᠨ ᠪᠤᠯᠤᠨ ᠡᠭᠡ ᠤᠷᠤᠨᠴᠢ ᠬᠦᠮᠦᠰ ᠡᠷᠡᠬᠦᠦ ᠲᠠᠮᠦᠯᠠᠯ ᠠᠮᠰᠠᠵᠦ ᠴᠠᠭᠠᠵᠠ ᠶᠢᠨ ᠭᠠᠵᠠᠷ ᠦᠷᠡᠭᠳᠡᠵᠦ ᠪᠠᠶᠢᠨ᠎ᠠ︔ ︽12 · 9︾᠎ ᠤ ᠬᠦᠳᠡᠯᠭᠡᠭᠡᠨ ᠳᠤ ᠦᠢ ᠤᠯᠠᠨ ᠰᠤᠷᠤᠭᠴᠢ ᠴᠤᠬᠢᠭᠳᠠᠨ ᠰᠢᠷᠠᠭᠳᠤᠵᠦ ᠴᠢᠨᠠᠭᠰᠢᠯᠠᠨ ᠬᠠᠯᠠᠭᠤᠨ ᠴᠢᠰᠦ ᠪᠠᠨ ᠤᠷᠤᠰᠬᠠᠨ ᠠᠯᠳᠠᠨ ᠠᠮᠢ ᠪᠠᠨ ᠦᠷᠡᠭᠳᠡᠬᠦᠯᠦᠭᠰᠡᠨ ᠭᠡᠬᠦ ᠮᠡᠳᠦ ᠪᠠᠷ ᠲᠤᠷᠠᠳᠬᠠᠨ ᠶᠠᠷᠢᠵᠦ ᠪᠠᠶᠢᠯ᠎ᠠ᠃ ᠬᠤᠸᠠ ᡁᠢ ᠠᠨ ᠤ ᠡᠷᠳᠡ ᠶᠠᠪᠤᠵᠦ ᠤᠷᠤᠢ ᠪᠤᠴᠠᠨ᠂ ᠤᠯᠠᠨ ᠲᠠᠯ᠎ᠠ ᠶᠢᠨ ᠬᠦᠮᠦᠰ ᠲᠠᠢ ᠶᠠᠪᠤᠯᠴᠠᠵᠦ᠂ ᠨᠢᠭᠤᠴᠠ᠂ ᠰᠡᠷᠡᠮᠵᠢᠳᠠᠢ᠂ ᠪᠠᠴᠢᠮ ᠶᠠᠭᠠᠷᠠᠤ ᠬᠦᠳᠡᠯᠦᠯ ᠲᠦᠷᠬᠦ ᠨᠢ ᠭᠡᠨᠡᠳᠳᠡ ᠨᠢᠳᠦᠨ ᠡᠮᠦᠨ᠎ᠡ ᠬᠠᠷᠠᠭᠳᠠᠬᠤ ᠰᠢᠭ᠋ ᠪᠤᠯᠵᠦ ᠪᠢ ᠦᠪᠡᠷ ᠤᠨ ᠡᠷᠭᠡ ᠦᠭᠡᠢ ᠠᠶᠢᠳᠠᠰ ᠬᠦᠷᠴᠦ᠂ ᠤᠯᠠᠨ ᠵᠦᠢᠯ ᠢ ᠪᠤᠳᠤᠭᠳᠠᠭᠤᠯᠵᠠᠢ᠃ ᠲᠡᠷᠡ ᠶᠠᠷᠢᠭᠰᠠᠭᠠᠷ ᠪᠠᠶᠢᠵᠦ ᠦᠪᠡᠷ ᠤᠨ ᠡᠷᠭᠡ ᠦᠭᠡᠢ ᠨᠠᠳᠠ ᠶᠢ ᠲᠡᠪᠡᠷᠢᠵᠦ ᠠᠪᠤᠭᠠᠳ ᠮᠢᠨᠦ ᠴᠢᠮᠡᠭᠡ ᠦᠭᠡᠢ ᠤᠬᠢᠯᠠᠭᠰᠠᠨ ᠢ ᠦᠵᠡᠭᠡᠳ ᠲᠤᠭᠤᠢ ᠪᠤᠯᠤᠭᠰᠠᠨ ᠪᠢᠯᠡ᠃ ᠪᠢᠳᠡ ᠨᠢᠭᠡᠨ ᠤᠷᠳᠦ ᠰᠠᠨᠳᠠᠯᠢ ᠲᠡᠭᠡᠷ᠎ᠡ ᠰᠠᠭᠤᠭᠠᠳ ᠪᠠᠭ᠎ᠠ ᠤᠳᠠᠭᠰᠠᠨ ᠤ ᠬᠤᠶᠢᠨ᠎ᠠ᠄ ︽ᠢᠷ᠎ᠡ᠂ ᠪᠢᠳᠡ ᠨᠢᠭᠡ ᠰᠡᠬᠦᠳᠡᠷ ᠠᠪᠤᠶ᠎ᠠ︾ ᠭᠡᠵᠦ ᠭᠡᠯᠡᠮᠡᠭᠴᠡ ᠡᠬᠦᠷᠦᠪᠴᠢ ᠪᠤᠭᠴᠤᠨ ᠠᠴᠠ ᠪᠠᠨ ᠭᠡᠷᠡᠯ ᠵᠢᠷᠤᠭ ᠤᠨ ᠮᠠᠰᠢᠨ ᠭᠠᠷᠭᠠᠨ ᠭᠡᠦᠭᠡᠳ ᠪᠢᠳᠡ ᠬᠤᠶᠠᠭᠤᠯᠠ ᠶᠢ ᠨᠢᠭᠡ ᠰᠡᠬᠦᠳᠡᠷᠯᠡᠵᠦ ᠦᠭᠪᠡ᠃ ᠪᠢ ᠰᠡᠬᠦᠳᠡᠷ ᠲᠠᠳᠠᠵᠦ ᠴᠢᠳᠠᠬᠤ ᠦᠭᠡᠢ ᠪᠦᠭᠡᠳ ᠰᠡᠳᠬᠢᠯ ᠬᠦᠳᠡᠯᠦᠭᠰᠡᠨ ᠪᠤᠯᠬᠤᠷ ᠲᠡᠷᠡ ᠨᠠᠳᠠ ᠳᠤ ᠵᠢᠭᠠᠵᠦ ᠦᠭᠬᠦᠭᠰᠡᠨ ᠴᠤ ᠪᠤᠯᠤᠭᠰᠠᠨ ᠦᠭᠡᠢ ᠬᠤᠸᠠ ᡁᠢ ᠠᠨ ᠪᠤᠯᠤᠨ ᠭᠡᠦᠭᠡᠳ ᠤᠨ ᠬᠠᠭᠠᠰ ᠪᠡᠶ᠎ᠡ ᠶᠢ ᠯᠠ ᠰᠡᠬᠦᠳᠡᠷᠯᠡᠭᠰᠡᠨ ᠪᠠᠶᠢᠵᠠᠢ᠃ ᠡᠨᠡ ᠬᠦ ᠭᠡᠷᠡᠯ ᠵᠢᠷᠤᠭ ᠎ ᠨᠢ ᠮᠠᠨ ᠤ ᠪᠦᠬᠦ ᠭᠡᠷ ᠤᠨ ᠰᠠᠯᠤᠯᠳᠠ ᠶᠢᠨ ᠬᠤᠪᠤᠷ ᠨᠠᠨᠳᠢᠨ ᠰᠡᠬᠦᠳᠡᠷ ᠪᠤᠯᠬᠤ ᠶᠢ ᠭᠡᠨ ᠮᠡᠳᠡᠯ᠎ᠡ ᠁               ᠭᠡᠳᠦᠨ ᠡᠳᠦᠷ ᠦᠩᠭᠡᠷᠡᠭᠡᠳ ᠯᠤ᠋ ᠭᠸᠦ ᠴᠢᠶᠤᠤ ᠶᠢᠨ ᠫᠤᠤ ᠶᠢᠨ ᠲᠠᠭᠤᠨ ᠢ ᠪᠢᠳᠡ ᠲᠤᠳᠤᠷᠬᠠᠢ ᠤᠯᠵᠦ ᠰᠤᠨᠤᠰᠤᠯ᠎ᠠ᠃ ᠨᠢᠭᠡᠨ ᠰᠦᠨᠢ ᠲᠦᠯᠢ ᠪᠠᠷ ᠲᠡᠷᠡ ᠶᠠᠭᠠᠷᠠᠤ ᠰᠠᠨᠳᠤᠷᠤᠤ ᠪᠠᠷ ᠭᠡᠷ ᠲᠡᠭᠡᠨ ᠢᠷᠡᠭᠡᠳ ᠪᠠᠭ᠎ᠠ ᠤᠳᠠᠰᠬᠢᠭᠰᠠᠨ ᠤ ᠲᠠᠷᠠᠭ᠎ᠠ᠄ ︽᠎ ᠶᠢᠨ᠂ ᠪᠢ ᠮᠠᠷᠭᠠᠰᠢ ᠶᠠᠪᠤᠨ᠎ᠠ᠂ ᠡᠨᠡ ᠤᠷᠤᠢ ᠬᠠᠷᠢᠵᠦ ᠢᠷᠡᠭᠡᠳ ᠭᠡᠷ ᠤᠨ ᠶᠠᠪᠤᠳᠠᠯ ᠢ ᠲᠦᠪᠬᠢᠨᠡᠬᠦᠯᠦᠶ᠎ᠡ ᠭᠡᠰᠡᠨ ᠶᠤᠮ︾ ᠭᠡᠪᠡ᠃ ᠭᠤᠤᠯᠳᠠᠭᠤ ᠲᠡᠬᠦᠨ ᠤ ᠨᠤᠮ ᠪᠢᠴᠢᠭ᠂ ᠵᠠᠬᠢᠳᠠᠯ ᠵᠡᠷᠭᠡ ᠪᠠᠨ ᠰᠢᠳᠠᠭᠠᠵᠦ ᠬᠠᠶᠠᠭᠰᠠᠨ ᠁ ᠪᠠᠶᠢᠨ᠎ᠠ᠃ ᠡᠳᠡᠭᠡᠷ ᠶᠠᠭᠤᠮ᠎ᠠ ᠶᠢ ᠦᠯᠡᠳᠡᠭᠡᠵᠦ ᠪᠤᠯᠬᠤ ᠦᠭᠡᠢ ᠡᠰᠡᠪᠡᠯ ᠴᠢᠮ᠎ᠠ ᠳᠤ ᠶᠠᠷᠰᠢᠭ ᠪᠤᠯᠤᠨ᠎ᠠ ᠭᠡᠵᠦ ᠭᠡᠯᠡᠵᠦ ᠪᠠᠶᠢᠪᠠ᠃               ᠲᠡᠷᠡ ᠰᠦᠨᠢ ᠲᠡᠷᠡ ᠲᠤᠶᠢᠯ ᠢᠶᠠᠷ ᠵᠤᠪᠠᠵᠦ ᠭᠡᠷ ᠡᠷᠦᠭᠡ ᠪᠤᠯᠤᠨ ᠭᠡᠦᠭᠡᠳ ᠠᠴᠠ ᠪᠠᠨ ᠲᠤᠩ ᠰᠠᠯᠤᠨ ᠶᠠᠳᠠᠵᠦ ᠪᠠᠶᠢᠯ᠎ᠠ᠃ ᠪᠢᠳᠡ ᠰᠦᠨᠢ ᠲᠤᠷᠰᠢ ᠤᠨᠳᠠᠭᠰᠠᠨ ᠦᠭᠡᠢ᠂ ᠲᠡᠷᠡ ᠨᠠᠳᠠ ᠶᠢ ᠲᠠᠬᠢᠨ ᠲᠠᠪᠳᠠᠨ ᠲᠤᠬᠤᠨᠢᠭᠤᠯᠵᠦ᠄ ︽ᠪᠢ ᠶᠠᠪᠤᠭᠰᠠᠨ ᠤ ᠬᠤᠶᠢᠨ᠎ᠠ ᠴᠢ ᠭᠡᠵᠢᠭᠡ ᠪᠠᠨ ᠬᠤᠶᠠᠷ ᠰᠠᠯᠠᠭᠠᠯᠠᠨ ᠬᠦᠷᠦᠵᠦ ᠲᠤᠯᠤᠭᠠᠢ ᠲᠡᠭᠡᠷ᠎ᠡ ᠪᠠᠨ ᠤᠷᠢᠶᠠᠭᠠᠳ ᠪᠤᠭᠤᠴᠢᠬ᠎ᠠ᠂ ᠶᠠᠫᠤᠨᠴᠤᠳ ᠭᠤᠮᠢᠨᠳᠠᠩ ᠤᠨ ᠲᠡᠷᠰᠯᠡᠬᠦᠴᠤᠳ ᠪᠤᠯ ᠴᠢᠨ᠋ᠸ᠎ᠠ ᠶᠢᠨ ᠵᠢᠷᠦᠭᠡᠳᠡᠨ ᠮᠠᠩᠭᠤᠰ ᠤᠨ ᠰᠠᠪᠠᠷᠳᠠᠨ ᠮᠦᠨ᠃ ᠲᠡᠳᠡ ᠪᠤᠯ ᠦᠴᠦᠭᠡᠨ ᠪᠦᠯᠦᠭᠳᠡᠨ ᠶᠤᠮ᠃ ᠲᠤᠮᠳᠠᠳᠦ ᠤᠯᠤᠰ ᠮᠦᠬᠦᠬᠦ ᠦᠭᠡᠢ᠂ ᠮᠠᠨ ᠤ ᠦᠨᠳᠦᠰᠦᠳᠡᠨ ᠴᠤ ᠪᠠᠯᠠᠷᠠᠰᠢ ᠦᠭᠡᠢ᠂ ᠴᠢᠩᠬᠢᠰ ᠤᠨ ᠬᠤᠶᠢᠴᠢ ᠦᠶ᠎ᠡ ᠶᠢᠨ ᠪᠠᠭᠠᠳᠤᠷ ᠬᠦᠪᠡᠬᠦᠳ᠂ ᠴᠡᠭᠡᠵᠢ ᠲᠡᠨᠡᠶᠢᠨ ᠪᠦᠯᠬᠦᠮᠳᠡᠨ ᠲᠡᠮᠡᠴᠡᠵᠦ ᠲᠡᠯᠡᠭᠡᠢ ᠶᠢᠷᠳᠢᠨᠴᠦ ᠳᠤ ᠵᠤᠯ ᠵᠢᠷᠭᠠᠯᠳᠦ ᠤᠷᠤᠨ ᠢ ᠪᠠᠶᠢᠭᠤᠯᠬᠤ ᠭᠡᠷᠡᠭᠳᠡᠢ︾ ᠭᠡᠪᠡ᠃  ᠲᠠᠷᠠᠭ᠎ᠠ ᠡᠳᠦᠷ ᠨᠢ ᠲᠡᠷᠡ ᠨᠡᠯᠢᠶᠡᠳ ᠵᠤᠭᠤᠰ ᠦᠯᠡᠳᠡᠭᠡᠵᠦ ᠦᠭᠬᠦᠭᠡᠳ᠄ ︽ᠡᠨᠡ ᠵᠤᠭᠤᠰ ᠢ ᠠᠷᠪᠢᠯᠠᠵᠦ ᠭᠡᠷᠡᠭᠯᠡ᠂ ᠵᠠᠷᠤᠵᠦ ᠪᠠᠷᠠᠪᠠᠯ ᠵᠠᠯᠭᠠᠵᠦ ᠲᠤᠰᠠᠯᠠᠬᠤ ᠬᠦᠮᠦᠨ ᠪᠠᠶᠢᠬᠤ ᠶᠤᠮ︾ ᠭᠡᠯ᠎ᠡ᠃ ︽ᠬᠠᠮᠢᠭᠠᠰᠢ ᠶᠠᠪᠤᠬᠤ ᠭᠡᠵᠦ ᠪᠠᠶᠢᠬᠤ ᠪᠤᠢ︾ ᠭᠡᠵᠦ ᠪᠢ ᠠᠰᠠᠭᠤᠪᠠᠯ ᠲᠡᠷᠡ᠄ ︽ᠵᠠᠩᠵᠢᠶᠠᠺᠸᠦ᠂ ᠦᠪᠤᠷ ᠮᠤᠩᠭᠤᠯ ᠤᠨ ᠬᠠᠭᠤᠴᠢᠨ ᠨᠤᠳᠤᠭ ᠢᠶᠠᠷ ᠢᠶᠠᠨ ᠤᠴᠢᠨ᠎ᠠ︾ ᠭᠡᠵᠦ ᠭᠡᠯᠡᠭᠡᠳ ᠶᠠᠪᠤᠭᠰᠠᠨ ᠢᠶᠠᠨ ᠤᠳᠠᠭᠰᠠᠨ ᠦᠭᠡᠢ ᠦᠳᠡᠰᠢ ᠨᠢ ᠬᠠᠷᠢᠭᠠᠳ ᠢᠷᠡᠴᠢᠭᠡᠯ᠎ᠡ᠃ ᠡᠮᠦᠨ᠎ᠡ ᠵᠠᠮ ᠤᠨ ᠭᠡᠰᠡᠭ ᠭᠠᠵᠠᠷ ᠲᠤᠮᠦ ᠴᠢᠯᠠᠭᠤᠨ ᠳᠤ ᠴᠤᠬᠢᠭᠳᠠᠭᠠᠳ ᠲᠡᠷᠭᠡ ᠨᠡᠪᠳᠡᠷᠡᠵᠦ ᠴᠢᠳᠠᠬᠤ ᠦᠭᠡᠢ ᠪᠠᠶᠢᠨ᠎ᠠ ᠭᠡᠨ᠎ᠡ᠂ ᠲᠡᠷᠡ ᠵᠠᠯᠭᠠᠭ᠎ᠠ ᠪᠠᠷ ᠭᠤᠷᠪᠠᠨ ᠡᠳᠦᠷ ᠰᠠᠭᠠᠳᠤᠵᠦ ᠶᠠᠭᠠᠷᠠᠵᠦ ᠪᠠᠴᠢᠮᠳᠠᠨ ᠬᠦᠯᠢᠶᠡᠯ᠎ᠡ᠃ ᠰᠡᠬᠦᠯᠡᠷ ᠨᠢ ᠮᠦᠨ ᠯᠠ ᠪᠤᠤ ᠶᠤᠸᠠᠢ ᠴᠢᠩ ᠤᠨ ᠮᠤᠩᠭᠤᠯ ᠲᠦᠪᠡᠳ ᠤᠨ ᠭᠡᠷᠡᠭ ᠡᠷᠬᠢᠯᠡᠬᠦ ᠭᠠᠵᠠᠷ ᠤᠨ ᠴᠡᠷᠢᠭ ᠤᠨ ᠠᠴᠢᠶᠠᠨ ᠤ ᠮᠠᠰᠢᠨ ᠳᠤ ᠰᠠᠭᠤᠵᠦ ᠶᠠᠪᠤᠵᠠᠢ᠃ ᠶᠠᠪᠤᠬᠤ ᠳᠠᠭᠠᠨ ᠯᠠᠮᠠ ᠲᠡᠪᠡᠯ ᠡᠮᠦᠰᠴᠦ᠂ ᠶᠦᠩ ᠾᠧ ᠬᠦᠩ ᠤᠨ ᠯᠠᠮᠠ ᠪᠠᠷ ᠤᠪᠯᠠᠵᠦ ᠵᠠᠰᠠᠭᠠᠳ ᠵᠠᠩᠵᠢᠶᠠᠺᠸᠦ ᠰᠦᠢᠶᠤᠸᠠᠨ ᠤᠷᠤᠨ ᠤ ᠰᠦᠮ᠎ᠡ ᠳᠤ ᠬᠦᠷᠴᠦ ᠨᠤᠮ ᠲᠠᠯᠪᠢᠬᠤ ᠪᠠᠷ ᠶᠠᠪᠤᠵᠠᠢ᠃ ᠡᠨᠡ ᠤᠳᠠᠭ᠎ᠠ ᠶᠢᠨ ᠶᠠᠪᠤᠭᠰᠠᠨ ᠨᠢ ᠮᠠᠨ ᠤ ᠬᠤᠷᠢᠮᠯᠠᠭᠠᠳ ᠭᠤᠷᠪᠠᠨ ᠵᠢᠯ ᠢᠯᠡᠬᠦᠦ ᠪᠤᠯᠤᠭᠰᠠᠨ ᠡᠷ᠎ᠡ ᠡᠮ᠎ᠡ ᠶᠢᠨ ᠦᠨᠢᠳᠡ ᠶᠢᠨ ᠰᠠᠯᠤᠯᠳᠠ ᠪᠤᠯᠤᠭᠰᠠᠨ ᠪᠢᠯᠡ᠃                                                                                ᠲᠠᠪᠤ                         ᠬᠤᠸᠠ ᡁᠢ ᠠᠨ ᠶᠠᠪᠤᠭᠰᠠᠨ ᠤ ᠬᠤᠶᠢᠨ᠎ᠠ 1937 ᠤᠨ ᠤ ᠰᠡᠬᠦᠯᠴᠢ ᠪᠠᠷ ᠮᠢᠨᠦ ᠬᠦᠦ ᠴᠢᠮᠡᠳ ᠲᠦᠷᠦᠵᠡᠢ᠃ ᠮᠠᠨ ᠤ ᠡᠭᠡ ᠭᠡᠦᠭᠡᠳ ᠭᠤᠷᠪᠠᠭᠤᠯᠠ ᠪᠡᠭᠡᠵᠢᠩ ᠳᠤ ᠪᠠᠰᠠ ᠬᠤᠶᠠᠷ ᠵᠢᠯ ᠰᠠᠭᠤᠬᠤ ᠳᠤ ᠠᠮᠢᠳᠤᠷᠠᠯ ᠤᠨ ᠲᠠᠯ᠎ᠠ ᠪᠠᠷ ᠲᠢᠶᠠᠨᠵᠢᠨ ᠳᠤ ᠪᠠᠶᠢᠳᠠᠭ ᠨᠢᠭᠡᠨ ᠡᠭᠡᠴᠢ ᠲᠤᠭᠳᠠᠮᠠᠯ ᠪᠤᠰᠦ ᠬᠤᠭᠤᠴᠠᠭ᠎ᠠ ᠲᠠᠢ ᠪᠠᠷ ᠮᠠᠨ ᠳᠤ ᠪᠠᠭ᠎ᠠ ᠰᠠᠭ᠎ᠠ ᠵᠠᠷᠤᠳᠠᠯ ᠤᠨ ᠮᠦᠩᠬᠦ ᠬᠦᠷᠭᠡᠵᠦ ᠦᠭᠬᠦ ᠠᠴᠠ ᠭᠠᠳᠠᠨ᠎ᠠ ᠦᠨᠳᠦᠰᠦᠨ ᠳᠡᠭᠡᠨ ᠦᠪᠡᠷ ᠢᠶᠠᠨ ᠠᠷᠭᠠᠴᠠᠭᠠᠵᠦ ᠪᠠᠶᠢᠯ᠎ᠠ᠃ ᠪᠢ ᠭᠤᠤᠯᠳᠠᠭᠤ ᠪᠤᠰᠤᠳ ᠤᠨ ᠶᠠᠭᠤᠮ᠎ᠠ ᠭᠡᠦᠮ᠎ᠡ ᠶᠢ ᠤᠬᠢᠶᠠᠬᠤ᠂ ᠤᠶᠤᠳᠠᠯ ᠤᠶᠤᠬᠤ ᠵᠡᠷᠭᠡ ᠠᠷᠰᠠᠷ ᠠᠵᠢᠯ ᠬᠢᠵᠦ ᠪᠠᠭ᠎ᠠ ᠰᠠᠭ᠎ᠠ ᠬᠦᠯᠦᠰᠦ ᠮᠦᠩᠬᠦ ᠤᠯᠵᠦ ᠠᠮᠢᠳᠤᠷᠠᠯ ᠢᠶᠠᠨ ᠠᠷᠭᠠᠴᠠᠭᠠᠳᠠᠭ᠃  1938 ᠤᠨ ᠤ ᠵᠤᠨ ᠬᠠᠳᠠᠮ ᠠᠪᠤ ᠮᠤᠯᠤᠨᠵᠠᠮᠰᠦ ᠨᠠᠰᠤᠳᠠᠨ ᠨᠤᠳᠤᠭ ᠠᠴᠠ ᠪᠠᠨ ᠦᠭᠡᠷ ᠲᠡᠷᠭᠡ ᠪᠠᠷ ᠢᠷᠡᠵᠦ ᠮᠠᠨ ᠢ ᠲᠤᠰᠴᠦ ᠦᠪᠤᠷ ᠮᠤᠩᠭᠤᠯ ᠤᠨ ᠵᠤᠤ ᠤᠳᠠ ᠶᠢᠨ ᠭᠡᠰᠢᠭᠳᠡᠨ ᠬᠤᠰᠢᠭᠤᠨ ᠤ ᠪᠠᠷᠠᠭᠤᠨ ᠠᠷᠤ ᠶᠢᠨ ᠲᠠᠷᠬᠠᠬᠠᠭᠤᠯᠠ ᠶᠢᠨ ᠸᠠᠩᠹᠦ᠋ ᠶᠢᠨ ᠬᠤᠳᠳᠤᠭ ᠭᠡᠬᠦ ᠭᠠᠵᠠᠷ ᠬᠦᠷᠴᠦ ᠰᠠᠭᠤᠪᠠ᠃ ᠠᠪᠤ ᠭᠡᠯᠡᠭᠰᠡᠨ ᠨᠢ᠄ ︽ᠲᠡᠯᠭᠡᠷ ︵ᠡᠬᠦᠨ ᠠᠴᠠ ᠬᠤᠸᠠ ᡁᠢ ᠠᠨ ᠤ ᠨᠡᠷ᠎ᠡ ᠨᠢ ᠲᠡᠯᠭᠡᠷ ᠭᠡᠳᠡᠭ ᠢ ᠰᠠᠶ᠋ᠢ ᠮᠡᠳᠡᠪᠡ︶ ᠮᠤᠩᠭᠤᠯ ᠤᠯᠤᠰ ᠲᠤ ᠶᠠᠪᠤᠬᠤ ᠳᠠᠭᠠᠨ ᠭᠡᠷ ᠲᠤ ᠪᠠᠨ ᠢᠷᠡᠭᠡᠳ ᠮᠠᠨᠤᠰ ᠲᠤ ᠭᠡᠯᠡᠵᠦ ᠦᠭᠴᠡᠢ᠃ ᠤᠴᠢᠷ ᠨᠢ ᠲᠡᠳᠡᠨ ᠤ ᠵᠤᠬᠢᠶᠠᠨ ᠪᠠᠶᠢᠭᠤᠯᠤᠯᠳᠠ ᠨᠢ ᠡᠪᠳᠡᠯᠡᠭᠡ ᠳᠤ ᠤᠴᠠᠷᠠᠵᠦ᠂ ᠲᠠᠬᠢᠵᠦ ᠪᠡᠭᠡᠵᠢᠩ ᠳᠤ ᠪᠤᠴᠠᠵᠦ ᠴᠢᠳᠠᠬᠤ ᠦᠭᠡᠢ ᠪᠤᠯᠤᠭᠰᠠᠨ᠂ ᠲᠠ ᠨᠠᠷ ᠢ ᠤᠭ ᠨᠤᠳᠤᠭ ᠲᠠᠭᠠᠨ ᠠᠪᠠᠴᠢᠪᠠᠯ ᠠᠮᠤᠷ ᠲᠦᠪᠰᠢᠨ ᠶᠤᠮ︾ ᠭᠡᠵᠠᠢ᠃ ᠨᠠᠳᠠ ᠲᠠᠢ ᠬᠠᠮᠳᠦ ᠢᠷᠡᠭᠰᠡᠨ ᠨᠢ ᠮᠠᠨᠢᠯᠠ ᠶᠤᠮ᠃ ᠲᠡᠷᠡ ᠭᠡᠦᠭᠡᠳ ᠰᠠᠭᠠᠳᠠᠭᠤᠯᠤᠭᠴᠢ ᠶᠢᠨ ᠨᠡᠷ᠎ᠡ ᠪᠠᠷ ᠦᠪᠤᠷ ᠮᠤᠩᠭᠤᠯ ᠳᠤ ᠢᠷᠡᠵᠡᠢ᠃ ᠲᠡᠷᠡ ᠮᠠᠨ ᠤ ᠭᠡᠷ ᠲᠤ ᠬᠠᠭᠠᠰ ᠵᠢᠯ ᠢᠯᠡᠬᠦᠦ ᠰᠠᠭᠤᠭᠠᠳ ᠶᠠᠪᠤᠭᠰᠠᠨ ᠶᠤᠮ᠃ ᠬᠤᠵᠢᠮ ᠨᠢ ᠪᠢ ᠰᠠᠶ᠋ᠢ ᠲᠡᠬᠦᠨ ᠳᠤ ᠴᠠᠬᠢᠯᠭᠠᠨ ᠮᠡᠳᠡᠭᠡᠨ ᠤ ᠮᠠᠰᠢᠨ ᠪᠠᠶᠢᠵᠦ᠂ ᠬᠤᠪᠢᠰᠬᠠᠯ ᠤᠨ ᠡᠬᠦᠷᠭᠡ ᠲᠠᠢ ᠠᠳᠡ ᠢᠷᠡᠭᠰᠡᠨ ᠢ ᠮᠡᠳᠡᠵᠡᠢ᠃  1941 ᠤᠨ ᠤ ᠰᠡᠬᠦᠯᠴᠢ ᠪᠠᠷ ᠪᠢ ᠭᠡᠨᠡᠳᠳᠡ ᠪᠠᠷᠢᠪᠴᠢᠯᠠᠭᠳᠠᠯ᠎ᠠ᠃ ᠨᠠᠳᠠ ᠲᠠᠢ ᠬᠠᠮᠳᠦ ᠬᠢᠨᠳᠠᠨ ᠳᠤ ᠤᠷᠤᠭᠰᠠᠨ ᠨᠢ ᠮᠢᠨᠦ ᠬᠤᠶᠠᠷ ᠭᠡᠦᠭᠡᠳ ᠪᠤᠯᠤᠨ ᠬᠠᠳᠠᠮ ᠠᠪᠤ ᠮᠤᠯᠤᠨᠵᠠᠮᠰᠦ ᠪᠢᠳᠡ ᠲᠦᠷᠪᠡᠬᠦᠯᠡ ᠪᠢᠯᠡ᠃ ᠭᠡᠰᠢᠭᠳᠡᠨ ᠤ ᠪᠢᠷᠠᠭᠤ ᠵᠡᠭᠡᠯᠢ ᠶᠢᠨ ᠶᠠᠫᠤᠨ ᠲᠠᠩᠨᠠᠭᠤᠯ ᠶᠠ ᠶᠠ ᠬᠠᠭᠤᠷᠮᠠᠭ ᠴᠠᠭᠳᠠᠭ᠎ᠠ ᠲᠠᠭᠠᠭᠤᠯᠤᠨ ᠮᠠᠰᠢᠨ ᠲᠡᠷᠭᠡ ᠪᠠᠷ ᠬᠦᠷᠴᠦ ᠮᠠᠨ ᠢ ᠪᠠᠷᠢᠪᠴᠢᠯᠠᠪᠠ᠃ ᠤᠷᠢᠳ ᠢᠶᠠᠷ ᠪᠢᠷᠠᠭᠤ ᠶᠢᠨ ᠰᠢᠩ ᠱᠦᠨ ᠳ᠋ᠢᠶᠠᠨ ︵兴顺店︶᠎ ᠳᠤ 40 ᠡᠳᠦᠷ ᠬᠤᠷᠢᠵᠦ ᠡᠳᠦᠷ ᠪᠤᠯᠭᠠᠨ ᠰᠢᠬᠦᠨ ᠠᠰᠠᠭᠤᠳᠠᠭ᠃ ᠲᠡᠯᠭᠡᠷ ᠡᠪ ᠬᠠᠮᠳᠦ ᠨᠠᠮ ᠤᠨ ᠭᠡᠰᠢᠬᠦᠨ ᠮᠦᠨ ᠤᠤ ᠪᠢᠰᠢ ᠤᠤ︖ ᠮᠤᠩᠭᠤᠯ ᠤᠯᠤᠰ᠂ ᠵᠦᠪᠯᠡᠯᠳᠦ ᠳᠤ ᠤᠴᠢᠭᠠᠳ ᠶᠠᠮᠠᠷ ᠡᠬᠦᠷᠭᠡ ᠲᠠᠢ ᠢᠷᠡᠪᠡ︖ ᠪᠡᠭᠡᠵᠢᠩ᠂ ᠵᠠᠩᠵᠢᠶᠠᠺᠸᠦ᠂ ᠬᠦᠢ ᠰᠦᠢ ᠳᠤ ᠶᠠᠮᠠᠷ ᠬᠦᠳᠡᠯᠭᠡᠭᠡᠨ ᠭᠢᠳᠡᠭ ᠪᠤᠢ︖ ᠭᠡᠨ ᠲᠠᠢ ᠬᠠᠷᠢᠯᠴᠠᠳᠠᠭ ᠪᠤᠢ ᠭᠡᠬᠦ ᠮᠡᠳᠦ ᠪᠠᠷ ᠰᠢᠬᠦᠨ ᠠᠰᠠᠭᠤᠳᠠᠭ᠂ ᠪᠢ ᠭᠡᠷ ᠤᠨ ᠬᠦᠮᠦᠰ ᠲᠠᠢ ᠪᠠᠨ ᠢᠮᠠᠭᠳᠠ ᠪᠠᠷᠢᠮᠳᠠᠯᠠᠳᠠᠭ ᠨᠢ᠄ ︽ᠲᠡᠯᠭᠡᠷ ᠪᠤᠯ ᠰᠤᠷᠤᠭᠴᠢ᠂ ᠠᠮᠢᠳᠤᠷᠠᠯ ᠬᠦᠴᠢᠷᠳᠠᠢ ᠤᠴᠢᠷ ᠠᠴᠠ ᠪᠠᠭ᠎ᠠ ᠰᠠᠭ᠎ᠠ ᠠᠷᠠᠯᠵᠢᠶ᠎ᠠ ᠬᠢᠳᠡᠭ ᠦᠭᠡᠷ᠎ᠡ ᠤᠴᠢᠷ ᠢ ᠪᠢᠳᠡ ᠮᠡᠳᠡᠬᠦ ᠦᠭᠡᠢ︾ ᠭᠡᠳᠡᠭ ᠶᠤᠮ᠃               1942 ᠤᠨ ᠤ 2 ᠰᠠᠷ᠎ᠠ ᠳᠤ ᠪᠢᠳᠡᠨ ᠢ ᠯᠢᠨᠰᠢ ᠶᠢᠨ ᠲᠠᠩᠨᠠᠭᠤᠯ ᠤᠨ ᠭᠠᠵᠠᠷ ᠭᠦᠷᠭᠡᠵᠦ᠂ ᠰᠡᠬᠦᠯᠡᠷ ᠨᠢ ᠨᠢᠰᠭᠡᠯ ᠢᠶᠠᠷ ᠪᠠᠶᠢᠰᠠ ᠶᠢᠨ ᠰᠦᠮ᠎ᠡ ︵ᠤᠳᠦ ᠶᠢᠨ ᠰᠢᠯᠢᠩᠬᠤᠳᠠ︶᠎ ᠳᠤ ᠬᠦᠷᠭᠡᠵᠦ᠂ ᠲᠠᠷᠠᠭ᠎ᠠ ᠨᠢ ᠵᠠᠩᠵᠢᠶᠠᠺᠸᠦ ᠶᠢᠨ ᠳ᠋ᠧ ᠬᠤᠸᠠ ︵德化︶᠎ ᠳᠠᠬᠢ ᠬᠠᠭᠤᠷᠠᠢ ᠵᠠᠮ ᠤᠨ ᠴᠡᠷᠢᠭ ᠤᠨ ᠲᠠᠩᠨᠠᠭᠤᠯ ᠤᠨ ᠪᠠᠶᠢᠭᠤᠯᠭ᠎ᠠ ᠳᠤ ᠬᠦᠷᠭᠡᠵᠡᠢ᠃ ᠪᠢᠳᠡ 1944 ᠤᠨ ᠳᠤ ᠰᠠᠶ᠋ᠢ ᠰᠤᠯᠠᠯᠠᠭᠳᠠᠪᠠ᠃  ᠲᠦᠷᠪᠡᠨ ᠵᠢᠯ ᠬᠢᠨᠳᠠᠨ ᠤ ᠠᠮᠢᠳᠤᠷᠠᠯ ᠳᠤ ᠶᠠᠫᠤᠨ ᠲᠡᠭᠡᠷᠡᠮ ᠤᠨ ᠬᠦᠮᠦᠨ ᠤ ᠴᠢᠨᠠᠷ ᠦᠭᠡᠢ ᠡᠷᠡᠬᠦᠦ ᠲᠠᠮᠤᠯᠠᠯ ᠢ ᠬᠠᠨᠳᠠᠯ᠎ᠠ ᠠᠮᠰᠠᠵᠠᠢ᠃ ᠨᠠᠳᠠ ᠳᠤ ᠯᠠᠵᠢᠶᠤᠤ ᠲᠠᠢ ᠤᠰᠦ ᠴᠢᠳᠬᠤᠬᠤ᠂ ᠴᠠᠬᠢᠯᠭᠠᠨ ᠬᠦᠶᠦᠯᠭᠡᠬᠦ ︵ᠤᠳᠦ ᠪᠤᠯᠳᠠᠯ᠎ᠠ ᠴᠠᠬᠢᠯᠭᠠᠨ ᠬᠦᠶᠦᠯᠭᠡᠭᠰᠡᠨ ᠤ ᠰᠢᠷᠬ᠎ᠠ ᠪᠡᠶ᠎ᠡ ᠲᠦᠬᠦᠷᠡᠩ ᠪᠤᠢ︶᠂ ᠮᠠᠨᠠᠷᠠᠳᠠᠯ᠎ᠠ ᠴᠤᠬᠢᠬᠤ ᠵᠡᠷᠭᠡ ᠲᠠᠮᠤᠯᠠᠯ ᠢ ᠭᠡᠳᠦᠶᠢᠴᠢᠨᠡᠭᠡᠨ ᠤᠳᠠᠭ᠎ᠠ ᠠᠮᠰᠠᠭᠤᠯᠤᠭᠰᠠᠨ ᠢ ᠲᠤᠭᠠᠯᠠᠬᠤᠶ᠎ᠠ ᠪᠡᠷᠭᠡ᠃ ᠲᠠᠶᠢᠰᠦᠨ ᠮᠢᠨᠦ ᠠᠮᠠᠨ ᠠᠴᠠ ᠶᠠᠭᠤ ᠴᠤ ᠤᠯᠤᠭᠰᠠᠨ ᠦᠭᠡᠢ ᠲᠤᠯᠠ ᠨᠠᠰᠤᠳᠠᠢ ᠠᠪᠤ ᠶᠢᠨ ᠪᠡᠶ᠎ᠡ ᠲᠡᠭᠡᠷ᠎ᠡ ᠭᠤᠷᠢᠳᠠᠯᠭ᠎ᠠ ᠲᠠᠯᠪᠢᠪᠠ᠂ ᠨᠢᠭᠡᠨ ᠡᠳᠦᠷ ᠬᠢᠨᠳᠠᠨ ᠤ ᠬᠤᠶᠠᠭ ᠢᠷᠡᠭᠡᠳ ᠮᠠᠷᠭᠠᠰᠢ ᠠᠪᠤ ᠪᠠᠷ ᠴᠢᠨᠢ ᠲᠡᠭᠷᠢ ᠲᠠᠬᠢᠬᠤ ᠭᠡᠵᠦ ᠪᠠᠶᠢᠨ᠎ᠠ᠂ ᠭᠡᠯᠡᠬᠦ ᠦᠭᠡ ᠪᠠᠶᠢᠪᠠᠯ ᠬᠤᠭᠤᠯᠠᠨ ᠤ ᠲᠠᠷᠠᠭ᠎ᠠ ᠠᠭᠤᠯᠵᠠᠵᠦ ᠶᠠᠷᠢᠯᠴᠠ ᠭᠡᠯ᠎ᠡ᠃ ᠬᠤᠭᠤᠯᠠᠨ ᠤ ᠲᠠᠷᠠᠭ᠎ᠠ ᠠᠪᠤ ᠲᠠᠢ ᠤᠴᠠᠷᠠᠪᠠᠯ ᠲᠡᠬᠦᠨ ᠪᠡᠶ᠎ᠡ ᠳᠤ ᠬᠦᠨᠳᠦ ᠡᠷᠡᠬᠦᠦ ᠶᠢᠨ ᠰᠢᠷᠬ᠎ᠠ ᠰᠤᠷᠪᠢ ᠪᠠᠷ ᠲᠦᠬᠦᠷᠴᠦ᠂ ᠴᠢᠷᠠᠢ ᠨᠢ ᠰᠢᠷᠠᠯᠠᠨ ᠡᠴᠡᠵᠦ ᠲᠤᠷᠠᠭᠰᠠᠨ ᠢ ᠦᠵᠡᠭᠡᠳ ᠮᠢᠨᠦ ᠰᠡᠳᠬᠢᠯ ᠵᠢᠷᠦᠭᠡ ᠰᠢᠮᠰᠢᠷᠡᠵᠦ ᠪᠢᠯᠡ᠃               ᠨᠠᠰᠤᠳᠠᠨ ᠮᠢᠨᠢ ᠲᠤᠶᠢᠯ ᠤᠨ ᠶᠠᠳᠠᠷᠠᠭᠰᠠᠨ ᠬᠠᠷᠠᠴᠠ ᠪᠠᠷ ᠨᠠᠳᠠ ᠶᠢ ᠬᠠᠷᠠᠵᠦ ᠠᠪᠤᠭᠠᠳ ᠶᠠᠭᠤ ᠴᠤ ᠭᠡᠯᠡᠭᠰᠡᠨ ᠦᠭᠡᠢ᠂ ᠪᠢ ᠶᠠᠭ ᠦᠭᠡ ᠭᠡᠯᠡᠶ᠎ᠡ ᠭᠡᠵᠦ ᠪᠠᠶᠢᠳᠠᠯ᠎ᠠ ᠲᠡᠷᠡ ᠬᠤᠷᠢᠭᠯᠠᠭᠰᠠᠨ ᠬᠠᠷᠠᠴᠠ ᠪᠠᠷ ᠨᠠᠳᠠ ᠳᠤ ᠲᠤᠬᠢᠶ᠎ᠠ ᠦᠭᠬᠦᠭᠡᠳ ᠲᠠᠷᠤᠢ ᠶᠠᠪᠤᠴᠢᠬᠠᠪᠠ᠃ ᠴᠠᠭᠠᠵᠠ ᠪᠠᠷ ᠠᠪᠠᠴᠢᠬᠤ ᠦᠶ᠎ᠡ ᠳᠤ ᠪᠢᠳᠡᠨ ᠢ ᠠᠯᠪᠠᠳᠠᠨ ᠠᠪᠠᠴᠢᠵᠦ ᠲᠠᠩᠨᠠᠭᠤᠯ ᠤᠳ ᠠᠪᠤ ᠶᠢ ᠠᠯᠪᠠᠳᠠᠨ ᠰᠦᠷᠳᠡᠬᠦᠯᠵᠦ ᠦᠳᠦᠭᠡᠵᠦ᠄ ︽ᠴᠢ ᠬᠦᠦ ᠶᠢᠨ ᠢᠶᠠᠨ ᠶᠠᠪᠤᠭᠰᠠᠨ ᠵᠦᠭ᠂ ᠬᠠᠨᠢ ᠬᠠᠮᠰᠠᠭᠠᠳᠠᠨ ᠢ ᠨᠢ ᠭᠡᠯᠡᠭᠡᠳ ᠭᠠᠷᠭᠠᠴᠢᠬᠠᠪᠠᠯ ᠴᠢᠮᠠᠢᠢ ᠲᠠᠯᠪᠢᠨ᠎ᠠ︾ ᠭᠡᠯ᠎ᠡ᠃ ᠭᠡᠪᠡᠴᠦ ᠠᠪᠤ ᠨᠢᠳᠦ ᠪᠠᠨ ᠠᠨᠢᠵᠦ ᠶᠠᠭᠤ ᠴᠤ ᠲᠤᠤᠭᠠᠷᠤᠭᠰᠠᠨ ᠦᠭᠡᠢ᠃ ᠲᠠᠶᠢᠰᠦᠨ ᠶᠠᠭᠠᠬᠢᠭᠰᠠᠨ ᠢ ᠪᠤᠤ ᠮᠡᠳᠡ᠂ ᠠᠪᠤ ᠶᠢ ᠫᠤᠤᠳᠠᠭᠰᠠᠨ ᠦᠭᠡᠢ ᠪᠠᠰᠠ ᠪᠢᠳᠡᠨ ᠢ ᠠᠪᠴᠦ ᠪᠤᠴᠠᠪᠠ᠃ ᠠᠯᠪᠠᠳᠠᠨ ᠰᠦᠷᠳᠡᠬᠦᠯᠦᠭᠡᠳ ᠠᠪᠤ ᠶᠢ ᠠᠶᠤᠯᠭᠠᠵᠦ ᠴᠢᠳᠠᠭᠰᠠᠨ ᠦᠭᠡᠢ ᠂ ᠰᠢᠬᠦᠨ ᠲᠠᠮᠤᠯᠠᠭᠠᠳ ᠴᠤ ᠶᠠᠭᠤ ᠴᠤ ᠤᠯᠤᠭᠰᠠᠨ ᠦᠭᠡᠢ ᠲᠤᠯᠠ ᠲᠠᠶᠢᠰᠦᠨ ᠨᠤᠭᠤᠳ ᠤᠨᠳᠤᠤ ᠠᠷᠭ᠎ᠠ ᠪᠤᠳᠤᠵᠠᠢ ᠃               ᠨᠢᠭᠡ ᠤᠳᠠᠭ᠎ᠠ ᠭᠠᠯᠵᠠᠭᠤ ᠴᠢᠨ᠋ᠸ᠎ᠠ ᠮᠡᠳᠦ ᠬᠤᠶᠠᠷ ᠴᠠᠭᠳᠠᠭ᠎ᠠ ᠮᠢᠨᠦ ᠬᠤᠶᠠᠷ ᠭᠡᠦᠭᠡᠳ ᠢ ᠴᠢᠷᠦᠭᠡᠳ ᠶᠠᠪᠤᠴᠢᠬᠠᠪᠠ᠃ ᠭᠡᠦᠭᠡᠳ ᠤᠳ ᠴᠠᠭᠳᠠᠭ᠎ᠠ ᠶᠢᠨ ᠴᠢᠳᠬᠦᠷ ᠤᠨ ᠰᠡᠪᠠᠷ ᠠᠴᠠ ᠠᠮᠢ ᠲᠡᠮᠡᠴᠡᠨ ᠤᠬᠢᠯᠠᠨ ᠵᠢᠭᠤᠳᠠᠵᠦ ᠪᠠᠶᠢᠬᠤ ᠳᠤ ᠲᠠᠶᠢᠰᠦᠨ ᠨᠤᠭᠤᠳ ᠰᠢᠭᠤᠳ ᠲᠡᠪᠡᠷᠢᠵᠦ ᠠᠪᠤᠭᠠᠳ ᠶᠠᠪᠤᠴᠢᠬᠠᠪᠠ᠃ ᠪᠢ ᠶᠠᠭᠤ ᠴᠤ ᠬᠠᠮᠢᠶᠠᠷᠤᠯ ᠦᠭᠡᠢ ᠲᠦᠷᠢᠨ ᠤᠴᠢᠬᠤ ᠳᠤ ᠲᠠᠶᠢᠰᠦᠨ ᠨᠤᠭᠤᠳ ᠬᠤᠶᠠᠷ ᠭᠡᠦᠭᠡᠳ ᠢ ᠵᠡᠬᠦᠨ ᠭᠡᠷᠡᠮ ᠤᠨ ᠲᠤᠤᠷ᠎ᠠ ᠲᠠᠯᠪᠢᠭᠰᠠᠨ ᠬᠤᠶᠠᠷ ᠫᠦᠯᠧᠮᠸᠦᠲ ᠶᠢᠨ ᠠᠮᠠᠨ ᠳᠤ ᠬᠠᠷᠭᠤᠭᠤᠯᠤᠨ ᠲᠠᠯᠪᠢᠭᠠᠳ ᠨᠠᠳᠠᠳᠦ᠄ ︽ᠴᠢ ᠦᠨᠡᠨ ᠢᠶᠠᠨ ᠭᠡᠯᠡ᠂ ᠭᠡᠯᠡᠬᠦ ᠦᠭᠡᠢ ᠪᠤᠯ ᠬᠤᠶᠠᠷ ᠭᠡᠦᠭᠡᠳ ᠢ ᠴᠢᠨᠢ ᠫᠤᠤᠳᠠᠯ᠎ᠠ︕︾ ᠭᠡᠵᠦ ᠬᠠᠷᠬᠢᠰᠯᠠᠨ ᠠᠷᠬᠢᠷᠠᠪᠠ᠃ ᠬᠤᠶᠠᠷ ᠭᠡᠦᠭᠡᠳ ᠤᠬᠢᠯᠠᠬᠤ ᠪᠠᠨ ᠪᠤᠯᠢᠭᠠᠳ ᠴᠡᠴᠡᠷᠡᠨ ᠲᠠᠭᠵᠢᠵᠦ ᠠᠶᠤᠨ ᠰᠠᠨᠳᠤᠷᠴᠦ ᠮᠢᠨᠦ ᠦᠭᠡᠳᠡ ᠬᠠᠷᠠᠵᠦ ᠯᠠ ᠪᠠᠶᠢᠯ᠎ᠠ᠃ ᠪᠢ ᠠᠭᠱᠠᠨ ᠵᠠᠭᠤᠷ᠎ᠠ ᠬᠦᠶᠦᠵᠦ ᠤᠴᠢᠭᠠᠳ ᠬᠤᠶᠠᠷ ᠭᠡᠦᠭᠡᠳ ᠢ ᠡᠯᠢᠭᠡᠨ ᠳᠡᠭᠡᠨ ᠲᠡᠪᠡᠷᠢᠵᠦ ᠠᠪᠤᠭᠠᠳ ᠡᠳᠡᠭᠡᠷ ᠴᠢᠳᠬᠦᠷ ᠱᠤᠯᠤᠮ ᠤᠨ ᠦᠭᠡᠳᠡ᠄ ︽ᠠᠮᠢᠳᠦ ᠦᠯᠡᠳᠡᠭᠡᠪᠡᠯ ᠪᠢᠳᠡᠨ ᠢ ᠲᠠᠯᠪᠢᠵᠦ ᠶᠠᠪᠤᠭᠤᠯ︕ ᠠᠯᠠᠪᠠᠯ ᠡᠭᠡ ᠬᠦᠦ ᠭᠤᠷᠪᠠᠭᠤᠯᠠ ᠬᠠᠮᠳᠦ ᠦᠬᠦᠶ᠎ᠡ᠂ ᠨᠠᠳᠠᠳᠦ ᠦᠭᠡᠷ᠎ᠡ ᠭᠡᠯᠡᠬᠦ ᠶᠠᠭᠤᠮ᠎ᠠ ᠦᠭᠡᠢ︾ ᠭᠡᠵᠦ ᠬᠢᠯᠢᠩᠯᠡᠨ ᠭᠡᠯᠡᠪᠡ᠃ ᠢᠩᠬᠢᠭᠡᠳ ᠲᠠᠶᠢᠰᠦᠨ ᠤ ᠠᠶᠤᠯᠭᠠᠨ ᠰᠦᠷᠳᠡᠬᠦᠯᠬᠦ ᠤᠪ ᠮᠡᠭᠡ ᠨᠢ ᠨᠢᠴᠤᠭᠠᠭᠳᠠᠵᠦ ᠠᠷᠭ᠎ᠠ ᠦᠭᠡᠶᠢᠳᠡᠨ ᠮᠠᠨ ᠢ ᠲᠤᠷᠤᠮᠵᠢᠯᠠᠨ ᠬᠠᠷᠢᠶᠠᠵᠦ ᠬᠤᠷᠢᠭᠤᠯ ᠳᠤ ᠬᠦᠷᠭᠡᠪᠡ᠃               ᠲᠠᠶᠢᠰᠦᠨ ᠨᠤᠭᠤᠳ ᠤᠷᠳᠦ ᠬᠤᠭᠤᠴᠠᠭ᠎ᠠ ᠮᠠᠨ ᠢ ᠬᠤᠷᠢᠵᠦ ᠰᠢᠬᠦᠨ ᠪᠠᠶᠢᠴᠠᠭᠠᠭᠰᠠᠨ ᠪᠤᠯᠪᠠᠴᠦ ᠡᠴᠦᠰ ᠎ ᠲᠡᠭᠡᠨ ᠶᠠᠭᠤ ᠴᠤ ᠤᠯᠤᠭᠰᠠᠨ ᠦᠭᠡᠢ᠂ 1943 ᠤᠨ ᠤ ᠡᠪᠤᠯ ᠠᠪᠤ ᠶᠢ ᠰᠤᠯᠠᠯᠠᠪᠠ᠃ ᠨᠠᠰᠤᠳᠠᠨ ᠶᠠᠪᠤᠬᠤ ᠦᠶ᠎ᠡ ᠳᠡᠭᠡᠨ ᠬᠤᠶᠠᠷ ᠭᠡᠦᠭᠡᠳ ᠤᠨ ᠴᠢᠷᠠᠢ ᠨᠢ ᠰᠢᠷᠠᠯᠠᠨ ᠡᠴᠡᠵᠦ ᠲᠤᠷᠠᠭᠰᠠᠨ ᠢ ᠦᠵᠡᠭᠡᠳ 30 ᠲᠦᠬᠦᠷᠢᠭ ᠵᠤᠭᠤᠰ ᠪᠤᠯᠤᠨ ᠨᠢᠭᠡ ᠵᠠᠬ᠎ᠠ ᠲᠡᠪᠡᠯ ᠢᠶᠠᠨ ᠦᠯᠡᠳᠡᠭᠡᠵᠦ ᠦᠭᠪᠡ᠃ ᠪᠢ ᠲᠡᠷᠡ ᠲᠡᠪᠡᠯ ᠢᠶᠠᠷ ᠬᠤᠶᠠᠷ ᠭᠡᠦᠭᠡᠳ ᠲᠤ ᠲᠤᠰᠪᠤᠷᠢ ᠨᠢᠭᠡ ᠠᠷᠠᠰᠤᠨ ᠬᠦᠷᠮ᠎ᠡ ᠬᠢᠵᠦ ᠦᠭᠬᠦᠭᠰᠡᠨ ᠶᠤᠮ᠃ ᠬᠤᠶᠠᠷ ᠭᠡᠦᠭᠡᠳ ᠮᠢᠨᠢ ᠰᠤᠯᠠᠯᠠᠭᠳᠠᠬᠤ ᠠᠴᠠ ᠡᠮᠦᠨ᠎ᠡ ᠶᠡᠷᠦ ᠨᠢ ᠲᠡᠷᠡ ᠬᠦ ᠬᠦᠷᠮ᠎ᠡ ᠪᠠᠨ ᠡᠮᠦᠰᠦᠭᠰᠡᠭᠡᠷ ᠲᠡᠳᠡᠨ ᠤ ᠭᠡᠦᠭᠡᠳ ᠦᠶ᠎ᠡ ᠶᠢᠨ ᠬᠢᠨᠳᠠᠨ ᠤ ᠠᠮᠢᠳᠤᠷᠠᠯ ᠢᠶᠠᠨ ᠦᠩᠭᠡᠷᠡᠭᠡᠵᠦ ᠪᠢᠯᠡ᠃               ᠪᠠᠶᠢᠳᠠᠯ ᠤᠨ ᠬᠤᠪᠢᠷᠠᠯᠳᠠ ᠠᠴᠠ ᠪᠤᠯᠵᠦ ᠮᠠᠨ ᠤ ᠠᠮᠠᠨ ᠠᠴᠠ ᠶᠠᠮᠠᠷ ᠴᠤ ᠦᠴᠢᠭ ᠤᠯᠤᠭᠰᠠᠨ ᠦᠭᠡᠢ ᠪᠦᠭᠡᠳ ᠪᠠᠰᠠ ᠮᠢᠨᠦ ᠠᠬ᠎ᠠ ᠶᠢᠨ ᠠᠪᠤᠷᠠᠨ ᠲᠤᠰᠠᠯᠠᠭᠰᠠᠨ ᠢᠶᠠᠷ 1944 ᠤᠨ ᠤ ᠲᠤᠤᠷ᠎ᠠ ᠬᠠᠭᠠᠰ ᠵᠢᠯ ᠳᠤ ᠪᠢᠳᠡᠨ ᠶᠢ ᠰᠤᠯᠠᠯᠠᠪᠠ᠃ ᠪᠢ ᠲᠦᠩᠯᠢᠶᠤᠤ ᠶᠢᠨ ᠵᠠᠩᠭᠤᠳᠠᠢ ᠳᠠᠬᠢ ᠲᠦᠷᠬᠦᠮ ᠤᠨ ᠭᠡᠷ ᠲᠡᠭᠡᠨ ᠬᠠᠷᠢᠵᠦ ᠰᠠᠭᠤᠪᠠ᠃  1945 ᠤᠨ ᠤ ︽8 · 15︾᠎ ᠠᠴᠠ ᠬᠤᠶᠢᠨ᠎ᠠ ᠪᠢ ᠤᠯᠠᠭᠠᠨᠬᠤᠳᠠ ᠳᠤ ᠬᠦᠷᠴᠦ ᠤᠯᠠᠭᠠᠨᠬᠦᠦ᠂ ᠫᠤᠩᠰᠤᠭ ᠢ ᠡᠷᠢᠵᠦ ᠤᠯᠤᠭᠠᠳ ᠲᠡᠯᠭᠡᠷ ᠤᠨ ᠲᠤᠬᠠᠢ ᠰᠤᠷᠠᠭᠯᠠᠪᠠᠯ ᠲᠡᠯᠭᠡᠷ 1938 ᠤᠨ ᠳᠤ ᠮᠤᠩᠭᠤᠯ ᠤᠯᠤᠰ ᠲᠤ ᠶᠠᠪᠤᠭᠰᠠᠨ ᠠᠴᠠ ᠬᠤᠶᠢᠨ᠎ᠠ ᠰᠤᠷᠠᠭ ᠴᠢᠮᠡᠭᠡ ᠦᠭᠡᠢ ᠭᠡᠵᠦ ᠭᠡᠯᠡᠭᠰᠡᠨ ᠪᠦᠭᠡᠳ ᠪᠠᠷᠤᠭ ᠠᠶᠤᠯ ᠳᠤ ᠤᠴᠠᠷᠠᠭᠰᠠᠨ ᠪᠠᠶᠢᠵᠦ ᠮᠡᠳᠡᠨ᠎ᠡ ᠭᠡᠯ᠎ᠡ᠃ ᠲᠡᠳᠡ ᠲᠡᠷᠡ ᠲᠠᠷᠤᠢ ᠨᠠᠳᠠᠳᠦ ᠠᠵᠢᠯ ᠲᠤᠬᠢᠷᠠᠭᠤᠯᠵᠦ ᠬᠤᠶᠠᠷ ᠭᠡᠦᠭᠡᠳ ᠢ ᠰᠤᠷᠭᠠᠭᠤᠯᠢ ᠳᠤ ᠤᠷᠤᠭᠤᠯᠪᠠ᠃               1948 ᠤᠨ ᠳᠤ ᠪᠢ ᠲᠤᠮᠳᠠᠳᠦ ᠤᠯᠤᠰ ᠤᠨ ᠡᠪ ᠬᠠᠮᠳᠦ ᠨᠠᠮ ᠳᠤ ᠤᠷᠤᠪᠠ᠃               1949 ᠤᠨ ᠳᠤ ᠤᠯᠠᠭᠠᠨᠬᠦᠦ ᠨᠦᠬᠦᠷ ᠲᠤᠮᠳᠠᠳᠦ ᠤᠯᠤᠰ ᠤᠨ ᠡᠪ ᠬᠠᠮᠳᠦ ᠨᠠᠮ ᠤᠨ ᠲᠦᠪ ᠬᠤᠷᠢᠶᠠᠨ ᠤ ᠵᠤᠬᠢᠶᠠᠨ ᠪᠠᠶᠢᠭᠤᠯᠬᠤ ᠭᠡᠯᠳᠡᠰ ᠲᠤ ᠭᠡᠷᠡᠴᠢ ᠪᠢᠴᠢᠭ ᠬᠢᠵᠦ ᠦᠭᠬᠦᠭᠰᠡᠨ ᠳᠤ ᠲᠦᠪ ᠤᠨ ᠵᠤᠬᠢᠶᠠᠨ ᠪᠠᠶᠢᠭᠤᠯᠬᠤ ᠭᠡᠯᠳᠡᠰ ᠠᠴᠠ ᠲᠡᠯᠭᠡᠷ ᠢ ᠦᠷᠡᠭᠳᠡᠭᠰᠡᠨ ᠪᠠᠭᠠᠳᠤᠷ ᠢᠶᠠᠷ ᠵᠦᠪᠰᠢᠶᠡᠷᠡᠵᠦ᠂ ᠬᠤᠶᠠᠷ ᠭᠡᠦᠭᠡᠳ ᠢ ᠠᠯᠪᠠᠨ ᠰᠦᠢᠳᠭᠡᠯ ᠢᠶᠠᠷ ᠰᠤᠷᠭᠠᠭᠤᠯᠢ ᠳᠤ ᠰᠤᠷᠤᠯᠴᠠᠭᠤᠯᠤᠭᠠᠳ ᠨᠢᠭᠡᠨᠳᠡ ᠶᠡᠭᠡ ᠰᠤᠷᠭᠠᠭᠤᠯᠢ ᠲᠡᠬᠦᠰᠴᠦ ᠠᠵᠢᠯ ᠳᠤ ᠭᠠᠷᠴᠠᠢ᠃ ᠲᠡᠳᠡ ᠨᠠᠷ ᠪᠦᠬᠦᠳᠡ ᠨᠢᠭᠡᠨ ᠵᠤᠯ ᠵᠢᠷᠭᠠᠯᠳᠦ ᠭᠡᠷ ᠪᠦᠯᠢ ᠪᠠᠶᠢᠭᠤᠯᠵᠠᠢ᠃ ᠡᠳᠡᠭᠡᠷ ᠢ ᠶᠢᠰᠦᠨ ᠪᠤᠯᠠᠭ ᠤᠨ ᠲᠤᠤᠷᠠᠬᠢ ᠲᠡᠯᠭᠡᠷ ᠤᠨ ᠠᠷᠢᠭᠤᠨ ᠰᠦᠨᠡᠰᠦ ᠮᠡᠳᠡᠳᠡᠭ ᠪᠤᠯ ᠯᠠᠪᠳᠠᠢ ᠠᠮᠤᠷᠯᠢᠩᠭᠤᠢ ᠨᠤᠶᠢᠷᠰᠦᠬᠤ ᠶᠤᠮ ᠭᠡᠵᠦ ᠪᠢ ᠪᠤᠳᠤᠳᠠᠭ ᠶᠤᠮ᠃  ᠮᠢᠨᠦ ᠡᠷᠬᠢᠴᠡᠬᠦᠯᠦᠯ ᠠᠳᠡ ᠬᠦᠷᠦᠭᠡᠳ ᠲᠡᠬᠦᠰᠦᠯ᠎ᠡ᠃ ᠭᠡᠶ᠎ᠡ ᠭᠡᠳᠦᠨ ᠴᠢᠬᠤᠯᠠ ᠤᠴᠢᠷ ᠢ ᠡᠷᠬᠡᠪᠰᠢ ᠶᠠᠷᠢᠬᠤ ᠴᠢᠬᠤᠯᠠᠳᠠᠢ ᠪᠠᠶᠢᠨ᠎ᠠ᠃                                                                              ᠵᠢᠷᠭᠤᠭ᠎ᠠ                         ᠲᠡᠯᠭᠡᠷ ᠪᠢᠳᠡ ᠬᠤᠶᠠᠭᠤᠯᠠ ᠤᠷᠤᠭ ᠪᠠᠷᠢᠯᠳᠤᠵᠦ ᠬᠦᠴᠢᠷ ᠪᠡᠷᠭᠡᠰᠢᠶᠡᠯ ᠲᠤᠮᠳᠠᠭᠤᠷ ᠭᠤᠷᠪᠠᠨ ᠵᠢᠯ ᠭᠠᠷᠤᠢ ᠪᠤᠯᠬᠤ ᠬᠤᠭᠤᠴᠠᠭᠠᠨ ᠳᠤ ᠲᠡᠷᠡ ᠶᠠᠭᠤᠨ ᠳᠤ ᠪᠡᠶ᠎ᠡ ᠶᠢᠨ ᠦᠩᠭᠡᠷᠡᠯᠳᠡ ᠪᠠᠨ ᠲᠤᠳᠤᠷᠬᠠᠢ ᠢᠯᠡᠷᠡᠬᠦᠯᠦᠭᠰᠡᠨ ᠦᠭᠡᠢ ᠶᠤᠮ ᠪᠤᠢ ᠭᠡᠪᠡᠯ ᠡᠬᠦᠨ ᠳᠤ ᠲᠡᠷᠡ ᠶᠠᠭᠤᠨ ᠳᠤ ᠨᠠᠳᠠᠳᠠᠢ ᠬᠤᠷᠢᠮᠯᠠᠭᠰᠠᠨ ᠪᠤᠢ ᠭᠡᠳᠡᠭ ᠠᠴᠠ ᠶᠠᠷᠢᠬᠤ ᠭᠡᠷᠡᠭᠳᠡᠢ ᠪᠠᠶᠢᠨ᠎ᠠ᠃ ᠮᠢᠨᠦ ᠲᠦᠷᠬᠦᠮ ᠪᠤᠯ ᠲᠦᠩᠯᠢᠶᠤᠤ ᠶᠢᠨ ᠵᠠᠩᠭᠤᠳᠠᠢ ᠤᠷᠴᠢᠮ ᠤᠨ ᠰᠡᠭᠡᠭᠡᠷᠡᠭᠰᠡᠨ ᠲᠤᠮᠤᠭᠠᠳᠠᠨ ᠠᠶᠢᠯ ᠶᠤᠮ᠃ ᠠᠬ᠎ᠠ ᠮᠢᠨᠢ ᠲᠤᠬᠠᠢ ᠶᠢᠨ ᠭᠠᠵᠠᠷ ᠲᠤ ᠵᠤᠬᠢᠬᠤ ᠨᠡᠶᠢᠭᠡᠮ ᠤᠨ ᠪᠠᠶᠢᠷᠢ ᠰᠠᠭᠤᠷᠢ ᠬᠢᠭᠡᠳ ᠨᠦᠯᠦᠭᠡ ᠲᠠᠢ ᠶᠤᠮ᠃ ᠫᠤᠩᠰᠤᠭ ᠨᠦᠬᠦᠷ ᠤᠨ ᠭᠡᠯᠡᠬᠦ ᠪᠠᠷ ᠲᠡᠷᠡ ᠦᠶ᠎ᠡ ᠳᠤ ᠲᠡᠯᠭᠡᠷ ᠨᠦᠬᠦᠷ ᠤᠨ ᠠᠵᠢᠯ ᠤᠨ ᠨᠢᠭᠤᠴᠠ ᠶᠢ ᠬᠠᠮᠠᠭᠠᠯᠠᠬᠤ ᠨᠢᠭᠡ ᠪᠦᠯᠦᠭ ᠲᠡᠭᠡᠳᠦ ᠲᠠᠪᠬᠤᠷᠭᠠᠳᠠᠨ ᠤ ᠬᠦᠮᠦᠰ ᠢ ᠲᠦᠭᠡᠷᠢᠭᠳᠡᠬᠦᠯᠬᠦ ᠳᠤ ᠨᠠᠳᠠ ᠰᠢᠭ᠋ ᠬᠦᠮᠦᠨ ᠢᠶᠠᠷ ᠲᠡᠬᠦᠨ ᠳᠤ ᠬᠠᠨᠢ ᠪᠤᠯᠭᠠᠬᠤ ᠴᠢᠬᠤᠯᠠᠳᠠᠢ ᠪᠠᠶᠢᠵᠠᠢ᠃ ᠭᠤᠷᠪᠠᠨ ᠵᠢᠯ ᠭᠠᠷᠤᠢ ᠴᠠᠭᠠᠨ ᠤᠷᠤᠨ ᠤ ᠠᠮᠢᠳᠤᠷᠠᠯ ᠳᠤ ᠲᠤᠭᠰᠢᠨ ᠰᠠᠯᠬᠢᠨ ᠰᠢᠷᠦᠬᠦᠨ ᠲᠠᠪᠠᠯᠭᠠᠨ ᠤ ᠦᠭᠡᠳᠡ ᠨᠢᠭᠡ ᠵᠠᠪᠢ ᠪᠠᠷ ᠭᠡᠳᠦᠯᠪᠡ᠃ ᠲᠡᠯᠭᠡᠷ ᠲᠡᠬᠦᠨ ᠤ ᠪᠡᠶ᠎ᠡ ᠶᠢᠨ ᠤᠴᠠᠷᠠᠯ ᠦᠩᠭᠡᠷᠡᠯᠳᠡ ᠶᠢᠨ ᠲᠤᠬᠠᠢ ᠨᠠᠳᠠᠳᠦ ᠲᠡᠮ ᠢᠶᠠᠷ ᠮᠡᠳᠡᠭᠳᠡᠭᠰᠡᠨ ᠪᠤᠯᠪᠠᠴᠦ ᠲᠡᠷᠡ ᠶᠠᠮᠠᠷ ᠬᠦᠮᠦᠨ ᠭᠡᠳᠡᠭ ᠢᠶᠠᠨ ᠢᠯᠡ ᠪᠠᠷ ᠭᠡᠯᠡᠭᠰᠡᠨ ᠦᠭᠡᠢ ᠶᠤᠮ᠃ ᠲᠡᠯᠭᠡᠷ ︵ᠬᠢᠳᠠᠳ ᠨᠡᠷ᠎ᠡ ᠨᠢ ᠨᠢᠩ ᠴᠦᠨ ᠹᠠ︶ ᠨᠠᠳᠠᠳᠦ ᠮᠠᠭᠤ ᠰᠠᠨᠠᠭ᠎ᠠ ᠡᠪᠤᠷᠯᠡᠭᠰᠡᠨ ᠭᠡᠵᠢ ᠤᠤ︖ ᠲᠡᠶᠢᠮᠦ ᠪᠢᠰᠢ᠂ ᠲᠡᠷᠡ ᠨᠠᠳᠠᠳᠦ ᠬᠠᠶᠢᠷ᠎ᠠ ᠦᠭᠡᠢ ᠭᠡᠵᠢ ᠤᠤ︖ ᠲᠡᠶᠢᠮᠦ ᠪᠢᠰᠢ ᠶᠤᠮ᠂ ᠮᠢᠨᠦ ᠪᠤᠳᠤᠬᠤ ᠪᠠᠷ ᠭᠤᠷᠪᠠᠨ ᠵᠢᠯ ᠭᠠᠷᠤᠢ ᠶᠢᠨ ᠬᠤᠭᠤᠴᠠᠭᠠᠨ ᠳᠤ ᠲᠡᠷᠡ ᠶᠡᠷᠦ ᠠᠴᠠ ᠴᠤᠬᠤᠮ ᠪᠡᠶ᠎ᠡ ᠶᠢᠨ ᠭᠠᠷᠤᠯ ᠢᠶᠠᠨ ᠨᠠᠳᠠᠳᠦ ᠵᠠᠳᠠᠷᠠᠭᠤᠯᠤᠭᠰᠠᠨ ᠦᠭᠡᠢ ᠨᠢ ᠲᠡᠷᠡ ᠦᠶ᠎ᠡ ᠶᠢᠨ ᠤᠷᠤᠭ᠎ᠠ ᠪᠤᠰᠬᠠᠭ᠎ᠠ ᠴᠠᠭ ᠤᠨ ᠪᠠᠶᠢᠳᠠᠯ ᠬᠢᠭᠡᠳ ᠮᠠᠨ ᠤ ᠨᠠᠮ ᠤᠨ ᠲᠤᠭᠳᠠᠭᠠᠭᠰᠠᠨ ᠬᠠᠳᠠᠭᠤ ᠴᠢᠩᠭ᠎ᠠ ᠰᠠᠬᠢᠯᠭ᠎ᠠ ᠪᠠᠳᠦ ᠶᠢ ᠵᠢᠷᠦᠮᠯᠡᠨ ᠰᠠᠬᠢᠭᠰᠠᠨ ᠳᠤ ᠪᠠᠶᠢᠬᠤ ᠶᠤᠮ᠃ ᠡᠬᠦᠨ ᠠᠴᠠ ᠲᠡᠯᠭᠡᠷ ᠨᠦᠬᠦᠷ ᠤᠨ ᠨᠠᠮᠴᠢ ᠴᠢᠨᠠᠷ ᠤᠨ ᠦᠵᠡᠯᠳᠡ ᠪᠤᠯᠤᠨ ᠰᠠᠬᠢᠯᠭ᠎ᠠ ᠪᠠᠳᠤᠴᠢ ᠴᠢᠨᠠᠷ ᠨᠢ ᠭᠡᠴᠢᠨᠠᠨ ᠴᠢᠩᠭ᠎ᠠ ᠪᠠᠶᠢᠳᠠᠭ ᠢ ᠦᠵᠡᠵᠦ ᠭᠠᠷᠴᠦ ᠪᠤᠯᠤᠨ᠎ᠠ᠃               ᠲᠡᠯᠭᠡᠷ ᠨᠦᠬᠦᠷ 1904 ᠤᠨ ᠳᠤ ᠦᠪᠤᠷ ᠮᠤᠩᠭᠤᠯ ᠤᠨ ᠵᠤᠤ ᠤᠳᠠ ᠶᠢᠨ ᠭᠡᠰᠢᠭᠳᠡᠨ ᠬᠤᠰᠢᠭᠤᠨ ᠤ ᠨᠢᠭᠡ ᠶᠠᠳᠠᠭᠤ ᠮᠠᠯᠴᠢᠨ ᠤ ᠲᠤ ᠮᠡᠨᠳᠦᠯᠡᠵᠡᠢ᠃ ᠠᠪᠤ ᠨᠢ ᠪᠤᠯ ᠨᠢᠭᠡ ᠮᠦᠩᠬᠦᠨ ᠲᠠᠷᠬᠠᠨ ᠶᠤᠮ᠃ 1926 ᠤᠨ ᠳᠤ ᠭᠡᠰᠢᠭᠳᠡᠨ ᠤ ᠼᠦᠢ ᠢᠩ ᠰᠤᠷᠭᠠᠭᠤᠯᠢ ᠠᠴᠠ ᠲᠡᠷᠡ ᠦᠶ᠎ᠡ ᠶᠢᠨ ᠦᠪᠤᠷ ᠮᠤᠩᠭᠤᠯ ᠤᠨ ᠠᠷᠠᠳ ᠤᠨ ᠬᠤᠪᠢᠰᠬᠠᠯᠳᠦ ᠨᠠᠮ ᠤᠨ ᠪᠠᠶᠢᠩᠭᠤ ᠶᠢᠨ ᠭᠡᠰᠢᠬᠦᠨ ᠶᠤᠸᠠᠢ ᠵᠢᠩ ᠲᠤᠤ᠂ ᠲᠡᠯᠭᠡᠷ ᠢ ᠬᠠᠯᠬ᠎ᠠ ᠮᠤᠩᠭᠤᠯ ᠳᠤ ᠬᠦᠷᠭᠡᠵᠦ ᠰᠤᠷᠤᠯᠴᠠᠭᠤᠯᠵᠠᠢ᠃ 1929 ᠤᠨ ᠤ ᠨᠠᠮᠤᠷ ᠤᠨ ᠰᠡᠬᠦᠯᠴᠢ ᠪᠠᠷ ᠤᠯᠠᠭᠠᠨᠬᠦᠦ᠂ ᠫᠤᠩᠰᠤᠭ᠂ ᠫᠦᠸᠧ ᠳ᠋ᠢᠩ᠂ ᠲᠡᠮᠦᠷᠪᠠᠭᠠᠨ᠎ᠠ᠂ ᠲᠡᠯᠭᠡᠷ ᠲᠠᠢ ᠲᠠᠪᠤᠭᠤᠯᠠ ᠲᠤᠮᠳᠠᠳᠦ ᠤᠯᠤᠰ ᠤᠨ ᠡᠪ ᠬᠠᠮᠳᠦ ᠨᠠᠮ ᠤᠨ ᠭᠤᠷᠪᠠᠳᠤᠭᠠᠷ ᠢᠨᠲ᠋ᠧᠷᠨᠠᠼᠢᠦᠨᠠᠯ ᠳᠤ ᠰᠠᠭᠤᠭ᠎ᠠ ᠲᠦᠯᠦᠭᠡᠯᠡᠭᠴᠢ ᠴᠢᠦᠢ ᠴᠢᠦ ᠪᠠᠢ ᠨᠦᠬᠦᠷ ᠤᠨ ᠲᠤᠮᠢᠯᠠᠯᠳᠠ ᠪᠠᠷ ᠤᠯᠤᠰ ᠲᠠᠭᠠᠨ ᠪᠤᠴᠠᠵᠦ ᠢᠷᠡᠭᠡᠳ ᠨᠢᠭᠤᠴᠠ ᠪᠠᠷ ᠨᠠᠮ ᠤᠨ ᠠᠵᠢᠯ ᠬᠢᠵᠠᠢ᠃               ᠲᠡᠯᠭᠡᠷ ᠵᠦᠪᠯᠡᠯᠳᠦ ᠤᠯᠤᠰ ᠲᠤ ᠵᠦᠪᠯᠡᠯᠳᠦ ᠶᠢᠨ ᠡᠪ ᠬᠠᠮᠳᠦ ᠨᠠᠮ ᠳᠤ ᠤᠷᠤᠵᠦ᠂ ᠤᠯᠤᠰ ᠲᠠᠭᠠᠨ ᠪᠤᠴᠠᠵᠦ ᠢᠷᠡᠬᠦ ᠦᠶ᠎ᠡ ᠳᠤ ᠴᠢᠦᠢ ᠴᠢᠦ ᠪᠠᠢ ᠡᠬᠦᠷᠭᠡ ᠲᠤᠰᠢᠶᠠᠭᠰᠠᠨ ᠤ ᠲᠠᠷᠠᠭ᠎ᠠ ᠨᠠᠮ ᠤᠨ ᠵᠤᠬᠢᠶᠠᠨ ᠪᠠᠶᠢᠭᠤᠯᠤᠯᠳᠠ ᠶᠢ ᠲᠦᠯᠦᠭᠡᠯᠡᠨ ᠲᠡᠯᠭᠡᠷ ᠨᠦᠬᠦᠷ ᠢ ᠲᠤᠮᠳᠠᠳᠦ ᠤᠯᠤᠰ ᠤᠨ ᠡᠪ ᠬᠠᠮᠳᠦ ᠨᠠᠮ ᠤᠨ ᠭᠡᠰᠢᠬᠦᠨ ᠢᠶᠠᠷ ᠵᠦᠪᠰᠢᠶᠡᠷᠡᠭᠰᠡᠨ ᠢᠶᠠᠨ ᠲᠤᠳᠤᠷᠬᠠᠢ ᠢᠯᠡᠳᠭᠡᠭᠰᠡᠨ ᠪᠠᠶᠢᠨ᠎ᠠ᠃ ᠲᠡᠷᠡ ᠤᠯᠤᠰ ᠲᠠᠭᠠᠨ ᠪᠤᠴᠠᠵᠦ ᠢᠷᠡᠭᠡᠳ ᠭᠤᠷᠪᠠᠳᠤᠭᠠᠷ ᠢᠨᠲ᠋ᠧᠷᠨᠠᠼᠢᠦᠨᠠᠯ ᠤᠨ ᠲᠦᠯᠦᠭᠡᠯᠡᠭᠴᠢ ᠸᠠᠩᠺᠧᠹᠦ᠋ ᠶᠢᠨ ᠵᠢᠯᠤᠭᠤᠳᠤᠯᠭ᠎ᠠ ᠲᠤᠤᠷ᠎ᠠ ᠠᠵᠢᠯᠯᠠᠵᠦ᠂ ᠲᠡᠳᠡᠨ ᠤ ᠲᠠᠪᠤᠨ ᠬᠦᠮᠦᠨ ᠭᠤᠷᠪᠠᠨ ᠲᠤᠭᠤᠶᠢᠯᠠᠩ ᠬᠤᠪᠢᠶᠠᠵᠠᠢ᠃ ᠤᠯᠠᠭᠠᠨᠬᠦᠦ᠂ ᠫᠦᠸᠧ ᠳ᠋ᠢᠩ ᠨᠠᠷ ᠪᠠᠷᠠᠭᠤᠨ ᠭᠡᠰᠡᠭ ᠲᠤ᠂ ᠫᠤᠩᠰᠤᠭ᠂ ᠲᠡᠮᠦᠷᠪᠠᠭᠠᠨ᠎ᠠ ᠨᠠᠷ ᠵᠡᠬᠦᠨ ᠭᠡᠰᠡᠭ ᠲᠤ᠂ ᠲᠡᠯᠭᠡᠷ ᠲᠤᠮᠳᠠ ᠭᠡᠰᠡᠭ ᠲᠤ᠂ ᠭᠤᠤᠯᠳᠠᠭᠤ ᠴᠠᠬᠠᠷ᠂ ᠰᠢᠯᠢ ᠶᠢᠨ ᠭᠤᠤᠯ᠂ ᠵᠤᠤ ᠤᠳᠠ ᠤᠷᠴᠢᠮ ᠳᠤ ᠠᠵᠢᠯᠯᠠᠵᠠᠢ᠃ ᠲᠡᠯᠭᠡᠷ ᠰᠠᠶ᠋ᠢ ᠬᠠᠷᠢᠵᠦ ᠢᠷᠡᠭᠡᠳ ᠭᠡᠰᠢᠭᠳᠡᠨ ᠬᠤᠰᠢᠭᠤᠨ ᠳᠤ ᠪᠠᠭᠰᠢᠯᠠᠨ ᠠᠵᠢᠯ ᠢᠶᠠᠨ ᠦᠷᠨᠢᠬᠦᠯᠵᠠᠢ᠃ ᠲᠡᠮᠡᠢ ᠤᠳᠠᠭᠰᠠᠨ ᠦᠭᠡᠢ ᠭᠤᠷᠪᠠᠳᠤᠭᠠᠷ ᠢᠨᠲ᠋ᠧᠷᠨᠠᠼᠢᠦᠨᠠᠯ ᠤᠨ ᠬᠤᠯᠪᠤᠭ᠎ᠠ ᠠᠴᠠ ᠲᠡᠯᠭᠡᠷ ᠢ ᠲᠠᠭᠤᠳᠠᠨ ᠠᠪᠠᠴᠢᠵᠦ ᠪᠡᠭᠡᠵᠢᠩ ᠳᠤ ᠶᠡᠷᠦᠩᠭᠡᠢ ᠬᠤᠯᠪᠤᠭᠠᠴᠢᠨ ᠢᠶᠠᠷ ᠲᠤᠮᠢᠯᠠᠭᠰᠠᠨ ᠪᠠᠶᠢᠨ᠎ᠠ᠃ ᠶᠠᠫᠤᠨ ᠢ ᠡᠰᠡᠷᠬᠦᠴᠡᠬᠦ ᠲᠠᠶᠢᠨ ᠡᠬᠢᠯᠡᠭᠰᠡᠨ ᠤ ᠰᠡᠬᠦᠯᠡᠷ ᠲᠡᠷᠡ ᠮᠤᠩᠭᠤᠯ ᠤᠯᠤᠰ ᠲᠤ ᠤᠴᠢᠵᠦ ᠭᠤᠷᠪᠠᠳᠤᠭᠠᠷ ᠢᠨᠲ᠋ᠧᠷᠨᠠᠼᠢᠦᠨᠠᠯ ᠤᠨ ᠬᠤᠯᠪᠤᠭ᠎ᠠ ᠳᠤ ᠠᠵᠢᠯ ᠢᠶᠠᠨ ᠮᠡᠳᠡᠬᠦᠯᠵᠡᠢ᠃ ᠬᠤᠵᠢᠮ ᠨᠢ ᠮᠤᠩᠭᠤᠯ ᠤᠯᠤᠰ ᠤᠨ ᠬᠤᠪᠢᠰᠬᠠᠯ ᠤᠨ ᠡᠰᠡᠷᠬᠦᠴᠤᠳ ᠢ ᠲᠠᠷᠤᠩᠭᠤᠶᠢᠯᠠᠬᠤ ᠶᠢ ᠦᠷᠭᠡᠳᠭᠡᠬᠦ ᠳᠤ ᠲᠡᠷᠡ ᠫᠤᠩᠰᠤᠭ ᠨᠠᠷ ᠲᠠᠢ ᠬᠢᠨᠳᠠᠨ ᠳᠤ ᠤᠷᠤᠵᠠᠢ᠃ 1945 ᠤᠨ ᠳᠤ ᠰᠤᠯᠠᠯᠠᠭᠳᠠᠨ ᠭᠠᠷᠴᠦ ᠢᠷᠡᠭᠡᠳ ᠤᠯᠤᠰ ᠲᠠᠭᠠᠨ ᠪᠤᠴᠠᠬᠤ ᠵᠠᠮ ᠵᠠᠭᠤᠷ᠎ᠠ ᠪᠠᠳᠤᠬᠠᠭᠠᠯᠭ᠎ᠠ ᠳᠤ ᠶᠠᠫᠤᠨ ᠤ ᠲᠠᠩᠨᠠᠭᠤᠯ ᠳᠤ ᠪᠠᠷᠢᠪᠴᠢᠯᠠᠭᠳᠠᠨ ᠴᠠᠩᠴᠦ᠋ᠨ ᠳᠤ ᠬᠦᠷᠭᠡᠭᠳᠡᠨ ᠲᠠᠶᠢᠰᠦᠨ ᠳᠤ ᠨᠢᠭᠤᠴᠠ ᠪᠠᠷ ᠬᠤᠤᠷᠯᠠᠭᠳᠠᠵᠠᠢ᠃                                                                              ᠲᠤᠯᠤᠭ᠎ᠠ                       ᠲᠡᠯᠭᠡᠷ ᠬᠤᠪᠢᠰᠬᠠᠯ ᠤᠨ ᠲᠦᠯᠦᠭᠡ ᠠᠮᠢ ᠨᠠᠰᠦ ᠪᠠᠨ ᠦᠷᠡᠭᠳᠡᠬᠦᠯᠵᠦ ᠲᠡᠬᠦᠨ ᠤ ᠠᠪᠤ ᠮᠤᠯᠤᠨᠵᠠᠮᠰᠦ ᠨᠠᠰᠤᠳᠠᠨ ᠬᠢᠨᠳᠠᠨ ᠳᠤ ᠬᠤᠷᠢᠭᠳᠠᠵᠦ ᠬᠦᠨᠳᠦ ᠡᠷᠡᠬᠦᠦ ᠲᠠᠮᠤᠯᠠᠯ ᠢ ᠠᠮᠰᠠᠵᠦ᠂ ᠬᠢᠨᠳᠠᠨ ᠠᠴᠠ ᠭᠠᠷᠴᠦ ᠭᠡᠷ ᠲᠡᠭᠡᠨ ᠬᠠᠷᠢᠭᠠᠳ 1957 ᠤᠨ ᠳᠤ ᠡᠪᠡᠳᠴᠢᠨ ᠢᠶᠠᠷ ᠨᠠᠰᠦ ᠪᠠᠷᠠᠪᠠ᠃               ᠶᠠᠭ ᠡᠶᠢᠮᠦ ᠨᠢᠭᠡᠨ ᠵᠤᠯ ᠵᠢᠷᠭᠠᠯᠳᠦ ᠭᠡᠷ ᠪᠦᠯᠢ ᠶᠢᠨ ᠠᠷᠪᠠᠨ ᠵᠢᠯ ᠤᠨ ᠰᠠᠮᠠᠭᠤᠷᠠᠯ ᠤᠨ ᠦᠶ᠎ᠡ ᠳᠤ ᠮᠢᠨᠦ ᠪᠡᠶ᠎ᠡ ᠪᠤᠯᠤᠨ ᠲᠡᠯᠭᠡᠷ ᠤᠨ ᠲᠡᠬᠦᠦ ᠪᠠᠶᠠᠷ ᠲᠠᠩᠨᠠᠭᠤᠯ᠂ ᠬᠤᠪᠢᠰᠬᠠᠯ ᠤᠨ ᠡᠰᠡᠷᠬᠦᠦ ᠡᠳᠡᠭᠡᠳ ᠢᠶᠠᠷ ᠴᠤᠬᠢᠭᠳᠠᠵᠦ᠂ ᠪᠢ ᠲᠦᠩᠯᠢᠶᠤᠤ ᠶᠢᠨ ᠵᠠᠩᠭᠤᠳᠠᠢ ᠳᠠᠬᠢ ᠲᠦᠷᠬᠦᠮ ᠤᠨ ᠭᠡᠷ ᠲᠤ ᠬᠦᠷᠭᠡᠭᠳᠡᠵᠦ᠂ ᠬᠦᠳᠡᠯᠮᠦᠷᠢ ᠪᠠᠷ ᠦᠭᠡᠷᠡᠴᠢᠯᠡᠭᠳᠡᠯ᠎ᠡ᠃  ︽ᠲᠦᠷᠪᠡᠨ ᠬᠦᠮᠦᠨ ᠤ ᠪᠦᠯᠦᠭ︾ ᠪᠤᠳᠠ ᠨᠢᠷᠭᠡᠭᠳᠡᠭᠰᠡᠨ ᠤ ᠲᠠᠷᠠᠭ᠎ᠠ ᠬᠢᠯᠢᠰ ᠢ ᠴᠠᠭᠠᠳᠬᠠᠵᠦ᠂ ᠤᠯᠤᠰ ᠲᠦᠷᠦ ᠶᠢᠨ ᠲᠠᠯ᠎ᠠ ᠪᠠᠷ ᠴᠤ ᠨᠡᠷ᠎ᠡ ᠬᠦᠨᠳᠦ ᠶᠢ ᠰᠡᠷᠬᠦᠭᠡᠵᠦ ᠠᠵᠢᠯᠯᠠᠭᠤᠯᠪᠠ᠃ ᠮᠢᠨᠦ ᠭᠡᠯᠡᠬᠦ ᠦᠭᠡ ᠭᠡᠬᠦᠳᠡᠭ ᠲᠦᠬᠦᠷᠡᠩ ᠪᠤᠯᠪᠠᠴᠦ ᠴᠠᠭᠠᠰᠢ ᠶᠠᠭᠤ ᠶᠠᠷᠢᠯᠳᠠᠢ ᠪᠢᠯᠡ᠃                                                                                                                                           1982 ᠤᠨ ᠤ 12 ᠰᠠᠷ᠎ᠠ  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号