| | | ᠤᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤᠨ ᠤ ᠪᠠᠶᠠᠨᠭᠤᠤᠯ ᠰᠤᠮᠤᠨ ᠤ ᠴᠠᠭᠠᠨ ᠤᠪᠤᠭ᠎ᠠ ᠭᠠᠴᠠᠭ᠎ᠠ | ᠶᠢᠨ ᠵᠤᠰᠠᠯᠠᠩ ᠳᠤ ᠪᠠᠶᠢᠵᠤ᠂ ᠬᠡᠰᠢᠭᠳᠡᠨ ᠬᠤᠰᠢᠭᠤᠨ ᠤ ᠳᠠᠪᠤᠳᠤᠭᠠᠷ ᠰᠦᠮ᠎ᠡ ᠪᠤᠯᠤᠨ᠎ᠠ᠃ ᠴᠢᠩ ᠤᠯᠤᠰ ᠤᠨ | ᠳᠦᠷᠦ ᠬᠡᠷᠡᠯᠳᠤ ᠶᠢᠨ ᠦᠶ᠎ᠡ ᠳᠤ᠂ ᠬᠡᠰᠢᠭᠳᠡᠨ ᠬᠤᠰᠢᠭᠤᠨ ᠤ ᠨᠠᠢᠮᠠᠳᠤᠭᠠᠷ ᠦᠶ᠎ᠡ ᠶᠢᠨ ᠵᠠᠰᠠᠭ ᠨᠤᠶᠠᠨ ᠪᠠᠮᠠᠯᠭᠠᠷᠤᠳᠢ | ᠶᠢᠨ ᠦᠶ᠎ᠡ ᠳᠤ ᠤᠯᠠᠭᠠᠬᠠᠷᠬᠢ᠂ ᠤᠤᠳᠤᠬᠤᠢ ᠶᠢᠨ ᠮᠠᠯᠴᠢᠳ ᠬᠦᠳᠡᠯᠦᠯᠴᠡᠨ ᠬᠤᠰᠢᠭᠤᠨ ᠤ ᠪᠠᠨ ᠵᠡᠬᠦᠨ ᠬᠤᠶᠢᠳᠤ | ᠬᠢᠯᠢ ᠶᠢᠨ ᠠᠭᠳᠠᠷᠭᠠᠨ ᠨᠠᠭᠤᠷ ᠤᠨ ᠪᠠᠷᠠᠭᠤᠨ ᠳᠡᠨᠵᠢᠨ ᠳᠡᠬᠡᠷ᠎ᠡ ᠬᠠᠪᠳᠠᠰᠤ ᠮᠤᠳᠤ ᠪᠠᠷ ᠭᠤᠷᠪᠠᠨ ᠳᠠᠰᠤᠯᠭ᠎ᠠ | ᠳᠤᠭᠠᠩ ᠰᠢᠭ᠋ ᠪᠠᠷᠢᠯᠭ᠎ᠠ ᠪᠤᠰᠬᠠᠵᠤ᠂ ᠠᠶᠢᠮᠠᠭ ᠤᠰᠤᠨ ᠠᠴᠠ ᠪᠠᠨ ᠰᠢᠬᠦᠷ ᠬᠡᠳᠡᠭ ᠬᠦᠮᠦᠨ ᠢ ᠰᠤᠯᠠ ᠳᠡᠷᠢᠬᠦᠨ | ᠯᠠᠮᠠ ᠪᠠᠷ ᠵᠠᠯᠠᠭᠠᠳ᠂ ᠳᠤᠭᠳᠠᠮᠠᠯ ᠪᠤᠰᠤ ᠬᠤᠭᠤᠴᠠᠭ᠎ᠠ ᠲᠠᠢ ᠨᠤᠮ ᠬᠤᠷᠠᠵᠤ ᠪᠠᠶᠢᠵᠠᠢ᠃ ᠳᠡᠬᠡᠬᠡᠳ ᠠᠶᠢᠮᠠᠭ | ᠤᠰᠤᠨ ᠠᠴᠠ ᠪᠠᠨ ᠠᠷᠪᠠᠨ ᠵᠢᠷᠭᠤᠭᠠᠨ ᠨᠠᠰᠤᠳᠠᠢ ᠳᠤᠩᠬᠢᠷᠤᠪ ᠬᠡᠳᠡᠭ ᠵᠠᠯᠠᠭᠤ ᠶᠢ ᠱᠠᠪᠢ ᠪᠤᠯᠭᠠᠨ ᠨᠤᠮ ᠰᠤᠳᠤᠷ | ᠰᠤᠷᠭᠠᠭᠠᠳ ᠳ᠋ᠠ ᠯᠠᠮᠠ ᠪᠤᠯᠭᠠᠵᠠᠢ᠃ ᠳᠤᠩᠬᠢᠷᠤᠪ ᠳ᠋ᠠ ᠯᠠᠮᠠ ᠪᠤᠯᠤᠭᠰᠠᠨ ᠳᠠᠷᠠᠭ᠎ᠠ᠂ ᠠᠷᠪᠠᠨ ᠳᠠᠪᠤᠨ ᠪᠠᠭᠠᠨ᠎ᠠ | ᠪᠦᠬᠦᠢ ᠪᠠᠭ᠎ᠠ ᠬᠡᠮᠵᠢᠶᠡᠨ ᠤ ᠳᠤᠭᠠᠩ ᠢ ᠪᠠᠶᠢᠭᠤᠯᠵᠤ᠂ ᠳᠤᠰ ᠰᠦᠮ᠎ᠡ ᠳᠡᠭᠡᠨ ᠳᠠᠪᠤᠨ ᠬᠡᠷᠬᠡᠮᠳᠡᠨ ᠢ ᠪᠦᠷᠢᠳᠦᠬᠦᠯᠵᠤ᠂ | ᠬᠤᠷᠢᠨ ᠳᠠᠪᠤᠨ ᠳᠦᠳᠢᠷᠠ ᠲᠠᠢ ᠪᠤᠯᠵᠠᠢ᠃ | ᠵᠠᠰᠠᠭ ᠨᠤᠶᠠᠨ ᠪᠠᠮᠠᠯᠭᠠᠷᠤᠳᠢ ᠳᠤᠰ ᠰᠦᠮ᠎ᠡ ᠶᠢ ᠬᠤᠰᠢᠭᠤᠨ ᠤ ᠰᠦᠮ᠎ᠡ ᠶᠢᠨ ᠳᠤᠭᠠᠨ ᠳᠤ ᠤᠷᠤᠭᠤᠯᠵᠤ᠂ | ᠮᠢᠰᠠᠩ ᠰᠦᠮ᠎ᠡ ︵米僧庙᠂ ᠠᠷᠪᠠᠨ ᠬᠤᠢ ᠨᠡᠶᠢᠯᠡᠭᠰᠡᠨ︶ ᠬᠡᠵᠤ ᠵᠢᠩᠬᠢᠨᠢ ᠪᠠᠷ ᠨᠡᠷᠡᠯᠡᠬᠡᠳ᠂ ᠪᠢᠷᠠᠭᠤ | ᠳᠠᠬᠢ ᠴᠠᠭᠠᠨ ᠰᠢᠬᠦᠷᠳᠤ ᠰᠦᠮ᠎ᠡ ᠶᠢᠨ ᠡᠵᠡᠨ ᠯᠠᠮᠠ ᠶᠢ ᠵᠠᠯᠠᠵᠤ ᠵᠠᠬᠢᠷᠤᠭᠤᠯᠵᠠᠢ᠃ ᠮᠢᠰᠠᠩ ᠰᠦᠮ᠎ᠡ ᠶᠢᠨ ᠭᠤᠤᠯ | ᠰᠠᠬᠢᠭᠤᠯᠰᠤᠨ ᠨᠢ ᠭᠤᠮᠪᠤ ᠪᠤᠷᠬᠠᠨ ᠪᠤᠯᠤᠨ᠎ᠠ᠃ ᠰᠦᠮ᠎ᠡ ᠶᠢᠨ ᠡᠵᠡᠨ ᠯᠠᠮᠠ ᠨᠢ ᠳᠦᠷᠪᠡᠨ ᠳᠦᠷᠦᠯ ᠬᠠᠯᠠᠵᠤ᠂ | ᠳᠦᠷᠪᠡᠳᠦᠬᠡᠷ ᠳᠦᠷᠢ ᠶᠢᠨ ᠬᠤᠪᠢᠯᠭᠠᠨ ᠴᠠᠩᠴᠢᠪᠳᠠᠮᠪᠢᠨᠢᠮᠠ ᠯᠠᠮᠠ1947 ᠤᠨ ᠳᠤ ᠳᠦᠷᠢ ᠬᠠᠯᠠᠭᠳᠠᠵᠠᠢ᠃ | | ᠮᠢᠰᠠᠩ ᠰᠦᠮ᠎ᠡ ᠶᠢᠨ ᠶᠡᠭᠡ ᠪᠠᠷ ᠬᠦᠭᠵᠢᠭᠰᠡᠨ ᠪᠤᠯ ᠠᠨᠠᠪᠠᠳ ᠳ᠋ᠠ ᠯᠠᠮᠠ ᠶᠢᠨ ᠦᠶ᠎ᠡ ᠪᠤᠯᠤᠨ᠎ᠠ᠃ ᠤᠳᠤ | ᠠᠴᠠ ᠪᠠᠷᠤᠭ ᠶᠡᠷᠡᠬᠡᠳ ᠵᠢᠯ ᠤᠨ ᠡᠮᠦᠨ᠎ᠡ᠂ ᠠᠨᠠᠪᠠᠳ ᠳ᠋ᠠ ᠯᠠᠮᠠ ᠰᠦᠮ᠎ᠡ ᠠᠴᠠ ᠪᠠᠨ ᠯᠠᠮᠠ ᠳᠤᠮᠢᠯᠠᠨ ᠪᠠᠳᠢᠷ | ᠪᠠᠷᠢᠭᠤᠯᠵᠤ᠂ ᠪᠠᠶᠠᠳ ᠨᠤᠶᠠᠳ᠂ ᠮᠠᠯᠴᠢᠨ ᠠᠷᠠᠳ ᠢ ᠳᠠᠶᠢᠴᠢᠯᠠᠨ ᠶᠡᠭᠡ ᠬᠦᠷᠢᠶ᠎ᠡ ︵ᠤᠯᠠᠭᠠᠨᠪᠠᠭᠠᠳᠤᠷ︶ ᠠᠴᠠ | ᠰᠦᠮ᠎ᠡ ᠪᠠᠶᠢᠭᠤᠯᠬᠤ ᠳᠤ ᠬᠡᠷᠡᠭᠰᠡᠬᠦ ᠮᠤᠳᠤᠨ ᠮᠠᠲ᠋ᠧᠷᠢᠶᠠᠯ ᠳᠡᠬᠡᠬᠡᠪᠦᠷᠢᠯᠡᠨ ᠠᠪᠴᠢᠷᠠᠵᠤ᠂ ᠤᠤᠯ ᠤᠨ ᠰᠦᠮ᠎ᠡ ᠶᠢᠨ | ᠢᠶᠠᠨ ᠬᠠᠵᠠᠭᠤ ᠳᠠᠯ᠎ᠠ ᠳᠤ ᠬᠤᠷᠢᠨ ᠳᠠᠪᠤᠨ ᠪᠠᠭᠠᠨ᠎ᠠ ᠲᠠᠢ ᠬᠤᠶᠠᠷ ᠳᠠᠪᠬᠤᠷᠯᠢᠭ ᠳᠤᠭᠠᠩ ᠪᠠᠶᠢᠭᠤᠯᠵᠠᠢ᠃ | ᠢᠩᠬᠢᠬᠡᠳ ᠰᠦᠮ᠎ᠡ ᠶᠢᠨ ᠡᠵᠡᠨ ᠯᠠᠮᠠ ᠶᠢᠨ ᠰᠠᠩ᠂ ᠰᠦᠮ᠎ᠡ ᠶᠢᠨ ᠶᠡᠭᠡ ᠰᠠᠩ ᠬᠡᠮᠡᠨ ᠬᠤᠶᠠᠷ ᠶᠡᠭᠡ ᠰᠠᠩ ᠪᠠ | ᠶᠢᠰᠦᠨ ᠵᠢᠰᠠ ᠲᠠᠢ ᠪᠠᠶᠢᠵᠠᠢ᠃ ᠳᠤᠰ ᠰᠦᠮ᠎ᠡ ᠨᠢ ᠬᠦᠭᠵᠢᠨ ᠮᠠᠨᠳᠤᠵᠤ ᠪᠠᠶᠢᠭᠰᠠᠨ ᠦᠶ᠎ᠡ ᠳᠡᠭᠡᠨ ᠬᠤᠶᠠᠷ ᠵᠠᠭᠤ | ᠰᠢᠬᠠᠮ ᠯᠠᠮᠠ ᠬᠤᠸᠠᠷᠠᠭ ᠲᠠᠢ ᠪᠠᠶᠢᠭᠰᠠᠨ ᠪᠦᠬᠡᠳ ᠡᠩᠬᠡ ᠡᠷᠳᠡᠮᠳᠤ ᠶᠢᠨ ᠳᠦᠷᠪᠡᠳᠦᠬᠡᠷ ᠤᠨ ︵1937︶ ᠳᠤ | ᠨᠠᠶᠠᠨ ᠬᠤᠶᠠᠷ ᠯᠠᠮᠠ ᠲᠠᠢ ᠪᠠᠶᠢᠵᠠᠢ᠃ | 1913 ᠤᠨ ᠳᠤ ᠬᠠᠷ᠎ᠠ ᠴᠡᠷᠢᠭ ᠳᠤᠰ ᠰᠦᠮ᠎ᠡ ᠶᠢ ᠭᠠᠯᠳᠠᠨ ᠰᠢᠳᠠᠭᠠᠬᠤ ᠬᠡᠰᠡᠨ ᠪᠤᠯᠪᠠᠴᠤ ᠨᠢᠬᠡᠨ | ᠢᠨᠢᠶᠡᠳᠦᠮ ᠱᠤᠭ ᠲᠠᠢ ᠤᠴᠢᠷ ᠠᠴᠠ ᠪᠤᠯᠤᠭᠠᠳ ᠰᠢᠳᠠᠭᠠᠭᠳᠠᠭᠰᠠᠨ ᠦᠬᠡᠢ ᠪᠠᠶᠢᠯ᠎ᠠ᠃ ᠬᠠᠷ᠎ᠠ ᠴᠡᠷᠢᠭ ᠤᠨ | ᠳᠦᠷᠦᠬᠦᠦ ᠳᠤᠬᠠᠢ ᠶᠢᠨ ᠭᠠᠵᠠᠷ ᠤᠨ ᠬᠦᠮᠦᠨ ᠠᠴᠠ ︿︿ᠡᠨ᠋ᠨ ᠶᠠᠮᠠᠷ ᠰᠦᠮ᠎ᠡ ᠪᠤᠢ﹀﹀ ᠬᠡᠵᠤ ᠠᠰᠠᠭᠤᠭᠰᠠᠨ ᠳᠤ᠂ | ᠳᠡᠷᠡ ᠬᠦᠮᠦᠨ ᠨᠢ᠄ ︿︿ᠮᠢ ᠱᠧᠩ ᠮᠢᠶᠤᠤ﹀﹀ ᠬᠡᠵᠤ ᠬᠠᠷᠢᠭᠤᠯᠤᠭᠰᠠᠨ ᠬᠡᠨ᠎ᠡ᠃ ᠳᠡᠬᠡᠬᠦ ᠳᠤ ᠮᠢ ᠵᠧᠨ ᠪᠢᠶᠤᠤ᠄ | ︿︿ᠡᠨ᠋ᠨ ᠰᠦᠮ᠎ᠡ ᠮᠢᠨᠤ ᠤᠪᠤᠭ ᠢ ᠳᠡᠷᠢᠬᠦᠨ ᠳᠡᠭᠡᠨ ᠤᠷᠤᠭᠤᠯᠤᠭᠰᠠᠨ ᠳᠤᠯᠠ ᠡᠬᠦᠨ ᠢ ᠭᠠᠯᠳᠠᠵᠤ ᠪᠤᠯᠬᠤ ᠦᠬᠡᠢ﹀ | ﹀ ᠬᠡᠮᠡᠨ ᠵᠠᠷᠯᠢᠭ ᠪᠠᠭᠤᠯᠭᠠᠨ ᠬᠤᠷᠢᠭᠯᠠᠨ ᠵᠤᠭᠰᠤᠭᠠᠭᠰᠠᠨ ᠬᠡᠨ᠎ᠡ ᠬᠡᠵᠤ ᠳᠤᠬᠠᠢ ᠶᠢᠨ ᠦᠶ᠎ᠡ ᠳᠤ ᠨᠢᠳᠤ ᠪᠠᠷ ᠢᠶᠠᠨ | ᠦᠵᠡᠵᠤ᠂ ᠪᠡᠶ᠎ᠡ ᠪᠠᠷ ᠢᠶᠠᠨ ᠦᠩᠬᠡᠷᠡᠬᠡᠭᠰᠡᠨ ᠨᠠᠰᠤᠳᠠᠶᠢᠴᠤᠳ ᠶᠠᠷᠢᠳᠠᠭ ᠶᠤᠮ᠃ 1945 ᠤᠨ ᠤ 8 ᠰᠠᠷ᠎ᠠ ᠳᠤ | ᠳᠤᠰ ᠰᠦᠮ᠎ᠡ ᠶᠢᠨ ᠯᠠᠮᠠ ᠬᠤᠸᠠᠷᠠᠭ ᠵᠦᠪᠯᠡᠯᠳᠤ ᠮᠤᠩᠭᠤᠯ ᠤᠨ ᠤᠯᠠᠭᠠᠨ ᠠᠷᠮᠢ ᠠᠴᠠ ᠳᠦᠷᠪᠡᠵᠤ ᠳᠤᠳᠠᠭᠠᠭᠰᠠᠨ | ᠳᠤᠬᠢᠶᠠᠯ ᠢᠶᠠᠷ ᠳᠠᠪᠠᠭᠠᠨ ᠡᠩᠬᠡᠷ ᠤᠨ ︵ᠲᠢᠶᠠᠨ ᠾᠧ ᠶᠤᠸᠠᠨ᠂ ᠮᠤᠰᠬᠢᠭᠤ ᠰᠢᠶᠠᠩ︶ ᠳᠠᠷᠢᠶᠠᠴᠢᠳ ᠰᠦᠮ᠎ᠡ ᠶᠢ | ᠨᠤᠷᠠᠭᠠᠵᠠᠢ᠃ | 1987 ᠤᠨ ᠳᠤ᠂ ᠪᠠᠷᠠᠭᠤᠨ ᠦᠵᠦᠮᠦᠴᠢᠨ ᠬᠤᠰᠢᠭᠤᠨ ᠤ ᠳ᠋ᠠᠴᠢᠩ ᠮᠠᠯᠵᠢᠯ ᠤᠨ ᠳᠠᠯᠠᠪᠠᠢ ᠨᠢ ᠰᠦᠮ᠎ᠡ | ᠶᠢᠨ ᠴᠢᠯᠠᠭᠤ ᠶᠢ ᠮᠠᠯᠳᠠᠵᠤ ᠵᠠᠷᠤᠭᠠᠳ ᠮᠢᠰᠠᠩ ᠤᠨ ᠰᠦᠮ᠎ᠡ ᠤᠷᠤ ᠦᠬᠡᠢ ᠳᠠᠯᠠᠷᠠᠵᠠᠢ᠃ | | | | |