ᠬᠡᠰᠢᠭᠳᠡᠨ ᠤ ᠴᠠᠭᠠᠨ ᠰᠤᠪᠤᠷᠭ᠎ᠠ
ᠨᠡᠶᠢᠲᠡᠯᠡᠭᠰᠡᠨ ᠴᠠᠭ᠄
2018/12/20
                                           —  ᠪᠤ᠂ ᠴᠤᠭᠲᠤ         ᠲᠠᠯᠠᠢ ᠨᠠᠭᠤᠷ ᠤᠨ ᠬᠤᠶᠢᠨ᠎ᠠ ᠪᠠᠷᠰ ᠬᠤᠳᠠ— ᠯᠤ᠋ ᠸᠨᠩ ᠴᠧᠩ ᠤᠨ ᠪᠠᠷᠠᠭᠤᠨ ᠲᠡᠨᠵᠢᠨ ᠳᠤ ᠨᠢᠬᠡᠨ ᠭᠤᠶᠤ ᠦᠵᠡᠮᠵᠢᠳᠠᠢ ᠲᠤᠷᠠᠰᠬᠠᠯ ᠤᠨ ᠴᠠᠭᠠᠨ ᠰᠤᠪᠤᠷᠭ᠎ᠠ ᠶᠢ ᠲᠡᠣᠬᠡᠨ ᠳᠤ ᠶᠤᠸᠠᠨ ᠤ ᠴᠠᠭᠠᠨ ᠰᠤᠪᠤᠷᠭ᠎ᠠ ᠭᠡᠳᠡᠭ︔ ᠲᠠᠷᠬᠠᠨᠬᠠᠭᠤᠯᠠ ᠨᠢ ᠶᠡᠭᠡ ᠮᠤᠩᠭᠤᠯ ᠤᠨ ᠲᠡᠣᠬᠡᠨ ᠲᠤ ᠦᠭᠡᠯᠤᠨ ᠡᠬᠡ ᠪᠤᠯᠤᠨ ᠪᠦᠷᠳᠡ ᠬᠠᠲᠣᠨ ᠤ ᠲᠦᠷᠭᠦᠮ ᠬᠤᠩᠬᠢᠷᠠᠭᠠᠳ ᠠᠶᠢᠮᠭ ᠤᠨ ᠲᠠᠬᠢᠯᠭ᠎ᠠ ᠶᠢᠨ ᠤᠷᠣᠨ ᠪᠠᠶᠢᠵᠦ ᠮᠦᠩᠬᠡ ᠬᠠᠭᠠᠨ ᠦᠬᠡᠯᠤᠨ ᠡᠬᠡ ᠶᠢ ᠰᠢᠣᠸᠠᠨ ᠢ ᠬᠤᠸᠠᠩᠬᠦᠤ ᠬᠡᠮᠡᠨ ᠨᠡᠬᠡᠮᠵᠢᠯᠨᠨ᠂ ᠡᠮᠡᠭᠡ ᠪᠦᠷᠳᠡᠭᠡᠯᠵᠢᠨ ᠭᠤᠸ᠎ᠠ ᠬᠠᠳᠣᠨ ᠢ ︽ᠪᠤᠨᠨᠳᠠ ᠶᠢᠨ ᠲᠦᠰᠢᠶ᠎ᠡ ᠬᠡᠭᠡᠨ ᠢᠪᠡᠭᠡᠯᠳᠣ  ᠬᠠᠳᠣᠨ︾ ᠨᠡᠬᠡᠮᠵᠢᠯᠡᠨ ᠡᠷᠭᠦᠮᠵᠢᠯᠡᠵᠠᠢ︔ ᠡᠬᠡ ᠰᠤᠷᠠᠬᠠᠨᠳᠠᠨᠢ ᠳᠤ ᠠᠴᠢᠯᠠᠯ ᠡᠨᠡᠷᠢᠯ ᠢ ᠭᠦᠢᠴᠡᠳᠬᠡᠵᠦ ᠨᠡᠨ ᠭᠠᠵᠠᠷ ᠲᠤ ᠰᠤᠪᠤᠷᠭ᠎ᠠ ᠪᠤᠰᠬᠠᠵᠦ ᠲᠠᠬᠢᠯ ᠡᠷᠭᠦᠪᠡ︔ ᠲᠣᠰ ᠰᠣᠪᠤᠷᠭ᠎ᠠ ᠪᠠᠷᠰ ᠬᠤᠳᠠ ᠠᠴᠠ ᠬᠤᠷᠢᠭᠠᠳ ᠵᠢᠯ ᠎ ᠤᠨ ᠡᠮᠤᠨ᠎ᠡ ᠮᠦᠩᠬᠡ ᠬᠠᠭᠠᠨ ‍ᠣ‌ᠦᠶ᠎ᠡ ᠳᠤ ᠪᠤᠰᠬᠠᠵᠢ︔1251 ᠤᠨ ᠳᠤ ᠮᠦᠩᠬᠡ᠂ ᠶᠣᠸᠠᠨ ᠤᠯᠣᠰ ᠤᠨ ᠬᠭᠠᠨᠨ ᠤ ᠰᠠᠭᠤᠷᠢ ᠶᠢ ᠵᠠᠯᠠᠭᠠᠮᠵᠢᠯᠠᠨ ᠡᠴᠢᠭᠡ ᠲᠣᠯᠤᠢ ᠶᠢ ᠷᠣᠶᠢᠽᠦᠩ ᠵᠢᠩ ᠰᠢᠶᠠᠩ ᠬᠤᠸᠠᠩᠳᠠᠢ᠂ ︿ᠠᠯᠳᠠᠨ ᠨᠤᠮ ᠤᠨ ᠬᠠᠭᠠᠨ﹀ ᠨᠡᠬᠡᠮᠵᠢᠯᠡᠨ ᠴᠤᠯᠯᠠᠵᠦ᠂ ᠡᠬᠡ ᠰᠤᠷᠬᠠᠨᠳᠠᠨᠢ ᠶᠢ ᠵᠤᠸᠠᠩ ᠱᠧᠩ ᠬᠤᠸᠠᠩᠬᠦᠤ ᠴᠤᠯᠠᠯᠪᠠ︔ ᠡᠶᠢᠮᠦ ᠠᠴᠠ ᠲᠤᠰ ᠰᠤᠪᠤᠷᠭ᠎ᠠ ᠨᠢ ᠰᠤᠷᠬᠠᠨᠨᠳᠠᠨᠢ ᠬᠠᠳᠣᠨ ᠤ ᠲᠣᠷᠠᠰᠠᠬᠠᠯ ᠤᠨ ᠰᠣᠪᠤᠷᠭ᠎ᠠ ᠶᠤᠮ︔ ᠡᠭᠦᠨ ᠢ ᠠᠴᠢᠯᠠᠯ ᠡᠨᠡᠷᠢᠯ ᠬᠠᠷᠢᠭᠤᠯᠬᠤ ᠪᠤᠦ ᠡᠸ᠋ᠨ ᠰᠧ ᠭᠡᠵᠦ ᠨᠡᠷᠡᠯᠡᠳᠡᠭ︔ ᠡᠮᠤᠨ᠎ᠡ ᠲᠠᠯ᠎ᠠ ᠲᠠᠭᠠᠨ ᠪᠤᠷᠬᠠᠨ ᠤ ᠭᠦᠩᠭᠠᠷᠸ᠎ᠠ ᠎ ᠲᠠᠢ ᠪᠠᠶᠢᠨᠨᠰᠠᠨ ᠶᠤᠮ︔ ᠲᠤᠮᠳᠠ ᠬᠡᠰᠡᠭ ᠠᠴᠠ ᠲᠡᠬᠡᠭᠰᠢ ᠪᠠᠨ ᠲᠠᠪᠤᠨ ᠮᠧᠲᠷ ᠢᠯᠡᠭᠦᠤ ᠦᠨᠲᠦᠷ᠂ ᠪᠦᠭᠡᠷᠡᠩᠬᠢ ᠬᠡᠯᠪᠡᠷᠢ ᠲᠠᠢ᠂ ᠲᠡᠭᠡᠷ᠎ᠡ ᠪᠠᠨ ᠠᠯᠳᠠᠨ ᠭᠠᠨᠵᠢᠷ᠎ᠠ ᠲᠠᠢ ᠪᠦᠭᠡᠳ ᠬᠤᠶᠠᠷ ᠦᠶ᠎ᠡ ᠠᠯᠳᠠᠨ ᠲᠡᠪᠢᠰᠬᠡᠷ ᠲᠠᠢ︔ ᠡᠷᠬᠢᠨ ᠲᠤᠭᠤᠷᠢᠨ ᠵᠢᠵᠢᠭ ᠬᠡᠯᠪᠡᠷᠢ ᠶᠢᠨ ᠤᠯᠨᠨ ᠬᠤᠩᠬᠤ ᠨᠤᠭᠤᠳ ᠲᠡᠭᠦᠵᠢᠯᠭᠰᠠᠨ ᠨᠢ ᠰᠠᠯᠬᠢᠨ ᠳᠤ ᠦᠷᠭᠦᠯᠵᠢ ᠵᠢᠩᠬᠢᠨᠠᠨ ᠲᠣᠦᠭᠠᠷᠳᠠᠭ ᠪᠠᠶᠢᠵᠢ︔ ᠠᠯᠳᠠᠨ ᠰᠢᠷᠭᠠᠯ ᠭᠠᠨᠵᠢᠷ᠎ᠠ ᠪᠠ ᠲᠡᠪᠢᠰᠬᠡᠷ ᠨᠢ ᠰᠠᠯᠬᠢᠨ ᠳᠤ ᠦᠯᠢᠶᠡᠭᠳᠡᠭᠦ ᠲᠤᠳᠤᠮ ᠦᠩᠭᠡᠳᠠᠢ ᠰᠠᠶᠢᠬᠠᠨ᠂ ᠠᠯᠣᠰ ᠠᠴᠠ ᠨᠠᠷᠨᠨ ᠤ ᠭᠡᠷᠡᠯ ᠳᠤ ᠬᠢᠯᠠᠯᠠᠵᠠᠨ ᠲᠣᠩ ᠭᠤᠶᠣ ᠦᠩᠬᠡ ᠦᠵᠮᠵᠢ ᠲᠠᠢ ᠬᠠᠷᠬᠠᠳᠠᠬᠤ ᠪᠦᠭᠡᠳ ᠰᠢᠭᠦᠷ ᠮᠡᠳᠣ ᠲᠠᠷᠪᠠᠶᠢᠵᠦ ᠲᠣᠦᠷ᠎ᠠ ᠲᠠᠯ᠎ᠠ ᠶᠢᠨ ᠭᠡᠰᠡᠭ ᠢ ᠪᠤᠷᠤᠭᠠᠨ ᠬᠤᠷ᠎ᠠ ᠳᠤ ᠨᠤᠷᠠᠵᠦ ᠰᠤᠶᠢᠷᠡᠭᠦ ᠠᠴᠠ ᠬᠠᠮᠠᠭᠠᠯᠵᠦ ᠪᠠᠶᠢᠳᠠᠭ︔ ᠲᠤᠰ ᠰᠣᠪᠤᠷᠭ᠎ᠠ ᠰᠣᠶᠤᠯ ᠤᠨ ᠶᠡᠭᠡ ᠬᠤᠪᠢᠰᠬᠠᠯ ᠳᠤ ᠪᠦᠷᠢᠮᠦᠰᠣᠨ ᠡᠪᠳᠡᠭᠳᠡᠵᠦ ᠰᠣᠶᠢᠳᠴᠠᠢ᠂ ᠤᠳᠣ ᠶᠡᠭᠡ ᠲᠦᠯᠦᠪ ᠰᠠᠭᠤᠷᠢ ᠲᠡᠳᠣᠢ ᠶᠠᠭᠤᠮ᠎ᠠ ᠦᠯᠳᠡᠵᠦ ᠬᠤᠴᠣᠷᠪᠠ︔
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号