ᠭᠤᠸᠠᠨ ᠶᠣᠸᠠᠢ ᠮᠢᠶᠤᠤ ᠬᠡᠶᠢᠳ
ᠨᠡᠶᠢᠲᠡᠯᠡᠭᠰᠡᠨ ᠴᠠᠭ᠄
2018/11/30
      ᠬᠡᠰᠢᠭᠳᠡᠨ ᠬᠤᠰᠢᠭᠤᠨ ᠤ ᠪᠢᠷᠠᠭᠤ ᠳᠠᠬᠢ ᠭᠤᠸᠠᠨ ᠶᠣᠸᠠᠢ ᠮᠢᠶᠤᠤ ᠬᠡᠶᠢᠳ ᠨᠢ ᠪᠢᠷᠠᠭᠤ ᠭᠤᠤᠯ ᠤᠨ ᠬᠦᠪᠡᠭᠡ᠂ ᠤᠪᠤᠭ᠎ᠠ ᠠᠭᠤᠯᠠ ᠶᠢᠨ ᠡᠩᠭᠡᠷ ᠲᠤ ᠪᠠᠶᠢᠷᠢᠰᠢᠵᠤ᠂ ᠬᠢᠳᠠᠳ ᠤᠯᠠᠮᠵᠢᠯᠠᠯᠳᠤ ᠪᠤᠷᠬᠠᠨ ᠤ ᠱᠠᠰᠢᠨ ᠤ ᠰᠦᠮ᠎ᠡ ᠪᠤᠯᠬᠤ ᠶᠤᠮ᠃ ᠲᠤᠰ ᠰᠦᠮ᠎ᠡ ᠶᠢ ᠮᠤᠩᠭᠤᠯᠴᠤᠳ ᠪᠠᠰᠠ ᠭᠡᠰᠡᠷ ᠤᠨ ᠰᠦᠮ᠎ᠡ ᠭᠡᠳᠡᠭ᠃ ᠲᠡᠭᠷᠢ ᠶᠢᠨ ᠲᠡᠳᠭᠦᠭᠰᠡᠨ ᠬᠠᠭᠠᠨ ᠤ ᠦᠶ᠎ᠡ ᠳᠤ ᠡᠬᠢᠯᠡᠨ ᠪᠠᠶᠢᠭᠤᠯᠵᠤ᠂ ᠬᠠᠮᠤᠭ ᠡᠬᠢᠨ ᠳᠡᠭᠡᠨ ᠲᠠᠪᠤᠨ ᠶᠡᠭᠡ ᠴᠤᠭᠴᠢᠨ ᠲᠤᠭᠠᠩ ᠎ ᠲᠠᠢ ᠰᠦᠮ᠎ᠡ ᠪᠠᠶᠢᠪᠠ᠃ ᠲᠦᠷᠦ ᠭᠡᠷᠡᠯᠳᠤ ᠶᠢᠨ ᠠᠷᠪᠠᠨ ᠨᠠᠢᠮᠠᠳᠤᠭᠠᠷ ︵1892︶ ᠤᠨ ᠳᠤ  ᠭᠤᠸᠠᠨ ᠶᠦᠸᠧ ᠮᠢᠶᠤᠤ ᠬᠡᠶᠢᠳ ᠨᠢ ᠦᠶᠡᠷ ᠲᠤ ᠠᠪᠳᠠᠭᠳᠠᠨ ᠡᠪᠳᠡᠷᠡᠵᠤ᠂ ᠲᠦᠷᠦ ᠭᠡᠷᠡᠯᠳᠤ ᠶᠢᠨ ᠬᠤᠷᠢᠨ ᠨᠠᠢᠮᠠᠳᠤᠭᠠᠷ ︵1902 ︶ ᠤᠨ ᠳᠤ ᠲᠠᠬᠢᠨᠳᠠ ᠵᠠᠰᠠᠭᠰᠠᠨ ᠶᠤᠮ᠃ ᠡᠭᠦᠨ ᠳᠤ ᠪᠢᠷᠠᠭᠤ ᠳᠠᠬᠢ ᠲᠤᠬᠠᠢ ᠶᠢᠨ ᠦᠶ᠎ᠡ ᠶᠢᠨ ᠬᠡᠳᠤᠨ ᠲᠤᠮᠤ ᠬᠤᠳᠠᠯᠳᠤᠭᠠᠴᠢᠨ ᠪᠡᠯᠡ ᠴᠤᠭᠯᠠᠭᠤᠯᠤᠨ᠂ ᠲᠦᠮᠡᠨ ᠯᠠᠩ ᠤᠨ ᠮᠦᠩᠬᠦ ᠢᠪᠡᠭᠡᠨ ᠲᠡᠳᠬᠦᠵᠤ᠂ ᠲᠤᠰ ᠰᠦᠮ᠎ᠡ ᠪᠠᠨ ᠲᠠᠬᠢᠨᠳᠠ ᠰᠢᠨᠡᠳᠬᠡᠨ ᠵᠠᠰᠠᠭᠠᠳ ᠲᠦᠷᠦ ᠭᠡᠷᠡᠯᠳᠤ ᠶᠢᠨ ᠭᠤᠴᠢᠨ ᠭᠤᠷᠪᠠᠳᠤᠭᠠᠷ ︵1907︶ ᠤᠨ ᠳᠤ ᠪᠠᠷᠢᠯᠭ᠎ᠠ ᠳᠠᠭᠤᠰᠤᠭᠰᠠᠨ ᠪᠠᠶᠢᠨ᠎ᠠ᠃               ᠪᠢᠷᠠᠭᠤ ᠳᠠᠬᠢ ᠭᠤᠸᠠᠨ ᠶᠣᠸᠠᠢ ᠮᠢᠶᠤᠤ ᠬᠡᠶᠢᠳ ᠪᠤᠯ ᠤᠷᠳᠤ ᠤᠳᠠᠭᠠᠨ ᠲᠡᠤᠬᠡᠨ ᠤᠯᠠ ᠮᠦᠷ ᠲᠠᠢ᠂ ᠦᠨᠡᠳᠤ ᠬᠤᠪᠤᠷ ᠰᠤᠶᠤᠯ ᠤᠨ ᠦᠯᠡᠳᠡᠭᠳᠡᠯ ᠲᠠᠢ ᠪᠠᠷᠢᠯᠭ᠎ᠠ ᠪᠤᠯᠬᠤ ᠶᠤᠮ᠃ ᠡᠨᠡᠬᠦ ᠰᠦᠮ᠎ᠡ ᠶᠢᠨ ᠪᠠᠷᠢᠯᠭ᠎ᠠ ᠨᠢ ᠦᠨᠳᠤᠰᠤᠳᠡᠨ ᠤ ᠤᠨᠴᠠᠯᠢᠭ ᠢ ᠪᠦᠷᠢᠨ ᠬᠠᠳᠠᠭᠠᠯᠠᠭᠰᠠᠨ ᠮᠦᠷᠳᠡᠭᠡᠨ ᠱᠠᠰᠢᠨ ᠰᠢᠳᠤᠯᠭᠡ ᠶᠢᠨ ᠰᠢᠨᠵᠢ ᠬᠡᠯᠪᠡᠷᠢ ᠴᠤ ᠪᠦᠷᠢᠨ ᠪᠠᠶᠢᠳᠠᠭ᠃ ᠪᠦᠳᠦᠴᠡ ᠴᠤᠭᠴᠠ ᠨᠢ ᠰᠦᠷᠯᠢᠭ᠂ ᠬᠡᠪ ᠬᠡᠯᠪᠡᠷᠢ ᠭᠤᠶᠢᠳᠠ ᠰᠠᠶᠢᠬᠠᠨ᠂ ᠱᠤᠭᠤᠮᠠᠯ ᠬᠦᠷᠦᠭ ᠎ ᠨᠢ ᠬᠡᠪ ᠨᠠᠮᠪᠠᠭ᠎ᠠ ᠲᠠᠢ ᠬᠠᠨᠠᠨ ᠵᠢᠷᠤᠭ ᠨᠢ ᠦᠪᠡᠷᠮᠢᠴᠡ ᠪᠠᠶᠢᠵᠤ᠂ ᠬᠡᠰᠢᠭᠳᠡᠨ ᠬᠤᠰᠢᠭᠤᠨ ᠤ ᠦᠨᠳᠤᠰᠤᠳᠡᠨ ᠤ ᠱᠠᠰᠢᠨ ᠰᠢᠳᠤᠯᠭᠡ ᠶᠢᠨ ᠬᠦᠳᠡᠯᠭᠡᠨ ᠤ ᠭᠤᠤᠯ ᠰᠦᠮ᠎ᠡ ᠪᠤᠯᠬᠤ ᠶᠤᠮ᠃ ᠭᠡᠪᠡᠴᠤ ︽ᠰᠤᠶᠤᠯ ᠤᠨ ᠬᠤᠪᠢᠰᠬᠠᠯ︾᠎ ᠤᠨ ᠰᠠᠮᠠᠭᠤᠷᠠᠯ ᠳᠤᠮᠳᠠ ᠲᠤᠰ ᠰᠦᠮ᠎ᠡ ᠬᠦᠨᠳᠤ ᠨᠤᠴᠢᠳᠠᠢ ᠡᠪᠳᠡᠭᠳᠡᠨ᠂ ᠤᠳᠠᠭᠠᠨ ᠵᠢᠯ ᠰᠡᠯᠪᠢᠨ ᠵᠠᠰᠠᠭᠰᠠᠨ ᠦᠭᠡᠢ ᠠᠴᠠ ᠢᠳᠡᠭ ᠢᠳᠡᠭ ᠢᠶᠠᠷ ᠦᠷᠭᠡᠨ ᠤᠯᠠᠨ ᠱᠠᠰᠢᠨ ᠰᠢᠳᠤᠯᠭᠡᠴᠢᠳ ᠠᠴᠠ ᠰᠠᠯᠤᠨ ᠵᠠᠶᠢᠳᠠᠵᠤ᠂ ᠦᠪᠡᠷᠮᠢᠴᠡ ᠵᠠᠩ ᠤᠶᠢᠯᠡ ᠪᠠᠨ ᠠᠯᠳᠠᠭᠰᠠᠨ ᠪᠠᠶᠢᠨ᠎ᠠ᠃               ᠦᠭᠡᠷᠡᠴᠢᠯᠡᠯᠳᠡ ᠬᠢᠵᠤ ᠴᠢᠯᠤᠭᠡᠳᠠᠢ ᠶᠠᠪᠤᠯᠴᠠᠭᠰᠠᠨ ᠠᠴᠠ ᠨᠠᠰᠢ ᠨᠠᠮ ᠤᠨ ᠱᠠᠰᠢᠨ ᠰᠤᠷᠳᠠᠬᠤᠨ ᠴᠢᠯᠤᠭᠡᠳᠠᠢ ᠪᠠᠶᠢᠬᠤ ᠲᠦᠷᠦ ᠶᠢᠨ ᠪᠤᠳᠤᠯᠭ᠎ᠠ ᠶᠢᠨ ᠲᠤᠤᠱᠯᠠᠭᠤᠯᠤᠯ ᠲᠤᠤᠷ᠎ᠠ᠂ ᠮᠦᠨᠴᠦ ᠨᠡᠶᠢᠭᠡᠮ ᠤᠨ ᠡᠯ᠎ᠡ ᠡᠳᠡᠭᠡᠳ ᠪᠠ ᠰᠢᠳᠤᠯᠭᠡ ᠪᠢᠰᠢᠷᠡᠯᠴᠢᠳ ᠤᠨ ᠢᠳᠡᠪᠬᠢᠳᠡᠢ ᠴᠢᠷᠮᠠᠶᠢᠯᠭ᠎ᠠ ᠪᠠᠷ ᠲᠠᠮᠵᠢᠨ ᠭᠤᠸᠠᠨ ᠶᠦᠸᠧ ᠮᠢᠶᠤᠤ ᠬᠡᠶᠢᠳ ᠤᠨ ᠱᠠᠰᠢᠨ ᠰᠤᠷᠳᠠᠬᠤᠨ ᠤ ᠠᠵᠢᠯᠯᠠᠭ᠎ᠠ ᠶᠢ ᠲᠠᠬᠢᠨ ᠰᠡᠷᠭᠦᠬᠡᠬᠦ ᠪᠠᠷ ᠪᠤᠯᠤᠭᠰᠠᠨ ᠪᠠᠶᠢᠨ᠎ᠠ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号