︽ᠲᠠᠯᠣ ᠨᠠᠭᠤᠷ︾ ᠪᠠ ︽ᠮᠠᠨᠳᠠᠷᠸ᠎ᠠ ᠠᠭᠤᠯᠠ︾ ᠬᠡᠳᠡᠭ ᠨᠡᠷᠡᠶᠢᠳᠦᠯ ᠤᠨ ᠲᠣᠬᠠᠢ
ᠨᠡᠶᠢᠲᠡᠯᠡᠭᠰᠡᠨ ᠴᠠᠭ᠄
2018/12/28
                                     — ᠪᠤᠷᠵᠢᠬᠢᠨ ᠪᠦᠷᠢᠨᠳᠡᠬᠦᠰ         ᠦᠨᠢ ᠣᠳᠠᠭᠠᠨ ᠲᠡᠣᠬᠡ ᠲᠠᠢ ᠬᠡᠰᠢᠭᠳᠡᠨ ᠨᠣᠳᠤᠭ ᠲᠤ ᠬᠡᠴᠢᠨᠡᠨ ᠣᠯᠠᠨ ᠦᠨᠳᠣᠰᠦᠳᠡᠨ ᠶᠠᠰᠤᠳᠠᠨ ᠣᠯᠠ ᠮᠦᠷ ᠢᠶᠠᠨ ᠦᠯᠡᠳᠡᠭᠰᠡᠨ ᠨᠢ ᠶᠠᠷᠢᠶᠠᠨ ᠦᠬᠡᠢ᠃ ᠲᠡᠣᠬᠡᠨ ᠣᠷᠣᠰᠬᠠᠯ ᠢ ᠲᠠᠭᠠᠯᠳᠣᠨ ᠵᠠᠷᠢᠮ ᠭᠠᠵᠠᠷ ᠣᠰᠣᠨ ᠤ ᠨᠡᠷ᠎ᠡ ᠠᠬᠢᠨ ᠲᠠᠬᠢᠨ ᠰᠣᠯᠢᠭᠳᠠᠬᠤ ᠪᠣᠶᠣ ᠨᠢᠬᠡᠳᠦᠯ ᠦᠬᠡᠢ ᠪᠣᠯᠣᠭᠰᠠᠨ ᠪᠠᠶᠢᠨ᠎ᠠ᠃ ᠡᠬᠦᠨ ᠳᠤ ᠬᠡᠰᠢᠭᠳᠡᠨ ᠬᠤᠰᠢᠭᠤᠨ ᠤ ᠪᠠᠷᠠᠭᠤᠨ ᠬᠤᠶᠢᠳᠣ ᠵᠠᠬ᠎ᠠ ᠳᠤ ᠪᠠᠶᠢᠷᠠᠰᠢᠵᠣ ᠪᠠᠶᠢᠭ᠎ᠠ ᠲᠠᠷᠠᠬᠠᠠᠭᠤᠯᠠ ᠰᠣᠮᠣᠨ ᠤ ᠠᠷᠣ ᠠᠭᠤᠯᠠ ᠪᠠ ᠠᠷᠣ ᠶᠡᠭᠡ ᠨᠠᠭᠤᠷ ᠤᠨ ᠨᠡᠷᠡᠶᠢᠳᠣᠯ ᠮᠠᠳᠠᠭ ᠮᠠᠷᠭᠤᠭᠠᠨ ᠲᠠᠢ ᠪᠣᠯᠵᠣ ᠪᠠᠶᠢᠭ᠎ᠠ ᠲᠡᠣᠬᠡᠨ ᠣᠴᠠᠷ ᠤᠨ ᠲᠣᠬᠠᠢ2004 ᠤᠨ ᠳᠤ ︿ᠣᠯᠠᠭᠠᠨᠬᠠᠳᠠ ᠶᠢᠨ ᠡᠳᠦᠷ ᠤᠨ ᠰᠣᠨᠢᠨ﹀᠂ ︿ᠰᠢᠨᠵᠢᠯᠡᠬᠦ ᠣᠬᠠᠭᠠᠨ ᠠᠮᠢᠳᠣᠷᠠᠯ ᠰᠡᠳᠬᠦᠯ﹀ ᠳᠤ ᠬᠤᠪᠢ ᠶᠢᠨ ᠰᠣᠳᠣᠯᠣᠯᠳᠠ ᠪᠠᠨ ᠨᠡᠶᠢᠳᠡᠯᠬᠦᠯᠦᠭᠰᠡᠨ ᠪᠠᠶᠢᠳᠠᠭ᠃          ᠲᠡᠣᠬᠡᠨ ᠪᠢᠴᠢᠭ ᠰᠣᠳᠣᠷ ᠠᠴᠠ ᠠᠵᠢᠭᠯᠠᠵᠤ ᠦᠵᠡᠪᠡᠯ ᠶᠣᠸᠡᠨ ᠣᠯᠣᠰ ᠤᠨ ᠰᠤᠳᠣᠷ‌‍ᠲ᠋ᠣ ︽答儿纳兀达尔泊︾ ᠬᠡᠵᠤ ᠪᠢᠴᠢᠵᠤ ᠪᠠᠶᠢᠨ᠎ᠠ᠂ ᠮᠣᠩᠭᠤᠯ ᠤᠨ ᠨᠡᠬᠦᠳᠡᠯ ᠮᠠᠯᠵᠢᠯ ᠤᠨ ᠲᠡᠮᠳᠡᠭᠯᠡᠯ ᠳᠤ ︽铺鱼儿海︾ ᠬᠡᠵᠤ ᠪᠢᠴᠡᠬᠡᠳ ᠪᠠᠰᠠ ︽达尔泊︾ ᠬᠡᠵᠤ ᠪᠢᠴᠢᠵᠤ ᠪᠣᠢ᠂ ᠴᠢᠩ ᠣᠯᠣᠰ ᠤᠨ ᠵᠢᠭᠠᠰᠣ ᠪᠠᠷᠢᠬᠤ ᠶᠢ ᠴᠠᠭᠠᠵᠢᠯᠬᠤ ᠪᠢᠴᠢᠭ ᠲᠤ ︽达尔诺尔︾ ᠬᠡᠵᠤ ᠲᠡᠮᠳᠡᠭᠯᠡᠵᠤ ᠪᠠᠶᠢᠨ᠎ᠠ᠂ ᠴᠢᠯᠦᠬᠡᠯᠡᠭᠳᠡᠬᠦ‌ᠡᠴᠠ ᠡᠮᠦᠨ᠎ᠡ ᠪᠠ ᠬᠤᠶᠢᠨ᠎ᠠ ᠠᠳᠡᠬᠢ ᠶᠢᠨ ᠪᠣᠭᠤᠷᠣᠯ ᠨᠠᠰᠣᠳᠠᠨ ︿ᠲᠯᠠᠣ ᠨᠠᠭᠤᠷ﹀᠂ ︿ᠳ᠋ᠠᠯ ᠨᠠᠭᠤᠷ﹀ ᠬᠡᠵᠤ ᠨᠡᠷᠡᠯᠳᠡᠭ᠂ ᠮᠢᠨᠣ ᠮᠡᠳᠡᠭᠡ ᠣᠷᠣᠭᠰᠠᠨ ᠠᠴᠠ ᠠᠪᠣᠭᠠᠳ ᠢᠩᠬᠢᠵᠤ ᠯᠠ ᠲᠠᠭᠤᠳᠠᠳᠠᠭ ᠪᠠᠶᠢᠭᠰᠠᠨ᠃ ᠲᠡᠬᠡᠪᠡᠯ ᠶᠠᠭᠠᠬᠢᠭᠠᠳ ︿ᠲᠠᠯᠠᠶᠢᠨᠠᠭᠤᠷ﹀ ᠬᠡᠵᠤ ᠰᠣᠯᠢᠭᠳᠠᠪᠠ︖1958 ᠣᠨ ᠤ ᠨᠠᠮᠣᠷ ᠤᠨ ᠤᠯᠠᠷᠢᠯ ᠤᠨ ᠪᠣᠯᠬᠤ ᠳᠤ ᠣᠣᠯ ᠤᠨ ᠪᠠᠷᠠᠭᠤᠨ ᠠᠷᠣ ᠨᠣᠳᠤᠭ ᠢ ᠦᠬᠡᠷᠴᠢᠯᠡᠨ ᠠᠷᠠᠳ ᠤᠨ ᠨᠢᠬᠡᠳᠦᠯ ᠪᠠᠶᠢᠭᠤᠯᠵᠤ ᠰᠢᠨ᠎ᠡ ᠬᠠᠮᠳᠣᠷᠠᠯ ᠤᠨ ᠵᠠᠮ ᠳᠤ ᠣᠷᠣᠬᠤ ᠪᠣᠯᠪᠠ᠂ ᠡᠨᠡᠬᠦ ᠰᠢᠨ᠎ᠡ ᠪᠠᠷ ᠪᠠᠶᠢᠭᠤᠯᠣᠭᠰᠠᠨ ᠠᠷᠠᠳ ᠤᠨ ᠨᠢᠬᠡᠳᠦᠯ ᠤᠨ ᠨᠡᠷ᠎ᠡ ᠪᠠᠨ ᠶᠠᠮᠠᠷ ᠨᠡᠷ᠎ᠡ ᠦᠭᠬᠦ ᠲᠣᠬᠠᠢ ᠬᠤᠰᠢᠭᠤᠨ ᠠᠴᠠ ᠲᠣᠮᠢᠯᠠᠨ ᠢᠷᠡᠬᠦᠯᠦᠭᠰᠡᠨ ᠰᠧᠮᠫᠢᠯ ᠱᠦᠵᠢ ᠣᠯᠠᠨ ᠤ ᠰᠠᠨᠠᠯ ᠢ ᠰᠣᠨᠣᠰᠴᠦ ︿ᠲᠠᠯᠢᠨᠠᠭᠤᠷ ᠲᠠᠭᠠᠭᠤᠯᠢ ᠣᠳᠣᠨ ᠠᠷᠠᠳ ᠤᠨ ᠨᠢᠬᠡᠳᠦᠯ﹀ ᠬᠡᠵᠤ ᠨᠡᠷᠯᠡᠬᠦ ᠪᠠᠷ ᠲᠣᠭᠳᠣᠭᠰᠠᠨ ᠪᠢᠯᠡ᠃ ᠬᠢᠳᠠᠳ ᠢᠶᠠᠷ ︿达里诺尔人民公社﹀ ᠬᠡᠵᠤ ᠪᠢᠴᠢᠪᠠ᠃ ᠡᠨᠡᠬᠦ ᠬᠢᠳᠠᠳ ᠪᠢᠴᠢᠯᠬᠡ‌ᠨᠢ ᠲᠠᠭᠠᠷᠠᠨ᠎ᠠ᠂ ᠮᠣᠩᠭᠤᠯ ᠪᠢᠴᠢᠯᠬᠡ ᠨᠢ ᠲᠠᠭᠠᠷᠠᠬᠤ ᠦᠬᠡᠢ ᠪᠣᠯᠵᠣ ᠪᠠᠭᠰᠢ ᠨᠠᠷ ᠤᠨ ᠲᠣᠳᠣᠷ᠎ᠠ ᠶᠠᠷᠢᠶᠠᠨ ᠪᠣᠯᠪᠠ᠂ ᠪᠢ ᠲᠣᠬᠠᠢ ᠶᠢᠨ ᠦᠶ᠎ᠡ ᠳᠤ ᠲᠣᠰ ᠰᠣᠷᠭᠠᠭᠤᠯᠢ ᠶᠢᠨ ᠪᠠᠭᠰᠢ ᠪᠠᠶᠢᠭᠰᠠᠨ᠂ ᠮᠠᠨ ᠤ ᠬᠡᠯᠡ ᠪᠢᠴᠢᠭ ᠤᠨ ᠪᠠᠭᠰᠢ ᠨᠠᠷ ᠬᠤᠰᠢᠭᠤᠨ ᠤ ᠠᠯᠪᠠᠨ ᠬᠡᠷ ᠤᠨ ᠣᠷᠴᠢᠭᠤᠯᠣᠭᠴᠢ ᠵᠢᠨᠳᠠᠩ ᠲᠠᠢ ᠵᠦᠪᠳᠡᠵᠤ ︿ᠲᠠᠯᠠᠶᠢᠨᠠᠭᠤᠷ﹀ ᠬᠡᠪᠡᠯ ︿ᠲᠠᠯᠢᠨᠠᠭᠤᠷ﹀ ᠬᠡᠳᠡᠭ  ᠠᠴᠠ ᠲᠣᠬᠢᠷᠠᠮᠵᠢᠳᠠᠢ ᠬᠡᠵᠤ ᠵᠠᠰᠠᠵᠣ ᠪᠢᠴᠢᠭᠰᠡᠨ ᠪᠠᠶᠢᠳᠠᠭ᠃1958 ᠣᠨ ᠤ ᠰᠢᠨ᠎ᠡ ᠨᠢᠬᠡᠳᠦᠯ ᠪᠠᠶᠢᠭᠤᠯᠣᠭᠰᠠᠨ ᠮᠣᠩᠭᠤᠯ ᠪᠢᠴᠢᠭ ᠤᠨ ᠡᠬᠡ ᠨᠣᠣᠷᠠᠭ ᠠᠴᠠ ᠡᠷᠢᠵᠤ ᠦᠵᠡᠪᠡᠯ ᠮᠡᠳᠡᠬᠦ ᠪᠠᠶᠢᠬᠤ᠃ ᠡᠨᠡ ᠪᠣᠯ ᠰᠢᠨ᠎ᠡ ᠭᠠᠷᠴᠤ ᠢᠷᠡᠭᠰᠡᠨ ᠨᠢᠬᠡᠳᠦᠯ ᠤᠨ ᠰᠢᠨ᠎ᠡ ᠨᠡᠷ᠎ᠡ ᠪᠣᠯᠣᠭᠰᠠᠨ ᠶᠣᠮ᠃           ᠬᠡᠰᠢᠭᠳᠡᠨ ᠤ ᠠᠭᠤᠯᠠ ᠣᠰᠣᠨ ᠤ ᠨᠡᠷᠡᠶᠢᠳᠦᠯ ᠠᠴᠠ ᠰᠢᠨᠵᠢᠵᠤ ᠦᠵᠡᠪᠡᠯ ᠲᠡᠷᠡ ᠬᠦ ᠠᠭᠤᠯᠠ ᠣᠰᠣᠨ ᠤ ᠰᠢᠨᠵᠢ ᠬᠡᠯᠪᠡᠷᠢ ᠪᠠᠷ ᠨᠢ ᠨᠡᠷ᠎ᠡ ᠦᠭᠬᠦ ᠨᠢ ᠵᠣᠩᠬᠢᠯᠠᠬᠤ ᠪᠠᠶᠢᠷᠢ ᠶᠢ ᠡᠵᠡᠯᠡᠨ᠎ᠡ᠃  ᠵᠢᠱᠢᠶᠡᠯᠡᠪᠡᠯ ︿ᠪᠠᠶᠠᠨᠵᠢᠷᠦᠬᠡ﹀ ︿ᠲᠦᠰᠢ﹀ ︿ᠠᠴᠠ ᠠᠭᠤᠯᠠ﹀ ︿ᠬᠤᠷᠤᠭ᠎ᠠ ᠬᠠᠶᠢᠷᠬᠠᠨ﹀ ᠬᠡᠬᠦ ᠮᠡᠳᠣ᠂ ᠨᠠᠭᠤᠷ ᠣᠰᠣᠨ ᠤ ᠨᠡᠷᠡᠶᠢᠳᠦᠯ ᠢᠶᠠᠷ ᠦᠵᠡᠪᠡᠯ ︿ᠬᠦᠨ ᠨᠠᠭᠤᠷ﹀ ︿ᠲᠦᠷᠦᠬᠡ ᠨᠠᠭᠤᠷ﹀ ︿ᠭᠠᠩᠭᠠᠩ ᠨᠠᠭᠤᠷ﹀ ︿ᠲᠠᠯᠣ ᠨᠠᠭᠤᠷ﹀ ᠬᠡᠬᠦ ᠮᠡᠳᠣ᠃ ᠡᠬᠦᠨ  ᠳᠤ ︿ᠲᠠᠯᠣ ᠨᠠᠭᠤᠷ﹀ ᠤᠨ ᠲᠣᠬᠠᠢ ᠣᠨᠴᠠᠭᠠᠶᠢᠯᠠᠨ ᠲᠣᠷᠠᠳᠣᠪᠠᠯ ᠡᠪᠦᠭᠡ ᠲᠡᠬᠡᠳᠦᠰ ᠠᠴᠠ ᠪᠠᠨ ᠠᠳᠡ ᠨᠣᠳᠣᠭᠰᠢᠨ ᠰᠠᠭᠤᠭᠰᠠᠨ ᠪᠣᠭᠤᠷᠣᠯᠴᠣᠣᠠ ᠤᠨ ᠦᠪᠯᠡᠨ ᠦᠯᠡᠳᠡᠭᠰᠡᠨ ᠨᠡᠷ᠎ᠡ ᠪᠠᠷ ᠦᠨᠳᠦᠰᠦᠯᠡᠪᠡᠯ‌‍ᠲ᠋ᠠᠭᠠᠷᠠᠬᠤ ᠪᠠᠶᠢᠬᠤ᠃ ︿ᠲᠠᠯᠣ ᠨᠠᠭᠤᠷ﹀ ︿ᠳ᠋ᠠᠯ ᠨᠠᠭᠤᠷ﹀ ᠬᠡᠳᠡᠭ ᠪᠢᠴᠢᠯᠬᠡ ᠠᠳᠠᠯᠢ ᠦᠬᠡᠢ ᠪᠣᠯᠪᠠᠴᠣ‌ᠦᠬᠡ ᠶᠢᠨ ᠠᠶᠠᠯᠭᠤ ᠠᠳᠠᠯᠢ ᠶᠣᠮ᠂ ᠪᠢᠴᠢᠬᠦ  ᠳᠡᠭᠡᠨ ︿ᠲᠠᠯᠣ﹀ ᠬᠡᠵᠤ ᠪᠢᠴᠢᠪᠡᠯ ᠲᠠᠭᠤᠳᠠᠯᠭ᠎ᠠ ᠶᠢᠨ ᠠᠭᠤᠯᠭ᠎ᠠ ᠳᠤ ᠨᠡᠶᠢᠴᠢᠨ᠎ᠡ᠃ ᠡᠨᠡ ᠨᠠᠭᠤᠷ ᠤᠨ ᠬᠡᠯᠪᠡᠷᠢ ᠰᠢᠨᠵᠢ ᠶᠢ ᠲᠠᠷᠠᠬᠠᠠᠭᠭᠤᠯᠠ ᠶᠢᠨ ᠣᠷᠣᠢ ᠲᠡᠬᠡᠷ᠎ᠡ ᠭᠠᠷᠴᠤ ᠠᠵᠢᠭᠯᠠᠨ ᠰᠢᠨᠵᠢᠪᠡᠯ ᠵᠡᠬᠦᠨ ᠬᠤᠶᠢᠳᠤ ᠲᠠᠯ᠎ᠠ ᠨᠢ ᠨᠠᠷᠢᠨ ᠂ ᠪᠠᠷᠠᠭᠤᠨ ᠡᠮᠦᠨᠡᠰᠢ ᠪᠠᠨ ᠦᠷᠬᠡᠨ ᠰᠢᠭ᠂ ᠵᠡᠬᠦᠨ ᠬᠤᠶᠢᠳᠣ ᠲᠠᠯ᠎ᠠ ᠠᠴᠠ ᠨᠠᠭᠤᠷ ᠲᠣᠮᠳᠠᠭᠤᠷ ᠨᠠᠷᠢᠬᠠᠨ ᠬᠠᠭᠤᠷᠠᠢ ᠬᠤᠶᠢᠭ ᠲᠠᠢ᠂ ᠦᠨᠡᠬᠡᠷ ᠲᠠᠯᠣ ᠶᠠᠰᠤ ᠰᠢᠭ ᠰᠣᠨᠢᠨ ᠬᠠᠷᠠᠭᠳᠠᠨ᠎ᠠ᠃ ᠲᠠᠯᠣ ᠶᠢᠨ ᠶᠠᠰᠦ ᠪᠣᠯ ᠮᠣᠩᠭᠤᠯᠴᠣᠣᠠ ᠤᠨ ᠡᠷᠳᠡ ᠲᠡᠬᠡᠳᠣ ᠠᠴᠠ ᠮᠠᠰᠢ ᠬᠦᠨᠳᠦᠳᠬᠡᠳᠡᠭ ᠶᠠᠰᠦ ᠪᠣᠯᠣᠨ᠎ᠠ᠂ ᠮᠢᠨᠣ ᠡᠯᠡᠰᠦᠨ ᠳᠠᠬᠢ ᠡᠪᠦᠯᠵᠢᠶᠡᠨ ᠤ ᠪᠠᠷᠠᠭᠤᠨ ᠬᠠᠵᠠᠭᠤ ᠶᠢᠨ ᠬᠠᠶᠢᠯᠠᠰᠦᠨ ᠮᠣᠳᠣᠨ ᠰᠠᠯᠭ᠎ᠠ ᠠᠴᠠ20᠂30 ᠬᠤᠨᠢᠨ ᠤ ᠲᠠᠯᠣ ᠶᠢᠨ ᠶᠠᠰᠦ ᠶᠢ ᠨᠠᠷᠢᠨ ᠬᠢᠯᠭᠠᠰᠣᠨ ᠲᠠᠬᠡᠰᠦ ᠳᠤ ᠬᠡᠯᠬᠢᠵᠤ ᠣᠶᠠᠵᠣ ᠪᠠᠶᠢᠳᠠᠭ᠂ ᠠᠪᠤ ᠨᠠᠳᠠᠳᠣ ᠬᠡᠯᠡᠬᠦ ᠳᠡᠭᠡᠨ ︿ᠲᠠᠯᠣ ᠶᠢᠨ ᠶᠠᠰᠦ ᠶᠢ ᠠᠳᠡ ᠲᠡᠨᠳᠡ ᠬᠠᠶᠠᠳᠠᠭ ᠦᠬᠡᠢ᠂ ᠶᠠᠰᠣᠨ ᠤ ᠲᠣᠳᠣᠷ᠎ᠠ ᠬᠠᠮᠤᠭ ᠤᠨ ᠨᠡᠷ᠎ᠡ ᠬᠦᠨᠳᠣᠳᠣ ᠶᠠᠰᠣ ᠪᠣᠯᠣᠨ᠎ᠠ᠂﹀ ᠬᠡᠵᠤ ᠬᠡᠯᠳᠡᠭ᠃ ᠵᠠᠩ ᠠᠭᠠᠯᠢ ᠶᠢᠨ ᠲᠣᠳᠣᠷ᠎ᠡ ︿ᠲᠠᠯᠣ ᠶᠢᠨ ᠶᠠᠰᠤ ᠪᠠᠷ ᠲᠦᠯᠡᠭᠡ ᠦᠵᠢᠬᠦ﹀ ︿ᠲᠠᠯᠣ ᠶᠢᠨ ᠶᠠᠰᠤ ᠶᠢ ᠰᠢᠳᠣ ᠪᠠᠷ  ᠢᠶᠠᠨ ᠬᠠᠵᠠᠵᠣ ᠢᠳᠡᠵᠤ ᠪᠣᠯᠬᠤ ᠦᠬᠡᠢ﹀ ︿ᠪᠣᠭᠤᠷᠣᠯ ᠨᠠᠰᠣᠳᠠᠨ ᠳᠠᠭᠠᠨ ᠣᠷᠢᠳᠠ ᠪᠠᠷ ᠪᠠᠷᠢᠵᠤ ᠦᠭᠬᠦᠨ᠎ᠡ᠂ ᠨᠠᠰᠣᠳᠠᠨ ᠭᠠᠭᠴᠠᠭᠠᠷ ᠢᠶᠠᠨ  ᠢᠳᠡᠳᠡᠭ ᠦᠬᠡᠢ᠂ ᠲᠠᠯᠣ ᠵᠢᠨ‌ᠮᠢᠬ᠎ᠠ ᠶᠢ ᠲᠠᠶᠠᠭᠠᠷ ᠢᠶᠠᠨ ᠢᠳᠡᠨ᠎ᠡ ᠬᠡᠵᠤ ᠬᠤᠪᠢᠳᠠᠵᠤ ᠦᠭᠳᠡᠭ﹀ ᠬᠡᠵᠣ ᠪᠠᠶᠢᠨ᠎ᠠ᠃ ᠡᠬᠦᠨ ᠢᠶᠠᠷ ᠦᠵᠡᠪᠡᠯ ᠬᠡᠰᠢᠭᠳᠡᠨ ᠨᠣᠳᠤᠭ ᠲᠤ ᠬᠠᠮᠤᠭ ᠤᠨ ᠶᠡᠭᠡ᠂ ᠬᠠᠮᠤᠭ ᠤᠨ ᠬᠦᠨᠳᠣᠳᠠᠢ ᠨᠠᠭᠤᠷ ᠪᠣᠯ ᠲᠠᠯᠣ ᠨᠠᠭᠤᠷ ᠪᠣᠯᠣᠨ᠎ᠠ᠂ ᠲᠠᠯᠣ ᠶᠢᠨ ᠵᠢᠭᠠᠰᠤ ᠶᠢ ᠲᠠᠶᠠᠭᠠᠷ ᠢᠶᠠᠨ ᠠᠮᠠᠰᠳᠠᠭ ᠣᠴᠢᠷ ᠡᠬᠦᠨ ᠳᠤ ᠪᠠᠶᠢᠵᠣ ᠪᠠᠰᠠ ᠮᠡᠳᠡᠨ᠎ᠡ᠃  ᠲᠠᠯᠠᠢ ᠪᠠ ᠨᠠᠭᠤᠷ ᠬᠡᠳᠡᠭ ᠨᠡᠷ᠎ᠡ ᠦᠬᠡ ᠶᠢᠨ ᠣᠳᠬ᠎ᠠ ᠮᠠᠰᠢ ᠶᠡᠭᠡ ᠵᠦᠷᠢᠶ᠎ᠡ ᠲᠠᠢ᠂ ᠲᠠᠷᠠᠬᠠᠠᠭᠠᠣᠯᠠ ᠶᠢᠨ ᠣᠣᠯ ᠤᠨ ᠨᠡᠷ᠎ᠡ᠂ ︿ᠮᠠᠨᠳᠠᠷᠸ᠎ᠠ﹀ ᠬᠡᠳᠡᠭ ᠤᠨ ᠲᠣᠬᠠᠢ ᠡᠷᠳᠡᠮᠳᠡᠨ ᠨᠠᠷ ᠰᠣᠳᠣᠯᠣᠭᠰᠠᠨ ᠪᠠᠶᠢᠳᠠᠭ᠃ ᠶᠠᠭᠠᠬᠢᠭᠠᠳ ᠡᠨᠡᠬᠦ ᠨᠡᠷ᠎ᠡ ᠶᠢ ︿曼陀山庄﹀ ᠬᠡᠵᠤ ᠬᠢᠳᠠᠳ ᠤᠳ ᠵᠣᠭᠠᠴᠢᠯ  ᠤᠨ ᠭᠠᠴᠠᠷ ᠲᠠᠭᠠᠨ ᠦᠭᠬᠦᠭᠰᠡᠨ ᠢ ᠮᠡᠳᠡᠬᠦ ᠦᠬᠡᠢ᠂ ᠠᠳᠡᠬᠢ ᠶᠢᠨ ᠠᠷᠠᠳ ᠮᠠᠰᠢ ᠭᠠᠶᠢᠬᠠᠪᠠ᠃  ᠡᠨᠡ ᠲᠣᠬᠠᠢ ᠲᠦᠪ ᠤᠨ ᠦᠨᠳᠦᠰᠦᠳᠡᠨ ᠤ ᠶᠡᠭᠡ ᠰᠣᠷᠭᠠᠭᠤᠯᠢ ᠶᠢᠨ ᠬᠡᠰᠢᠭᠳᠦᠭ᠌ᠳᠠᠬᠤ ᠫᠷᠣᠹᠧᠰᠰᠣᠷ ︿ᠮᠣᠩᠭᠤᠯ ᠰᠣᠷᠪᠣᠯᠵᠢ ᠪᠢᠴᠢᠭ ᠤᠨ ᠰᠣᠳᠣᠯᠣᠯ﹀ ᠳᠠᠭᠠᠨ ︽ᠮᠠᠨ ᠲᠦᠸᠧ︾ ᠬᠡᠳᠡᠭ ᠦᠬᠡ ᠶᠢᠨ ᠣᠳᠬ᠎ᠠ ᠶᠠᠭᠤ ᠪᠣᠢ︖ ᠨᠢᠬᠡ ᠳᠤ ᠬᠡᠷᠪᠡ曼陀 ᠪᠣᠯ 曼陀罗 ᠶᠢᠨ ᠲᠣᠪᠴᠢᠯᠠᠯ᠂曼陀罗 ᠪᠣᠯ曼陀罗花 ᠶᠢᠨ ᠲᠣᠪᠴᠢᠯᠠᠯ᠂曼陀罗花 ᠪᠣᠯ ᠰᠠᠨᠰᠺᠷᠢᠲ ᠬᠡᠯᠡᠨ ᠤ ᠴᠡᠴᠡᠭ ᠤᠨ ᠨᠡᠷ᠎ᠡ ᠶᠢᠨ ᠠᠪᠢᠶᠠᠴᠢᠯᠠᠭᠰᠠᠨ ᠣᠷᠴᠢᠭᠤᠯᠭ᠎ᠠ ᠪᠣᠯᠬᠤ ᠶᠣᠰᠣᠳᠠᠢ᠃ ︽ᠮᠠᠨ ᠲᠦᠸᠧ ᠱᠠᠨ︾ ᠬᠡᠬᠦ ᠲᠡᠷᠡ ᠬᠦ ᠠᠭᠤᠯᠠ ᠦᠨᠡᠬᠡᠷ ᠴᠡᠴᠡᠭ ᠤᠨ ᠬᠡᠯᠳᠡᠰ ᠰᠢᠭ ᠬᠠᠳᠠᠨ ᠠᠭᠤᠯᠠ ᠪᠠᠶᠢᠳᠠᠭ ᠲᠣᠯᠠ ︿ᠮᠠᠨᠳᠠᠷᠸ᠎ᠠ﹀ ᠬᠡᠰᠡᠨ ᠠᠭᠤᠯᠠ ᠪᠠᠶᠢᠵᠣ ᠮᠡᠳᠡᠨ᠎ᠡ᠃ᠬᠤᠶᠠᠷ ᠲᠤ ᠵᠠᠷᠢᠮ ᠮᠡᠷᠬᠡᠳ ᠮᠠᠨ ᠲᠦᠸᠧ ᠪᠣᠯ ᠰᠠᠨᠰᠺᠷᠢᠲ ᠬᠡᠯᠡᠨ ᠤ Mandala ᠶᠢᠨ ᠠᠪᠢᠶᠠᠴᠢᠯᠠᠭᠰᠠᠨ ᠣᠷᠴᠢᠭᠤᠯᠭ᠎ᠠ ᠮᠦᠨ ᠬᠡᠵᠤ ᠬᠡᠯᠡᠳᠡᠭ᠃ ᠮᠠᠨᠳᠠᠯ ᠪᠣᠯ ᠨᠢᠭᠤᠴᠠ ᠲᠠᠷᠨᠢ ᠶᠢᠨ ᠶᠣᠰᠣᠨ ᠤ ᠣᠷᠴᠢᠯᠠᠩ ᠤᠨ ᠦᠨᠡᠡ ᠶᠣᠰᠣᠨ ᠤ ᠵᠢᠷᠤᠭ ᠪᠣᠯᠣᠨ᠎ᠠ᠃ ᠮᠠᠨᠳᠠᠯ ᠤᠨ ᠲᠡᠬᠡᠷ᠎ᠡ ᠪᠣᠷᠬᠠᠨ᠂ ᠪᠣᠳᠢᠰᠠᠸ᠎ᠠ ᠨᠠᠷ ᠢ ᠰᠠᠭᠠᠳᠠᠭᠤᠯᠣᠨ ᠵᠢᠷᠣᠭᠰᠠᠨ ᠪᠠᠶᠢᠳᠠᠭ ᠶᠤᠮ᠃ ᠡᠬᠦᠨ ᠢ ᠰᠠᠨᠰᠺᠷᠢᠲ ᠬᠡᠯᠡᠨ ᠳᠤSvadeva᠂ ᠬᠢᠳᠠᠳ ᠢᠶᠠᠷ本尊 ᠬᠡᠳᠡᠭ᠃ ᠮᠠᠨᠳᠠᠯ ᠤᠨ ᠬᠢᠳᠠᠳ ᠬᠡᠯᠡᠨ  ᠤ ᠣᠳᠬᠠᠴᠢᠯᠠᠭᠰᠠᠨ ᠬᠠᠭᠤᠴᠢᠨ ᠣᠷᠴᠢᠭᠤᠯᠭ᠎ᠠ ᠨᠢ ᠣᠯᠠᠩᠬᠢ ᠳᠠᠭᠠᠨ坛 ᠡᠰᠡᠬᠦᠯ᠎ᠡ道场 ᠶᠣᠮ ᠰᠢᠨ᠎ᠡ ᠣᠷᠴᠢᠭᠤᠯᠭ᠎ᠠ ᠨᠢ ᠣᠯᠠᠩᠬᠢ ᠳᠠᠭᠠᠨ轮圆具足 ᠪᠣᠶᠣ聚集 ᠬᠡᠳᠡᠭ᠃ ᠠᠪᠢᠶᠠᠴᠢᠯᠠᠭᠰᠠᠨ ᠣᠷᠴᠢᠭᠤᠯᠭ᠎ᠠ ᠨᠢ曼陀罗᠂满酴逻᠂᠂᠂᠂᠂᠂ ᠲᠣᠪᠴᠢᠯᠠᠭᠠᠳ曼荼᠂᠂᠂᠂᠂ ᠬᠡᠬᠦ ᠮᠡᠳᠣ᠃ ᠢᠩᠬᠢᠬᠦᠯᠡᠷ ᠵᠦᠪᠬᠡᠨ ᠱᠠᠰᠢᠨ ᠤ ᠣᠳᠬ᠎ᠠ ᠰᠠᠨᠠᠭ᠎ᠠ ᠪᠣᠯᠣᠨ ᠠᠪᠢᠶᠠᠨ ᠤ ᠲᠠᠭᠤᠳᠠᠯᠭ᠎ᠠ ᠶᠢ ᠪᠠᠷᠢᠮᠳᠠᠯᠪᠠᠯ曼陀  ᠨᠢ ᠮᠠᠨᠳᠠᠯ ᠬᠡᠰᠡᠨ ᠦᠬᠡ ᠪᠣᠯᠵᠤ ᠮᠡᠳᠡᠬᠦ‍ ᠨᠢᠬᠡ ᠲᠠᠯ᠎ᠠ ᠲᠠᠢ᠂ ᠬᠡᠬᠦ ᠳᠡᠭᠡᠨ ᠬᠢᠳᠠᠳ ᠦᠰᠦᠭ ᠤᠨ ᠲᠣᠪᠴᠢᠯᠠᠨ ᠪᠢᠴᠢᠳᠡᠭ ᠵᠣᠷᠰᠢᠯ ᠢ ᠪᠠᠷᠢᠮᠳᠠᠯᠠᠪᠠᠯ‌ᠮᠠᠨᠳᠠᠯ ᠢ曼陀 ᠬᠡᠵᠤ ᠲᠣᠪᠴᠢᠯᠠᠨ ᠪᠢᠴᠢᠬᠦ ᠶᠣᠰᠣ ᠦᠬᠡᠢ ᠮᠡᠳᠣ ᠬᠡᠵᠤ ᠰᠣᠳᠣᠯᠣᠭᠰᠠᠨ ᠪᠠᠶᠢᠨ᠎ᠠ᠃         ᠡᠷᠳᠡ ᠦᠶ᠎ᠡ ᠶᠢᠨ ᠮᠣᠩᠭᠤᠯᠴᠣᠳ ᠠᠭᠤᠯᠠ ᠤᠰᠤᠨ ᠤ ᠪᠠᠨ ᠨᠡᠷ᠎ᠡ ᠶᠢ ᠲᠦᠷᠰᠤ ᠪᠠᠶᠢᠳᠠᠯ ᠢ ᠦᠵᠡᠵᠤ ᠪᠠᠶᠢᠭᠠᠳ ᠨᠡᠷᠯᠡᠳᠡᠭ ᠵᠣᠷᠰᠢᠯ ᠲᠠᠢ᠂ ᠡᠷᠳᠡ ᠦᠶ᠎ᠡ ᠳᠤ ᠲᠠᠯᠣᠨᠠᠭᠤᠷ ᠤᠨ ᠣᠰᠣᠨ ᠲᠦᠪᠰᠢᠨ ᠲᠠᠭ᠎ᠠ ᠨᠠᠭᠤᠷ᠂ ᠭᠠᠩᠭᠠᠩ ᠨᠠᠭᠤᠷ ᠲᠠᠢ ᠨᠡᠶᠢᠯᠡᠵᠤ ᠲᠣᠮᠣ ᠨᠠᠭᠤᠷ ᠪᠠᠶᠢᠭᠰᠠᠨ ᠪᠠᠶᠢᠵᠤ ᠮᠡᠳᠡᠨ᠎ᠡ᠂ ᠡᠨᠡ ᠬᠤᠶᠠᠷ ᠨᠠᠭᠤᠷ᠂ ᠲᠠᠯᠣᠨᠠᠭᠤᠷ  ᠠᠴᠠ ᠬᠤᠷᠢᠭᠠᠳ ᠭᠠᠵᠠᠷ ᠤᠨ ᠵᠠᠶᠢᠳᠠᠢ ᠪᠠᠶᠢᠵᠣ᠂ ᠲᠠᠷᠬᠠᠠᠭᠤᠯᠠ ᠨᠢ ᠶᠠᠭ ᠣᠰᠣᠨ ᠲᠣᠮᠳᠠ ᠪᠠᠶᠢᠭᠰᠠᠨ ᠪᠠᠶᠢᠵᠣ ᠮᠡᠳᠡᠨ᠎ᠡ᠃ ᠬᠤᠯᠠ ᠠᠴᠠ ᠬᠠᠷᠠᠪᠠᠯ ᠮᠠᠨᠳᠠᠷᠸ᠎ᠠ ᠴᠡᠴᠡᠭ ᠴᠣᠮᠣᠷᠯᠢᠭ ᠢᠶᠠᠨ ᠲᠡᠯᠬᠡᠵᠤ ᠪᠠᠶᠢᠭ᠎ᠠ ᠠᠳᠠᠯᠢ ᠬᠠᠷᠠᠭᠳᠠᠨ᠎ᠠ᠃ ᠣᠳᠣ ᠲᠡᠷᠡ ᠬᠦ ᠠᠭᠤᠯᠠ ᠢ ᠪᠠᠷᠰ ᠬᠤᠳᠠ ᠶᠢᠨ ᠪᠠᠭᠤᠷᠢ ᠠᠴᠠ ᠠᠵᠢᠭᠯᠠᠪᠠᠯ ᠮᠠᠨᠳᠠᠷᠸ᠎ᠠ ᠴᠡᠴᠡᠭ ᠲᠡᠯᠬᠡᠷᠡᠵᠤ ᠪᠠᠶᠢᠭ᠎ᠠ ᠠᠳᠠᠯᠢ ᠬᠠᠷᠠᠭᠳᠠᠨ᠎ᠠ᠃ ᠡᠪᠦᠭᠡ ᠲᠡᠬᠡᠳᠦᠰ ᠤᠨ ᠢᠶᠠᠨ ᠠᠭᠤᠯᠠ ᠣᠰᠣ ᠪᠠᠨ ᠨᠡᠷᠯᠡᠳᠡᠭ ᠵᠣᠷᠰᠢᠯ ᠢ ᠦᠨᠳᠦᠰᠦᠯᠪᠡᠯ ᠮᠠᠨᠳᠠᠷᠸ᠎ᠠ ᠠᠭᠤᠯᠠ ᠬᠡᠵᠤ1270 ᠣᠨ ᠠᠴᠠ ᠡᠮᠦᠨᠡᠬᠢ ᠨᠡᠷ᠎ᠡ ᠪᠣᠯᠣᠯᠳᠠᠢ᠃        
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号