| | | | ᠢᠨᠵᠠᠨᠨᠠᠰᠢ ᠶᠢᠨ ᠠᠬ᠎ᠠ ᠰᠤᠩᠸᠠᠶᠢᠳᠠᠨᠵᠤᠩ ᠤᠨ ᠡᠳᠦᠷ ᠤᠨ ᠲᠡᠮᠳᠡᠭᠯᠡᠯ ᠳᠤ ᠥᠭᠦᠯᠡᠭᠰᠡᠨ ᠨᠢ᠄ ︽ | ᠳᠣᠯᠣᠳᠤᠭᠠᠷ ᠳᠡᠭᠦᠦ ᠶᠢᠨ ᠲᠥᠷᠥᠭᠰᠡᠨ ᠵᠢᠯ᠂ ᠰᠠᠷ᠎ᠠ᠂ ᠡᠳᠦᠷ᠄ ᠤᠯᠠᠭᠠᠭᠴᠢᠨ ᠲᠠᠬᠢᠶ᠎ᠠ ᠵᠢᠯ ︵1837 ᠣᠨ︶᠂ | ᠲᠥᠷᠥ ᠭᠡᠷᠡᠯᠲᠦ ᠶᠢᠨ 17 ᠳ᠋ᠤᠭᠠᠷ ᠣᠨ ᠤ ᠳᠥᠷᠪᠡᠨ ᠰᠠᠷ᠎ᠠ ᠶᠢᠨ 16 ᠤ ᠲᠠᠬᠢᠶ᠎ᠠ ᠴᠠᠭ︔ ᠦᠭᠡᠢ ᠪᠣᠯᠣᠭᠰᠠᠨ ᠵᠢᠯ | ᠂ ᠰᠠᠷ᠎ᠠ᠂ ᠡᠳᠦᠷ᠄ ᠰᠢᠷ᠎ᠠ ︵ᠬᠠᠷ᠎ᠠ︖︶ ᠯᠤᠤ ᠵᠢᠯ ︵1892 ᠣᠨ︶᠂ ᠪᠠᠳᠠᠷᠠᠭᠤᠯᠲᠤ ᠲᠥᠷᠥ ᠶᠢᠨ 18 | ᠳ᠋ᠤᠭᠠᠷ ᠣᠨ ᠤ ᠴᠠᠭᠠᠨ ᠰᠠᠷ᠎ᠠ ᠶᠢᠨ 27 ᠤ ᠦᠬᠡᠷ ᠴᠠᠭ᠂ 56 ᠨᠠᠰᠤᠨ᠎ᠠ ᠥᠩᠭᠡᠷᠡᠪᠡ︔ ᠨᠡᠷ᠎ᠡ᠄ ᠢᠨᠵᠠᠨᠨᠠᠰᠢ᠂ | ᠮᠣᠩᠭᠤᠯᠴᠢᠯᠠᠪᠠᠰᠤ ᠪᠡᠯᠭᠡ ᠪᠢᠯᠢᠭ ᠤᠨ ᠴᠣᠭᠲᠤ ᠬᠡᠮᠡᠮᠦᠢ᠃ ᠲᠡᠭᠦᠨ ᠤ ᠡᠬᠡᠨᠡᠷ ᠰᠠᠷᠠᠨᠪᠣᠯᠣᠷ᠂ ᠳᠥᠯᠭᠡᠨ ᠡᠷᠳᠡᠮᠲᠦ | ᠭᠡᠭᠡ᠂ 26 ᠨᠠᠰᠤ ᠪᠣᠯᠬᠤ ᠳᠤ 3 ᠬᠥᠪᠡᠭᠦᠨ ᠲᠠᠢ ᠪᠣᠯᠵᠤ᠂ 27 ᠨᠠᠰᠤᠨ᠎ᠠ ᠥᠩᠭᠡᠷᠡᠪᠡ︔ ᠠᠬᠠᠮᠠᠳ ᠸᠠᠶᠢᠴᠢᠨ᠂ | ᠳᠡᠳ᠋ ᠴᠢᠮᠠᠭᠠᠷ᠂ ᠭᠤᠳᠠᠭᠠᠷ ᠮᠠᠭᠪᠠᠽᠠᠷ︾ ᠭᠡᠵᠡᠢ᠃ ᠨᠡᠬᠡᠨ ᠰᠠᠨᠠᠪᠠᠯ ᠲᠡᠷᠡ ᠴᠠᠭ ᠤᠨ ︽ᠥᠪᠥᠷ ᠵᠢᠷᠭᠤᠭᠠᠨ | ᠴᠢᠭᠤᠯᠭᠠᠨ᠂ ᠠᠷᠤ ᠳᠥᠷᠪᠡᠨ ᠠᠶᠢᠮᠠᠭ᠂ ᠬᠠᠯᠬ᠎ᠠ ᠶᠢᠨ ᠨᠡᠶᠢᠲᠡ ᠭᠤᠷᠪᠠᠨ ᠵᠠᠭᠤ ᠰᠢᠬᠠᠮ ᠮᠣᠩᠭᠤᠯ ᠲᠣᠭᠠᠲᠠᠨ︾ ᠤ | ᠨᠢᠭᠡᠨ ᠭᠡᠭᠲᠡᠬᠦ ᠲᠦᠮᠡᠳ ᠪᠠᠷᠠᠭᠤᠨ ᠬᠤᠰᠢᠭᠤᠨ᠎ᠠ ᠸᠠᠩᠴᠢᠨᠪᠠᠯ ᠬᠡᠮᠡᠬᠦ ᠰᠤᠷᠪᠤᠯᠵᠢᠲᠤ ᠡᠵᠡᠨ ᠤ ᠭᠡᠷ ᠬᠦᠷᠢᠶᠡᠯᠡᠩ ᠳᠤ | ᠣᠳᠣ ᠠᠴᠠ 150 ᠭᠠᠷᠤᠢ ᠵᠢᠯ ᠤᠨ ᠡᠮᠦᠨ᠎ᠡ ᠮᠣᠩᠭᠤᠯ ᠤᠨ ᠭᠠᠷᠮᠠᠭᠠᠢ ᠵᠣᠬᠢᠶᠠᠯᠴᠢ᠂ ᠮᠣᠩᠭᠤᠯ ᠷᠤᠮᠠᠨᠴᠢ | ᠢᠨᠵᠠᠨᠨᠠᠰᠢ ᠮᠡᠨᠳᠦᠯᠡᠵᠡᠢ᠃ ᠰᠠᠨᠰᠺᠷᠢᠲ ᠢᠶᠠᠷ ᠵᠢᠨᠢᠶᠠᠨᠠᠰᠢᠷᠢ᠂ ᠲᠥᠪᠡᠳ ᠢᠶᠠᠷ ᠢᠰᠢᠪᠠᠯ᠂ ᠮᠣᠩᠭᠤᠯᠴᠢᠯᠠᠭᠰᠠᠨ | ᠰᠠᠨᠰᠺᠷᠢᠲ ᠳᠠᠭᠤᠳᠠᠯᠭ᠎ᠠ ᠪᠠᠷ ᠢᠨᠵᠠᠨᠨᠠᠰᠢ ᠪᠣᠯᠵᠤ ᠪᠢᠴᠢᠭ ᠤᠨ ᠤᠳᠬ᠎ᠠ ᠵᠣᠬᠢᠶᠠᠯ ᠳᠤ ᠲᠡᠮᠳᠡᠭᠯᠡᠭᠳᠡᠨ ᠣᠷᠣᠭᠰᠠᠨ᠂ | ᠡᠨᠡ ᠶᠡᠭᠡ ᠪᠢᠴᠢᠭ ᠤᠨ ᠬᠥᠮᠥᠨ ᠤ ᠨᠡᠷ᠎ᠡ ᠠᠯᠳᠠᠷ ᠥᠨᠥ ᠨᠢᠭᠡᠨᠲᠡ ᠴᠠᠭ ᠪᠤᠰᠤ ᠪᠠᠷ ᠥᠭᠦᠯᠡᠭᠳᠡᠬᠦ ᠪᠣᠯᠣᠭᠰᠠᠨ | ᠪᠣᠯᠪᠠᠴᠤ ︽᠁ ᠬᠠᠯᠠᠭᠤᠨ ᠡᠴᠢᠵᠦ᠂ ᠬᠦᠢᠲᠡᠨ ᠢᠷᠡᠬᠦ᠂ ᠬᠠᠪᠤᠷ ᠨᠠᠮᠤᠷ ᠬᠠᠷᠢᠯᠴᠠᠨ ᠡᠭᠡᠯᠵᠢᠯᠡᠬᠦ᠂ ᠭᠡᠷᠡᠯ | ᠰᠡᠭᠦᠳᠡᠷ ᠥᠩᠭᠡᠷᠡᠨ︾ ᠰᠣᠯᠢᠭᠳᠠᠬᠤ ᠴᠠᠭ ᠤᠨ ᠤᠷᠤᠰᠬᠠᠯ ᠢ ᠳᠠᠭᠠᠭᠠᠨ ᠦᠯᠡᠳᠡᠵᠦ ᠴᠢᠳᠠᠭᠰᠠᠨ ᠨᠢ ᠴᠣᠬᠤᠮ | ᠶᠠᠭᠤᠨ ᠤ ᠤᠴᠢᠷ ᠪᠢᠯᠡ︕ ᠡᠨᠡ ᠪᠣᠯ ᠭᠠᠭᠴᠠ ᠬᠦ ᠲᠡᠭᠦᠨ ᠤ ︽᠁ ᠡᠳᠦᠷ ᠤᠨ ᠬᠢᠷᠢ ᠳᠤ ᠠᠮᠠᠷᠠᠵᠤ | ᠴᠢᠳᠠᠬᠤ ᠦᠭᠡᠢ ᠪᠠᠷ᠂ ᠰᠥᠨᠢ ᠪᠣᠯᠪᠠᠰᠤ ᠲᠤᠭᠤᠷᠠᠲᠠᠯ᠎ᠠ ᠤᠨᠲᠠᠬᠤ ᠦᠭᠡᠢ ᠪᠠᠷ ᠰᠤᠳᠤᠷ ᠱᠠᠰᠲᠢᠷ ᠨᠣᠮ ᠪᠢᠴᠢᠭ ᠤᠨ | ᠳᠠᠯᠳᠠ ᠤᠳᠬ᠎ᠠ᠂ ᠲᠣᠪᠴᠢ ᠣᠨᠢᠰᠤᠭ᠎ᠠ ᠪᠦᠬᠦᠨ ᠢ ᠮᠥᠷᠳᠡᠨ ᠡᠷᠢᠵᠦ︾ ᠴᠥᠯᠪᠡᠨ ᠪᠢᠴᠢᠵᠦ᠂ ᠬᠤᠶᠢᠴᠢ | ᠦᠶ᠎ᠡ ᠳᠡᠭᠡᠨ ᠦᠯᠡᠳᠡᠭᠡᠵᠦ ᠴᠢᠳᠠᠭᠰᠠᠨ ᠮᠥᠩᠬᠡ ᠨᠠᠰᠤᠲᠠᠢ ᠲᠤᠭᠤᠷᠪᠢᠯ ᠤᠨ ᠬᠢᠨᠢ ᠦᠷ᠎ᠡ ᠥᠭᠭᠦᠭᠡᠵᠢ ᠠᠵᠠᠢ᠃ | ᠣᠭᠲᠣᠬᠠᠨ ᠴᠦ ᠮᠡᠳᠡᠭᠳᠡᠯ ᠦᠭᠡᠢ ᠪᠠᠷ ᠣᠷᠣᠰᠢᠨ ᠥᠩᠭᠡᠷᠡᠵᠦ ᠪᠠᠶᠢᠭ᠎ᠠ ᠨᠡᠶᠢᠭᠡᠮ ᠤᠨ ᠠᠰᠤᠷᠤ ᠶᠡᠭᠡ ᠪᠠᠶᠠᠯᠢᠭ | ᠪᠣᠯᠣᠭᠰᠠᠨ ᠴᠠᠭ ᠬᠤᠭᠤᠴᠠᠭᠠᠨ ᠤ ᠲᠤᠬᠠᠢ ︽ᠬᠡᠨ ᠬᠥᠮᠥᠨ ᠨᠠᠷᠠ ᠰᠠᠷᠠᠨ ᠤ ᠥᠩᠭᠡᠷᠡᠬᠦ ᠶᠢ ᠦᠯᠦ ᠬᠠᠶᠢᠷᠠᠯᠠᠮᠤᠢ᠂ | ᠬᠡᠨ ᠬᠥᠮᠥᠨ ᠥᠪᠡᠷ ᠤᠨ ᠪᠡᠶ᠎ᠡ ᠶᠢᠨ ᠤᠴᠠᠷᠠᠯ ᠢ ᠦᠯᠦ ᠬᠠᠶᠢᠷᠠᠯᠠᠮᠤᠢ᠂ ᠲᠡᠶᠢᠮᠦ ᠶᠢᠨ ᠲᠤᠯᠠᠳᠠ ᠬᠥᠮᠥᠨ | ᠲᠥᠷᠥᠯᠬᠢᠲᠡᠨ ᠤ ᠴᠠᠭ ᠤᠨ ᠡᠷᠬᠢᠮ ᠢ ᠴᠣᠬᠤᠮ ᠬᠦ ᠬᠠᠶᠢᠷᠠᠯᠠᠯᠲᠠᠢ ᠁︾ ᠭᠡᠵᠦ ︽ᠬᠥᠳᠡᠭᠡ ᠶᠢᠨ ᠡᠪᠦᠭᠡᠨ ᠤ | ᠣᠷᠣᠰᠢᠯ︾ ᠬᠡᠮᠡᠬᠦ ᠰᠢᠭᠦᠮᠵᠢᠯᠡᠯᠲᠦ ᠲᠡᠮᠳᠡᠭᠯᠡᠯ ᠳᠡᠭᠡᠨ ᠬᠠᠷᠠᠭᠤᠯᠤᠨ ᠪᠢᠴᠢᠵᠦ ᠪᠠᠶᠢᠯ᠎ᠠ᠃ ᠡᠶᠢᠮᠦ ᠠᠴᠠ ᠲᠡᠷᠡ ᠪᠠᠷ | ᠨᠣᠮ ᠡᠷᠳᠡᠮ ᠢ ᠪᠦᠲᠦᠭᠡᠬᠦ ᠨᠢᠭᠡᠨ ᠦᠵᠦᠭᠦᠷᠲᠦ ᠰᠡᠳᠬᠢᠯ ᠤᠨ ᠤᠴᠢᠷ ︽ᠭᠠᠷ ᠢᠶᠠᠨ ᠪᠠᠷᠢᠵᠤ᠂ ᠡᠪᠦᠳᠦᠭ ᠢᠶᠠᠨ | ᠲᠡᠪᠡᠷᠢᠵᠦ᠂ ᠬᠡᠪᠡᠯᠢ ᠪᠠᠨ ᠬᠡᠯᠪᠡᠶᠢᠵᠦ᠂ ᠰᠤᠯᠠ ᠰᠠᠭᠤᠨ ᠵᠢᠷᠭᠠᠵᠤ︾᠂ ︽ᠪᠦᠲᠦᠨ᠎ᠡ ᠭᠡᠷᠡᠯᠲᠦᠭᠦᠯᠦᠨ ᠵᠤᠭᠠᠴᠠᠬᠤ︾ | ᠬᠠᠮᠵᠢᠯᠭ᠎ᠠ ᠶᠢᠨ ᠡᠵᠡᠨ ᠤ ᠭᠡᠷ ᠬᠦᠷᠢᠶᠡᠯᠡᠩ ᠤᠨ ᠤᠵᠢᠳ ᠴᠡᠩᠭᠡᠯ ᠢ ᠡᠷᠲᠡ ᠪᠠᠭ᠎ᠠ ᠠᠴᠠ ᠪᠠᠨ ᠣᠭᠤᠷᠴᠠᠢ᠃ | ᠢᠩᠭᠢᠵᠦ ᠬᠥᠨᠳᠡᠶᠢᠷᠡᠬᠦ ᠳᠤ ᠨᠥᠯᠥᠭᠡᠯᠡᠭᠰᠡᠨ ᠨᠢᠭᠡ ᠵᠦᠢᠯ ᠨᠢ ᠭᠡᠷ ᠪᠦᠯᠢ ᠶᠢᠨ ᠬᠢᠨ ᠤ ᠪᠢᠴᠢᠭ ᠰᠣᠶᠣᠯ ᠤᠨ | ᠤᠯᠠᠮᠵᠢᠯᠠᠯ᠂ ᠢᠯᠠᠩᠭᠤᠶ᠎ᠠ ᠢᠷᠠᠭᠤ ᠨᠠᠶᠢᠷᠠᠭ ᠤᠨ ᠠᠮᠲᠠ ᠰᠢᠮᠲᠡ᠂ ᠵᠣᠬᠢᠶᠠᠬᠤ ᠪᠦᠲᠦᠭᠡᠬᠦ ᠶᠢᠨ ᠪᠠᠶᠠᠷ ᠵᠢᠷᠭᠠᠯ ᠢ | ᠡᠷᠲᠡᠨ ᠠᠴᠠ ᠮᠡᠳᠡᠬᠦ ᠪᠣᠯᠣᠭᠰᠠᠨ ᠶᠠᠪᠤᠳᠠᠯ ᠲᠠᠢ ᠤᠴᠢᠷ ᠬᠤᠯᠪᠣᠭ᠎ᠠ ᠲᠠᠢ ᠠᠵᠠᠢ᠃ ᠡᠴᠢᠭᠡ ᠸᠠᠩᠴᠢᠨᠪᠠᠯ ᠨᠢ ︽ | ᠬᠥᠬᠡ ᠰᠤᠳᠤᠷ︾ ᠷᠤᠮᠠᠨ ᠤ ᠡᠬᠢᠨ ᠤ ᠨᠠᠢᠮᠠᠨ ᠪᠦᠯᠦᠭ ᠢ ᠲᠤᠭᠤᠷᠪᠢᠵᠤ᠂ ᠶᠡᠭᠡ ᠠᠬ᠎ᠠ ᠭᠦᠯᠡᠷᠡᠨᠰᠠ ᠨᠢ᠄ ︽ | ᠭᠤᠷᠪᠠᠨ ᠢᠮᠠᠬᠤ ᠶᠢᠨ ᠬᠤᠯᠤᠰᠤ ᠶᠢ ᠪᠠᠷᠢᠵᠤ ᠠᠳᠡᠭᠦᠦ ᠲᠠᠰᠢᠶ᠎ᠠ ᠪᠢᠴᠢᠬᠦ ᠮᠢᠨᠢ ᠭᠤᠲᠤᠯ ᠣᠶᠢᠮᠤᠰᠤ ᠪᠠᠷᠠᠲᠠᠯ᠎ᠠ | ᠶᠠᠪᠤᠵᠤ ᠨᠡᠷ᠎ᠡ ᠠᠰᠢᠭ ᠢ ᠬᠥᠭᠡᠭᠡᠬᠦ ᠠᠴᠠ ᠳᠡᠭᠡᠷ᠎ᠡ︾ ᠬᠡᠮᠡᠨ ᠰᠢᠯᠦᠭᠯᠡᠵᠦ᠂ ᠪᠠᠰᠠ ᠨᠢᠭᠡ ᠠᠬ᠎ᠠ ᠭᠦᠩᠨᠡᠴᠦᠬᠡ ᠨᠢ᠄ | ︽ᠪᠠᠭ᠋ᠠᠷᠬᠠᠮᠠ ᠪᠢᠴᠢᠭ ᠢ ᠤᠩᠰᠢᠵᠤ ᠁ ᠪᠠᠶᠢᠳᠠᠭ ᠴᠢᠯᠦᠭᠡ ᠳᠤᠷ ᠰᠢᠯᠦᠭ ᠳᠠᠭᠤᠯᠠᠯ ᠵᠣᠬᠢᠶᠠᠬᠤ︾ ᠶᠢᠨ ᠡᠷᠬᠢᠮ | ᠰᠠᠶᠢᠬᠠᠨ ᠢᠳᠡ ᠬᠠᠪᠤ ᠶᠢ ᠥᠭᠦᠯᠡᠵᠦ᠂ ᠨᠥᠭᠦᠭᠡ ᠨᠢᠭᠡ ᠠᠬ᠎ᠠ ᠰᠤᠩᠸᠠᠶᠢᠳᠠᠨᠵᠤᠩ ᠨᠢ᠄ ︽ᠨᠠᠶᠢᠷᠠᠮᠳᠠᠬᠤ ᠨᠥᠬᠦᠳ | ᠪᠢᠲᠡᠭᠦᠯᠢᠭ ᠰᠢᠯᠦᠭ ᠲᠤᠷ ᠪᠦᠭᠦᠳᠡ ᠶᠡᠬᠡᠳᠡ ᠪᠠᠶᠠᠷᠯᠠᠭᠰᠠᠨ︾ ᠢᠶᠠᠨ ᠬᠥᠭᠡᠭᠡᠨ ᠳᠤᠷᠠᠰᠴᠤ ᠪᠠᠶᠢᠭᠰᠠᠨ ᠵᠡᠷᠭᠡ ᠨᠢ | ᠨᠣᠮ ᠡᠷᠳᠡᠮ ᠤᠨ ᠵᠦᠭ ᠨᠢᠳᠦ ᠪᠠᠨ ᠨᠡᠭᠡᠭᠡᠵᠦ᠂ ᠴᠢᠬᠢ ᠳᠡᠭᠡᠨ ᠲᠠᠯᠪᠢᠵᠤ ᠪᠠᠶᠢᠭᠰᠠᠨ ᠳᠡᠭᠦᠦ ᠢᠨᠵᠠᠨᠨᠠᠰᠢ ᠶᠢᠨ | ᠠᠯᠤᠰ ᠬᠡᠲᠦ ᠶᠢᠨ ᠰᠤᠷᠤᠯᠭ᠎ᠠ ᠪᠣᠯᠪᠠᠰᠤᠷᠠᠯ ᠳᠤ ᠨᠥᠯᠥᠭᠡᠯᠡᠬᠦ ᠦᠭᠡᠢ ᠪᠠᠶᠢᠵᠤ ᠴᠢᠳᠠᠭᠰᠠᠨ ᠦᠭᠡᠢ᠃ ᠡᠨᠡ ᠪᠦᠬᠦ | ᠡᠭᠦᠳᠦᠯ ᠬᠡᠷᠡᠭ ᠤᠨ ᠤᠯᠪᠠᠭ᠎ᠠ ᠦᠨᠳᠦᠰᠦ ᠲᠠᠢ ᠪᠠᠷ ᠬᠠᠮᠲᠤᠷᠠᠵᠤ᠂ ᠰᠤᠷᠴᠤ ᠰᠤᠳᠤᠯᠵᠤ ᠪᠢᠴᠢᠵᠦ ᠲᠤᠭᠤᠷᠪᠢᠵᠤ | ᠬᠠᠷᠢᠯᠴᠠᠨ ᠰᠢᠭᠦᠮᠴᠢᠯᠡᠯᠴᠡᠵᠦ᠂ ᠮᠠᠷᠭᠤᠨ ᠲᠡᠮᠡᠴᠡᠯᠳᠦᠵᠦ ᠪᠠᠶᠢᠭᠰᠠᠨ ᠲᠤᠬᠠᠢ ᠪᠠᠨ ᠢᠨᠵᠠᠨᠨᠠᠰᠢ ᠪᠢᠴᠢᠬᠦ ᠳᠡᠭᠡᠨ᠄ | ︽ᠠᠬ᠎ᠠ ᠳᠡᠭᠦᠦ ᠬᠠᠪᠤᠷ ᠤᠨ ᠦᠵᠡᠮᠵᠢ ᠨᠠᠮᠤᠷ ᠤᠨ ᠲᠤᠩᠭᠠᠯᠠᠭ ᠲᠤᠷ ᠬᠠᠮᠲᠤ ᠴᠤᠭᠯᠠᠷᠠᠪᠠᠰᠤ ᠠᠮᠲᠠᠲᠠᠶᠠ | ᠰᠢᠯᠦᠭᠯᠡᠨ ᠬᠠᠪᠤᠲᠠᠶᠠ ᠰᠢᠭᠦᠮᠵᠢᠯᠡᠵᠦ ᠪᠠᠶᠠᠰᠤᠨ ᠢᠨᠢᠶᠡᠨ ᠪᠠᠷᠠᠰᠢ ᠦᠭᠡᠢ ᠪᠦᠯᠦᠭᠡ᠃ ᠠᠭᠤᠵᠢᠮ ᠵᠤᠨ᠂ | ᠡᠪᠦᠯ ᠤᠨ ᠰᠥᠨᠢ ᠳᠤᠯᠠᠭᠠᠨ ᠪᠦᠷᠭᠡ ᠳᠤ ᠬᠠᠮᠲᠤ ᠴᠤᠭᠯᠠᠯᠳᠤᠨ ᠠᠯᠠᠭ᠎ᠠ ᠪᠠᠨ ᠲᠠᠰᠢᠨ ᠰᠢᠷᠡᠭᠡ ᠶᠢ ᠴᠣᠬᠢᠵᠤ | ᠡᠷᠲᠡ ᠡᠳᠦᠭᠡ ᠶᠢ ᠨᠡᠬᠡᠮᠵᠢᠯᠡᠨ ᠬᠡᠯᠡᠯᠴᠡᠳᠡᠭ ᠪᠦᠯᠦᠭᠡ︾ ᠭᠡᠵᠡᠢ᠃ ᠢᠩᠭᠢᠵᠦ ᠭᠡᠷ ᠪᠦᠯᠢ ᠶᠢᠨ ᠳᠣᠲᠣᠷᠠᠬᠢ | ᠬᠥᠮᠥᠰ ᠤᠨ ᠰᠢᠯᠦᠭ ᠵᠣᠬᠢᠶᠠᠯ ᠲᠤᠭᠤᠷᠪᠢᠵᠤ ᠲᠡᠦᠬᠡ ᠱᠠᠰᠲᠢᠷ ᠣᠷᠴᠢᠭᠤᠯᠵᠤ᠂ ᠢᠷᠠᠭᠤ ᠨᠠᠶᠢᠷᠠᠭ ᠤᠨ ᠣᠨᠣᠯ | ᠪᠣᠳᠣᠷᠣᠣᠯ ᠶᠠᠷᠢᠯᠴᠠᠵᠤ᠂ ᠤᠷᠠᠨ ᠵᠢᠷᠤᠭ ᠣᠷᠣᠯᠳᠤᠵᠤ ᠪᠠᠶᠢᠭᠰᠠᠨ ᠵᠡᠷᠭᠡ ᠨᠢ ᠶᠠᠭᠤᠨ ᠤ ᠡᠮᠦᠨ᠎ᠡ ᠢᠨᠵᠠᠨᠨᠠᠰᠢ ᠶᠢᠨ | ᠪᠠᠭ᠎ᠠ ᠠᠬᠤᠢ ᠴᠠᠭ ᠠᠴᠠ ᠤᠷᠠᠯᠢᠭ ᠤᠷᠠᠨ ᠰᠠᠶᠢᠬᠠᠨ ᠪᠣᠯᠣᠨ ᠭᠤᠸ᠎ᠠ ᠵᠦᠢ ᠰᠡᠷᠡᠯ ᠰᠡᠳᠬᠢᠯᠭᠡ ᠬᠥᠭᠵᠢᠨ | ᠲᠥᠯᠥᠪᠰᠢᠬᠦ ᠳᠤ ᠴᠢᠬᠤᠯᠠ ᠨᠥᠯᠥᠭᠡ ᠦᠵᠡᠭᠦᠯᠦᠭᠰᠡᠨ ᠪᠠᠶᠢᠨ᠎ᠠ᠃ ᠨᠥᠭᠦᠭᠡ ᠲᠠᠯ᠎ᠠ ᠪᠠᠷ ᠢᠨᠵᠠᠨᠨᠠᠰᠢ ᠶᠢᠨ ᠨᠡᠶᠢᠭᠡᠮ | ᠤᠯᠤᠰ ᠲᠥᠷᠥ᠂ ᠭᠦᠨ ᠤᠬᠠᠭᠠᠨ᠂ ᠶᠣᠰᠣ ᠰᠤᠷᠲᠠᠬᠤᠨ ᠤ ᠦᠵᠡᠯ ᠪᠣᠳᠣᠯ ᠪᠦᠷᠢᠯᠳᠦᠨ ᠲᠣᠭᠲᠠᠬᠤ ᠳᠤ | ᠲᠤᠬᠠᠢ ᠶᠢᠨ ᠨᠡᠶᠢᠭᠡᠮ᠂ ᠴᠠᠭ ᠦᠶ᠎ᠡ ᠶᠢᠨ ᠶᠡᠭᠡ ᠳᠠᠪᠠᠯᠭᠠᠨ᠂ ᠬᠥᠮᠥᠨ ᠣᠯᠠᠨ ᠤ ᠠᠮᠢᠳᠤᠷᠠᠯ ᠤᠨ ᠪᠣᠳᠠᠲᠤ ᠪᠠᠶᠢᠳᠠᠯ | ᠭᠦᠨ ᠭᠦᠨᠵᠡᠭᠡᠢ ᠤᠴᠢᠷ ᠬᠤᠯᠪᠣᠭᠳᠠᠯ ᠦᠵᠡᠭᠦᠯᠵᠡᠢ᠃ ᠢᠨᠵᠠᠨᠨᠠᠰᠢ ᠶᠢᠨ ᠲᠥᠷᠥᠵᠦ ᠥᠰᠦᠭᠰᠡᠨ ᠲᠦᠮᠡᠳ | ᠪᠠᠷᠠᠭᠤᠨ ᠬᠤᠰᠢᠭᠤ ᠨᠢ ᠬᠢᠲᠠᠳ ᠲᠠᠢ ᠬᠢᠯᠢ ᠨᠡᠶᠢᠯᠡᠬᠦ ᠬᠠᠮᠤᠭ ᠤᠨ ᠤᠷᠳᠤ ᠵᠠᠬ᠎ᠠ ᠶᠢᠨ ᠨᠤᠲᠤᠭ ᠪᠠᠶᠢᠭᠰᠠᠨ ᠤ | ᠡᠷᠬᠡ ᠪᠠᠷ ᠭᠠᠵᠠᠷ ᠭᠤᠶᠤᠬᠤ ᠨᠡᠷᠡᠶᠢᠳᠦᠯ ᠢᠶᠠᠷ ᠬᠢᠲᠠᠳ ᠢᠷᠭᠡᠳ ᠰᠤᠯᠠ ᠴᠢᠯᠦᠭᠡᠲᠡᠢ ᠨᠡᠭᠦᠳᠡᠯᠯᠡᠨ ᠢᠷᠠᠵᠤ᠂ | ᠬᠤᠰᠢᠭᠤᠨ ᠤ ᠮᠣᠩᠭᠤᠯᠴᠤᠳ ᠲᠠᠢ ᠬᠤᠯᠢᠯᠳᠤᠨ ᠰᠠᠭᠤᠷᠢᠰᠢᠬᠤ ᠶᠠᠪᠤᠴᠠ ᠳᠤ ᠬᠢᠲᠠᠳ ᠠᠬᠤᠢ᠂ ᠵᠠᠩ ᠵᠠᠩᠰᠢᠯ | ᠲᠦᠷᠢᠯᠭᠡᠨ ᠢᠷᠡᠬᠦ ᠮᠠᠭᠤ ᠴᠠᠭ ᠤᠨ ᠬᠤᠰᠢᠭᠤ ᠬᠤᠩᠰᠢᠶᠠᠷ ᠬᠠᠶᠠ ᠰᠡᠵᠢᠭᠦᠷ ᠢᠶᠠᠷ ᠴᠣᠬᠤᠶᠢᠵᠤ᠂ ᠮᠠᠨᠵᠤ ᠴᠢᠩ | ᠤᠯᠤᠰ ᠤᠨ ᠡᠰᠡᠷᠭᠦ ᠭᠠᠳᠠᠨ᠎ᠠ ᠠᠴᠠ ᠤᠤᠯᠭᠠᠯᠠᠨ ᠳᠣᠪᠲᠣᠯᠬᠤ ︽ᠢᠨᠵᠠᠷ ᠬᠤᠯᠠᠭᠠᠢ ᠶᠢᠨ ︵ᠠᠩᠭ᠍ᠯᠢ ᠶᠢᠨ | ᠳᠠᠯᠠᠢ ᠶᠢᠨ ᠴᠡᠷᠢᠭ︶ ᠬᠡᠷᠡᠭ ᠲᠤᠷ ᠰᠦᠪᠡ ᠠᠮᠠ ᠶᠢ ᠬᠠᠮᠠᠭᠠᠯᠠᠨ ᠰᠠᠬᠢᠬᠤ︾ ᠶᠢᠨ ᠲᠤᠯᠠᠳᠠ ᠮᠣᠩᠭᠤᠯᠴᠤᠳ ᠲᠤ | ᠴᠡᠷᠢᠭ ᠮᠣᠷᠢ ᠲᠤᠰᠠᠯᠠᠬᠤ ᠬᠦᠨᠳᠦ ᠬᠦᠴᠢᠷ ᠠᠯᠪᠠ ᠶᠢ ᠲᠤᠯᠭᠠᠬᠤ᠂ ᠰᠢᠬᠠᠬᠤ ᠶᠠᠪᠤᠳᠠᠯ ᠰᠢᠷᠦᠭᠦᠰᠴᠦ᠂ ᠳᠠᠶᠢᠴᠢᠩ | ᠤᠯᠤᠰ ᠤᠨ ᠲᠤᠯᠭᠤᠷ ᠲᠥᠷᠥ ᠶᠢ ᠨᠡᠭᠡᠭᠡᠬᠦ ᠦᠶ᠎ᠡ ᠴᠡᠷᠢᠭ ᠲᠤ ᠵᠢᠳᠬᠦᠵᠦ᠂ ᠭᠠᠪᠢᠶ᠎ᠠ ᠪᠠᠶᠢᠭᠤᠯᠤᠭᠰᠠᠨ ᠭᠡᠭᠲᠡᠬᠦ ︽ | ᠬᠠᠭᠠᠨ ᠤ ᠬᠠᠳᠠᠮ᠂ ᠤᠯᠤᠰ ᠤᠨ ᠨᠠᠭᠠᠴᠤ᠂ ᠡᠵᠡᠨ ᠤ ᠤᠷᠤᠭ᠂ ᠴᠡᠷᠢᠭ ᠤᠨ ᠭᠠᠪᠢᠶᠠᠲᠠᠨ᠂ ᠡᠰᠡᠬᠦᠯ᠎ᠡ ᠸᠠᠩ ᠤᠨ | ᠠᠴᠢ᠂ ᠬᠦᠩ ᠤᠨ ᠬᠥᠪᠡᠭᠦᠨ︾ ᠳᠤ ᠪᠠᠷᠢᠬᠤ ᠠᠯᠪᠠ ᠬᠠᠭ᠋ᠤᠤᠯᠢ᠂ ᠬᠡᠮᠵᠢᠶ᠎ᠡ ᠬᠢᠷᠢ ᠠᠴᠠ ᠬᠡᠲᠦᠷᠡᠵᠦ᠂ ᠡᠭᠦᠨ ᠢ | ᠮᠠᠨᠵᠤ ᠴᠢᠩ ᠤᠯᠤᠰ ᠤᠨ ᠨᠣᠶᠠᠷᠬᠠᠭᠴᠢᠳ ᠠᠴᠠ ᠲᠡᠳᠡᠭᠡᠷ ᠢ ︽ᠸᠠᠩ᠂ ᠪᠡᠶᠢᠯᠡ᠂ ᠪᠡᠶᠢᠰᠡ᠂ ᠬᠦᠩ ᠡᠷᠭᠦᠮᠵᠢᠯᠡᠨ | ᠬᠤᠭᠤᠰᠤᠨ ᠶᠡᠭᠡ ᠨᠡᠷ᠎ᠡ ᠡᠷᠭᠦᠭᠡᠳ᠂ ᠮᠥᠩᠭᠦ ᠲᠣᠷᠭ᠎ᠠ ᠪᠠᠷ ᠬᠤᠪᠳᠣᠭᠯᠠᠭᠤᠯᠤᠨ ᠵᠠᠷᠤᠴᠠᠯᠠᠵᠤ︾ ᠪᠠᠶᠢᠭᠰᠠᠨ ᠤ | ᠲᠡᠷᠡ ᠶᠡᠭᠡ ᠲᠥᠯᠥᠭᠡᠰᠦ ᠶᠢ ᠡᠰᠡᠷᠭᠦᠴᠡᠭᠰᠡᠨ ᠳᠣᠣᠷᠠᠲᠤ ᠠᠷᠠᠳ ᠤᠨ ᠬᠥᠳᠡᠯᠭᠡᠭᠡᠨ᠂ ᠳᠣᠲᠣᠭᠠᠳᠤ ᠬᠢᠮᠤᠷᠠᠯ ᠲᠡᠮᠡᠴᠡᠯ | ᠬᠦᠴᠦᠲᠡᠢ ᠥᠷᠨᠢᠵᠦ ᠪᠠᠶᠢᠪᠠ᠃ ᠡᠨᠡ ᠪᠦᠬᠦᠨ ᠪᠣᠯ ᠢᠨᠵᠠᠨᠨᠠᠰᠢ ᠶᠢᠨ ᠦᠨᠳᠦᠰᠦᠲᠡᠨ ᠤ ᠤᠬᠠᠮᠰᠠᠷ ᠢ ᠰᠡᠷᠭᠦᠭᠡᠵᠦ᠂ | ᠦᠵᠡᠯ ᠰᠤᠷᠲᠠᠯ ᠤᠨ ᠲᠠᠯᠠᠪᠤᠷ ᠲᠤ ᠳᠠᠪᠰᠢᠯ ᠭᠡᠭᠡᠷᠡᠭᠦᠯᠦᠭᠴᠢᠳ ᠤᠨ ᠳᠠᠭᠤ ᠬᠤᠭᠤᠯᠠᠢ ᠶᠢ ᠨᠢ ᠬᠦᠴᠦᠲᠡᠢ | ᠴᠤᠤᠷᠢᠶᠠᠳᠠᠭᠤᠯᠤᠭᠰᠠᠨ ᠶᠤᠮ᠃ ︽ᠢᠨᠵᠠᠨᠨᠠᠰᠢ ᠮᠣᠩᠭᠤᠯ ᠦᠨᠳᠦᠰᠦᠲᠡᠨ ᠤ ᠬᠤᠴᠣᠷᠤᠭᠳᠠᠨ ᠳᠣᠷᠣᠶᠢᠲᠠᠭᠰᠠᠨ ᠤ | ᠭᠤᠣᠯ ᠰᠢᠯᠲᠠᠭᠠᠨ ᠢ ᠨᠢᠭᠡ ᠲᠠᠯ᠎ᠠ ᠠᠴᠠ ᠮᠠᠨᠵᠤ ᠴᠢᠩ ᠤᠯᠤᠰ ᠤᠨ ᠬᠠᠷᠭᠢᠰ ᠪᠣᠳᠣᠯᠭ᠎ᠠ ᠶᠢᠨ ᠤᠷᠰᠢᠭ᠂ ᠨᠥᠭᠦᠭᠡ | ᠲᠠᠯ᠎ᠠ ᠠᠴᠠ ᠮᠣᠩᠭᠤᠯ ᠤᠨ ᠹᠸᠣᠳᠠᠯ ᠤᠳ ᠤᠨ ᠲᠡᠨᠡᠭ ᠮᠤᠩᠬᠠᠭ᠂ ᠰᠤᠯᠠ ᠳᠣᠷᠣᠢ ᠶᠢᠨ ᠰᠢᠨᠵᠢ ᠲᠡᠮᠳᠡᠭ ᠮᠥᠨ | ᠭᠡᠵᠦ ᠦᠵᠡᠵᠦ︾ ᠲᠤᠬᠠᠢ ᠶᠢᠨ ᠨᠡᠶᠢᠭᠡᠮ ᠤᠨ ᠳᠣᠲᠣᠷᠠᠬᠢ ᠬᠠᠷ᠎ᠠ᠂ ᠰᠢᠷ᠎ᠠ ᠣᠯᠠᠨ ᠤ ᠭᠡᠮᠲᠦ ᠴᠠᠯᠠᠭᠠᠢ ᠶᠠᠪᠤᠳᠠᠯ ᠢ | ᠵᠠᠰᠠᠨ ᠰᠢᠨᠡᠳᠬᠡᠭᠴᠢᠳ ᠤᠨ ᠦᠵᠡᠯ ᠪᠣᠳᠣᠯ ᠤᠨ ᠡᠭᠦᠳᠡᠨ ᠠᠴᠠ ᠠᠭᠤᠳᠠᠯᠤᠨ ᠰᠢᠭᠦᠮᠵᠢᠯᠡᠭᠰᠡᠨ ᠶᠤᠮ᠃ ︽᠁ | ᠨᠢᠭᠡᠨ ᠵᠦᠢᠯ ᠤᠨ ᠠᠮᠢᠲᠠᠢ ᠶᠠᠭᠤᠮ᠎ᠠ᠂ ᠲᠡᠷᠡ ᠶᠠᠭᠤᠮ᠎ᠠ ᠪᠢᠴᠢᠭ ᠬᠡᠮᠡᠪᠡᠰᠦ ᠪᠢᠴᠢᠭ ᠦᠵᠡᠭᠰᠡᠨ ᠦᠭᠡᠢ᠂ ᠴᠡᠷᠢᠭ | ᠬᠡᠮᠡᠪᠡᠰᠦ ᠴᠡᠷᠢᠭ ᠰᠤᠷᠤᠭᠰᠠᠨ ᠦᠭᠡᠢ ᠁ ᠡᠳᠡᠭᠡᠷ ᠵᠡᠷᠭᠡ ᠶᠢᠨ ᠠᠷᠠᠳ᠂ ᠲᠣᠯᠣᠭᠠᠢ ᠳᠤᠷ ᠡᠯᠳᠡᠪ ᠵᠦᠢᠯ ᠤᠨ | ᠡᠷᠳᠡᠨᠢ ᠴᠢᠯᠠᠭᠤᠨ ᠤ ᠣᠷᠣᠢ ᠵᠡᠭᠦᠵᠦ᠂ ᠮᠠᠯᠠᠭᠠᠢ ᠳᠤᠷ ᠲᠠᠪᠤᠨ ᠥᠩᠭᠡ ᠶᠢᠨ ᠲᠣᠭᠤᠰ ᠤᠨ ᠣᠲᠤᠭ᠎ᠠ ᠬᠠᠳᠠᠭᠠᠳ᠂ | ᠪᠡᠶ᠎ᠡ ᠳᠤᠷ ᠯᠤᠤᠲᠤ ᠮᠠᠩᠨᠤᠭ ᠬᠤᠪᠴᠠᠳ ᠡᠮᠦᠰᠴᠦ᠂ ᠪᠡᠯᠬᠡᠭᠦᠰᠦᠨ ᠳᠤᠷ ᠴᠠᠭᠠᠨ ᠬᠠᠰ ᠤᠨ ᠪᠥᠰ ᠪᠦᠰᠡᠯᠡᠵᠦ᠂ | ᠬᠦᠵᠦᠭᠦᠨ ᠳᠤᠷ ᠣᠭ᠍ᠶᠤ ᠱᠢᠷᠦ ᠶᠢᠨ ᠡᠷᠢᠬᠡ ᠬᠦᠵᠦᠪᠴᠢᠯᠡᠨ᠂ ᠮᠥᠷᠥ ᠳᠤᠷ ᠪᠤᠯᠠᠭ᠎ᠠ ᠦᠨᠡᠭᠡ ᠶᠢᠨ ᠳᠠᠬᠤ ᠶᠢ | ᠨᠥᠮᠥᠷᠦᠨ᠂ ᠠᠷᠤ ᠥᠪᠥᠷ ᠲᠡᠭᠡᠨ ᠡᠯᠳᠡᠪ ᠵᠦᠢᠯ ᠤᠨ ᠦᠨ᠎ᠡ ᠲᠠᠢ ᠡᠷᠳᠡᠨᠢ ᠴᠢᠯᠠᠭᠤ ᠭᠠᠨᠵᠤᠭᠠᠯᠠᠭᠠᠳ᠂ ᠭᠠᠷ | ᠬᠥᠯ ᠳᠡᠭᠡᠨ ᠭᠡᠷᠡᠯᠲᠡᠢ ᠰᠣᠨᠢᠨ ᠠᠯᠲᠠᠨ ᠰᠤᠪᠤᠳ ᠢ ᠡᠳ᠋ᠯᠡᠭᠡᠳ᠂ ᠭᠠᠷᠪᠠᠰᠤ ᠬᠡᠭᠡᠨᠴᠢᠷ ᠵᠠᠷᠤᠴᠠ ᠥᠩᠭᠡᠲᠦ | ᠳᠠᠭᠠᠭᠰᠠᠳ ᠬᠡᠳᠦᠨ ᠵᠠᠭᠤ ᠪᠠᠷ ᠡᠷᠳᠡᠨᠢ ᠶᠢᠨ ᠰᠡᠦᠬᠡ᠂ ᠨᠢᠰᠬᠦ ᠲᠡᠷᠭᠡ ᠶᠢ ᠬᠠᠮᠵᠢᠨ ᠳᠠᠭᠠᠵᠤ᠂ ᠵᠠᠮ ᠵᠡᠭᠡᠯᠢ ᠳᠤ | ᠲᠦᠢᠪᠡᠭᠡᠨ ᠦᠢᠮᠡᠭᠦᠯᠵᠦ᠂ ᠣᠷᠣᠪᠠᠰᠤ ᠭᠤᠸ᠎ᠠ ᠰᠢᠪᠡᠭᠴᠢᠨ᠂ ᠦᠵᠡᠰᠬᠦᠯᠡᠩ ᠲᠠᠲᠠᠪᠤᠷᠢ ᠬᠡᠳᠦᠨ ᠠᠷᠪᠠ ᠪᠠᠷ | ᠮᠠᠩᠨᠤᠭ ᠬᠥᠰᠢᠭᠡ᠂ ᠵᠠᠭᠠᠷ ᠤᠨ ᠬᠥᠨᠵᠢᠯᠡ ᠳᠤ ᠣᠪᠣᠭᠠᠯᠠᠨ ᠲᠣᠪᠣᠶᠢᠯᠠᠵᠤ᠂ ᠰᠠᠭᠤᠬᠤ ᠨᠢ ᠰᠤᠳᠠᠷᠠᠰᠤᠨ ᠪᠠᠯᠭᠠᠰᠤᠨ | ᠣᠷᠳᠣ ᠬᠠᠷᠰᠢ᠂ ᠬᠡᠪᠲᠡᠬᠦ ᠨᠢ ᠰᠦᠺᠠᠸᠠᠳᠢ ᠶᠢᠨ ᠣᠷᠣᠨ ᠤ ᠯᠢᠩᠬᠤ᠎ᠠ ᠨᠠᠭᠤᠷ᠂ ᠢᠳᠡᠪᠡᠰᠦ ᠳᠣᠯᠣᠭᠠᠨ | ᠠᠮᠲᠠᠲᠤ ᠶᠢᠨ ᠡᠷᠬᠢᠮ ᠢᠳᠡᠭᠡ᠂ ᠤᠮᠳᠠᠪᠠᠰᠤ ᠠᠷᠪᠠᠨ ᠬᠠᠷ᠎ᠠ ᠶᠢᠨ ᠤᠵᠢᠳ ᠤᠨ ᠴᠡᠩᠭᠡᠯ᠂ ᠠᠪᠴᠤ ᠦᠵᠡᠪᠡᠰᠦ | ᠬᠤᠪᠢᠯᠭᠠᠨ ᠰᠠᠬᠢᠭᠤᠯᠰᠤᠨ ᠤ ᠮᠡᠲᠦ ᠥᠩᠭᠡ ᠭᠡᠷᠡᠯ ᠲᠠᠢ᠂ ᠠᠮᠲᠠ ᠶᠢ ᠬᠡᠯᠡᠯᠴᠡᠪᠡᠰᠦ ᠠᠯᠪᠢᠨ ᠴᠢᠳᠬᠦᠷ ᠤᠨ | ᠠᠮᠢᠰᠬᠤᠯ ᠯᠤᠭ᠎ᠠ ᠠᠳᠠᠯᠢ ᠪᠠᠭᠰᠢᠮᠠ ᠦᠮᠡᠬᠡᠢ᠂ ᠡᠶᠢᠮᠦ ᠨᠢᠭᠡᠨ ᠵᠦᠢᠯ ᠤᠨ ᠠᠮᠢᠲᠠᠢ ᠶᠠᠭᠤᠮ᠎ᠠ ᠪᠣᠢ ᠠᠮᠤᠢ︾ ︵︽ | ᠬᠥᠬᠡ ᠰᠤᠳᠤᠷ︾ ᠶᠢᠨ ᠲᠡᠷᠢᠭᠦᠨ ᠳᠡᠪᠲᠡᠷ᠂ 26 — 27︶ ᠭᠡᠵᠦ ᠡᠩ ᠲᠡᠷᠢᠭᠦᠨ᠎ᠡ ᠬᠠᠷ᠎ᠠ ᠶᠢᠨ ᠪᠤᠶᠤ | ᠲᠥᠷᠥ ᠶᠢᠨ ᠲᠠᠯ᠎ᠠ ᠶᠢᠨ ᠸᠠᠩ᠂ ᠪᠡᠶᠢᠯᠡ᠂ ᠬᠦᠩ ᠵᠠᠰᠠᠭ᠂ ᠲᠤᠯᠭᠠᠭᠤᠷ᠂ ᠲᠡᠳᠬᠦᠪᠦᠷᠢ ᠵᠡᠷᠭᠡ ᠶᠢᠨ ᠲᠠᠶᠢᠵᠢ᠂ | ᠲᠠᠪᠤᠨᠠᠩ ᠤᠳ ᠢ ᠣᠷᠣᠯᠴᠠᠭᠤᠯᠤᠨ ᠤᠯᠤᠰ ᠢ ᠬᠤᠭᠤᠰᠤᠯᠠᠵᠤ᠂ ᠲᠥᠷᠥ ᠶᠢ ᠮᠥᠯᠵᠢᠵᠦ᠂ ᠭᠡᠳᠡᠰᠦ ᠴᠠᠳᠬᠤᠯᠠᠩ | ᠰᠠᠨᠠᠭ᠎ᠠ ᠠᠮᠤᠭᠤᠯᠠᠩ ᠰᠠᠭᠤᠵᠤ ᠪᠠᠶᠢᠭ᠎ᠠ ᠶᠢ ᠬᠤᠷᠴᠠ ᠰᠢᠭᠦᠮᠵᠢᠯᠡᠭᠰᠡᠨ ᠠᠬᠤᠯ᠎ᠠ ᠰᠢᠷ᠎ᠠ ᠶᠢᠨ ᠪᠤᠶᠤ ᠱᠠᠰᠢᠨ | ᠨᠣᠮ ᠤᠨ ᠦᠢᠯᠡᠴᠢᠨ ᠨᠦᠭᠦᠳ ᠲᠤ ᠬᠠᠨᠳᠤᠵᠤ᠄ ︽ᠡᠳᠦᠭᠡ ᠦᠵᠡᠬᠦᠯ᠎ᠡ᠂ ᠮᠣᠩᠭᠤᠯ ᠲᠣᠭᠠᠲᠠᠨ ᠰᠢᠷ᠎ᠠ ᠶᠢᠨ | ᠱᠠᠰᠢᠨ ᠳᠤ ᠣᠷᠣᠵᠤ᠂ ᠮᠥᠩᠬᠡ ᠪᠤᠰᠤ ᠬᠤᠭᠤᠭᠰᠠᠨ ᠴᠢᠨᠠᠷ ᠤᠨ ᠴᠢᠨᠠᠲᠤ ᠶᠢᠨ ᠲᠠᠪᠤᠨ ᠪᠣᠳᠢ ᠳᠤ ᠮᠡᠷᠭᠡᠰᠢᠶᠡᠵᠤ | ᠦᠵᠦᠭᠦᠷ ᠬᠢᠵᠠᠭᠠᠷ᠂ ᠭᠡᠷᠡᠴᠢ ᠪᠠᠷᠢᠮᠲᠠ ᠦᠭᠡᠢ ᠬᠤᠭᠤᠭᠰᠠᠨ ᠶᠣᠰᠣ ᠶᠢ ᠪᠤᠯᠢᠶᠠᠯᠳᠤᠵᠤ᠂ ᠲᠦᠮᠡᠨ ᠭᠠᠵᠠᠷ ᠤᠨ | ᠬᠤᠯᠠ ᠪᠠᠷᠠᠭᠤᠨ ᠵᠤᠤ ᠶᠢᠨ ᠭᠠᠵᠠᠷ᠂ ᠵᠠᠭᠤᠨ ᠵᠦᠢᠯ ᠢᠶᠠᠷ ᠵᠣᠪᠠᠨ ᠵᠦᠳᠡᠵᠦ᠂ ᠮᠠᠴᠤᠨ ᠬᠦᠷᠴᠦ ᠁ ᠲᠡᠷᠡ | ᠨᠢᠭᠡᠨ ᡀᠠᠷᠠᠮᠪᠠ ᠳᠣᠷᠣᠮᠪᠠ ᠶᠢᠨ ᠬᠡᠷᠡᠭ ᠦᠭᠡᠢ ᠬᠡᠶᠢᠳᠡᠮ ᠴᠣᠯᠠ ᠳᠤ ᠳᠤᠷᠠᠯᠠᠵᠤ ᠁︾ ︵︽ᠬᠥᠬᠡ ᠰᠤᠳᠤᠷ | ︾ ᠶᠢᠨ ᠲᠡᠷᠢᠭᠦᠨ ᠳᠡᠪᠲᠡᠷ᠂ ᠬᠠᠭᠤᠳᠠᠰᠤ 24︶ ᠲᠡᠭᠦᠨ ᠢ ᠠᠪᠴᠤ ᠢᠷᠡᠳᠡᠭ ᠪᠠᠶᠢᠭᠰᠠᠨ ᠲᠤᠬᠠᠢ ᠳᠤᠷᠠᠳᠴᠠᠢ᠃ | ᠮᠥᠨ ︽ᠨᠣᠮᠴᠢ ᠶᠢᠨ ᠬᠠᠭᠤᠷᠮᠠᠭ︾ ᠬᠡᠮᠡᠬᠦ ᠰᠢᠭᠦᠮᠵᠢᠯᠡᠯᠲᠦ ᠥᠭᠦᠯᠡᠯ ᠳᠡᠭᠡᠨ᠄ ︽ᠣᠭᠲᠣᠬᠠᠨ ᠴᠦ ᠨᠣᠮ ᠦᠭᠡᠢ | ᠬᠤᠸᠠᠷᠠᠭ ᠪᠦᠬᠡᠲᠡᠯᠡ ᠁ ᠮᠠᠰᠢᠳᠠ ᠨᠣᠮ ᠮᠡᠳᠡᠬᠦ ᠯᠠᠮᠠ ᠶᠢᠨ ᠳᠦᠷᠢᠮ ᠢᠶᠠᠷ ᠬᠠᠭᠤᠷᠮᠠᠭᠯᠠᠨ ᠠᠪᠤᠷᠢᠯᠠᠵᠤ | ᠡᠮᠦᠨ᠎ᠡ ᠪᠠᠨ ᠠᠭᠤᠯᠠ ᠶᠢᠨ ᠲᠡᠳᠦᠢ ᠨᠣᠮ ᠢ ᠣᠪᠣᠭᠠᠯᠠᠵᠤ ᠲᠠᠯᠪᠢᠭᠠᠳ᠂ ᠪᠢᠴᠢᠭ ᠦᠵᠡᠬᠦ ᠱᠠᠪᠢ ᠨᠠᠷ ᠢ ᠵᠠᠩᠳᠤᠨ | ᠴᠡᠭᠡᠷᠯᠡᠭᠦᠯᠬᠦ ᠁ ᠡᠨᠡ ᠨᠢᠭᠡᠨ ᠠᠯᠳᠠᠰ ᠤᠨ ᠭᠡᠮ ᠡᠪᠡᠳᠴᠢᠨ ᠮᠠᠰᠢᠳᠠ ᠭᠦᠨ᠂ ᠮᠠᠰᠢᠳᠠ ᠬᠦᠨᠳᠦ ᠪᠤᠯᠠᠢ︾ | ᠭᠡᠳ ᠲᠡᠳᠡᠨ ᠢ᠄ ︽ᠨᠣᠮ ᠤᠨ ᠭᠠᠳᠠᠭᠠᠳᠤ ᠳᠦᠷᠰᠦ ᠪᠠᠶᠢᠪᠠᠴᠤ᠂ ᠨᠣᠮ ᠤᠨ ᠳᠣᠲᠣᠭᠠᠳᠤ ᠣᠨᠣᠯ ᠁ ᠣᠭᠲᠣ | ᠣᠯᠵᠤ ᠵᠣᠯᠭᠠᠭᠰᠠᠨ︾ ᠶᠢ ᠪᠠᠭᠠᠯᠠᠨ ᠰᠢᠭᠦᠮᠵᠢᠯᠡᠵᠡᠢ᠃ ᠡᠶᠢᠨ ᠬᠦ ᠢᠨᠵᠠᠨᠨᠠᠰᠢ ᠪᠣᠯ ᠲᠤᠬᠠᠢ ᠶᠢᠨ ᠦᠶ᠎ᠡ ᠶᠢᠨ | ᠮᠣᠩᠭᠤᠯ ᠣᠷᠣᠨ ᠤ ᠣᠶᠣᠨ ᠰᠠᠨᠠᠭ᠎ᠠ ᠶᠢᠨ ᠪᠦᠬᠦᠶᠢᠯᠡ ᠰᠠᠯᠪᠤᠷᠢ ᠳᠤ ᠵᠣᠩᠬᠢᠯᠠᠬᠤ ᠦᠵᠡᠯ ᠰᠤᠷᠲᠠᠯ ᠪᠣᠯᠵᠤ | ᠪᠠᠶᠢᠭᠰᠠᠨ ᠪᠣᠳ᠋ᠳ᠋ᠾᠠ ᠶᠢᠨ ᠱᠠᠰᠢᠨ ᠤ ᠰᠤᠷᠭᠠᠯ ᠨᠣᠮᠯᠠᠯ᠂ ᠴᠥᠭᠡᠨ ᠬᠡᠰᠡᠭ ᠤᠨ ᠬᠢᠨ ᠤ ᠰᠦᠮ᠎ᠡ ᠬᠡᠶᠢᠳ ᠤᠨ | ᠬᠢᠵᠠᠭᠠᠷᠳᠠᠮᠠᠯ ᠢᠪᠴᠤᠤ ᠪᠣᠯᠪᠠᠰᠤᠷᠠᠯ ᠤᠨ ᠥᠭᠡᠳᠡ ᠠᠴᠠ ᠥᠷᠭᠡᠨ ᠣᠯᠠᠨ ᠢᠷᠭᠡᠨ ᠤ ᠭᠡᠭᠡᠷᠡᠯ ᠮᠡᠳᠡᠯᠭᠡ ᠶᠢ | ᠰᠥᠷᠭᠡᠦᠯᠡᠨ ᠲᠠᠯᠪᠢᠵᠤ᠂ ᠮᠠᠨᠵᠤ ᠴᠢᠩ ᠤᠯᠤᠰ ᠤᠨ ᠵᠦᠭ ᠠᠴᠠ ᠮᠣᠩᠭᠤᠯ ᠦᠨᠳᠦᠰᠦᠲᠡᠨ ᠳᠤ ᠤᠴᠠᠷᠠᠭᠤᠯᠵᠤ | ᠪᠠᠶᠢᠭᠰᠠᠨ ᠤᠯᠤᠰ ᠦᠨᠳᠦᠰᠦᠲᠡᠨ ᠢ ᠠᠭᠤᠰᠬᠠᠨ ᠪᠠᠯᠠᠯᠬᠤ ᠡᠴᠢᠨ᠎ᠡ ᠳᠠᠯᠳᠠ ᠦᠵᠡᠯ ᠪᠣᠳᠣᠯᠭ᠎ᠠ ᠶᠢᠨ ᠥᠭᠡᠳᠡ ᠠᠴᠠ | ᠮᠣᠩᠭᠤᠯ ᠦᠨᠳᠦᠰᠦᠲᠡᠨ ᠤ ᠲᠤᠰᠠᠭᠠᠷ ᠲᠣᠭᠲᠠᠨᠢᠯ᠂ ᠪᠡᠶ᠎ᠡ ᠳᠠᠭᠠᠭᠠᠭᠰᠠᠨ ᠪᠠᠶᠢᠳᠠᠯ ᠢ ᠬᠥᠬᠢᠭᠦᠯᠦᠨ ᠳᠡᠮᠵᠢᠵᠦ᠂ | ᠬᠥᠮᠥᠨ ᠠᠷᠠᠳ ᠤᠨ ᠢᠶᠠᠨ ᠦᠨᠳᠦᠰᠦᠲᠡᠨ ᠤ ᠤᠬᠠᠮᠰᠠᠷ ᠢ ᠰᠡᠷᠭᠦᠭᠡᠬᠦ ᠳᠤ ᠪᠢᠷ ᠢᠶᠠᠨ ᠡᠷᠭᠦᠵᠦ᠂ ᠦᠭᠡ ᠪᠠᠨ | ᠬᠤᠷᠴᠠᠯᠠᠵᠤ ᠶᠠᠪᠤᠭᠰᠠᠨ ᠡᠬᠡ ᠣᠷᠣᠨᠴᠢ ᠦᠵᠡᠯᠲᠡ ᠲᠠᠢ ᠳᠠᠪᠰᠢᠯᠲᠤ ᠰᠡᠬᠡᠭᠡᠲᠡᠨ ᠪᠠᠶᠢᠵᠠᠢ᠃ ᠡᠶᠢᠮᠦ ᠠᠴᠠ | ᠲᠡᠷᠡ ᠪᠠᠷ᠄ ︽ᠮᠠᠨ ᠤ ᠮᠣᠩᠭᠤᠯ ᠤᠨ ᠳᠣᠷᠣᠶᠢᠲᠠᠭᠰᠠᠨ ᠁ ᠴᠥᠮ ᠪᠤᠷᠬᠠᠨ ᠪᠣᠯᠬᠤ ᠶᠢ ᠡᠷᠢᠭ᠍ᠰᠡᠭᠡᠷ ᠪᠤᠬᠤᠷ | ᠪᠣᠯᠣᠭᠰᠠᠨ ᠢᠶᠠᠨ ᠡᠳᠦᠭᠡ ᠪᠠᠰᠠ ᠴᠦ ᠰᠡᠷᠡᠵᠦ ᠮᠡᠳᠡᠭᠡ ᠦᠭᠡᠢ︾ ᠭᠡᠵᠦ ︽ᠪᠤᠷᠬᠠᠨ ᠪᠣᠯᠣᠨ᠎ᠠ︾ ᠬᠡᠮᠡᠨ ᠬᠤᠸᠠᠷᠠᠭ | ᠪᠣᠯᠭᠠᠨ᠂ ᠮᠣᠩᠭᠤᠯᠴᠤᠳ ᠤᠨ ᠦᠷ᠎ᠡ ᠤᠳᠤᠮ ᠢ ᠲᠠᠰᠤᠯᠤᠨ ᠪᠦᠷᠢᠯᠭᠡᠬᠦ ᠵᠣᠷᠢᠯᠭ᠎ᠠ ᠶᠢ ᠰᠢᠷ᠎ᠠ ᠶᠢᠨ ᠱᠠᠰᠢᠨ ᠢᠶᠠᠷ | ᠳᠠᠮᠵᠢᠭᠤᠯᠤᠨ ᠠᠰᠢᠭᠯᠠᠵᠤ ᠪᠠᠶᠢᠭᠰᠠᠨ ᠮᠠᠨᠵᠤ ᠴᠢᠩ ᠤᠯᠤᠰ ᠤᠨ ᠬᠠᠷᠭᠢᠰ ᠪᠣᠳᠣᠯᠭ᠎ᠠ ᠶᠢ ᠡᠰᠡᠷᠭᠦᠴᠡᠵᠦ᠄ ︽ | ᠮᠣᠩᠭᠤᠯᠴᠤᠳ ᠲᠥᠪᠡᠳ ᠨᠣᠮ ᠢᠶᠠᠷ ᠣᠨᠣᠯ ᠤᠬᠠᠭᠠᠨ ᠢ ᠣᠶᠢᠯᠠᠭᠠᠨ᠎ᠠ ᠭᠡᠳᠡᠭ ᠡᠳᠦᠷ ᠤᠨ ᠣᠳᠣ ᠰᠥᠨᠢ ᠶᠢᠨ | ᠰᠣᠯᠣᠩᠭ᠎ᠠ ᠮᠡᠲᠦ ᠴᠥᠭᠡᠨ ᠪᠠᠶᠢᠬᠤ ᠳᠤ ᠦᠨᠳᠦᠰᠦᠲᠡᠨ ᠤ ᠪᠢᠴᠢᠭ ᠦᠰᠦᠭ ᠢ ᠬᠠᠭᠤᠮᠠᠭᠠᠢ ᠳᠤ ᠦᠵᠡᠬᠦ | ᠬᠠᠭᠤᠷᠮᠠᠴᠢ ᠯᠠᠷᠵᠠ ᠳᠡᠯᠭᠡᠷᠡᠪᠡ︾ ᠭᠡᠵᠦ ᠮᠣᠩᠭᠤᠯ ᠤᠨ ᠦᠷ᠎ᠡ ᠬᠡᠦᠬᠡᠳ ᠢ ᠬᠤᠷᠠᠯ ᠨᠣᠮ ᠤᠨ ᠭᠠᠵᠠᠷ ᠱᠠᠪᠢ | ᠪᠣᠯᠭᠠᠨ ᠰᠠᠭᠤᠯᠭᠠᠪᠠᠯ ᠲᠥᠪᠡᠳ ᠨᠣᠮ ᠦᠵᠡᠭᠦᠯᠳᠡᠭ ᠢ ᠡᠷᠡᠰ ᠪᠤᠷᠤᠭᠤᠰᠢᠶᠠᠨ᠂ ᠦᠨᠳᠦᠰᠦᠲᠡᠨ ᠤ ᠪᠢᠴᠢᠭ ᠦᠵᠡᠵᠦ | ᠂ ᠲᠥᠷᠥᠯᠬᠢ ᠬᠡᠯᠡ ᠪᠠᠷ ᠢᠶᠠᠨ ᠢᠷᠭᠡᠨ ᠤ ᠪᠣᠯᠪᠠᠰᠤᠷᠠᠯ ᠣᠯᠬᠤ ᠶᠠᠪᠤᠳᠠᠯ ᠤᠨ ᠴᠢᠬᠤᠯᠠ ᠶᠢ ᠴᠣᠬᠤᠨ ᠵᠢᠭᠠᠵᠤ | ᠪᠠᠶᠢᠪᠠ᠃ ᠮᠥᠨ ︽᠁ ᠨᠢᠭᠡᠨ ᠬᠤᠶᠠᠷ ᠢᠷᠭᠡᠨ ︵ᠬᠢᠲᠠᠳ︶ ᠦᠰᠦᠭ ᠲᠠᠨᠢᠪᠠᠰᠤ ᠳᠠᠷᠤᠢ ᠮᠣᠩᠭᠤᠯ | ᠦᠰᠦᠭ ᠢᠶᠠᠨ ᠪᠠᠰᠤᠮᠵᠢᠯᠠᠨ ᠮᠣᠩᠭᠤᠯ ᠦᠰᠦᠭ ᠢᠶᠠᠷ ᠢᠷᠭᠡᠨ ᠤ ᠰᠠᠨᠠᠭ᠎ᠠ ᠶᠢ ᠪᠦᠷᠢᠳᠬᠡᠨ ᠭᠠᠷᠭᠠᠵᠤ ᠬᠡᠷᠬᠢᠨ | ᠴᠢᠳᠠᠮᠤᠢ ᠬᠡᠮᠡᠨ ᠠᠮᠠᠨ ᠤ ᠠᠶ᠎ᠠ ᠪᠠᠷ ᠴᠠᠯᠴᠢᠮᠤᠢ ᠁ ︵ᠡᠨᠡ︶ ᠨᠢ ᠳᠠᠯᠠᠢ ᠶᠢᠨ ᠬᠥᠪᠡᠭᠡᠨ ᠳᠤ ᠪᠡᠶ᠎ᠡ ᠪᠠᠨ | ᠤᠬᠢᠶᠠᠭᠠᠳ ᠳᠠᠯᠠᠢ ᠶᠢ ᠭᠦᠢᠬᠡᠨ ᠦᠵᠡᠭᠰᠡᠨ ᠠᠴᠠ ᠶᠠᠭᠤᠨ ᠥᠭᠡᠷ᠎ᠡ ᠪᠣᠢ︾ ᠭᠡᠵᠦ ᠮᠣᠩᠭᠤᠯ ᠦᠨᠳᠦᠰᠦᠲᠡᠨ ᠤ ᠪᠠᠨ | ᠰᠣᠶᠣᠯ ᠢ ᠠᠭᠤᠰᠬᠠᠨ ᠮᠠᠷᠲᠠᠵᠤ ᠣᠷᠬᠢᠭᠠᠳ᠂ ᠬᠠᠷᠢ ᠬᠢᠲᠠᠳ ᠤᠨ ᠰᠣᠶᠣᠯ ᠤᠨ ᠡᠮᠦᠨ᠎ᠡ ᠬᠡᠳᠦᠨᠲᠡ ᠰᠥᠭᠦᠳᠬᠦ | ᠦᠵᠡᠯ ᠢ ᠰᠢᠭᠦᠮᠵᠢᠯᠡᠨ ᠪᠢᠴᠢᠭᠡᠳ᠂ ᠥᠪᠡᠷ ᠤᠨ ᠦᠶ᠎ᠡ ᠶᠢᠨ ᠢᠶᠠᠨ ᠵᠠᠷᠢᠮ ︽ᠤᠳᠬ᠎ᠠ ᠰᠡᠬᠡᠭᠡᠷᠡᠭᠰᠡᠳ︾ ︽ | ᠥᠪᠡᠷ ᠤᠨ ᠤᠭ ᠦᠨᠳᠦᠰᠦᠲᠡᠨ ᠤ ᠬᠥᠬᠡ ᠮᠣᠩᠭᠤᠯ ᠤᠯᠤᠰ ᠤᠨ ᠬᠡᠷᠡᠭ ᠢᠶᠠᠨ ᠣᠭᠲᠣ ᠮᠡᠳᠡᠬᠦ ᠦᠭᠡᠢ ᠁︾ | ᠬᠠᠷᠢᠨ ︽ᠬᠢᠲᠠᠳ ᠪᠢᠴᠢᠭᠡᠴᠢ ᠨᠠᠷ ᠤᠨ ᠥᠴᠥᠬᠡᠨ ᠠᠳᠬᠠᠭᠲᠦ ᠰᠡᠳᠬᠢᠯ ᠢᠶᠠᠷ ᠣᠨᠴᠠ ᠮᠣᠩᠭᠤᠯ ᠢ ᠳᠣᠷᠣᠮᠵᠢᠯᠠᠨ | ᠳᠣᠭᠤᠭᠢ ᠬᠢᠯᠭᠡᠵᠦ᠂ ᠳᠠᠭᠠᠷᠢᠨ ᠮᠠᠭᠤᠰᠢᠶᠠᠨ ᠪᠢᠴᠢᠵᠦ ᠦᠯᠡᠳᠡᠭᠡᠭᠰᠡᠨ ᠲᠠᠰᠢᠮᠠᠭᠠᠢ ᠬᠡᠯᠪᠡᠶᠢᠬᠦ ᠲᠣᠪᠴᠢ ᠲᠡᠮᠳᠡᠭᠯᠡᠯ ᠁ | ︾ ︽ᠲᠠᠩ᠂ ᠰᠦᠩ ᠤᠨ ᠤᠳᠬ᠎ᠠ ᠤᠶᠠᠩᠭ᠎ᠠ ᠶᠢ ᠬᠢᠴᠢᠶᠡᠬᠦᠢ ᠳᠤ ᠲᠠᠶᠢᠵᠢ ᠢᠨᠵᠠᠨᠨᠠᠰᠢ ᠰᠡᠭᠦᠷᠡᠰᠦ ᠠᠯᠳᠠᠭᠰᠠᠭᠠᠷ | ᠮᠠᠰᠢ ᠡᠳᠦᠷ ᠤᠳᠠᠪᠠ︾ ᠭᠡᠵᠦ ᠢᠷᠭᠡᠨ ᠤ ᠪᠣᠯᠪᠠᠰᠤᠷᠠᠯ ᠡᠵᠡᠮᠰᠢᠬᠦ᠂ ᠡᠬᠡ ᠣᠷᠣᠨ ᠤ ᠪᠠᠨ ᠥᠩᠭᠡᠷᠡᠭᠰᠡᠨ | ᠲᠡᠦᠬᠡ ᠶᠢᠨ ᠬᠡᠷᠡᠭ ᠶᠠᠪᠤᠳᠠᠯ ᠢ ᠥᠨᠥ ᠶᠢᠨ ᠬᠢ ᠪᠠᠨ ᠠᠮᠢᠳᠤᠷᠠᠯ ᠤᠨ ᠪᠣᠳᠠᠲᠤ ᠪᠠᠶᠢᠳᠠᠯ ᠳᠡᠭᠡᠷ᠎ᠡ ᠲᠣᠳᠣᠷᠠᠭᠤᠯᠤᠨ | ᠠᠪᠠᠴᠢᠵᠤ ᠦᠨᠳᠦᠰᠦᠲᠡᠨ ᠤ ᠲᠡᠦᠬᠡ ᠶᠢᠨ ᠥᠷᠭᠡᠨ ᠪᠠᠶᠠᠯᠢᠭ ᠮᠡᠳᠡᠯᠭᠡ ᠶᠢ ᠣᠯᠠᠨ ᠲᠦᠮᠡᠨ ᠳᠡᠭᠡᠨ ᠥᠭᠴᠦ᠂ | ᠤᠯᠠᠮ ᠢᠶᠠᠷ ᠮᠠᠨᠵᠤ ᠴᠢᠩ ᠤᠯᠤᠰ ᠤᠨ ᠲᠦᠷᠢᠮᠡᠬᠡᠢ ᠪᠣᠳᠣᠯᠭ᠎ᠠ ᠶᠢᠨ ᠡᠰᠡᠷᠭᠦ ᠲᠡᠳᠡᠨ ᠤ ᠪᠠᠨ ᠦᠨᠳᠦᠰᠦᠲᠡᠨ ᠤ | ᠤᠬᠠᠮᠰᠠᠷ ᠢ ᠰᠡᠷᠭᠦᠭᠡᠬᠦ ᠵᠣᠷᠢᠯᠭ᠎ᠠ ᠪᠠᠷ ︽ᠶᠡᠭᠡ ᠶᠤᠸᠠᠨ ᠤᠯᠤᠰ ᠤᠨ ᠮᠠᠨᠳᠤᠭᠰᠠᠨ ᠲᠥᠷᠥ ᠶᠢᠨ ᠬᠥᠬᠡ ᠰᠤᠳᠤᠷ︾ | ᠷᠤᠮᠠᠨ ᠢ ᠵᠠᠯᠭᠠᠨ ᠦᠷᠭᠦᠯᠵᠢᠯᠡᠭᠦᠯᠵᠦ᠂ ᠴᠥᠯᠪᠡᠨ ᠪᠢᠴᠢᠵᠦ ᠳᠠᠭᠤᠰᠤᠭᠰᠠᠨ ᠪᠠᠶᠢᠨ᠎ᠠ᠃ ᠮᠠᠨ ᠤ ᠲᠡᠦᠬᠡᠴᠢ | ᠰᠤᠳᠤᠷᠴᠢᠳ ᠢᠨᠵᠠᠨᠨᠠᠰᠢ ᠶᠢᠨ ᠨᠡᠶᠢᠭᠡᠮ — ᠤᠯᠤᠰ ᠲᠥᠷᠥ᠂ ᠭᠦᠨ ᠤᠬᠠᠭᠠᠨ᠂ ᠶᠣᠰᠣ ᠰᠤᠷᠲᠠᠬᠤᠨ ᠤ ᠦᠵᠡᠯ | ᠪᠣᠳᠣᠯ ᠢ ᠲᠤᠬᠠᠢ ᠶᠢᠨ ᠨᠡᠶᠢᠭᠡᠮ᠂ ᠴᠠᠭ ᠦᠶ᠎ᠡ ᠶᠢᠨ ᠡᠭᠦᠳᠡᠨ ᠠᠴᠠ ᠨᠢ ᠦᠨᠡᠯᠡᠨ ᠳ᠋ᠦᠩᠨᠡᠵᠦ᠂ ᠮᠣᠩᠭᠤᠯ ᠤᠨ | ᠠᠷᠠᠳ ᠲᠦᠮᠡᠨ ᠤ ᠦᠵᠡᠯ ᠰᠤᠷᠲᠠᠯ ᠤᠨ ᠲᠡᠮᠡᠴᠡᠯ᠂ ᠰᠣᠶᠣᠯ ᠤᠨ ᠲᠡᠦᠬᠡᠨ ᠳᠤ ᠣᠷᠣᠭᠤᠯᠤᠭᠰᠠᠨ ᠬᠤᠪᠢ ᠨᠡᠮᠡᠷᠢ᠂ | ᠪᠦᠲᠦᠭᠡᠯᠴᠢ ᠦᠢᠯᠡ ᠠᠵᠢᠯᠯᠠᠭ᠎ᠠ ᠶᠢ ᠨᠢ ᠠᠪᠴᠤ ᠦᠵᠡᠬᠦ ᠳᠡᠭᠡᠨ ᠶᠠᠭᠤᠨ ᠤ ᠡᠮᠦᠨ᠎ᠡ 19 ᠳ᠋ᠦ᠋ᠭᠡᠷ ᠵᠠᠭᠤᠨ ᠤ | ᠳᠤᠮᠳᠠᠳᠤ ᠦᠶ᠎ᠡ ᠶᠢᠨ ᠨᠡᠶᠢᠭᠡᠮ ᠤᠨ ᠤᠬᠠᠮᠰᠠᠷ ᠤᠨ ᠪᠠᠶᠢᠳᠠᠯ᠂ ᠵᠣᠬᠢᠶᠠᠭᠴᠢ ᠶᠢᠨ ᠥᠪᠡᠷ ᠤᠨ ᠬᠢᠨᠢ ᠶᠢᠷᠲᠢᠨᠴᠦ ᠶᠢ | ᠦᠵᠡᠬᠦ ᠦᠵᠡᠯ ᠤᠨ ᠳᠣᠲᠣᠭᠠᠳᠤ ᠵᠥᠷᠢᠴᠡᠯ ᠠᠴᠠ ᠰᠢᠯᠲᠠᠭᠠᠯᠠᠵᠤ᠂ ᠬᠠᠮᠵᠢᠯᠭ᠎ᠠ ᠶᠢ ᠡᠵᠡᠮᠰᠢᠬᠦ ᠪᠠᠶᠢᠭᠤᠯᠤᠯ ᠢ | ᠬᠤᠪᠢᠰᠬᠠᠯ ᠢᠶᠠᠷ ᠥᠭᠡᠷᠡᠴᠢᠯᠡᠬᠦ ᠵᠣᠷᠢᠯᠲᠠ ᠶᠢ ᠲᠠᠯᠪᠢᠭ᠎ᠠ ᠦᠭᠡᠢ᠂ ᠵᠥᠪᠬᠡᠨ ᠵᠠᠰᠠᠨ ᠰᠢᠨᠡᠳᠬᠡᠭᠴᠢᠳ ᠤᠨ ᠪᠠᠶᠢᠷᠢ | ᠰᠠᠭᠤᠷᠢᠨ ᠠᠴᠠ ᠬᠠᠨᠳᠤᠵᠤ ᠪᠠᠶᠢᠭᠰᠠᠨ ︽ᠲᠡᠭᠦᠨ ᠤ ᠨᠡᠶᠢᠭᠡᠮ — ᠤᠯᠤᠰ ᠲᠥᠷᠥ ᠶᠢᠨ ᠰᠡᠳᠬᠢᠯᠭᠡ ᠨᠢ ᠬᠡᠳᠦᠶᠢᠪᠡᠷ | ᠲᠡᠦᠬᠡᠨ ᠬᠢᠵᠠᠭᠠᠷᠯᠠᠭᠳᠠᠮᠠᠯ ᠲᠠᠯ᠎ᠠ ᠲᠠᠢ ᠪᠣᠯᠪᠠᠴᠤ ᠢᠯᠡᠴᠢᠯᠡᠨ ᠰᠢᠭᠦᠮᠵᠢᠯᠡᠭᠴᠢ᠂ ᠭᠡᠭᠡᠷᠡᠭᠦᠯᠦᠭᠴᠢ ᠦᠵᠡᠯ ᠰᠠᠨᠠᠭ᠎ᠠ᠂ | ᠱᠠᠰᠢᠨ ᠦᠭᠡᠢ ᠦᠵᠡᠯ ᠨᠢ ᠲᠡᠷᠡ ᠦᠶ᠎ᠡ ᠶᠢᠨ ᠮᠣᠩᠭᠤᠯ ᠤᠨ ᠨᠡᠶᠢᠭᠡᠮ ᠤᠨ ᠲᠡᠷᠢᠭᠦᠨ ᠤ ᠠᠩᠭᠢ ᠳᠤ ᠦᠢᠯᠡᠴᠢᠯᠡᠵᠦ | ᠪᠠᠶᠢᠭᠰᠠᠨ ᠲᠡᠷᠢᠭᠦᠨ ᠤ ᠦᠵᠡᠯ ᠰᠠᠨᠠᠭ᠎ᠠ ᠪᠠᠶᠢᠭᠰᠠᠨ︾ ᠶᠢ ᠲᠣᠳᠣᠷᠠᠭᠤᠯᠤᠨ ᠥᠭᠦᠯᠡᠵᠦ᠂ ᠴᠣᠬᠤᠮ ᠡᠭᠦᠨ ᠳᠤ ᠯᠡ | ᠢᠨᠵᠠᠨᠨᠠᠰᠢ ᠶᠢᠨ ᠲᠡᠦᠬᠡᠨ ᠠᠴᠢ ᠬᠤᠯᠪᠣᠭᠳᠠᠯ ᠣᠷᠣᠰᠢᠨ᠎ᠠ ︵ᠵᠦᠭᠳᠡᠷ᠂ 