ᠬᠡᠰᠢᠭᠳᠡᠨ ᠤ ᠬᠠᠮᠠᠷᠳᠠᠢ ᠰᠠᠮᠳᠠᠨ
ᠨᠡᠶᠢᠲᠡᠯᠡᠭᠰᠡᠨ ᠴᠠᠭ᠄
2018/12/28
       ᠬᠠᠮᠠᠷᠳᠠᠢ ᠰᠠᠮᠳᠠᠨ ᠪᠣᠯ ᠬᠡᠰᠢᠭᠳᠡᠨ ᠤ ᠨᠠᠮᠵᠢᠯ ᠵᠠᠰᠠᠭ ᠤᠨ ᠦᠶ᠎ᠡ ᠳᠤ ᠠᠷᠠᠳ ᠤᠨ ᠠᠮᠠᠨ ᠵᠣᠬᠢᠶᠠᠯᠴᠢ ᠪᠠᠶᠢᠵᠠᠢ᠃ ᠲᠡᠬᠦᠨ ᠤ ᠬᠠᠮᠠᠷ ᠨᠢ ᠪᠣᠰᠣᠳ ᠠᠴᠠ ᠣᠨᠴᠠᠭᠠᠢ ᠪᠣᠯᠬᠤᠷ ᠬᠠᠮᠠᠷᠳᠠᠢ ᠰᠠᠮᠳᠠᠨ ᠬᠡᠰᠡᠨ ᠴᠣᠯᠠ ᠣᠯᠪᠠ᠃ ᠠᠷᠠᠳ ᠤᠨ ᠲᠣᠮᠳᠠ ᠲᠡᠬᠦᠨ ᠤ ᠠᠮᠠᠨ ᠵᠣᠬᠢᠶᠠᠯ ᠦᠷᠬᠡᠨ ᠢᠶᠠᠷ  ᠲᠡᠯᠬᠡᠷᠡᠵᠤ ᠪᠠᠶᠢᠭᠰᠠᠨ ᠪᠣᠯᠪᠴᠣ᠂ ᠬᠠᠶᠠᠭᠳᠠᠵᠤ ᠣᠷᠬᠢᠭᠳᠠᠭᠠᠳ ᠣᠳᠣ ᠪᠣᠯᠬᠤ ᠳᠤ ᠮᠡᠳᠡᠬᠦ ᠬᠦᠮᠦᠨ ᠮᠠᠰᠢ ᠴᠦᠬᠡᠨ ᠪᠣᠯᠵᠠᠢ᠃               ᠲᠡᠣᠬᠡ ᠰᠣᠶᠣᠯ᠂ ᠵᠠᠩ ᠠᠭᠠᠯᠢ ᠰᠣᠷᠪᠣᠯᠵᠢᠯᠠᠵᠣ ᠶᠠᠪᠣᠳᠠᠭ ᠨᠠᠳᠠ ᠳᠤ ᠨᠣᠳᠤᠭ ᠤᠨ ᠠᠬᠠᠮᠠᠳ ᠪᠣᠭᠤᠷᠣᠯᠴᠣᠳ ᠬᠠᠮᠤᠭ ᠤᠨ ᠲᠣᠳᠣᠨᠣ ᠰᠠᠶᠢᠨ ᠨᠠᠶᠢᠵᠢ ᠮᠦᠷᠳᠡᠬᠡᠨ ᠪᠠᠭᠰᠢ ᠪᠣᠯᠳᠠᠭ ᠪᠢᠯᠡ᠂ ᠨᠠᠶᠠ ᠶᠢᠨ ᠲᠠᠪᠠᠭ᠎ᠠ ᠲᠠᠪᠠᠭᠰᠠᠨ᠂ ᠠᠵᠢᠯ ᠤᠨ ᠠᠮᠠᠷᠠᠯᠳᠠ ᠪᠠᠨ ᠠᠪᠣᠭᠰᠠᠨ ᠰᠢᠯᠢ ᠶᠢᠨ ᠭᠤᠣᠯ ᠠᠶᠢᠮᠠᠭ ᠲᠤ ᠭᠠᠵᠠᠷ ᠤᠨ ᠲᠡᠰ ᠤᠨ ᠬᠠᠷᠭᠠᠯᠵᠢᠯᠠᠯ ᠬᠦᠷᠳᠡᠵᠤ᠂ ᠴᠢᠯᠦᠬᠡᠯᠬᠦ ᠴᠢᠷᠡᠭ ᠤᠨ ᠪᠠᠶᠢᠯᠳᠣᠭᠴᠢ᠂ ᠺᠠᠳᠠᠷ᠂ ᠰᠠᠯᠠᠭ᠎ᠠ ᠲᠣᠪᠴᠢᠶᠠᠨ ᠲᠠᠷᠤᠭ᠎ᠠ ᠶᠢᠨ ᠲᠣᠰᠢᠶᠠᠯ ᠳᠤ ᠬᠢᠯᠠᠯᠵᠢᠳᠠᠯ᠎ᠠ ᠠᠵᠢᠯᠠᠯᠵᠣ ᠶᠠᠪᠣᠭᠰᠠᠨ ᠷᠠᠰᠢᠳᠠᠸ᠎ᠠ ᠭᠤᠸᠠᠢ ᠲᠠᠢ ᠵᠠᠪᠰᠢᠶᠠᠨ ᠲᠠᠭᠠᠷᠠᠵᠣ᠂ ᠨᠣᠳᠤᠭ ᠤᠨ ᠵᠣᠭᠤᠭ ᠢᠶᠠᠨ ᠲᠠᠯᠬᠡᠵᠤ ᠰᠠᠭᠤᠬᠤ ᠳᠤ ᠬᠠᠮᠠᠷᠳᠠᠢ ᠰᠠᠮᠳᠠᠨ ᠤ ᠦᠯᠢᠬᠡᠷ ᠢ ᠨᠠᠳᠠᠳᠣ ᠶᠠᠷᠢᠵᠣ ᠦᠭᠬᠦᠯ᠎ᠡ᠃              ᠷᠠᠰᠢᠳᠠᠸ᠎ᠠ ᠭᠤᠸᠠᠢ ᠪᠣᠯ ᠬᠠᠷᠬᠠᠨ ᠪᠠᠭ᠎ᠠ ᠠᠴᠠ ᠪᠠᠨ ᠲᠠᠷᠢᠬᠢ ᠲᠣᠯᠣᠭᠠᠢ ᠰᠡᠷᠬᠦᠯᠡᠩ᠂ ᠴᠡᠬᠡᠵᠢᠯᠡᠬᠦ ᠴᠢᠳᠠᠪᠦᠷᠢ ᠰᠠᠶᠢᠨ᠂ ᠠᠬᠠᠮᠠᠳ ᠨᠠᠰᠤᠳᠠᠨ ᠤ ᠶᠠᠷᠢᠭᠰᠠᠨ ᠱᠤᠭ ᠶᠦᠮᠤᠷ᠂ ᠶᠠᠪᠣᠭᠠᠨ ᠦᠯᠢᠬᠡᠷ᠂ ᠰᠣᠨᠢᠨ ᠢᠨᠢᠶᠡᠳᠦᠮᠳᠠᠢ ᠦᠬᠡ ᠶᠢ ᠰᠣᠨᠣᠰᠣᠮᠠᠭᠴᠠ ᠴᠡᠬᠡᠵᠢᠯᠵᠤ ᠪᠣᠰᠣᠳ ᠲᠤ  ᠬᠡᠯᠵᠤ‌ᠦᠭᠳᠡᠭ᠂ ᠵᠠᠯᠠᠭᠤ ᠨᠠᠰᠣᠨ ᠳᠠᠭᠠᠨ ᠰᠣᠨᠣᠰᠣᠭᠰᠠᠨ ᠵᠦᠢᠯ ᠢᠶᠠᠨ ᠶᠡᠷᠦ ᠮᠠᠷᠳᠠᠳᠠᠭ ᠦᠬᠡᠢ  ᠴᠡᠬᠡᠵᠢ ᠰᠠᠶᠢᠳᠠᠢ ᠬᠦᠮᠦᠨ ᠪᠢᠯᠡ᠃ ᠲᠡᠷᠡ ᠵᠠᠯᠭᠤ ᠨᠠᠰᠣᠨ  ᠳᠠᠭᠠᠨ ᠴᠡᠷᠡᠭ ᠲᠤ ᠣᠷᠣᠵᠤ ᠬᠢᠳᠠᠳ ᠤᠨ ᠲᠣᠮᠳᠠ ᠨᠢᠬᠡ ᠨᠠᠰᠣ ᠪᠠᠨ ᠦᠩᠬᠡᠷᠬᠦᠯᠦᠭᠰᠡᠨ ᠪᠣᠯᠪᠴᠣ ᠮᠣᠩᠭᠤᠯ ᠦᠬᠡ  ᠪᠠᠨ ᠶᠠᠭ ᠮᠠᠷᠳᠠᠭᠰᠠᠨ ᠦᠬᠡᠢ ᠣᠷᠣᠰᠣᠮ᠎ᠠ ᠰᠠᠶᠢᠬᠠᠨ ᠬᠡᠰᠢᠭᠳᠡᠨ ᠠᠮᠠᠨ ᠠᠶᠠᠯᠭᠤ ᠪᠠᠷ ᠨᠠᠳᠠ ᠲᠠᠢ ᠵᠣᠭᠤᠭᠳᠠᠯ᠎ᠠ᠃  ᠲᠠᠨᠢᠯ ᠪᠣᠰᠣ ᠨᠣᠳᠤᠭ ᠤᠨ ᠠᠬ᠎ᠠ ᠲᠠᠢ ᠪᠠᠨ ᠲᠠᠨᠢᠯᠴᠢᠵᠤ ᠬᠤᠭᠤᠴᠢ ᠲᠡᠯᠬᠡᠨ ᠰᠠᠭᠤᠬᠤ ᠳᠤ ᠬᠠᠮᠠᠷ ᠲᠠᠢ ᠰᠠᠮᠠᠳᠠᠨ  ᠤ ᠦᠯᠢᠬᠡᠷ ᠢ ᠵᠣᠭᠤᠭ ᠪᠣᠯᠭᠠᠨ ᠬᠡᠯᠡᠯ᠎ᠡ᠃ ︿ᠬᠠᠮᠠᠷᠳᠠᠢ ᠰᠠᠮᠠᠳᠠᠨ ᠡ ᠬᠠᠮᠢᠭᠠᠭᠤᠷ ᠢᠷᠡᠪᠡ︖﹀ ᠬᠡᠵᠤ‌ᠦᠶ᠎ᠡ ᠶᠢᠨ ᠬᠦᠮᠦᠰ ᠨᠢ ᠠᠰᠠᠭᠤᠪᠠᠯ ︿ᠬᠦᠩᠬᠡᠷ ᠤᠨ ᠲᠠᠯ᠎ᠠ ᠪᠠᠷ ᠬᠦᠶᠦᠯᠬᠡᠬᠡᠳ᠂ ᠦᠯᠦᠩ ᠤᠨ ᠵᠠᠬ᠎ᠠ ᠪᠠᠷ ᠦᠬᠡᠳᠡᠯᠡᠬᠦᠯᠦᠬᠡᠳ ᠂ ᠲᠠᠷᠭᠤᠨ ᠤ ᠨᠠᠭᠤᠷ ᠢᠶᠠᠷ ᠲᠠᠪᠠᠷᠠᠭᠤᠯᠣᠭᠠᠳ᠂ ᠰᠠᠶᠢᠷᠠᠭ ᠤᠨ ᠰᠢᠯᠢ ᠪᠠᠷ ᠰᠠᠵᠢᠯᠭᠤᠯᠣᠭᠠᠳ᠂ ᠰᠠᠶᠠᠬᠠᠨ ᠲᠠᠨ ᠤ  ᠳᠤ ᠢᠷᠡᠵᠤ ᠪᠠᠶᠢᠬᠤ ᠨᠢ ᠡᠨᠡ ᠪᠢᠯᠡ﹀ ᠬᠡᠵᠤ ᠬᠠᠷᠢᠭᠤᠯᠣᠨ᠎ᠠ᠃ ᠨᠢᠬᠡ ᠤᠳᠠᠭ᠎ᠠ ᠡᠪᠡᠰᠦᠨ ᠬᠠᠳᠤᠯᠠᠩ ᠢᠶᠠᠷ ᠭᠠᠷᠴᠣ ᠡᠪᠡᠰᠣ ᠬᠠᠳᠣᠵᠤ ᠪᠠᠶᠢᠬᠤ ᠳᠤ ᠬᠠᠨᠢ ᠨᠦᠬᠦᠳ ᠨᠢ ᠠᠭᠤᠯᠵᠢᠭᠠᠳ ︿ ᠰᠠᠮᠳᠠᠨ ᠭᠤᠸᠠᠢ ᠬᠡᠳᠦᠢ ᠡᠪᠡᠰᠣ ᠬᠠᠳᠣᠵᠤ ᠪᠠᠶᠢᠨ᠎ᠠ ᠪᠣᠢ︖﹀ ᠬᠡᠵᠤ ᠠᠰᠠᠭᠤᠬᠤ ᠳᠤ ︿ᠳ᠋ᠠ ᠯᠠᠮ ᠤᠨ ᠲᠠᠪᠣᠨ ᠣᠪᠣᠭ᠎ᠠ᠂ ᠲᠠᠭᠠᠭᠤᠯᠣᠭᠠᠳ ᠠᠷᠪᠠᠨ ᠣᠪᠣᠭ᠎ᠠ ᠂ ᠶᠠᠭᠵᠢᠭ ᠪᠠᠶᠠᠨ ᠤ ᠳᠤ ᠶᠢᠰᠦᠨ ᠣᠪᠣᠭ᠎ᠠ᠂ ᠶᠠᠳᠠᠭᠤ ᠮᠢᠨᠣ ᠭᠠᠷ ᠣᠰᠣᠳᠠᠵᠤ᠂ ᠶᠠᠭᠠᠬᠢᠬᠤ ᠶᠢᠨ ᠠᠷᠭ᠎ᠠ ᠦᠬᠡᠢ ᠪᠣᠯᠵᠣ ᠪᠠᠶᠢᠨ᠎ᠠ﹀ ᠬᠡᠪᠡ᠃              ᠬᠠᠮᠠᠷᠳᠠᠢ ᠰᠠᠮᠳᠠᠨ ᠤ ᠬᠡᠷ ᠨᠢ ᠲᠣᠩ ᠶᠠᠳᠠᠭᠤ ᠪᠣᠯᠬᠤᠷ ᠠᠶᠢᠯ ᠡᠷᠦᠬᠡ ᠪᠣᠰᠬᠠᠬᠤ ᠬᠦᠷᠦᠩᠬᠡ ᠦᠬᠡᠢ ᠲᠡᠨᠡᠬᠦᠴᠢᠯᠡᠨ ᠠᠮᠢᠳᠦᠷᠳᠠᠭ᠂ ᠨᠢᠬᠡ ᠵᠢᠯ ᠤᠨ ᠨᠠᠮᠣᠷ ᠪᠠᠳᠢᠷᠴᠢᠨ ᠯᠠᠮ ᠢ ᠲᠠᠭᠠᠵᠤ ᠬᠦᠮᠪᠦᠨ ᠬᠡᠶᠢᠳ ᠲᠤ ᠬᠦᠷᠴᠣ ᠣᠴᠢᠵᠠᠢ᠃ ᠶᠡᠭᠡ ᠰᠦᠮ᠎ᠡ ᠶᠢᠨ ᠡᠷᠳᠡᠮᠳᠡᠨ ᠯᠠᠮ ᠨᠠᠷ ᠲᠦᠪᠡᠳ ᠬᠡᠯᠡ ᠢᠶᠠᠷ ᠬᠦᠨ ᠣᠬᠠᠭᠠᠨ ᠤ ᠨᠣᠮ ᠬᠠᠶᠠᠯᠴᠢᠵᠣ ᠪᠠᠶᠢᠬᠤ ᠲᠠᠭᠠᠷᠢᠯᠳᠣᠵᠤ ᠬᠠᠵᠢᠭᠤ ᠳᠤ ᠨᠢ ᠵᠣᠭᠰᠣᠭᠠᠳ ᠨᠢᠬᠡ ᠴᠣ᠋ ᠦᠬᠡ ᠲᠦᠬᠦᠬᠡᠷᠡᠭᠰᠡᠨ ᠦᠬᠡᠢ᠂ ᠪᠢ ᠪᠠᠰᠠ ᠮᠣᠩᠭᠤᠯ ᠲᠦᠪᠡᠳ ᠨᠢ ᠢᠯᠠᠭᠠᠭᠳᠠᠬᠤ ᠦᠬᠡᠢ ᠨᠣᠮ ᠬᠠᠶᠠᠯᠴᠢᠵᠣ ᠦᠵᠡᠶ᠎ᠡ ᠬᠡᠵᠣ ᠶᠡᠭᠡ ᠡᠷᠳᠡᠮᠳᠡᠨ ᠯᠠᠮ ᠲᠠᠢ ᠨᠣᠮ ᠬᠠᠶᠠᠯᠴᠢᠵᠣ ᠬᠡᠨ᠎ᠡ᠃ ︿ᠮᠠ ᠶᠠᠮᠪᠠᠷ ᠲᠤ᠂ ᠰᠢᠷ᠎ᠠ ᠬᠦᠩᠬᠡᠷ ᠪᠡᠬᠡᠳᠠᠢ ᠮᠠ ᠶᠠᠮᠪᠡᠷ ᠲᠤ᠂ ᠰᠠᠶᠢᠷᠠᠭ ᠱᠣᠩᠭᠤ ᠮᠠ ᠶᠠᠮᠪᠡᠷ ᠲᠤ﹀ ᠬᠡᠵᠤ ᠡᠷᠳᠡᠮᠳᠡᠨ ᠯᠠᠮ ᠠᠴᠠ ᠠᠰᠠᠭᠤᠵᠤ ᠬᠡᠨ᠎ᠡ᠂ ᠲᠡᠷᠡ ᠡᠷᠳᠡᠮᠳᠡᠨ ᠷᠠᠪᠵᠠᠮᠪᠠ ᠮᠠᠰᠢ ᠭᠠᠶᠢᠬᠠᠵᠤ᠂ ᠮᠠᠨ ᠤ ᠬᠡᠯᠡᠯᠴᠢᠵᠤ ᠪᠠᠶᠢᠬᠤ ᠨᠣᠮ ᠲᠣᠳᠣᠷ᠎ᠠ ᠡᠶᠢᠮᠣ ᠰᠣᠨᠢᠨ ᠦᠬᠡ ᠪᠠᠶᠢᠬᠤ ᠦᠬᠡᠢ᠂ ᠡᠨᠡ ᠯᠠᠮ ᠶᠡᠭᠡ ᠡᠷᠳᠡᠮᠳᠡᠨ ᠬᠤᠸᠠᠷᠠᠭ ᠪᠠᠶᠢᠵᠤ ᠮᠡᠳᠡᠨ᠎ᠡ ᠬᠡᠵᠤ ᠴᠣᠣᠷᠡᠢ ᠶᠢᠨ ᠨᠣᠮ ᠠᠴᠠ ᠡᠷᠬᠢᠬᠦᠯᠦᠨ ᠣᠷᠪᠠᠭᠤᠯᠣᠨ ᠦᠵᠢᠭᠰᠡᠨ ᠪᠣᠯᠪᠴᠤ ᠣᠯᠣᠭᠰᠠᠨ ᠦᠬᠡᠢ᠂ ᠬᠠᠷᠢᠭᠤᠯᠵᠤ ᠴᠠᠳᠠᠭᠰᠠᠨ ᠦᠬᠡᠢ ᠲᠣᠯᠠ ︿ᠬᠠᠶᠢᠷ᠎ᠠ ᠶᠢᠨ ᠷᠠᠪᠵᠡᠮᠪᠠ﹀ ᠬᠡᠰᠡᠨ ᠴᠣᠯᠠ ᠦᠭᠴᠣ ᠨᠢᠬᠡ ᠴᠠᠭ ᠤᠨ ᠴᠠᠭᠠᠨ ᠴᠠᠪ ᠢᠳᠡᠬᠦᠯᠵᠤ ᠬᠡᠷ ᠲᠤᠨᠢ ᠶᠠᠪᠣᠭᠤᠯᠵᠣ ᠬᠡᠨ᠎ᠡ᠃ ᠨᠣᠳᠤᠭ ᠲᠠᠭᠠᠨ ᠬᠠᠷᠢᠵᠤ ᠢᠷᠡᠬᠡᠳ ︿ᠪᠢ ᠴᠢᠨᠢ ᠲᠦᠪᠡᠳ ᠨᠤᠮ‌‍ᠰᠣᠷᠣᠭᠰᠠᠨ ᠦᠬᠡᠢ ᠴᠣ᠋ ᠨᠣᠳᠤᠭ ᠣᠰᠣᠨ ᠤ ᠪᠠᠨ ᠨᠡᠷ᠎ᠡ ᠪᠠᠷ ᠨᠣᠮ ᠬᠠᠶᠠᠯᠴᠢᠵᠣ ᠲᠡᠬᠡᠳᠣ ᠲᠡᠰ ᠤᠨ ᠷᠠᠪᠵᠠᠮᠪᠠ ᠪᠣᠯᠴᠢᠬᠯ᠎ᠠ ᠰᠢᠤ᠂ ᠮᠢᠨᠤ ᠨᠣᠳᠤᠭ ᠣᠰᠣᠨ ᠤ ᠨᠡᠷ᠎ᠡ ᠨᠠᠳᠠᠳᠣ ᠡᠷᠳᠡᠮᠳᠡᠨ ᠤ ᠴᠣᠯᠠ ᠣᠯᠭᠤᠯ᠎ᠠ﹀ ᠬᠡᠵᠤ ᠠᠯᠠᠭ᠎ᠠ ᠪᠠᠨ ᠲᠠᠰᠢᠵᠤ ᠠᠭᠤᠯᠵᠠᠭᠰᠠᠨ ᠪᠦᠬᠦᠨ ᠳᠤ ᠶᠠᠷᠢᠵᠤ ᠶᠠᠪᠣᠳᠠᠭ ᠬᠡᠨ᠎ᠡ᠃              ᠰᠠᠮᠳᠠᠨ ᠭᠤᠸᠠᠢ᠂ ᠨᠣᠶᠠᠳ᠂ ᠪᠠᠶᠠᠳ ᠠᠴᠠ ᠠᠶᠣᠳᠠᠭ ᠦᠬᠡᠢ ᠪᠠᠷᠳᠠᠩ ᠦᠬᠡ᠂ ᠬᠤᠱᠣᠩ ᠦᠬᠡ ᠪᠠᠷ ᠬᠦᠮᠣᠰ ᠢ ᠭᠠᠷᠳᠠᠭᠠᠵᠣ ᠲᠡᠳᠡᠨ ᠤ ᠡᠭᠳᠡᠬᠦᠦ ᠶᠢ ᠬᠦᠷᠬᠡᠵᠤ᠂ ᠬᠠᠷ᠎ᠠ ᠲᠠᠰᠢᠭᠤᠷ ᠤᠨ ᠬᠠᠯᠠ ᠶᠢ ᠬᠡᠳᠦᠢ ᠠᠮᠰᠠᠭᠰᠠᠨ  ᠢ ᠮᠡᠳᠡᠬᠦ ᠦᠬᠡᠢ᠃ ᠨᠢᠬᠡ ᠵᠢᠯ ᠤᠨ ᠴᠠᠭᠠᠨ ᠰᠠᠷ᠎ᠠ ᠣᠶᠢᠷᠠᠳᠣᠬᠤ ᠦᠶ᠎ᠡ ᠪᠠᠷ ᠨᠣᠶᠠᠨ ᠰᠠᠩ ᠤᠨ ᠬᠡᠷ ᠲᠤ ᠬᠦᠷᠬᠦ  ᠳᠤ ᠵᠠᠷᠣᠴᠠ ᠪᠣᠭᠤᠯ ᠨᠠᠷ ᠶᠠᠭᠠᠷᠠᠯᠳᠣᠵᠤ ᠪᠠᠶᠢᠵᠠᠢ᠃ ᠲᠣᠭᠤᠭᠠᠨ ᠬᠡᠷ ᠳᠤ ᠨᠢ ᠣᠷᠣᠬᠤᠯᠠᠷ ᠵᠠᠷᠣᠴᠠ ᠨᠠᠷ ᠪᠣᠳᠠᠭ᠎ᠠ ᠨᠦᠳᠦᠵᠤ ᠴᠠᠶᠢᠯᠭᠠᠵᠣ ᠪᠠᠶᠢᠨ᠎ᠠ᠂ ᠨᠢᠬᠡ ᠵᠠᠷᠣᠴᠠ ᠲᠡᠬᠦᠨ ᠢ ᠵᠠᠷᠣᠬᠤ ᠪᠣᠳᠣᠯ ᠣᠷᠣᠵᠣ ᠬᠠᠳᠣᠨ ᠡᠵᠢ ᠶᠢᠨ ᠨᠡᠷ᠎ᠡ  ᠶᠢ ᠵᠢᠭᠠᠵᠣ ︿ᠰᠠᠮᠳᠠᠨ ᠡ ᠴᠠᠮ᠎ᠠ ᠶᠢ ᠪᠣᠳᠠᠭ᠎ᠠ ᠨᠦᠳᠦᠵᠣ ᠴᠠᠶᠢᠯᠠᠭ᠎ᠠ ᠬᠡᠵᠤ ᠬᠡᠯᠡᠵᠣ ᠪᠠᠶᠢᠨ᠎ᠠ﹀ ᠬᠡᠪᠠ᠂ ᠰᠠᠮᠳᠠᠨ ᠲᠣᠷ᠎ᠠ ᠦᠬᠡᠢ ᠨᠢ ᠬᠦᠷᠴᠤ᠂ ᠵᠠᠰᠠᠭ ᠨᠣᠶᠠᠨ ᠤ ᠠᠷᠣ ᠬᠤᠷᠴᠢᠨ ᠠᠴᠠ ᠪᠠᠭᠤᠯᠭᠠᠭᠰᠠᠨ ᠬᠡᠴᠡᠬᠦᠦ ᠬᠠᠳᠣᠨ ᠪᠠᠶᠢᠨ᠎ᠠ ᠬᠡᠳᠡᠭ ᠶᠣᠮ᠂ ᠲᠡᠷᠡ ᠶᠠᠭᠠᠬᠢᠬᠤ ᠨᠢ ᠦᠵᠡᠶ᠎ᠡ ᠬᠡᠵᠤ ᠵᠠᠷᠣᠴᠠ ᠶᠢᠨ ᠡᠰᠡᠷᠬᠦᠦ ᠫᠦᠵᠢᠨ ᠬᠠᠳᠣᠨ ᠳᠠᠭᠠᠨ ᠬᠡᠯᠵᠤ ᠦᠭ ︿ᠪᠢ ᠴᠢᠨᠣ ᠵᠠᠷᠣᠴᠠ ᠪᠢᠰᠢ᠂ ᠰᠠᠮᠳᠠᠨ ᠪᠢ ᠰᠠᠯᠳᠠᠭ᠎ᠠ ᠴᠢᠨᠢ ᠬᠠᠪᠴᠢᠭᠤᠯᠵᠤ᠂ ᠰᠠᠯᠠᠭ᠎ᠠ ᠪᠠᠷ ᠢᠶᠠᠨ ᠨᠦᠳᠦᠭᠰᠡᠨ ᠦᠬᠡᠢ᠂ ᠪᠢ ᠬᠢᠬᠦ ᠦᠬᠡᠢ ᠬᠡᠵᠤ ᠬᠡᠯᠡᠵᠤ ᠦᠭ﹀ ᠬᠡᠪᠡ᠃ ᠵᠠᠷᠣᠴᠠ ᠨᠢ ᠲᠡᠷᠡ ᠶᠣᠰᠣᠭᠠᠷ ᠬᠠᠳᠣᠨ  ᠳᠤ ᠮᠦᠷᠬᠦᠨ ᠪᠠᠶᠢᠵᠤ ᠠᠶᠢᠯᠠᠳᠬᠠᠪᠠ᠃ ᠬᠠᠳᠣᠨ ᠰᠣᠨᠣᠰᠣᠭᠠᠳ ᠮᠠᠰᠢ ᠶᠡᠭᠡ ᠬᠢᠯᠢᠭ ᠬᠦᠷᠴᠤ᠂ ᠡᠨᠡ ᠮᠠᠭᠤ ᠭᠤᠶᠢᠷᠠᠨᠴᠢ ᠬᠢᠷᠢ ᠪᠠᠨ ᠮᠡᠳᠡᠬᠦ ᠦᠬᠡᠢ ᠨᠠᠳᠠ ᠶᠢ ᠡᠰᠡᠷᠬᠦᠴᠢᠨ᠎ᠡ ᠬᠡᠵᠤ ᠲᠠᠬᠠᠷ ᠨᠠᠷ ᠢᠶᠠᠨ ᠲᠠᠭᠤᠳᠠᠵᠣ ᠬᠠᠳᠣᠨ ᠤ ᠦᠷᠬᠦᠬᠡ ᠬᠡᠷ ᠤᠨ ᠡᠮᠦᠨ᠎ᠡ ᠬᠡᠪᠳᠡᠬᠦᠯᠦᠨ ᠪᠦᠭᠰᠡᠨ ᠲᠡᠬᠡᠷ᠎ᠡ ᠨᠢ50 ᠲᠠᠰᠢᠭᠤᠷ ᠭᠤᠶᠠᠳᠠᠬᠤ ᠪᠠᠷ ᠵᠠᠷᠯᠢᠭ ᠪᠠᠭᠤᠯᠭᠠᠪᠠ᠂50 ᠲᠠᠰᠢᠭᠤᠷ ᠤᠨ ᠶᠠᠯ᠎ᠠ ᠪᠠᠨ ᠬᠦᠯᠢᠶᠡᠵᠣ ᠰᠢᠳᠣ ᠵᠢᠭᠤᠨ ᠲᠡᠰᠪᠦᠷᠢᠯᠡᠨ ᠪᠣᠰᠠᠭᠠᠳ ᠬᠠᠳᠣᠨ ᠤ ᠦᠬᠡᠳᠡ ᠠᠴᠠ ︿ᠬᠤᠰᠢᠭᠤ ᠬᠤᠰᠢᠭᠤᠨ ᠤ ᠨᠣᠶᠠᠳ ᠬᠤᠨᠢᠨ ᠰᠢᠬᠦᠰᠤ ᠪᠠᠷ ᠰᠢᠨᠡᠯᠵᠣ ᠪᠠᠶᠢᠨ᠎ᠠ᠂ ᠫᠦᠵᠢᠨ ᠬᠠᠳᠦᠨ ᠰᠠᠮᠳᠠᠨ ᠤ ᠪᠦᠭᠰᠡ ᠪᠠᠷ ᠰᠢᠨᠡᠯᠵᠣ ᠪᠠᠶᠢᠨ᠎ᠠ﹀ ᠬᠡᠵᠤ ᠬᠡᠯᠡᠬᠡᠳ ᠭᠠᠷᠴᠤ ᠶᠠᠪᠣᠪᠠ ᠬᠡᠨ᠎ᠡ  ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号