| | — ᠪᠤᠷᠵᠢᠬᠢᠨ ᠪᠦᠷᠢᠨᠳᠡᠬᠦᠰ | | | | ᠦᠨᠢ ᠣᠳᠠᠭᠠᠨ ᠲᠡᠣᠬᠡ ᠲᠠᠢ ᠬᠡᠰᠢᠭᠳᠡᠨ ᠨᠣᠳᠤᠭ ᠲᠤ ᠬᠡᠴᠢᠨᠡᠨ ᠣᠯᠠᠨ ᠦᠨᠳᠣᠰᠦᠳᠡᠨ ᠶᠠᠰᠤᠳᠠᠨ ᠣᠯᠠ | ᠮᠦᠷ ᠢᠶᠠᠨ ᠦᠯᠡᠳᠡᠭᠰᠡᠨ ᠨᠢ ᠶᠠᠷᠢᠶᠠᠨ ᠦᠬᠡᠢ᠃ ᠲᠡᠣᠬᠡᠨ ᠣᠷᠣᠰᠬᠠᠯ ᠢ ᠲᠠᠭᠠᠯᠳᠣᠨ ᠵᠠᠷᠢᠮ ᠭᠠᠵᠠᠷ ᠣᠰᠣᠨ ᠤ | ᠨᠡᠷ᠎ᠡ ᠠᠬᠢᠨ ᠲᠠᠬᠢᠨ ᠰᠣᠯᠢᠭᠳᠠᠬᠤ ᠪᠣᠶᠣ ᠨᠢᠬᠡᠳᠦᠯ ᠦᠬᠡᠢ ᠪᠣᠯᠣᠭᠰᠠᠨ ᠪᠠᠶᠢᠨ᠎ᠠ᠃ ᠡᠬᠦᠨ ᠳᠤ ᠬᠡᠰᠢᠭᠳᠡᠨ | ᠬᠤᠰᠢᠭᠤᠨ ᠤ ᠪᠠᠷᠠᠭᠤᠨ ᠬᠤᠶᠢᠳᠣ ᠵᠠᠬ᠎ᠠ ᠳᠤ ᠪᠠᠶᠢᠷᠠᠰᠢᠵᠣ ᠪᠠᠶᠢᠭ᠎ᠠ ᠲᠠᠷᠠᠬᠠᠠᠭᠤᠯᠠ ᠰᠣᠮᠣᠨ ᠤ ᠠᠷᠣ ᠠᠭᠤᠯᠠ ᠪᠠ | ᠠᠷᠣ ᠶᠡᠭᠡ ᠨᠠᠭᠤᠷ ᠤᠨ ᠨᠡᠷᠡᠶᠢᠳᠣᠯ ᠮᠠᠳᠠᠭ ᠮᠠᠷᠭᠤᠭᠠᠨ ᠲᠠᠢ ᠪᠣᠯᠵᠣ ᠪᠠᠶᠢᠭ᠎ᠠ ᠲᠡᠣᠬᠡᠨ ᠣᠴᠠᠷ ᠤᠨ ᠲᠣᠬᠠᠢ2004 | ᠤᠨ ᠳᠤ ︿ᠣᠯᠠᠭᠠᠨᠬᠠᠳᠠ ᠶᠢᠨ ᠡᠳᠦᠷ ᠤᠨ ᠰᠣᠨᠢᠨ﹀᠂ ︿ᠰᠢᠨᠵᠢᠯᠡᠬᠦ ᠣᠬᠠᠭᠠᠨ ᠠᠮᠢᠳᠣᠷᠠᠯ ᠰᠡᠳᠬᠦᠯ﹀ ᠳᠤ | ᠬᠤᠪᠢ ᠶᠢᠨ ᠰᠣᠳᠣᠯᠣᠯᠳᠠ ᠪᠠᠨ ᠨᠡᠶᠢᠳᠡᠯᠬᠦᠯᠦᠭᠰᠡᠨ ᠪᠠᠶᠢᠳᠠᠭ᠃ | ᠲᠡᠣᠬᠡᠨ ᠪᠢᠴᠢᠭ ᠰᠣᠳᠣᠷ ᠠᠴᠠ ᠠᠵᠢᠭᠯᠠᠵᠤ ᠦᠵᠡᠪᠡᠯ ᠶᠣᠸᠡᠨ ᠣᠯᠣᠰ ᠤᠨ ᠰᠤᠳᠣᠷᠲ᠋ᠣ ︽答儿纳 | 兀达尔泊︾ ᠬᠡᠵᠤ ᠪᠢᠴᠢᠵᠤ ᠪᠠᠶᠢᠨ᠎ᠠ᠂ ᠮᠣᠩᠭᠤᠯ ᠤᠨ ᠨᠡᠬᠦᠳᠡᠯ ᠮᠠᠯᠵᠢᠯ ᠤᠨ ᠲᠡᠮᠳᠡᠭᠯᠡᠯ ᠳᠤ ︽铺鱼 | 儿海︾ ᠬᠡᠵᠤ ᠪᠢᠴᠡᠬᠡᠳ ᠪᠠᠰᠠ ︽达尔泊︾ ᠬᠡᠵᠤ ᠪᠢᠴᠢᠵᠤ ᠪᠣᠢ᠂ ᠴᠢᠩ ᠣᠯᠣᠰ ᠤᠨ ᠵᠢᠭᠠᠰᠣ | ᠪᠠᠷᠢᠬᠤ ᠶᠢ ᠴᠠᠭᠠᠵᠢᠯᠬᠤ ᠪᠢᠴᠢᠭ ᠲᠤ ︽达尔诺尔︾ ᠬᠡᠵᠤ ᠲᠡᠮᠳᠡᠭᠯᠡᠵᠤ ᠪᠠᠶᠢᠨ᠎ᠠ᠂ | ᠴᠢᠯᠦᠬᠡᠯᠡᠭᠳᠡᠬᠦᠡᠴᠠ ᠡᠮᠦᠨ᠎ᠡ ᠪᠠ ᠬᠤᠶᠢᠨ᠎ᠠ ᠠᠳᠡᠬᠢ ᠶᠢᠨ ᠪᠣᠭᠤᠷᠣᠯ ᠨᠠᠰᠣᠳᠠᠨ ︿ᠲᠯᠠᠣ ᠨᠠᠭᠤᠷ﹀᠂ ︿ᠳ᠋ᠠᠯ ᠨᠠᠭᠤᠷ﹀ | ᠬᠡᠵᠤ ᠨᠡᠷᠡᠯᠳᠡᠭ᠂ ᠮᠢᠨᠣ ᠮᠡᠳᠡᠭᠡ ᠣᠷᠣᠭᠰᠠᠨ ᠠᠴᠠ ᠠᠪᠣᠭᠠᠳ ᠢᠩᠬᠢᠵᠤ ᠯᠠ ᠲᠠᠭᠤᠳᠠᠳᠠᠭ ᠪᠠᠶᠢᠭᠰᠠᠨ᠃ ᠲᠡᠬᠡᠪᠡᠯ | ᠶᠠᠭᠠᠬᠢᠭᠠᠳ ︿ᠲᠠᠯᠠᠶᠢᠨᠠᠭᠤᠷ﹀ ᠬᠡᠵᠤ ᠰᠣᠯᠢᠭᠳᠠᠪᠠ︖1958 ᠣᠨ ᠤ ᠨᠠᠮᠣᠷ ᠤᠨ ᠤᠯᠠᠷᠢᠯ ᠤᠨ ᠪᠣᠯᠬᠤ ᠳᠤ | ᠣᠣᠯ ᠤᠨ ᠪᠠᠷᠠᠭᠤᠨ ᠠᠷᠣ ᠨᠣᠳᠤᠭ ᠢ ᠦᠬᠡᠷᠴᠢᠯᠡᠨ ᠠᠷᠠᠳ ᠤᠨ ᠨᠢᠬᠡᠳᠦᠯ ᠪᠠᠶᠢᠭᠤᠯᠵᠤ ᠰᠢᠨ᠎ᠡ ᠬᠠᠮᠳᠣᠷᠠᠯ ᠤᠨ | ᠵᠠᠮ ᠳᠤ ᠣᠷᠣᠬᠤ ᠪᠣᠯᠪᠠ᠂ ᠡᠨᠡᠬᠦ ᠰᠢᠨ᠎ᠡ ᠪᠠᠷ ᠪᠠᠶᠢᠭᠤᠯᠣᠭᠰᠠᠨ ᠠᠷᠠᠳ ᠤᠨ ᠨᠢᠬᠡᠳᠦᠯ ᠤᠨ ᠨᠡᠷ᠎ᠡ ᠪᠠᠨ ᠶᠠᠮᠠᠷ ᠨᠡᠷ᠎ᠡ | ᠦᠭᠬᠦ ᠲᠣᠬᠠᠢ ᠬᠤᠰᠢᠭᠤᠨ ᠠᠴᠠ ᠲᠣᠮᠢᠯᠠᠨ ᠢᠷᠡᠬᠦᠯᠦᠭᠰᠡᠨ ᠰᠧᠮᠫᠢᠯ ᠱᠦᠵᠢ ᠣᠯᠠᠨ ᠤ ᠰᠠᠨᠠᠯ ᠢ ᠰᠣᠨᠣᠰᠴᠦ ︿ | ᠲᠠᠯᠢᠨᠠᠭᠤᠷ ᠲᠠᠭᠠᠭᠤᠯᠢ ᠣᠳᠣᠨ ᠠᠷᠠᠳ ᠤᠨ ᠨᠢᠬᠡᠳᠦᠯ﹀ ᠬᠡᠵᠤ ᠨᠡᠷᠯᠡᠬᠦ ᠪᠠᠷ ᠲᠣᠭᠳᠣᠭᠰᠠᠨ ᠪᠢᠯᠡ᠃ ᠬᠢᠳᠠᠳ ᠢᠶᠠᠷ | ︿达里诺尔人民公社﹀ ᠬᠡᠵᠤ ᠪᠢᠴᠢᠪᠠ᠃ ᠡᠨᠡᠬᠦ ᠬᠢᠳᠠᠳ ᠪᠢᠴᠢᠯᠬᠡᠨᠢ ᠲᠠᠭᠠᠷᠠᠨ᠎ᠠ᠂ | ᠮᠣᠩᠭᠤᠯ ᠪᠢᠴᠢᠯᠬᠡ ᠨᠢ ᠲᠠᠭᠠᠷᠠᠬᠤ ᠦᠬᠡᠢ ᠪᠣᠯᠵᠣ ᠪᠠᠭᠰᠢ ᠨᠠᠷ ᠤᠨ ᠲᠣᠳᠣᠷ᠎ᠠ ᠶᠠᠷᠢᠶᠠᠨ ᠪᠣᠯᠪᠠ᠂ ᠪᠢ ᠲᠣᠬᠠᠢ ᠶᠢᠨ | ᠦᠶ᠎ᠡ ᠳᠤ ᠲᠣᠰ ᠰᠣᠷᠭᠠᠭᠤᠯᠢ ᠶᠢᠨ ᠪᠠᠭᠰᠢ ᠪᠠᠶᠢᠭᠰᠠᠨ᠂ ᠮᠠᠨ ᠤ ᠬᠡᠯᠡ ᠪᠢᠴᠢᠭ ᠤᠨ ᠪᠠᠭᠰᠢ ᠨᠠᠷ ᠬᠤᠰᠢᠭᠤᠨ ᠤ | ᠠᠯᠪᠠᠨ ᠬᠡᠷ ᠤᠨ ᠣᠷᠴᠢᠭᠤᠯᠣᠭᠴᠢ ᠵᠢᠨᠳᠠᠩ ᠲᠠᠢ ᠵᠦᠪᠳᠡᠵᠤ ︿ᠲᠠᠯᠠᠶᠢᠨᠠᠭᠤᠷ﹀ ᠬᠡᠪᠡᠯ ︿ᠲᠠᠯᠢᠨᠠᠭᠤᠷ﹀ ᠬᠡᠳᠡᠭ | ᠠᠴᠠ ᠲᠣᠬᠢᠷᠠᠮᠵᠢᠳᠠᠢ ᠬᠡᠵᠤ ᠵᠠᠰᠠᠵᠣ ᠪᠢᠴᠢᠭᠰᠡᠨ ᠪᠠᠶᠢᠳᠠᠭ᠃1958 ᠣᠨ ᠤ ᠰᠢᠨ᠎ᠡ ᠨᠢᠬᠡᠳᠦᠯ ᠪᠠᠶᠢᠭᠤᠯᠣᠭᠰᠠᠨ | ᠮᠣᠩᠭᠤᠯ ᠪᠢᠴᠢᠭ ᠤᠨ ᠡᠬᠡ ᠨᠣᠣᠷᠠᠭ ᠠᠴᠠ ᠡᠷᠢᠵᠤ ᠦᠵᠡᠪᠡᠯ ᠮᠡᠳᠡᠬᠦ ᠪᠠᠶᠢᠬᠤ᠃ ᠡᠨᠡ ᠪᠣᠯ ᠰᠢᠨ᠎ᠡ ᠭᠠᠷᠴᠤ | ᠢᠷᠡᠭᠰᠡᠨ ᠨᠢᠬᠡᠳᠦᠯ ᠤᠨ ᠰᠢᠨ᠎ᠡ ᠨᠡᠷ᠎ᠡ ᠪᠣᠯᠣᠭᠰᠠᠨ ᠶᠣᠮ᠃ | ᠬᠡᠰᠢᠭᠳᠡᠨ ᠤ ᠠᠭᠤᠯᠠ ᠣᠰᠣᠨ ᠤ ᠨᠡᠷᠡᠶᠢᠳᠦᠯ ᠠᠴᠠ ᠰᠢᠨᠵᠢᠵᠤ ᠦᠵᠡᠪᠡᠯ ᠲᠡᠷᠡ ᠬᠦ ᠠᠭᠤᠯᠠ ᠣᠰᠣᠨ ᠤ | ᠰᠢᠨᠵᠢ ᠬᠡᠯᠪᠡᠷᠢ ᠪᠠᠷ ᠨᠢ ᠨᠡᠷ᠎ᠡ ᠦᠭᠬᠦ ᠨᠢ ᠵᠣᠩᠬᠢᠯᠠᠬᠤ ᠪᠠᠶᠢᠷᠢ ᠶᠢ ᠡᠵᠡᠯᠡᠨ᠎ᠡ᠃ ᠵᠢᠱᠢᠶᠡᠯᠡᠪᠡᠯ ︿ᠪᠠᠶᠠᠨᠵᠢᠷᠦᠬᠡ﹀ ︿ | ᠲᠦᠰᠢ﹀ ︿ᠠᠴᠠ ᠠᠭᠤᠯᠠ﹀ ︿ᠬᠤᠷᠤᠭ᠎ᠠ ᠬᠠᠶᠢᠷᠬᠠᠨ﹀ ᠬᠡᠬᠦ ᠮᠡᠳᠣ᠂ ᠨᠠᠭᠤᠷ ᠣᠰᠣᠨ ᠤ ᠨᠡᠷᠡᠶᠢᠳᠦᠯ ᠢᠶᠠᠷ | ᠦᠵᠡᠪᠡᠯ ︿ᠬᠦᠨ ᠨᠠᠭᠤᠷ﹀ ︿ᠲᠦᠷᠦᠬᠡ ᠨᠠᠭᠤᠷ﹀ ︿ᠭᠠᠩᠭᠠᠩ ᠨᠠᠭᠤᠷ﹀ ︿ᠲᠠᠯᠣ ᠨᠠᠭᠤᠷ﹀ ᠬᠡᠬᠦ ᠮᠡᠳᠣ᠃ ᠡᠬᠦᠨ | ᠳᠤ ︿ᠲᠠᠯᠣ ᠨᠠᠭᠤᠷ﹀ ᠤᠨ ᠲᠣᠬᠠᠢ ᠣᠨᠴᠠᠭᠠᠶᠢᠯᠠᠨ ᠲᠣᠷᠠᠳᠣᠪᠠᠯ ᠡᠪᠦᠭᠡ ᠲᠡᠬᠡᠳᠦᠰ ᠠᠴᠠ ᠪᠠᠨ ᠠᠳᠡ ᠨᠣᠳᠣᠭᠰᠢᠨ | ᠰᠠᠭᠤᠭᠰᠠᠨ ᠪᠣᠭᠤᠷᠣᠯᠴᠣᠣᠠ ᠤᠨ ᠦᠪᠯᠡᠨ ᠦᠯᠡᠳᠡᠭᠰᠡᠨ ᠨᠡᠷ᠎ᠡ ᠪᠠᠷ ᠦᠨᠳᠦᠰᠦᠯᠡᠪᠡᠯᠲ᠋ᠠᠭᠠᠷᠠᠬᠤ ᠪᠠᠶᠢᠬᠤ᠃ ︿ᠲᠠᠯᠣ | ᠨᠠᠭᠤᠷ﹀ ︿ᠳ᠋ᠠᠯ ᠨᠠᠭᠤᠷ﹀ ᠬᠡᠳᠡᠭ ᠪᠢᠴᠢᠯᠬᠡ ᠠᠳᠠᠯᠢ ᠦᠬᠡᠢ ᠪᠣᠯᠪᠠᠴᠣᠦᠬᠡ ᠶᠢᠨ ᠠᠶᠠᠯᠭᠤ ᠠᠳᠠᠯᠢ ᠶᠣᠮ᠂ ᠪᠢᠴᠢᠬᠦ | ᠳᠡᠭᠡᠨ ︿ᠲᠠᠯᠣ﹀ ᠬᠡᠵᠤ ᠪᠢᠴᠢᠪᠡᠯ ᠲᠠᠭᠤᠳᠠᠯᠭ᠎ᠠ ᠶᠢᠨ ᠠᠭᠤᠯᠭ᠎ᠠ ᠳᠤ ᠨᠡᠶᠢᠴᠢᠨᠡ᠃ ᠡᠨᠡ ᠨᠠᠭᠤᠷ ᠤᠨ ᠬᠡᠯᠪᠡᠷᠢ | ᠰᠢᠨᠵᠢ ᠶᠢ ᠲᠠᠷᠠᠬᠠᠠᠭᠭᠤᠯᠠ ᠶᠢᠨ ᠣᠷᠣᠢ ᠲᠡᠬᠡᠷ᠎ᠡ ᠭᠠᠷᠴᠤ ᠠᠵᠢᠭᠯᠠᠨ ᠰᠢᠨᠵᠢᠪᠡᠯ ᠵᠡᠬᠦᠨ ᠬᠤᠶᠢᠳᠤ ᠲᠠᠯ᠎ᠠ ᠨᠢ ᠨᠠᠷᠢᠨ | ᠂ ᠪᠠᠷᠠᠭᠤᠨ ᠡᠮᠦᠨᠡᠰᠢ ᠪᠠᠨ ᠦᠷᠬᠡᠨ ᠰᠢᠭ᠂ ᠵᠡᠬᠦᠨ ᠬᠤᠶᠢᠳᠣ ᠲᠠᠯ᠎ᠠ ᠠᠴᠠ ᠨᠠᠭᠤᠷ ᠲᠣᠮᠳᠠᠭᠤᠷ ᠨᠠᠷᠢᠬᠠᠨ ᠬᠠᠭᠤᠷᠠᠢ | ᠬᠤᠶᠢᠭ ᠲᠠᠢ᠂ ᠦᠨᠡᠬᠡᠷ ᠲᠠᠯᠣ ᠶᠠᠰᠤ ᠰᠢᠭ ᠰᠣᠨᠢᠨ ᠬᠠᠷᠠᠭᠳᠠᠨ᠎ᠠ᠃ ᠲᠠᠯᠣ ᠶᠢᠨ ᠶᠠᠰᠦ ᠪᠣᠯ ᠮᠣᠩᠭᠤᠯᠴᠣᠣᠠ ᠤᠨ | ᠡᠷᠳᠡ ᠲᠡᠬᠡᠳᠣ ᠠᠴᠠ ᠮᠠᠰᠢ ᠬᠦᠨᠳᠦᠳᠬᠡᠳᠡᠭ ᠶᠠᠰᠦ ᠪᠣᠯᠣᠨ᠎ᠠ᠂ ᠮᠢᠨᠣ ᠡᠯᠡᠰᠦᠨ ᠳᠠᠬᠢ ᠡᠪᠦᠯᠵᠢᠶᠡᠨ ᠤ ᠪᠠᠷᠠᠭᠤᠨ | ᠬᠠᠵᠠᠭᠤ ᠶᠢᠨ ᠬᠠᠶᠢᠯᠠᠰᠦᠨ ᠮᠣᠳᠣᠨ ᠰᠠᠯᠭ᠎ᠠ ᠠᠴᠠ20᠂30 ᠬᠤᠨᠢᠨ ᠤ ᠲᠠᠯᠣ ᠶᠢᠨ ᠶᠠᠰᠦ ᠶᠢ ᠨᠠᠷᠢᠨ ᠬᠢᠯᠭᠠᠰᠣᠨ | ᠲᠠᠬᠡᠰᠦ ᠳᠤ ᠬᠡᠯᠬᠢᠵᠤ ᠣᠶᠠᠵᠣ ᠪᠠᠶᠢᠳᠠᠭ᠂ ᠠᠪᠤ ᠨᠠᠳᠠᠳᠣ ᠬᠡᠯᠡᠬᠦ ᠳᠡᠭᠡᠨ ︿ᠲᠠᠯᠣ ᠶᠢᠨ ᠶᠠᠰᠦ ᠶᠢ ᠠᠳᠡ ᠲᠡᠨᠳᠡ | ᠬᠠᠶᠠᠳᠠᠭ ᠦᠬᠡᠢ᠂ ᠶᠠᠰᠣᠨ ᠤ ᠲᠣᠳᠣᠷ᠎ᠠ ᠬᠠᠮᠤᠭ ᠤᠨ ᠨᠡᠷ᠎ᠡ ᠬᠦᠨᠳᠣᠳᠣ ᠶᠠᠰᠣ ᠪᠣᠯᠣᠨ᠎ᠠ᠂﹀ ᠬᠡᠵᠤ ᠬᠡᠯᠳᠡᠭ᠃ | ᠵᠠᠩ ᠠᠭᠠᠯᠢ ᠶᠢᠨ ᠲᠣᠳᠣᠷ᠎ᠡ ︿ᠲᠠᠯᠣ ᠶᠢᠨ ᠶᠠᠰᠤ ᠪᠠᠷ ᠲᠦᠯᠡᠭᠡ ᠦᠵᠢᠬᠦ﹀ ︿ᠲᠠᠯᠣ ᠶᠢᠨ ᠶᠠᠰᠤ ᠶᠢ ᠰᠢᠳᠣ ᠪᠠᠷ | ᠢᠶᠠᠨ ᠬᠠᠵᠠᠵᠣ ᠢᠳᠡᠵᠤ ᠪᠣᠯᠬᠤ ᠦᠬᠡᠢ﹀ ︿ᠪᠣᠭᠤᠷᠣᠯ ᠨᠠᠰᠣᠳᠠᠨ ᠳᠠᠭᠠᠨ ᠣᠷᠢᠳᠠ ᠪᠠᠷ ᠪᠠᠷᠢᠵᠤ ᠦᠭᠬᠦᠨ᠎ᠡ᠂ | ᠨᠠᠰᠣᠳᠠᠨ ᠭᠠᠭᠴᠠᠭᠠᠷ ᠢᠶᠠᠨ ᠢᠳᠡᠳᠡᠭ ᠦᠬᠡᠢ᠂ ᠲᠠᠯᠣ ᠵᠢᠨᠮᠢᠬᠠ ᠶᠢ ᠲᠠᠶᠠᠭᠠᠷ ᠢᠶᠠᠨ ᠢᠳᠡᠨ᠎ᠡ ᠬᠡᠵᠤ ᠬᠤᠪᠢᠳᠠᠵᠤ | ᠦᠭᠳᠡᠭ﹀ ᠬᠡᠵᠣ ᠪᠠᠶᠢᠨ᠎ᠠ᠃ ᠡᠬᠦᠨ ᠢᠶᠠᠷ ᠦᠵᠡᠪᠡᠯ ᠬᠡᠰᠢᠭᠳᠡᠨ ᠨᠣᠳᠤᠭ ᠲᠤ ᠬᠠᠮᠤᠭ ᠤᠨ ᠶᠡᠭᠡ᠂ ᠬᠠᠮᠤᠭ ᠤᠨ | ᠬᠦᠨᠳᠣᠳᠠᠢ ᠨᠠᠭᠤᠷ ᠪᠣᠯ ᠲᠠᠯᠣ ᠨᠠᠭᠤᠷ ᠪᠣᠯᠣᠨ᠎ᠠ᠂ ᠲᠠᠯᠣ ᠶᠢᠨ ᠵᠢᠭᠠᠰᠤ ᠶᠢ ᠲᠠᠶᠠᠭᠠᠷ ᠢᠶᠠᠨ ᠠᠮᠠᠰᠳᠠᠭ ᠣᠴᠢᠷ | ᠡᠬᠦᠨ ᠳᠤ ᠪᠠᠶᠢᠵᠣ ᠪᠠᠰᠠ ᠮᠡᠳᠡᠨ᠎ᠡ᠃ ᠲᠠᠯᠠᠢ ᠪᠠ ᠨᠠᠭᠤᠷ ᠬᠡᠳᠡᠭ ᠨᠡᠷ᠎ᠡ ᠦᠬᠡ ᠶᠢᠨ ᠣᠳᠬ᠎ᠠ ᠮᠠᠰᠢ ᠶᠡᠭᠡ | ᠵᠦᠷᠢᠶ᠎ᠡ ᠲᠠᠢ᠂ ᠲᠠᠷᠠᠬᠠᠠᠭᠠᠣᠯᠠ ᠶᠢᠨ ᠣᠣᠯ ᠤᠨ ᠨᠡᠷ᠎ᠡ᠂ ︿ᠮᠠᠨᠳᠠᠷᠸ᠎ᠠ﹀ ᠬᠡᠳᠡᠭ ᠤᠨ ᠲᠣᠬᠠᠢ ᠡᠷᠳᠡᠮᠳᠡᠨ ᠨᠠᠷ | ᠰᠣᠳᠣᠯᠣᠭᠰᠠᠨ ᠪᠠᠶᠢᠳᠠᠭ᠃ ᠶᠠᠭᠠᠬᠢᠭᠠᠳ ᠡᠨᠡᠬᠦ ᠨᠡᠷ᠎ᠡ ᠶᠢ ︿曼陀山庄﹀ ᠬᠡᠵᠤ ᠬᠢᠳᠠᠳ ᠤᠳ ᠵᠣᠭᠠᠴᠢᠯ | ᠤᠨ ᠭᠠᠴᠠᠷ ᠲᠠᠭᠠᠨ ᠦᠭᠬᠦᠭᠰᠡᠨ ᠢ ᠮᠡᠳᠡᠬᠦ ᠦᠬᠡᠢ᠂ ᠠᠳᠡᠬᠢ ᠶᠢᠨ ᠠᠷᠠᠳ ᠮᠠᠰᠢ ᠭᠠᠶᠢᠬᠠᠪᠠ᠃ ᠡᠨᠡ ᠲᠣᠬᠠᠢ | ᠲᠦᠪ ᠤᠨ ᠦᠨᠳᠦᠰᠦᠳᠡᠨ ᠤ ᠶᠡᠭᠡ ᠰᠣᠷᠭᠠᠭᠤᠯᠢ ᠶᠢᠨ ᠬᠡᠰᠢᠭᠳᠦᠭ᠌ᠳᠠᠬᠤ ᠫᠷᠣᠹᠧᠰᠰᠣᠷ ︿ᠮᠣᠩᠭᠤᠯ ᠰᠣᠷᠪᠣᠯᠵᠢ | ᠪᠢᠴᠢᠭ ᠤᠨ ᠰᠣᠳᠣᠯᠣᠯ﹀ ᠳᠠᠭᠠᠨ ︽ᠮᠠᠨ ᠲᠦᠸᠧ︾ ᠬᠡᠳᠡᠭ ᠦᠬᠡ ᠶᠢᠨ ᠣᠳᠬ᠎ᠠ ᠶᠠᠭᠤ ᠪᠣᠢ︖ ᠨᠢᠬᠡ ᠳᠤ | ᠬᠡᠷᠪᠡ曼陀 ᠪᠣᠯ 曼陀罗 ᠶᠢᠨ ᠲᠣᠪᠴᠢᠯᠠᠯ᠂曼陀罗 ᠪᠣᠯ曼陀罗花 ᠶᠢᠨ | ᠲᠣᠪᠴᠢᠯᠠᠯ᠂曼陀罗花 ᠪᠣᠯ ᠰᠠᠨᠰᠺᠷᠢᠲ ᠬᠡᠯᠡᠨ ᠤ ᠴᠡᠴᠡᠭ ᠤᠨ ᠨᠡᠷ᠎ᠡ ᠶᠢᠨ ᠠᠪᠢᠶᠠᠴᠢᠯᠠᠭᠰᠠᠨ | ᠣᠷᠴᠢᠭᠤᠯᠭ᠎ᠠ ᠪᠣᠯᠬᠤ ᠶᠣᠰᠣᠳᠠᠢ᠃ ︽ᠮᠠᠨ ᠲᠦᠸᠧ ᠱᠠᠨ︾ ᠬᠡᠬᠦ ᠲᠡᠷᠡ ᠬᠦ ᠠᠭᠤᠯᠠ ᠦᠨᠡᠬᠡᠷ ᠴᠡᠴᠡᠭ ᠤᠨ | ᠬᠡᠯᠳᠡᠰ ᠰᠢᠭ ᠬᠠᠳᠠᠨ ᠠᠭᠤᠯᠠ ᠪᠠᠶᠢᠳᠠᠭ ᠲᠣᠯᠠ ︿ᠮᠠᠨᠳᠠᠷᠸ᠎ᠠ﹀ ᠬᠡᠰᠡᠨ ᠠᠭᠤᠯᠠ ᠪᠠᠶᠢᠵᠣ ᠮᠡᠳᠡᠨ᠎ᠡ᠃ᠬᠤᠶᠠᠷ ᠲᠤ | ᠵᠠᠷᠢᠮ ᠮᠡᠷᠬᠡᠳ ᠮᠠᠨ ᠲᠦᠸᠧ ᠪᠣᠯ ᠰᠠᠨᠰᠺᠷᠢᠲ ᠬᠡᠯᠡᠨ ᠤ Mandala ᠶᠢᠨ ᠠᠪᠢᠶᠠᠴᠢᠯᠠᠭᠰᠠᠨ ᠣᠷᠴᠢᠭᠤᠯᠭ᠎ᠠ | ᠮᠦᠨ ᠬᠡᠵᠤ ᠬᠡᠯᠡᠳᠡᠭ᠃ ᠮᠠᠨᠳᠠᠯ ᠪᠣᠯ ᠨᠢᠭᠤᠴᠠ ᠲᠠᠷᠨᠢ ᠶᠢᠨ ᠶᠣᠰᠣᠨ ᠤ ᠣᠷᠴᠢᠯᠠᠩ ᠤᠨ ᠦᠨᠡᠡ ᠶᠣᠰᠣᠨ ᠤ | ᠵᠢᠷᠤᠭ ᠪᠣᠯᠣᠨ᠎ᠠ᠃ ᠮᠠᠨᠳᠠᠯ ᠤᠨ ᠲᠡᠬᠡᠷ᠎ᠡ ᠪᠣᠷᠬᠠᠨ᠂ ᠪᠣᠳᠢᠰᠠᠸᠠ ᠨᠠᠷ ᠢ ᠰᠠᠭᠠᠳᠠᠭᠤᠯᠣᠨ ᠵᠢᠷᠣᠭᠰᠠᠨ ᠪᠠᠶᠢᠳᠠᠭ ᠶᠤᠮ᠃ | ᠡᠬᠦᠨ ᠢ ᠰᠠᠨᠰᠺᠷᠢᠲ ᠬᠡᠯᠡᠨ ᠳᠤSvadeva᠂ ᠬᠢᠳᠠᠳ ᠢᠶᠠᠷ本尊 ᠬᠡᠳᠡᠭ᠃ ᠮᠠᠨᠳᠠᠯ ᠤᠨ ᠬᠢᠳᠠᠳ ᠬᠡᠯᠡᠨ | ᠤ ᠣᠳᠬᠠᠴᠢᠯᠠᠭᠰᠠᠨ ᠬᠠᠭᠤᠴᠢᠨ ᠣᠷᠴᠢᠭᠤᠯᠭ᠎ᠠ ᠨᠢ ᠣᠯᠠᠩᠬᠢ ᠳᠠᠭᠠᠨ坛 ᠡᠰᠡᠬᠦᠯ᠎ᠡ道场 ᠶᠣᠮ ᠰᠢᠨ᠎ᠡ | ᠣᠷᠴᠢᠭᠤᠯᠭ᠎ᠠ ᠨᠢ ᠣᠯᠠᠩᠬᠢ ᠳᠠᠭᠠᠨ轮圆具足 ᠪᠣᠶᠣ聚集 ᠬᠡᠳᠡᠭ᠃ ᠠᠪᠢᠶᠠᠴᠢᠯᠠᠭᠰᠠᠨ | ᠣᠷᠴᠢᠭᠤᠯᠭ᠎ᠠ ᠨᠢ曼陀罗᠂满酴逻᠂᠂᠂᠂᠂᠂ ᠲᠣᠪᠴᠢᠯᠠᠭᠠᠳ曼荼᠂᠂᠂᠂᠂ ᠬᠡᠬᠦ ᠮᠡᠳᠣ᠃ | ᠢᠩᠬᠢᠬᠦᠯᠡᠷ ᠵᠦᠪᠬᠡᠨ ᠱᠠᠰᠢᠨ ᠤ ᠣᠳᠬ᠎ᠠ ᠰᠠᠨᠠᠭ᠎ᠠ ᠪᠣᠯᠣᠨ ᠠᠪᠢᠶᠠᠨ ᠤ ᠲᠠᠭᠤᠳᠠᠯᠭ᠎ᠠ ᠶᠢ ᠪᠠᠷᠢᠮᠳᠠᠯᠪᠠᠯ曼陀 | ᠨᠢ ᠮᠠᠨᠳᠠᠯ ᠬᠡᠰᠡᠨ ᠦᠬᠡ ᠪᠣᠯᠵᠤ ᠮᠡᠳᠡᠬᠦ ᠨᠢᠬᠡ ᠲᠠᠯ᠎ᠠ ᠲᠠᠢ᠂ ᠬᠡᠬᠦ ᠳᠡᠭᠡᠨ ᠬᠢᠳᠠᠳ ᠦᠰᠦᠭ ᠤᠨ ᠲᠣᠪᠴᠢᠯᠠᠨ | ᠪᠢᠴᠢᠳᠡᠭ ᠵᠣᠷᠰᠢᠯ ᠢ ᠪᠠᠷᠢᠮᠳᠠᠯᠠᠪᠠᠯᠮᠠᠨᠳᠠᠯ ᠢ曼陀 ᠬᠡᠵᠤ ᠲᠣᠪᠴᠢᠯᠠᠨ ᠪᠢᠴᠢᠬᠦ ᠶᠣᠰᠣ ᠦᠬᠡᠢ ᠮᠡᠳᠣ ᠬᠡᠵᠤ | ᠰᠣᠳᠣᠯᠣᠭᠰᠠᠨ ᠪᠠᠶᠢᠨ᠎ᠠ᠃ | ᠡᠷᠳᠡ ᠦᠶ᠎ᠡ ᠶᠢᠨ ᠮᠣᠩᠭᠤᠯᠴᠣᠳ ᠠᠭᠤᠯᠠ ᠤᠰᠤᠨ ᠤ ᠪᠠᠨ ᠨᠡᠷ᠎ᠡ ᠶᠢ ᠲᠦᠷᠰᠤ ᠪᠠᠶᠢᠳᠠᠯ ᠢ ᠦᠵᠡᠵᠤ | ᠪᠠᠶᠢᠭᠠᠳ ᠨᠡᠷᠯᠡᠳᠡᠭ ᠵᠣᠷᠰᠢᠯ ᠲᠠᠢ᠂ ᠡᠷᠳᠡ ᠦᠶ᠎ᠡ ᠳᠤ ᠲᠠᠯᠣᠨᠠᠭᠤᠷ ᠤᠨ ᠣᠰᠣᠨ ᠲᠦᠪᠰᠢᠨ ᠲᠠᠭ᠎ᠠ ᠨᠠᠭᠤᠷ᠂ | ᠭᠠᠩᠭᠠᠩ ᠨᠠᠭᠤᠷ ᠲᠠᠢ ᠨᠡᠶᠢᠯᠡᠵᠤ ᠲᠣᠮᠣ ᠨᠠᠭᠤᠷ ᠪᠠᠶᠢᠭᠰᠠᠨ ᠪᠠᠶᠢᠵᠤ ᠮᠡᠳᠡᠨ᠎ᠡ᠂ ᠡᠨᠡ ᠬᠤᠶᠠᠷ ᠨᠠᠭᠤᠷ᠂ ᠲᠠᠯᠣᠨᠠᠭᠤᠷ | ᠠᠴᠠ ᠬᠤᠷᠢᠭᠠᠳ ᠭᠠᠵᠠᠷ ᠤᠨ ᠵᠠᠶᠢᠳᠠᠢ ᠪᠠᠶᠢᠵᠣ᠂ ᠲᠠᠷᠬᠠᠠᠭᠤᠯᠠ ᠨᠢ ᠶᠠᠭ ᠣᠰᠣᠨ ᠲᠣᠮᠳᠠ ᠪᠠᠶᠢᠭᠰᠠᠨ ᠪᠠᠶᠢᠵᠣ | ᠮᠡᠳᠡᠨ᠎ᠡ᠃ ᠬᠤᠯᠠ ᠠᠴᠠ ᠬᠠᠷᠠᠪᠠᠯ ᠮᠠᠨᠳᠠᠷᠸ᠎ᠠ ᠴᠡᠴᠡᠭ ᠴᠣᠮᠣᠷᠯᠢᠭ ᠢᠶᠠᠨ ᠲᠡᠯᠬᠡᠵᠤ ᠪᠠᠶᠢᠭ᠎ᠠ ᠠᠳᠠᠯᠢ ᠬᠠᠷᠠᠭᠳᠠᠨ᠎ᠠ᠃ | ᠣᠳᠣ ᠲᠡᠷᠡ ᠬᠦ ᠠᠭᠤᠯᠠ ᠢ ᠪᠠᠷᠰ ᠬᠤᠳᠠ ᠶᠢᠨ ᠪᠠᠭᠤᠷᠢ ᠠᠴᠠ ᠠᠵᠢᠭᠯᠠᠪᠠᠯ ᠮᠠᠨᠳᠠᠷᠸ᠎ᠠ ᠴᠡᠴᠡᠭ ᠲᠡᠯᠬᠡᠷᠡᠵᠤ ᠪᠠᠶᠢᠭ᠎ᠠ | ᠠᠳᠠᠯᠢ ᠬᠠᠷᠠᠭᠳᠠᠨ᠎ᠠ᠃ ᠡᠪᠦᠭᠡ ᠲᠡᠬᠡᠳᠦᠰ ᠤᠨ ᠢᠶᠠᠨ ᠠᠭᠤᠯᠠ ᠣᠰᠣ ᠪᠠᠨ ᠨᠡᠷᠯᠡᠳᠡᠭ ᠵᠣᠷᠰᠢᠯ ᠢ ᠦᠨᠳᠦᠰᠦᠯᠪᠡᠯ | ᠮᠠᠨᠳᠠᠷᠸ᠎ᠠ ᠠᠭᠤᠯᠠ ᠬᠡᠵᠤ1270 ᠣᠨ ᠠᠴᠠ ᠡᠮᠦᠨᠡᠬᠢ ᠨᠡᠷ᠎ᠡ ᠪᠣᠯᠣᠯᠳᠠᠢ᠃ | | | | |