1966᠂ 46︶ ᠭᠡᠵᠡᠢ᠃ | ᠢᠨᠵᠠᠨᠨᠠᠰᠢ ︽ᠤᠯᠠᠭᠠᠨ ᠡᠭᠦᠯᠡᠨ ᠤ ᠨᠢᠯᠪᠤᠰᠤ︾᠂ ︽ᠬᠥᠬᠡ ᠰᠤᠳᠤᠷ︾᠂ ︽ᠨᠢᠷᠭᠡᠨ ᠳᠠᠪᠬᠤᠷ ᠠᠰᠠᠷ︾᠂ ︽ | ᠤᠯᠠᠭᠠᠨ᠎ᠠ ᠤᠬᠢᠯᠠᠬᠤ ᠲᠠᠩᠬᠢᠮ︾ ᠵᠡᠷᠭᠡ ᠲᠡᠦᠬᠡᠨ ᠪᠠ ᠤᠷᠠᠨ ᠰᠠᠶᠢᠬᠠᠨ ᠤ ᠷᠤᠮᠠᠨ ᠨᠤᠭᠤᠳ ᠢ ᠵᠣᠬᠢᠶᠠᠭᠰᠠᠨ | ᠪᠥᠭᠡᠳ ᠡᠳᠡᠭᠡᠷ ᠤᠨ ᠳᠣᠲᠣᠷ᠎ᠠ ᠠᠴᠠ ︽ᠬᠥᠬᠡ ᠰᠤᠳᠤᠷ︾ ᠨᠢ ᠶᠡᠬᠡᠳᠡ ᠠᠯᠳᠠᠷᠰᠢᠭᠰᠠᠨ ᠪᠠᠶᠢᠨ᠎ᠠ᠃ ᠵᠣᠬᠢᠶᠠᠯᠴᠢ | ᠷᠤᠮᠠᠨ ᠢ ᠪᠢᠴᠢᠬᠦ ᠶᠢᠨ ᠲᠤᠯᠠᠳᠠ ᠡᠴᠢᠭᠡ ᠶᠢᠨ ᠢᠶᠠᠨ ᠬᠤᠷᠢᠶᠠᠵᠤ ᠴᠤᠭᠯᠠᠭᠤᠯᠤᠭᠰᠠᠨ ᠲᠠᠪᠤᠨ ᠲᠡᠷᠭᠡ᠂ ᠠᠷᠪᠠᠨ | ᠠᠩᠭᠢ᠂ ᠳᠥᠷᠪᠡᠨ ᠬᠡᠯᠡᠨ ᠤ ᠪᠢᠴᠢᠭ ᠰᠤᠳᠤᠷ᠂ ᠦᠯᠢᠭᠡᠷ ᠱᠠᠰᠲᠢᠷ ᠴᠥᠮ ᠢ ᠠᠭᠤᠳᠠᠯᠤᠨ ᠡᠷᠭᠢᠭᠦᠯᠵᠦ᠂ ︽ᠰᠡᠪ | ᠰᠡᠵᠢᠭ ᠦᠭᠡᠢ ᠪᠣᠯᠭᠠᠵᠤ᠂ ᠵᠠᠯᠭᠠᠨ ᠴᠥᠯᠪᠡᠵᠦ᠂ ᠬᠠᠭᠤᠯᠤᠨ ᠭᠠᠷᠭᠠᠭᠰᠠᠨ︾ ᠪᠠᠶᠢᠨ᠎ᠠ᠃ ᠵᠣᠬᠢᠶᠠᠭᠴᠢ ᠡᠨᠡ | ᠲᠤᠬᠠᠢ ᠪᠠᠨ ᠪᠢᠴᠢᠬᠦ ᠳᠡᠭᠡᠨ ︽ᠡᠨᠡ ᠦᠨᠡᠬᠡᠷ ᠰᠡᠳᠬᠢᠯ ᠰᠠᠨᠠᠭ᠎ᠠ᠂ ᠡᠯᠢᠭᠡ ᠠᠭᠤᠰᠬᠢ᠂ ᠪᠡᠶ᠎ᠡ ᠴᠣᠭᠴᠠ᠂ ᠨᠢᠳᠦ | ᠭᠠᠷ ᠬᠠᠮᠲᠤ ᠴᠢᠯᠡᠪᠡ ᠁ ᠮᠢᠨᠤ ᠡᠨᠡ ᠪᠡᠶ᠎ᠡ᠂ ᠬᠡᠯᠡ᠂ ᠰᠡᠳᠬᠢᠯ ᠭᠦᠨ᠎ᠡ ᠴᠢᠯᠡᠭᠰᠡᠨ ᠰᠢᠯᠲᠠᠭᠠᠨ ᠢ ᠮᠢᠲᠠᠷᠠᠰᠢ | ᠦᠭᠡᠢ ᠬᠤᠵᠢᠮ ᠤᠨ ᠮᠡᠷᠭᠡᠳ ᠠᠶᠢᠯᠳᠤᠨᠠᠮ ᠪᠣᠯᠪᠠ ᠦᠦ᠂ ᠦᠭᠡᠢ ᠦᠦ︾ ᠭᠡᠵᠡᠢ᠃ ᠡᠭᠦᠨ ᠠᠴᠠ ᠪᠢᠳᠠ ᠤᠭ | ᠵᠣᠬᠢᠶᠠᠯ ᠢ ᠭᠤᠴᠢᠨ ᠵᠢᠯ ᠦᠵᠡᠵᠦ ᠰᠢᠨᠵᠢᠵᠦ᠂ ᠵᠠᠯᠭᠠᠵᠤ ᠪᠢᠴᠢᠵᠦ ᠲᠡᠭᠦᠰᠦᠭᠰᠡᠨ ᠵᠣᠬᠢᠶᠠᠯᠴᠢ ᠶᠢᠨ ᠲᠡᠷᠡ ᠬᠦ | ᠨᠥᠷᠢ ᠶᠡᠭᠡ ᠬᠥᠳᠡᠯᠮᠦᠷᠢ᠂ ᠨᠦᠰᠡᠷ ᠶᠡᠭᠡ ᠠᠵᠢᠯ ᠢ ᠪᠦᠷᠢᠨ ᠢᠶᠠᠷ ᠮᠡᠳᠡᠵᠦ ᠪᠣᠯᠣᠨ᠎ᠠ᠃ ᠵᠣᠬᠢᠶᠠᠯᠴᠢ ᠡᠨᠡ ᠷᠤᠮᠠᠨ ᠢ | 13 ᠳ᠋ᠤᠭᠠᠷ ᠵᠠᠭᠤᠨ ᠤ ᠦᠶ᠎ᠡ ᠶᠢᠨ ᠮᠣᠩᠭᠤᠯ ᠤᠨ ᠣᠪᠣᠭ ᠠᠶᠢᠮᠠᠭ ᠤᠨ ᠢᠶᠠᠨ ᠳᠣᠲᠣᠭᠠᠳᠤ ᠳᠠᠬᠢ ᠳᠠᠶᠢᠨ | ᠰᠠᠮᠠᠭᠤᠨ ᠢ ᠲᠦᠪᠰᠢᠳᠬᠡᠵᠦ᠂ ᠨᠢᠭᠡᠨ ᠤᠯᠤᠰ ᠭᠡᠷ ᠢ ᠨᠢᠭᠡᠳᠬᠡᠭᠰᠡᠨ ᠲᠡᠦᠬᠡᠨ ᠳᠠᠪᠰᠢᠯᠳᠠᠲᠤ ᠬᠡᠷᠡᠭ ᠶᠠᠪᠤᠳᠠᠯ ᠢ | ᠥᠭᠦᠯᠡᠭᠰᠡᠨ ︽ᠨᠢᠭᠤᠴᠠ ᠲᠣᠪᠴᠢᠶᠠᠨ︾ ᠤ ᠦᠢᠯᠡ ᠶᠠᠪᠤᠳᠠᠯ ᠤᠨ ᠭᠤᠣᠯ ᠱᠤᠭᠤᠮ᠂ ᠤᠯᠠᠮᠵᠢᠯᠠᠯᠲᠤ | ᠥᠭᠦᠯᠡᠮᠵᠢ ᠶᠢ ᠠᠰᠢᠭᠯᠠᠬᠤ ᠵᠠᠮ ᠢᠶᠠᠷ ᠲᠤᠬᠠᠢ ᠶᠢᠨ ᠦᠶ᠎ᠡ ᠳᠤ ᠮᠠᠨᠵᠤ ᠴᠢᠩ ᠤᠯᠤᠰ ᠤᠨ ᠵᠦᠭ ᠠᠴᠠ | ᠮᠣᠩᠭᠤᠯᠴᠤᠳ ᠢ ᠲᠡᠭᠡᠷᠡᠩᠭᠦᠶᠢᠯᠡᠨ ᠳᠠᠷᠤᠯᠠᠵᠤ᠂ ᠦᠨᠳᠦᠰᠦᠲᠡᠨ ᠤ ᠬᠤᠪᠢ ᠳᠤᠨᠢ ᠠᠭᠤᠰᠬᠠᠨ ᠰᠦᠢᠷᠡᠭᠦᠯᠬᠦ | ᠪᠣᠳᠣᠯᠭ᠎ᠠ ᠪᠠᠷᠢᠮᠲᠠᠯᠠᠵᠤ ᠪᠠᠶᠢᠭᠰᠠᠨ ᠤ ᠥᠭᠡᠳᠡ ᠠᠴᠠ ᠤᠯᠤᠰ ᠦᠨᠳᠦᠰᠦᠲᠡᠨ ᠢᠶᠠᠨ ᠠᠪᠤᠷᠠᠨ ᠬᠠᠮᠠᠭᠠᠯᠠᠬᠤ | ᠵᠣᠷᠢᠯᠭ᠎ᠠ ᠪᠠᠷ᠂ ᠲᠡᠳᠡᠨ ᠤ ︽ᠦᠨᠳᠦᠰᠦᠲᠡᠨ ᠤ ᠡᠷᠬᠡ ᠴᠢᠯᠦᠭᠡ᠂ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠯ ᠢ | ᠲᠤᠭ ᠪᠣᠯᠭᠠᠨ︾ ︵︽ᠮᠣᠩᠭᠤᠯ ᠤᠨ ᠤᠳᠬ᠎ᠠ ᠵᠣᠬᠢᠶᠠᠯ ᠤᠨ ᠭᠠᠷᠴᠠᠭ︾᠂ ᠭᠤᠷᠪᠠ᠂ 1968᠂ 87︶ | ᠵᠣᠬᠢᠶᠠᠭᠰᠠᠨ ᠪᠠᠶᠢᠨ᠎ᠠ᠃ ᠢᠩᠭᠢᠵᠦ ᠥᠩᠭᠡᠷᠡᠭᠰᠡᠨ ᠲᠡᠦᠬᠡ ᠶᠢᠨ ᠵᠠᠷᠢᠮ ᠳᠠᠪᠰᠢᠯᠲᠠ ᠲᠠᠢ ᠲᠡᠦᠬᠡᠨ ᠬᠡᠷᠡᠭ ᠶᠠᠪᠤᠳᠠᠯ᠂ | ᠳᠠᠶᠢᠴᠢᠨ ᠪᠠᠭᠠᠲᠤᠷᠯᠢᠭ ᠲᠡᠮᠡᠴᠡᠯ ᠢ ᠰᠠᠨᠠᠭᠤᠯᠵᠤ ᠵᠣᠷᠢᠭᠵᠢᠭᠤᠯᠬᠤ ᠵᠠᠮ ᠢᠶᠠᠷ ︽ᠶᠤᠸᠠᠨ ᠤᠯᠤᠰ ᠤᠨ ᠰᠤᠳᠤᠷ ᠢ | ᠶᠢᠷᠲᠢᠨᠴᠦ ᠶᠢᠨ ᠬᠤᠭᠤᠷᠣᠨᠳᠤ ᠳᠡᠯᠭᠡᠷᠡᠭᠦᠯᠦᠨ ᠭᠠᠷᠭᠠᠵᠤ ᠁ ᠮᠣᠩᠭᠤᠯ ᠲᠣᠭᠠᠲᠠᠨ ᠢᠶᠠᠨ ᠮᠢᠩᠭ᠎ᠠ ᠲᠦᠮᠡᠨ ᠣᠨ | ᠢᠯᠵᠠᠷᠠᠰᠢ ᠦᠭᠡᠢ᠂ ᠪᠠᠷᠠᠭᠳᠠᠰᠢ ᠦᠭᠡᠢ ᠠᠷᠢᠯᠤᠰᠢ ᠦᠭᠡᠢ ᠬᠤᠴᠣᠷᠭᠠᠰᠤᠭᠠᠢ ᠭᠡᠰᠡᠨ ᠰᠠᠨᠠᠭᠠᠨ ᠠᠴᠠ︾ ᠤᠭ | ᠵᠣᠬᠢᠶᠠᠯ ᠢ ᠪᠢᠴᠢᠵᠡᠢ᠃ ᠶᠡᠷᠦ ᠨᠢ ︽ᠬᠥᠬᠡ ᠰᠤᠳᠤᠷ︾ ᠷᠤᠮᠠᠨ ᠪᠣᠯ ᠵᠣᠬᠢᠶᠠᠯᠴᠢ ᠶᠢᠨ ᠪᠢᠴᠢᠭᠰᠡᠨ ᠢᠶᠠᠷ ︽ | ᠥᠴᠥᠬᠡᠨ ᠲᠡᠳᠦᠢ ᠣᠷᠣ ᠰᠡᠳᠦᠪ ᠪᠠᠶᠢᠪᠠᠯ ᠳᠠᠷᠤᠢ ᠲᠡᠭᠦᠨ ᠳᠤ ᠵᠠᠭᠤᠨ ᠵᠦᠢᠯ ᠤᠨ ᠤᠴᠢᠷ ᠰᠢᠯᠲᠠᠭᠠᠨ ᠨᠡᠮᠡᠵᠦ ᠁ | ᠲᠦᠮᠡᠨ ᠮᠢᠩᠭᠠᠨ ᠳᠠᠪᠬᠤᠷ ᠴᠢᠮᠡᠬᠦ ᠤᠶᠠᠩᠭ᠎ᠠ ᠨᠡᠮᠡᠵᠦ᠂ ᠥᠪᠡᠷ ᠤᠨ ᠣᠶᠣᠨ ᠢᠶᠠᠨ ᠳᠡᠯᠭᠡᠷᠡᠭᠦᠯᠦᠨ ᠁ | ᠠᠮᠲᠠᠲᠠᠢ ᠪᠣᠯᠭᠠᠭᠰᠠᠨ︾ ᠲᠡᠶᠢᠮᠦ ᠤᠷᠠᠨ ᠰᠠᠶᠢᠬᠠᠨ ᠤ ᠵᠦᠢᠯ ᠪᠤᠰᠤ᠂ ᠬᠠᠷᠢᠨ ᠲᠡᠦᠬᠡᠨ ᠬᠡᠷᠡᠭ ᠶᠠᠪᠤᠳᠠᠯ ᠢ ᠭᠤᠣᠯ | ᠪᠣᠯᠭᠠᠨ ᠪᠠᠷᠢᠮᠲᠠᠯᠠᠭᠰᠠᠨ ᠪᠦᠲᠦᠭᠡᠯ ᠶᠤᠮ᠃ ᠡᠨᠡ ᠨᠢ ᠤᠷᠠᠨ ᠰᠠᠶᠢᠬᠠᠨ ᠪᠣᠯᠣᠨ ᠲᠡᠦᠬᠡᠨ ᠵᠣᠬᠢᠶᠠᠯ ᠤᠨ ᠨᠢᠭᠡ | ᠭᠤᠣᠯ ᠢᠯᠭᠠᠭ᠎ᠠ ᠶᠢ ᠣᠨᠣᠪᠴᠢᠲᠠᠢ ᠲᠣᠳᠣᠷᠬᠠᠶᠢᠯᠠᠭᠰᠠᠨ ᠵᠦᠢᠯ ᠶᠤᠮ᠃ ᠥᠨᠥᠳᠥᠷ ᠢᠨᠵᠠᠨᠨᠠᠰᠢ ᠶᠢᠨ ᠮᠣᠩᠭᠤᠯ | ᠤᠷᠠᠨ ᠵᠣᠬᠢᠶᠠᠯ ᠤᠨ ᠲᠡᠦᠬᠡᠨ ᠳᠤ ᠣᠷᠣᠭᠤᠯᠤᠭᠰᠠᠨ ᠬᠤᠪᠢ ᠨᠡᠮᠡᠷᠢ᠂ ᠡᠵᠡᠯᠡᠬᠦ ᠪᠠᠶᠢᠷᠢ ᠰᠠᠭᠤᠷᠢ᠂ ᠲᠡᠭᠦᠨ ᠤ ᠤᠷᠠᠨ | ᠪᠦᠲᠦᠭᠡᠯ ᠤᠨ ᠪᠦᠲᠦᠭᠡᠯᠴᠢ ᠥᠪ ᠤᠯᠠᠮᠵᠢᠯᠠᠯ ᠢ ᠭᠠᠳᠠᠭᠠᠳᠤ ᠳᠣᠲᠣᠭᠠᠳᠤ ᠶᠢᠨ ᠣᠯᠠᠨ ᠡᠷᠳᠡᠮᠲᠡᠳ ᠰᠤᠳᠤᠯᠵᠤ | ᠪᠠᠶᠢᠨ᠎ᠠ᠃ ᠣᠷᠣᠰ ᠤᠨ ᠳᠣᠷᠣᠨᠠᠳᠠᠬᠢᠨ ᠢ ᠰᠤᠳᠤᠯᠤᠭᠴᠢ ᠡᠷᠳᠡᠮᠲᠡᠨ ᠪ᠊ · ᠯ᠊ · ᠷᠢᠹᠲ᠋ᠢᠨ ︽ᠮᠣᠩᠭᠤᠯ ᠤᠨ | ᠠᠩᠬᠠᠨ ᠤ ᠷᠤᠮᠠᠨ ᠨᠤᠭᠤᠳ ᠤᠨ ᠲᠥᠷᠥᠯ ᠵᠦᠢᠯ᠂ ᠵᠣᠬᠢᠶᠠᠮᠵᠢ ᠶᠢᠨ ᠣᠨᠴᠠᠯᠢᠭ︾ ᠰᠤᠳᠤᠯᠭᠠᠨ ᠳᠠᠭᠠᠨ | ᠢᠨᠵᠠᠨᠨᠠᠰᠢ ᠶᠢ ᠵᠥᠪᠬᠡᠨ ᠮᠣᠩᠭᠤᠯ ᠷᠤᠮᠠᠨ ᠤ ᠦᠨᠳᠦᠰᠦ ᠶᠢ ᠲᠠᠯᠪᠢᠭᠰᠠᠨ ᠰᠠᠶᠢᠨ ᠵᠣᠬᠢᠶᠠᠯᠴᠢ ᠲᠡᠳᠦᠢ ᠦᠭᠡᠢ᠂ | ᠪᠠᠰᠠ ᠲᠣᠮᠣᠬᠠᠨ ᠢᠷᠠᠭᠤ ᠨᠠᠶᠢᠷᠠᠭᠴᠢ ᠪᠠᠶᠢᠭᠰᠠᠨ ᠢ ᠳ᠋ᠦᠩᠨᠡᠭᠡᠳ᠂ ᠬᠥᠷᠰᠢ ᠵᠡᠷᠭᠡᠯᠡᠳᠡᠭᠡ ᠣᠷᠣᠨ ᠤ ᠪᠣᠯᠣᠨ ᠠᠯᠤᠰ | ᠳᠣᠷᠣᠨᠠᠲᠤ ᠶᠢᠨ ᠤᠳᠬ᠎ᠠ ᠵᠣᠬᠢᠶᠠᠯ ᠤᠨ ᠤᠷᠲᠤ ᠤᠳᠠᠭᠠᠨ ᠬᠤᠭᠤᠴᠠᠭᠠᠨ ᠤ ᠤᠯᠠᠮᠵᠢᠯᠠᠯ ᠢ ᠲᠦᠰᠢᠵᠦ᠂ ᠮᠣᠩᠭᠤᠯ | ᠦᠨᠳᠦᠰᠦᠲᠡᠨ ᠤ ᠷᠤᠮᠠᠨ ᠢ ᠪᠦᠲᠦᠭᠡᠬᠦ ᠬᠡᠪ ᠵᠠᠭᠪᠤᠷ ᠤᠨ ᠥᠩᠭᠡᠨ ᠬᠠᠯᠢᠰᠤ ᠶᠢ ᠬᠠᠭᠤᠯᠤᠨ ᠬᠠᠶᠠᠵᠤ᠂ | ᠦᠨᠳᠦᠰᠦᠲᠡᠨ ᠤ ᠬᠡᠯᠪᠡᠷᠢ ᠳᠤ ᠣᠷᠣᠭᠤᠯᠤᠨ ᠪᠦᠲᠦᠭᠡᠯᠴᠢ ᠰᠢᠨᠡᠴᠢᠯᠡᠯ ᠬᠢᠵᠦ᠂ ᠪᠠᠷᠤᠭ ᠪᠦᠲᠦᠨ ᠵᠠᠭᠤᠨ ᠢᠶᠠᠷ | ᠦᠭᠡᠶᠢᠯᠡᠭᠳᠡᠵᠦ ᠪᠠᠶᠢᠭᠰᠠᠨ ᠮᠣᠩᠭᠤᠯ ᠦᠨᠳᠦᠰᠦᠲᠡᠨ ᠤ ᠷᠤᠮᠠᠨ ᠤ ᠬᠥᠭᠵᠢᠯ ᠳᠤ ᠴᠢᠬᠤᠯᠠ ᠬᠤᠪᠢ ᠨᠡᠮᠡᠷᠢ | ᠣᠷᠣᠭᠤᠯᠤᠭᠰᠠᠨ ᠢ ᠲᠣᠳᠣᠷᠬᠠᠢ ᠡᠰᠢ ᠪᠠᠷᠢᠮᠲᠠ ᠪᠠᠷ ᠨᠡᠭᠡᠭᠡᠨ ᠬᠠᠷᠠᠭᠤᠯᠵᠠᠢ ︵ᠷᠢᠹᠲ᠋ᠢᠨ᠂ 1985᠂ 193︶᠃ | | ᠡᠶᠢᠨ ᠬᠦ ᠢᠨᠵᠠᠨᠨᠠᠰᠢ ᠨᠢ ᠥᠪᠡᠷ ᠤᠨ ᠠᠩᠭᠢ᠂ ᠨᠡᠶᠢᠭᠡᠮ ᠤᠨ ᠪᠠᠶᠢᠭᠤᠯᠤᠯ ᠢ ᠬᠤᠪᠢᠰᠬᠠᠯᠲᠤ ᠲᠡᠮᠡᠴᠡᠯ ᠢᠶᠠᠷ | ᠬᠠᠯᠠᠵᠤ ᠰᠣᠯᠢᠬᠤ ᠦᠵᠡᠯ ᠰᠠᠨᠠᠭ᠎ᠠ ᠶᠢ ᠳᠡᠪᠰᠢᠭᠦᠯᠦᠨ ᠲᠠᠯᠪᠢᠵᠤ ᠪᠠᠶᠢᠭ᠎ᠠ ᠦᠭᠡᠢ ᠪᠣᠯᠪᠠᠴᠤ᠂ ᠵᠠᠰᠠᠨ | ᠰᠢᠨᠡᠳᠬᠡᠭᠴᠢ ᠶᠢᠨ ᠪᠠᠶᠢᠷᠢ ᠰᠠᠭᠤᠷᠢᠨ ᠠᠴᠠ ᠲᠤᠬᠠᠢ ᠶᠢᠨ ᠦᠶ᠎ᠡ ᠶᠢᠨ ᠬᠠᠮᠵᠢᠯᠭ᠎ᠠ ᠶᠣᠰᠣᠨ ᠤ ᠭᠡᠮ ᠳᠤᠲᠠᠭᠳᠠᠯ ᠢ | ᠱᠠᠰᠢᠨ ᠨᠣᠮ ᠤᠨ ᠦᠵᠡᠯ ᠰᠤᠷᠭᠠᠯ ᠲᠠᠢ ᠨᠢ ᠱᠣᠭᠯᠠᠨ ᠰᠢᠭᠦᠮᠵᠢᠯᠡᠵᠦ ᠪᠠᠶᠢᠭᠰᠠᠨ ᠳᠠᠪᠰᠢᠯᠳᠠᠲᠤ ᠵᠣᠬᠢᠶᠠᠯᠴᠢ | ᠪᠥᠭᠡᠳ ᠨᠡᠶᠢᠭᠡᠮ ᠤᠨ ᠣᠷᠴᠢᠨ ᠤ ᠥᠷᠭᠡᠨ ᠳᠡᠯᠭᠡᠴᠡ᠂ ᠠᠮᠢᠳᠤᠷᠠᠯ ᠤᠨ ᠰᠣᠨᠢᠨ ᠳᠦᠷᠢ ᠵᠢᠷᠤᠭ ᠢ ᠤᠷᠠᠨ | ᠰᠠᠶᠢᠬᠠᠨ ᠤ ᠬᠠᠤᠯᠢ ᠪᠠᠷ ᠲᠡᠭᠦᠰ ᠲᠡᠭᠦᠯᠳᠡᠷ ᠨᠡᠭᠡᠭᠡᠵᠦ᠂ ᠮᠣᠩᠭᠤᠯ ᠬᠡᠯᠡᠨ ᠢᠷᠠᠭᠤ ᠲᠠᠩᠰᠤᠭ ᠴᠢᠳᠠᠯ ᠢ ᠪᠦᠷᠢᠨ | ᠳᠦᠭᠦᠷᠡᠩ ᠠᠰᠢᠭᠯᠠᠵᠤ᠂ ᠡᠮᠦᠨᠡᠬᠢ ᠦᠶ᠎ᠡ ᠶᠢᠨ ᠢᠶᠠᠨ ᠤᠷᠠᠨ ᠵᠣᠬᠢᠶᠠᠯᠴᠢᠳ ᠤᠨ ᠪᠦᠲᠦᠭᠡᠯᠲᠦ ᠦᠵᠡᠯ ᠰᠠᠨᠠᠭ᠎ᠠ᠂ | ᠤᠷᠠᠨ ᠰᠠᠶᠢᠬᠠᠨ ᠤ ᠪᠠᠶᠠᠯᠢᠭ ᠥᠪ ᠢ ᠦᠯᠡᠳᠡᠭᠡᠭᠰᠡᠨ ᠰᠣᠩᠭᠤᠳᠠᠭ ᠪᠦᠲᠦᠭᠡᠯ ᠢᠶᠠᠷ ᠢᠶᠠᠨ ᠮᠣᠩᠭᠤᠯ | ᠦᠨᠳᠦᠰᠦᠲᠡᠨ ᠤ ᠤᠳᠬ᠎ᠠ ᠵᠣᠬᠢᠶᠠᠯ ᠤᠨ ᠬᠥᠭᠵᠢᠯ ᠤᠨ ᠨᠢᠭᠡᠨ ᠣᠷᠭᠢᠯ ᠪᠣᠯᠣᠭᠰᠠᠨ ᠶᠤᠮ᠃ | |