ᠣᠮᠠᠷᠠᠳᠤ ᠶᠣᠸᠡᠨ ᠣᠯᠣᠰ ᠤᠨ ᠨᠡᠶᠢᠰᠡᠯᠡᠯ ᠪᠠᠷᠰ ᠬᠤᠳᠠ ︵ᠶᠢᠩ ᠴᠠᠩ ᠯᠣ᠋︶
ᠨᠡᠶᠢᠲᠡᠯᠡᠭᠰᠡᠨ ᠴᠠᠭ᠄
2018/12/28
                                                   — ᠪᠤᠷᠵᠢᠬᠢᠨ ᠪᠦᠷᠢᠨᠳᠡᠬᠦᠰ         ᠶᠡᠭᠡ ᠶᠣᠸᠡᠨ ᠣᠯᠣᠰ ᠤᠨ ᠰᠡᠬᠦᠯᠴᠢ ᠬᠠᠭᠠᠨ ᠲᠣᠭᠤᠨᠳᠡᠮᠣᠷ 1320 ᠣᠨ ᠳᠤ ᠮᠡᠨᠳᠦᠯᠡᠵᠣ᠂ ᠶᠡᠭᠡ ᠶᠣᠸᠡᠨ ᠣᠯᠣᠰ ᠤᠨ ᠬᠠᠭᠠᠨ ᠤ ᠰᠠᠭᠤᠷᠢᠨ ᠳᠤ1333 ᠣᠨ ᠳᠤ ᠰᠠᠭᠠᠳᠠᠵᠣ᠂ 38 ᠵᠢᠯ ᠬᠠᠭᠠᠨ ᠰᠠᠭᠤᠷᠢᠨ ᠳᠤ ᠰᠠᠭᠠᠳᠠᠵᠤ᠂᠂ ᠬᠠᠭᠠᠨ ᠤ ᠴᠣᠯᠠ ᠪᠠᠨ ᠣᠬᠠᠭᠠᠨᠳᠤ ᠬᠠᠭᠠᠨ ᠬᠡᠮᠡᠨ ᠴᠤᠯᠠᠯᠠᠵᠠᠢ᠃᠃ ᠶᠡᠭᠡ ᠶᠣᠸᠡᠨ ᠣᠯᠣᠰ ᠤᠨ ᠬᠠᠮᠤᠭ ᠤᠨ ᠰᠡᠬᠦᠯᠴᠢ ᠶᠢᠨ ᠬᠠᠭᠠᠨ ᠮᠦᠷᠳᠡᠬᠡᠨ ᠣᠮᠠᠷᠠᠳᠤ ᠶᠣᠸᠡᠨ ᠣᠯᠣᠰ ᠤᠨ  ᠴᠣᠭᠴᠠᠯᠠᠭᠴᠢ ᠮᠦᠨ᠃1370 ᠣᠨ ᠳᠤ ᠪᠠᠷᠰ ᠬᠤᠳᠠ ᠳᠤ ᠲᠠᠭᠠᠯᠠᠯ ᠪᠣᠯᠪᠠ᠃ ᠲᠣᠭᠤᠨᠳᠡᠮᠣᠷ ᠬᠠᠭᠠᠨ ᠪᠣᠯ ᠶᠣᠸᠡᠨ ᠣᠯᠣᠰ ᠤᠨ ᠬᠤᠳᠣᠭᠳᠣ ᠬᠠᠭᠠᠨ ᠬᠦᠰᠡᠯᠡ ᠬᠠᠭᠠᠨ ᠤ ᠠᠬᠠᠮᠠᠳ ᠬᠦᠪᠡᠬᠦᠨ ᠪᠢᠯᠡ᠃ ᠶᠡᠭᠡ ᠶᠣᠸᠡᠨ ᠣᠯᠣᠰ ᠤᠨ 15 ᠳ᠋ᠤᠭᠠᠷ ᠦᠶ᠎ᠡ ᠶᠢᠨ ᠬᠠᠭᠠᠨ ᠪᠣᠯᠣᠨ᠎ᠠ᠃             ᠬᠠᠭᠠᠨ ᠰᠢᠷᠡᠭᠡ ᠳᠤ ᠰᠠᠭᠠᠭᠳᠠᠭᠰᠠᠨ ᠰᠡᠭᠦᠯᠴᠢ ᠶᠢᠨ ᠬᠤᠭᠤᠴᠠᠭᠠᠨ ᠳᠤ ᠲᠦᠷᠦ ᠲᠦᠪᠰᠢᠨ ᠦᠬᠡᠢ ᠪᠠᠶᠢᠵᠡᠢ᠃1367 ᠣᠨ ᠳᠤ ᠲᠠᠷᠢᠶᠠᠴᠢᠨ ᠤ ᠪᠣᠰᠣᠯᠭ᠎ᠠ ᠶᠢᠨ ᠲᠦᠷᠦᠬᠦᠦ ︵ᠣᠯᠠᠭᠠᠨ ᠠᠯᠴᠢᠭᠤᠷᠳᠠᠨ ᠤ ᠪᠣᠰᠣᠯᠭ᠎ᠠ︶ ᠵᠣ᠋ ᠶᠣᠸᠡᠨ ᠵᠠᠩ ᠬᠠᠭᠠᠨ ᠰᠢᠷᠡᠬᠡᠨ ᠳᠤ ᠰᠠᠭᠤᠵᠣ ᠤᠯᠤᠰ ᠤᠨ ᠴᠣᠯᠠ ᠪᠠᠨ ᠮᠢᠩ ᠬᠡᠮᠡᠨ ᠨᠡᠷᠡᠶᠢᠳᠦᠬᠡᠳ ᠬᠤᠩ ᠡᠣ ᠶᠢᠨ ᠲᠡᠷᠢᠬᠦᠨ ᠬᠡᠮᠡᠵᠣ᠂ ᠶᠢᠩ ᠲᠢᠶᠠᠨ ︵ᠨᠠᠨᠵᠢᠩ ᠬᠤᠳᠠ︶ ᠢᠶᠠᠷ ᠨᠡᠶᠢᠰᠯᠡᠯ ᠢᠶᠠᠨ ᠪᠣᠯᠭᠠᠪᠠ᠃ ᠲᠣᠭᠤᠨᠳᠡᠮᠦᠷ ᠬᠠᠭᠠᠨ ᠮᠢᠩ ᠣᠯᠣᠰ ᠤᠨ ᠴᠡᠷᠢᠭ ᠤᠨ ᠬᠦᠴᠦᠨ ᠳᠤ ᠲᠠᠷᠣᠭᠳᠠᠵᠣ᠂ ᠰᠢᠳᠠᠷ ᠲᠦᠰᠢᠮᠡᠳ ᠲᠠᠢ ᠪᠠᠨ ᠵᠦᠪᠳᠡᠬᠦ ᠦᠶ᠎ᠡ ᠳᠤ ᠴᠡᠷᠢᠭ ᠤᠨ ᠲᠦᠰᠢᠮᠡᠳ ᠵᠣ ᠪᠠᠶᠠᠨᠪᠣᠬ᠎ᠠ ᠬᠡᠯᠡᠭᠰᠡᠨ ᠨᠢ᠄ ︵ᠲᠡᠯᠡᠬᠡᠢ ᠳ᠋ᠠᠬᠢᠨ ᠪᠣᠯᠪᠠᠰᠣ ᠱᠢᠽᠣ ᠬᠠᠭᠠᠨ ᠤ ᠪᠣᠯᠠᠢ᠂ ᠬᠠᠭᠠᠨ ᠦᠬᠦᠨ ᠰᠠᠬᠢᠪᠠᠰᠤ ᠵᠣᠬᠢᠮᠣᠢ᠂ ᠶᠠᠭᠠᠬᠢᠨ ᠬᠠᠶᠠᠭᠠᠳ ᠶᠠᠪᠣᠬᠤ ᠠᠵᠠᠢ᠂ ᠲᠦᠰᠢᠮᠡᠳ ᠪᠢᠳᠡ ᠲᠣᠷᠠᠳᠠᠶᠢᠶ᠎ᠠ ᠴᠡᠷᠢᠭ ᠠᠷᠠᠳ ᠪᠠ ᠬᠡᠰᠢᠭᠳᠡᠨᠴᠣᠳ ᠢ ᠣᠳᠣᠷᠢᠳᠣᠨ ᠬᠤᠳᠠ ᠠᠴᠠ ᠭᠠᠷᠴᠣ ᠡᠰᠡᠷᠬᠦᠴᠡᠯᠳᠦᠨ ᠪᠠᠶᠢᠯᠳᠤᠮᠤᠢ᠂ ᠬᠠᠭᠠᠨ ᠨᠡᠶᠢᠰᠡᠯᠡᠯ ᠬᠤᠳᠠ ᠪᠠᠨ ᠴᠢᠩᠭ᠎ᠠ ᠰᠠᠬᠢᠬᠤ ᠪᠣᠯᠪᠡᠣ︶ ᠬᠡᠮᠡᠨ ᠣᠬᠢᠯᠠᠨ ᠪᠠᠶᠢᠵᠣ ᠮᠡᠳᠡᠭᠦᠯᠦᠭᠰᠡᠨ ᠭᠡᠵᠣ ᠲᠡᠮᠳᠡᠭᠯᠡᠵᠤ ᠪᠣᠢ᠃ ᠮᠢᠩ ᠣᠯᠣᠰ ᠤᠨ ᠴᠡᠷᠢᠭ ᠤᠨ ᠬᠦᠴᠦᠨ ᠶᠡᠭᠡ ᠲᠣᠯᠠ ᠡᠰᠡᠷᠬᠦᠴᠡᠯᠳᠦᠨ ᠪᠠᠶᠢᠯᠳᠣᠪᠠᠰᠤ ᠠᠰᠢᠭ ᠦᠬᠡᠢ᠂ ᠬᠤᠬᠢᠷᠠᠯ ᠮᠠᠰᠢ ᠶᠡᠭᠡ ᠪᠣᠯᠣᠨ᠎ᠠ ᠬᠡᠵᠣ ᠵᠠᠶᠢᠯᠠᠵᠣ ᠶᠠᠪᠣᠬᠤ ᠪᠣᠳᠣᠯᠭ᠎ᠠ ᠠᠪᠴᠣ᠂ ᠵᠢᠶᠠ ᠳ᠋ᠧ ᠮᠧᠨ ᠬᠠᠭᠠᠯᠭ᠎ᠠ ᠪᠠᠷ ᠬᠠᠳᠤᠳ ᠲᠠᠳᠠᠪᠣᠷᠢ᠂ ᠬᠠᠭᠠᠨ ᠤ ᠣᠭᠰᠠᠭᠠᠳᠠᠨ᠂ ᠰᠢᠳᠠᠷ ᠲᠦᠰᠢᠮᠡᠳ ᠢᠶᠠᠨ ᠲᠠᠭᠠᠭᠤᠯᠣᠨ ᠬᠡᠳᠦᠨ ᠲᠦᠮᠡᠨ ᠬᠡᠰᠢᠭᠳᠡᠨ ᠴᠡᠷᠢᠭ ᠢᠶᠠᠷ ᠬᠠᠮᠠᠭᠠᠯᠭᠤᠯᠣᠨ ᠲᠡᠬᠡᠳᠤ ᠨᠡᠶᠢᠰᠯᠡᠯ ︵ᠶᠣᠸᠡᠨ ᠱᠠᠩᠳᠣ︶ ᠳᠤ ᠣᠬᠤᠷᠢᠨ ᠣᠴᠢᠪᠠ᠃ ᠮᠢᠩ ᠣᠯᠣᠰ ᠤᠨ ᠴᠡᠷᠢᠭ ᠤᠨ ᠬᠦᠴᠦᠨ ᠢᠶᠠᠷ ᠲᠠᠭᠠᠷᠢᠯᠳᠡ ᠬᠢᠬᠦ ᠴᠢᠮᠡᠭᠡ ᠶᠢ ᠰᠣᠨᠣᠰᠴᠤ ᠲᠡᠨᠳᠡ ᠠᠴᠠ ᠪᠠᠨ ᠣᠬᠤᠷᠢᠨ ᠬᠡᠰᠢᠭᠳᠡᠨ ᠤ ᠲᠠᠯᠠᠶᠢᠨᠠᠭᠤᠷ ᠤᠨ ᠠᠷᠤ ᠳᠠᠬᠢ ᠶᠢᠩ ᠴᠠᠩ ᠯᠣ᠋ ︵ᠪᠠᠷᠰ ᠬᠤᠳᠠ︶ ᠬᠤᠳᠠ ᠳᠤ ᠢᠷᠡᠵᠣ ᠲᠦᠷᠦ ᠭᠦᠷᠦᠨ ᠢᠶᠠᠨ ᠵᠠᠬᠢᠷᠬᠤ ᠨᠡᠭᠦᠳᠡᠯ ᠨᠡᠶᠢᠰᠯᠡᠯ ᠪᠣᠯᠭᠠᠵᠣ ᠰᠠᠭᠤᠪᠠ᠃ ᠲᠠᠷᠣᠢ1369 ᠣᠨ ᠪᠣᠯᠠᠢ᠂ ᠲᠣᠭᠤᠨᠳᠡᠮᠣᠷ ᠬᠠᠭᠠᠨ ᠮᠢᠩ ᠣᠯᠣᠰ ᠤᠨ ᠡᠰᠡᠷᠬᠦᠦ ᠪᠠᠶᠢᠯᠳᠣᠬᠤ ᠪᠣᠳᠣᠯᠭ᠎ᠠ ᠲᠣᠭᠳᠠᠭᠠᠵᠣ ᠲᠠᠶᠢᠶᠣᠸ᠋ᠨᠨ ᠤ ᠵᠠᠩᠵᠦᠨ ᠬᠦᠬᠡᠳᠡᠮᠣᠷ ᠲᠤ ᠵᠠᠷᠯᠢᠭ ᠪᠠᠭᠤᠯᠭᠠᠵᠣ ᠬᠠᠷᠢᠶᠠᠳᠤ ᠴᠡᠷᠢᠭ ᠢᠶᠠᠨ ᠲᠠᠶᠢᠴᠢᠯᠠᠨ ᠲᠠᠶᠢᠳᠤ ᠬᠤᠳᠠ ᠶᠢ ᠡᠬᠡᠬᠦᠯᠦᠨ ᠠᠪᠳᠣᠭᠠᠢ ᠬᠡᠪᠡ᠃ ᠲᠡᠷᠡ ᠬᠠᠭᠠᠨ ᠤ ᠵᠠᠷᠯᠢᠭ ᠢ ᠡᠷᠡᠰ ᠲᠠᠭᠠᠵᠣ ᠴᠡᠷᠢᠭ ᠢᠶᠠᠨ ᠲᠠᠶᠢᠴᠢᠯᠡᠨ ᠲᠠᠶᠢᠳᠣ ᠵᠦᠭ ᠶᠠᠪᠣᠵᠣ ᠪᠠᠶᠢᠭᠠᠳ ᠮᠢᠩ ᠣᠯᠣᠰ ᠤᠨ ᠴᠡᠷᠢᠭ ᠲᠤ ᠪᠦᠰᠡᠯᠡᠭᠳᠡᠨ ᠢᠯᠠᠭᠳᠠᠵᠣ ᠭᠠᠨᠰᠤ ᠵᠦᠭ ᠲᠣᠳᠠᠭᠠᠪᠠ᠃         1370 ᠣᠨ ᠤ 4 ᠰᠠᠷ᠎ᠠ ᠶᠢᠨ ᠣᠯᠠᠭᠠᠨ ᠨᠣᠬᠠᠢ ᠡᠳᠦᠷ ᠲᠣᠭᠤᠨᠳᠡᠮᠣᠷ ᠬᠠᠭᠠᠨ ᠶᠣᠯᠬᠤᠳᠠᠰᠤ ᠡᠪᠳᠴᠢᠨ  ᠢᠶᠠᠷ ᠪᠠᠷᠰ ᠬᠤᠳᠠ ᠳᠤ 51 ᠨᠠᠰᠤ ᠲᠠᠢ ᠲᠠᠭᠠᠯᠠᠯ ᠪᠣᠯᠪᠠ᠃ ᠲᠡᠬᠦᠨ ᠤ ᠬᠦᠪᠡᠭᠦᠨ ᠠᠶᠣᠰᠢᠷᠢᠳᠠᠷ᠎ᠠ  ᠡᠴᠢᠬᠡ ᠬᠠᠭᠠᠨ ᠢᠶᠠᠨ ᠵᠠᠯᠭᠠᠮᠵᠢᠯᠠᠨ ᠬᠠᠭᠠᠨ ᠰᠢᠷᠬᠡᠨ᠎ᠡ ᠰᠠᠭᠤᠵᠤ ᠪᠢᠯᠢᠭᠳᠦ ᠬᠠᠭᠠᠨ ᠬᠡᠮᠨᠨ ᠴᠣᠯᠠᠯᠵᠠᠢ᠃ ᠶᠢᠩ ᠴᠠᠩ ᠬᠤᠳᠠ ᠴᠦ ᠬᠠᠭᠠᠨ ᠤ ᠠᠩᠬᠠᠨ ᠤ ᠨᠡᠶᠢᠰᠯᠡᠯ ᠪᠣᠯᠬᠤ ᠤᠴᠢᠷ ᠲᠠᠢ᠃ ᠮᠦᠨ ᠣᠨ ᠤ 5 ᠰᠠᠷ᠎ᠠ ᠶᠢᠨ ᠬᠠᠷᠠᠭᠴᠢᠨ ᠲᠠᠣᠯᠠᠢ ᠡᠳᠦᠷ ᠮᠢᠩ ᠣᠯᠣᠰ ᠤᠨ ᠬᠤᠷᠢᠨ ᠬᠡᠳᠦᠨ ᠲᠦᠮᠡᠨ ᠴᠡᠷᠢᠭ ᠪᠠᠷᠰ ᠬᠤᠳᠠ ᠳᠤ ᠲᠠᠭᠠᠷᠢᠨ ᠣᠷᠤᠭᠰᠠᠨ ᠳᠤ ᠠᠶᠣᠰᠢᠷᠢᠳᠠᠷ᠎ᠠ ᠬᠠᠭᠠᠨ ᠤ ᠬᠡᠳᠦᠨ ᠲᠦᠮᠡᠨ ᠴᠡᠷᠢᠭ ᠤᠨ ᠬᠦᠴᠦᠨ ᠶᠠᠭᠠᠬᠢᠨ ᠡᠰᠡᠷᠬᠦᠴᠡᠯᠳᠦᠨ ᠲᠡᠶᠢᠯᠡᠬᠦ ᠠᠵᠠᠢ᠂ ᠠᠷᠭ᠎ᠠ ᠪᠣᠰᠣ ᠠᠶᠣᠰᠢᠷᠢᠳᠠᠷ᠎ᠠ ᠬᠠᠭᠠᠨ ᠨᠢᠬᠡ ᠪᠦᠯᠦᠭ ᠬᠡᠰᠢᠭᠳᠡᠨ ᠴᠡᠷᠢᠭ ᠢᠶᠠᠷ ᠬᠠᠮᠠᠭᠠᠯᠭᠤᠯᠣᠨ ᠨᠡᠶᠢᠰᠯᠡᠯ ᠬᠤᠳᠠ  ᠪᠠᠨ ᠬᠠᠶᠠᠵᠤ ᠪᠤᠷᠤᠭᠤᠯᠠᠨ ᠲᠣᠳᠠᠭᠠᠪᠠ᠃ ᠲᠣᠭᠤᠨᠳᠡᠮᠣᠷ ᠬᠠᠭᠠᠨ ᠤ ᠣᠮᠪᠣᠯ ᠮᠠᠶᠢᠳᠠᠷᠪᠠᠯᠠ ᠪᠣᠯᠣᠨ ᠲᠠᠳᠠᠪᠦᠷᠢ ᠣᠯᠵᠡᠯᠠᠭᠳᠠᠵᠤ᠂ ᠶᠢᠩ ᠴᠠᠩ ᠯᠤ᠋ ᠬᠤᠳᠠ ᠶᠢ ᠦᠨᠡᠰᠦᠨ ᠲᠤᠪᠷᠠᠭ ᠪᠣᠯᠭᠠᠵᠣ ᠰᠢᠳᠠᠭᠠᠵᠤ ᠬᠠᠶᠠᠪᠠ᠃ᠦᠯᠡᠳᠡᠵᠤ  ᠬᠤᠴᠤᠷᠤᠭᠰᠠᠨ ᠬᠡᠰᠢᠭᠳᠡᠨ ᠴᠡᠷᠢᠭ ᠦᠷᠡᠭᠳᠡᠬᠦ ᠨᠢ ᠦᠷᠡᠭᠳᠡᠵᠤ ᠦᠯᠡᠳᠡᠵᠤ ᠬᠤᠴᠤᠷᠤᠭᠰᠠᠨ ᠬᠡᠰᠢᠭᠳᠡᠨ ᠴᠡᠷᠢᠭ ᠬᠤᠯᠠᠨ ᠰᠢᠷᠭ᠎ᠠ ᠲᠠᠭ᠎ᠠ ᠶᠢᠨ ᠪᠡᠷᠬᠡ ᠪᠠᠷᠳᠠᠭᠠᠳᠣ ᠡᠯᠡᠰᠦᠨ ᠳᠤ ᠪᠡᠶ᠎ᠡ ᠲᠠᠯᠳᠠᠯᠠᠨ ᠡᠭᠡᠯ ᠠᠷᠠᠳ ᠪᠣᠯᠵᠣ ᠬᠡᠰᠢᠭᠳᠡᠨ ᠠᠶᠢᠮᠠᠭ ᠪᠣᠯᠣᠨ. ᠪᠦᠷᠢᠯᠳᠦᠵᠠᠢ᠃ ᠪᠠᠷᠰ ᠬᠤᠳᠠ ︵ᠶᠢᠩ ᠴᠠᠩ ᠯᠣ᠋︶ ᠶᠢᠨ ᠡᠷᠳᠡᠨ ᠤ ᠪᠠᠭᠤᠷᠢ ᠪᠠᠷ ᠦᠵᠡᠪᠡᠯ ᠲᠣᠳᠣᠷ᠎ᠠ ᠪᠠ ᠭᠠᠳᠠᠨ᠎ᠠ ᠲᠠᠯ᠎ᠠ ᠪᠠᠷ ᠪᠦᠷᠢᠯᠳᠦᠭᠰᠡᠨ ᠨᠡᠯᠢᠶᠡᠳ ᠶᠡᠭᠡ ᠬᠤᠳᠠ ᠪᠠᠶᠢᠵᠠᠢ᠃ ᠣᠷᠳᠤ ᠲᠦᠷᠪᠡᠯᠵᠢᠨ ᠬᠡᠯᠪᠡᠷᠢ ᠲᠠᠢ᠂ ᠬᠤᠳᠠ ᠶᠢᠨ ᠬᠡᠷᠡᠮ ᠨᠢ ᠡᠮᠦᠨ᠎ᠡ ᠠᠴᠠ ᠬᠤᠶᠢᠰᠢ ᠪᠠᠨ800 ᠮᠧᠲᠷ᠂ ᠵᠡᠬᠦᠨ ᠠᠴᠠ ᠪᠠᠷᠠᠭᠤᠨᠰᠢ  ᠪᠠᠨ650 ᠮᠧᠲᠷ᠂ ᠬᠡᠷᠡᠮ ᠤᠨ ᠣᠷᠳᠤ ᠨᠢ 2᠂9 ᠮᠢᠩᠭᠠᠨ ᠮᠧᠲᠷ᠂ ᠡᠵᠡᠯᠡᠵᠦ ᠪᠠᠶᠢᠭ᠎ᠠ ᠲᠠᠯᠠᠪᠠᠢ ᠨᠢ52 ᠲᠦᠮᠡᠨ ᠲᠡᠭᠰᠢ ᠲᠦᠷᠪᠡᠯᠵᠢᠨ ᠮᠧᠲᠷ ᠪᠣᠢ᠃ ᠬᠤᠳᠠ ᠶᠢᠨ ᠬᠡᠷᠡᠮ ᠤᠨ ᠦᠷᠬᠡᠨ10 ᠮᠧᠲᠷ᠂ ᠦᠨᠳᠦᠷ ᠨᠢ 6 ᠮᠧᠲᠷ᠂ ᠵᠡᠬᠦᠨ ᠪᠠᠷᠠᠭᠤᠨ ᠡᠮᠦᠨ᠎ᠠ ᠲᠠᠯ᠎ᠠ ᠳᠠᠭᠠᠨ ᠬᠠᠭᠠᠯᠭ᠎ᠠ ᠡᠬᠦᠳᠠ ᠲᠠᠢ᠂ ᠡᠭᠦᠳᠡ ᠭᠠᠷᠭᠠᠭᠰᠠᠨ ᠬᠤᠶᠠᠷ ᠲᠠᠯ᠎ᠠ ᠶᠢᠨ ᠬᠡᠷᠡᠮ ᠨᠢ ᠦᠨᠳᠦᠷᠯᠢᠭ ᠠᠰᠠᠷ ᠪᠠᠶᠢᠭᠤᠯᠵᠤ ᠬᠠᠷᠠᠭᠤᠯ ᠤᠨ ᠴᠡᠷᠢᠭ ᠵᠣᠭᠰᠣᠬᠤ ᠠᠰᠠᠷ ᠪᠣᠢ᠃    
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号