ᠬᠡᠰᠢᠭᠳᠡᠨ ᠬᠤᠰᠢᠭᠤᠨ ᠤ ᠡᠬᠦᠷᠢᠳᠡ ᠬᠠᠮᠠᠭᠠᠯᠠᠭᠴᠢ ᠰᠦᠮ᠎ᠡ ︵ᠬᠦᠬᠦᠷᠬᠡ ᠰᠦᠮ᠎ᠡ︶
ᠨᠡᠶᠢᠲᠡᠯᠡᠭᠰᠡᠨ ᠴᠠᠭ᠄
2018/12/20
                                     ——  ᠪᠣᠷᠵᠢᠬᠢᠨ ᠪᠣᠶᠠᠨᠳᠡᠬᠦᠰ        ᠴᠢᠩ ᠣᠯᠣᠰ ᠤᠨ ᠲᠡᠭᠷᠢ ᠲᠡᠳᠬᠦᠭᠴᠢ ᠬᠠᠭᠠᠨ ᠤ ᠦᠶ᠎ᠡ ᠲᠠᠷᠤᠢ1771 —1780 ᠣᠨ ᠤ ᠬᠤᠭᠤᠷᠣᠨᠳᠣ ᠬᠡᠰᠢᠭᠳᠡᠨ ᠤ ᠵᠠᠰᠠᠭ ᠨᠣᠶᠠᠨ ᠨᠠᠩᠵᠢᠳᠵᠠᠪ ᠡᠷᠬᠡ ᠠᠳᠬᠤᠵᠤ ᠪᠠᠶᠢᠭᠰᠠᠨ ᠬᠤᠭᠤᠴᠠᠭᠠᠨ ᠳᠤ ᠪᠠᠷᠠᠭᠤᠨ ᠶᠡᠭᠡ ᠰᠣᠮᠣ ᠶᠢᠨ ᠭᠤᠷᠪᠠᠨ ᠬᠦᠷᠢᠶ᠎ᠡ ᠠᠶᠢᠮᠠᠭ ᠲᠤ ᠰᠢᠷ᠎ᠠ ᠶᠢᠨ ᠱᠠᠰᠢᠨ ᠤ ᠰᠦᠮ᠎ᠡ ᠪᠠᠶᠢᠭᠤᠯᠵᠠᠢ᠃ ᠠᠳᠡᠬᠢ ᠶᠢᠨ ᠮᠣᠩᠭᠤᠯᠴᠣᠳ ᠬᠦᠷᠢᠶ᠎ᠡ ᠰᠦᠮ᠎ᠡ ᠬᠡᠵᠣ ᠭᠠᠵᠡᠷ ᠣᠰᠣᠨ ᠤ ᠨᠡᠷ᠎ᠡ ᠪᠠᠷ ᠨᠡᠷᠡᠯᠳᠡᠭ ᠪᠠᠶᠢᠪᠠ᠃ ᠬᠤᠰᠢᠭᠤ ᠵᠠᠰᠠᠭ ᠠᠴᠠ ᠴᠢᠩ ᠬᠦᠷᠦᠨ ᠤ ᠵᠣᠷᠭᠠᠨ ᠳᠤ ᠮᠡᠳᠡᠬᠦᠯᠦᠨ ᠲᠦᠷᠦ ᠶᠢᠨ ᠰᠦᠮ᠎ᠡ ᠬᠡᠶᠢᠳ ᠤᠨ ᠲᠤᠭ᠎ᠠ ᠳᠤ ᠣᠷᠣᠭᠤᠯᠣᠨ ︽ᠡᠬᠦᠷᠢᠳᠡ ᠬᠠᠮᠠᠭᠠᠯᠠᠭᠴᠢ ᠰᠦᠮ᠎ᠡ︾ ᠬᠡᠰᠡᠨ ᠲᠦᠷᠦ ᠬᠦᠷᠦᠨ ᠤ ᠢᠯᠡᠷᠬᠡᠶᠢᠯᠡᠯ ᠣᠯᠭᠤᠪᠠ᠃        1913 ᠣᠨ ᠤ ︽ᠦᠬᠡᠷ ᠵᠢᠯ ᠤᠨ ᠲᠦᠷᠪᠡᠬᠡᠨ︾᠎ ᠳᠤ ᠮᠢ ᠶᠢᠨ ᠪᠢᠶᠣᠣ ᠶᠢᠨ ᠬᠠᠷ᠎ᠠ ᠴᠡᠷᠢᠭ ᠣᠷᠣᠵᠣ ᠢᠷᠡᠬᠡᠳ ᠬᠡᠰᠢᠭᠳᠡᠨ ᠤ ᠰᠦᠮ᠎ᠡ ᠬᠡᠶᠢᠳ ᠢ ᠭᠠᠯᠳᠠᠨ ᠰᠢᠳᠠᠭᠠᠬᠤ ᠦᠶ᠎ᠡ ᠳᠤ ᠲᠣᠰ ᠰᠦᠮ᠎ᠡ ᠰᠢᠳᠠᠭᠠᠭᠳᠠᠪᠠ᠃ ᠬᠡᠳᠦᠨ ᠵᠢᠯ ᠤᠨ ᠲᠠᠷᠠᠭ᠎ᠠ ᠬᠦᠷᠢᠶ᠎ᠡ ᠰᠦᠮ᠎ᠡ ᠶᠢᠨ ᠶᠡᠭᠡ ᠱᠠᠪᠠᠷᠣᠩ ᠬᠤᠪᠢᠯᠭᠠᠨ ᠯᠣᠪᠰᠠᠩᠳᠠᠮᠪᠢ᠂ ᠰᠢᠳᠠᠭᠠᠭᠳᠠᠭᠰᠠᠨ ᠰᠦᠮ᠎ᠡ ᠪᠠᠨ ᠰᠡᠷᠬᠦᠬᠡᠬᠦ ᠪᠠᠷ ᠭᠠᠵᠡᠷ ᠰᠢᠨᠵᠢᠨ ᠰᠣᠩᠭᠤᠵᠣ ᠪᠠᠶᠢᠭᠠᠳ1917 ᠣᠨ ᠤ ᠪᠠᠷᠤᠭ ᠢᠶᠠᠷ ᠰᠢᠷᠭᠤᠭ᠎ᠠ ᠬᠦᠬᠦᠷᠬᠡ ᠶᠢᠨ ᠠᠷᠣ ᠳᠤ ᠪᠠᠶᠢᠭ᠎ᠠ ᠣᠨᠳᠣᠷᠣᠮᠠᠯ ᠪᠣᠯᠠᠭ ᠲᠠᠢ᠂ ᠣᠷᠣᠰᠬᠠᠯ ᠭᠤᠣᠯ ᠲᠠᠢ᠂ ᠦᠯᠵᠡᠢ ᠪᠣᠶᠠᠨ ᠲᠡᠯᠬᠡᠷᠡᠭᠰᠡᠨ ᠰᠢᠨᠵᠢ ᠰᠠᠶᠢᠳᠠᠢ ᠲᠠᠢ ᠭᠠᠵᠡᠷ ᠢ ᠰᠣᠩᠭᠤᠨ ᠲᠣᠭᠳᠠᠭᠠᠵᠣ ᠣᠷᠢᠳᠠᠪᠡᠷ ᠪᠠᠭ᠎ᠠ ᠰᠦᠮ᠎ᠡ ᠪᠠᠶᠢᠭᠤᠯᠵᠣ ᠪᠠᠶᠢᠭᠠᠳ1922 ᠣᠨ ᠳᠤ ᠲᠠᠩᠭᠤᠳ ᠮᠠᠶᠠᠭ ᠤᠨ ᠲᠦᠷᠪᠡᠯᠵᠢᠨ ᠣᠷᠣᠢ ᠲᠠᠢ ᠪᠠᠭ᠎ᠠ ᠰᠦᠮ᠎ᠡ ᠪᠠᠶᠢᠭᠤᠯᠵᠣ᠂ ᠱᠠᠰᠢᠨ ᠤ ᠬᠡᠪ ᠤᠨ ᠠᠵᠢᠯ ᠢᠶᠠᠨ ᠰᠡᠷᠬᠦᠬᠡᠪᠡ᠃ ᠯᠣᠪᠰᠠᠩᠳᠠᠮᠪᠢ ᠱᠠᠪᠠᠷᠣᠩ᠂ ᠭᠠᠯᠰᠠᠩ ᠳ᠋ᠠ ᠯᠠᠮᠠ᠂ ᠴᠦᠢᠵᠢᠪᠠᠯᠳᠠᠨ ᠵᠡᠷᠬᠡ ᠯᠠᠮᠠ ᠨᠠᠷ ᠢᠶᠠᠨ ᠲᠠᠭᠠᠭᠤᠯᠣᠨ ᠮᠠᠯᠴᠢᠳ ᠠᠴᠠ ᠪᠠᠳᠢᠷ ᠪᠠᠷᠢᠵᠣ᠂ ᠮᠠᠯ ᠣᠨᠤᠭ᠎ᠠ᠂ ᠵᠣᠭᠤᠰ ᠮᠦᠩᠬᠦ ᠪᠠᠳᠢᠷᠠᠯᠵᠣ ᠣᠯᠣᠭᠰᠠᠨ ᠪᠠ ᠲᠦᠷᠦ ᠬᠦᠷᠣᠨ ᠤ ᠮᠦᠩᠬᠦ ᠵᠣᠭᠤᠰ᠂ ᠪᠠᠷᠢᠯᠭ᠎ᠠ ᠶᠢᠨ ᠮᠡᠷᠬᠡᠵᠢᠯᠳᠡᠨ ᠤ ᠲᠣᠰᠠᠯᠠᠮᠵᠢ ᠶᠢ ᠣᠯᠵᠣ᠂ ᠰᠦᠮ᠎ᠡ ᠪᠠᠨ ᠰᠡᠷᠬᠦᠬᠡᠨ ᠪᠠᠶᠢᠭᠤᠯᠬᠤ ᠠᠵᠢᠯ ᠢᠶᠠᠨ ᠡᠬᠢᠯᠡᠵᠣ ᠭᠤᠷᠪᠠᠨ ᠵᠢᠯ ᠤᠨ ᠬᠤᠭᠤᠴᠠᠭ᠎ᠠ ᠬᠡᠷᠡᠭᠯᠡᠨ᠂ ᠭᠤᠣᠯ ᠲᠣᠭᠠᠩ ᠬᠤᠶᠠᠷ ᠲᠠᠪᠠᠭ᠋ᠣᠷ᠂25 ᠲᠣᠯᠭᠠᠭᠤᠷᠢ ᠲᠠᠢ ᠡᠷᠳᠡᠨ ᠤ ᠮᠠᠶᠠᠭ ᠤᠨ ᠰᠦᠮ᠎ᠡ ᠶᠢᠨ ᠬᠡᠯᠪᠡᠷᠢ ᠪᠠᠷ ᠪᠠᠷᠢᠯᠭ᠎ᠠ ᠪᠠᠷᠢᠵᠣ᠂ ᠮᠠᠬᠠᠷᠠᠨᠽᠨ ᠶᠢᠨ ᠰᠦᠮ᠎ᠡ᠂ ᠭᠠᠨᠵᠣᠣᠷ ᠰᠦᠮ᠎ᠡ ᠵᠡᠷᠬᠡ ᠭᠤᠶᠣ ᠰᠠᠶᠢᠬᠠᠨ ᠬᠢᠴᠡ ᠲᠠᠢ ᠰᠢᠨ᠎ᠡ ᠰᠦᠮ᠎ᠡ ᠪᠠᠶᠢᠭᠤᠯᠣᠭᠳᠠᠪᠠ᠃ ᠡᠨᠡᠬᠦ ᠰᠢᠨ᠎ᠡ ᠪᠠᠷ ᠪᠠᠶᠢᠭᠤᠯᠣᠭᠰᠠᠨ ᠰᠦᠮ᠎ᠡ ᠪᠠᠨ ᠠᠳᠡᠬᠢ ᠶᠢᠨ ᠮᠣᠩᠭᠤᠯᠴᠣᠳ ᠭᠠᠵᠡᠷ ᠣᠰᠣᠨ ᠤ ᠨᠡᠷ᠎ᠡ ᠪᠠᠷ ︽ᠬᠦᠬᠦᠷᠬᠡ ᠰᠦᠮ᠎ᠡ︾ ᠬᠡᠵᠣ ᠨᠡᠷᠡᠯᠳᠡᠭ᠃ ᠮᠦᠨ ᠴᠦ ᠣᠣᠯ ᠤᠨ ᠡᠬᠦᠷᠢᠳᠡ ᠬᠠᠮᠭᠠᠯᠠᠭᠴᠢ ᠰᠦᠮ᠎ᠡ ᠪᠣᠯᠣᠨ᠎ᠠ᠃        1935 ᠣᠨ ︵ᠬᠦᠬᠡᠭᠴᠢᠨ ᠭᠠᠭ᠋ᠠᠢ ᠵᠢᠯ︶ ᠰᠦᠮ᠎ᠡ ᠶᠢᠨ ᠪᠦᠬᠦ ᠪᠠᠷᠢᠯᠭ᠎ᠠ ᠪᠠᠨ ᠬᠦᠢᠴᠢᠳᠬᠡᠵᠣ᠂ ᠰᠢᠨ᠎ᠡ ᠰᠦᠮ᠎ᠡ ᠪᠠᠶᠢᠭᠤᠯᠣᠭᠳᠠᠭᠰᠠᠨ ᠨᠠᠶᠢᠷ ᠢ ᠦᠪᠳᠡᠭᠰᠢ ᠶᠡᠭᠡ ᠪᠠᠷ ᠡᠷᠬᠢᠯᠡᠵᠣ᠂ ᠣᠯᠠᠨ ᠦᠭᠯᠢᠬᠡ ᠶᠢᠨ ᠡᠵᠡᠳ ᠬᠤᠷᠠᠨ ᠴᠣᠭᠯᠠᠷᠵᠣ᠂ ᠦᠭᠯᠢᠬᠡ ᠡᠷᠬᠦᠨ ᠮᠦᠷᠬᠦᠯ ᠬᠢᠵᠣ᠂ ᠪᠦᠬᠡ᠂ ᠮᠣᠷᠢᠨ ᠤ ᠣᠷᠣᠯᠳᠣᠭᠠᠨ ᠶᠠᠪᠣᠭᠤᠯᠣᠭᠰᠠᠨ ᠨᠢᠵᠢᠬᠡᠷ ᠨᠠᠶᠢᠷ ᠪᠣᠯᠪᠠ᠃        ᠭᠤᠷᠪᠠᠨ ᠬᠦᠷᠢᠶ᠎ᠡ ᠶᠢᠨ ᠠᠶᠢᠯ ᠤᠳ ᠰᠦᠮ᠎ᠡ ᠪᠠᠨ ᠲᠠᠭᠠᠵᠣ ᠬᠤᠶᠢᠰᠢ ᠪᠠᠨ ᠨᠡᠬᠦᠵᠣ ᠬᠤᠯᠠᠨ ᠰᠢᠷᠭ᠎ᠠ ᠲᠠᠭ᠎ᠠ ᠶᠢᠨ ᠡᠯᠡᠰᠦᠨ ᠤ ᠰᠢᠷᠭᠤᠭ᠎ᠠ ᠬᠦᠬᠦᠷᠬᠡ ᠬᠡᠳᠡᠭ ᠭᠠᠵᠡᠷ ᠢ ᠰᠣᠩᠭᠤᠵᠣ ᠰᠢᠨ᠎ᠡ ᠨᠣᠳᠤᠭ ᠰᠣᠯᠢᠵᠣ᠂ ᠬᠦᠬᠦᠷᠬᠡ ᠰᠦᠮ᠎ᠡ ᠶᠢᠨ ᠲᠣᠭᠤᠷᠢᠨ ᠳᠤ ᠨᠡᠬᠦᠳᠡᠯ ᠮᠠᠯᠵᠢᠯ ᠢᠶᠠᠨ ᠡᠷᠬᠢᠯᠡᠵᠣ᠂ ᠲᠣᠭᠳᠣᠭᠰᠠᠨ ᠴᠠᠭ ᠲᠠᠭᠠᠨ ᠰᠦᠮ᠎ᠡ ᠎ ᠳᠡᠭᠡᠨ ᠮᠦᠷᠬᠦᠯ ᠬᠢᠵᠣ᠂ ᠬᠤᠶᠠᠷ ᠬᠦᠦ ᠲᠠᠢ ᠪᠣᠯ ᠨᠢᠬᠡ ᠬᠦᠦ ᠪᠠᠨ ᠯᠠᠮᠠ ᠪᠣᠯᠭᠠᠵᠣ ᠡᠷᠳᠡᠮ ᠨᠣᠮ ᠰᠣᠷᠭᠠᠵᠣ᠂ ᠰᠢᠷ᠎ᠠ ᠶᠢᠨ ᠱᠠᠰᠢᠨᠳᠠᠨ ᠤ ᠰᠦᠰᠦᠭᠳᠡᠨ ᠬᠤᠸᠠᠷᠠᠭ ᠪᠣᠯᠭᠠᠳᠠᠭ ᠪᠠᠶᠢᠭᠰᠠᠨ ᠠᠴᠠ ᠬᠦᠬᠦᠷᠬᠡ ᠰᠦᠮ᠎ᠡ ᠶᠢᠨ ᠯᠠᠮ ᠬᠤᠸᠠᠷᠠᠭ ᠤᠨ ᠲᠤᠭ᠎ᠠ ᠵᠠᠭᠤ ᠢᠯᠡᠬᠦᠦ ᠪᠣᠯᠵᠣ ᠪᠠᠶᠢᠪᠠ᠃        ᠰᠦᠮ᠎ᠡ ᠳᠡᠭᠡᠨ ᠶᠡᠭᠡ ᠵᠢᠰᠠ᠂ ᠳ᠋ᠠᠷ᠎ᠠ ᠡᠬᠡ ᠶᠢᠨ ᠵᠢᠰᠠ᠂ ᠭᠠᠨᠵᠣᠣᠷ ᠵᠢᠰᠠ᠂ ᠴᠦᠢᠷᠸ᠎ᠠ ᠵᠢᠰᠠ᠂ ᠯᠠᠮᠠ ᠎ ᠶᠢᠨ ᠱᠠᠩ ᠬᠡᠵᠣ ᠪᠠᠶᠢᠪᠠ᠃ ᠶᠡᠭᠡ ᠵᠢᠰᠠ ᠬᠡᠳᠡᠭ ᠨᠢ ᠰᠦᠮ᠎ᠡ ᠶᠢᠨ ᠪᠦᠬᠦ ᠬᠡᠷᠡᠭᠰᠡᠯ ᠢ ᠬᠠᠩᠭᠠᠳᠠᠭ ᠪᠣᠯᠬᠤᠷ ᠮᠠᠯ ᠠᠷᠪᠢᠨ ᠪᠠᠶᠢᠪᠠ᠃ ᠦᠬᠡᠷ ᠲᠡᠷᠬᠡ ᠲᠦᠴᠢᠬᠡᠳ᠂ ᠬᠤᠶᠠᠷ ᠵᠠᠭᠤ ᠢᠯᠡᠬᠦᠦ ᠦᠬᠡᠷ᠂ ᠬᠤᠨᠢ ᠲᠠᠢ᠂ ᠪᠠᠰᠠ ᠰᠦᠷᠦᠭ ᠵᠶ᠋ᠠᠷ‌ᠠᠳᠣᠭᠤ ᠲᠠᠢ ᠪᠠᠶᠢᠵᠠᠢ᠃        ᠶᠢᠰᠦᠳᠦᠬᠡᠷ ᠲᠦᠷᠢ ᠶᠢᠨ ᠬᠤᠪᠢᠯᠭᠠᠨ ᠱᠠᠪᠠᠷᠣᠩ ᠨᠢ1867 ᠣᠨ ᠳᠤ ᠲᠦᠷᠦᠵᠣ᠂1873 ᠣᠨ ᠳᠤ ᠲᠣᠳᠣᠯᠠᠵᠣ ᠰᠦᠮ᠎ᠡ ᠳᠡᠭᠡᠨ ᠵᠠᠯᠠᠵᠣ ᠰᠠᠭᠤᠳᠠᠯ ᠳᠠᠭᠠᠨ ᠰᠠᠭᠤᠵᠠᠢ᠃1929 ᠣᠨ ᠳᠤ ᠶᠢᠰᠦᠳᠦᠬᠡᠷ ᠲᠦᠷᠢ ᠶᠢᠨ ᠪᠠᠨᠴᠢᠨᠡᠷᠳᠡᠨᠢ ᠬᠦᠬᠦᠷᠬᠡ ᠰᠦᠮ᠎ᠡ ᠳᠤ ᠮᠣᠷᠢᠯᠠᠨ ᠰᠠᠭᠠᠳᠠᠬᠤ ᠳᠤ ᠬᠦᠯᠢᠶᠡᠨ ᠠᠪᠠᠴᠣ ᠠᠭᠤᠯᠵᠢᠨ᠂ ᠲᠣᠰ ᠰᠦᠮ᠎ᠡ ᠎ ᠶᠢᠨ ᠪᠠᠶᠢᠳᠠᠯ ᠢ ᠠᠶᠢᠯᠠᠳᠬᠠᠬᠤ ᠳᠤ ᠮᠠᠰᠢ ᠶᠡᠭᠡ ᠪᠠᠶᠠᠷᠯᠠᠵᠣ᠂ ᠯᠣᠪᠰᠠᠩᠳᠠᠮᠪᠢ ᠱᠠᠪᠠᠷᠣᠩ ᠳᠤ ᠬᠠᠮᠪᠦ ᠵᠡᠷᠬᠡ ᠬᠠᠶᠢᠷᠠᠯᠵᠠᠢ᠃        ᠬᠦᠬᠦᠷᠬᠡ ᠰᠦᠮ᠎ᠡ ᠶᠢᠨ ᠬᠤᠪᠢᠯᠭᠠᠨ ᠱᠠᠪᠠᠷᠣᠩ ᠶᠢᠰᠦᠳᠦᠬᠡᠷ ᠲᠦᠷᠢ ᠪᠣᠯᠵᠣ᠂ ᠰᠢᠷ᠎ᠠ ᠲᠣᠷᠭᠠᠨ ᠲᠡᠬᠡᠷ᠎ᠡ ᠶᠢᠰᠦᠨ ᠲᠦᠷᠦᠯ ᠪᠣᠯᠵᠣ ᠪᠠᠶᠢᠭ᠎ᠠ ᠶᠢ ᠲᠣᠳᠣᠯᠣᠭᠰᠠᠨ ᠲᠦᠷᠦ ᠬᠦᠷᠦᠨ ᠤ ᠲᠠᠮᠭ᠎ᠠ ᠲᠠᠢ ᠪᠢᠴᠢᠭ ᠢ ᠲᠠᠬᠢᠵᠣ ᠪᠠᠶᠢᠵᠠᠢ᠃ ᠠᠷᠪᠠᠨ ᠲᠦᠷᠢ ᠬᠤᠪᠢᠯᠠᠪᠠᠯ ᠬᠡᠬᠡᠨ ᠬᠤᠪᠢᠯᠭᠠᠨ ᠪᠣᠯᠳᠠᠭ ᠬᠡᠨ᠎ᠡ᠃ ᠠᠷᠪᠠᠳᠣᠭᠠᠷ ᠲᠦᠷᠢ ᠶᠢᠨ ᠱᠠᠪᠠᠷᠣᠩ ᠬᠤᠪᠢᠯᠭᠠᠨ 1937 ᠣᠨ ᠳᠤ ᠲᠦᠷᠦᠵᠣ1943 ᠣᠨ ᠳᠤ ᠲᠣᠳᠣᠯᠵᠣ ᠬᠤᠪᠢᠯᠭᠠᠨ ᠱᠠᠪᠠᠷᠣᠩ ᠤᠨ ᠰᠢᠷᠬᠡᠨ ᠳᠤ ᠵᠠᠯᠠᠵᠣ ᠰᠠᠭᠤᠯᠭᠠᠵᠠᠢ᠃ ᠪᠠᠭ᠎ᠠ ᠶᠢᠨ ᠨᠡᠷ᠎ᠡ ᠨᠢ ᠶᠦᠩᠷᠦᠩᠳᠣᠷᠵᠢ᠂ ᠱᠠᠪᠠᠷᠣᠩ ᠤᠨ ᠰᠠᠬᠢᠯ ᠤᠨ ᠨᠡᠷ᠎ᠡ ᠨᠢ ᠵᠠᠮᠠᠶᠠᠨᠳᠠᠨᠽᠠᠨ ᠬᠡᠳᠡᠭ᠃        ᠬᠦᠬᠦᠷᠬᠡ ᠰᠦᠮ᠎ᠡ ᠠᠴᠠ ᠨᠡᠶᠢᠬᠡᠮ ᠤᠨ ᠰᠢᠨᠵᠢᠯᠡᠬᠦ ᠣᠬᠠᠭᠠᠨ ᠤ ᠡᠷᠳᠡᠮᠳᠡᠨ ᠬᠤᠸᠠᠷᠠᠭ ᠣᠯᠠᠨ ᠴᠣᠯᠠᠭᠠᠷᠠᠨ ᠭᠠᠷᠳᠠᠭ ᠪᠠᠶᠢᠵᠠᠢ᠃ ᠡᠬᠦᠨ ᠳᠤ ᠲᠣᠷᠠᠳᠣᠪᠠᠯ ᠴᠢᠮᠪᠢ ᡀᠠᠷᠠᠮᠪᠠ ᠬᠤᠷᠢᠨ ᠭᠤᠷᠪᠠᠨ ᠨᠠᠰᠣᠨ ᠳᠠᠭᠠᠨ ᠪᠠᠳᠭᠠᠷ ᠵᠣᠣ ᠶᠢᠨ ᠨᠡᠷᠡᠳᠣ ᠰᠦᠮ᠎ᠡ ᠳᠤ ᠠᠷᠪᠠᠨ ᠪᠣᠳᠢ ᠶᠢᠨ ᠷᠠᠪᠵᠠᠮᠪᠠ ᠴᠣᠯᠠ ᠬᠠᠮᠠᠭᠠᠯᠵᠣ᠂ ᠬᠤᠷᠢᠨ ᠲᠠᠪᠣᠨ ᠨᠠᠰᠣᠨ ᠳᠠᠭᠠᠨ ᠮᠦᠩᠬᠡ ᠵᠣᠣ ᠶᠢᠨ ᠰᠦᠮ᠎ᠡ ᠳᠤ ᠠᠭᠷᠠᠮᠪᠠ ᠴᠣᠯᠠ ᠬᠠᠮᠠᠭᠠᠯᠵᠣ ᠷᠦᠳᠠᠨ ᠷᠠᠰᠠᠩ ᠤᠨ ᠬᠡᠰᠬᠦᠢ ᠪᠣᠯᠵᠠᠢ᠃ ᠭᠤᠴᠢᠨ ᠬᠤᠶᠠᠷ ᠨᠠᠰᠣᠨ ᠳᠠᠭᠠᠨ ᠮᠦᠩᠬᠡ ᠵᠣᠣ ᠶᠢᠨ ᡀᠠᠷᠠᠮᠪᠠ ᠶᠢᠨ ᠰᠢᠯᠭᠠᠯᠳᠠ ᠳᠤ ᠲᠡᠷᠢᠬᠦᠨ ᠳᠤ ᠲᠣᠳᠣᠷᠠᠵᠣ ᠲᠠᠯᠠᠢ ᠯᠠᠮᠠ ᠠᠴᠠ ᠪᠣᠮᠠᠨ ᠠᠶᠣᠰᠢ ᠶᠢᠨ ᠰᠢᠳᠦᠬᠡᠨ ᠬᠦᠷᠳᠡᠵᠣ᠂ ᠲᠦᠮᠡᠨ ᠬᠤᠸᠠᠷᠠᠭ ᠤᠨ ᠽᠢᠨᠢᠳ ᠯᠠᠮᠠ ᠪᠣᠯᠵᠣ᠂ ᠱᠠᠰᠢᠨ ᠤ ᠲᠡᠬᠡᠳᠣ ᠰᠢᠷᠡᠬᠡᠨ ᠳᠤ ᠰᠠᠭᠠᠳᠠᠪᠠ᠃ ᠴᠢᠮᠪᠢ ᡀᠠᠷᠠᠮᠪᠠ ᠪᠣᠷᠬᠠᠨ ᠤ ᠭᠤᠣᠯ ᠣᠳᠬ᠎ᠠ ᠶᠢ ᠲᠠᠶᠢᠯᠪᠦᠷᠢᠯᠬᠤ ᠳᠠᠭᠠᠨ᠄ ︽ᠪᠣᠷᠬᠠᠨ ᠤ ᠭᠤᠣᠯ ᠶᠣᠰᠦ ᠪᠣᠯ ᠬᠦᠮᠦᠨ ᠲᠦᠷᠦᠯᠬᠡᠶᠢᠳᠡᠨ ᠢ ᠲᠦᠪ ᠴᠢᠭᠴᠢ ᠵᠦᠪ ᠵᠠᠮ ᠎ ᠳᠤ ᠣᠳᠣᠷᠢᠳᠣᠨ᠂ ᠬᠦᠮᠦᠨ ᠤ ᠰᠡᠳᠬᠢᠯ ᠰᠠᠨᠠᠭ᠎ᠠ ᠶᠢ ᠰᠠᠶᠢᠨ ᠵᠦᠭ ᠲᠤ ᠬᠦᠳᠡᠯᠬᠦ ᠳᠤ ᠪᠣᠢ᠃ ᠪᠣᠷᠬᠠᠨ ᠬᠡᠳᠡᠭ ᠪᠣᠯ ᠬᠡᠶᠢᠰᠪᠦᠷᠢ ᠶᠠᠭᠤᠮ᠎ᠠ ᠮᠦᠨ᠂ ᠪᠠᠶᠢᠨ᠎ᠠ ᠬᠡᠪᠡᠯ ᠪᠠᠶᠢᠨ᠎ᠠ᠂ ᠪᠠᠶᠢᠬᠤ ᠦᠬᠡᠢ ᠬᠡᠪᠡᠯ ᠪᠠᠶᠢᠬᠤ ᠦᠬᠡᠢ᠂ ᠲᠠᠬᠢᠵᠣ ᠰᠢᠳᠦᠪᠡᠯ ᠪᠣᠷᠬᠠᠨ᠂ ᠲᠠᠶᠠᠭᠳᠠᠵᠣ ᠬᠠᠶᠠᠪᠠᠯ ᠰᠢᠪᠠᠷ ᠲᠡᠳᠦᠢ︾ ᠬᠡᠵᠣ ᠬᠡᠯᠡᠳᠡᠭ᠃        ᠡᠷᠳᠡᠮᠳᠡᠨ ᠬᠤᠸᠠᠷᠠᠭ ᠠᠴᠠ ᠬᠡᠳᠦ ᠶᠢ ᠲᠣᠷᠠᠳᠣᠪᠠᠯ ᠪᠠᠳᠣ ᠷᠠᠪᠠᠵᠠᠮᠪᠠ᠂ ᠠᠭᠸᠠᠩ ᠳ᠋ᠠ ᠯᠠᠮᠠ᠂ ᠬᠦᠩᠰᠡᠨ ᠷᠠᠪᠠᠵᠠᠮᠪᠠ᠂ ᠰᠠᠮᠪᠣᠣ ᠷᠠᠪᠠᠵᠠᠮᠪᠠ᠂ ᠭᠠᠯᠰᠠᠩ ᠳ᠋ᠠ ᠯᠠᠮᠠ᠂ ᠬᠡᠯᠢᠭ ᠳ᠋ᠠ ᠯᠠᠮᠠ᠂ ᠭᠠᠯᠳᠠᠨ ᠳ᠋ᠠ ᠯᠠᠮᠠ ᠵᠡᠷᠬᠡ ᠪᠣᠢ᠃        ᠬᠦᠬᠦᠷᠬᠡ ᠰᠦᠮ᠎ᠡ ᠠᠴᠠ ᠮᠣᠩᠭᠤᠯ ᠠᠨᠠᠭᠠᠬᠤ ᠣᠬᠠᠭᠠᠨ ᠳᠤ ᠴᠠᠭᠠᠷᠠᠭᠰᠠᠨ ᠡᠮᠴᠢ ᠨᠡᠯᠢᠶᠡᠳ ᠣᠯᠠᠨ ᠭᠠᠷᠳᠠᠭ᠃ ᠫᠢᠯᠵᠡᠢ ᠳ᠋ᠠ ᠯᠠᠮᠠ᠂ ᠲᠣᠪᠤ᠂ ᠶᠣᠮᠵᠢᠳ᠂ ᠪᠢᠯᠢᠭ᠂ ᠭᠠᠯᠰᠠᠩ᠂ ᠭᠤᠮᠪᠣᠰᠡᠷᠡᠩ᠂ ᠰᠸᠧᠠᠨᠵᠠᠪ᠂ ᠵᠠᠯᠰᠠᠷᠠᠢ ᠂ ᠶᠦᠩᠷᠦᠩᠳᠣᠷᠵᠢ ᠵᠡᠷᠬᠡ ᠨᠡᠷᠡᠳᠣ ᠡᠮᠴᠢ ᠣᠷᠢᠳ ᠬᠤᠵᠢᠳ ᠴᠣᠯᠭᠤᠷᠠᠨ ᠭᠠᠷᠣᠪᠠ᠃        1945 ᠤᠨ ᠳᠤ ᠲᠦᠷᠦ ᠬᠦᠷᠦᠨ ᠬᠤᠪᠢᠰᠣᠯ ᠭᠠᠷᠴᠣ᠂ ᠴᠠᠭ ᠲᠦᠷᠦ ᠲᠠᠶᠢᠪᠣᠩ ᠪᠢᠰᠢ ᠪᠣᠯᠣᠭᠰᠠᠨ ᠎ ᠠᠴᠠ ᠯᠠᠮᠠ ᠨᠠᠷ ᠬᠦᠳᠡᠭᠡ ᠬᠡᠷ ᠲᠡᠭᠡᠨ ᠬᠠᠷᠢᠵᠣ᠂ ᠬᠦᠬᠦᠷᠬᠡ ᠰᠦᠮ᠎ᠡ ᠡᠵᠡᠨ ᠢᠶᠠᠨ ᠠᠯᠳᠠᠵᠣ ᠬᠤᠭᠤᠰᠣᠨ ᠰᠦᠮ᠎ᠡ ᠪᠣᠯᠪᠠ᠃1949 ᠣᠨ ᠳᠤ ᠪᠠᠷᠠᠭᠤᠨ ᠠᠷᠣ ᠨᠣᠳᠤᠭ ᠤᠨ ᠰᠠᠯᠪᠦᠷᠢ ᠬᠠᠩᠭᠠᠨ ᠪᠣᠷᠣᠯᠭᠤᠯᠬᠤ ᠬᠤᠷᠰᠢᠶ᠎ᠠ ᠭᠤᠣᠯ ᠬᠡᠷ ᠪᠠᠷᠢᠯᠭ᠎ᠠ ᠶᠢ ᠠᠰᠢᠭᠯᠠᠨ ᠬᠡᠷᠡᠭᠯᠡᠵᠣ᠂ ᠮᠠᠨᠢ ᠶᠢᠨ ᠵᠢᠰᠠ ᠶᠢᠨ ᠬᠡᠷ ᠢ1950 ᠣᠨ ᠳᠤ ᠰᠡᠯᠪᠡᠨ ᠵᠠᠰᠠᠵᠣ ᠬᠦᠬᠦᠷᠬᠡ ᠪᠠᠭ᠎ᠠ ᠰᠣᠷᠭᠠᠭᠤᠯᠢ ᠶᠢᠨ ᠬᠡᠷ ᠪᠣᠯᠭᠠᠪᠠ᠃1958 ᠣᠨ ᠳᠤ ᠬᠠᠭᠤᠴᠢᠨ ᠰᠦᠮ᠎ᠡ ᠶᠢᠨ ᠬᠡᠷ ᠢ ᠪᠦᠬᠦᠨ ᠢ ᠡᠪᠳᠡᠵᠣ ᠰᠣᠮᠣ ᠪᠠᠶᠢᠭᠤᠯᠬᠤ ᠬᠡᠷ ᠲᠤ ᠬᠡᠷᠡᠭᠯᠡᠪᠡ᠃ ᠣᠳᠣ ᠨᠡᠷ᠎ᠡ ᠨᠢ ᠲᠡᠣᠬᠡᠨ ᠳᠤ ᠲᠡᠮᠳᠡᠭᠯᠡᠬᠦ ᠪᠣᠯᠪᠠ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号